ᠰᠢᠨ᠎ᠡ ᠬᠢᠴᠢᠶᠡᠯ ᠤᠨ ᠪᠠᠷᠢᠮᠵᠢᠶᠠᠨ ᠤ ᠱᠠᠭᠠᠷᠳᠠᠯᠭ᠎ᠠ ᠪᠠᠷ ᠬᠢᠴᠢᠶᠡᠯᠯᠡᠭᠡ ᠳᠤ ᠠᠰᠠᠭᠤᠳᠠᠯ ᠤᠨ ᠤᠷᠴᠢᠨ ᠢ ᠬᠡᠷᠬᠢᠨ ᠪᠡᠯᠡᠳᠭᠡᠪᠡᠯ ᠵᠤᠬᠢᠬᠤ ᠪᠤᠢ
ᠨᠡᠶᠢᠲᠡᠯᠡᠭᠰᠡᠨ ᠴᠠᠭ᠄
2024/8/7
                       ᠳᠠᠪᠰᠢᠨ᠎ᠠ

教学研究8.png

 

      ᠡᠯ᠎ᠡ ᠬᠢᠴᠢᠶᠡᠯ ᠲᠦᠷᠦᠯ ᠤᠨ ᠰᠢᠨ᠎ᠡ ᠬᠢᠴᠢᠶᠡᠯ ᠤᠨ ᠪᠠᠷᠢᠮᠵᠢᠶ᠎ᠠ ᠳᠤ ᠪᠦᠷ ᠬᠢᠴᠢᠶᠡᠯᠯᠡᠭᠡ᠂ ᠬᠢᠷᠢ ᠬᠡᠮ ᠤᠨ

ᠰᠢᠯᠭᠠᠯᠲᠠ ᠪᠠ ᠡᠩ ᠤᠨ ᠲᠠᠭᠡᠳᠤ ᠰᠤᠷᠭᠠᠭᠤᠯᠢ ᠶᠢᠨ ᠰᠤᠷᠤᠭᠴᠢ ᠡᠯᠰᠠᠭᠦ ᠪᠦᠭᠦ ᠤᠯᠤᠰ ᠤᠨ ᠨᠢᠭᠡᠳᠤᠯᠳᠠᠢ

ᠰᠢᠯᠭᠠᠯᠲᠠ ᠳᠤ ᠵᠠᠪᠠᠯ ᠰᠤᠷᠤᠭᠴᠢ ᠶᠢᠨ ᠪᠤᠳᠠᠳᠤ ᠠᠮᠢᠳᠤᠷᠠᠯ ᠲᠠᠢ ᠨᠢᠭᠲᠠ ᠬᠤᠯᠪᠤᠭ᠎ᠠ ᠪᠦᠬᠦᠢ ᠠᠰᠠᠭᠤᠳᠠᠯ ᠤᠨ

ᠤᠷᠴᠢᠨ ᠪᠡᠯᠡᠳᠭᠡᠭᠦ ᠱᠠᠭᠠᠷᠳᠠᠯᠭ᠎ᠠ ᠲᠠᠯᠪᠢᠭᠰᠠᠨ ᠪᠦᠭᠡᠳ ᠲᠤᠰ ᠱᠠᠭᠠᠷᠳᠠᠯᠭ᠎ᠠ ᠪᠠᠷ ᠵᠢᠭᠠᠨ ᠰᠤᠷᠭᠠᠯᠲᠠ ᠶᠢᠨ ᠦᠷ᠎ᠡ

ᠠᠰᠢᠭ ᠢ ᠰᠢᠯᠭᠠᠨ ᠪᠠᠶᠢᠴᠠᠭᠠᠬᠤ ᠠᠷᠭ᠎ᠠ ᠬᠡᠯᠪᠡᠷᠢ ᠪᠤᠯᠭᠠᠵᠠᠢ᠃ ᠪᠠᠭᠰᠢ ᠠᠴᠠ ᠵᠢᠭᠠᠬᠤ ᠠᠭᠤᠯᠭ᠎ᠠ ᠳᠤ ᠎ ᠪᠠᠨ

ᠲᠤᠬᠢᠷᠠᠭᠰᠠᠨ ᠡᠯ᠎ᠡ ᠵᠦᠢᠯ ᠤᠨ ᠠᠰᠠᠭᠤᠳᠠᠯ ᠤᠨ ᠤᠷᠴᠢᠨ ᠢ ᠪᠡᠯᠡᠳᠭᠡᠭᠦ ᠨᠢ ᠬᠢᠴᠢᠶᠡᠯ ᠪᠡᠯᠡᠳᠭᠡᠭᠦ ᠪᠡ

ᠬᠢᠴᠢᠶᠡᠯᠯᠡᠭᠡ ᠶᠢᠨ ᠶᠠᠪᠤᠴᠠ ᠳᠤ ᠵᠠᠪᠠᠯ ᠲᠤᠭᠤᠰᠢᠯᠠᠭᠤᠯᠬᠤ ᠠᠵᠢᠯᠯᠠᠭ᠎ᠠ ᠪᠤᠯᠤᠭᠰᠠᠨ ᠪᠠᠶᠢᠨ᠎ᠠ᠃

      ᠨᠢᠭᠡ᠂ ᠬᠢᠴᠢᠶᠡᠯᠯᠡᠭᠡ ᠳᠤ ︽ᠠᠰᠠᠭᠤᠳᠠᠯ ᠤᠨ ᠤᠷᠴᠢᠨ︾᠎ ᠢ ᠪᠡᠯᠡᠳᠭᠡᠭᠦ ᠳᠤ ᠶᠠᠮᠠᠷ ᠶᠠᠮᠠᠷ ᠵᠠᠷᠴᠢᠮ ᠢ

ᠪᠠᠷᠢᠮᠳᠠᠯᠠᠬᠤ ᠴᠢᠬᠤᠯᠠᠲᠠᠢ ᠪᠤᠢ︖

      ᠬᠢᠴᠢᠶᠡᠯ ᠤᠨ ᠰᠤᠷᠬᠤ ᠠᠭᠤᠯᠭ᠎ᠠ ᠳᠤ ᠴᠢᠭᠯᠡᠭᠦᠯᠦᠭᠰᠡᠨ ︽ᠠᠰᠠᠭᠤᠳᠠᠯ ᠤᠨ ᠤᠷᠴᠢᠨ︾᠎ ᠢ ᠪᠡᠯᠡᠳᠭᠡᠭᠦ ᠪᠤᠯ

ᠰᠤᠷᠤᠭᠴᠢᠳ ᠢ ᠭᠤᠤᠯᠳᠠᠭᠤ ᠬᠦᠳᠡᠯᠦᠩᠭᠦᠢ ᠪᠤᠰᠤ ᠪᠠᠷ ᠮᠡᠳᠡᠯᠭᠡ ᠶᠢ ᠬᠦᠯᠢᠶᠡᠨ ᠠᠪᠬᠤ ᠪᠠᠶᠢᠭᠰᠠᠨ ᠠᠴᠠ ᠨᠢ

ᠬᠦᠳᠡᠯᠦᠩᠭᠦᠢ ᠪᠠᠷ ᠰᠦᠪᠡᠭᠴᠢᠯᠡᠬᠦ ᠪᠤᠯᠭᠠᠵᠠᠢ᠃ ᠰᠦᠪᠡᠭᠴᠢᠯᠡᠨ ᠰᠣᠷᠣᠯᠴᠠᠬᠤ ᠶᠠᠪᠤᠴᠠ ᠳᠤ᠂ ︽ᠠᠰᠠᠭᠤᠳᠠᠯ︾ ᠪᠤᠯ

ᠪᠦᠬᠦᠶ ᠯᠡ ᠬᠢᠴᠢᠶᠡᠯ ᠤᠨ ᠭᠤᠤᠯ ᠴᠢᠮᠦᠭᠡ ᠮᠦᠨ᠃ ᠶᠠᠮᠠᠷᠪᠠ ᠵᠢᠭᠠᠨ ᠰᠣᠷᠭᠠᠯᠲᠠ ᠶᠢᠨ ᠠᠭᠤᠯᠭ᠎ᠠ ᠨᠢ ᠪᠦᠷ ᠶᠠᠮᠠᠷ

ᠨᠢᠭᠡᠨ ᠠᠰᠠᠭᠤᠳᠠᠯ ᠢᠶᠠᠷ ᠢᠯᠡᠷᠡᠵᠦ ᠪᠤᠯᠤᠨ᠎ᠠ᠂ ᠰᠣᠷᠣᠯᠴᠠᠬᠤ ᠠᠵᠢᠯᠯᠠᠭ᠎ᠠ ᠪᠤᠯ ᠠᠰᠠᠭᠤᠳᠠᠯ ᠤᠨ ᠤᠷᠴᠢᠨ ᠤ

ᠰᠡᠳᠦᠯᠲᠡ ᠠᠴᠠ ᠪᠤᠯᠵᠤ ᠡᠭᠦᠰᠦᠭᠰᠡᠨ ᠡᠯ᠎ᠡ ᠵᠦᠢᠯ ᠤᠨ ᠬᠠᠷᠢᠭᠤ ᠲᠤᠰᠬᠠᠯᠲᠤ ᠬᠦᠳᠡᠯᠭᠡᠭᠡᠨ ᠪᠤᠯᠤᠨ᠎ᠠ᠂ ᠡᠶᠢᠮᠦ ᠠᠴᠠ

ᠪᠠᠭᠰᠢ ᠠᠴᠠ ᠰᠣᠷᠣᠭᠴᠢ ᠶᠢᠨ ᠰᠣᠷᠣᠯᠴᠠᠬᠤ ᠶᠠᠪᠤᠴᠠ ᠎ ᠳᠤ ᠰᠡᠵᠢᠭᠯᠡᠯ ᠪᠤᠢ ᠪᠤᠯᠬᠤ ᠰᠡᠳᠬᠢᠭᠦᠢ ᠶᠢᠨ ᠤᠨᠴᠠᠯᠢᠭ ᠢ

ᠠᠰᠢᠭᠯᠠᠨ ᠵᠤᠬᠢᠰᠲᠠᠢ ᠰᠦᠪᠡᠭᠴᠢᠯᠡᠬᠦ ᠠᠰᠠᠭᠤᠳᠠᠯ ᠢ ᠲᠤᠷᠠᠳᠬᠤ ᠳᠤ ᠰᠢᠭᠤᠳ ᠲᠤᠰᠠᠯᠠᠬᠤ ᠦᠢᠯᠡᠳᠦᠯ ᠪᠦᠬᠦᠢ

ᠲᠤᠬᠢᠷᠠᠮᠵᠢᠲᠠᠢ ᠠᠰᠠᠭᠤᠳᠠᠯ ᠤᠨ ᠤᠷᠴᠢᠨ ᠢ ᠪᠡᠯᠡᠳᠭᠡᠵᠦ ᠦᠭᠬᠦ ᠨᠢ ᠰᠤᠷᠤᠭᠴᠢᠳ ᠤᠨ ᠮᠡᠳᠡᠯᠭᠡ ᠰᠤᠷᠬᠤ ᠡᠷᠡᠮᠡᠯᠵᠡᠯ

ᠪᠠ ᠠᠰᠠᠭᠤᠳᠠᠯ ᠢ ᠰᠢᠢᠳᠪᠦᠷᠢᠯᠡᠬᠦ ᠲᠤᠷ᠎ᠠ ᠪᠠᠬ᠎ᠠ ᠶᠢ ᠨᠢ ᠲᠠᠲᠠᠵᠤ ᠪᠤᠯᠳᠠᠭ᠃ ᠠᠰᠠᠭᠤᠳᠠᠯ ᠤᠨ ᠤᠷᠴᠢᠨ ᠢ

ᠪᠡᠯᠡᠳᠭᠡᠬᠦ ᠳᠤ ᠲᠠᠷᠠᠭᠠᠬᠢ ᠬᠡᠳᠦᠨ ᠵᠠᠷᠴᠢᠮ ᠢ ᠪᠠᠷᠢᠮᠳᠠᠯᠠᠬᠤ ᠴᠢᠬᠤᠯᠠᠲᠠᠢ᠃

      1. ᠦᠨᠡᠨ ᠪᠤᠲᠠᠲᠠᠢ ᠵᠠᠷᠴᠢᠮ

      ᠶᠠᠮᠠᠷᠪᠠ ᠮᠡᠳᠡᠯᠭᠡ ᠪᠦᠷ ᠵᠢᠮ᠎ᠡ ᠶᠤᠰᠤ ᠲᠠᠢ ᠪᠦᠭᠡᠳ ᠪᠤᠳᠠᠳᠤ ᠠᠮᠢᠳᠤᠷᠠᠯ ᠠᠴᠠ ᠢᠷᠡᠯᠲᠡ ᠲᠠᠢ᠂ ᠲᠡᠷᠡ ᠨᠢ

ᠠᠰᠠᠭᠤᠳᠠᠯ ᠤᠨ ᠮᠦᠨ ᠴᠢᠨᠠᠷ ᠤᠨ ᠲᠤᠬᠠᠢ ᠦᠭᠦᠯᠡᠯᠲᠡ ᠪᠤᠯᠤᠨ᠎ᠠ᠂ ᠵᠦᠪᠬᠡᠨ ᠦᠨᠡᠨ ᠪᠤᠲᠠᠳᠠᠢ᠂ ᠰᠢᠨᠵᠢᠯᠡᠬᠦ

ᠤᠬᠠᠭᠠᠨᠴᠢ ᠠᠰᠠᠭᠤᠳᠠᠯ ᠤᠨ ᠠᠬᠤᠢ ᠤᠷᠴᠢᠨ ᠪᠠ ᠦᠵᠡᠭᠳᠡᠯ ᠪᠠᠶᠢᠪᠠᠯ ᠰᠠᠶ᠋ᠢ ᠰᠤᠷᠤᠭᠴᠢᠳ ᠠᠮᠢᠳᠤᠷᠠᠯ ᠤᠨ

ᠲᠤᠷᠰᠢᠯᠭ᠎ᠠ ᠪᠠᠨ ᠦᠨᠳᠦᠰᠦᠯᠡᠨ ᠰᠢᠨ᠎ᠡ ᠠᠰᠠᠭᠤᠳᠠᠯ ᠤᠨ ᠲᠤᠬᠠᠢ ᠰᠦᠪᠡᠭᠴᠢᠯᠡᠬᠦ ᠶᠠᠪᠤᠴᠠ ᠳᠤ ᠰᠢᠨ᠎ᠡ ᠮᠡᠳᠡᠯᠭᠡ ᠶᠢ

ᠮᠦᠷᠳᠡᠨ ᠭᠠᠷᠭᠠᠵᠤ ᠴᠢᠳᠠᠨ᠎ᠠ᠃

      2. ᠦᠢᠯᠡᠴᠢᠯᠡᠬᠦ ᠵᠠᠷᠴᠢᠮ

      ᠠᠰᠠᠭᠤᠳᠠᠯ ᠤᠨ ᠣᠷᠴᠢᠨ ᠪᠤᠯ ᠰᠣᠷᠣᠭᠴᠢᠳ ᠲᠤ ᠰᠢᠨ᠎ᠡ ᠮᠡᠳᠡᠯᠭᠡ ᠶᠢ ᠰᠣᠷᠣᠯᠴᠠᠭᠤᠯᠬᠤ ᠶᠢᠨ ᠲᠦᠯᠦᠭᠡ

ᠬᠠᠩᠭᠠᠬᠰᠠᠨ ᠲᠤᠯᠠ᠂ ᠰᠣᠷᠣᠯᠴᠠᠬᠤ ᠠᠭᠤᠯᠭ᠎ᠠ ᠨᠢ ᠵᠠᠪᠠᠯ ᠠᠰᠠᠭᠤᠳᠠᠯ ᠤᠨ ᠤᠷᠴᠢᠨ ᠲᠠᠢ ᠬᠤᠯᠪᠤᠭᠳᠠᠵᠤ          

ᠪᠦᠬᠦᠶ ᠯᠡ ᠬᠢᠴᠢᠶᠡᠯᠯᠡᠭᠡ ᠶᠢᠨ ᠶᠠᠪᠤᠴᠠ ᠳᠤ ᠰᠠᠯᠵᠤ ᠪᠤᠯᠤᠰᠢ ᠦᠭᠡᠢ ᠴᠢᠬᠤᠯᠠ ᠦᠢᠯᠡᠳᠦᠯ ᠲᠠᠢ ᠪᠠᠶᠢᠬᠤ          

ᠬᠡᠷᠡᠭᠲᠡᠢ᠃ ᠪᠠᠭᠰᠢ ᠠᠴᠠ ᠰᠣᠷᠣᠭᠴᠢᠳ ᠢ ᠬᠦᠳᠦᠯᠦᠨ ᠲᠠᠭᠠᠭᠤᠯᠵᠤ ᠪᠠᠶᠢᠭᠠᠳ ᠠᠰᠠᠭᠤᠳᠠᠯ ᠤᠨ ᠣᠷᠴᠢᠨ ᠳᠠᠬᠢ

ᠪᠤᠲᠠᠲᠠᠢ ᠦᠵᠡᠭᠳᠡᠯ ᠤᠨ ᠮᠦᠨ ᠴᠢᠨᠠᠷ ᠢ ᠰᠦᠪᠡᠭᠴᠢᠯᠡᠭᠦᠯᠬᠦ ᠪᠠᠷ ᠲᠠᠮᠵᠢᠨ᠂ ᠰᠢᠨᠵᠢᠯᠡᠬᠦ ᠤᠬᠠᠭᠠᠨᠳᠠᠳ ᠤᠨ

ᠮᠡᠳᠡᠯᠭᠡ ᠶᠢ ᠢᠯᠡᠷᠡᠭᠦᠯᠦᠭᠰᠡᠨ ᠶᠠᠪᠤᠴᠠ ᠶᠢ ᠨᠢ ᠲᠠᠬᠢᠨᠲᠠ ᠠᠯᠬᠤᠮ ᠠᠯᠬᠤᠮ ᠢᠶᠠᠷ ᠢᠯᠡᠷᠡᠭᠦᠯᠬᠦ ᠪᠠᠷ ᠲᠠᠮᠵᠢᠨ ᠰᠢᠨ᠎ᠡ

ᠮᠡᠳᠡᠯᠭᠡ ᠶᠢ ᠮᠦᠷᠳᠡᠨ ᠭᠠᠷᠭᠠᠯᠭᠠᠨ᠎ᠠ᠃

      3. ᠰᠢᠭᠤᠳ ᠦᠵᠡᠭᠦᠯᠭᠦ ᠵᠠᠷᠴᠢᠮ

      ᠬᠢᠴᠢᠶᠡᠯᠯᠡᠭᠡ ᠳᠤ ᠪᠡᠯᠡᠳᠭᠡᠭᠰᠡᠨ ᠶᠡᠭᠡ ᠬᠡᠮᠵᠢᠶᠡᠨ ᠤ ᠵᠢᠷᠤᠭ᠂ ᠰᠡᠭᠦᠳᠡᠷ᠂ ᠲᠦᠷᠰᠦ ᠰᠢᠩᠭᠡᠭᠡᠯᠲᠡ᠂

ᠦᠵᠡᠭᠦᠯᠬᠦ ᠲᠤᠷᠰᠢᠯᠲᠠ ᠵᠡᠷᠭᠡ ᠨᠢ ᠰᠢᠭᠤᠳ ᠦᠵᠡᠭᠳᠡᠬᠦ ᠪᠤᠯᠬᠤᠷ ᠪᠦᠷ ᠰᠤᠷᠤᠭᠴᠢᠳ ᠤᠨ ᠠᠵᠢᠭᠯᠠᠬᠤ᠂ ᠰᠡᠳᠭᠢᠬᠦ

ᠪᠠ ᠪᠡᠶ᠎ᠡ ᠪᠠᠨ ᠲᠠᠭᠠᠭᠠᠵᠤ ᠰᠣᠷᠣᠯᠴᠠᠬᠤ ᠶᠠᠪᠤᠴᠠ ᠪᠠᠷ ᠲᠠᠮᠵᠢᠨ ᠰᠢᠨ᠎ᠡ ᠮᠡᠳᠡᠯᠭᠡ ᠶᠢ ᠰᠣᠷᠴᠣ ᠡᠵᠡᠮᠰᠢᠬᠦ ᠳᠤ

ᠲᠤᠰᠠᠯᠠᠮᠵᠢ ᠦᠵᠡᠭᠦᠯᠦᠨ᠎ᠡ᠃

      4. ᠪᠦᠬᠦᠯᠢ ᠴᠤᠭᠴᠠᠳᠤ ᠵᠠᠷᠴᠢᠮ

      ᠠᠯᠪᠠᠨ ᠵᠢᠷᠤᠮ ᠤᠨ ᠰᠣᠷᠭᠠᠨ ᠬᠦᠮᠦᠵᠢᠯ ᠤᠨ ᠱᠠᠳᠣᠨ ᠤ ᠡᠯ᠎ᠡ ᠬᠢᠴᠢᠶᠡᠯ ᠲᠦᠷᠦᠯ ᠤᠨ ᠰᠤᠷᠤᠯᠴᠠᠬᠤ

ᠬᠠᠷᠠᠯᠲᠠ ᠠᠴᠠ ᠦᠵᠡᠪᠡᠯ᠂ ᠬᠢᠴᠢᠶᠡᠯ ᠪᠦᠷᠢ ᠶᠢᠨ ᠵᠢᠭᠠᠬᠤ ᠠᠭᠤᠯᠭ᠎ᠠ ᠳᠤ ᠪᠦᠷ ᠭᠤᠤᠯᠳᠠᠯᠭ᠎ᠠ ᠲᠠᠢ ᠮᠡᠳᠡᠯᠭᠡ

ᠪᠠᠶᠢᠬᠤ ᠪᠦᠭᠡᠳ ᠪᠠᠰᠠ ᠲᠡᠭᠦᠨ ᠤ ᠲᠤᠭᠤᠷᠢᠨ ᠳᠤ ᠦᠷᠭᠡᠳᠭᠡᠭᠰᠡᠨ ᠮᠡᠳᠡᠯᠭᠡ ᠴᠤ ᠪᠠᠶᠢᠳᠠᠭ᠃ ᠡᠶᠢᠮᠦ ᠠᠴᠠ ᠪᠠᠭᠰᠢ

ᠵᠠᠪᠠᠯ ᠰᠣᠷᠣᠯᠴᠠᠬᠤ ᠭᠤᠤᠯ ᠪᠤᠯᠬᠤ ᠮᠡᠳᠡᠯᠭᠡ ᠪᠠᠨ ᠦᠨᠳᠦᠰᠦᠯᠡᠨ ᠠᠰᠠᠭᠤᠳᠠᠯ ᠤᠨ ᠤᠷᠴᠢᠨ ᠢ ᠪᠡᠯᠡᠳᠭᠡᠬᠦ ᠪᠤᠶᠤ

ᠰᠦᠪᠡᠭᠴᠢᠯᠡᠬᠦ ᠠᠵᠢᠯᠯᠠᠭ᠎ᠠ ᠦᠷᠨᠢᠭᠦᠯᠬᠦ ᠪᠠᠷ ᠲᠦᠰᠦᠪᠯᠡᠬᠦ ᠬᠡᠷᠡᠭᠲᠡᠢ᠂ ᠬᠠᠷᠢᠨ ᠠᠰᠠᠭᠤᠳᠠᠯ ᠤᠨ ᠤᠷᠴᠢᠨ ᠨᠢ ᠬᠡᠳᠦ

ᠲᠠᠷᠠᠬᠠᠢ ᠪᠤᠳᠠᠷᠬᠠᠢ ᠪᠤᠶᠤ ᠬᠡᠳᠦ ᠤᠯᠠᠨ ᠠᠴᠠ ᠪᠤᠯᠵᠤ ᠰᠣᠷᠣᠭᠴᠢᠳ ᠤᠨ ᠣᠷᠣᠯᠳᠣᠯᠭ᠎ᠠ ᠨᠢ ᠭᠤᠤᠯ ᠪᠤᠯᠬᠤ

ᠮᠡᠳᠡᠯᠭᠡ ᠪᠠᠨ ᠰᠣᠷᠤᠯᠴᠠᠬᠤ ᠳᠤ ᠲᠦᠪᠯᠡᠷᠡᠵᠦ ᠴᠢᠳᠠᠬᠤ ᠦᠭᠡᠢ ᠦᠵᠡᠭᠳᠡᠯ ᠭᠠᠷᠬᠤ ᠠᠴᠠ ᠵᠠᠶᠢᠯᠠᠰᠬᠢᠬᠤ          

ᠬᠡᠷᠡᠭᠲᠡᠢ᠃ ᠴᠢᠨᠠᠷ ᠰᠠᠶᠢᠨ ᠠᠰᠠᠭᠤᠳᠠᠯ ᠤᠨ ᠤᠷᠴᠢᠨ ᠨᠢ ᠪᠦᠬᠦᠶ ᠯᠡ ᠬᠢᠴᠢᠶᠡᠯ ᠤᠨ ᠰᠤᠷᠤᠯᠴᠠᠬᠤ ᠠᠭᠤᠯᠭ᠎ᠠ ᠶᠢ

ᠬᠠᠮᠤᠷᠴᠤ ᠮᠡᠳᠡᠯᠭᠡ ᠶᠢᠨ ᠪᠦᠭᠦᠯᠢ ᠴᠤᠭᠴᠠᠳᠤ ᠴᠢᠨᠠᠷ ᠪᠠ ᠬᠠᠷᠢᠯᠴᠠᠨ ᠬᠤᠯᠪᠤᠭᠳᠠᠯᠳᠤ ᠴᠢᠨᠠᠷ ᠢ ᠢᠯᠡᠷᠡᠭᠦᠯᠵᠦ

ᠴᠢᠳᠠᠨ᠎ᠠ᠃

      ᠬᠤᠶᠠᠷ᠂ ᠲᠤᠬᠢᠷᠠᠮᠵᠢᠲᠠᠢ ᠠᠰᠠᠭᠤᠳᠠᠯ ᠤᠨ ᠤᠷᠴᠢᠨ ᠢ ᠬᠡᠷᠬᠢᠨ ᠰᠤᠩᠭᠤᠵᠤ ᠪᠡᠯᠡᠳᠭᠡᠬᠦ ᠪᠤᠢ︖

      1. ᠰᠤᠷᠤᠭᠴᠢᠳ ᠤᠨ ᠠᠮᠢᠳᠤᠷᠠᠯ ᠤᠨ ᠲᠤᠷᠰᠢᠯᠭ᠎ᠠ ᠪᠤᠶᠤ ᠦᠩᠭᠡᠷᠡᠯᠲᠡ ᠪᠠᠷ ᠠᠰᠠᠭᠤᠳᠠᠯ ᠤᠨ ᠤᠷᠴᠢᠨ

ᠪᠤᠯᠭᠠᠵᠤ ᠪᠤᠯᠤᠨ᠎ᠠ᠃

      ᠵᠢᠱᠢᠶᠡᠯᠡᠪᠠᠯ᠂ ᠤᠯᠠᠩᠬᠢ ᠰᠢᠪᠠᠭᠤ ᠦᠷᠡᠵᠢᠬᠦ ᠦᠶᠡᠰ ᠡᠭᠦᠷ ᠪᠠᠷᠢᠬᠤ ᠦᠵᠡᠭᠳᠡᠯ ᠲᠠᠢ ᠶᠢ ᠰᠤᠷᠤᠭᠴᠢᠳ

ᠨᠡᠯᠢᠶᠡᠳ ᠲᠤᠳᠤᠷᠬᠠᠢ ᠮᠡᠳᠡᠳᠡᠭ᠂ ᠡᠨᠡ ᠠᠰᠠᠭᠤᠳᠠᠯ ᠤᠨ ᠤᠷᠴᠢᠨ ᠢᠶᠠᠷ ᠰᠢᠪᠠᠭᠤᠳ ᠤᠨ ᠦᠷᠡᠵᠢᠬᠦ ᠠᠶᠠᠭ ᠲᠤ

ᠶᠠᠮᠠᠷ ᠶᠠᠮᠠᠷ ᠶᠠᠪᠤᠴᠠ ᠪᠠᠶᠢᠬᠤ ᠶᠢ ᠰᠦᠪᠡᠭᠴᠢᠯᠡᠨ ᠰᠤᠷᠤᠯᠴᠠᠭᠤᠯᠵᠤ ᠪᠤᠯᠳᠠᠭ᠃ ᠰᠢᠪᠠᠭᠤᠳ ᠦᠷᠡᠵᠢᠬᠦ ᠦᠶᠡᠰ

ᠶᠠᠭᠠᠬᠢᠭᠠᠳ ᠤᠷᠢᠳ ᠢᠶᠠᠷ ᠡᠭᠦᠷ ᠪᠠᠷᠢᠬᠤ ᠪᠤᠢ︖ ᠡᠭᠦᠷ ᠪᠠᠷᠢᠭᠰᠠᠨ ᠤ ᠳᠠᠷᠠᠭ᠎ᠠ ᠪᠠᠰᠠ ᠶᠠᠮᠠᠷ ᠶᠠᠮᠠᠷ ᠪᠡᠯᠡᠳᠭᠡᠯ

ᠬᠢᠬᠦ ᠴᠢᠬᠤᠯᠠᠲᠠᠢ︖ ᠡᠭᠦᠷ ᠪᠠᠷᠢᠬᠤ ᠨᠢ ᠰᠢᠪᠠᠭᠤᠳ ᠬᠤᠶᠢᠴᠢ ᠦᠶ᠎ᠡ ᠪᠠᠨ ᠦᠷᠡᠵᠢᠭᠦᠯᠬᠦ ᠳᠤ ᠶᠠᠮᠠᠷ ᠠᠰᠢᠭ ᠲᠠᠢ

ᠪᠤᠢ︖ ᠬᠡᠭᠦ ᠮᠡᠲᠦ ᠶᠢᠨ ᠠᠰᠠᠭᠤᠳᠠᠯ ᠢᠶᠠᠷ ᠰᠤᠷᠤᠭᠴᠢ ᠶᠢᠨ ᠰᠡᠳᠬᠢᠬᠦᠢ ᠎ ᠶᠢ ᠬᠦᠭᠵᠢᠭᠡᠵᠦ ᠰᠤᠷᠤᠯᠴᠠᠭᠤᠯᠤᠨ᠎ᠠ᠂

ᠬᠠᠷᠢᠨ ᠦᠬᠦᠮᠡᠯ ᠢᠶᠠᠷ ᠴᠡᠭᠡᠵᠢᠯᠡᠭᠦᠯᠵᠦ ᠪᠤᠯᠬᠤ ᠦᠭᠡᠢ᠃

      2. ᠲᠤᠷᠰᠢᠯᠲᠠ ᠪᠤᠶᠤ ᠰᠦᠪᠡᠭᠴᠢᠯᠡᠬᠦ ᠤᠷᠤᠯᠳᠤᠯᠭ᠎ᠠ ᠪᠠᠷ ᠠᠰᠠᠭᠤᠳᠠᠯ ᠤᠨ ᠤᠷᠴᠢᠨ ᠪᠤᠯᠭᠠᠵᠤ ᠪᠤᠯᠤᠨ᠎ᠠ᠃

      ᠲᠤᠰ ᠵᠦᠢᠯ ᠤᠨ ᠠᠰᠠᠭᠤᠳᠠᠯ ᠤᠨ ᠤᠷᠴᠢᠨ ᠨᠢ ᠰᠤᠷᠤᠭᠴᠢᠳ ᠤᠨ ᠭᠠᠷ ᠬᠦᠳᠡᠯᠵᠤ ᠤᠷᠤᠯᠳᠤᠯᠭ᠎ᠠ ᠬᠢᠬᠦ ᠶᠢ

ᠴᠢᠬᠤᠯᠠᠴᠢᠯᠠᠵᠤ᠂ ᠰᠣᠷᠣᠭᠴᠢᠳ ᠲᠤ ᠲᠠᠩ ᠴᠤᠯᠭᠤᠢ ᠪᠠᠷ ᠲᠠᠶᠢᠯᠪᠤᠷᠢᠯᠠᠨ ᠵᠢᠭᠠᠵᠤ ᠰᠣᠷᠣᠯᠴᠠᠭᠤᠯᠬᠤ ᠠᠴᠠ

ᠦᠢᠯᠡᠳᠦᠯᠭᠡᠵᠢᠭᠦᠯᠦᠨ ᠰᠣᠷᠣᠯᠴᠠᠭᠤᠯᠬᠤ ᠪᠤᠯᠭᠠᠵᠤ ᠬᠤᠪᠢᠷᠠᠭᠠᠵᠤ ᠴᠢᠳᠠᠨ᠎ᠠ᠃ ︽ᠰᠣᠷᠣᠯᠴᠠᠯᠭ᠎ᠠ ᠶᠢᠨ ᠦᠷ᠎ᠡ

ᠠᠰᠢᠭ ᠤᠨ ᠫᠢᠷᠠᠮᠢᠳ᠋ ᠰᠣᠪᠣᠷᠭ᠎ᠠ︾᠎ ᠶᠢᠨ ᠤᠨᠤᠯ ᠤᠨ ᠢᠯᠡᠷᠡᠭᠦᠯᠦᠭᠰᠡᠨ ᠢᠶᠠᠷ᠂ ᠰᠤᠷᠤᠭᠴᠢ ᠭᠦᠳᠡᠯᠦᠩᠭᠦᠢ ᠪᠠᠷ

ᠤᠷᠤᠯᠳᠤᠨ ᠰᠣᠷᠣᠯᠴᠠᠬᠤ ︵ᠪᠤᠰᠤᠳ ᠲᠤ ᠲᠠᠶᠢᠯᠪᠣᠷᠢᠯᠠᠵᠤ ᠦᠭᠬᠦ ᠴᠦ ᠪᠠᠭᠳᠠᠨ᠎ᠠ︶᠎ ᠳᠤ ᠭᠠᠷ ᠬᠦᠳᠡᠯᠦᠨ

ᠤᠷᠤᠯᠳᠤᠬᠤ ᠶᠢᠨ ᠦᠷ᠎ᠠ ᠠᠰᠢᠬ ᠬᠠᠮᠤᠭ ᠰᠠᠶᠢᠨ ᠪᠠᠶᠢᠳᠠᠬ ᠭᠡᠵᠡᠢ᠃ ᠡᠶᠢᠮᠦ ᠠᠴᠠ ᠪᠠᠭᠰᠢ ᠨᠠᠷ ᠵᠤᠬᠢᠬᠤ

ᠦᠢᠯᠡᠳᠦᠯᠭᠡ᠂ ᠲᠤᠷᠰᠢᠯᠲᠠ ᠵᠡᠷᠭᠡ ᠪᠠᠷ ᠠᠰᠠᠭᠤᠳᠠᠯ ᠤᠨ ᠤᠷᠴᠢᠨ ᠪᠤᠯᠭᠠᠵᠤ᠂ ᠪᠠᠭᠰᠢ ᠶᠢᠨ ᠤᠶᠤᠨᠴᠢ

ᠵᠢᠯᠤᠭᠤᠳᠤᠯᠭ᠎ᠠ ᠲᠤᠤᠷ᠎ᠠ ᠰᠣᠷᠣᠭᠴᠢᠳ ᠢᠶᠠᠷ ᠠᠯᠬᠤᠮ ᠲᠠᠷᠠᠭ᠎ᠠ ᠲᠠᠢ ᠪᠡᠶᠡᠴᠢᠯᠡᠨ ᠪᠡᠶᠡᠯᠡᠬᠦᠯᠬᠦ ᠪᠤᠶᠤ ᠲᠤᠷᠰᠢᠯᠲᠠ

ᠬᠢᠯᠭᠡᠬᠦ ᠪᠠᠷ ᠲᠠᠮᠵᠢᠨ ᠲᠤᠷᠰᠢᠯᠲᠠ ᠶᠢᠨ ᠴᠢᠳᠠᠪᠤᠷᠢ ᠶᠢ ᠨᠢ ᠬᠦᠮᠦᠵᠢᠬᠦᠯᠬᠦ ᠶᠢᠨ ᠬᠠᠮᠳᠤ ᠰᠦᠪᠡᠭᠴᠢᠯᠡᠬᠦ ᠴᠢᠳᠠᠪᠤᠷᠢ ᠪᠠ

ᠶᠡᠷᠦᠩᠬᠡᠶᠢᠯᠡᠭᠰᠡᠨ ᠴᠢᠳᠠᠪᠤᠷᠢ ᠶᠢ ᠴᠦ ᠬᠦᠮᠦᠵᠢᠭᠦᠯᠵᠦ ᠪᠤᠯᠤᠨ᠎ᠠ᠃ ᠵᠢᠱᠢᠶᠡᠯᠡᠪᠡᠯ᠂ ︽ᠪᠠᠭ᠎ᠠ ᠰᠤᠷᠭᠠᠭᠤᠯᠢ ᠶᠢᠨ

ᠶᠤᠰᠤ ᠰᠤᠷᠳᠠᠬᠤᠨ ᠪᠠ ᠬᠠᠤᠯᠢ ᠪᠠᠷ ᠵᠠᠰᠠᠬᠤᠢ︾᠎ ᠳᠠᠬᠢ ︽ᠴᠠᠭ ᠢ ᠪᠠᠷᠢᠮᠳᠠᠯᠠᠬᠤ ᠰᠠᠶᠢᠨ ᠰᠠᠶᠢᠬᠠᠨ ᠳᠠᠳᠬᠠᠯ ᠢ ᠪᠤᠢ

ᠪᠤᠯᠭᠠᠬᠤ︾ ᠬᠢᠴᠢᠶᠡᠯ ᠳᠤ ᠪᠠᠭᠰᠢ ᠠᠴᠠ ᠳᠠᠳᠬᠠᠯ ᠢ ᠲᠦᠯᠦᠪᠰᠢᠨ ᠲᠤᠭᠳᠠᠪᠤᠷᠢᠵᠢᠭᠤᠯᠬᠤ 21 ᠡᠳᠤᠷ ᠤᠨ

ᠲᠤᠷᠰᠢᠯᠲᠠ ᠶᠢ ᠰᠤᠷᠤᠭᠴᠢᠳ ᠢᠶᠠᠷ ᠬᠢᠯᠭᠡᠬᠦ ᠪᠠᠷ ᠲᠠᠮᠵᠢᠨ ᠰᠤᠷᠤᠭᠴᠢ ᠴᠠᠭ ᠢ ᠪᠠᠷᠢᠮᠳᠠᠯᠠᠨ ᠲᠤᠭᠳᠠᠭᠰᠠᠨ ᠴᠠᠭ ᠲᠤ

ᠰᠤᠷᠭᠠᠭᠤᠯᠢ ᠳᠤ ᠎ ᠪᠠᠨ ᠬᠦᠷᠬᠦ᠂ ᠲᠠᠰᠬᠠᠯ ᠰᠢᠯᠭᠠᠯᠲᠠ ᠪᠠᠨ ᠴᠦ ᠲᠤᠭᠳᠠᠭᠰᠠᠨ ᠴᠠᠭ ᠲᠤ ᠪᠠᠨ ᠪᠡᠶᠡᠯᠡᠬᠦᠯᠬᠦ ᠤᠬᠠᠮᠰᠠᠷ

ᠪᠠ ᠳᠠᠳᠬᠠᠯ ᠢ ᠪᠤᠢ ᠪᠤᠯᠭᠠᠵᠤ ᠪᠤᠯᠤᠨ᠎ᠠ᠃ ᠠᠩᠬ᠎ᠠ ᠲᠤᠮᠳᠠᠳᠤ ᠶᠢᠨ ᠠᠮᠢᠳᠤ ᠪᠤᠳᠠᠰ ᠤᠨ ᠬᠢᠴᠢᠶᠡᠯ ᠳᠤ ᠠᠳᠠᠯᠢ

ᠪᠤᠰᠤ ᠨᠦᠭᠦᠴᠡᠯ ᠳᠤ ᠦᠷ᠎ᠡ ᠶᠢᠨ ᠰᠤᠶᠤᠭᠠᠯᠠᠬᠤ ᠪᠠᠶᠢᠳᠠᠯ ᠢ ᠠᠵᠢᠭᠯᠠᠬᠤ ᠲᠤᠷᠰᠢᠯᠲᠠ ᠶᠢ ᠬᠢᠯᠭᠡᠬᠦ ᠪᠠᠷ ᠲᠠᠮᠵᠢᠨ

ᠰᠣᠷᠣᠭᠴᠢᠳ ᠤᠨ ᠤᠨᠤᠯ ᠤᠨ ᠮᠡᠳᠡᠯᠭᠡ ᠶᠢ ᠨᠢ ᠦᠢᠯᠡᠳᠦᠯᠭᠡ ᠠᠮᠢᠳᠤᠷᠠᠯ ᠲᠠᠢ ᠤᠶᠠᠯᠳᠤᠭᠤᠯᠵᠤ᠂ ᠦᠢᠯᠡᠳᠦᠯᠭᠡ ᠶᠢᠨ

ᠴᠢᠳᠠᠪᠤᠷᠢ ᠶᠢ ᠎ ᠨᠢ ᠬᠦᠮᠦᠵᠢᠭᠦᠯᠦᠨ ᠴᠢᠨᠠᠭᠰᠢᠯᠠᠨ ᠠᠳᠠᠯᠢ ᠪᠤᠰᠣ ᠦᠪᠡᠷᠮᠢᠴᠡ ᠤᠨᠴᠠᠯᠢᠭ ᠲᠠᠢ ᠰᠣᠷᠣᠭᠴᠢᠳ ᠤᠨ

ᠪᠤᠲᠠᠲᠠᠢ ᠪᠠᠶᠢᠳᠠᠯ ᠳᠤ ᠨᠢ ᠲᠤᠬᠢᠷᠠᠭᠰᠠᠨ ᠴᠢᠯᠦᠭᠡᠲᠡᠢ ᠬᠦᠭᠵᠢᠬᠦ ᠤᠷᠤᠨ ᠵᠠᠢ ᠶᠢ ᠬᠠᠩᠭᠠᠵᠤ ᠠᠮᠵᠢᠯᠲᠠ ᠳᠤ ᠬᠦᠷᠬᠦ

ᠪᠤᠯᠤᠮᠵᠢ ᠶᠢ ᠨᠢ ᠨᠡᠩ ᠶᠡᠭᠡ ᠪᠠᠷ ᠨᠡᠮᠡᠭᠳᠡᠭᠦᠯᠵᠦ ᠪᠤᠯᠤᠨ᠎ᠠ᠃

      3. ᠡᠯ᠎ᠡ ᠬᠢᠴᠢᠶᠡᠯ ᠲᠦᠷᠦᠯ ᠤᠨ ᠰᠤᠷᠬᠤ ᠪᠢᠴᠢᠭ ᠲᠤ ᠬᠢ ︽ᠪᠤᠳᠤᠯᠬᠢᠯᠠᠵᠤ ᠵᠦᠪᠳᠡᠯᠴᠡᠶ᠎ᠡ︾ ᠪᠠ

︽ᠠᠵᠢᠭᠯᠠᠬᠤ ᠬᠢᠭᠡᠳ ᠰᠡᠳᠭᠢᠬᠦ︾᠎ ᠪᠠᠷ ᠠᠰᠠᠭᠤᠳᠠᠯ ᠤᠨ ᠤᠷᠴᠢᠨ ᠪᠤᠯᠭᠠᠵᠤ ᠪᠤᠯᠤᠨ᠎ᠠ᠃

      ᠬᠢᠴᠢᠶᠡᠯ ᠤᠨ ᠪᠢᠴᠢᠭ ᠲᠤ ᠢᠯᠡᠷᠡᠭᠰᠡᠨ ᠡᠯ᠎ᠡ ᠵᠦᠢᠯ ᠤᠨ ᠮᠠᠲ᠋ᠧᠷᠢᠶᠠᠯ ᠪᠣᠯ ᠬᠢᠴᠢᠶᠡᠯ ᠪᠡᠯᠡᠳᠭᠡᠬᠦ ᠳᠤ

ᠬᠠᠮᠤᠭ ᠤᠨ ᠲᠦᠷᠦᠭᠦᠨ ᠳᠤ ᠪᠤᠳᠤᠯᠬᠢᠯᠠᠬᠤ ᠴᠢᠬᠤᠯᠠᠲᠠᠢ ᠵᠢᠭᠠᠨ ᠰᠤᠷᠭᠠᠯᠲᠠ ᠶᠢᠨ ᠡᠬᠢ ᠰᠤᠷᠪᠤᠯᠵᠢ ᠪᠤᠯᠤᠨ᠎ᠠ᠂

ᠡᠶᠢᠮᠦ ᠠᠴᠠ ᠬᠢᠴᠢᠶᠡᠯ ᠤᠨ ᠨᠤᠮ ᠳᠤ ᠪᠠᠲᠤ ᠰᠠᠶᠢᠨ ᠰᠠᠭᠤᠷᠢᠯᠠᠭᠰᠠᠨ ᠠᠰᠠᠭᠤᠳᠠᠯ ᠤᠨ ᠤᠷᠴᠢᠨ ᠨᠢ ᠦᠨᠳᠦᠷ          

ᠦᠷ᠎ᠡ ᠠᠰᠢᠭᠲᠤ ᠬᠢᠴᠢᠶᠡᠯᠯᠡᠭᠡ ᠶᠠᠪᠤᠭᠳᠠᠭᠤᠯᠬᠤ ᠳᠤ ᠴᠢᠬᠤᠯᠠ ᠦᠢᠯᠡᠳᠦᠯ ᠦᠵᠡᠭᠦᠯᠵᠦ ᠴᠢᠳᠠᠬᠤ ᠨᠢ          

ᠯᠠᠪᠲᠠᠢ᠃ ᠵᠢᠱᠢᠶᠡᠯᠡᠪᠡᠯ᠂ ᠠᠩᠬ᠎ᠠ ᠲᠤᠮᠳᠠᠳᠤ ᠶᠢᠨ ᠠᠮᠢᠳᠤ ᠪᠤᠳᠠᠰ ᠤᠨ ᠬᠢᠴᠢᠶᠡᠯ ᠤᠨ ︽ᠰᠢᠪᠡᠵᠢ ᠶᠢᠨ ᠦᠷᠡᠵᠢᠯ

ᠪᠠ ᠪᠤᠶᠢᠵᠢᠯᠲᠠ︾ ᠬᠡᠭᠦ ᠬᠢᠴᠢᠶᠡᠯ ᠤᠨ ︽ᠪᠤᠳᠤᠯᠬᠢᠯᠠᠵᠤ ᠵᠦᠪᠳᠡᠯᠴᠡᠶ᠎ᠡ︾ ᠬᠡᠰᠡᠭ ᠲᠤ ᠬᠢ ᠭᠤᠶᠤ ᠰᠠᠶᠢᠬᠠᠨ

ᠡᠷᠪᠡᠬᠡᠢ ︽ᠰᠠᠬᠤᠯᠠᠭ ᠬᠤᠷᠤᠬᠠᠢ︾᠎ ᠠᠴᠠ ᠬᠤᠪᠢᠷᠠᠵᠤ ᠢᠷᠡᠭᠰᠡᠨ ᠢ ᠲᠠ ᠮᠡᠳᠡᠨ᠎ᠡ ᠦᠦ︖ ︽ᠰᠠᠬᠤᠯᠠᠭ          

ᠬᠤᠷᠤᠬᠠᠢ︾ ᠪᠠᠰᠠ ᠬᠠᠮᠢᠭ᠎ᠠ ᠠᠴᠠ ᠢᠷᠡᠭᠰᠡᠨ ᠪᠤᠢ︖ ᠲᠡᠷᠡ ᠨᠢ ᠶᠠᠭᠠᠬᠢᠭᠠᠳ ᠡᠷᠪᠡᠬᠡᠢ ᠪᠤᠯᠵᠤ ᠬᠤᠪᠢᠷᠠᠳᠠᠭ          

ᠪᠤᠢ︖ ᠬᠡᠬᠦ ᠮᠡᠲᠦ ᠶᠢᠨ ᠬᠢᠴᠢᠶᠡᠯ ᠤᠨ ᠨᠤᠮ ᠲᠡᠭᠡᠷᠡᠬᠢ ᠠᠮᠢᠳᠤᠷᠠᠯ ᠤᠨ ᠦᠵᠡᠭᠳᠡᠯ ᠪᠤᠶᠤ ᠵᠢᠷᠤᠭ ᠢᠶᠠᠷ ᠮᠠᠰᠢ

ᠰᠠᠶᠢᠨ ᠠᠰᠠᠭᠤᠳᠠᠯ ᠤᠨ ᠤᠷᠴᠢᠨ ᠪᠤᠯᠭᠠᠵᠤ ᠵᠢᠭᠠᠨ ᠰᠤᠷᠭᠠᠯᠲᠠ ᠳᠤ ᠪᠠᠨ ᠠᠰᠢᠭᠯᠠᠵᠤ ᠪᠤᠯᠤᠨ᠎ᠠ᠃

      4. ᠤᠨᠴᠠᠭᠠᠢ ᠴᠠᠭ ᠦᠶ᠎ᠡ ᠳᠤ ᠡᠭᠦᠰᠦᠭᠰᠡᠨ ᠬᠡᠷᠡᠭ ᠶᠠᠪᠤᠳᠠᠯ ᠢᠶᠠᠷ ᠠᠰᠠᠭᠤᠳᠠᠯ ᠤᠨ ᠤᠷᠴᠢᠨ ᠪᠤᠯᠭᠠᠵᠤ

ᠪᠤᠯᠤᠨ᠎ᠠ᠃

      2020 ᠤᠨ ᠠᠴᠠ ᠣᠳᠤ ᠭᠦᠷᠳᠡᠯ᠎ᠡ ᠦᠷᠬᠦᠯᠵᠢᠯᠡᠭᠰᠡᠨ ︽ᠰᠢᠨ᠎ᠡ ᠲᠢᠳᠢᠮᠯᠢᠭ ᠸᠢᠷᠦ᠋ᠰ ᠤᠨ ᠠᠭᠤᠰᠬᠢᠨ ᠤ

ᠦᠷᠪᠢᠰᠦᠯ︾᠎ ᠤᠨ ᠬᠢᠵᠢᠭ ᠤᠨ ᠲᠤᠬᠠᠢ ᠰᠤᠷᠤᠭᠴᠢᠳ ᠲᠠᠢ ᠬᠠᠮᠲᠤ ᠵᠠᠳᠠᠯᠤᠯᠲᠠ ᠬᠢᠬᠦ ᠪᠠᠷ ᠲᠠᠮᠵᠢᠨ ᠸᠢᠷᠦ᠋ᠰ ᠤᠨ

ᠲᠤᠬᠠᠢ ᠮᠡᠳᠡᠯᠭᠡ ᠶᠢ ᠰᠣᠷᠬᠤ ᠳᠤ ᠦᠢᠯᠡᠴᠢᠯᠡᠭᠦᠯᠦᠨ᠎ᠡ᠃ ᠪᠠᠰᠠ ︽ᠰᠢᠨ᠎ᠡ ᠲᠢᠳᠢᠮᠯᠢᠭ ᠸᠢᠷᠦ᠋ᠰ ᠤᠨ ᠠᠭᠤᠰᠬᠢᠨ ᠤ

ᠦᠷᠪᠢᠰᠦᠯ︾᠎ ᠤᠨ ᠬᠢᠵᠢᠭ ᠲᠡᠯᠭᠡᠷᠡᠬᠦ ᠦᠶᠡᠰ ᠭᠤᠷᠪᠠᠨ ᠵᠦᠢᠯ ᠤᠨ ᠬᠦᠮᠦᠨ᠂ ᠲᠠᠷᠤᠢ ᠡᠪᠡᠳᠴᠢᠨ ᠳᠤ

ᠨᠡᠷᠪᠡᠭᠳᠡᠭᠰᠡᠳ᠂ ᠡᠪᠡᠳᠴᠢᠲᠡᠨ ᠲᠠᠢ ᠰᠢᠭᠤᠳ ᠤᠶᠢᠷᠠᠳᠣᠭᠴᠢ ᠪᠠ ᠳᠠᠮ ᠤᠶᠢᠷᠠᠳᠤᠭᠴᠢ ᠶᠢ ᠡᠪᠡᠳᠴᠢᠨ ᠤ

ᠰᠡᠵᠢᠭᠯᠡᠯ ᠲᠠᠢ ᠬᠦᠮᠦᠨ ᠢᠶᠠᠷ ᠦᠵᠡᠵᠦ ᠲᠡᠳᠡᠨ ᠢ ︽ᠵᠠᠪᠠᠯ ᠲᠤᠰᠠᠭᠠᠷᠯᠠᠬᠤ︾ ᠲᠤᠬᠠᠢ ᠬᠡᠷᠡᠭ ᠶᠠᠪᠤᠳᠠᠯ ᠢ

ᠰᠤᠷᠤᠭᠴᠢᠳ ᠲᠤ ᠲᠠᠶᠢᠯᠪᠤᠷᠢᠯᠠᠬᠤ ᠪᠠᠷ ᠲᠠᠮᠵᠢᠨ ᠬᠠᠯᠳᠠᠪᠤᠷᠢᠲᠦ ᠡᠪᠡᠳᠴᠢᠨ ᠢ ᠰᠡᠷᠭᠡᠶᠢᠯᠡᠬᠦ ᠭᠤᠷᠪᠠᠨ ᠠᠷᠭ᠎ᠠ

ᠠᠪᠴᠠᠯ ︵ᠬᠠᠯᠳᠠᠪᠤᠷᠢᠯᠠᠯ ᠤᠨ ᠡᠬᠢ ᠶᠢ ᠬᠢᠵᠠᠭᠠᠷᠯᠠᠬᠤ᠂ ᠬᠠᠯᠳᠠᠪᠤᠷᠢᠯᠠᠯ ᠤᠨ ᠵᠠᠮ ᠢ ᠲᠠᠰᠤᠯᠬᠤ ᠪᠠ

ᠬᠠᠯᠳᠠᠪᠤᠷᠢᠯᠠᠮᠠᠳᠠᠭᠠᠢ ᠬᠦᠮᠦᠰ ᠢ ᠬᠠᠮᠠᠭᠠᠯᠠᠬᠤ︶᠎ ᠢ ᠰᠣᠷᠣᠯᠴᠠᠬᠤ ᠳᠤ ᠦᠢᠯᠡᠴᠢᠯᠡᠭᠦᠯᠵᠦ ᠪᠤᠯᠤᠨ᠎ᠠ᠃

      5. ᠬᠢᠴᠢᠶᠡᠯ ᠲᠦᠷᠦᠯ ᠤᠨ ᠰᠢᠨᠵᠢᠯᠡᠬᠦ ᠤᠬᠠᠭᠠᠨ ᠤ ᠲᠤᠬᠠᠢ ᠲᠡᠦᠬᠡᠨ ᠦᠯᠢᠭᠡᠷ ᠪᠤᠶᠤ ᠰᠤᠨᠢᠷᠬᠠᠯᠲᠤ ᠬᠡᠷᠡᠭ

ᠶᠠᠪᠤᠳᠠᠯ ᠢᠶᠠᠷ ᠠᠰᠠᠭᠤᠳᠠᠯ ᠤᠨ ᠤᠷᠴᠢᠨ ᠪᠤᠯᠭᠠᠵᠤ ᠪᠤᠯᠤᠨ᠎ᠠ᠃

      ᠬᠢᠴᠢᠶᠡᠯᠯᠡᠭᠡ ᠳᠤ ᠪᠠᠭᠰᠢ ᠪᠠᠭ᠎ᠠ ᠴᠠᠭ ᠢ ᠵᠠᠷᠤᠴᠠᠭᠤᠯᠵᠤ ᠵᠠᠷᠢᠮ ᠰᠣᠨᠢᠷᠬᠠᠯᠲᠤ ᠦᠯᠢᠭᠡᠷ ᠢ ᠶᠠᠷᠢᠵᠤ ᠦᠭᠪᠡᠯ

ᠰᠣᠷᠣᠭᠴᠢᠳ ᠤᠨ ᠰᠣᠷᠣᠯᠴᠠᠬᠤ ᠤᠷᠮ᠎ᠠ ᠶᠢ ᠶᠡᠭᠡ ᠪᠠᠷ ᠲᠡᠭᠡᠭᠰᠢᠯᠡᠭᠦᠯᠵᠦ ᠴᠢᠨᠠᠭᠰᠢᠯᠠᠪᠠᠯ ᠪᠦᠬᠦᠶ ᠯᠡ ᠬᠢᠴᠢᠶᠡᠯ ᠤᠨ

ᠰᠣᠷᠣᠯᠴᠠᠬᠤ ᠠᠭᠤᠷ ᠠᠮᠢᠰᠬᠤᠯ ᠢ ᠭᠦᠭᠵᠢᠭᠡᠵᠦ ᠴᠢᠳᠠᠨ᠎ᠠ᠃ ᠵᠢᠱᠢᠶᠡᠯᠡᠪᠡᠯ᠂ ︽ᠸᠠᠲ ᠬᠢᠭᠡᠳ ᠠᠭᠤᠷ ᠤᠨ          

ᠮᠠᠰᠢᠨ︾᠂ ︽ᠨᠢᠶᠤᠲ᠋ᠦᠨ ᠤ ᠨᠢᠭᠡᠳᠦᠭᠡᠷ ᠬᠠᠤᠯᠢ︾᠎ ᠶᠢ ᠢᠯᠡᠷᠡᠭᠦᠯᠦᠭᠰᠡᠨ ᠦᠯᠢᠭᠡᠷ ᠢᠶᠠᠷ ᠹᠢᠽᠢᠺ ᠤᠨ ᠬᠢᠴᠢᠶᠡᠯ ᠲᠠᠢ

ᠬᠤᠯᠪᠤᠭᠳᠠᠬᠤ ᠮᠡᠳᠡᠯᠭᠡ ᠪᠠ ᠪᠤᠳᠠᠰ ᠤᠨ ᠬᠦᠯᠢᠶᠡᠬᠦ ᠬᠦᠨᠳᠦ ᠶᠢᠨ ᠬᠦᠴᠦᠨ ᠤ ᠲᠤᠬᠠᠢ ᠮᠡᠳᠡᠯᠭᠡ ᠶᠢ

ᠰᠤᠷᠤᠯᠴᠠᠬᠤ ᠳᠤ ᠲᠤᠰᠠᠯᠠᠮᠵᠢ ᠪᠤᠯᠭᠠᠵᠤ ᠪᠤᠯᠤᠨ᠎ᠠ᠃ ᠪᠠᠰᠠ ︽ᠪᠤᠯᠵᠤᠯᠲᠤ ᠤᠶᠢᠯᠲᠠ︾᠎ ᠶᠢ ᠰᠣᠷᠣᠯᠴᠠᠬᠤ ᠦᠶᠡᠰ

ᠬᠡᠲᠦ ᠤᠮᠳᠠᠭᠠᠰᠤᠭᠰᠠᠨ ᠴᠡᠷᠢᠭ ᠬᠦᠢᠯᠡᠰᠤᠨ ᠤ ᠲᠤᠬᠠᠢ ᠦᠯᠢᠭᠡᠷ ᠢ ᠰᠤᠨᠤᠰᠤᠭᠠᠳ ᠦᠪᠡᠷ ᠤᠨ ᠡᠷᠬᠡ ᠦᠭᠡᠢ

ᠰᠢᠯᠦᠰᠦ ᠰᠢᠭᠦᠷᠡᠭᠦᠯᠦᠭᠰᠡᠨ ᠦᠯᠢᠭᠡᠷ ᠢ ᠶᠠᠷᠢᠵᠤ ᠦᠭᠬᠦ ᠪᠠᠷ ᠲᠠᠮᠵᠢᠨ ᠰᠣᠷᠣᠭᠴᠢᠳ ᠤᠨ ᠰᠤᠨᠢᠭᠤᠴᠢ ᠰᠡᠳᠭᠢᠯᠭᠡ ᠶᠢ

ᠪᠤᠢ ᠪᠤᠯᠭᠠᠨ ︽ᠪᠤᠯᠵᠤᠯᠲᠤ ᠤᠶᠢᠯᠲᠠ︾᠎ ᠲᠠᠢ ᠬᠤᠯᠪᠤᠭᠳᠠᠭᠰᠠᠨ ᠮᠡᠳᠡᠯᠭᠡ ᠶᠢ ᠰᠦᠪᠡᠭᠴᠢᠯᠡᠭᠦᠯᠦᠨ

ᠰᠣᠷᠤᠯᠴᠠᠭᠤᠯᠬᠤ ᠲᠠᠯᠲᠠ ᠨᠢᠭᠤᠭᠳᠠᠮᠠᠯ ᠰᠤᠷᠤᠯᠴᠠᠬᠤ ᠬᠦᠰᠡᠯ ᠢ ᠨᠢ ᠡᠲᠦᠨ ᠭᠠᠷᠭᠠᠵᠤ ᠪᠤᠯᠤᠨ᠎ᠠ᠃

      6. ᠵᠦᠪ ᠤᠨᠤᠪᠴᠢᠲᠠᠢ ᠪᠦᠭᠡᠳ ᠴᠢᠬᠤᠯᠠ ᠪᠤᠯᠬᠤ ᠲᠤᠭ᠎ᠠ ᠪᠠᠷᠢᠮᠲᠠ᠂ ᠵᠢᠷᠤᠭ ᠰᠡᠭᠦᠳᠡᠷ᠂ ᠲᠦᠷᠰᠦ

ᠰᠢᠩᠭᠡᠭᠡᠯᠲᠡ ᠪᠤᠶᠤ ᠬᠦᠳᠡᠯᠦᠩᠭᠦᠢ ᠵᠢᠷᠤᠭ᠂ ᠵᠠᠭᠪᠤᠷ ᠢᠶᠠᠷ ᠠᠰᠠᠭᠤᠳᠠᠯ ᠤᠨ ᠣᠷᠴᠢᠨ ᠪᠤᠯᠭᠠᠵᠤ ᠪᠤᠯᠤᠨ᠎ᠠ᠃

      ᠲᠤᠭ᠎ᠠ ᠪᠠᠷᠢᠮᠲᠠ᠂ ᠵᠢᠷᠤᠭ ᠬᠦᠰᠦᠨᠦᠭᠳᠤ᠂ ᠲᠦᠷᠰᠦ ᠰᠢᠩᠭᠡᠭᠡᠯᠲᠡ᠂ ᠵᠠᠭᠪᠤᠷ ᠵᠡᠷᠭᠡ ᠨᠢ ᠰᠤᠷᠤᠭᠴᠢᠳ ᠤᠨ

ᠭᠠᠳᠠᠭᠠᠲᠤ ᠰᠡᠷᠡᠬᠦᠢ ᠵᠢᠴᠢ ᠯᠤᠭᠢᠭ ᠰᠡᠳᠭᠢᠬᠦᠢ ᠶᠢ ᠲᠠᠶᠢᠴᠢᠯᠠᠨ ᠬᠡᠶᠢᠰᠪᠦᠷᠢ ᠮᠡᠳᠡᠯᠭᠡ᠂ ᠪᠤᠳᠤᠯᠢᠶᠠᠨᠲᠠᠢ

ᠹᠢᠽᠢᠣᠯᠣᠭᠢ ᠶᠢᠨ ᠶᠠᠪᠤᠴᠠ ᠶᠢ ᠨᠡᠩ ᠤᠬᠤᠷᠬᠠᠨ ᠬᠤᠭᠤᠴᠠᠭᠠᠨ ᠲᠤᠳᠤᠷ᠎ᠠ ᠲᠤᠳᠤ ᠠᠪᠰᠠᠷᠬᠠᠨ᠂ ᠠᠮᠢᠳᠤ

ᠲᠦᠷᠰᠦᠯᠢᠭ ᠪᠤᠯᠭᠠᠨ ᠨᠡᠩ ᠬᠢᠯᠪᠠᠷᠬᠠᠨ ᠢᠶᠠᠷ ᠤᠶᠢᠯᠠᠭᠠᠭᠤᠯᠬᠤ ᠳᠤ ᠲᠤᠰᠠᠯᠠᠮᠵᠢ ᠦᠵᠡᠭᠦᠯᠦᠨ᠎ᠡ᠃ ᠡᠭᠦᠨ ᠤ ᠬᠠᠮᠲᠤ

ᠰᠣᠷᠣᠭᠴᠢᠳ ᠤᠨ ᠰᠣᠷᠣᠯᠴᠠᠬᠤ ᠢᠳᠡᠪᠬᠢᠵᠢᠯ ᠢ ᠲᠡᠭᠡᠭᠰᠢᠯᠡᠭᠦᠯᠵᠦ ᠦᠷᠲᠡᠭ ᠲᠠᠢ ᠠᠰᠠᠭᠤᠳᠠᠯ ᠢ ᠲᠤᠷᠠᠳᠤᠭᠤᠯᠵᠤ᠂

ᠪᠦᠬᠦᠶ ᠯᠡ ᠬᠢᠴᠢᠶᠡᠯ ᠤᠨ ᠦᠷ᠎ᠡ ᠠᠰᠢᠭ ᠢ ᠶᠡᠭᠡ ᠪᠠᠷ ᠲᠡᠭᠡᠭᠰᠢᠯᠡᠭᠦᠯᠵᠦ ᠴᠢᠳᠠᠨ᠎ᠠ᠃ ᠵᠢᠱᠢᠶᠡᠯᠡᠪᠡᠯ᠂ ᠪᠠᠭ᠎ᠠ

ᠰᠤᠷᠭᠠᠭᠤᠯᠢ ᠶᠢᠨ ᠰᠢᠨᠵᠢᠯᠡᠬᠦ ᠤᠬᠠᠭᠠᠨ ᠤ ᠬᠢᠴᠢᠶᠡᠯ ᠳᠤ ︽ᠴᠢᠰᠤᠨ ᠤ ᠡᠷᠭᠢᠯᠲᠡ︾ ᠬᠡᠬᠦ ᠠᠭᠤᠯᠭ᠎ᠠ ᠶᠢ

ᠰᠣᠷᠣᠯᠴᠠᠬᠤ ᠳᠤ ᠤᠯᠠᠨ ᠵᠠᠭᠤᠴᠢ ᠶᠢ ᠠᠰᠢᠭᠯᠠᠨ ᠲᠦᠷᠰᠦ ᠰᠢᠩᠭᠡᠭᠡᠯᠲᠡ ᠪᠤᠶᠤ ᠬᠦᠳᠡᠯᠦᠩᠭᠦᠢ ᠵᠢᠷᠤᠭ ᠢ

ᠦᠵᠡᠭᠦᠯᠪᠡᠯ ᠬᠡᠶᠢᠰᠪᠤᠷᠢ ᠠᠴᠠ ᠲᠦᠷᠰᠦᠯᠢᠭ᠂ ᠲᠤᠭᠳᠠᠭᠤᠨ ᠠᠴᠠ ᠭᠦᠳᠡᠯᠦᠩᠬᠦᠢ ᠪᠤᠯᠭᠠᠵᠤ᠂ ᠬᠡᠶᠢᠰᠪᠤᠷᠢ ᠮᠡᠳᠡᠯᠭᠡ

ᠪᠤᠶᠤ ᠤᠬᠠᠭᠳᠠᠬᠤᠨ᠂ ᠤᠭᠶᠤᠰᠤ ᠶᠢ ᠰᠣᠷᠣᠭᠴᠢᠳ ᠤᠨ ᠪᠤᠲᠠᠳᠠᠢ ᠮᠡᠳᠡᠯᠭᠡ ᠪᠤᠯᠭᠠᠨ ᠬᠤᠪᠢᠷᠠᠭᠠᠬᠤ ᠲᠤᠯᠠ᠂

ᠰᠤᠷᠤᠭᠴᠢᠳ ᠦᠪᠡᠷ ᠤᠨ ᠪᠡᠶ᠎ᠡ ᠶᠢᠨ ᠢᠶᠠᠨ ᠪᠦᠲᠦᠴᠡ ᠪᠠ ᠹᠢᠽᠢᠣᠯᠣᠭᠢ ᠶᠢᠨ ᠠᠵᠢᠯᠯᠠᠭ᠎ᠠ ᠪᠠᠨ ᠨᠡᠩ ᠰᠠᠶᠢᠨ

ᠦᠢᠯᠠᠭᠠᠵᠤ᠂ ᠠᠮᠢᠳᠤ ᠪᠤᠳᠠᠰ ᠤᠨ ᠬᠢᠴᠢᠶᠡᠯ ᠢ ᠰᠤᠷᠤᠯᠴᠠᠬᠤ ᠤᠷᠮ᠎ᠠ ᠪᠠᠬ᠎ᠠ ᠨᠢ ᠴᠤ ᠲᠡᠭᠡᠭᠰᠢᠯᠡᠵᠦ          

ᠴᠢᠳᠠᠨ᠎ᠠ᠃ ᠭᠠᠵᠠᠷ ᠵᠦᠢ ᠶᠢᠨ ᠬᠢᠴᠢᠶᠡᠯ ᠳᠤ ᠦᠷᠬᠦᠯᠵᠢ ᠤᠯᠠᠨ ᠵᠦᠢᠯ ᠤᠨ ᠵᠢᠷᠤᠭ ᠪᠠ ᠲᠦᠷᠰᠦ ᠰᠢᠩᠭᠡᠭᠡᠯᠲᠡ ᠶᠢ

ᠠᠰᠢᠭᠯᠠᠪᠠᠯ ᠰᠤᠷᠤᠭᠴᠢ ᠶᠢᠨ ᠰᠤᠷᠤᠯᠴᠠᠯᠭ᠎ᠠ ᠶᠢᠨ ᠦᠷ᠎ᠡ ᠠᠰᠢᠭ ᠢ ᠨᠡᠩ ᠲᠡᠭᠡᠭᠰᠢᠯᠡᠭᠦᠯᠬᠦ ᠨᠢ ᠶᠠᠷᠢᠶᠠᠨ ᠦᠭᠡᠢ᠃

      7. ᠪᠤᠷᠤᠭᠤ ᠪᠤᠶᠤ ᠵᠣᠬᠢᠰ ᠦᠭᠡᠢ ᠵᠢᠱᠢᠶ᠎ᠡ ᠪᠠᠷ ᠠᠰᠠᠭᠤᠳᠠᠯ ᠤᠨ ᠤᠷᠴᠢᠨ ᠪᠤᠯᠭᠠᠵᠤ ᠪᠤᠯᠤᠨ᠎ᠠ᠃

      ᠰᠤᠷᠤᠭᠴᠢᠳ ᠪᠤᠯᠪᠠᠰᠤᠷᠠᠯ ᠤᠨ ᠰᠡᠳᠦᠪ ᠬᠢᠬᠦ ᠪᠤᠶᠤ ᠰᠢᠰᠲ᠋ᠧᠮᠴᠢ ᠴᠢᠨᠠᠷ ᠲᠠᠢ ᠮᠡᠳᠡᠯᠭᠡ ᠶᠢ ᠠᠰᠢᠭᠯᠠᠨ ᠶᠠᠮᠠᠷ

ᠨᠢᠭᠡᠨ ᠪᠤᠳᠤᠯᠢᠶᠡᠨᠳᠠᠢ ᠠᠰᠠᠭᠤᠯᠲᠠ ᠶᠢ ᠬᠠᠷᠢᠭᠤᠯᠬᠤ ᠦᠶᠡᠰ ᠵᠠᠷᠢᠮ ᠳᠤ ᠪᠠᠨ ᠤᠤᠯ ᠤᠨ ᠮᠡᠳᠡᠯᠭᠡ ᠶᠢᠨ ᠰᠠᠭᠤᠷᠢ

ᠪᠤᠶᠤ ᠠᠮᠢᠳᠤᠷᠠᠯ ᠤᠨ ᠲᠤᠷᠰᠢᠯᠭ᠎ᠠ ᠶᠢᠨ ᠨᠦᠯᠦᠭᠡ ᠠᠴᠠ ᠪᠤᠯᠵᠤ ᠮᠠᠰᠢ ᠠᠮᠠᠷᠬᠠᠨ ᠪᠤᠷᠤᠭᠤ ᠵᠠᠳᠠᠯᠤᠯᠲᠠ ᠶᠢᠨ ᠳ᠋ᠦᠩ

ᠭᠠᠷᠭᠠᠳᠠᠭ᠃ ᠵᠢᠱᠢᠶᠡᠯᠡᠪᠡᠯ᠂ ᠨᠤᠭᠤᠭᠠᠨ ᠤᠷᠭᠤᠮᠠᠯ ᠤᠨ ᠭᠡᠷᠡᠯ ᠤᠨ ᠨᠡᠶᠢᠯᠡᠯᠭᠡ ᠶᠢ ᠰᠤᠷᠤᠯᠴᠠᠭᠰᠠᠨ ᠤ ᠳᠠᠷᠠᠭ᠎ᠠ᠂

︽ᠨᠤᠭᠤᠭᠠᠨ ᠤᠷᠭᠤᠮᠠᠯ ᠤᠨ ᠠᠮᠢᠰᠬᠤᠬᠤ ᠦᠢᠯᠡᠳᠦᠯ︾᠎ ᠢ ᠰᠤᠷᠤᠯᠴᠠᠬᠤ ᠦᠶᠡᠰ ︽ᠪᠢᠳᠡ ᠭᠡᠷ ᠤᠨ ᠢᠶᠠᠨ ᠤᠨᠲᠠᠬᠤ

ᠦᠷᠦᠭᠡ ᠳᠤ ᠫᠧᠩᠰᠡᠨ ᠳᠤ ᠵᠠᠶᠢᠯᠠᠭᠰᠠᠨ ᠨᠤᠭᠤᠭᠠᠨ ᠤᠷᠭᠤᠮᠠᠯ ᠢ ᠶᠡᠭᠡ ᠬᠡᠮᠵᠢᠶ᠎ᠡ ᠪᠠᠷ ᠤᠷᠭᠤᠭᠤᠯᠪᠠᠯ

ᠰᠦᠨᠢ ᠳᠤ ᠪᠠᠨ ᠤᠨᠳᠠᠬᠤ ᠦᠷᠦᠭᠡᠨ ᠤ ᠠᠭᠠᠷ ᠢ ᠪᠠᠰᠠ ᠰᠠᠶᠢᠵᠢᠷᠠᠭᠤᠯᠵᠤ ᠴᠢᠳᠠᠨ᠎ᠠ ᠦᠦ︖︾ ᠭᠡᠬᠦ

ᠠᠰᠠᠭᠤᠯᠲᠠ ᠶᠢ ᠰᠤᠷᠤᠭᠴᠢᠳ ᠢᠶᠠᠷ ᠵᠠᠳᠠᠯᠤᠯᠲᠠ ᠬᠢᠯᠭᠡᠬᠦ ᠪᠠᠷ ᠲᠠᠮᠵᠢᠨ ᠠᠮᠢᠰᠬᠤᠬᠤ ᠦᠢᠯᠡᠳᠦᠯ ᠤᠨ ᠤᠭᠶᠤᠰᠤ ᠶᠢ

ᠰᠦᠪᠡᠭᠴᠢᠯᠡᠭᠦᠯᠵᠦ᠂ ᠰᠦᠨᠢ ᠤᠨᠳᠠᠬᠤ ᠦᠷᠦᠭᠡ ᠳᠤ ᠤᠯᠠᠨ ᠰᠠᠭᠤᠷᠢ ᠤᠷᠭᠤᠮᠠᠯ ᠪᠠᠶᠢᠵᠤ ᠪᠤᠯᠬᠤ ᠦᠭᠡᠢ

ᠰᠢᠯᠳᠠᠭᠠᠨ ᠢ ᠮᠡᠳᠡᠭᠦᠯᠦᠨ᠎ᠡ᠃

      8. ᠵᠢᠱᠢᠶ᠎ᠡ ᠰᠡᠳᠦᠪ ᠪᠤᠶᠤ ᠨᠡᠶᠢᠳᠡᠯᠢᠭ ᠶᠡᠷᠦᠩᠬᠡᠶᠢᠯᠡᠭᠰᠡᠨ ᠰᠡᠳᠦᠪ ᠢᠶᠠᠷ ᠠᠰᠠᠭᠤᠳᠠᠯ ᠤᠨ ᠤᠷᠴᠢᠨ ᠪᠤᠯᠭᠠᠵᠤ

ᠪᠤᠯᠤᠨ᠎ᠠ᠃

      ᠤᠯᠠᠩᠬᠢ ᠳᠤ ᠪᠠᠨ ᠦᠩᠭᠡᠷᠡᠭᠰᠡᠨ ᠵᠢᠯ ᠤᠨ ᠡᠩ ᠤᠨ ᠲᠡᠭᠡᠳᠤ ᠰᠤᠷᠭᠠᠭᠤᠯᠢ ᠶᠢᠨ ᠰᠤᠷᠤᠭᠴᠢ ᠡᠯᠰᠠᠭᠦ ᠪᠦᠭᠦ

ᠤᠯᠤᠰ ᠤᠨ ᠨᠢᠭᠡᠳᠤᠯᠳᠠᠢ ᠰᠢᠯᠭᠠᠯᠲᠠ ᠪᠤᠶᠤ ᠠᠩᠬ᠎ᠠ ᠵᠡᠷᠭᠡ ᠶᠢᠨ ᠲᠤᠮᠳᠠᠳᠤ ᠰᠤᠷᠭᠠᠭᠤᠯᠢ ᠶᠢᠨ ᠰᠤᠷᠤᠯᠭ᠎ᠠ ᠶᠢᠨ

ᠬᠢᠷᠢ ᠭᠡᠮᠵᠢᠶᠡᠨ ᠤ ᠰᠢᠯᠭᠠᠯᠲᠠ ᠶᠢᠨ ᠰᠡᠳᠦᠪ ᠡᠰᠡᠭᠦᠯ᠎ᠡ ᠬᠢᠴᠢᠶᠡᠯ ᠤᠨ ᠨᠤᠮ ᠤᠨ ᠨᠡᠶᠢᠳᠡᠯᠢᠭ ᠵᠢᠱᠢᠶ᠎ᠡ ᠰᠡᠳᠦᠪ ᠪᠤᠶᠤ

ᠪᠠᠭᠰᠢ ᠶᠢᠨ ᠵᠤᠬᠢᠶᠠᠭᠰᠠᠨ ᠰᠡᠳᠦᠪ ᠢᠶᠠᠷ ᠲᠤᠰ ᠬᠢᠴᠢᠶᠡᠯ ᠤᠨ ᠰᠤᠷᠤᠯᠴᠠᠬᠤ ᠬᠠᠷᠠᠯᠲᠠ ᠳᠤ ᠲᠤᠬᠢᠷᠠᠭᠰᠠᠨ

ᠠᠰᠠᠭᠤᠳᠠᠯ ᠤᠨ ᠤᠷᠴᠢᠨ ᠪᠤᠯᠭᠠᠵᠤ ᠪᠤᠯᠤᠨ᠎ᠠ᠃

      9. ᠰᠤᠷᠤᠭᠴᠢᠳ ᠤᠨ ᠤᠷᠤᠯᠴᠠᠬᠤ ᠲᠤᠷᠠᠳᠠᠢ ᠲᠤᠭᠯᠠᠭᠠᠮ ᠢᠶᠠᠷ ᠠᠰᠠᠭᠤᠳᠠᠯ ᠤᠨ ᠤᠷᠴᠢᠨ ᠪᠤᠯᠭᠠᠵᠤ

ᠪᠤᠯᠤᠨ᠎ᠠ᠃

      ᠲᠤᠭᠯᠠᠭᠠᠮ ᠢᠶᠠᠷ ᠲᠠᠮᠢᠷ ᠤᠨ ᠬᠢᠴᠢᠶᠡᠯ ᠤᠨ ᠪᠡᠯᠡᠳᠭᠡᠯ ᠬᠦᠳᠡᠯᠭᠡᠭᠡᠨ ᠪᠤᠯᠭᠠᠵᠤ᠂ ᠰᠤᠷᠤᠭᠴᠢᠳ ᠤᠨ ᠬᠢᠴᠢᠶᠡᠯ

ᠲᠡᠭᠡᠷ᠎ᠡ ᠬᠠᠮᠵᠢᠯᠴᠠᠬᠤ ᠪᠤᠶᠤ ᠲᠤᠰᠠᠭᠠᠷ ᠪᠡᠶᠡᠯᠡᠭᠦᠯᠬᠦ ᠬᠦᠳᠡᠯᠭᠡᠭᠡᠨ ᠎ ᠳᠤ ᠪᠠᠨ ᠰᠢᠯᠵᠢᠵᠦ ᠪᠤᠯᠤᠨ᠎ᠠ᠃

ᠲᠤᠭᠯᠠᠭᠠᠮ ᠢᠶᠠᠷ ᠲᠤᠭᠠᠨ ᠤ ᠤᠬᠠᠭᠠᠨ ᠤ ᠠᠰᠠᠭᠤᠳᠠᠯ ᠎ ᠢ ᠰᠢᠢᠳᠪᠦᠷᠢᠯᠡᠬᠦ ᠳᠤ ᠰᠡᠳᠭᠢᠬᠦᠢ ᠶᠢᠨ ᠠᠵᠢᠯᠯᠠᠭ᠎ᠠ ᠶᠢ

ᠠᠮᠢᠳᠤᠯᠢᠭ ᠪᠤᠯᠭᠠᠵᠤ ᠪᠤᠯᠤᠨ᠎ᠠ᠂ ᠲᠤᠭᠯᠠᠭᠠᠮ ᠨᠢ ᠰᠤᠷᠤᠭᠴᠢ ᠶᠢᠨ ᠤᠷᠮ᠎ᠠ ᠪᠠᠬ᠎ᠠ ᠪᠠ ᠪᠠᠶᠠᠷᠲᠤ ᠰᠡᠳᠬᠢᠯᠭᠡ ᠶᠢ ᠪᠤᠢ

ᠪᠤᠯᠭᠠᠬᠤ ᠎ ᠳᠤ ᠠᠰᠢᠭᠲᠠᠢ ᠪᠦᠭᠡᠳ ᠰᠤᠷᠤᠭᠴᠢ ᠶᠢᠨ ᠭᠠᠷ ᠬᠦᠳᠡᠯᠬᠦ᠂ ᠰᠡᠳᠬᠢᠬᠦ ᠵᠢᠴᠢ ᠲᠠᠯᠲᠠ ᠴᠢᠳᠠᠪᠤᠷᠢ ᠶᠢ

ᠬᠦᠭᠵᠢᠭᠡᠬᠦ ᠳᠤ ᠠᠰᠢᠭᠲᠠᠢ ᠪᠠᠶᠢᠵᠤ᠂ ᠰᠤᠷᠤᠯᠴᠠᠯᠭ᠎ᠠ ᠶᠢᠨ ᠦᠷ᠎ᠡ ᠠᠰᠢᠭ ᠢ ᠶᠡᠭᠡ ᠪᠠᠷ ᠲᠡᠭᠡᠭᠰᠢᠯᠬᠦᠯᠵᠦ ᠴᠢᠳᠠᠨ᠎ᠠ᠃

      10. ᠦᠢᠯᠡᠳᠪᠦᠷᠢᠯᠡᠯ ᠦᠢᠯᠡᠳᠦᠯᠭᠡ ᠪᠤᠶᠤ ᠨᠡᠶᠢᠭᠡᠮ ᠤᠨ ᠬᠠᠯᠠᠮᠰᠢᠯ ᠠᠰᠠᠭᠤᠳᠠᠯ ᠢᠶᠠᠷ ᠠᠰᠠᠭᠤᠳᠠᠯ ᠤᠨ

ᠤᠷᠴᠢᠨ ᠪᠤᠯᠭᠠᠵᠤ ᠪᠤᠯᠤᠨ᠎ᠠ᠃

      ᠰᠢᠨ᠎ᠡ ᠬᠢᠴᠢᠶᠡᠯ ᠤᠨ ᠪᠠᠷᠢᠮᠵᠢᠶ᠎ᠠ ᠳᠤ᠂ ᠦᠭᠭᠦᠭᠳᠡᠭᠰᠡᠨ ᠲᠤᠭᠳᠠᠭᠰᠠᠨ ᠠᠰᠠᠭᠤᠳᠠᠯ ᠎ ᠤᠨ ᠤᠷᠴᠢᠨ ᠳᠤ

ᠰᠤᠷᠤᠭᠰᠠᠨ ᠬᠢᠴᠢᠶᠡᠯ ᠲᠦᠷᠦᠯ ᠤᠨ ᠮᠡᠳᠡᠯᠭᠡ ᠮᠡᠷᠭᠡᠵᠢᠯ ᠢ ᠬᠡᠷᠡᠭᠯᠡᠨ ᠰᠢᠨᠵᠢᠯᠡᠬᠦ ᠤᠬᠠᠭᠠᠨᠴᠢ ᠰᠡᠳᠭᠢᠬᠦᠢ ᠳᠤ

ᠲᠦᠰᠢᠭᠯᠡᠨ ᠠᠰᠠᠭᠤᠳᠠᠯ ᠢ ᠰᠢᠢᠳᠪᠦᠷᠢᠯᠡᠬᠦ ᠲᠦᠰᠦᠪ ᠭᠠᠷᠭᠠᠵᠤ᠂ ᠲᠠᠬᠢᠨ ᠰᠢᠢᠳᠪᠦᠷᠢᠯᠡᠬᠦ ᠲᠦᠰᠦᠪ ᠢᠶᠠᠷ ᠢᠶᠠᠨ

ᠠᠰᠠᠭᠤᠳᠠᠯ ᠢ ᠰᠢᠢᠳᠪᠦᠷᠢᠯᠡᠬᠦᠯᠬᠦ ᠪᠠᠷ ᠲᠠᠮᠵᠢᠨ ᠰᠤᠷᠤᠭᠴᠢ ᠶᠢᠨ ᠭᠤᠤᠯᠯᠠᠭᠴᠢ ᠬᠡᠪ ᠪᠤᠯᠪᠠᠰᠤᠷᠠᠯ ᠢ ᠬᠦᠮᠦᠵᠢᠭᠦᠯᠬᠦ

ᠬᠡᠷᠡᠭᠲᠡᠢ ᠭᠡᠵᠦ ᠲᠤᠳᠤᠷᠬᠠᠢ ᠱᠠᠭᠠᠷᠳᠠᠭᠰᠠᠨ ᠪᠤᠯᠬᠤᠷ᠂ ᠬᠢᠴᠢᠶᠡᠯ ᠪᠡᠯᠡᠳᠭᠡᠬᠦ ᠳᠤ ᠪᠠᠨ ᠦᠢᠯᠡᠳᠪᠦᠷᠢᠯᠡᠯ ᠪᠤᠶᠤ

ᠤᠯᠠᠨ ᠤ ᠠᠩᠬᠠᠷᠤᠯ ᠲᠦᠪᠯᠡᠷᠡᠭᠰᠡᠨ ᠬᠠᠯᠠᠮᠰᠢᠯ ᠠᠰᠠᠭᠤᠳᠠᠯ ᠢ ᠰᠢᠢᠳᠪᠦᠷᠢᠯᠡᠬᠦ ᠵᠤᠷᠢᠯᠭ᠎ᠠ ᠪᠠᠷ ᠰᠢᠨ᠎ᠡ ᠮᠡᠳᠡᠯᠭᠡ ᠶᠢ

ᠰᠦᠪᠡᠭᠴᠢᠯᠡᠭᠦᠯᠦᠨ ᠰᠤᠷᠤᠯᠴᠠᠭᠤᠯᠵᠤ ᠪᠤᠯᠤᠨ᠎ᠠ᠃ ᠵᠢᠱᠢᠶᠡᠯᠡᠪᠡᠯ᠂ ︽ᠰᠢᠨ᠎ᠡ ᠲᠢᠳᠢᠮᠯᠢᠭ ᠸᠢᠷᠦ᠋ᠰ ᠤᠨ

ᠠᠭᠤᠰᠬᠢᠨ ᠤ ᠦᠷᠪᠢᠰᠦᠯ︾᠎ ᠤᠨ ᠬᠠᠯᠳᠠᠪᠤᠷᠢᠲᠤ ᠡᠪᠡᠳᠴᠢᠨ ᠢ ᠰᠡᠷᠭᠡᠶᠢᠯᠡᠬᠦ ᠳᠤ ᠬᠠᠷᠠᠭᠠᠯᠵᠠᠭᠰᠠᠨ ᠸᠠᠺᠼᠢᠨ ᠢ

ᠲᠠᠷᠢᠬᠤ ᠵᠢᠴᠢ ᠬᠡᠳᠦ ᠤᠳᠠᠭ᠎ᠠ ᠲᠠᠷᠢᠪᠠᠯ ᠵᠤᠬᠢᠰᠲᠠᠢ ᠪᠤᠯᠬᠤ ᠲᠤᠬᠠᠢ ᠨᠡᠶᠢᠭᠡᠮ ᠤᠨ ᠬᠠᠯᠠᠮᠰᠢᠯ ᠠᠰᠠᠭᠤᠳᠠᠯ ᠢᠶᠠᠷ

ᠬᠦᠮᠦᠨ ᠤ ᠪᠡᠶ᠎ᠡ ᠶᠢᠨ ᠢᠮᠦ᠋ᠨ ᠲᠤᠬᠢᠷᠠᠭᠤᠯᠭ᠎ᠠ ᠶᠢᠨ ᠤᠭᠶᠤᠰᠤ ᠶᠢ ᠰᠢᠰᠲ᠋ᠧᠮ ᠲᠠᠢ ᠰᠤᠷᠤᠯᠴᠠᠭᠤᠯᠵᠤ          

ᠪᠤᠯᠤᠨ᠎ᠠ᠃ ᠪᠠᠰᠠ ᠪᠠᠭ᠎ᠠ ᠰᠤᠷᠭᠠᠭᠤᠯᠢ ᠶᠢᠨ ᠰᠤᠷᠤᠭᠴᠢᠳ ᠲᠤ ᠲᠢᠶᠠᠨ ᠠᠨ ᠮᠧᠨ ᠲᠠᠯᠠᠪᠠᠢ ᠳᠤ ᠤᠯᠣᠰ ᠤᠨ ᠲᠤᠭ

ᠮᠠᠨᠳᠤᠭᠤᠯᠬᠤ ᠶᠤᠰᠤᠯᠠᠯ ᠤᠨ ᠹᠢᠯᠢᠮ ᠢ ᠦᠵᠡᠭᠦᠯᠬᠦ ᠪᠠᠷ ᠲᠠᠮᠵᠢᠨ ︽ᠶᠤᠰᠤ ᠰᠤᠷᠳᠠᠬᠤᠨ ᠪᠠ ᠬᠠᠤᠯᠢ ᠪᠠᠷ          

ᠵᠠᠰᠠᠬᠤᠢ︾ ᠬᠢᠴᠢᠶᠡᠯ ᠤᠨ ︽ᠤᠯᠤᠰ ᠤᠨ ᠲᠤᠭ︾᠎ ᠤᠨ ᠲᠤᠬᠠᠢ ᠮᠡᠳᠡᠯᠭᠡ ᠶᠢ ᠰᠤᠷᠤᠯᠴᠠᠭᠤᠯᠵᠤ᠂ ᠴᠢᠨᠠᠭᠰᠢᠯᠠᠨ

ᠤᠯᠤᠰ ᠤᠨ ᠲᠤᠭ ᠮᠠᠨᠳᠤᠭᠤᠯᠬᠤ ᠬᠦᠳᠡᠯᠭᠡᠭᠡᠨ ᠳᠤ ᠢᠳᠡᠪᠬᠢᠲᠡᠢ ᠤᠷᠤᠯᠴᠠᠬᠤ ᠪᠠ ᠤᠯᠤᠰ ᠢᠶᠠᠨ ᠬᠠᠶᠢᠷᠠᠯᠠᠬᠤ

ᠬᠦᠮᠦᠵᠢᠯ ᠢ ᠬᠢᠵᠦ ᠪᠤᠯᠤᠨ᠎ᠠ᠃

      ᠭᠤᠷᠪᠠ᠂ ︽ᠠᠰᠠᠭᠤᠳᠠᠯ ᠤᠨ ᠤᠷᠴᠢᠨ ᠪᠡᠯᠡᠳᠭᠡᠵᠦ ᠰᠦᠪᠡᠭᠴᠢᠯᠡᠨ ᠰᠤᠷᠤᠯᠴᠠᠭᠤᠯᠬᠤ︾᠎ ᠳᠤ ᠲᠤᠯᠭᠠᠷᠠᠵᠤ

ᠪᠠᠶᠢᠭ᠎ᠠ ᠠᠰᠠᠭᠤᠳᠠᠯ ᠵᠢᠴᠢ ᠡᠳᠡᠭᠡᠷ ᠠᠰᠠᠭᠤᠳᠠᠯ ᠳᠤ ᠴᠢᠭᠯᠡᠭᠦᠯᠦᠭᠰᠡᠨ ᠰᠢᠢᠳᠪᠦᠷᠢᠯᠡᠬᠦ ᠠᠷᠭ᠎ᠠ ᠠᠪᠴᠠᠯ

      ︵ᠨᠢᠭᠡ︶ ᠲᠤᠯᠭᠠᠷᠠᠵᠤ ᠪᠠᠶᠢᠭ᠎ᠠ ᠠᠰᠠᠭᠤᠳᠠᠯ

      1. ᠪᠠᠭᠰᠢ ᠶᠢᠨ ᠵᠢᠭᠠᠨ ᠰᠤᠷᠭᠠᠯᠲᠠ ᠶᠢᠨ ᠦᠵᠡᠯᠲᠡ ᠬᠤᠪᠢᠷᠠᠬᠤ ᠲᠤᠬᠠᠢ ᠠᠰᠭᠠᠤᠳᠠᠯ

      ᠰᠢᠨ᠎ᠡ ᠬᠢᠴᠢᠶᠡᠯ ᠤᠨ ᠪᠠᠷᠢᠮᠵᠢᠶ᠎ᠠ ᠵᠢᠴᠢ ᠰᠤᠷᠤᠭᠴᠢ ᠶᠢᠨ ᠬᠢᠴᠢᠶᠡᠯ ᠲᠦᠷᠦᠯ ᠤᠨ ᠬᠡᠪ ᠪᠤᠯᠪᠠᠰᠤᠷᠠᠯ ᠢ

ᠬᠦᠮᠦᠵᠢᠭᠦᠯᠬᠦ ᠱᠠᠭᠠᠷᠳᠠᠯᠭ᠎ᠠ ᠬᠦᠷᠴᠦ ᠢᠷᠡᠬᠦ ᠦᠶᠡᠰ ᠪᠠᠭᠰᠢ ᠶᠢᠨ ᠤᠪᠤᠷ ᠮᠠᠰᠢ ᠢᠳᠡᠪᠬᠢᠲᠡᠢ᠂ ᠲᠤᠩ

ᠭᠦᠳᠡᠯᠦᠩᠭᠦᠢ ᠪᠠᠷ ᠤᠷᠤᠯᠳᠤᠵᠤ ᠡᠬᠢᠯᠡᠭᠰᠡᠨ ᠴᠦ ᠦᠵᠡᠯᠲᠡ ᠦᠢᠯᠠᠭᠠᠭᠳᠠᠬᠤᠨ ᠨᠢ ᠲᠦᠢᠯᠪᠤᠷᠢᠲᠠᠢ ᠬᠤᠪᠢᠷᠠᠯᠲᠠ

ᠭᠠᠷᠬᠤ ᠦᠭᠡᠢ ᠪᠤᠯ ᠰᠢᠨ᠎ᠡ ᠬᠡᠯᠪᠡᠷᠢ ᠶᠢᠨ ᠵᠢᠭᠠᠬᠤ ᠠᠷᠭ᠎ᠠ ᠬᠡᠯᠪᠡᠷᠢ ᠶᠢ ᠪᠦᠬᠦ ᠲᠠᠯ᠎ᠠ ᠪᠠᠷ ᠰᠤᠷᠤᠯᠴᠠᠨ

ᠬᠡᠷᠡᠭᠵᠢᠭᠦᠯᠵᠤ ᠲᠠᠶᠢᠯᠭᠦ ᠦᠭᠡᠢ ᠪᠠᠶᠢᠵᠤ᠂ ᠶᠡᠷᠦ ᠨᠢ ᠵᠦᠪ ᠤᠨᠤᠪᠴᠢᠲᠠᠢ ᠬᠢᠵᠦ ᠲᠡᠶᠢᠯᠬᠦ ᠦᠭᠡᠢ ᠪᠤᠶᠤ ᠪᠠᠭ᠎ᠠ

ᠰᠠᠭ᠎ᠠ ᠲᠤᠷᠰᠢᠵᠤ ᠦᠵᠡᠬᠦ ᠵᠤᠭᠰᠤᠴᠠ ᠠᠴᠠ ᠯᠠ ᠤᠷᠤᠯᠴᠠᠳᠠᠭ ᠠᠴᠠ ᠬᠦᠢᠴᠡᠳ ᠰᠠᠶᠢᠨ ᠠᠮᠵᠢᠯᠲᠠ ᠶᠢ ᠤᠯᠬᠤ ᠳᠤ

ᠪᠡᠷᠬᠡ ᠪᠠᠶᠢᠳᠠᠭ᠂ ᠡᠶᠢᠮᠦ ᠠᠴᠠ ᠠᠮᠵᠢᠯᠲᠠ ᠤᠯᠵᠤ ᠴᠢᠳᠠᠭᠰᠠᠨ ᠦᠭᠡᠢ ᠰᠢᠯᠳᠠᠭᠠᠨ ᠢᠶᠠᠨ ᠶᠠᠷᠦ ᠨᠢ ᠰᠢᠨ᠎ᠡ ᠵᠢᠭᠠᠬᠤ

ᠠᠷᠭ᠎ᠠ ᠬᠡᠯᠪᠡᠷᠢ ᠶᠢᠨ ︽ᠭᠦᠷᠦᠯᠴᠡᠬᠦ ᠦᠭᠡᠢ ᠵᠦᠢᠯ︾ ᠭᠡᠵᠦ ᠦᠵᠡᠨ ᠰᠢᠨ᠎ᠡ ᠵᠢᠭᠠᠬᠤ ᠠᠷᠭ᠎ᠠ ᠬᠡᠯᠪᠡᠷᠢ ᠪᠤᠶᠤ

ᠰᠣᠳᠣᠯᠭᠠᠨ ᠢᠶᠠᠨ ᠵᠤᠭᠰᠤᠭᠠᠳᠠᠭ ᠦᠵᠡᠭᠳᠡᠯ ᠲᠠᠢ᠃

      2. ᠰᠢᠨ᠎ᠡ ᠵᠢᠭᠠᠬᠤ ᠠᠷᠭ᠎ᠠ ᠶᠢᠨ ᠶᠠᠪᠤᠭᠳᠠᠭᠤᠰᠢᠲᠠᠢ ᠡᠰᠡᠬᠦ ᠳᠤ ᠡᠷᠡᠭᠡᠯᠵᠡᠭᠡ ᠲᠠᠢ ᠰᠡᠳᠭᠢᠯᠭᠡ ᠪᠠᠶᠢᠬᠤ

      ︽ᠠᠰᠠᠭᠤᠳᠠᠯ ᠤᠨ ᠤᠷᠴᠢᠨ ᠢᠶᠠᠷ ᠭᠦᠲᠦᠯᠵᠦ ᠰᠤᠷᠤᠯᠴᠠᠭᠤᠯᠬᠤ ᠠᠷᠭ᠎ᠠ︾᠎ ᠪᠠᠷ ᠬᠢᠴᠢᠶᠡᠯ ᠪᠡᠯᠡᠳᠭᠡᠬᠦ ᠪᠠ

ᠬᠢᠴᠢᠶᠡᠯᠯᠡᠭᠦ ᠳᠤ ᠪᠠᠭᠰᠢ ᠶᠢᠨ ᠲᠤᠬᠠᠶᠢᠯᠠᠭᠰᠠᠨ ᠠᠵᠢᠯ ᠤᠨ ᠤᠷ᠎ᠠ ᠮᠡᠷᠭᠡᠰᠢᠯ ᠤᠨ ᠲᠦᠪᠰᠢᠨ ᠤ ᠬᠢᠵᠠᠭᠠᠷᠯᠠᠯ᠂

ᠠᠵᠢᠯ ᠤᠨ ᠲᠤᠷᠰᠢᠯᠭ᠎ᠠ ᠭᠦᠢᠴᠡᠳ ᠪᠤᠰᠤ ᠪᠠ ᠬᠢᠴᠢᠶᠡᠯ ᠤᠨ ᠪᠢᠴᠢᠭ ᠲᠤ ᠬᠡᠳᠦ ᠬᠢᠵᠠᠭᠠᠷᠯᠠᠭᠳᠠᠬᠤ ᠵᠡᠷᠭᠡ ᠠᠴᠠ

ᠪᠤᠯᠵᠤ᠂ ᠵᠠᠷᠢᠮ ᠬᠢᠴᠢᠶᠡᠯ ᠢ ᠲᠤᠰ ᠵᠢᠭᠠᠬᠤ ᠠᠷᠭ᠎ᠠ ᠪᠠᠷ ᠪᠡᠯᠡᠳᠭᠡᠬᠦ ᠳᠤ ᠬᠦᠴᠢᠷᠳᠡᠬᠦ᠂ ᠡᠰᠡᠭᠦᠯ᠎ᠡ ᠪᠡᠯᠡᠳᠭᠡᠵᠦ

ᠲᠡᠶᠢᠯᠬᠦ ᠦᠭᠡᠢ᠂ ᠴᠢᠨᠠᠭᠰᠢᠯᠠᠨ ᠲᠤᠰ ᠠᠷᠭ᠎ᠠ ᠪᠠᠷ ᠦᠨᠳᠦᠷ ᠦᠷ᠎ᠡ ᠠᠰᠢᠭᠲᠤ ᠬᠢᠴᠢᠶᠡᠯᠯᠡᠭᠡ ᠶᠠᠪᠤᠭᠳᠠᠭᠤᠯᠵᠤ

ᠴᠢᠳᠠᠬᠤ ᠦᠭᠡᠢ ᠵᠡᠷᠭᠡ ᠦᠵᠡᠭᠳᠡᠯ ᠢᠯᠡᠷᠡᠵᠦ ᠪᠠᠶᠢᠭ᠎ᠠ ᠨᠢ ᠯᠠᠪᠲᠠᠢ᠃ ᠡᠶᠢᠮᠦ ᠠᠴᠠ ᠪᠠᠭᠰᠢ ᠶᠢᠨ ᠲᠤᠬᠠᠶᠢᠯᠠᠭᠰᠠᠨ

ᠠᠵᠢᠯ ᠤᠨ ᠤᠯᠠᠨ ᠵᠦᠢᠯ ᠤᠨ ᠴᠢᠳᠠᠪᠤᠷᠢ ᠪᠠᠨ ᠲᠦᠷᠭᠡᠨ ᠲᠡᠭᠡᠭᠰᠢᠯᠡᠬᠦᠯᠬᠦ ᠳᠤ ᠲᠤᠯᠭᠠᠮ ᠱᠠᠭᠠᠷᠳᠠᠯᠭ᠎ᠠ

ᠲᠠᠯᠪᠢᠭᠳᠠᠭᠰᠠᠨ ᠪᠠᠶᠢᠨ᠎ᠠ᠂ ᠡᠨᠡ ᠨᠢ ᠪᠠᠭᠰᠢ ᠶᠢᠨ ᠦᠰᠦᠨ ᠪᠤᠶᠢᠵᠢᠯᠲᠠ ᠳᠤ ᠮᠠᠰᠢ ᠰᠠᠶᠢᠨ ᠲᠦᠯᠬᠢᠴᠠ ᠬᠦᠴᠦᠨ

ᠪᠤᠯᠳᠠᠭ ᠴᠤ ᠵᠠᠷᠢᠮ ᠪᠠᠭᠰᠢ ᠤᠬᠤᠷᠬᠠᠨ ᠬᠤᠭᠤᠴᠠᠭᠠᠨ ᠳᠤ ᠵᠤᠬᠢᠴᠠᠵᠤ ᠲᠡᠶᠢᠯᠬᠦ ᠦᠭᠡᠢ ᠠᠴᠠ ᠪᠤᠯᠵᠤ ᠡᠷᠡᠭᠡᠯᠵᠡᠨ

ᠲᠠᠳᠠᠭᠠᠯᠵᠠᠵᠤ ᠪᠠᠶᠢᠭ᠎ᠠ ᠦᠵᠡᠭᠳᠡᠯ ᠢᠯᠡᠷᠡᠭᠰᠡᠨ ᠪᠠᠶᠢᠨ᠎ᠠ᠃

      3. ᠵᠢᠭᠠᠬᠤ᠂ ᠰᠤᠷᠬᠤ ᠪᠠ ᠦᠨᠡᠯᠡᠯᠲᠡ ᠨᠢ ᠨᠢᠭᠡᠳᠦᠯ ᠲᠠᠢ ᠪᠠᠶᠢᠬᠤ ᠱᠠᠭᠠᠷᠳᠠᠯᠭ᠎ᠠ ᠶᠢ ᠭᠦᠨᠵᠡᠭᠡᠢ

ᠤᠶᠢᠯᠠᠭᠠᠬᠤ ᠦᠭᠡᠢ ᠠᠴᠠ ᠪᠤᠯᠵᠤ ᠲᠤᠰ ᠰᠤᠷᠤᠯᠴᠠᠭᠤᠯᠬᠤ ᠠᠷᠭ᠎ᠠ ᠶᠢᠨ ᠦᠷ᠎ᠡ ᠠᠰᠢᠭ ᠢ ᠨᠦᠯᠦᠭᠡᠯᠡᠵᠦ ᠪᠠᠶᠢᠬᠤ

      ᠵᠠᠷᠢᠮ ᠰᠣᠷᠭᠠᠭᠤᠯᠢ ᠪᠤᠶᠤ ᠤᠷᠤᠨ ᠨᠤᠳᠤᠭ ᠤᠨ ᠰᠢᠯᠭᠠᠯᠲᠠ ᠪᠠ ᠦᠨᠡᠯᠡᠯᠲᠡ ᠨᠢ ᠵᠦᠪᠬᠡᠨ ᠴᠡᠭᠡᠵᠢᠯᠡᠭᠰᠡᠨ

ᠮᠡᠳᠡᠯᠭᠡ ᠶᠢ ᠰᠢᠯᠭᠠᠬᠤ ᠪᠠᠷ ᠭᠤᠤᠯᠳᠠᠯᠭ᠎ᠠ ᠪᠤᠯᠭᠠᠬᠤ ᠲᠤᠯᠠ ᠪᠠᠭᠰᠢ ᠨᠠᠷ ᠰᠢᠯᠭᠠᠯᠲᠠ ᠶᠢ ᠠᠷᠭᠠᠴᠠᠭᠠᠬᠤ ᠶᠢᠨ

ᠲᠦᠯᠦᠭᠡ ᠰᠤᠷᠤᠭᠴᠢᠳ ᠤᠨ ᠴᠡᠭᠡᠵᠢᠯᠡᠨ ᠪᠠᠳᠤᠳᠬᠠᠬᠤ ᠳᠤ ᠬᠦᠴᠦ ᠲᠠᠯᠪᠢᠨ ᠤᠷᠤᠯᠳᠤᠯᠭ᠎ᠠ ᠶᠢ ᠪᠡᠶᠡᠴᠢᠯᠡᠨ

ᠬᠦᠢᠴᠡᠳᠭᠡᠵᠦ ᠰᠦᠪᠡᠭᠴᠢᠯᠡᠨ ᠰᠤᠷᠤᠯᠴᠠᠭᠤᠯᠬᠤ ᠶᠢ ᠨᠢ ᠬᠦᠩᠭᠡᠪᠴᠢᠯᠡᠬᠦ ᠪᠠᠶᠢᠳᠠᠯ ᠲᠠᠢ ᠪᠤᠯᠬᠤᠷ ᠲᠤᠰ

ᠰᠤᠷᠤᠯᠴᠠᠭᠤᠯᠬᠤ ᠠᠷᠭ᠎ᠠ ᠪᠠᠷ ᠬᠢᠴᠢᠶᠡᠯᠯᠡᠬᠦ ᠨᠢ ᠬᠠᠶᠠ ᠵᠠᠷᠢᠮ ᠦᠵᠡᠭᠦᠯᠭᠡ ᠶᠢᠨ ᠬᠢᠴᠢᠶᠡᠯ ᠪᠤᠶᠤ ᠤᠷᠤᠯᠳᠤᠭᠠᠨ ᠤ

ᠬᠢᠴᠢᠶᠡᠯ ᠳᠤ ᠯᠡ ᠪᠤᠰᠤᠳ ᠲᠤ ᠦᠵᠡᠭᠦᠯᠵᠦ ᠪᠠᠶᠢᠭ᠎ᠠ ᠪᠠᠶᠢᠳᠠᠯ ᠢᠯᠡᠷᠡᠵᠦ᠂ ᠭᠦᠢᠴᠡᠳ ᠰᠠᠶᠢᠨ ᠲᠦᠭᠡᠮᠡᠯᠵᠢᠭᠡᠳᠦᠢ

ᠪᠠᠶᠢᠭᠰᠠᠭᠠᠷ᠃

      4. ᠪᠠᠭᠰᠢ ᠶᠢᠨ ᠪᠡᠯᠡᠳᠭᠡᠭᠰᠡᠨ ᠠᠰᠠᠭᠤᠳᠠᠯ ᠤᠨ ᠤᠷᠴᠢᠨ ᠨᠢ ᠲᠤᠬᠢᠷᠠᠮᠵᠢᠲᠠᠢ ᠪᠢᠰᠢ ᠪᠤᠯᠬᠤᠷ ᠬᠢᠴᠢᠶᠡᠯᠯᠡᠭᠡ

ᠡᠮᠬᠢ ᠲᠢᠭᠯᠢᠮ ᠦᠭᠡᠢ ᠶᠠᠪᠤᠭᠳᠠᠬᠤ ᠪᠠᠶᠢᠳᠠᠯ ᠢᠯᠡᠷᠡᠵᠦ ᠪᠠᠶᠢᠬᠤ

      ᠵᠠᠷᠢᠮ ᠬᠢᠴᠢᠶᠡᠯ ᠳᠤ ᠪᠠᠭᠰᠢ ᠠᠴᠠ ᠰᠣᠷᠣᠭᠴᠢ ᠶᠢᠨ ᠤᠷᠤᠯᠳᠤᠯᠭ᠎ᠠ ᠶᠢ ᠴᠢᠩᠭ᠎ᠠ ᠨᠢᠮᠪᠠᠢ ᠬᠢᠨᠠᠬᠤ ᠦᠭᠡᠢ

ᠪᠤᠶᠤ ᠬᠡᠳᠦ ᠴᠢᠯᠦᠭᠡᠲᠡᠢ ᠲᠠᠯᠪᠢᠬᠤ ᠠᠴᠠ ᠪᠤᠯᠵᠤ ᠰᠣᠷᠣᠭᠴᠢᠳ ᠤᠨ ᠤᠷᠤᠯᠳᠣᠯᠭ᠎ᠠ ᠨᠢ ᠮᠠᠰᠢ ᠰᠣᠯᠠ ᠵᠠᠳᠠᠭᠠᠢ

ᠪᠤᠶᠤ ᠬᠡᠳᠦ ᠲᠠᠷᠠᠬᠠᠢ ᠪᠤᠲᠠᠷᠬᠠᠢ ᠪᠤᠯᠵᠤ᠂ ᠡᠴᠦᠰ ᠲᠤ ᠪᠠᠨ ᠰᠤᠷᠤᠯᠴᠠᠭᠤᠯᠬᠤ ᠵᠤᠷᠢᠯᠭ᠎ᠠ ᠳᠤ ᠪᠠᠨ ᠭᠦᠷᠴᠦ ᠲᠡᠶᠢᠯᠬᠦ

ᠦᠭᠡᠢ ᠦᠵᠡᠭᠳᠡᠯ ᠴᠤ ᠬᠠᠶᠠ ᠭᠠᠷᠴᠤ ᠪᠠᠶᠢᠨ᠎ᠠ᠃

      5. ᠪᠠᠭᠰᠢ ᠠᠰᠠᠭᠤᠳᠠᠯ ᠤᠨ ᠤᠷᠴᠢᠨ ᠢ ᠪᠡᠯᠡᠳᠭᠡᠭᠰᠡᠨ ᠴᠦ ᠬᠢᠴᠢᠶᠡᠯ ᠤᠨ ᠡᠴᠦᠰ ᠲᠤ ᠡᠮᠦᠨ᠎ᠡ

ᠬᠤᠶᠢᠨᠠᠬᠢ ᠨᠢ ᠠᠪᠴᠠᠯᠳᠤᠬᠤ ᠦᠭᠡᠢ ᠦᠵᠡᠭᠳᠡᠯ ᠢᠯᠡᠷᠡᠵᠦ ᠪᠠᠶᠢᠬᠤ

      ᠦᠨᠡᠨ ᠳᠤ ᠪᠠᠨ ᠪᠠᠭᠰᠢ ᠶᠢᠨ ᠪᠡᠯᠡᠳᠭᠡᠭᠰᠡᠨ ᠠᠰᠠᠭᠤᠳᠠᠯ ᠤᠨ ᠤᠷᠴᠢᠨ ᠨᠢ ᠪᠦᠬᠦᠶ ᠯᠡ ᠬᠢᠴᠢᠶᠡᠯ ᠤᠨ

ᠰᠤᠷᠤᠯᠴᠠᠬᠤ ᠠᠭᠤᠯᠭ᠎ᠠ ᠪᠠ ᠶᠠᠪᠤᠴᠠ ᠶᠢ ᠭᠦᠲᠦᠯᠵᠦ᠂ ᠠᠯᠬᠤᠮ ᠠᠯᠬᠤᠮ ᠢᠶᠠᠷ ᠠᠰᠠᠭᠤᠳᠠᠯ ᠢ ᠰᠢᠢᠳᠪᠦᠷᠢᠯᠡᠬᠦ ᠪᠠᠷ

ᠲᠠᠮᠵᠢᠨ ᠰᠢᠨ᠎ᠡ ᠮᠡᠳᠡᠯᠭᠡ ᠶᠢ ᠰᠦᠪᠡᠭᠴᠢᠯᠡᠨ ᠭᠠᠷᠭᠠᠵᠤ᠂ ᠡᠴᠦᠰ ᠲᠤ ᠪᠠᠨ ᠵᠠᠪᠠᠯ ᠠᠰᠠᠭᠤᠳᠠᠯ ᠤᠨ

ᠤᠷᠴᠢᠨ ᠳᠤ ᠪᠠᠨ ᠪᠤᠴᠠᠨ ᠢᠷᠡᠵᠦ ᠳ᠋ᠦᠩᠨᠡᠯᠲᠡ ᠬᠢᠪᠡᠯ ᠵᠤᠬᠢᠰᠲᠠᠢ᠃

      ︵ᠬᠤᠶᠠᠷ︶ ᠰᠢᠢᠳᠪᠦᠷᠢᠯᠡᠬᠦ ᠠᠷᠭ᠎ᠠ ᠠᠪᠴᠠᠯ ᠤᠨ ᠲᠤᠬᠠᠢ ᠵᠦᠪᠳᠡᠯᠭᠡ ᠰᠠᠨᠠᠭᠤᠯᠭ᠎ᠠ

      1. ᠠᠰᠠᠭᠤᠳᠠᠯ ᠤᠨ ᠤᠷᠴᠢᠨ ᠢᠶᠠᠷ ᠬᠦᠲᠦᠯᠦᠭᠴᠢ ᠪᠤᠯᠭᠠᠭᠰᠠᠨ ᠰᠦᠪᠡᠭᠴᠢᠯᠡᠨ ᠰᠣᠷᠣᠯᠴᠠᠭᠤᠯᠬᠤ ᠠᠷᠭ᠎ᠠ

ᠬᠡᠯᠪᠡᠷᠢ ᠪᠤᠯ ᠤᠯᠠᠮᠵᠢᠯᠠᠯᠲᠤ ᠲᠠᠶᠢᠯᠪᠤᠷᠢᠯᠠᠨ ᠵᠢᠭᠠᠬᠤ ᠠᠷᠭ᠎ᠠ ᠳᠤ ᠬᠢᠭᠰᠡᠨ ᠨᠢᠭᠡ ᠵᠦᠢᠯ ᠤᠨ ᠦᠭᠡᠷᠡᠴᠢᠯᠡᠯᠲᠡ ᠮᠦᠨ᠂

ᠰᠣᠷᠣᠯᠴᠠᠬᠤ ᠠᠵᠢᠯᠯᠠᠭ᠎ᠠ ᠪᠤᠯ ᠬᠢᠴᠢᠶᠡᠯ ᠤᠨ ᠪᠢᠴᠢᠭ᠂ ᠬᠢᠴᠢᠶᠡᠯ ᠤᠨ ᠲᠠᠩᠬᠢᠮ ᠪᠠ ᠪᠠᠭᠰᠢ ᠶᠢᠨ ᠲᠠᠶᠢᠯᠪᠤᠷᠢᠯᠠᠵᠤ

ᠦᠭᠬᠦ ᠳᠤ ᠯᠡ ᠬᠢᠵᠠᠭᠠᠷᠯᠠᠭᠳᠠᠬᠤ ᠪᠢᠰᠢ᠂ ᠬᠠᠷᠢᠨ ᠰᠤᠷᠤᠭᠴᠢ ᠶᠢᠨ ᠴᠢᠯᠦᠭᠡᠲᠡᠢ ᠰᠡᠳᠬᠢᠭᠦᠢ ᠳᠤ ᠲᠦᠰᠢᠭᠯᠡᠨ

ᠪᠡᠶ᠎ᠡ ᠪᠠᠨ ᠲᠠᠭᠠᠭᠠᠵᠤ ᠰᠤᠷᠤᠯᠴᠠᠬᠤ ᠠᠵᠢᠯᠯᠠᠭ᠎ᠠ ᠪᠤᠯᠬᠤᠷ ᠪᠠᠭᠰᠢ ᠠᠴᠠ ᠬᠢᠴᠢᠶᠡᠯ ᠪᠡᠯᠡᠳᠭᠡᠬᠦ ᠳᠤ ᠪᠠᠨ ᠵᠠᠪᠠᠯ

ᠰᠤᠷᠤᠭᠴᠢ ᠪᠠᠷ ᠭᠤᠤᠯ ᠴᠤᠭᠴᠠ ᠪᠤᠯᠭᠠᠬᠤ ᠶᠢ ᠵᠤᠷᠢᠵᠤ᠂ ᠰᠤᠷᠤᠭᠴᠢ ᠶᠢᠨ ᠪᠤᠲᠠᠲᠠᠢ ᠤᠷᠤᠯᠳᠣᠯᠭ᠎ᠠ ᠪᠠ

ᠰᠦᠪᠡᠭᠴᠢᠯᠡᠯ ᠢᠶᠠᠷ ᠵᠢᠭᠠᠨ ᠰᠣᠷᠭᠠᠯᠲᠠ ᠶᠢᠨ ᠢᠶᠠᠨ ᠭᠤᠤᠯ ᠬᠡᠯᠪᠡᠷᠢ ᠪᠤᠯᠭᠠᠬᠤ ᠶᠢ ᠭᠦᠢᠴᠡᠳ ᠪᠤᠳᠤᠯᠬᠢᠯᠠᠪᠠᠯ

ᠵᠤᠬᠢᠨ᠎ᠠ᠃

      2. ᠪᠠᠭᠰᠢ ᠠᠴᠠ ᠬᠢᠴᠢᠶᠡᠯ ᠪᠦᠷᠢ ᠶᠢᠨ ᠵᠢᠭᠠᠨ ᠰᠣᠷᠭᠠᠯᠲᠠ ᠳᠤ ᠪᠠᠨ ᠰᠤᠷᠤᠭᠴᠢ ᠶᠢᠨ ᠰᠤᠷᠤᠯᠴᠠᠬᠤ

ᠶᠠᠪᠤᠴᠠ ᠶᠢ ᠪᠦᠷᠢᠨᠵᠢᠭᠦᠯᠬᠦ ᠶᠢ ᠴᠢᠬᠤᠯᠠᠴᠢᠯᠠᠬᠤ ᠪᠦᠭᠡᠳ ᠵᠢᠭᠠᠬᠤ ᠠᠷᠭ᠎ᠠ ᠬᠡᠯᠪᠡᠷᠢ ᠶᠢᠨ ᠢᠶᠠᠨ ᠲᠤᠬᠠᠢ ᠦᠷᠬᠦᠯᠵᠢ

ᠡᠷᠭᠢᠴᠡᠭᠦᠯᠦᠯ ᠲᠤᠩᠭᠠᠯᠲᠠ ᠬᠢᠵᠦ ᠬᠢᠴᠢᠶᠡᠯᠯᠡᠭᠡ ᠳᠤ ᠪᠠᠨ ᠪᠦᠲᠦᠮᠵᠢᠲᠡᠢ ᠰᠠᠶᠢᠨ ᠰᠢᠢᠳᠪᠦᠷᠢᠯᠡᠵᠦ ᠴᠢᠳᠠᠭᠰᠠᠨ

ᠦᠭᠡᠢ ᠵᠦᠢᠯ ᠢᠶᠠᠨ ᠲᠠᠷᠦ᠋ᠢᠬᠠᠨ ᠨᠦᠬᠦᠪᠦᠷᠢᠯᠡᠬᠦ ᠪᠤᠶᠤ ᠵᠠᠰᠠᠨ ᠰᠠᠶᠢᠵᠢᠷᠠᠭᠤᠯᠪᠠᠯ ᠵᠤᠬᠢᠨ᠎ᠡ᠃

      3. ᠪᠠᠭᠰᠢ ᠶᠢᠨ ᠲᠦᠰᠦᠪᠯᠡᠨ ᠬᠢᠯᠭᠡᠭᠰᠡᠨ ᠰᠤᠷᠤᠭᠴᠢᠳ ᠤᠨ ᠠᠵᠢᠯᠯᠠᠭ᠎ᠠ ᠤᠷᠤᠯᠳᠤᠯᠭ᠎ᠠ ᠨᠢ ᠵᠠᠪᠠᠯ

ᠲᠤᠭᠲᠠᠭᠰᠠᠨ ᠬᠠᠷᠠᠯᠲᠠ ᠳᠤ ᠬᠦᠷᠬᠦ ᠪᠠᠷ ᠰᠢᠨᠵᠢᠯᠡᠬᠦ ᠤᠬᠠᠭᠠᠨᠴᠢ ᠪᠦᠭᠡᠳ ᠯᠤᠭᠢᠭ ᠲᠤ ᠨᠡᠶᠢᠴᠡᠭᠰᠡᠨ ᠪᠠᠶᠢᠬᠤ

ᠬᠡᠷᠡᠭᠳᠡᠢ ᠪᠦᠭᠡᠳ ᠲᠡᠰ ᠲᠠᠷᠠᠭ᠎ᠠ ᠲᠠᠢ ᠪᠠᠷ ᠶᠠᠪᠤᠭᠳᠠᠬᠤ ᠶᠢ ᠪᠠᠲᠤᠯᠠᠪᠠᠯ ᠵᠤᠬᠢᠨ᠎ᠠ᠃

      4. ᠪᠠᠭᠰᠢ ᠠᠴᠠ ᠰᠤᠷᠤᠭᠴᠢᠳ ᠤᠨ ᠪᠠᠶ᠎ᠠ ᠪᠠᠨ ᠲᠠᠭᠠᠭᠠᠵᠤ ᠰᠤᠷᠤᠯᠴᠠᠬᠤ ᠪᠠ ᠪᠠᠭᠰᠢ ᠶᠢᠨ ᠤᠶᠤᠨᠴᠢ

ᠵᠢᠯᠤᠭᠤᠳᠤᠯᠭ᠎ᠠ ᠶᠢᠨ ᠬᠠᠷᠢᠴᠠᠭ᠎ᠠ ᠶᠢ ᠵᠠᠪᠠᠯ ᠡᠪᠯᠢᠭ ᠰᠢᠢᠳᠪᠦᠷᠢᠯᠡᠬᠦ ᠶᠢ ᠤᠨᠴᠠ ᠠᠩᠬᠠᠷᠴᠤ᠂ ᠪᠠᠭᠰᠢ ᠶᠢᠨ

ᠵᠢᠯᠤᠭᠤᠳᠤᠯᠭ᠎ᠠ ᠬᠡᠲᠦᠷᠡᠬᠦ ᠠᠴᠠ ᠬᠢᠴᠢᠶᠡᠬᠦ ᠶᠢᠨ ᠬᠠᠮᠳᠤ ᠪᠠᠰᠠ ᠬᠡᠲᠦ ᠰᠤᠯᠠ ᠴᠢᠯᠦᠭᠡᠲᠡᠢ ᠲᠠᠯᠪᠢᠬᠤ ᠶᠢ ᠴᠦ

ᠬᠢᠴᠢᠶᠡᠪᠡᠯ ᠵᠤᠬᠢᠨ᠎ᠠ᠃

      5. ᠰᠢᠯᠭᠠᠯᠲᠠ ᠪᠠ ᠦᠨᠡᠯᠡᠯᠲᠡ ᠶᠢᠨ ᠠᠷᠭ᠎ᠠ ᠭᠡᠯᠪᠡᠷᠢ ᠳᠤ ᠴᠦ ᠦᠭᠡᠷᠡᠴᠢᠯᠡᠯᠲᠡ ᠬᠢᠪᠡᠯ ᠵᠤᠬᠢᠰᠲᠠᠢ᠃ ᠨᠡᠩ

ᠢᠯᠠᠩᠭᠤᠶ᠎ᠠ ᠰᠤᠷᠤᠭᠴᠢ ᠦᠪᠡᠷ ᠤᠨ ᠰᠣᠷᠣᠯᠴᠠᠭᠰᠠᠨ ᠶᠠᠪᠤᠴᠠ ᠪᠠᠨ ᠦᠪᠡᠷ ᠢᠶᠠᠨ ᠦᠨᠡᠯᠡᠬᠦ᠂ ᠬᠠᠮᠳᠤ ᠰᠤᠷᠤᠭᠴᠢ

ᠪᠠ ᠪᠠᠭᠰᠢ ᠪᠠᠷ ᠢᠶᠠᠨ ᠦᠪᠡᠷ ᠤᠨ ᠬᠦᠷᠦᠯᠴᠡᠭᠦ ᠦᠭᠡᠢ ᠵᠦᠢᠯ ᠪᠠ ᠠᠮᠵᠢᠯᠲᠠ ᠲᠠᠢ ᠲᠠᠯ᠎ᠠ ᠪᠠᠨ ᠦᠨᠡᠯᠡᠭᠦᠯᠬᠦ ᠶᠢ

ᠠᠩᠬᠠᠷᠴᠤ᠂ ᠰᠠᠨᠠᠭᠠᠴᠢᠯᠠᠭ᠎ᠠ ᠲᠠᠢ ᠪᠠᠷ ᠵᠠᠰᠠᠨ ᠰᠠᠶᠢᠵᠢᠷᠠᠭᠤᠯᠪᠠᠯ ᠵᠤᠬᠢᠨ᠎ᠠ᠂ ᠴᠢᠨᠠᠭᠰᠢᠯᠠᠨ ᠦᠪᠡᠷ ᠤᠨ ᠬᠢ ᠪᠠᠨ

ᠦᠢᠯᠡᠳᠦᠯᠭᠡ ᠪᠠ ᠤᠷᠤᠯᠳᠤᠯᠭ᠎ᠠ ᠬᠢᠵᠦ ᠴᠢᠳᠠᠬᠤ ᠪᠤᠯᠭᠠᠬᠤ ᠪᠠᠷ ᠦᠯᠦ ᠪᠠᠷᠠᠮ ᠦᠪᠡᠷ ᠤᠨ ᠬᠢ ᠪᠠᠨ ᠲᠠᠨᠢᠵᠤ

ᠢᠯᠡᠷᠡᠭᠦᠯᠦᠨ ᠪᠤᠰᠤᠳ ᠤᠨ ᠲᠠᠪᠠᠭᠤᠯᠢᠭ ᠢ ᠴᠦ ᠮᠡᠳᠡᠷᠡᠨ ᠪᠠᠭ᠋ᠠᠷᠬᠠᠬᠤ ᠪᠤᠯᠵᠤ ᠦᠪᠡᠷ ᠢ ᠪᠠᠨ ᠦᠷᠬᠦᠯᠵᠢᠯᠡᠨ

ᠢᠳᠡᠪᠬᠢᠲᠡᠢ ᠪᠠᠷ ᠲᠡᠭᠦᠯᠳᠡᠷᠵᠢᠭᠦᠯᠦᠨ ᠲᠡᠭᠡᠭᠰᠢᠯᠡᠭᠦᠯᠵᠦ ᠴᠢᠳᠠᠪᠠᠯ ᠵᠤᠬᠢᠨ᠎ᠠ᠃

      ᠶᠡᠷᠦᠩᠬᠡᠶᠢᠯᠡᠪᠡᠯ᠂ ᠪᠠᠭᠰᠢ ᠠᠴᠠ ᠰᠤᠷᠤᠭᠴᠢᠳ ᠤᠨ ᠪᠤᠳᠠᠳᠤ ᠠᠮᠢᠳᠤᠷᠠᠯ ᠪᠤᠶᠤ ᠦᠢᠯᠡᠳᠦᠯᠭᠡ ᠲᠠᠢ

ᠬᠤᠯᠪᠤᠭᠳᠠᠭᠰᠠᠨ ᠦᠨᠡᠨ ᠪᠤᠳᠠᠳᠤ ᠠᠰᠠᠭᠤᠳᠠᠯ ᠤᠨ ᠣᠷᠴᠢᠨ ᠢ ᠨᠠᠷᠢᠯᠢᠬ ᠤᠨᠤᠪᠴᠢᠲᠠᠢ ᠪᠡᠯᠡᠳᠭᠡᠵᠦ᠂

ᠠᠰᠠᠭᠤᠳᠠᠯ ᠢ ᠰᠢᠢᠳᠪᠦᠷᠢᠯᠡᠬᠦ ᠵᠤᠷᠢᠯᠭ᠎ᠠ ᠪᠠᠷ ᠲᠠᠰᠤᠷᠠᠯᠲᠠ ᠦᠭᠡᠢ ᠰᠦᠪᠡᠭᠴᠢᠯᠡᠨ ᠰᠣᠷᠣᠯᠴᠠᠭᠤᠯᠬᠤ ᠪᠤᠯ

ᠤᠯᠠᠮᠵᠢᠯᠠᠯᠲᠤ ᠲᠠᠶᠢᠯᠪᠤᠷᠢᠯᠠᠬᠤ ᠬᠡᠯᠪᠡᠷᠢ ᠶᠢᠨ ᠵᠢᠭᠠᠬᠤ ᠠᠷᠭ᠎ᠠ ᠳᠤ ᠬᠢᠭᠰᠡᠨ ᠨᠢᠭᠡ ᠵᠦᠢᠯ ᠤᠨ ᠵᠢᠭᠠᠨ

ᠰᠤᠷᠭᠠᠯᠲᠠ ᠶᠢᠨ ᠦᠭᠡᠷᠡᠴᠢᠯᠡᠯᠲᠡ ᠪᠦᠭᠡᠳ ᠰᠢᠨ᠎ᠡ ᠬᠢᠴᠢᠶᠡᠯ ᠤᠨ ᠪᠠᠷᠢᠮᠵᠢᠶᠠᠨ ᠤ ᠱᠠᠭᠠᠷᠳᠠᠯᠭ᠎ᠠ ᠮᠦᠨ᠂ ᠮᠦᠨ ᠴᠦ

ᠨᠢᠭᠡ ᠵᠦᠢᠯ ᠤᠨ ᠦᠨᠳᠦᠷ ᠦᠷ᠎ᠡ ᠠᠰᠢᠭᠲᠤ ᠵᠢᠭᠠᠨ ᠰᠤᠷᠭᠠᠬᠤ ᠠᠷᠭ᠎ᠠ ᠬᠡᠯᠪᠡᠷᠢ ᠮᠦᠨ᠂ ᠲᠤᠰ ᠵᠢᠭᠠᠬᠤ ᠠᠷᠭ᠎ᠠ ᠶᠢ

ᠬᠡᠷᠡᠭᠯᠡᠬᠦ ᠶᠠᠪᠤᠴᠠ ᠳᠤ ᠪᠠᠨ ᠲᠡᠭᠦᠨ ᠳᠤ ᠤᠨᠴᠠ ᠪᠠᠶᠢᠳᠠᠭ ᠲᠠᠪᠠᠭᠤᠯᠢᠭ ᠢ ᠨᠢ ᠭᠦᠢᠴᠡᠳ ᠪᠠᠳᠠᠷᠠᠭᠤᠯᠵᠤ᠂

ᠬᠡᠯᠪᠡᠷᠢ ᠶᠢ ᠨᠢ ᠬᠦᠭᠡᠭᠡᠴᠡᠯᠳᠦᠬᠦ ᠶᠢ ᠡᠷᠡᠰ ᠴᠡᠭᠡᠷᠯᠡᠨ᠂ ᠪᠤᠲᠠᠲᠠᠢ ᠶᠠᠪᠤᠴᠠ ᠶᠢ ᠨᠢ ᠴᠢᠨᠠᠷᠯᠢᠭ ᠪᠦᠭᠡᠳ ᠰᠢᠨᠵᠢᠯᠡᠬᠦ

ᠤᠬᠠᠭᠠᠨᠴᠢ ᠪᠠᠷ ᠶᠠᠪᠤᠭᠳᠠᠭᠤᠯᠬᠤ ᠶᠢ ᠡᠷᠬᠢᠮᠯᠡᠨ᠂ ᠪᠠᠭᠰᠢ ᠠᠴᠠ ᠰᠤᠷᠤᠭᠴᠢᠳ ᠢ ᠤᠶᠤᠨᠯᠢᠭ ᠢᠶᠠᠷ ᠵᠢᠯᠤᠭᠤᠳᠬᠤ ᠪᠠᠷ

ᠲᠠᠮᠵᠢᠨ ᠠᠰᠠᠭᠤᠳᠠᠯ ᠤᠨ ᠤᠷᠴᠢᠨ ᠢ ᠦᠨᠳᠦᠰᠦᠯᠡᠨ ᠵᠦᠪ ᠰᠢᠢᠳᠪᠦᠷᠢᠯᠡᠬᠦ ᠲᠦᠰᠦᠪ ᠲᠤᠷᠠᠳᠬᠤ ᠶᠢ

ᠵᠤᠷᠢᠬᠵᠢᠭᠤᠯᠵᠤ᠂ ᠪᠦᠬᠦᠶ ᠯᠡ ᠰᠤᠷᠤᠯᠴᠠᠬᠤ ᠶᠠᠪᠤᠴᠠ ᠳᠤ ᠰᠤᠷᠤᠭᠴᠢᠳ ᠪᠠᠶ᠎ᠠ ᠪᠠᠨ ᠲᠠᠭᠠᠭᠠᠵᠤ ᠰᠦᠪᠡᠭᠴᠢᠯᠡᠨ

ᠤᠷᠤᠯᠳᠤᠬᠤ ᠶᠢ ᠦᠨᠡᠨ ᠬᠦ ᠪᠡᠶᠡᠴᠢᠯᠡᠨ ᠪᠡᠶᠡᠯᠡᠭᠦᠯᠵᠦ᠂ ᠡᠴᠦᠰ ᠲᠤ ᠰᠢᠨ᠎ᠡ ᠮᠡᠳᠡᠯᠭᠡ ᠶᠢ ᠢᠯᠡᠷᠡᠭᠦᠯᠵᠦ

ᠠᠰᠠᠭᠤᠳᠠᠯ ᠢ ᠰᠢᠢᠳᠪᠦᠷᠢᠯᠡᠬᠦ ᠴᠢᠳᠠᠪᠤᠷᠢ ᠵᠢᠴᠢ ᠰᠤᠷᠤᠭᠴᠢ ᠶᠢᠨ ᠭᠤᠤᠯᠯᠠᠭᠴᠢ ᠬᠡᠪ ᠪᠤᠯᠪᠠᠰᠤᠷᠠᠯ ᠢ ᠬᠦᠮᠦᠵᠢᠭᠦᠯᠪᠡᠯ

ᠵᠤᠬᠢᠨ᠎ᠠ᠃

        ᠠᠵᠢᠯᠯᠠᠵᠤ ᠪᠠᠶᠢᠭ᠎ᠠ ᠪᠠᠶᠢᠭᠤᠯᠭ᠎ᠠ᠄ ᠠᠯᠠᠱᠠ ᠵᠡᠭᠦᠨ ᠬᠤᠰᠢᠭᠤᠨ ᠤ ᠮᠣᠩᠭᠤᠯ

                                  ᠦᠨᠳᠦᠰᠦᠲᠡᠨ ᠤ ᠰᠤᠷᠭᠠᠭᠤᠯᠢ

                                 ︵ᠠᠯᠳᠠᠨᠰᠦ᠋ᠭᠡ ᠨᠠᠶᠢᠷᠠᠭᠤᠯᠪᠠ︶

 

 
ᠢᠷᠡᠯᠲᠡ᠄ ᠥᠪᠥᠷ ᠮᠣᠩᠭᠤᠯ ‍ᠤᠨ‌ᠦᠪᠡᠷᠲᠡᠭᠡᠨ ᠵᠠᠰᠠᠬᠤ ᠣᠷᠣᠨ ᠤ ᠰᠣᠷᠭᠠᠨ ᠬᠦᠮᠦᠵᠢᠯ ᠤᠨ ᠲᠢᠩᠬᠡᠮ
 
 
ᠬᠠᠮᠢᠶ᠎ᠡ ᠪᠦᠬᠦᠢ ᠰᠣᠨᠢᠨ
 
2014-2015 ©  ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠪᠦᠬᠦ ᠵᠦᠢᠯ ᠬᠠᠤᠯᠢ ᠪᠠᠷ ᠬᠠᠮᠠᠭᠠᠯᠠᠭᠳᠠᠭᠰᠠᠨ᠂ ᠵᠦᠪᠰᠢᠶᠡᠷᠡᠯ ᠦᠭᠡᠢ ᠪᠠᠷ ᠬᠠᠭᠤᠯᠪᠤᠷᠢᠯᠠᠬᠤ ᠶᠢ ᠡᠷᠡᠰ ᠬᠤᠷᠢᠭᠯᠠᠨ᠎ᠠ 蒙ICP备05070829号