ᠭᠡᠭᠡᠨᠵᠣᠯᠠ | | | | | | ᠮᠤᠩᠭᠤᠯ ᠬᠡᠯᠡ ᠪᠢᠴᠢᠭ ᠤᠨ ᠬᠢᠴᠢᠶᠡᠯ ᠤᠨ ᠪᠠᠷᠢᠮᠵᠢᠶ᠎ᠠ ᠳᠤ ᠮᠣᠩᠭᠤᠯ ᠬᠡᠯᠡ ᠪᠢᠴᠢᠭ ᠤᠨ ᠵᠢᠭᠠᠨ | ᠰᠤᠷᠭᠠᠯᠲᠠ ᠨᠢ ︽ᠰᠤᠷᠤᠭᠴᠢ ᠳᠤ ᠪᠡᠶ᠎ᠡ ᠪᠠᠨ ᠳᠠᠭᠠᠭᠠᠵᠤ ᠰᠤᠷᠤᠯᠴᠠᠬᠤ ᠰᠠᠶᠢᠨ ᠰᠠᠶᠢᠬᠠᠨ ᠠᠬᠤᠢ ᠣᠷᠴᠢᠨ ᠢ | ᠡᠭᠦᠳᠤᠨ ᠦᠭᠴᠦ᠂ ᠲᠡᠳᠡᠨ ᠳᠤ ᠰᠤᠷᠤᠯᠴᠠᠬᠤ ᠡᠵᠡᠨ ᠪᠡᠶ᠎ᠡ ᠶᠢᠨ ᠤᠬᠠᠮᠰᠠᠷ ᠣᠯᠭᠤᠵᠤ᠂ ᠥᠪᠡᠷᠰᠡᠳ ᠤᠨ ᠢᠶᠠᠨ | ᠣᠨᠴᠠᠯᠢᠭ ᠪᠠ ᠱᠠᠭᠠᠷᠳᠠᠯᠭ᠎ᠠ ᠪᠠᠷ ᠰᠤᠷᠤᠯᠴᠠᠬᠤ ᠣᠪᠤᠷ ᠪᠠ ᠠᠷᠭ᠎ᠠ ᠪᠠᠨ ᠵᠣᠬᠢᠴᠠᠭᠤᠯᠵᠤ᠂ ᠪᠡᠶ᠎ᠡ ᠳᠤ ᠪᠠᠨ | ᠲᠣᠬᠢᠷᠠᠬᠤ ᠰᠤᠷᠤᠯᠴᠠᠬᠤ ᠠᠷᠭ᠎ᠠ ᠵᠠᠮ ᠢ ᠬᠠᠶᠢᠬᠤ ᠳᠤ ᠲᠤᠰᠠᠯᠠᠨ᠎ᠠ᠃ ᠪᠡᠯᠡᠨ ᠶᠠᠭᠤᠮ᠎ᠠ ᠶᠢ ᠬᠦᠯᠢᠶᠡᠨ ᠪᠦᠬᠦᠯᠢ ᠪᠠᠷ | ᠰᠢᠩᠭᠡᠭᠡᠵᠤ ᠦᠬᠦᠮᠡᠯ ᠢᠶᠠᠷ ᠴᠡᠭᠡᠵᠢᠯᠡᠨ ᠬᠡᠪᠰᠢᠮᠡᠯ ᠢᠶᠠᠷ ᠪᠣᠯᠪᠠᠰᠤᠷᠠᠬᠤ ᠪᠠᠶᠢᠳᠠᠯ ᠢ ᠥᠭᠡᠷᠡᠴᠢᠯᠡᠬᠦ ᠶᠢᠨ ᠲᠤᠰᠠᠳᠠ | ᠰᠦᠪᠡᠭᠴᠢᠯᠡᠨ ᠰᠤᠷᠤᠯᠴᠠᠬᠤ ᠠᠷᠭ᠎ᠠ ᠶᠢ ᠣᠨᠴᠠ ᠴᠢᠬᠤᠯᠠᠴᠢᠯᠠᠪᠠᠯ ᠵᠣᠬᠢᠨ᠎ᠠ︾᠃ ᠡᠶᠢᠮᠦ ᠠᠴᠠ ᠰᠤᠷᠤᠭᠴᠢ ᠶᠢ | ᠥᠪᠡᠷ ᠢᠶᠠᠨ ᠨᠢᠭᠲᠠᠯᠠᠨ ᠰᠤᠳᠤᠯᠤᠭᠰᠠᠨ ᠰᠠᠭᠤᠷᠢᠨ ᠳᠡᠭᠡᠷ᠎ᠡ ᠶᠠᠷᠢᠯᠴᠠᠭᠠᠨ ᠪᠠ ᠪᠣᠰᠣᠳ ᠰᠤᠷᠤᠯᠴᠠᠯᠭ᠎ᠠ ᠶᠢᠨ | ᠬᠦᠳᠡᠯᠪᠦᠷᠢ ᠳᠤ ᠢᠳᠡᠪᠬᠢᠲᠠᠢ ᠣᠷᠤᠯᠴᠠᠬᠤ ᠶᠢ ᠵᠣᠷᠢᠬᠵᠢᠭᠤᠯᠵᠤ᠂ ᠬᠢᠴᠢᠶᠡᠩᠭᠦᠢ ᠪᠠᠷ ᠰᠣᠨᠤᠰᠤᠨ᠂ ᠪᠣᠰᠤᠳ ᠤᠨ | ᠰᠠᠨᠠᠯ ᠢ ᠰᠢᠩᠭᠡᠭᠡᠨ ᠠᠪᠴᠤ᠂ ᠪᠠᠭᠳᠠᠭᠠᠯᠴᠠᠵᠤ᠂ ᠮᠡᠳᠡᠯᠴᠡᠵᠦ᠂ ᠬᠠᠮᠵᠢᠯᠴᠠᠵᠤ᠂ ᠬᠤᠪᠢᠶᠠᠯᠴᠠᠨ ᠡᠳ᠋ᠯᠡᠵᠦ ᠴᠢᠳᠠᠬᠤ | ᠪᠣᠯᠭᠠᠨ᠎ᠠ︾[1 — P21 — 22]ᠭᠡᠵᠦ ᠱᠠᠭᠠᠷᠳᠠᠭᠰᠠᠨ ᠪᠠᠶᠢᠳᠠᠭ᠃ ᠡᠭᠦᠨ ᠳᠤ ᠬᠠᠶᠢᠨ | ᠰᠦᠪᠡᠭᠴᠢᠯᠡᠨ ᠰᠤᠷᠤᠯᠴᠠᠬᠤ ᠨᠢ ᠦᠵᠡᠯᠲᠡ ᠲᠠᠢ᠂ ᠢᠯᠡᠷᠡᠭᠦᠯᠦᠯᠲᠠ ᠲᠠᠢ᠂ ᠡᠭᠦᠳᠦᠯᠲᠡ ᠲᠠᠢ ᠪᠠᠷ ᠠᠰᠠᠭᠤᠳᠠᠯ ᠢ | ᠵᠠᠳᠠᠯᠵᠤ ᠰᠢᠨᠵᠢᠯᠡᠬᠦ ᠶᠢ ᠬᠡᠯᠡᠨ᠎ᠡ᠃ ᠡᠨᠡ ᠨᠢ ᠢᠯᠭᠠᠵᠤ ᠴᠡᠭᠡᠵᠢᠯᠡᠬᠦ᠂ ᠣᠶᠢᠯᠠᠭᠠᠵᠤ ᠲᠠᠶᠢᠯᠪᠣᠷᠢᠯᠠᠬᠤ ᠪᠠ ᠵᠠᠳᠠᠯᠵᠤ | ᠬᠤᠷᠢᠶᠠᠩᠭᠤᠶᠢᠯᠠᠬᠤ ᠳᠤ ᠰᠠᠭᠤᠷᠢᠯᠠᠭᠰᠠᠨ ᠰᠤᠳᠤᠯᠵᠤ ᠰᠢᠨᠵᠢᠯᠡᠬᠦ ᠪᠦᠲᠦᠭᠡᠯᠴᠢ ᠴᠢᠳᠠᠪᠦᠷᠢ ᠶᠢᠨ ᠱᠠᠲᠤ | ᠪᠣᠯᠣᠨ᠎ᠠ᠃ ᠰᠦᠪᠡᠭᠴᠢᠯᠡᠨ ᠵᠢᠭᠠᠬᠤ ᠠᠷᠭ᠎ᠠ ᠭᠡᠳᠡᠭ ᠨᠢ ᠰᠤᠷᠤᠭᠴᠢᠳ ᠤᠨ ᠬᠠᠶᠢᠨ ᠰᠦᠪᠡᠭᠴᠢᠯᠡᠬᠦ | ᠰᠤᠷᠤᠯᠴᠠᠯᠭ᠎ᠠ ᠶᠢ ᠵᠣᠬᠢᠶᠠᠨ ᠪᠠᠶᠢᠭᠤᠯᠬᠤ ᠪᠠ ᠵᠢᠭᠠᠨ ᠵᠢᠯᠣᠭᠤᠳᠬᠤ ᠶᠠᠪᠤᠴᠠ ᠶᠢ ᠬᠡᠯᠡᠨ᠎ᠡ᠃ ᠡᠶᠢᠮᠦ ᠠᠴᠠ | ᠰᠤᠷᠤᠭᠴᠢᠳ ᠤᠨ ᠪᠣᠳᠠᠳᠠᠢ ᠪᠠᠶᠢᠳᠠᠯ ᠳᠤ ᠴᠢᠭᠯᠡᠬᠦᠯᠦᠨ᠂ ᠳᠡᠭᠡᠳᠦ ᠲᠤᠮᠳᠠᠳᠤ ᠶᠢᠨ ᠮᠣᠩᠭᠤᠯ ᠬᠡᠯᠡ ᠪᠢᠴᠢᠭ ᠤᠨ | ᠨᠢᠭᠡᠳᠦᠭᠡᠷ ᠳᠡᠪᠲᠡᠷ ᠤᠨ ︽ᠭᠡᠷ ᠮᠢᠯᠢᠶᠠᠬᠤ ᠢᠷᠦᠭᠡᠯ︾ ᠭᠡᠬᠦ ᠬᠢᠴᠢᠶᠡᠯ ᠳᠠᠬᠢ ᠮᠣᠩᠭᠤᠯ ᠭᠡᠷ ᠲᠠᠢ ᠬᠤᠯᠪᠤᠭᠳᠠᠬᠤ | ᠵᠠᠩ ᠦᠢᠯᠡ ᠶᠢ ᠬᠠᠶᠢᠨ ᠰᠦᠪᠡᠭᠴᠢᠯᠡᠭᠦᠯᠵᠦ᠂ ᠠᠷᠠᠳ ᠲᠦᠮᠡᠨ ᠤ ᠣᠢ ᠤᠬᠠᠭᠠᠨ ᠤ ᠣᠬᠢ ᠲᠦᠷᠦᠳᠡᠰᠦ ᠶᠢ | ᠠᠭᠤᠳᠠᠯᠤᠨ᠂ ᠲᠡᠳᠡᠨ ᠤ ᠣᠶᠤᠨ ᠰᠠᠨᠠᠭᠠᠨ ᠤ ᠠᠮᠢᠳᠤᠷᠠᠯ᠂ ᠭᠤᠸ᠎ᠠ ᠲᠠᠭᠠᠰᠢᠶᠠᠯ ᠤᠨ ᠦᠵᠡᠯᠲᠡ᠂ ᠵᠠᠩ | ᠦᠢᠯᠡ ᠶᠢᠨ ᠬᠡᠪ ᠵᠢᠷᠦᠮ ᠵᠡᠷᠬᠡ ᠶᠢ ᠰᠦᠪᠡᠭᠴᠢᠯᠡᠭᠦᠯᠦᠨ ᠰᠤᠷᠤᠯᠴᠠᠭᠤᠯᠵᠤ᠂ ᠰᠤᠷᠤᠭᠴᠢᠳ ᠤᠨ ᠢᠶᠠᠨ ᠤᠶᠤᠨ | ᠤᠬᠠᠭᠠᠨ ᠢ ᠲᠡᠯᠡᠵᠤ᠂ ᠮᠡᠳᠡᠯᠭᠡ ᠶᠢᠨ ᠬᠦᠷᠢᠶ᠎ᠡ ᠬᠡᠪᠴᠢᠶ᠎ᠡ ᠶᠢ ᠨᠢ ᠦᠷᠭᠡᠳᠬᠡᠨ᠂ ᠪᠡᠶ᠎ᠡ ᠪᠠᠨ ᠳᠠᠭᠠᠭᠠᠵᠤ | ᠰᠦᠪᠡᠭᠴᠢᠯᠡᠨ ᠰᠤᠷᠤᠯᠴᠠᠬᠤ ᠳᠤ ᠨᠢ ᠵᠣᠬᠢᠮᠵᠢᠲᠠᠢ ᠣᠷᠴᠢᠨ ᠠᠬᠤᠢ ᠶᠢ ᠡᠭᠦᠳᠦᠨ ᠥᠭᠴᠦ᠂ ᠰᠤᠷᠤᠭᠴᠢᠳ ᠲᠤ | ᠮᠡᠳᠡᠯᠭᠡ ᠶᠢ ᠬᠡᠷᠬᠢᠨ ᠣᠯᠬᠤ ᠶᠠᠪᠤᠴᠠ ᠬᠢᠭᠡᠳ ᠠᠷᠭ᠎ᠠ ᠬᠡᠯᠪᠡᠷᠢ ᠶᠢ ᠮᠡᠳᠡᠭᠦᠯᠵᠦ ᠪᠣᠯᠬᠤ ᠶᠤᠮ᠃ ᠲᠤᠤᠷ᠎ᠠ ᠪᠢ ︽ᠭᠡᠷ | ᠮᠢᠯᠢᠶᠠᠬᠤ ᠢᠷᠦᠭᠡᠯ︾ ᠭᠡᠬᠦ ᠬᠢᠴᠢᠶᠡᠯ ᠤᠨ ᠠᠭᠤᠯᠭ᠎ᠠ ᠶᠢ ᠬᠠᠮᠳᠦ ᠪᠠᠷ ᠰᠤᠷᠤᠯᠴᠠᠬᠤ ᠳᠤ ᠪᠠᠨ ᠰᠦᠪᠡᠭᠴᠢᠯᠡᠨ ᠵᠢᠭᠠᠬᠤ | ᠠᠷᠭ᠎ᠠ ᠶᠢ ᠬᠡᠷᠡᠭᠯᠡᠨ ᠤᠯᠠᠮᠵᠢᠯᠠᠯᠲᠤ ᠰᠤᠶᠤᠯ ᠢᠶᠠᠨ ᠡᠵᠡᠮᠰᠢᠭᠦᠯᠦᠭᠰᠡᠨ ᠪᠠᠶᠢᠳᠠᠯ ᠢᠶᠠᠨ ᠪᠣᠳᠠᠳᠠᠢ ᠦᠬᠦᠯᠡᠶ᠎ᠡ᠃ | ︽ᠭᠡᠷ ᠮᠢᠯᠢᠶᠠᠬᠤ ᠢᠷᠦᠭᠡᠯ︾ ᠭᠡᠬᠦ ᠬᠢᠴᠢᠶᠡᠯ ᠪᠣᠯ ᠰᠢᠨ᠎ᠡ ᠭᠡᠷ ᠲᠤ ᠨᠡᠭᠦᠵᠦ ᠣᠷᠤᠭᠰᠠᠨ ᠪᠠᠶᠠᠷ ᠢ | ᠪᠡᠯᠭᠡᠳᠡᠵᠦ᠂ ᠭᠡᠷ ᠤᠨ ᠡᠵᠡᠨ ᠤ ᠵᠣᠯ ᠵᠢᠷᠭᠠᠯᠲᠦ ᠠᠮᠢᠳᠤᠷᠠᠯ ᠢ ᠵᠦᠩᠨᠡᠭᠰᠡᠨ ᠠᠭᠤᠯᠭ᠎ᠠ ᠪᠦᠬᠦᠢ ᠢᠷᠦᠭᠡᠯ | ᠪᠣᠯᠣᠨ᠎ᠠ᠃ ᠢᠷᠦᠭᠡᠯ ᠳᠤ ᠭᠡᠷ ᠤᠨ ᠡᠵᠡᠨ ᠪᠠ ᠠᠵᠤ ᠠᠮᠢᠳᠤᠷᠠᠯ ᠢ᠂ ᠬᠦᠳᠡᠯᠮᠦᠷᠢ ᠶᠢᠨ ᠪᠦᠲᠦᠭᠡᠯ ᠢ ᠪᠠᠭ᠋ᠠᠷᠬᠠᠵᠤ | ᠮᠠᠭᠲᠠᠭᠰᠠᠨ ᠰᠠᠨᠠᠭ᠎ᠠ ᠪᠠᠨ ᠢᠯᠡᠷᠡᠭᠦᠯᠦᠭᠰᠡᠨ ᠶᠤᠮ᠃ ᠡᠭᠦᠨ ᠳᠤ ᠭᠡᠷ᠂ ᠣᠷᠤᠨ ᠰᠠᠭᠤᠴᠠ ᠪᠣᠯ ᠬᠦᠮᠦᠨ ᠤ | ᠨᠡᠶᠢᠭᠡᠮ ᠤᠨ ᠬᠠᠮᠤᠭ ᠤᠨ ᠦᠨᠳᠦᠰᠦᠨ ᠨᠢᠭᠡᠴᠢ ᠪᠣᠯᠬᠤ ᠭᠡᠷ ᠪᠦᠯᠢ ᠶᠢᠨ ᠣᠷᠤᠰᠢᠨ ᠠᠮᠢᠳᠤᠷᠠᠵᠤ᠂ ᠠᠵᠤ ᠲᠦᠷᠦᠨ | ᠰᠠᠭᠤᠳᠠᠭ ᠭᠠᠵᠠᠷ ᠮᠦᠨ᠃ ᠨᠡᠭᠦᠳᠡᠯᠴᠢᠨ ᠮᠣᠩᠭᠤᠯᠴᠤᠳ ᠮᠣᠩᠭᠤᠯ ᠭᠡᠷ ᠢ ᠮᠣᠩᠭᠤᠯ ᠨᠤᠳᠤᠭ ᠤᠨ ᠪᠠᠶᠢᠭᠠᠯᠢ ᠶᠢᠨ | ᠣᠨᠴᠠᠯᠢᠭ ᠪᠠ ᠨᠡᠭᠦᠳᠡᠯᠯᠡᠨ ᠮᠠᠯᠵᠢᠬᠤ ᠠᠵᠤ ᠠᠬᠤᠢ ᠶᠢᠨ ᠥᠪᠡᠷᠮᠢᠴᠡ ᠪᠠᠶᠢᠳᠠᠯ ᠳᠤ ᠪᠠᠨ ᠮᠡᠷᠭᠡᠨ ᠴᠢᠳᠠᠮᠠᠭᠠᠢ᠂ | ᠰᠢᠨᠵᠢᠯᠡᠬᠦ ᠤᠬᠠᠭᠠᠨᠴᠢ ᠪᠠᠷ ᠵᠣᠬᠢᠴᠠᠭᠤᠯᠤᠨ ᠪᠦᠲᠦᠭᠡᠵᠦ᠂ ᠰᠢᠨᠠᠴᠢᠯᠡᠨ ᠥᠭᠡᠷᠡᠴᠢᠯᠡᠵᠦ ᠴᠢᠳᠠᠭᠰᠠᠨ ᠠᠴᠠ ᠣᠷᠲᠦ | ᠤᠳᠠᠭᠠᠨ ᠣᠨ ᠵᠢᠯ ᠤᠨ ᠲᠤᠷᠰᠢ ᠪᠠᠶᠢᠭᠠᠯᠢ ᠶᠢᠨ ᠣᠷᠴᠢᠨ ᠠᠬᠤᠢ ᠶᠢᠨ ᠰᠢᠯᠭᠠᠯᠲᠠ ᠶᠢ ᠳᠠᠭᠠᠭᠠᠵᠤ ᠬᠦᠭᠵᠢᠨ | ᠲᠡᠭᠦᠯᠳᠡᠷᠵᠢᠭᠰᠡᠭᠡᠷ ᠣᠳᠤ ᠳᠤ ᠬᠦᠷᠴᠦ ᠢᠷᠡᠭᠰᠡᠨ ᠶᠤᠮ᠃ ᠡᠨᠡ ᠨᠢ ᠮᠠᠨ ᠤ ᠠᠷᠠᠳ ᠲᠦᠮᠡᠨ ᠤ ᠤᠷᠠᠨ | ᠪᠦᠲᠦᠭᠡᠯᠴᠢ ᠬᠦᠳᠡᠯᠮᠦᠷᠢ᠂ ᠤᠬᠠᠭᠠᠯᠢᠭ ᠬᠤᠷᠴᠠ ᠤᠶᠤᠨ ᠪᠢᠯᠢᠭ ᠢᠶᠠᠷ ᠴᠣᠭᠴᠠᠯᠠᠭᠳᠠᠭᠰᠠᠨ ᠮᠣᠩᠭᠤᠯ ᠰᠣᠶᠤᠯ ᠤᠨ | ᠥᠪ ᠪᠣᠯᠬᠤ ᠪᠠᠷ ᠥᠯᠦ ᠪᠠᠷᠠᠮ ᠳᠡᠯᠡᠭᠡᠢ ᠶᠢᠨ ᠪᠠᠷᠢᠯᠭ᠎ᠠ ᠶᠢᠨ ᠰᠣᠶᠣᠯ ᠤᠨ ᠡᠷᠳᠡᠨᠢᠰ ᠤᠨ ᠰᠠᠩ ᠳᠤ ᠨᠡᠮᠡᠷᠢᠯᠡᠭᠰᠡᠨ | ᠦᠨᠡᠲᠦ ᠥᠪ ᠪᠣᠯᠬᠤ ᠶᠤᠮ᠃ ᠡᠶᠢᠮᠦ ᠠᠴᠠ ︽ᠭᠡᠷ ᠮᠢᠯᠢᠶᠠᠬᠤ ᠢᠷᠦᠭᠡᠯ︾ ᠳᠠᠬᠢ ᠮᠣᠩᠭᠤᠯ ᠵᠠᠩ ᠦᠢᠯᠡ ᠶᠢᠨ | ᠲᠤᠬᠠᠢ ᠬᠠᠶᠢᠨ ᠰᠦᠪᠡᠭᠴᠢᠯᠡᠨ ᠰᠤᠷᠤᠯᠴᠠᠬᠤ ᠨᠢ ᠰᠤᠷᠤᠭᠴᠢᠳ ᠤᠨ ᠰᠦᠪᠡᠭᠴᠢᠯᠡᠯᠳᠡ ᠳᠤᠮᠳᠠ ᠪᠠᠨ ᠤᠯᠠᠮᠵᠢᠯᠠᠯᠲᠤ | ᠰᠣᠶᠣᠯ ᠤᠨ ᠣᠬᠢ ᠰᠣᠳᠤ ᠶᠢ ᠣᠶᠢᠯᠠᠭᠠᠨ᠂ ᠤᠯᠠᠮᠵᠢᠯᠠᠯᠲᠦ ᠰᠣᠶᠤᠯ ᠢᠶᠠᠨ ᠬᠠᠶᠢᠷᠠᠯᠠᠬᠤ ᠰᠡᠳᠬᠢᠯᠭᠡ ᠨᠢ ᠬᠥᠭᠵᠢᠵᠦ᠂ | ᠤᠯᠠᠮᠵᠢᠯᠠᠯᠲᠤ ᠰᠤᠶᠤᠯ ᠢᠶᠠᠨ ᠵᠠᠯᠭᠠᠮᠵᠢᠯᠠᠨ ᠪᠠᠳᠠᠷᠠᠭᠤᠯᠵᠤ᠂ ᠰᠤᠶᠤᠯ ᠤᠨ ᠬᠠᠷᠠᠭ᠎ᠠ ᠪᠠᠨ ᠦᠷᠭᠡᠳᠬᠡᠵᠦ᠂ | ᠰᠤᠶᠤᠯ ᠤᠨ ᠤᠬᠠᠮᠰᠠᠷ ᠢᠶᠠᠨ ᠴᠢᠩᠭᠠᠳᠬᠠᠬᠤ ᠳᠤ ᠨᠢ ᠠᠰᠢᠭᠲᠠᠢ ᠶᠤᠮ᠃ | ︽ᠭᠡᠷ ᠮᠢᠯᠢᠶᠠᠬᠤ ᠢᠷᠦᠭᠡᠯ︾ ᠳᠠᠬᠢ ᠢᠷᠦᠭᠡᠯ ᠤᠨ ᠡᠬᠢᠯᠡᠯᠳᠡ ᠶᠢᠨ ᠬᠡᠰᠡᠭ ᠲᠤ ︽ᠠᠪᠤ ᠳᠡᠭᠡᠳᠦ ᠶᠢᠨ | ᠦᠶ᠎ᠡ ᠠᠴᠠ ᠨᠣᠲᠤᠭᠯᠠᠭᠰᠠᠭᠠᠷ ᠢᠷᠡᠭᠰᠡᠨ \ ᠠᠮᠤᠷᠯᠢᠩᠭᠤᠢ ᠰᠠᠶᠢᠬᠠᠨ ᠡᠨᠡ ᠨᠤᠲᠤᠭ ᠲᠤ \ ᠦᠷᠭᠡᠨ ᠴᠠᠭᠠᠨ | ᠪᠠᠭᠤᠴᠠᠨ ᠳᠡᠭᠡᠷ᠎ᠡ \ ᠦᠨᠳᠦᠷ ᠴᠠᠭᠠᠨ ᠭᠡᠷ ᠢ ᠪᠠᠶᠢᠭᠤᠯᠵᠤ︾ ᠭᠡᠵᠦ ᠭᠡᠷ ᠪᠠᠷᠢᠬᠤ ᠣᠷᠤᠨ ᠪᠠᠶᠢᠷᠢ ᠶᠢ | ᠨᠢᠳᠦᠨ ᠳᠤ ᠦᠵᠡᠭᠳᠡᠮ᠎ᠡ ᠮᠠᠭᠳᠠᠭᠰᠠᠨ ᠶᠤᠮ᠃ ᠡᠨᠡ ᠬᠦ ᠬᠡᠰᠡᠭᠯᠡᠯ ᠠᠴᠠ ᠰᠤᠷᠤᠭᠴᠢᠳ ᠢ ᠵᠢᠯᠤᠭᠤᠳᠤᠨ᠂ ᠨᠣᠲᠤᠭ | ᠦᠵᠡᠵᠦ ᠰᠤᠩᠭᠤᠬᠤ ᠵᠠᠩ ᠦᠢᠯᠡ ᠶᠢ ᠬᠠᠶᠢᠨ ᠰᠦᠪᠡᠭᠴᠢᠯᠡᠭᠦᠯᠦᠨ ᠰᠤᠷᠤᠯᠴᠠᠭᠤᠯᠪᠠᠯ ᠰᠤᠷᠤᠭᠴᠢᠳ ᠲᠤ ᠰᠣᠶᠤᠯ | ᠣᠯᠠᠮᠵᠢᠯᠠᠯ ᠢ ᠣᠶᠢᠯᠠᠭᠠᠭᠤᠯᠵᠤ ᠲᠡᠶᠢᠯᠬᠦ ᠶᠢᠨ ᠬᠠᠮᠲᠤ ᠮᠡᠳᠡᠯᠭᠡ ᠰᠤᠷᠴᠦ ᠰᠤᠳᠤᠯᠬᠤ ᠶᠠᠪᠤᠴᠠ ᠠᠷᠭ᠎ᠠ ᠶᠢ ᠴᠤ | ᠮᠡᠳᠡᠭᠦᠯᠦᠨ᠂ ᠵᠢᠭᠠᠨ ᠰᠤᠷᠭᠠᠬᠤ ᠬᠠᠷᠠᠯᠲᠠ ᠳᠤ ᠪᠠᠨ ᠬᠦᠷᠴᠦ ᠴᠢᠳᠠᠳᠠᠭ ᠶᠤᠮ᠃ ᠪᠣᠳᠠᠳᠠᠢ ᠶᠠᠷᠢᠪᠠᠯ᠄ | ᠨᠣᠲᠤᠭ ᠦᠵᠡᠵᠦ ᠰᠤᠩᠭᠤᠬᠤ ᠵᠠᠩ ᠦᠢᠯᠡ ᠶᠢ ᠰᠤᠷᠤᠭᠴᠢᠳ ᠵᠠᠩ ᠦᠢᠯᠡ ᠶᠢᠨ ᠨᠣᠮ ᠪᠣᠯᠣᠨ | ᠳᠤᠭᠤᠶᠢᠯᠠᠩ ᠤᠨ ᠶᠠᠷᠢᠯᠴᠠᠭᠠᠨ ᠠᠴᠠ ᠬᠠᠶᠢᠨ ᠰᠦᠪᠡᠭᠴᠢᠯᠡᠨ ᠰᠤᠷᠤᠯᠴᠠᠬᠤ ᠪᠠᠷ ᠳᠠᠮᠵᠢᠨ᠂ ︽ᠨᠣᠲᠤᠭ ᠦᠵᠡᠬᠦ ᠳᠤ | ᠴᠠᠭ ᠣᠯᠠᠷᠢᠯ᠂ ᠪᠡᠯᠴᠢᠭᠡᠷ ᠣᠰᠤ᠂ ᠡᠪᠡᠳᠴᠢᠨ ᠡᠮᠭᠡᠭ᠂ ᠴᠢᠨ᠋ᠸ᠎ᠠ᠂ ᠦᠢᠮᠡᠭᠡᠨ ᠳᠡᠪᠵᠢᠶᠡᠨ ᠮᠡᠲᠦ ᠤᠯᠠᠨ ᠲᠠᠯ᠎ᠠ ᠶᠢ | ᠪᠣᠳᠤᠯᠬᠢᠯᠠᠬᠤ ᠲᠤᠯᠠ ᠬᠠᠰᠢᠷ ᠲᠤᠷᠰᠢᠯᠭ᠎ᠠ ᠲᠠᠢ ᠠᠬᠠᠮᠠᠳ ᠬᠦᠮᠦᠨ ᠪᠠᠭᠤᠬᠤ ᠨᠣᠲᠤᠭ ᠢᠶᠠᠨ ᠰᠣᠩᠭᠤᠨ | ᠲᠤᠭᠳᠠᠭᠠᠳᠠᠭ᠃ ᠡᠪᠦᠯᠵᠢᠶᠡᠨ ᠤ ᠨᠣᠲᠤᠭ ᠢ ᠦᠵᠡᠬᠦ ᠳᠤ ᠨᠦᠮᠦᠷᠢ ᠶᠡᠭᠡ ᠲᠠᠢ᠂ ᠨᠠᠷᠠᠨ ᠤ ᠲᠤᠰᠬᠠᠯ ᠰᠠᠶᠢᠲᠠᠢ᠂ | ᠭᠠᠵᠠᠷ ᠤᠨ ᠬᠦᠷᠦᠰᠦ ᠬᠠᠲᠠᠭᠤ᠂ ᠴᠠᠰᠤ ᠰᠢᠭᠤᠷᠭ᠎ᠠ ᠬᠤᠷᠠᠬᠤ ᠦᠭᠡᠢ᠂ ᠡᠯᠡᠰᠦ ᠰᠢᠷᠣᠢ ᠴᠤᠭᠯᠠᠬᠤ ᠦᠭᠡᠢ᠂ ᠪᠣᠲᠠ | ᠪᠣᠷᠭᠠᠰᠤ᠂ ᠰᠢᠭᠤᠢ ᠮᠣᠳᠤ ᠲᠠᠢ᠂ ᠳᠡᠷᠡᠰᠤ ᠰᠣᠯᠢ ᠡᠯᠪᠡᠭ᠂ ᠬᠠᠳᠤᠯᠠᠩ ᠪᠡᠯᠴᠢᠭᠡᠷ ᠰᠠᠶᠢᠲᠠᠢ᠂ ᠣᠰᠤ ᠪᠤᠯᠠᠭ ᠢ | ᠲᠦᠰᠢᠭᠰᠡᠨ ᠪᠢᠲᠡᠭᠦᠯᠢᠭ ᠪᠠᠶᠢᠴᠠ ᠲᠠᠢ ᠭᠠᠵᠠᠷ ᠢ ᠰᠤᠩᠭᠤᠳᠠᠭ᠃ ᠬᠠᠪᠤᠷᠵᠢᠶ᠎ᠠ ᠶᠢᠨ ᠨᠣᠲᠤᠭ ᠪᠣᠯ ᠡᠪᠦᠯ ᠵᠣᠨ ᠤ | ᠬᠤᠭᠤᠷᠤᠨᠳᠤᠬᠢ ᠨᠡᠭᠦᠳᠡᠯ ᠲᠡᠳᠦᠢ ᠪᠣᠯᠬᠤᠷ ᠲᠡᠳᠦᠢ ᠶᠡᠭᠡ ᠰᠢᠯᠢᠵᠣ ᠰᠤᠩᠭᠤᠳᠠᠭ ᠦᠭᠡᠢ᠃ ᠵᠦᠪᠬᠡᠨ ᠨᠠᠷᠠᠨ | ᠡᠭᠡᠪᠦᠷ᠂ ᠰᠠᠯᠬᠢᠨ ᠤ ᠬᠠᠯᠬᠠᠪᠴᠢ ᠲᠠᠢ᠂ ᠪᠡᠯᠴᠢᠭᠡᠷ ᠲᠤ ᠤᠶᠢᠷ᠎ᠡ᠂ ᠠᠭᠢ ᠳᠠᠭᠠᠨ᠎ᠠ ᠮᠡᠲᠦ ᠮᠠᠯ ᠢ ᠡᠷᠲᠡ | ᠲᠡᠩᠬᠡᠷᠡᠭᠦᠯᠬᠦ ᠶᠡᠭᠡ ᠪᠡᠯᠴᠢᠭᠡᠷ ᠲᠠᠢ ᠭᠠᠵᠠᠷ ᠢ ᠰᠣᠩᠭᠤᠳᠠᠭ᠃ ᠵᠣᠰᠠᠯᠠᠩ ᠤᠨ ᠭᠠᠵᠠᠷ ᠪᠣᠯ ᠬᠦᠮᠡᠯᠢ᠂ ᠲᠠᠭᠠᠨ᠎ᠠ᠂ | ᠠᠭᠢ᠂ ᠮᠠᠩᠭᠢᠷ᠂ ᠭᠤᠭᠤᠳ ᠮᠡᠲᠦ ᠭᠠᠰᠢᠭᠤᠨ ᠨᠣᠭᠤᠭ᠎ᠠ ᠡᠯᠪᠡᠭ᠂ ᠬᠤᠯᠠ ᠶᠢᠨ ᠪᠠᠷ᠎ᠠ ᠬᠠᠷᠠᠭᠳᠠᠭᠰᠠᠨ ᠰᠠᠷᠠᠭᠤᠯ | ᠲᠡᠨᠢᠭᠦᠨ ᠳᠡᠨᠵᠢ ᠶᠢ ᠰᠤᠩᠭᠤᠳᠠᠭ᠃ ᠵᠤᠨ ᠴᠠᠭ ᠲᠤ ᠪᠣᠯ ᠵᠠᠳᠠᠭᠠᠢ ᠣᠰᠤ ᠲᠠᠢ᠂ ᠬᠤᠵᠢᠷ ᠴᠠᠶᠢᠳᠠᠮ ᠲᠠᠢ ᠵᠦᠯᠭᠡ | ᠨᠠᠮᠤᠭ ᠲᠤ ᠣᠶᠢᠷ᠎ᠠ᠂ ᠮᠠᠯ ᠤᠰᠤ ᠪᠠᠷ ᠭᠠᠴᠢᠭᠳᠠᠬᠤ ᠦᠭᠡᠢ᠂ ᠳᠤᠯᠢᠶᠠᠬᠤ ᠬᠤᠵᠢᠷ ᠱᠠᠤ ᠳᠤᠲᠠᠭᠳᠠᠬᠤ ᠦᠭᠡᠢ | ᠣᠰᠤᠨ ᠲᠠᠷᠭᠤ ᠠᠪᠬᠤ ᠳᠤ ᠰᠠᠶᠢᠨ᠂ ᠦᠨᠳᠦᠷ ᠰᠢᠭ ᠭᠠᠵᠠᠷ ᠢ ᠰᠣᠩᠭᠤᠪᠠᠯ ᠢᠯᠠᠭ᠎ᠠ ᠰᠢᠮᠠᠭᠤᠯ ᠦᠭᠡᠢ᠂ ᠦᠶᠡᠷ | ᠣᠰᠤᠨ ᠤ ᠠᠶᠤᠮᠰᠢᠭ ᠦᠭᠡᠢ ᠪᠠᠶᠢᠳᠠᠭ᠃ ᠨᠠᠮᠤᠷ ᠴᠠᠭ ᠪᠣᠯ ᠮᠠᠯ ᠤᠨ ᠲᠣᠰᠤᠨ ᠲᠠᠷᠭᠤ ᠠᠪᠴᠤ ᠡᠪᠦᠯ ᠬᠠᠪᠤᠷ ᠤᠨ | ᠵᠤᠳ ᠭᠠᠴᠢᠭ ᠢ ᠲᠤᠭᠤᠯᠬᠤ ᠪᠡᠯᠡᠳᠬᠡᠯ ᠬᠢᠬᠦ ᠴᠢᠬᠤᠯᠠ ᠴᠠᠭ ᠪᠣᠯᠬᠤᠷ ᠦᠷ᠎ᠡ ᠲᠠᠢ ᠡᠪᠡᠰᠦ ᠡᠯᠪᠡᠭ ᠭᠠᠵᠠᠷ ᠢ | ᠳᠠᠭᠠᠵᠤ ᠠᠭᠤᠯᠠ ᠶᠢᠨ ᠬᠦᠨᠳᠡᠢ ᠪᠣᠶᠤ ᠳᠤᠤᠷ᠎ᠠ ᠭᠠᠵᠠᠷ ᠪᠠᠭᠤᠳᠠᠭ︾ ᠬᠡᠭᠦ ᠮᠡᠲᠦ ᠶᠢᠨ ᠮᠡᠳᠡᠯᠭᠡ ᠶᠢ | ᠬᠤᠷᠠᠮᠳᠤᠭᠤᠯᠵᠤ ᠴᠢᠳᠠᠳᠠᠭ᠃ ᠡᠬᠦᠨ ᠠᠴᠠ ᠰᠤᠷᠤᠭᠴᠢᠳ ᠨᠣᠲᠤᠭ ᠦᠵᠡᠵᠦ ᠰᠤᠩᠭᠤᠬᠤ ᠵᠠᠩ ᠦᠢᠯᠡ ᠨᠢ | ᠮᠣᠩᠭᠤᠯᠴᠤᠳ ᠤᠨ ᠨᠡᠭᠦᠳᠡᠯᠯᠡᠨ ᠮᠠᠯᠵᠢᠬᠤ ᠠᠵᠤ ᠠᠬᠤᠢ ᠶᠢᠨ ᠬᠡᠯᠪᠡᠷᠢ᠂ ᠡᠩᠬᠡ ᠪᠠᠳᠠᠷᠠᠯ ᠢ ᠬᠦᠰᠡᠨ ᠡᠷᠡᠮᠡᠯᠵᠡᠬᠦ | ᠪᠡᠯᠭᠡ ᠳᠡᠮᠪᠡᠷᠡᠯ ᠤᠨ ᠵᠠᠩᠰᠢᠯ ᠲᠠᠢ ᠬᠤᠯᠪᠣᠭᠳᠠᠯ ᠲᠠᠢ ᠭᠡᠳᠡᠭ ᠢ ᠣᠬᠠᠵᠤ ᠣᠯᠳᠠᠭ ᠶᠤᠮ᠃ ᠡᠨᠡ ᠨᠢ | ᠰᠤᠷᠤᠭᠴᠢᠳ ᠤᠨ ᠪᠠᠶ᠎ᠡ ᠪᠠᠨ ᠳᠠᠭᠠᠭᠠᠬᠤ ᠪᠣᠶᠤ ᠬᠤᠷᠰᠢᠨ ᠰᠤᠷᠤᠯᠴᠠᠬᠤ ᠪᠠᠷ ᠳᠠᠮᠵᠢᠨ ᠠᠰᠠᠭᠤᠳᠠᠯ ᠢ ᠰᠢᠢᠳᠪᠦᠷᠢᠯᠡᠨ | ᠬᠠᠶᠢᠨ ᠰᠦᠪᠡᠭᠴᠢᠯᠡᠭᠦ ᠰᠤᠷᠤᠯᠴᠠᠯᠭ᠎ᠠ ᠶᠢ ᠪᠡᠶᠡᠯᠡᠭᠦᠯᠵᠦ ᠪᠠᠶᠢᠭ᠎ᠠ ᠶᠠᠪᠤᠳᠠᠯ ᠮᠦᠨ᠃ | ︽ᠭᠡᠷ ᠮᠢᠯᠢᠶᠠᠬᠤ ᠢᠷᠦᠭᠡᠯ︾ ᠤᠨ ᠭᠤᠣᠯ ᠬᠡᠰᠡᠭ ᠲᠤ ᠮᠣᠩᠭᠤᠯ ᠭᠡᠷ ᠪᠠᠷᠢᠬᠤ ᠳᠡᠰ ᠳᠠᠷᠠᠭ᠎ᠠ ᠶᠢ ᠮᠦᠷᠳᠡᠵᠤ | ᠲᠤᠭᠤᠨᠤ᠂ ᠴᠢᠭᠳᠠᠭ᠎ᠠ᠂ ᠤᠨᠢ᠂ ᠬᠠᠨ᠎ᠠ᠂ ᠬᠠᠭᠠᠯᠭ᠎ᠠ᠂ ᠬᠠᠳᠠᠪᠴᠢ᠂ ᠪᠦᠷᠢᠶᠡᠰᠦ᠂ ᠣᠭᠤᠰᠤᠷ᠂ ᠪᠦᠰᠡᠯᠡᠭᠦᠷ᠂ ᠬᠦᠯᠳᠦᠷᠭᠡ | ᠵᠡᠷᠭᠡ ᠶᠢ ᠲᠤᠰ ᠲᠤᠰ ᠳᠤ ᠨᠢ ᠮᠢᠯᠢᠶᠠᠵᠤ ᠢᠷᠦᠭᠡᠭᠡᠳ᠂ ᠰᠡᠭᠦᠯ ᠳᠤ ᠨᠢ ᠮᠣᠩᠭᠤᠯ ᠭᠡᠷ ᠤᠨ ᠳᠤᠲᠤᠷᠠᠬᠢ ᠵᠠᠷᠤᠳᠠᠯ | ᠪᠠᠷᠢᠳᠠᠯ᠂ ᠪᠠᠭᠠᠵᠢ ᠬᠡᠷᠡᠭᠰᠡᠯ ᠢ ᠨᠢ ᠨᠢᠭᠡᠳ ᠨᠢᠭᠡ ᠪᠠᠷ ᠮᠢᠯᠢᠶᠠᠨ ᠢᠷᠦᠭᠡᠭᠰᠡᠨ ᠶᠤᠮ᠃ ᠢᠷᠦᠭᠡᠯ ᠤᠨ ᠭᠤᠣᠯ | ᠬᠡᠰᠡᠭ ᠤᠨ ᠠᠭᠤᠯᠭ᠎ᠠ ᠪᠠᠷ ᠳᠠᠮᠵᠢᠨ ᠰᠤᠷᠤᠭᠴᠢᠳ ᠲᠤ ᠮᠣᠩᠭᠤᠯ ᠭᠡᠷ ᠤᠨ ᠪᠦᠳᠦᠴᠡ᠂ ᠮᠣᠩᠭᠤᠯ ᠭᠡᠷ ᠤᠨ | ᠳᠤᠲᠤᠷᠠᠬᠢ ᠡᠳ᠋ᠯᠡᠯ ᠬᠡᠷᠡᠭᠰᠡᠯ ᠢ ᠣᠶᠢᠯᠠᠭᠠᠭᠤᠯᠤᠨ ᠲᠠᠨᠢᠭᠤᠯᠵᠤ ᠳᠡᠶᠢᠯᠬᠦ ᠪᠠᠷ ᠪᠠᠷᠠᠬᠤ ᠦᠭᠡᠢ᠂ ᠰᠤᠷᠤᠭᠴᠢᠳ ᠢ | ᠬᠦᠲᠦᠯᠦᠨ ᠮᠣᠩᠭᠤᠯ ᠭᠡᠷ ᠲᠠᠢ ᠬᠤᠯᠪᠤᠭᠳᠠᠬᠤ ᠵᠠᠩ ᠦᠢᠯᠡ ᠶᠢ ᠰᠦᠪᠡᠭᠴᠢᠯᠡᠭᠦᠯᠦᠨ ᠰᠤᠷᠤᠯᠴᠠᠭᠤᠯᠪᠠᠯ᠂ | ᠰᠤᠷᠤᠭᠴᠢ ᠪᠦᠬᠦᠨ ᠢ ᠬᠠᠶᠢᠨ ᠰᠦᠪᠡᠭᠴᠢᠯᠡᠬᠦ ᠪᠦᠬᠦ ᠶᠠᠪᠤᠴᠠ ᠳᠤ ᠤᠷᠤᠯᠴᠠᠭᠤᠯᠤᠨ᠂ ᠲᠡᠳᠡᠨ ᠤ ᠬᠡᠷᠡᠭᠯᠡᠭᠡᠨ ᠤ | ᠴᠢᠳᠠᠪᠦᠷᠢ ᠪᠣᠯᠣᠨ ᠪᠦᠳᠦᠭᠡᠯᠴᠢ ᠴᠢᠳᠠᠪᠦᠷᠢ ᠶᠢ ᠨᠢ ᠳᠡᠭᠡᠭᠰᠢᠯᠡᠭᠦᠯᠵᠦ ᠴᠢᠳᠠᠬᠤ ᠶᠤᠮ᠃ ᠪᠣᠳᠠᠳᠠᠢ ᠶᠠᠷᠢᠪᠠᠯ᠄ | ᠨᠢᠭᠡ᠂ ᠲᠤᠭᠤᠨᠤ ᠲᠠᠢ ᠬᠤᠯᠪᠤᠭᠳᠠᠬᠤ ᠵᠠᠩ ᠦᠢᠯᠡ | ᠲᠤᠭᠤᠨᠤ ᠲᠠᠢ ᠬᠤᠯᠪᠤᠭᠳᠠᠬᠤ ᠵᠠᠩ ᠦᠢᠯᠡ ᠢ ᠰᠤᠷᠤᠭᠴᠢᠳ ︽ᠲᠤᠭᠤᠨᠣ ᠪᠣᠯ ᠮᠣᠩᠭᠤᠯ ᠭᠡᠷ ᠤᠨ ᠣᠷᠤᠢ᠂ | ᠲᠦᠪ ᠴᠡᠭ ᠨᠢ ᠪᠣᠯᠣᠨ᠎ᠠ᠃ ᠲᠤᠭᠤᠨᠤ ᠶᠢᠨ ᠭᠤᠤᠯ ᠴᠡᠭ ᠢᠶᠠᠷ ᠪᠠᠷᠢᠮᠵᠢᠶ᠎ᠠ ᠪᠣᠯᠭᠠᠨ ᠭᠡᠷ ᠲᠤ ᠪᠠᠨ ᠨᠤᠲᠤᠭ ᠪᠠᠭᠤᠷᠢ | ᠲᠤᠭᠲᠠᠭᠠᠨ᠂ ᠭᠡᠷ ᠪᠣᠰᠬᠠᠳᠠᠭ᠃ ᠡᠶᠢᠮᠦ ᠠᠴᠠ ᠰᠢᠨ᠎ᠡ ᠭᠡᠷ ᠪᠣᠰᠬᠠᠬᠤ ᠳᠤ ᠬᠠᠮᠤᠭ ᠤᠨ ᠲᠦᠷᠦᠭᠦᠨ ᠳᠤ | ᠲᠣᠭᠤᠨᠤ ᠶᠢ ᠪᠣᠰᠬᠠᠳᠠᠭ ᠲᠤᠯᠠ ᠲᠤᠭᠤᠨᠤ ᠶᠢ ᠤᠷᠢᠳ ᠢᠶᠠᠷ ᠮᠢᠯᠢᠶᠠᠨ ᠢᠷᠦᠭᠡᠵᠤ᠂ ᠲᠤᠭᠤᠨᠤ ᠶᠢᠨ ᠭᠤᠣᠯ ᠠᠴᠠ | ᠬᠠᠳᠠᠭ ᠵᠠᠭᠦᠯᠭᠡᠳᠡᠭ ᠶᠤᠰᠤ ᠲᠠᠢ ᠪᠠᠶᠢᠳᠠᠭ᠃ ᠲᠤᠭᠤᠨᠤ ᠪᠣᠯ ᠠᠶᠢᠯ ᠡᠷᠦᠭᠡ ᠶᠢᠨ ᠮᠠᠨᠳᠤᠯ ᠬᠦᠭᠵᠢᠯ ᠤᠨ ᠪᠡᠯᠭᠡᠳᠡᠯ | ᠬᠡᠵᠦ ᠶᠡᠭᠡ ᠬᠦᠨᠳᠦᠳᠬᠡᠳᠡᠭ ᠶᠤᠮ᠃ ᠡᠶᠢᠮᠦ ᠪᠣᠯᠬᠤᠷ ᠲᠤᠭᠤᠨᠣ ᠶᠢᠨ ᠳᠡᠭᠡᠷ᠎ᠡ ᠡᠷᠦᠭᠡᠨ ᠠᠴᠠ ᠪᠣᠰᠤᠳ ᠵᠦᠢᠯ ᠤᠨ | ᠶᠠᠭᠤᠮ᠎ᠠ ᠶᠢ ᠭᠠᠷᠭᠠᠳᠠᠭ ᠦᠭᠡᠢ ᠵᠠᠩᠰᠢᠯ ᠪᠠᠶᠢᠳᠠᠭ︾ ᠭᠡᠬᠦ ᠮᠡᠲᠦ ᠪᠠᠷ ᠬᠤᠷᠢᠶᠠᠩᠭᠤᠶᠢᠯᠠᠨ ᠭᠠᠷᠭᠠᠳᠠᠭ᠃ | ᠡᠭᠦᠨ ᠠᠴᠠ ᠰᠤᠷᠤᠭᠴᠢᠳ ᠤᠨ ᠮᠣᠩᠭᠤᠯ ᠭᠡᠷ ᠤᠨ ᠲᠤᠭᠤᠨᠣ ᠶᠢ ᠳᠡᠭᠡᠳᠦᠯᠡᠬᠦ ᠵᠠᠩ ᠦᠢᠯᠡ ᠪᠣᠯᠣᠨ ᠲᠤᠭᠤᠨᠤ ᠲᠠᠢ | ᠬᠤᠯᠪᠤᠭᠳᠠᠭᠰᠠᠨ ᠴᠡᠭᠡᠷ ᠶᠤᠰᠤ ᠶᠢ ᠰᠦᠪᠡᠭᠴᠢᠯᠡᠨ ᠢᠯᠡᠷᠡᠬᠦᠯᠵᠦ ᠴᠢᠳᠠᠭᠰᠠᠨ ᠢ ᠣᠯᠵᠤ ᠮᠡᠳᠡᠵᠦ ᠲᠡᠶᠢᠯᠬᠦ ᠶᠤᠮ᠃ | ᠬᠤᠶᠠᠷ᠂ ᠮᠣᠩᠭᠤᠯ ᠭᠡᠷ ᠤᠨ ᠳᠤᠲᠤᠷᠠᠬᠢ ᠡᠳ᠋ᠯᠡᠯ ᠭᠡᠷᠡᠭᠯᠡᠯ ᠢ ᠪᠠᠶᠢᠷᠢᠰᠢᠭᠤᠯᠬᠤ ᠲᠠᠢ ᠬᠤᠯᠪᠤᠭᠳᠠᠬᠤ ᠵᠠᠩ | ᠦᠢᠯᠡ | ᠮᠣᠩᠭᠤᠯ ᠭᠡᠷ ᠲᠠᠬᠢ ᠡᠳ᠋ᠯᠡᠯ ᠬᠡᠷᠡᠭᠯᠡᠯ ᠢ ᠤᠷᠤᠨᠰᠢᠭᠤᠯᠬᠤ ᠶᠤᠰᠤ ᠨᠢ ᠭᠤᠤᠯᠳᠠᠭᠤ ᠳᠡᠭᠡᠳᠦᠰ ᠤᠨ ᠭᠠᠯ | ᠭᠤᠯᠤᠮᠲᠠ᠂ ᠣᠩᠭᠤᠨ ᠰᠢᠳᠦᠭᠡᠨ ᠢᠶᠠᠨ ᠬᠦᠨᠳᠦᠳᠬᠡᠨ ᠣᠣᠯ ᠪᠠᠶᠢᠷᠢ ᠳᠤ ᠨᠢ ᠳᠠᠷᠠᠭᠠᠯᠠᠨ ᠣᠷᠤᠨᠰᠢᠭᠤᠯᠬᠤ ᠪᠠ | ᠡᠷᠡᠭᠲᠡᠢ ᠡᠮᠡᠭᠲᠡᠢ ᠬᠦᠳᠡᠯᠮᠦᠷᠢ ᠶᠢᠨ ᠬᠤᠪᠢᠶᠠᠷᠢ ᠶᠣᠰᠤᠨ ᠠᠴᠠ ᠢᠷᠡᠯᠲᠠᠢ ᠪᠠᠶᠢᠳᠠᠭ᠃ ᠭᠡᠷ ᠤᠨ ᠳᠤᠲᠤᠷᠠᠬᠢ ᠡᠳ᠋ᠯᠡᠯ | ᠬᠡᠷᠡᠭᠰᠡᠯ ᠢ ᠲᠠᠯᠪᠢᠬᠤ ᠶᠣᠰᠤ ᠨᠢ ᠲᠤᠭᠳᠠᠪᠦᠷᠢᠲᠠᠢ ᠪᠠᠶᠢᠳᠠᠭ ᠤᠨ ᠬᠠᠮᠤᠭ ᠤᠨ ᠴᠢᠬᠤᠯᠠ ᠰᠢᠯᠳᠠᠭᠠᠨ ᠨᠢ ᠭᠡᠷ ᠤᠨ | ᠭᠡᠯᠪᠡᠷᠢ ᠳᠤ ᠪᠠᠶᠢᠭ᠎ᠠ ᠶᠤᠮ᠃ | ᠭᠤᠯᠤᠮᠲᠠ ᠶᠢᠨ ᠤᠷᠤᠨ ᠢ ︽ᠭᠡᠷ ᠮᠢᠯᠢᠶᠠᠬᠤ ᠢᠷᠦᠭᠡᠯ︾ ᠳᠤ᠄ ︽ᠡᠨᠡ ᠰᠠᠶᠢᠬᠠᠨ ᠭᠡᠷ ᠤᠨ \ ᠲᠦᠪ | ᠳᠤᠮᠳᠠ ᠳᠤ \ ᠪᠡᠯᠪᠤ ᠶᠢᠨ ᠳᠠᠷᠬᠠᠨ ᠪᠠᠯᠪᠠᠵᠤ ᠬᠢᠭᠰᠡᠨ \ ᠪᠠᠰᠠ ᠨᠢᠭᠡ ᠳᠠᠷᠬᠠᠨ ᠵᠠᠰᠠᠵᠤ ᠬᠢᠭᠰᠡᠨ \ ᠤᠷᠠᠨ | ᠳᠠᠷᠬᠠᠨ ᠤᠭᠠᠯᠵᠠᠯᠠᠵᠤ ᠬᠢᠭᠰᠡᠨ \ ᠤᠬᠠᠭᠠᠨᠳᠤ ᠳᠠᠷᠬᠠᠨ ᠰᠡᠶᠢᠯᠵᠦ ᠬᠢᠭᠰᠡᠨ \ ᠲᠤᠯᠭ᠎ᠠ ᠶᠢ ᠴᠢᠨᠢ | ᠮᠢᠯᠢᠶᠠᠶ᠎ᠠ︕︾ ᠬᠡᠵᠦ ᠢᠷᠦᠭᠡᠭᠰᠡᠨ ᠠᠴᠠ ᠭᠤᠯᠤᠮᠲᠠ ᠶᠢᠨ ᠤᠷᠤᠨ ᠨᠢ ᠮᠣᠩᠭᠤᠯ ᠭᠡᠷ ᠤᠨ ᠲᠥᠪ ᠳᠤᠮᠳᠠ᠂ ᠶᠠᠭ | ᠲᠤᠭᠤᠨᠤ ᠲᠠᠢ ᠠᠰᠯᠠᠵᠤ ᠪᠠᠶᠢᠭ᠎ᠠ ᠲᠤᠭᠤᠷᠢᠭ ᠭᠠᠵᠠᠷ ᠪᠣᠯ ᠭᠤᠯᠤᠮᠲᠠ ᠶᠢᠨ ᠣᠷᠤᠨ ᠮᠦᠨ ᠭᠡᠰᠡᠨ ᠢ ᠬᠢᠴᠢᠶᠡᠯ ᠤᠨ | ᠠᠭᠤᠯᠭ᠎ᠠ ᠠᠴᠠ ᠤᠶᠢᠯᠠᠭᠠᠵᠤ ᠪᠣᠯᠬᠤ ᠶᠤᠮ᠃ ᠲᠡᠭᠡᠪᠡᠯ ᠭᠤᠯᠤᠮᠲᠠ ᠶᠢᠨ ᠤᠷᠤᠨ ᠨᠢ ᠮᠣᠩᠭᠤᠯ ᠭᠡᠷ ᠤᠨ ᠲᠥᠪ | ᠳᠤᠮᠳᠠ ᠪᠠᠶᠢᠳᠠᠭ ᠰᠢᠯᠲᠠᠭᠠᠨ ᠢ ᠰᠤᠷᠤᠭᠴᠢᠳ ᠢ ᠵᠢᠯᠤᠭᠤᠳᠤᠨ ᠬᠠᠶᠢᠨ ᠰᠦᠪᠡᠭᠴᠢᠯᠡᠭᠦᠯᠪᠡᠯ᠂ ᠰᠤᠷᠤᠭᠴᠢᠳ | ᠬᠠᠮᠳᠤ ᠪᠠᠷ ᠢᠳᠡᠪᠬᠢᠲᠡᠢ ᠬᠠᠶᠢᠨ ᠰᠦᠪᠡᠭᠴᠢᠯᠡᠭᠰᠡᠨ ᠤ ᠳ᠋ᠦᠩ ᠳᠤ᠂ ︽ᠮᠠᠯᠴᠢᠳ ᠰᠢᠨ᠎ᠡ ᠨᠣᠲᠤᠭ ᠲᠤ | ᠨᠡᠭᠦᠭᠰᠡᠨ ᠤ ᠳᠠᠷᠠᠭ᠎ᠠ᠂ ᠭᠡᠷ ᠢᠶᠠᠨ ᠪᠦᠷᠢᠶᠡᠰᠦᠯᠡᠵᠦ ᠪᠠᠷᠠᠮᠠᠭᠴᠠ ᠬᠠᠮᠤᠭ ᠤᠨ ᠲᠦᠷᠦᠭᠦᠦ ᠲᠤᠯᠭ᠎ᠠ ᠪᠠᠨ | ᠵᠣᠬᠢᠴᠠᠭᠤᠯᠤᠨ ᠲᠠᠯᠪᠢᠳᠠᠭ ᠶᠤᠰᠤ ᠲᠠᠢ᠃ ᠲᠤᠯᠭ᠎ᠠ ᠲᠠᠯᠪᠢᠬᠤ ᠳᠤ ᠪᠠᠨ ᠲᠤᠯᠭ᠎ᠠ ᠶᠢ ᠲᠡᠭᠰᠢᠬᠡᠨ ᠲᠠᠯᠪᠢᠬᠤ ᠶᠢ | ᠡᠷᠬᠢᠮᠯᠡᠳᠡᠭ᠃ ᠭᠤᠯᠤᠮᠲᠠ ᠲᠤᠯᠭ᠎ᠠ ᠨᠢ ᠠᠶᠢᠯ ᠡᠷᠦᠬᠡ ᠶᠢᠨ ᠮᠠᠨᠳᠤᠯ ᠲᠡᠭᠵᠢᠷᠡᠯ ᠤᠨ ᠪᠡᠯᠭᠡᠳᠡᠯ ᠬᠡᠵᠦ | ᠦᠵᠡᠳᠡᠭ᠃ ᠡᠷᠲᠡᠨ ᠤ ᠮᠤᠩᠭᠤᠯᠴᠤᠳ ᠤᠨ ᠭᠠᠯ ᠲᠠᠬᠢᠯᠭ᠎ᠠ ᠶᠢᠨ ᠵᠢᠩᠬᠢᠨᠢ ᠤᠳᠬ᠎ᠠ ᠨᠢ ᠴᠤ ᠭᠤᠯᠤᠮᠲᠠ ᠪᠠᠨ | ᠲᠠᠬᠢᠵᠤ᠂ ᠦᠷ᠎ᠡ ᠤᠳᠤᠮ ᠲᠠᠰᠤᠷᠠᠯ ᠦᠭᠡᠢ ᠦᠷᠡᠵᠢᠨ ᠳᠡᠯᠭᠡᠷᠡᠵᠦ ᠶᠠᠪᠤᠬᠤ ᠶᠢ ᠬᠦᠰᠡᠨ ᠪᠡᠯᠭᠡᠳᠡᠭᠰᠡᠨ ᠲᠠᠢ | ᠬᠤᠯᠪᠤᠭ᠎ᠠ ᠲᠠᠢ ᠶᠤᠮ᠃ ᠭᠡᠷᠡᠭᠯᠡᠭᠡᠨ ᠤ ᠲᠠᠯ᠎ᠠ ᠠᠴᠠ ᠦᠵᠡᠪᠡᠯ ᠲᠤᠯᠭ᠎ᠠ ᠶᠢ ᠲᠤᠭᠤᠨᠤ ᠲᠠᠢ ᠠᠰᠯᠠᠭᠤᠯᠤᠨ ᠲᠠᠯᠪᠢᠪᠠᠯ | ᠤᠳᠤᠭ᠎ᠠ ᠠᠭᠤᠷ ᠭᠠᠳᠠᠭᠰᠢ ᠭᠠᠷᠬᠤ ᠳᠤ ᠳᠦᠬᠦᠮ ᠪᠠᠶᠢᠳᠠᠭ︾ ᠭᠡᠰᠡᠨ ᠮᠠᠰᠢ ᠤᠨᠤᠪᠴᠢᠲᠠᠢ ᠬᠠᠷᠢᠭᠤᠯᠲᠠ ᠶᠢ | ᠬᠤᠷᠢᠶᠠᠩᠭᠤᠶᠢᠯᠠᠨ ᠭᠠᠷᠭᠠᠳᠠᠭ᠃ ᠡᠬᠦᠨ ᠠᠴᠠ ᠰᠤᠷᠤᠭᠴᠢᠳ ᠮᠣᠩᠭᠤᠯᠴᠤᠳ ᠤᠨ ᠭᠠᠯ ᠭᠤᠯᠤᠮᠲᠠ ᠪᠠᠨ | ᠳᠡᠭᠡᠳᠦᠯᠡᠬᠦ ᠰᠣᠶᠤᠯ ᠤᠯᠠᠮᠵᠢᠯᠠᠯ ᠪᠣᠯ ᠡᠷᠲᠡ ᠦᠶ᠎ᠡ ᠠᠴᠠ ᠤᠯᠠᠮᠵᠢᠯᠠᠭᠳᠠᠨ ᠢᠷᠡᠵᠡᠢ ᠭᠡᠳᠡᠭ ᠤᠨ ᠣᠴᠢᠷ | ᠤᠳᠬ᠎ᠠ ᠶᠢ ᠣᠶᠢᠯᠠᠭᠠᠨ ᠣᠬᠠᠴᠢᠬᠠᠳᠠᠭ ᠶᠤᠮ᠃ | ᠣᠷᠤᠨ ᠰᠢᠷᠡᠭᠡ ᠲᠠᠯᠪᠢᠬᠤ ᠣᠷᠤᠨ ᠢ ︽ᠭᠡᠷ ᠮᠢᠯᠢᠶᠠᠬᠤ ᠢᠷᠦᠭᠡᠯ︾ ᠳᠤ᠄ ︽ᠬᠤᠶᠢᠲᠤ ᠲᠠᠯ᠎ᠠ ᠳᠤ ᠨᠢ | ᠪᠠᠶᠢᠷᠢᠯᠠᠭᠤᠯᠤᠭᠰᠠᠨ \ ᠪᠠᠷᠠᠭ᠎ᠠ ᠶᠠᠭᠤ ᠶᠢ ᠨᠢ ᠰᠢᠨᠵᠢᠪᠡᠯ \ ᠲᠠᠵᠢ ᠲᠣᠷᠭᠠᠨ ᠨᠢᠭᠤᠷ ᠲᠠᠢ \ ᠬᠠᠮᠪᠤ ᠬᠤᠷᠭᠤᠢ | ᠬᠦᠪᠡᠭᠡ ᠲᠠᠢ \ ᠲᠠᠪᠤᠨ ᠮᠥᠩᠭᠦᠨ ᠳᠠᠷᠤᠭᠤᠯᠭ᠎ᠠ ᠲᠠᠢ \ ᠲᠠᠩᠰᠤᠭ ᠰᠠᠶᠢᠬᠠᠨ ᠳᠡᠷᠡ ᠶᠢ ᠴᠢᠨᠢ ᠮᠢᠯᠢᠶᠡᠶᠡ︕ | ᠬᠠᠷ᠎ᠠ ᠽᠠᠨᠳᠠᠨ ᠮᠦᠬᠦᠦ ᠲᠠᠢ \ ᠬᠠᠶᠢᠯᠠᠰᠤᠨ ᠮᠣᠳᠤᠨ ᠢᠯᠡᠦ ᠲᠠᠢ \ ᠤᠷᠤᠨ ᠤ ᠰᠢᠷᠡᠭᠡ ᠲᠡᠭᠦᠨ ᠤ ᠳᠡᠭᠡᠷ᠎ᠡ | \ ᠠᠷᠤ ᠥᠪᠦᠷ ᠤᠷᠤᠭᠤ ᠨᠢ ᠤᠨᠵᠠᠶᠢᠭᠰᠠᠨ \ ᠠᠯᠳᠠᠨ ᠮᠦᠩᠭᠦᠨ ᠤᠷᠬᠢᠭᠤᠯ ᠲᠠᠢ \ ᠲᠠᠩᠭᠤᠳ ᠴᠠᠩᠮᠠᠨ | ᠬᠤᠮ ᠲᠠᠢ \ ᠲᠠᠵᠢ ᠮᠠᠩᠨᠤᠭ ᠤᠨ ᠪᠦᠲᠡᠭᠡᠯᠭᠡ ᠲᠠᠢ \ ᠬᠠᠮᠪᠦ ᠲᠣᠷᠭ᠎ᠠ ᠬᠠᠯᠢᠭᠤ ᠪᠤᠯᠠᠭᠠᠨ ᠬᠤᠪᠴᠠᠰᠤ ᠲᠠᠢ \ | ᠬᠠᠮᠲᠤᠷᠠᠭᠤᠯᠤᠨ ᠬᠤᠷᠢᠶᠠᠭᠰᠠᠨ \ ᠣᠷᠣ ᠳᠡᠷᠡ᠂ ᠣᠷᠤᠨ ᠰᠢᠷᠡᠭᠡ \ ᠬᠠᠷᠠᠭ᠎ᠠ ᠬᠠᠭᠠᠯᠭ᠎ᠠ᠂ ᠬᠠᠨᠠᠨ ᠬᠦᠰᠢᠭᠡ | \ ᠪᠦᠷᠬᠦᠭᠦᠯ ᠣᠷᠤᠳᠠᠯ᠎ᠠ ᠮᠢᠯᠢᠶᠠᠶ᠎ᠠ︕︾ ᠭᠡᠵᠦ ᠢᠷᠦᠭᠡᠭᠰᠡᠨ ᠠᠴᠠ ᠰᠤᠷᠤᠭᠴᠢᠳ ᠣᠷᠤᠨ ᠰᠢᠷᠡᠭᠡ ᠲᠠᠯᠪᠢᠬᠤ | ᠣᠷᠤᠨ ᠪᠠᠶᠢᠷᠢ ᠨᠢ ᠮᠤᠩᠭᠤᠯ ᠭᠡᠷ ᠤᠨ ᠬᠤᠶᠢᠳᠤ ᠲᠠᠯ᠎ᠠ ᠪᠠᠶᠢᠳᠠᠭ ᠢ ᠬᠢᠴᠢᠶᠡᠯ ᠤᠨ ᠠᠭᠤᠯᠭ᠎ᠠ ᠠᠴᠠ ᠪᠠᠨ ᠮᠦᠷᠳᠡᠨ | ᠣᠯᠴᠢᠬᠠᠳᠠᠭ ᠶᠤᠮ᠃ ᠡᠭᠦᠨ ᠳᠤ ᠣᠷᠤᠨ ᠰᠢᠷᠡᠭᠡᠨ ᠤ ᠲᠤᠬᠠᠢ ᠰᠤᠷᠤᠭᠴᠢᠳ ᠢᠶᠠᠷ ᠦᠷᠭᠡᠳᠬᠡᠨ | ᠰᠦᠪᠡᠭᠴᠢᠯᠡᠭᠦᠯᠪᠡᠯ ︽ᠣᠷᠤᠨ ᠰᠢᠷᠡᠭᠡ ᠶᠢ ᠬᠦᠦ ᠪᠠᠨ ᠭᠡᠷᠯᠡᠵᠦ ᠰᠢᠨ᠎ᠡ ᠭᠡᠷ ᠪᠠᠷᠢᠵᠤ ᠥᠭᠬᠦ ᠦᠶᠡᠰ ᠬᠢᠯᠭᠡᠵᠦ | ᠲᠠᠯᠪᠢᠳᠠᠭ᠃ ᠣᠷᠤᠨ ᠰᠢᠷᠡᠭᠡᠨ ᠤ ᠦᠵᠦᠭᠦᠷ ᠲᠤ ᠨᠢ ᠨᠢᠭᠡ ᠨᠢᠭᠡ ᠳᠡᠷᠡ ᠶᠢ ᠬᠦᠨᠳᠡᠯᠡᠨ ᠲᠠᠯᠪᠢᠭᠠᠳ ᠳᠤᠮᠳᠠ ᠨᠢ | ᠬᠦᠦ ᠬᠡᠦᠬᠡᠨ ᠤ ᠳᠡᠪᠡᠯ ᠬᠤᠪᠴᠠᠰᠤ ᠬᠦᠨᠵᠢᠯᠡ ᠳᠡᠪᠢᠰᠭᠡᠷ ᠢ ᠬᠤᠷᠢᠶᠠᠳᠠᠭ︾ ᠭᠡᠳᠡᠭ ᠢ ᠰᠦᠪᠡᠭᠴᠢᠯᠡᠨ ᠤᠯᠤᠭᠠᠳ | ᠮᠠᠯᠴᠢᠨ ᠮᠣᠩᠭᠤᠯᠴᠤᠳ ᠡᠷᠲᠡ ᠦᠶ᠎ᠡ ᠠᠴᠠ ᠦᠷ᠎ᠡ ᠬᠡᠦᠬᠡᠳ ᠢᠶᠠᠨ ᠭᠡᠷᠯᠡᠵᠦ᠂ ᠦᠨᠳᠦᠰᠦ ᠤᠭᠰᠠᠭ᠎ᠠ ᠪᠠᠨ | ᠵᠠᠯᠭᠠᠬᠤ ᠶᠢ ᠲᠦᠢᠯ ᠢᠶᠠᠷ ᠬᠦᠨᠳᠦᠳᠬᠡᠳᠡᠭ ᠣᠯᠠᠮᠵᠢᠯᠠᠯ ᠲᠠᠢ ᠪᠠᠶᠢᠵᠠᠢ ᠭᠡᠳᠡᠭ ᠢ ᠣᠶᠢᠯᠠᠭᠠᠨ ᠮᠡᠳᠡᠴᠢᠭᠡᠳᠡᠭ᠃ | ᠡᠮᠡᠭᠲᠡᠢ ᠬᠦᠮᠦᠨ ᠤ ᠡᠳ᠋ᠯᠡᠯ ᠬᠡᠷᠡᠭᠯᠡᠯ ᠤᠨ ᠣᠷᠤᠨ ᠢ ︽ᠭᠡᠷ ᠮᠢᠯᠢᠶᠠᠬᠤ ᠢᠷᠦᠭᠡᠯ︾ ᠳᠤ᠄ ︽ᠡᠨᠡ ᠭᠡᠷ ᠤᠨ | ᠵᠡᠭᠦᠨ ᠬᠤᠶᠢᠨ᠎ᠠ ᠬᠤᠷᠢᠶᠠᠭᠰᠠᠨ ᠵᠦᠢᠯᠲᠡᠨ ᠢ ᠰᠢᠨᠵᠢᠪᠡᠯ᠄ ᠰᠢᠨ᠎ᠡ ᠪᠠᠨᠰᠠ ᠶᠢ ᠵᠦᠰᠦᠵᠦ ᠬᠢᠭᠰᠡᠨ \ ᠰᠢᠷ | ᠪᠣᠳᠤᠭ ᠢᠶᠠᠷ ᠰᠢᠷᠳᠡᠵᠦ ᠬᠢᠭᠰᠡᠨ \ ᠰᠢᠯ ᠡᠷᠳᠡᠨᠢ ᠶᠢᠨ ᠬᠡ ᠲᠠᠢ \ ᠰᠦᠪᠡᠰᠢᠳᠢ ᠶᠢᠨ ᠰᠢᠨᠵᠢ ᠲᠠᠢ \ ᠦᠨᠳᠦᠷ | ᠰᠠᠶᠢᠨ ᠱᠦᠭᠦᠢ ᠳᠡᠭᠡᠷ᠎ᠡ \ᠵᠢᠰᠦ ᠦᠵᠡᠬᠦ ᠲᠣᠯᠢ \ ᠵᠡᠭᠦᠪᠴᠢ ᠬᠠᠪᠲᠠᠭ᠎ᠠ \ ᠵᠦᠯᠭᠦᠭᠦᠷ ᠠᠯᠴᠢᠭᠤᠷ | \ᠱᠢᠷᠦ ᠰᠤᠪᠤᠳ \ ᠪᠠᠭᠤᠤ ᠪᠦᠯᠡᠵᠡᠭ \ ᠤᠷᠤᠭᠤᠯ ᠳᠤ ᠲᠦᠷᠬᠢᠬᠦ ᠣᠯᠠᠭᠠᠨ ᠡᠩᠭᠡᠰᠭᠡ \ ᠬᠦᠮᠦᠰᠭᠡ ᠳᠤ | ᠲᠦᠷᠬᠢᠬᠦ ᠬᠥᠬᠡ ᠡᠩᠭᠡᠰᠭᠡ \ ᠬᠠᠴᠠᠷ ᠲᠤ ᠲᠦᠷᠬᠢᠬᠦ ᠴᠠᠭᠠᠨ ᠣ \ ᠱᠦᠭᠦᠢ ᠳᠤᠲᠤᠷ᠎ᠠ ᠨᠢ \ ᠲᠣᠷᠭ᠎ᠠ | ᠴᠢᠰᠴᠠᠦ ᠲᠤᠭᠤᠳᠠᠭ ᠬᠢᠯᠢᠩ \ᠰᠢᠷᠭᠤᠭᠤᠯ ᠳᠤᠲᠤᠷ᠎ᠠ ᠨᠢ \ ᠰᠢᠪᠦᠭᠡ ᠰᠢᠪᠡᠭᠦᠷ \ ᠰᠢᠯᠡᠮᠡ ᠬᠠᠶᠢᠴᠢ \ | ᠱᠦᠭᠦᠷ ᠰᠠᠮ \ ᠴᠦᠮ ᠪᠦᠷᠢᠨ ᠲᠡᠭᠦᠨ ᠢ ᠴᠢᠨᠢ ᠮᠢᠯᠢᠶᠡᠶᠡ︕︾ ᠭᠡᠵᠦ ᠢᠷᠤᠭᠡᠭᠰᠡᠨ ᠠᠴᠠ ᠰᠤᠷᠤᠭᠴᠢᠳ | ᠡᠮᠡᠭᠲᠡᠢ ᠬᠦᠮᠦᠨ ᠤ ᠡᠳ᠋ᠯᠡᠯ ᠬᠡᠷᠡᠭᠯᠡᠯ ᠢ ᠭᠡᠷ ᠤᠨ ᠵᠡᠭᠦᠨ ᠬᠤᠶᠢᠲᠤ ᠲᠠᠯ᠎ᠠ ᠪᠣᠶᠤ ᠵᠡᠭᠦᠨ ᠬᠠᠨ᠎ᠠ ᠳᠠᠭᠠᠤ | ᠪᠠᠶᠢᠷᠢᠰᠢᠭᠤᠯᠳᠠᠭ ᠵᠠᠩ ᠦᠢᠯᠡ ᠶᠢ ᠮᠦᠷᠳᠡᠨ ᠣᠯᠳᠠᠭ ᠶᠤᠮ᠃ ᠬᠢᠴᠢᠶᠡᠯ ᠳᠤ ᠡᠷᠡᠭᠲᠡᠢ ᠬᠦᠮᠦᠨ ᠤ ᠡᠳ᠋ᠯᠡᠯ ᠬᠡᠷᠡᠭᠯᠡᠯ | ᠲᠠᠯᠪᠢᠬᠤ ᠣᠷᠤᠨ ᠢ ᠲᠤᠳᠤᠷᠬᠠᠢ ᠢᠷᠦᠭᠡᠭᠰᠡᠨ ᠦᠭᠡᠢ ᠪᠣᠯᠪᠠᠴᠤ ᠡᠮᠡᠭᠲᠡᠢ ᠬᠦᠮᠦᠨ ᠤ ᠡᠳ᠋ᠯᠡᠯ ᠬᠡᠷᠡᠭᠯᠡᠯ ᠢ ᠲᠠᠯᠪᠢᠬᠤ | ᠣᠷᠤᠨ ᠠᠴᠠ ᠡᠷᠡᠭᠲᠡᠢ ᠬᠦᠮᠦᠨ ᠤ ᠡᠳ᠋ᠯᠡᠯ ᠬᠡᠷᠡᠭᠯᠡᠯ ᠲᠠᠯᠪᠢᠬᠤ ᠣᠷᠤᠨ ᠢ ᠰᠦᠪᠡᠭᠴᠢᠯᠡᠨ ᠭᠠᠷᠭᠠᠵᠤ ᠪᠣᠯᠬᠤ | ᠶᠤᠮ᠃ ᠰᠤᠷᠤᠭᠴᠢᠳ ᠬᠠᠮᠳᠤ ᠪᠠᠷ ᠰᠦᠪᠡᠭᠴᠢᠯᠡᠨ ᠰᠤᠷᠤᠯᠴᠠᠬᠤ ᠪᠠᠷ ᠳᠠᠮᠵᠢᠨ᠂ ︽ᠮᠣᠩᠭᠤᠯ ᠭᠡᠷ ᠤᠨ ᠪᠠᠷᠠᠭᠤᠨ | ᠲᠠᠯ᠎ᠠ ᠪᠠᠷ ᠣᠯᠠᠩᠬᠢ ᠳᠤ ᠪᠠᠨ ᠠᠶᠢᠯ ᠤᠨ ᠪᠦᠰᠡᠲᠠᠢ ᠬᠦᠮᠦᠨ ᠤ ᠡᠳ᠋ᠯᠡᠵᠦ ᠬᠡᠷᠡᠭᠯᠡᠳᠡᠭ ᠡᠳ᠋ ᠬᠡᠷᠡᠭᠰᠡᠯ᠂ ᠠᠪᠳᠠᠷ᠎ᠠ | ᠰᠠᠪᠠ ᠶᠢ ᠲᠠᠯᠪᠢᠳᠠᠭ᠃ ᠮᠣᠷᠢᠨ ᠤ ᠡᠳ᠋ᠯᠡᠯ ᠬᠡᠷᠡᠭᠰᠡᠯ ᠢ ᠭᠡᠷ ᠤᠨ ᠪᠠᠷᠠᠭᠤᠨ ᠡᠮᠦᠨ᠎ᠡ ᠲᠤᠮᠪᠤ ᠲᠠᠢ ᠴᠠᠭ᠎ᠠ ᠶᠢᠨ | ᠡᠮᠦᠨᠡᠬᠡᠨ ᠪᠣᠶᠤ ᠬᠤᠶᠢᠨᠠᠬᠠᠨ ᠨᠢ ᠮᠤᠳᠤᠨ ᠠᠴᠠ ᠡᠰᠡᠭᠦᠯ᠎ᠡ ᠭᠤᠷ᠎ᠠ ᠶᠢᠨ ᠡᠪᠡᠷ ᠢᠶᠠᠷ ᠬᠢᠭᠰᠡᠨ ᠡᠯᠭᠦᠭᠡ ᠶᠢ ᠬᠠᠨᠠᠨ | ᠲᠤᠯᠤᠭᠠᠢ ᠠᠴᠠ ᠳᠡᠭᠦᠵᠢᠯᠡᠭᠰᠡᠨ ᠪᠠᠶᠢᠳᠠᠭ᠃ ᠬᠠᠵᠠᠭᠠᠷ ᠤᠨ ᠡᠯᠭᠦᠭᠦᠷ ᠲᠤ ᠮᠣᠷᠢᠨ ᠨᠤᠭᠲᠤ᠂ ᠬᠠᠵᠠᠭᠠᠷ᠂ ᠲᠠᠰᠢᠭᠤᠷ᠂ | ᠬᠤᠰᠤᠭᠤᠷ ᠡᠯᠭᠦᠳᠡᠭ᠃ ᠡᠯᠭᠦᠭᠦ ᠳᠤ ᠪᠠᠨ ᠬᠠᠵᠠᠭᠠᠷ ᠨᠣᠭᠲᠤ ᠶᠢᠨ ᠵᠢᠯᠤᠭᠤ ᠴᠣᠯᠪᠤᠭᠤᠷ ᠢ ᠠᠪᠴᠤ ᠭᠠᠷᠬᠤ | ᠮᠠᠶ᠋ᠢᠭ ᠢᠶᠠᠷ ᠰᠠᠶᠢᠬᠠᠨ ᠡᠪᠬᠡᠭᠡᠳ ᠬᠠᠮᠠᠷ ᠢ ᠨᠢ ᠭᠤᠯᠤᠮᠲᠠ ᠤᠷᠤᠭᠤ ᠬᠠᠨᠳᠤᠭᠤᠯᠳᠠᠭ︾ ᠭᠡᠬᠦ ᠮᠡᠲᠦ ᠶᠢᠨ | ᠮᠡᠳᠡᠯᠭᠡ ᠶᠢ ᠰᠦᠪᠡᠭᠴᠢᠯᠡᠨ ᠭᠠᠷᠭᠠᠳᠠᠭ᠃ ᠡᠭᠦᠨ ᠠᠴᠠ ᠰᠤᠷᠤᠭᠴᠢᠳ ᠭᠡᠷ ᠤᠨ ᠪᠠᠷᠠᠭᠤᠨ ᠲᠠᠯ᠎ᠠ ᠳᠤ ᠡᠷᠡᠭᠲᠡᠢ | ᠬᠦᠮᠦᠨ ᠤ ᠬᠡᠷᠡᠭᠯᠡᠬᠦ ᠡᠳ᠋᠂ ᠵᠡᠭᠦᠨ ᠲᠠᠯ᠎ᠠ ᠳᠤ ᠡᠮᠡᠭᠲᠡᠢ ᠬᠦᠮᠦᠨ ᠤ ᠬᠡᠷᠡᠭᠯᠡᠬᠦ ᠡᠳ᠋ ᠶᠠᠭᠤᠮᠠᠰ ᠢ ᠪᠠᠶᠢᠷᠢᠯᠠᠭᠤᠯᠳᠠᠭ | ᠪᠣᠯᠵᠤ ᠲᠤᠭᠲᠠᠭᠰᠠᠨ ᠨᠢ ᠬᠦᠮᠦᠰ ᠤᠨ ᠬᠢᠬᠦ ᠬᠦᠳᠡᠯᠮᠦᠷᠢ᠂ ᠬᠦᠢᠴᠡᠳᠬᠡᠬᠦ ᠶᠣᠰᠤ ᠵᠢᠷᠤᠮ ᠲᠠᠢ ᠬᠤᠯᠪᠣᠭ᠎ᠠ ᠲᠠᠢ ᠶᠤᠮ | ᠪᠠᠶᠢᠵᠠᠢ ᠭᠡᠰᠡᠨ ᠶᠤᠰᠤ ᠶᠢ ᠤᠬᠠᠵᠤ ᠣᠯᠳᠠᠭ ᠶᠤᠮ᠃ ᠡᠨᠡ ᠨᠢ ᠰᠤᠷᠤᠭᠴᠢᠳ ᠤᠨ ᠰᠦᠪᠡᠭᠴᠢᠯᠡᠨ | ᠰᠤᠷᠤᠯᠴᠠᠬᠤ ᠪᠠᠷ ᠳᠠᠮᠵᠢᠨ ᠪᠦᠳᠦᠭᠡᠯᠴᠢ ᠴᠢᠳᠠᠪᠦᠷᠢ ᠪᠠᠨ ᠳᠡᠭᠡᠭᠰᠢᠯᠡᠭᠦᠯᠵᠦ ᠲᠡᠶᠢᠯᠦᠭᠰᠡᠨ ᠭᠡᠳᠡᠭ ᠢ ᠬᠠᠷᠠᠭᠤᠯᠵᠤ | ᠪᠠᠶᠢᠭ᠎ᠠ ᠶᠤᠮ᠃ | ︽ᠭᠡᠷ ᠮᠢᠯᠢᠶᠠᠬᠤ ᠢᠷᠦᠭᠡᠯ︾ ᠤᠨ ᠲᠡᠭᠦᠰᠭᠡᠯ ᠤᠨ ᠬᠡᠰᠡᠭ ᠲᠤ ᠡᠨᠡ ᠭᠡᠷ ᠤᠨ ᠡᠵᠡᠨ ᠢ ᠢᠷᠦᠭᠡᠵᠡᠢ᠃ ᠪᠣᠳᠠᠲᠠᠢ | ᠶᠠᠷᠢᠪᠠᠯ᠄ | ᠡᠨᠡ ᠭᠡᠷ ᠤᠨ ᠡᠵᠡᠨ ᠢ ᠪᠠᠶᠠᠨ ᠴᠢᠨᠡᠭᠡᠯᠢᠭ ᠠᠮᠢᠳᠤᠷᠠᠵᠤ᠂ ︽ᠡᠷᠬᠢᠮ ᠣᠯᠠᠨ ᠳᠡᠭᠦᠦ ᠨᠠᠷ ᠢ \ ᠡᠷᠬᠢᠨ | ᠲᠤᠭᠤᠷᠢᠨ ᠨᠠᠭᠠᠯᠳᠤᠭᠤᠯᠵᠤ \ ᠡᠯᠢᠬᠡ ᠪᠠᠷ ᠢᠶᠠᠨ ᠡᠩᠬᠡ \ ᠲᠦᠷᠦᠯ ᠢᠶᠠᠷ ᠢᠶᠠᠨ ᠲᠦᠪᠰᠢᠨ \ ᠪᠠᠬᠢ | ᠪᠡᠯᠭᠡ ᠲᠠᠢ \ ᠪᠦᠬᠡ ᠢᠷᠦᠭᠡᠯ ᠲᠠᠢ \ ᠠᠪᠤ ᠡᠵᠢ ᠠᠮᠠᠷᠠᠭ ᠰᠡᠳᠤᠨ ᠢᠶᠠᠨ ᠠᠰᠠᠷᠠᠨ ᠬᠦᠨᠳᠦᠯᠡᠵᠦ \ ᠠᠬ᠎ᠠ | ᠳᠡᠭᠦᠦ ᠲᠦᠮᠡᠨ ᠣᠯᠠᠨ ᠢᠶᠠᠨ ᠡᠷᠭᠦᠨ ᠳᠡᠳᠬᠦᠵᠤ \ᠨᠠᠰᠤᠳᠠ ᠴᠡᠩᠬᠡᠬᠦ ᠶᠢᠨ \ ᠰᠠᠶᠢᠬᠠᠨ ᠢᠷᠦᠭᠡᠯ ᠢᠶᠠᠨ | ᠳᠡᠪᠰᠢᠭᠦᠯᠦᠶ᠎ᠡ︕︾ ᠭᠡᠵᠦ ᠠᠶᠢᠯ ᠠᠶᠢᠮᠠᠭ ᠲᠦᠷᠦᠯ ᠰᠠᠳᠤᠨ ᠤ ᠬᠢᠨ ᠵᠣᠯ ᠵᠢᠷᠭᠠᠯ ᠲᠠᠢ ᠰᠠᠶᠢᠨ ᠰᠠᠶᠢᠬᠠᠨ | ᠠᠮᠢᠳᠤᠷᠠᠬᠤ ᠶᠢᠨ ᠪᠠᠲᠤ ᠢᠷᠦᠭᠡᠯ ᠢ ᠳᠡᠪᠰᠢᠭᠦᠯᠦᠭᠰᠡᠨ ᠪᠠᠶᠢᠨ᠎ᠠ᠃ ᠡᠨᠡ ᠨᠢ ᠭᠡᠷ ᠤᠨ ᠡᠵᠡᠨ ᠢ ᠪᠠᠶᠠᠰᠬᠠᠵᠤ᠂ | ᠵᠣᠷᠢᠬᠵᠢᠭᠤᠯᠵᠤ᠂ ᠬᠦᠨᠳᠤᠳᠬᠡᠵᠦ᠂ ᠢᠲᠡᠭᠡᠯ ᠰᠡᠳᠬᠢᠯ ᠤᠨ ᠬᠦᠴᠦ ᠨᠡᠮᠡᠷᠢᠯᠡᠵᠦ ᠪᠣᠢ ᠬᠡᠵᠦ ᠰᠤᠷᠤᠭᠴᠢᠳ ᠠᠩᠬ᠎ᠠ | ᠠᠯᠬᠤᠮ ᠣᠶᠢᠯᠠᠭᠠᠳᠠᠭ᠃ ᠡᠭᠦᠨ ᠠᠴᠠ ᠰᠤᠷᠤᠭᠴᠢᠳ ᠢ ᠬᠠᠶᠢᠨ ᠰᠦᠪᠡᠭᠴᠢᠯᠡᠭᠦᠯᠪᠡᠯ᠂ ᠮᠣᠩᠭᠤᠯᠴᠤᠳ ᠡᠷᠲᠡ | ᠦᠶ᠎ᠡ ᠠᠴᠠ ᠦᠭᠡ ᠬᠡᠯᠡᠨ ᠤ ᠢᠳᠡ ᠬᠦᠴᠦ᠂ ᠷᠢᠳᠢ ᠰᠢᠳᠢ ᠶᠢ ᠢᠲᠡᠭᠡᠨ ᠪᠢᠰᠢᠷᠡᠵᠦ᠂ ᠠᠯᠢᠪᠠ ᠵᠦᠢᠯ ᠢ ᠰᠠᠶᠢᠨ | ᠵᠦᠭ ᠲᠤ ᠰᠡᠳᠬᠢᠵᠤ᠂ ᠰᠠᠶᠢᠨ ᠪᠡᠯᠭᠡ ᠶᠢᠨ ᠦᠭᠡ ᠬᠡᠯᠡᠵᠦ᠂ ᠦᠭᠡ ᠶᠢᠨ ᠬᠦᠴᠦ ᠪᠠᠷ ᠠᠮᠢᠳᠤᠷᠠᠯ ᠤᠨ | ᠬᠦᠰᠡᠯᠡᠩ ᠢᠶᠠᠨ ᠪᠡᠶᠡᠯᠡᠭᠦᠯᠬᠦ ᠭᠡᠰᠡᠨ ᠬᠦᠰᠡᠯ ᠣᠷᠤᠯᠳᠤᠯᠭ᠎ᠠ ᠲᠠᠢ ᠪᠠᠶᠢᠭᠰᠠᠨ ᠭᠡᠳᠡᠭ ᠢ ᠣᠶᠢᠯᠠᠭᠠᠵᠤ ᠮᠡᠳᠡᠳᠡᠭ | ᠶᠤᠮ᠃ | ᠬᠤᠷᠢᠶᠠᠩᠭᠤᠶᠢᠯᠠᠪᠠᠯ᠂ ︽ᠭᠡᠷ ᠮᠢᠯᠢᠶᠠᠬᠤ ᠢᠷᠦᠭᠡᠯ︾ ᠭᠡᠬᠦ ᠬᠢᠴᠢᠶᠡᠯ ᠠᠴᠠ ᠬᠠᠶᠢᠨ ᠰᠦᠪᠡᠭᠴᠢᠯᠡᠨ | ᠰᠤᠷᠤᠯᠴᠠᠬᠤ ᠠᠷᠭ᠎ᠠ ᠪᠠᠷ ᠳᠠᠮᠵᠢᠨ ᠨᠣᠲᠤᠭ ᠦᠵᠡᠵᠦ ᠰᠤᠩᠭᠤᠬᠤ ᠵᠠᠩ ᠦᠢᠯᠡ᠂ ᠲᠤᠭᠤᠨᠤ ᠲᠠᠢ ᠬᠤᠯᠪᠤᠭᠳᠠᠬᠤ | ᠵᠠᠩ ᠦᠢᠯᠡ᠂ ᠮᠣᠩᠭᠤᠯ ᠭᠡᠷ ᠤᠨ ᠳᠤᠲᠤᠷᠠᠬᠢ ᠡᠳ᠋ᠯᠡᠯ ᠭᠡᠷᠡᠭᠯᠡᠯ ᠢ ᠪᠠᠶᠢᠷᠢᠰᠢᠭᠤᠯᠬᠤ ᠲᠠᠢ ᠬᠤᠯᠪᠤᠭᠳᠠᠬᠤ ᠵᠠᠩ | ᠦᠢᠯᠡ᠂ ᠦᠭᠡ ᠬᠡᠯᠡᠨ ᠤ ᠢᠳᠡ ᠬᠦᠴᠦ ᠶᠢ ᠢᠲᠡᠭᠡᠨ ᠪᠢᠰᠢᠷᠡᠳᠡᠭ ᠪᠣᠳᠣᠯ ᠰᠡᠳᠬᠢᠯᠭᠡᠨ ᠵᠡᠷᠭᠡ ᠦᠨᠳᠦᠰᠦᠲᠡᠨ ᠤ | ᠰᠤᠶᠤᠯ ᠣᠯᠠᠮᠵᠢᠯᠠᠯ ᠲᠠᠢ ᠬᠤᠯᠪᠤᠭᠳᠠᠬᠤ ᠮᠡᠳᠡᠯᠭᠡ ᠶᠢ ᠬᠤᠷᠢᠶᠠᠩᠭᠤᠶᠢᠯᠠᠵᠤ᠂ ᠬᠠᠶᠢᠨ ᠰᠦᠪᠡᠭᠴᠢᠯᠡᠭᠦ | ᠰᠤᠷᠤᠯᠴᠠᠯᠭ᠎ᠠ ᠶᠢᠨ ᠠᠷᠭ᠎ᠠ ᠪᠠᠷ ᠤᠯᠠᠮᠵᠢᠯᠠᠯᠲᠤ ᠰᠤᠶᠤᠯ ᠢᠶᠠᠨ ᠵᠠᠯᠭᠠᠮᠵᠢᠯᠠᠬᠤ ᠶᠢ ᠮᠠᠰᠢ ᠠᠮᠵᠢᠯᠲᠠ ᠲᠠᠢ | ᠪᠡᠶᠡᠯᠡᠭᠦᠯᠵᠦ ᠴᠢᠳᠠᠭᠰᠠᠨ ᠶᠤᠮ᠃ ᠰᠦᠪᠡᠭᠴᠢᠯᠡᠨ ᠵᠢᠭᠠᠬᠤ ᠠᠷᠭ᠎ᠠ ᠨᠢ ᠮᠦᠨ ᠴᠢᠨᠠᠷ ᠳᠡᠭᠡᠷ᠎ᠡ ᠪᠠᠨ ᠮᠡᠳᠡᠯᠭᠡ ᠪᠠ | ᠮᠡᠳᠡᠯᠭᠡ ᠰᠤᠷᠬᠤ ᠶᠠᠪᠤᠴᠠ ᠠᠷᠭ᠎ᠠ ᠶᠢ ᠰᠤᠷᠤᠭᠴᠢᠳ ᠲᠤ ᠰᠢᠭᠤᠳ ᠬᠡᠯᠡᠵᠦ ᠥᠭᠬᠦ ᠪᠢᠰᠢ ᠬᠠᠷᠢᠨ ᠣᠯᠠᠨ | ᠮᠠᠲ᠋ᠧᠷᠢᠶᠠᠯ ᠠᠴᠠ ᠨᠦᠭᠦᠴᠡᠯ ᠪᠦᠷᠢᠯᠳᠦᠭᠦᠯᠦᠨ ᠥᠭᠴᠦ ᠦᠪᠡᠷᠰᠡᠳ ᠢᠶᠠᠷ ᠨᠢ ᠰᠤᠷᠤᠯᠴᠠᠭᠤᠯᠬᠤ ᠠᠵᠢᠯᠯᠠᠭᠠᠨ ᠤ | ᠶᠠᠪᠤᠴᠠ ᠶᠤᠮ᠃ ᠡᠭᠦᠨ ᠳᠤ ᠪᠠᠭᠰᠢ ᠠᠴᠠ ᠰᠤᠷᠤᠯᠴᠠᠬᠤ ᠪᠠᠶᠡᠴᠢ ᠴᠤᠭᠴᠠ ᠪᠣᠯᠬᠤ ᠰᠤᠷᠤᠭᠴᠢᠳ ᠤᠨ ᠬᠠᠶᠢᠨ | ᠰᠦᠪᠡᠭᠴᠢᠯᠡᠨ ᠰᠤᠷᠤᠯᠴᠠᠬᠤ ᠶᠢ ᠵᠣᠬᠢᠶᠠᠨ ᠪᠠᠶᠢᠭᠤᠯᠬᠤ ᠮᠦᠷᠲᠡᠭᠡᠨ ᠰᠤᠷᠤᠯᠴᠠᠬᠤ ᠶᠠᠪᠤᠴᠠ ᠶᠢ ᠵᠢᠭᠠᠨ ᠵᠢᠯᠤᠭᠤᠳᠬᠤ | ᠬᠡᠷᠡᠭᠲᠡᠢ᠃ ᠡᠨᠡ ᠬᠦ ᠵᠢᠭᠠᠬᠤ ᠠᠷᠭ᠎ᠠ ᠶᠢ ᠬᠡᠷᠡᠭᠯᠡᠪᠡᠯ ᠪᠦᠲᠦᠭᠡᠯᠴᠢ ᠴᠢᠳᠠᠪᠦᠷᠢ ᠲᠠᠢ ᠰᠤᠷᠤᠭᠴᠢ ᠶᠢ ᠬᠦᠮᠦᠵᠢᠭᠦᠯᠦᠨ᠂ | ᠵᠢᠭᠠᠨ ᠰᠤᠷᠭᠠᠬᠤ ᠵᠣᠷᠢᠯᠭ᠎ᠠ ᠡᠭᠦᠷᠭᠡ ᠪᠠᠨ ᠠᠮᠵᠢᠯᠲᠠ ᠲᠠᠢ ᠪᠡᠶᠡᠯᠡᠭᠦᠯᠬᠦ ᠳᠡᠶᠢᠯᠬᠦ ᠶᠤᠮ᠃ | | | ᠵᠠᠭᠦᠯᠳᠠ | | | [1]ᠪᠦᠭᠦᠳᠠ ᠨᠠᠶᠢᠷᠠᠮᠳᠠᠬᠤ ᠲᠤᠮᠳᠠᠳᠤ ᠠᠷᠠᠳ ᠤᠯᠤᠰ ᠤᠨ ᠰᠤᠷᠭᠠᠨ ᠭᠦᠮᠦᠵᠢᠯ ᠤᠨ ᠶᠠᠮᠤᠨ | ᠲᠤᠭᠳᠠᠭᠠᠪᠠ · ᠭᠡᠯᠡ ᠪᠢᠴᠢᠭ ᠤᠨ ᠬᠢᠴᠢᠶᠡᠯ ᠤᠨ ᠪᠠᠷᠢᠮᠵᠢᠶ᠎ᠠ᠄ 2014 ᠤᠨ ᠤ ᠭᠡᠪᠯᠡᠯ[S]· ᠭᠦᠭᠡᠬᠤᠳᠠ᠄ | ᠦᠪᠤᠷ ᠮᠤᠩᠭᠤᠯ ᠤᠨ ᠰᠤᠷᠭᠠᠨ ᠭᠦᠮᠦᠵᠢᠯ ᠤᠨ ᠭᠡᠪᠯᠡᠯ ᠤᠨ ᠬᠤᠷᠢᠶ᠎ᠠ᠂ 2018 ︵4 ᠳ᠋ᠤᠭᠡᠷ ᠤᠳᠠᠭ᠎ᠠ | ᠲᠠᠷᠤᠮᠠᠯᠯᠠᠪᠠ︶ · | ᠠᠵᠢᠯᠯᠠᠵᠤ ᠪᠠᠶᠢᠭ᠎ᠠ ᠪᠠᠶᠢᠭᠤᠯᠭ᠎ᠠ᠄ ᠠᠷᠤ ᠬᠤᠷᠴᠢᠨ ᠬᠤᠰᠢᠭᠤᠨ ᠤ ᠴᠢᠪᠠᠭ᠎ᠠ ᠶᠢᠨ | ᠬᠤᠶᠠᠳᠤᠭᠠᠷ ᠳᠤᠮᠳᠠᠳᠤ ᠰᠤᠷᠭᠠᠭᠤᠯᠢ | ︵ᠠᠯᠳᠠᠨᠰᠦ᠋ᠭᠡ ᠨᠠᠶᠢᠷᠠᠭᠤᠯᠪᠠ︶ | | | |