ᠬᠦᠮᠦᠨ᠎ᠤ ᠠᠮᠢᠲᠤᠷᠠᠯ ᠭᠡᠵᠤ ᠤᠷᠤᠰᠬᠠᠯ ᠤᠰᠤ ᠮᠡᠲᠦ᠃ ᠬᠤᠯᠠ ᠵᠢ ᠵᠤᠷᠢᠭᠰᠠᠨ ᠤᠷᠤᠰᠬᠠᠯ ᠤᠰᠤ ᠬᠠᠶᠠ ᠨᠠᠷᠢᠰᠤᠨ ᠰᠤᠨᠤᠯᠵᠠᠵᠤ᠂ ᠬᠠᠶᠠ ᠦᠷᠭᠡᠵᠢᠨ ᠦᠶᠡᠯᠵᠢᠵᠤ᠂ ᠵᠠᠷᠢᠮ᠎ᠳᠤ᠎ᠪᠠᠨ ᠲᠠᠰᠤᠷᠠᠭ᠋ᠠᠳ ᠲᠠᠯᠲᠠ ᠤᠷᠤᠭᠰᠠᠨ ᠴᠦ᠍ ᠲᠠᠬᠢᠭ᠋ᠠᠳ ᠮᠤᠷᠤᠯᠵᠠᠨᠠ᠃ ᠪᠣᠷᠣᠭ᠋ᠠᠨ᠎ᠤ ᠤᠯᠠᠷᠢᠯ ᠪᠤᠯᠬᠤ᠎ᠪᠠᠷ ᠤᠯᠠᠭ᠋ᠠᠨ ᠵᠶ᠋ᠠᠷ ᠡᠷᠬᠢᠯᠲᠦᠨ ᠤᠶ᠋ᠢᠯᠤᠨ ᠲᠠᠪᠠᠯᠭ᠋ᠠᠯᠠᠵᠤ᠂ ᠡᠪᠤᠯ᠎ᠤᠨ ᠲᠠᠰᠬᠢᠮ᠎ᠠ ᠬᠦᠢ᠍ᠲᠡᠨ᠎ᠳᠤ ᠰᠢᠷᠠᠯᠠᠭᠰᠠᠨ ᠵᠦᠯᠭᠡ᠎ᠪᠠᠨ ᠦᠨᠦᠰᠤᠨ ᠬᠠᠭ᠎ᠠ ᠬᠦᠯᠲᠡᠲᠡᠭ ᠤᠴᠢᠷ᠎ᠲᠠᠢ᠃
ᠠᠮᠢ ᠨᠠᠰᠤᠨ᠎ᠤ ᠴᠤᠪᠤᠭᠤᠯᠵᠤ ᠤᠷᠬᠢᠭᠰᠠᠨ ᠮᠦᠷ
— — 2002 ᠤᠨ᠂ ᠲᠡᠤᠭᠡ ᠵᠢᠨ ᠤᠷᠲᠤ ᠤᠷᠤᠰᠬᠠᠯ᠎ᠳᠤ ᠲᠤᠰᠤᠯ ᠤᠰᠤ ᠯᠠ ᠲᠡᠲᠦᠢ᠂ ᠡᠨᠡᠬᠦ ᠪᠤᠴᠠᠯᠲᠠ ᠦᠭᠡᠢ ᠦᠩᠭᠡᠷᠡᠨ ᠤᠲᠤᠭᠰᠠᠨ ᠤᠨ ᠵᠢᠯ᠎ᠨᠢ ᠮᠠᠯᠴᠢᠨ ᠵᠢᠷᠠᠡᠨᠢᠭᠡ ᠵᠢᠨ ᠠᠵᠤ ᠠᠮᠢᠲᠤᠷᠠᠯ ᠠᠲᠠᠯ ᠦᠢ᠍ᠯᠡᠰ᠎ᠲᠤ᠎ᠨᠢ ᠡᠷᠬᠢᠯᠲᠡ ᠵᠢᠨ ᠴᠢᠨᠠᠷᠲᠠᠢ ᠬᠤᠪᠢᠷᠠᠯᠲᠠ ᠭᠠᠷᠭ᠋ᠠᠵᠠᠢ᠃ ᠬᠦᠮᠦᠨ ᠭᠡᠵᠤ ᠬᠦᠷᠦᠰᠦᠲᠤ ᠲᠡᠯᠡᠭᠡᠢ᠎ᠳᠤ ᠮᠦᠷ ᠵᠶ᠋ᠠᠨ ᠦᠯᠡᠲᠡᠭᠡᠵᠦ ᠪᠠᠶ᠋ᠢᠭᠰᠠᠨ ᠴᠠᠭ᠎ᠲᠤ ᠶᠠᠭᠤ ᠨᠢᠭᠡ ᠵᠢ ᠰᠡᠲᠦᠵᠦ ᠶᠠᠭᠤ ᠨᠢᠭᠡ ᠵᠢ ᠪᠦᠲᠦᠭᠡᠵᠦ ᠶᠠᠪᠤᠨ᠎ᠠ ᠭᠡᠭᠴᠢ ᠦᠢ᠍ᠯᠡᠰᠴᠢ ᠬᠦᠮᠦᠨ᠎ᠳᠤ ᠯᠠ ᠪᠠᠶ᠋ᠢᠲᠠᠭ ᠠᠵᠢᠯᠴᠢ ᠵᠠᠩ᠃ ᠶᠡᠭᠡ ᠬᠠᠮᠲᠤ᠎ᠠᠴᠠ ᠬᠤᠪᠢᠲᠠᠵᠤ ᠤᠯᠤᠭᠰᠠᠨ ᠲᠤᠭ᠎ᠠ᠎ᠲᠠᠢ ᠭᠡᠲᠦᠨ ᠮᠠᠯ ᠵᠶ᠋ᠠᠨ ᠬᠤᠲᠤᠭᠤᠷ ᠵᠶ᠋ᠠᠷ ᠭᠡᠮᠵᠢᠲᠡᠯᠠ ᠦᠰᠭᠡᠶ᠎ᠡ ᠭᠡᠵᠦ ᠴᠢᠷᠮᠠᠶ᠋ᠢᠲᠠᠭ᠎ᠨᠢ ᠮᠠᠯᠴᠢᠨ ᠬᠦᠮᠦᠨ᠎ᠤ ᠪᠤᠲᠤᠯ᠃
ᠨᠤᠲᠤᠭ᠎ᠲᠠᠢ ᠬᠦᠮᠦᠨ ᠪᠠᠶᠠᠨ᠂ ᠮᠠᠯ᠎ᠲᠠᠢ ᠬᠦᠮᠦᠨ ᠭᠡᠲᠡᠭᠡᠷ ᠭᠡᠲᠡᠭ᠃ ᠡᠪᠦᠭᠡᠳ᠎ᠠᠴᠠ ᠦᠪᠯᠡᠭᠰᠡᠨ ᠨᠤᠲᠤᠭ᠎ᠤᠨ ᠵᠶ᠋ᠠᠨ ᠬᠠᠯᠠᠭᠤᠨ ᠬᠦᠷᠦᠰᠤᠨ᠎ᠳᠤ ᠮᠠᠯ ᠤᠨ ᠪᠤᠶᠠᠨ ᠵᠶ᠋ᠠᠷ ᠴᠡᠭᠡᠵᠢ ᠲᠡᠨᠢᠬᠦᠨ᠂ ᠪᠠᠶᠠᠨ ᠵᠢᠷᠭ᠋ᠠᠯᠠᠩ ᠠᠮᠢᠲᠤᠷᠠᠵᠤ ᠶᠠᠪᠤᠨ᠎ᠠ ᠭᠡᠭᠴᠢ ᠵᠢᠷᠭ᠋ᠠᠯ᠎ᠤᠨ ᠲᠡᠭᠡᠲᠦ᠃ ᠲᠠᠪᠠᠯ᠎ᠲᠠᠢ ᠮᠤᠩᠭᠤᠯ᠎ᠤᠨ ᠲᠡᠯᠭᠡᠷ ᠤᠬᠠᠭ᠋ᠠᠨ ᠵᠶ᠋ᠠᠷ ᠰᠢᠨ᠎ᠠ ᠴᠠᠭ᠎ᠤᠨ ᠰᠠᠶ᠋ᠢᠬᠠᠨ᠎ᠳᠤ ᠵᠢᠷᠭ᠋ᠠᠵᠤ ᠶᠠᠪᠤᠭ᠎ᠠ ᠵᠢᠷᠠᠡᠨᠢᠭᠡ ᠪᠤᠯ ᠤᠷᠠᠳ᠎ᠤᠨ ᠲᠤᠮᠲᠠᠲᠤ ᠬᠤᠰᠢᠭᠤᠨ᠎ᠤ ᠤᠩᠭᠤᠨ ᠪᠠᠯᠭ᠋ᠠᠰᠤᠨ᠎ᠤ ᠰᠢᠷᠠᠴᠢᠯᠠᠭᠤ ᠭᠠᠴᠠᠭ᠋ᠠᠨ᠎ᠤ ᠮᠠᠯᠴᠢᠨ᠂ ᠪᠦᠬᠦ ᠤᠷᠤᠨ᠎ᠤ ᠵᠠᠭᠤᠨ ᠰᠤᠲᠤᠨ ᠲᠠᠷᠢᠶᠠᠴᠢᠨ ᠮᠠᠯᠴᠢᠨ᠎ᠤ ᠨᠢᠭᠡ ᠠᠯᠲᠠᠷ ᠵᠶ᠋ᠠᠷ ᠡᠩᠭᠡᠷ ᠵᠶ᠋ᠠᠨ ᠮᠢᠯᠢᠶᠠᠯᠭ᠋ᠠᠭᠰᠠᠨ ᠬᠤᠰᠢᠭᠤᠴᠢ ᠬᠤᠨ᠃
ᠨᠤᠮᠢᠨ ᠨᠤᠲᠤᠭ᠎ᠤᠨ ᠬᠠᠮᠠᠭ᠋ᠠᠯᠠᠭᠴᠢ
ᠠᠮᠢ ᠠᠬᠤᠢ ᠤᠷᠴᠢᠨ ᠲᠤᠭᠤᠷᠢᠨ᠎ᠳᠤ᠎ᠪᠠᠨ ᠵᠤᠬᠢᠴᠠᠵᠤ ᠬᠠᠶ᠋ᠢᠷᠠᠯᠠᠨ ᠬᠠᠮᠠᠭ᠋ᠠᠯᠠᠨ᠎ᠠ ᠭᠡᠭᠴᠢ ᠬᠦᠮᠤᠨ ᠲᠦᠷᠦᠯᠬᠢᠳᠡᠨ᠎ᠤ ᠤᠷᠤᠰᠢᠨ ᠲᠤᠭᠲᠠᠨᠢᠬᠤ ᠵᠢᠨ ᠵᠢᠮ᠎ᠡ ᠶᠤᠰᠤ᠂ ᠨᠡ ᠢᠯᠠᠩᠭᠤᠶ᠎ᠠ ᠠᠮᠢ ᠠᠬᠤᠢ᠎ᠪᠠᠨ ᠰᠡᠷᠬᠦᠭᠡᠵᠦ ᠬᠠᠮᠠᠭ᠋ᠠᠯᠠᠬᠤ ᠪᠤᠯ ᠮᠤᠨᠲᠠᠭ ᠦᠢ᠍ᠯᠡᠰ ᠪᠠᠶ᠋ᠢᠭ᠎ᠠ ᠶᠤᠮ᠃ ᠭᠡᠲᠦᠨ ᠮᠢᠩᠭ᠋ᠠᠨ ᠵᠢᠯ᠎ᠤᠨ ᠲᠤᠷᠰᠢ᠂ ᠡᠪᠦᠭᠡ ᠲᠠᠭᠡᠲᠦᠰ ᠮᠠᠨᠢ ᠡᠨᠡ ᠲᠤᠬᠠᠢ ᠠᠯᠢ ᠡᠷᠲᠡ ᠪᠦᠷᠢᠨ ᠤᠬᠠᠭ᠋ᠠᠷᠠᠵᠤ᠂ ᠲᠠᠯ᠎ᠠ ᠨᠤᠲᠤᠭ᠎ᠲᠤ ᠨᠠᠬᠦᠲᠠᠯ ᠠᠮᠢᠲᠤᠷᠠᠯ᠎ᠤᠨ ᠭᠠᠯ ᠵᠶ᠋ᠠᠨ ᠪᠠᠲᠠᠷᠠᠭ᠋ᠠᠵᠤ᠂ ᠲᠠᠷᠬᠠᠨ ᠰᠤᠶᠤᠯ ᠵᠶ᠋ᠠᠨ ᠦᠷ᠎ᠡ ᠬᠤᠶ᠋ᠢᠴᠢᠰ᠎ᠲᠤ᠎ᠪᠠᠨ ᠦᠪᠯᠡᠭᠰᠡᠨ ᠤᠴᠢᠷ᠎ᠲᠠᠢ᠃ ᠰᠢᠨᠵᠢᠯᠡᠭᠡ ᠮᠡᠷᠭᠡᠵᠢᠯ ᠨᠢᠰᠬᠦ ᠮᠡᠳᠤ ᠬᠦᠭᠵᠢᠭᠰᠡᠨ ᠦᠨᠦᠲᠦᠷ ᠴᠦ᠍ ᠠᠮᠢ ᠠᠬᠤᠢ ᠪᠠᠶ᠋ᠢᠭ᠋ᠠᠯᠢ ᠤᠷᠴᠢᠨ᠎ᠤ ᠬᠠᠮᠠᠭ᠋ᠠᠯᠠᠯᠳᠠ᠎ᠨᠢ ᠲᠦᠷᠦ ᠵᠢᠨ ᠲᠦᠪᠰᠢᠨ᠎ᠤ ᠪᠤᠲᠤᠯᠭ᠎ᠠ᠎ᠳᠤ ᠪᠢᠴᠢᠭᠲᠡᠵᠤ᠂ ᠲᠡᠤᠭᠡᠨ᠎ᠠᠴᠠ ᠤᠯᠠᠮᠵᠢᠯᠠᠯ᠎ᠲᠠᠢ ᠪᠠᠶ᠋ᠢᠭ᠋ᠠᠯᠢ ᠵᠶ᠋ᠠᠨ ᠬᠠᠮᠠᠭ᠋ᠠᠯᠠᠬᠤ ᠡᠨᠡᠬᠦ ᠠᠭᠤᠤ ᠶᠡᠭᠡ ᠤᠬᠠᠭ᠋ᠠᠨ 《ᠬᠠᠭᠤᠴᠢᠨ ᠶᠠᠭᠤᠮ᠎ᠠ ᠤᠯᠠ ᠪᠤᠯᠤᠭ᠎ᠠ》 ᠦᠭᠡᠢ᠎ᠨᠢ ᠦᠨᠡᠨ᠃
ᠬᠤᠷ᠎ᠠ ᠪᠤᠷᠤᠭ᠋ᠠᠨ᠎ᠤ ᠬᠤᠮᠰᠠᠲᠠᠯ᠂ ᠤᠰᠤᠨ ᠲᠦᠪᠰᠢᠨ᠎ᠤ ᠲᠤᠷᠤᠭᠰᠢᠯᠠᠯ ᠵᠡᠷᠭᠡ ᠤᠯᠠᠨ ᠲᠠᠯ᠎ᠠ ᠵᠢᠨ ᠰᠢᠯᠲᠠᠭ᠋ᠠᠨ᠎ᠠᠴᠠ ᠭᠠᠨᠭ᠌ ᠭᠠᠴᠢᠭ ᠥᠷᠭᠦᠯᠵᠢᠯᠡᠨ ᠨᠣᠳᠤᠭ ᠪᠡᠯᠴᠢᠭᠡᠷ ᠬᠥᠨᠳᠣ ᠨᠣᠴᠢᠳᠠᠢ ᠡᠯᠡᠰᠥᠷᠭᠡᠭ᠎ᠵᠢᠨ ᠠᠮᠢ ᠠᠬᠤᠢ ᠡᠳᠥᠷ ᠢᠷᠡᠬᠦᠶ᠎ᠠ ᠮᠠᠭᠤᠲᠠᠨ᠂ ᠮᠠᠯᠴᠢᠳ᠎ᠤᠨ ᠠᠮᠢᠳᠣᠷᠠᠯ ᠲᠣᠩ ᠶᠡᠭᠡ ᠬᠥᠴᠢᠷᠳᠡᠯ ᠲᠣᠯᠭ᠋ᠠᠷᠠᠵᠣ ᠪᠠᠶ᠋ᠢᠭ᠎ᠠ ᠵᠢ ᠨᠢᠲᠤ᠎ᠲᠠᠢ ᠪᠤᠯᠭ᠋ᠠᠨ ᠬᠠᠷᠠᠵᠤ᠂ ᠴᠢᠬᠢᠲᠠᠢ ᠪᠤᠯᠭ᠋ᠠᠨ ᠰᠤᠨᠤᠰᠴᠤ ᠢᠷᠡᠭᠰᠡᠨ᠎ᠨᠢ ᠤᠨ ᠤᠲᠠᠭᠰᠠᠨ ᠬᠠᠭᠤᠴᠢ ᠶᠠᠷᠢᠶ᠎ᠠ ᠰᠢᠬᠠᠮ ᠪᠤᠯᠵᠠᠢ᠃ ᠨᠡᠩ ᠴᠦ᠍ ᠮᠠᠯ ᠵᠶ᠋ᠠᠨ ᠭᠡᠰᠡᠨ ᠮᠠᠯᠴᠢᠨ ᠲᠦᠮᠡᠨ᠎ᠤ ᠡᠮᠦᠨ᠎ᠡ ᠲᠠᠯᠪᠢᠭᠲᠠᠭᠰᠠᠨ ᠶᠠᠭ᠋ᠠᠬᠢᠬᠤ ᠵᠢᠨ ᠠᠷᠭ᠎ᠠ ᠦᠭᠡᠢ ᠲᠤᠮᠤ ᠠᠰᠠᠭᠤᠲᠠᠯ᠎ᠤᠨ ᠨᠢᠭᠡ ᠪᠤᠯᠵᠤ᠂ ᠪᠤᠯᠲᠠᠭ ᠰᠠᠨ ᠪᠤᠯ ᠠᠰᠠᠬᠷᠠᠬᠤ ᠬᠦᠯᠦᠰᠤ᠂ ᠲᠤᠰᠤᠯᠠᠬᠤ ᠨᠢᠯᠪᠤᠰᠤ᠎ᠪᠠᠷ ᠵᠶ᠋ᠠᠨ ᠡᠭᠡ ᠭᠠᠵᠠᠷ ᠵᠶ᠋ᠠᠨ ᠤᠮᠲᠠᠯᠠᠭᠰᠠᠨ ᠴᠦ᠍ 《ᠦᠭᠡᠢ》 ᠭᠡᠬᠦ ᠬᠦᠮᠦᠨ ᠠᠯᠠᠭ᠎ᠠ᠃
— — ᠪᠢᠲᠠᠨᠤ ᠪᠡᠯᠴᠢᠭᠡᠷ ᠪᠠᠭ᠎ᠠ ᠲᠡᠭᠡᠷ᠎ᠡ᠎ᠪᠠᠨ ᠡᠨᠡ ᠭᠡᠲᠦᠨ ᠵᠢᠯ ᠭᠠᠩ ᠦᠷᠬᠦᠯᠵᠢᠯᠡᠵᠦ᠂ ᠪᠡᠯᠴᠢᠭᠡᠷ ᠰᠡᠷᠬᠦᠬᠦ᠎ᠳᠤ ᠬᠦᠴᠢᠷ᠎ᠲᠠᠢ ᠪᠠᠶ᠋ᠢᠨ᠎ᠠ᠃ ᠲᠠ ᠮᠠᠯ ᠵᠶ᠋ᠠᠨ ᠴᠦᠭᠡᠴᠢᠯᠡᠬᠦ ᠦᠭᠡᠢ ᠤᠤ?
— — ᠮᠠᠯ ᠵᠶ᠋ᠠᠨ ᠴᠦᠭᠡᠨ ᠪᠤᠯᠭ᠋ᠠᠴᠢᠬᠠᠭ᠋ᠠᠳ ᠶᠠᠭ᠋ᠠᠬᠢᠵᠤ ᠠᠮᠢᠲᠤᠷᠠᠬᠤ ᠶᠤᠮ ᠁
— — ᠬᠤᠶᠠᠷ ᠪᠤᠭᠲᠠ ᠵᠢᠨ ᠴᠠᠭ᠋ᠠᠨ ᠢᠮᠠᠭ᠋ᠠᠨ᠎ᠤ ᠤᠬᠤᠨ᠎ᠠ ᠲᠡᠯᠪᠢᠵᠤ ᠡᠬᠦᠯᠲᠡᠷ ᠰᠠᠶ᠋ᠢᠵᠢᠷᠠᠭᠤᠯᠤᠨ᠎ᠠ᠂ ᠢᠩᠬᠢᠪᠡᠯ ᠮᠠᠯ ᠵᠶ᠋ᠠᠨ ᠴᠦᠭᠡᠴᠢᠯᠡᠭᠰᠡᠨ ᠴᠦ᠍ ᠤᠷᠤᠯᠭ᠎ᠠ ᠪᠠᠭ᠋ᠠᠲᠠᠬᠤ ᠦᠭᠡᠢ ᠰᠢᠤ᠃ ᠲᠡᠭᠡᠬᠦ ᠮᠦᠷᠲᠡᠭᠡᠨ ᠨᠤᠲᠤᠭ ᠪᠡᠯᠴᠢᠭᠡᠷ ᠵᠶ᠋ᠠᠨ ᠴᠦ᠍ ᠬᠠᠮᠠᠭ᠋ᠠᠯᠠᠴᠢᠬᠠᠨᠠ᠃
— — ᠨᠤᠯᠤᠤᠷ᠎ᠤᠨ ᠭᠠᠷᠤᠯᠲᠠ ᠪᠠᠭ᠎ᠠ᠂ ᠬᠠᠰᠢᠯᠠ ᠪᠤᠰᠤᠳ ᠤᠬᠤᠨ᠎ᠠ᠎ᠨᠢ ᠰᠠᠶ᠋ᠢᠨ᠂ ᠨᠤᠯᠤᠤᠷ᠎ᠤᠨ ᠭᠠᠷᠤᠯᠲᠠ᠎ᠨᠢ ᠬᠤᠶᠠᠷ ᠵᠢᠩ ᠲᠡᠬᠦᠨᠠ᠃
— — ᠲᠡᠷᠡ ᠴᠦ᠍ ᠲᠡᠶ᠋ᠢᠮᠦ᠂ ᠭᠡᠬᠦ᠎ᠳᠤ ᠦᠨᠡᠨ᠎ᠢ ᠲᠤᠤᠷ᠎ᠠ᠂ ᠬᠤᠶᠠᠷ ᠪᠤᠭᠲᠠ ᠵᠢᠨ ᠴᠠᠭ᠋ᠠᠨ ᠢᠮᠠᠭ᠋ᠠᠨ᠎ᠤ ᠤᠬᠤᠨ᠎ᠠ ᠲᠠᠯᠪᠢᠭᠰᠠᠨ ᠴᠦ᠍ ᠵᠢᠩ ᠭᠠᠷᠤᠢ ᠪᠤᠯᠤᠨ᠎ᠠ᠂ ᠮᠦᠨᠴᠦ ᠨᠤᠲᠤᠭ᠎ᠤᠨ ᠰᠢᠯᠢᠲᠡᠭ ᠡᠬᠦᠯᠲᠡᠷ᠎ᠤᠨ ᠤᠬᠤᠨ᠎ᠠ ᠰᠢᠤ᠃ ᠬᠤᠶᠠᠷ ᠪᠤᠭᠲᠠ ᠵᠢᠨ ᠴᠠᠭ᠋ᠠᠨ ᠢᠮᠠᠭ᠎ᠠ ᠭᠡᠲᠦᠨ ᠵᠠᠭᠤᠨ᠎ᠤ ᠰᠡᠯᠬᠢ ᠪᠤᠷᠤᠭ᠋ᠠᠨ᠂ ᠬᠠᠯᠠᠭᠤᠨ ᠬᠦᠢ᠍ᠲᠡᠨ᠎ᠢ ᠦᠩᠭᠡᠷᠡᠭᠡᠵᠦ᠂ ᠮᠠᠨ᠎ᠤ ᠨᠤᠲᠤᠭ᠎ᠤᠨ ᠠᠭᠤᠷ ᠠᠮᠢᠰᠬᠤᠯ᠎ᠲᠠᠢ ᠵᠤᠬᠢᠴᠠᠭᠰᠠᠨ ᠪᠠᠶ᠋ᠢᠲᠠᠭ ᠰᠢᠤ᠃ ᠪᠤᠰᠤᠳ ᠡᠬᠦᠯᠲᠡᠷ᠎ᠤᠨ ᠤᠬᠤᠨ᠎ᠠ ᠵᠢ ᠭᠡᠲᠦᠨ ᠵᠢᠯ ᠲᠠᠯᠪᠢᠭ᠋ᠠᠳ ᠢᠷᠡᠬᠦ᠎ᠳᠤ ᠨᠤᠯᠤᠤᠷ᠎ᠤᠨ ᠰᠢᠷᠬᠢᠭ ᠪᠦᠲᠦᠬᠦᠨ ᠪᠤᠯᠵᠤ᠂ ᠨᠤᠯᠤᠤᠷ᠎ᠨᠢ ᠨᠤᠤᠰᠤ ᠰᠢᠭ᠋ ᠪᠤᠯᠤᠨ᠎ᠠ! ᠬᠤᠵᠢᠮ ᠵᠶ᠋ᠠᠨ ᠪᠤᠲᠤᠪᠠᠯ ᠠᠰᠢᠭ ᠦᠭᠡᠢ ᠯᠡ ᠳ᠋ᠡ!
— — ᠲᠠᠷᠠᠭ᠎ᠠ᠎ᠪᠠᠷ ᠪᠤᠯᠤᠶ᠎ᠠ᠃
ᠡᠷᠦᠭᠡ ᠪᠤᠯᠭ᠋ᠠᠨ ᠵᠶ᠋ᠠᠷ ᠤᠷᠤᠵᠤ᠂ ᠠᠶᠠᠭ᠎ᠠ ᠴᠠᠢ᠎ᠪᠠᠷ ᠦᠯ ᠵᠶ᠋ᠠᠨ ᠲᠠᠷᠤᠨ᠂ ᠶᠤᠰᠤ ᠤᠴᠢᠷ᠎ᠢ ᠭᠡᠯᠡ᠎ᠪᠠᠨ ᠬᠦᠰᠢᠲᠡᠯ᠎ᠡ ᠬᠦᠵᠦᠬᠦᠦ᠎ᠪᠠᠨ ᠰᠤᠨᠲᠠᠯ᠎ᠠ ᠶᠠᠷᠢᠵᠤ ᠶᠠᠪᠤᠭ᠎ᠠ ᠡᠨᠡ ᠬᠦᠮᠦᠨ᠎ᠢ ᠵᠢᠷᠠᠡᠨᠢᠭᠡ ᠭᠡᠲᠡᠭ᠃ ᠬᠦᠷᠦᠰᠦᠯᠢᠭ ᠪᠤᠷᠤ ᠴᠢᠷᠠᠢ᠎ᠲᠠᠢ᠂ ᠦᠳᠭᠡᠨ ᠬᠠᠷ᠎ᠠ ᠬᠦᠮᠦᠰᠭᠡ᠎ᠲᠠᠢ᠂ ᠲᠦᠷᠯᠡᠭᠡᠷ ᠠᠯᠠᠭ ᠨᠢᠲᠤ᠎ᠲᠠᠢ᠂ ᠨᠠᠮ ᠲᠦᠯᠭᠡᠨ ᠶᠠᠷᠢᠶ᠎ᠠ ᠬᠦᠭᠡᠷᠦᠭᠡ᠎ᠲᠠᠢ᠂ ᠪᠦᠭᠡᠴᠢᠨ ᠬᠦᠮᠦᠨ᠎ᠤ ᠲᠦᠯᠦᠪᠲᠠᠢ᠂ ᠲᠠᠶᠠᠩᠢ ᠲᠤᠭᠤᠷᠢᠨ ᠬᠠᠷᠠᠭ᠎ᠠ ᠦᠷᠭᠡᠵᠢᠵᠦ ᠵᠠᠯᠠᠭᠤ᠎ᠪᠠᠷ ᠵᠶ᠋ᠠᠨ ᠬᠠᠰᠢᠷᠵᠢᠭᠰᠠᠨ ᠬᠦᠮᠦᠨ᠎ᠤ ᠨᠢᠭᠡ᠂ ᠤᠷᠠᠳ ᠨᠤᠲᠤᠭ᠎ᠤᠨ ᠤᠤᠭ᠋ᠠᠯ᠃ ᠲᠡᠭᠡᠲᠦ ᠲᠤᠮᠲᠠᠲᠤ᠎ᠪᠠᠨ ᠲᠡᠬᠦᠰᠭᠡᠭᠰᠡᠨᠤ ᠲᠠᠷᠠᠭ᠎ᠠ ᠭᠠᠯ ᠵᠠᠯᠠᠭᠤ ᠵᠢᠨ ᠤᠮᠤᠭ ᠵᠶ᠋ᠠᠷ ᠶᠠᠭᠤ ᠨᠢᠭᠡ ᠵᠢ ᠬᠢᠵᠦ ᠪᠦᠲᠦᠭᠡᠨ᠎ᠡ ᠭᠡᠬᠦ ᠰᠠᠶ᠋ᠢᠬᠠᠨ ᠬᠦᠰᠡᠯ᠎ᠢ ᠡᠪᠤᠷᠯᠡᠨ ᠨᠡᠶ᠋ᠢᠭᠡᠮ᠎ᠤᠨ ᠤᠷᠤᠰᠬᠠᠯ᠎ᠳᠤ ᠭᠤᠶᠠᠲᠠᠭᠲᠠᠵᠤ᠂ ᠬᠦᠪᠴᠤ ᠵᠢᠪᠴᠤ ᠶᠠᠪᠤᠭᠰᠠᠨ ᠤᠴᠢᠷ᠎ᠲᠠᠢ᠃ ᠦᠪᠡᠷ᠎ᠤᠨ ᠪᠤᠲᠤᠯ᠎ᠨᠢ ᠦᠷᠦᠭᠡᠯ ᠪᠤᠰᠤᠳ᠎ᠲᠤ ᠲᠠᠭ᠋ᠠᠯᠠᠭᠲᠠᠬᠤ ᠦᠭᠡᠢ ᠪᠠᠶ᠋ᠢᠭ᠎ᠠ᠎ᠨᠢ ᠲᠡᠬᠦᠨ᠎ᠳᠤ ᠨᠢᠭᠡ ᠶᠤᠰᠤᠨ᠎ᠳᠤ᠎ᠪᠠᠨ ᠴᠤᠬᠢᠯᠲᠠ ᠪᠤᠯᠤᠭᠰᠠᠨ ᠪᠠᠶ᠋ᠢᠯ᠎ᠠ᠃ ᠪᠤᠷᠬᠠᠨ ᠲᠡᠭᠷᠢ ᠮᠢᠨᠢ ᠬᠤᠷ᠎ᠠ ᠪᠤᠷᠤᠭ᠋ᠠᠨ ᠵᠶ᠋ᠠᠨ ᠬᠠᠶ᠋ᠢᠷᠠᠯᠠᠭ᠋ᠠᠰᠠᠢ ᠭᠡᠵᠤ ᠦᠶ᠎ᠡ ᠵᠢᠨ ᠦᠶ᠎ᠡ ᠲᠡᠭᠷᠢ ᠵᠢᠨ ᠴᠢᠷᠠᠢ ᠬᠠᠷᠠᠵᠤ᠂ ᠤᠰᠤᠨ᠎ᠤ ᠲᠤᠩᠭ᠋ᠠᠯᠠᠭ᠂ ᠡᠪᠡᠰᠤᠨ᠎ᠤ ᠰᠤᠷᠭᠤᠭ᠎ᠢ ᠡᠷᠢᠨ᠂ ᠲᠤᠭᠤᠷᠭ᠎ᠠ ᠪᠠᠭᠲᠠᠬᠤ ᠭᠠᠵᠠᠷ᠎ᠲᠤ ᠭᠡᠷ ᠵᠶ᠋ᠠᠨ ᠪᠠᠷᠢᠵᠤ᠂ ᠲᠤᠭᠤᠷᠠᠢ ᠪᠠᠭᠲᠠᠬᠤ ᠨᠤᠲᠤᠭ᠎ᠲᠤ ᠮᠠᠯ ᠵᠶ᠋ᠠᠨ ᠦᠰᠭᠡᠵᠦ ᠶᠠᠪᠤᠭᠰᠠᠨ ᠮᠠᠯᠴᠢᠳ ᠮᠠᠨᠢ ᠶᠠᠭ᠋ᠠᠬᠢᠨ ᠵᠢᠷᠡᠡᠨᠢᠭᠡ ᠵᠢᠨ ᠵᠦᠪᠯᠡᠯᠭᠡ ᠵᠢ ᠰᠤᠨᠤᠰᠬᠤ ᠠᠵᠠᠢ᠃ ᠨᠤᠯᠤᠤᠷ ᠠᠯᠲᠠ ᠰᠢᠭ᠋ ᠦᠨ᠎ᠡ ᠬᠦᠷᠴᠦ ᠪᠦᠬᠦᠢ ᠲᠤᠬᠠᠢ ᠵᠢᠨ ᠴᠠᠭ᠎ᠲᠤ ᠡᠶ᠋ᠢᠮᠦᠷᠬᠦᠦ ᠪᠤᠲᠤᠯᠢ ᠬᠦᠮᠦᠰ ᠬᠦᠯᠢᠶᠡᠵᠦ ᠠᠪᠬᠤ ᠦᠭᠡᠢ ᠪᠠᠶ᠋ᠢᠬᠤ᠎ᠨᠢ ᠲᠠᠮᠵᠢᠭ ᠦᠭᠡᠢ᠃
《ᠵᠠ ᠶᠠᠭ᠋ᠠᠬᠢᠬᠤᠪ᠂ ᠪᠤᠰᠤᠳ ᠬᠦᠮᠦᠰ ᠨᠠᠲᠠ᠎ᠲᠠᠢ ᠰᠡᠳᠬᠢᠯ ᠨᠢᠭᠡᠳᠬᠦ ᠦᠭᠡᠢ ᠶᠤᠮ ᠪᠤᠯ ᠪᠢ ᠦᠪᠡᠷ ᠵᠶ᠋ᠠᠨ ᠬᠢᠵᠦ᠂ ᠨᠢᠭᠡ ᠲᠤᠷᠰᠢᠵᠤ ᠦᠵᠡᠶ᠎ᠠ》 ᠭᠡᠮᠡᠨ ᠵᠤᠷᠢᠭ ᠰᠢᠭᠤᠲᠤᠯᠠ᠃ ᠵᠢᠷᠡᠡᠨᠢᠭᠡ ᠤᠯᠠᠨ ᠲᠠᠯ᠎ᠠ᠎ᠠᠴᠠ ᠮᠦᠩᠬᠦ ᠬᠤᠷᠠᠮᠲᠤᠭᠤᠯᠵᠤ 40 ᠭᠠᠷᠤᠢ ᠲᠦᠮᠡᠨ ᠲᠦᠬᠦᠷᠢᠭ᠎ᠤᠨ ᠬᠦᠷᠦᠩᠭᠡ ᠤᠷᠤᠭᠤᠯᠤᠨ ᠬᠤᠲᠠ ᠤᠷᠤᠭᠰᠠᠨ ᠮᠠᠯᠴᠢᠳ᠎ᠤᠨ ᠪᠡᠯᠴᠢᠭᠡᠷ᠎ᠢ ᠲᠦᠷᠢᠶᠡᠰᠦᠯᠠᠨ ᠠᠪᠴᠤ᠂ ᠨᠤᠲᠤᠭ ᠪᠡᠯᠴᠢᠭᠡᠷ᠂ ᠡᠪᠡᠰᠤ ᠤᠷᠭᠤᠮᠠᠯ᠎ᠤᠨ ᠤᠨᠴᠠᠯᠢᠭ ᠰᠢᠨᠵᠢ ᠵᠢ ᠦᠨᠲᠦᠰᠤᠯᠡᠨ᠂ ᠭᠡᠲᠤ ᠭᠡᠲᠦᠨ ᠭᠡᠰᠡᠭ ᠬᠤᠪᠢᠶᠠᠵᠤ᠂ ᠬᠤᠷᠤᠭ᠎ᠠ ᠬᠤᠲᠠ᠎ᠪᠠᠨ ᠲᠦᠪᠬᠢᠨᠡᠬᠦᠯᠦᠯᠡ᠃ ᠲᠤᠬᠤᠮ᠎ᠤᠨ ᠴᠢᠨᠡᠭᠡᠨ ᠪᠡᠯᠴᠢᠭᠡᠷ᠎ᠲᠤ ᠮᠠᠯ᠎ᠤᠨ ᠲᠤᠭ᠎ᠠ᠎ᠪᠠᠨ ᠬᠤᠶᠠᠷ ᠮᠢᠩᠭ᠎ᠠ᠎ᠪᠠᠷ ᠲᠤᠭ᠋ᠠᠯᠠᠭᠤᠯᠵᠤ ᠪᠠᠶ᠋ᠢᠭᠰᠠᠨ ᠵᠢᠷᠡᠡᠨᠢᠭᠡ ᠦᠪᠡᠷ᠎ᠤᠨ ᠨᠤᠲᠤᠭ ᠪᠡᠯᠴᠢᠭᠡᠷ ᠡᠲᠦᠷ ᠢᠷᠡᠬᠦᠶ᠎ᠡ ᠮᠠᠭᠤᠲᠠᠵᠤ ᠪᠠᠶ᠋ᠢᠭ᠎ᠠ ᠵᠢ ᠰᠡᠷᠭᠡᠭ ᠵᠶ᠋ᠠᠷ ᠮᠡᠲᠡᠷᠡᠭᠰᠡᠨ ᠲᠡᠷᠡ ᠴᠠᠭ᠎ᠠᠴᠠ ᠮᠠᠯ ᠵᠶ᠋ᠠᠨ ᠴᠦᠭᠡᠴᠢᠯᠡᠵᠦ᠂ ᠮᠠᠯ᠎ᠤᠨ ᠠᠰᠢᠭ ᠰᠢᠮ᠎ᠠ᠎ᠪᠠᠨ ᠦᠨᠡᠳᠤ ᠬᠦᠷᠭᠡᠨ᠂ ᠤᠯᠠᠨ ᠲᠠᠯ᠎ᠠ᠎ᠪᠠᠷ ᠡᠵᠡᠩᠨᠡᠬᠦ ᠵᠢ ᠬᠠᠶ᠋ᠢᠨ ᠰᠦᠪᠡᠭᠴᠢᠯᠡᠵᠦ ᠡᠬᠢᠯᠡᠭᠰᠡᠨ ᠁
ᠡᠰᠨᠢᠯ ᠲᠦᠯᠵᠢᠯ᠎ᠤᠨ ᠤᠷᠢᠬᠠᠨ ᠬᠠᠪᠤᠷ ᠪᠤᠯᠬᠤ᠎ᠪᠠᠷ ᠰᠦᠬᠦᠯᠡᠭᠰᠡᠨ ᠴᠠᠰᠤ ᠤᠶᠠᠷᠠᠨ ᠬᠠᠶ᠋ᠢᠯᠵᠤ᠂ ᠰᠤᠵᠢᠭ᠎ᠤᠨ ᠨᠤᠭᠤᠭ᠎ᠠ ᠴᠤᠬᠤ᠎ᠶ᠋ᠢᠨ᠂ ᠢᠰᠢᠭᠡ ᠬᠤᠷᠠᠭ᠎ᠠ ᠮᠠᠶ᠋ᠢᠯᠠᠯᠲᠤᠵᠤ᠂ ᠰᠦᠷᠦᠭ᠎ᠠᠴᠠ ᠰᠦᠷᠦᠭ ᠦᠷᠡᠵᠢᠨ᠂ ᠮᠠᠯᠴᠢᠨ ᠲᠦᠮᠡᠨ᠎ᠤ᠂ ᠮᠠᠩᠨᠠᠢ ᠲᠡᠨᠢᠢ᠍ᠳᠡᠭ ᠰᠠᠶ᠋ᠢᠬᠠᠨ ᠤᠯᠠᠷᠢᠯ᠃ ᠲᠦᠯ ᠲᠤᠰᠬᠤ ᠠᠵᠢᠯ ᠰᠢᠪᠲᠤᠷᠭ᠋ᠠᠨᠳᠤ ᠪᠠᠨ ᠤᠷᠤᠬᠤ᠎ᠳᠤ ᠢᠮᠠᠭ᠎ᠠ ᠰᠠᠮᠨᠠᠵᠤ ᠬᠤᠨᠢ ᠬᠠᠶ᠋ᠢᠴᠢᠯᠠᠬᠤ ᠠᠵᠢᠯ ᠵᠠᠯᠭ᠋ᠠᠯᠲᠤᠵᠤ᠂ ᠰᠢᠨ᠎ᠠ᠎ᠲᠠᠭᠠᠨ ᠬᠦᠯᠦᠰᠤ ᠤᠷᠤᠰᠤᠭᠰᠠᠨ ᠴᠦ᠍ ᠨᠢᠭᠤᠷ᠎ᠲᠤᠨᠢ ᠪᠠᠶᠠᠷ᠎ᠤᠨ ᠢᠨᠢᠶᠡᠲᠤ ᠪᠢᠯᠬᠠᠮ᠎ᠠ ᠪᠠᠶ᠋ᠢᠲᠠᠭ᠃ ᠡᠪᠤᠯ᠎ᠤᠨ ᠡᠬᠢ ᠪᠤᠯᠬᠤ᠎ᠪᠠᠷ ᠶᠠᠲᠠᠷ ᠲᠤᠷᠤᠢ ᠮᠠᠯ ᠵᠶ᠋ᠠᠨ ᠬᠤᠲᠠᠯᠲᠤᠨ ᠡᠪᠡᠰᠤ ᠪᠤᠷᠲᠤᠭ᠎ᠠ ᠨᠦᠭᠡᠴᠡᠯᠡᠭᠡᠳ ᠶᠠᠭ᠋ᠠᠷᠠᠯᠲᠤᠨᠠ᠂ ᠮᠠᠯᠴᠢᠳ ᠮᠢᠨᠢ ᠲᠠᠰᠤᠯ ᠪᠤᠯᠤᠭᠰᠠᠨ ᠠᠭᠤᠯᠠ ᠬᠠᠶ᠋ᠢᠷᠬᠠᠨ ᠲᠠᠯ᠎ᠠ ᠬᠦᠨᠲᠡᠢ᠎ᠪᠠᠨ ᠪᠠᠷᠠᠲᠠᠨ ᠡᠭᠡᠯᠵᠢᠯᠡᠬᠦ ᠲᠦᠷᠪᠡᠨ ᠤᠯᠠᠷᠢᠯ᠎ᠢ ᠡᠷᠬᠢᠵᠤ ᠤᠯᠠᠷᠢᠬᠤ ᠤᠨ ᠵᠢᠯ᠎ᠢ ᠰᠦᠷᠦᠭ᠎ᠤᠨ ᠵᠶ᠋ᠠᠨ ᠲᠡᠷᠭᠡᠲᠡ ᠨᠦᠭᠴᠢᠭᠡᠵᠦ᠂ ᠪᠤᠭᠲᠠ ᠵᠢᠨ ᠭᠡᠰᠢᠭ᠎ᠲᠠᠢ ᠪᠤᠷᠤ ᠠᠮᠢᠲᠤᠷᠠᠯ ᠵᠶ᠋ᠠᠨ ᠲᠠᠪᠲᠠᠨᠠ᠃
ᠭᠡᠲᠦᠨ ᠵᠢᠯ ᠪᠤᠯᠤᠭ᠎ᠠ ᠦᠭᠡᠢ ᠪᠠᠶ᠋ᠢᠬᠤ᠎ᠳᠤ ᠤᠶ᠋ᠢᠷ᠎ᠠ ᠬᠠᠪᠢ ᠵᠢᠨ ᠠᠶ᠋ᠢᠯ ᠠᠶ᠋ᠢᠮᠠᠭ᠂ ᠲᠦᠷᠦᠯ ᠰᠠᠲᠤᠨ᠎ᠨᠢ ᠵᠢᠷᠡᠡᠨᠢᠭᠡ ᠠᠲᠤᠭᠤ᠎ᠲᠠᠢ ᠪᠤᠯᠴᠢᠬᠠᠭᠰᠠᠨᠢ ᠰᠡᠷᠡᠵᠦ ᠮᠡᠲᠡᠯᠡ᠃
— — ᠦᠭᠡᠢ᠂ ᠡᠨᠡ ᠴᠢᠨᠢ ᠶᠠᠭᠤ ᠪᠤᠯᠤᠭ᠋ᠠᠳ ᠪᠠᠶ᠋ᠢᠨ᠎ᠠ᠂ ᠬᠤᠶᠠᠷ ᠪᠤᠭᠲᠠ ᠵᠢᠨ ᠨᠤᠯᠤᠤᠷ᠎ᠤᠨ ᠴᠠᠭ᠋ᠠᠨ ᠢᠮᠠᠭ᠎ᠠ ᠮᠠᠯᠵᠢ ᠭᠡᠵᠤ ᠶᠠᠷᠢᠭ᠋ᠠᠳ ᠶᠠᠪᠤᠵᠤ ᠪᠠᠶ᠋ᠢᠭᠰᠠᠨ ᠬᠦᠮᠦᠨ ᠴᠢᠨᠢ ᠤᠲᠤ ᠶᠠᠭ᠋ᠠᠬᠢᠭ᠋ᠠᠳ ᠠᠲᠤᠭᠤ ᠦᠰᠭᠡᠬᠦ ᠪᠤᠯᠴᠢᠬᠠᠪᠠᠤ?
— — ᠤᠲᠤ ᠴᠢᠨᠢ ᠠᠲᠤᠭᠤ ᠦᠨᠡᠳᠤ ᠤᠷᠤᠵᠤ ᠪᠠᠶ᠋ᠢᠭ᠎ᠠ ᠶᠤᠮ ᠭᠡᠨ᠎ᠡ᠃
— — ᠰᠠᠶ᠋ᠢᠨ ᠮᠤᠷᠢ ᠲᠦᠮᠡ ᠬᠦᠷᠴᠦ ᠪᠠᠶ᠋ᠢᠭ᠎ᠠ ᠶᠤᠮ ᠰᠢᠤ᠂ ᠵᠤᠭᠤᠰ᠎ᠢ ᠬᠤᠭ ᠵᠶ᠋ᠠᠷ ᠦᠵᠡᠬᠦ ᠦᠭᠡᠢ ᠭᠦᠮᠦᠨ ᠡᠨᠡ ᠬᠤᠷᠸ᠎ᠠ᠎ᠳᠤ ᠴᠦᠭᠡᠨ ᠪᠠᠶ᠋ᠢᠬ᠎ᠠ ᠡ ᠭᠡᠵᠤ ᠲᠦᠮᠡᠨ᠎ᠤ ᠶᠠᠷᠢᠶ᠎ᠠ ᠵᠢᠬᠦᠷ ᠤᠷᠭᠤᠭᠰᠠᠨ ᠶᠤᠮ ᠰᠢᠭ᠋ ᠨᠢᠭᠡ᠎ᠠᠴᠠ ᠠᠷᠪᠠ᠎ᠳᠤ᠂ ᠨᠢᠭᠡ ᠬᠤᠭᠤᠴᠠᠭ᠋ᠠᠨ᠎ᠳᠤ ᠬᠤᠶᠠᠷ ᠭᠤᠷᠪᠠᠭᠤᠯᠠ ᠠᠭᠤᠯᠵᠠᠭ᠋ᠠᠳ ᠰᠠᠭᠤᠬᠤ ᠳᠤ ᠴᠠᠢ ᠵᠢᠨ ᠵᠤᠭᠤᠭ ᠪᠤᠯᠤᠭᠰᠠᠨ ᠪᠠᠶ᠋ᠢᠯ᠎ᠠ᠃ ᠤᠴᠢᠷ ᠤᠬᠠᠭ᠋ᠠᠨ᠎ᠢ᠎ᠨᠢ ᠤᠯᠤᠭ᠎ᠠ ᠦᠭᠡᠢ ᠨᠢᠭᠡ᠎ᠨᠢ 《ᠪᠠᠰᠠ ᠶᠠᠭ᠋ᠠᠬᠢᠬᠤ ᠭᠡᠵᠤ ᠪᠠᠶ᠋ᠢᠭ᠎ᠠ ᠪᠤᠯ?》 ᠭᠡᠵᠤ ᠲᠦᠮᠡᠨ᠎ᠤ ᠶᠠᠷᠢᠶ᠎ᠠ ᠵᠢ ᠴᠢᠩᠨᠠᠨ ᠪᠠᠷᠠᠯᠠᠵᠤ ᠰᠠᠭᠤᠨ᠎ᠠ᠃ ᠨᠡᠬᠦᠲᠡᠯ ᠰᠤᠶᠤᠯ ᠭᠡᠵᠤ ᠡᠪᠦᠭᠡ ᠲᠠᠭᠡᠲᠦᠰ ᠮᠠᠨᠢ ᠭᠡᠲᠦᠨ ᠮᠢᠩᠭ᠋ᠠᠨ᠎ᠤ ᠰᠢᠷᠭ᠋ᠠᠭᠤ ᠬᠦᠲᠡᠯᠮᠦᠷᠢ᠂ ᠬᠠᠲᠠᠭᠤᠵᠢᠯᠲᠠᠢ ᠠᠮᠢᠲᠤᠷᠠᠯ᠎ᠤᠨ ᠲᠤᠮᠲᠠ ᠢᠲᠡᠭ ᠢᠲᠡᠭ ᠵᠶ᠋ᠠᠷ ᠪᠦᠷᠢᠯᠲᠦᠭᠰᠡᠨ ᠶᠤᠮ᠃ ᠡᠨᠡᠬᠦ ᠮᠠᠯᠵᠢᠯ ᠠᠷᠭ᠎ᠠ᠎ᠨᠢ ᠤᠲᠤ ᠴᠦ᠍ ᠭᠡᠰᠡᠨ ᠨᠡᠶ᠋ᠢᠲᠡ ᠲᠦᠮᠡᠨ᠎ᠳᠤ ᠮᠡᠲᠡᠷᠡᠭᠲᠡᠵᠦ᠂ ᠠᠮᠢ ᠠᠬᠤᠢ᠎ᠪᠠᠨ ᠬᠠᠶ᠋ᠢᠷᠠᠯᠠᠨ ᠬᠠᠮᠠᠭ᠋ᠠᠯᠠᠭᠰᠠᠨ ᠲᠡᠷᠢᠬᠦᠨ᠎ᠤ ᠰᠤᠶᠤᠯ ᠪᠤᠯᠤᠭᠰᠠᠨ᠎ᠨᠢ ᠶᠠᠷᠢᠶᠠᠨ ᠦᠭᠡᠢ᠃ ᠡᠭᠡ ᠪᠠᠶ᠋ᠢᠭ᠋ᠠᠯᠢ᠎ᠲᠠᠢ᠎ᠪᠠᠨ ᠵᠤᠬᠢᠴᠠᠬᠤ ᠤᠨᠴᠠ ᠵᠢᠨ ᠴᠢᠲᠠᠪᠤᠷᠢ᠎ᠲᠠᠢ ᠮᠠᠯᠴᠢᠨ ᠲᠦᠮᠡᠨ ᠮᠠᠨᠢ ᠨᠤᠲᠤᠭ ᠤᠰᠤᠨ᠎ᠤ᠎ᠪᠠᠨ ᠤᠪᠤᠭ᠎ᠠ ᠬᠠᠶ᠋ᠢᠷᠬᠠᠨ ᠨᠠᠪᠲᠠᠭ ᠰᠠᠪᠲᠠᠭ ᠵᠶ᠋ᠠᠨ ᠲᠡᠭᠡᠲᠦᠯᠡᠨ ᠲᠡᠬᠢᠵᠦ᠂ ᠨᠡᠬᠦᠭᠡᠳ ᠶᠠᠪᠤᠬᠤ᠎ᠳᠤ᠎ᠪᠠᠨ ᠴᠦ᠍ ᠦᠨᠡᠰᠤ᠎ᠪᠠᠨ ᠪᠤᠯᠠᠭ᠋ᠠᠳ ᠭᠠᠷᠲᠠᠭ ᠲᠠᠷᠬᠠᠨ ᠶᠤᠰᠤᠲᠠᠢ᠃
ᠨᠡᠬᠦᠲᠡᠯ ᠰᠤᠶᠤᠯ ᠭᠡᠭᠴᠢ ᠬᠦᠮᠦᠨ ᠪᠠᠶ᠋ᠢᠭ᠋ᠠᠯᠢ ᠵᠢᠨ ᠡᠩ ᠦᠭᠡᠢ ᠵᠣᠬᠢᠯᠳᠣᠯᠤᠨ ᠪᠤᠲᠠᠲᠤ ᠢᠯᠡᠷᠡᠯ᠂ ᠭᠠᠩᠭ᠋ᠠᠩ ᠪᠠᠶ᠋ᠢᠭ᠋ᠠᠯᠢ᠎ᠪᠠᠨ ᠬᠠᠶ᠋ᠢᠷᠠᠯᠠᠨ ᠬᠠᠮᠠᠭ᠋ᠠᠯᠭ᠌ᠰᠠᠨ ᠬᠦᠨᠵᠠᠬᠡᠢ ᠶᠣᠰᠤ᠂ ᠨᠠᠬᠦᠳᠠᠯᠴᠢᠠ ᠦᠠᠳᠣᠰᠣᠳᠠᠠᠤ ᠤᠢ ᠪᠢᠯᠢᠭ ᠪᠠ ᠠᠭᠤᠳᠠᠮ ᠬᠡᠩᠬᠦᠳᠡᠭ᠎ᠤᠨ ᠢᠯᠡᠷᠡᠯ᠂ ᠮᠤᠩᠭᠤᠯ ᠰᠤᠶᠤᠯ ᠴᠡᠴᠡᠭᠯᠡᠨ ᠬᠦᠭᠵᠢᠬᠦ ᠡᠷᠠᠮᠠᠯᠵᠠᠯ᠎ᠤᠨ ᠳᠦᠯᠤ ᠲᠡᠷᠡ ᠪᠠᠶ᠋ᠢᠭ᠎ᠠ ᠶᠣᠮ᠃ ᠤᠰᠤᠨ᠎ᠤ ᠲᠤᠩᠭ᠋ᠠᠯᠠᠭ ᠡᠪᠡᠰᠤᠨ᠎ᠤ ᠰᠤᠷᠭᠤᠭ᠎ᠢ ᠳᠠᠭ᠋ᠠᠬᠰᠠᠠ ᠨᠡᠬᠦᠲᠡᠯ ᠠᠮᠢᠲᠤᠷᠠᠯ ᠭᠡᠵᠤ ᠲᠠᠯ᠎ᠠ ᠨᠤᠲᠤᠭ᠎ᠤᠨ ᠠᠮᠢ ᠠᠬᠤᠢ᠎ᠪᠠᠨ ᠬᠠᠮᠠᠭ᠋ᠠᠯᠠᠭᠰᠠᠨ ᠠᠮᠢ ᠨᠠᠰᠤᠨ᠎ᠤ ᠦᠷᠬᠦᠯᠵᠢᠯᠡᠯ᠂ ᠡᠪᠤᠭᠡᠳ᠎ᠠᠴᠠ ᠦᠪᠯᠡᠭᠰᠡᠨ ᠤᠤᠭ᠋ᠠᠯ ᠰᠤᠶᠤᠯ᠎ᠤᠨ ᠤᠷᠬᠢᠯᠤᠮᠠᠯ ᠪᠤᠯᠠᠭ ᠪᠠᠶ᠋ᠢᠭ᠎ᠠ ᠶᠤᠮ᠃ ᠡᠨᠡ ᠪᠦᠬᠦᠨ᠎ᠢ ᠤᠲᠤᠮ ᠵᠠᠯᠭ᠋ᠠᠭᠰᠠᠨ ᠮᠠᠯᠴᠢᠨ ᠵᠢᠷᠨ᠌ᠡᠨᠢᠭᠡ ᠶᠠᠭᠤᠨ ᠠᠨᠲᠠᠬᠤ ᠪᠢᠯᠡ᠃ 《ᠲᠠᠯ᠎ᠠ ᠨᠤᠲᠤᠭ᠎ᠲᠤ ᠶᠠᠭᠤᠨ᠎ᠤ ᠤᠴᠢᠷ ᠲᠠᠪᠤᠨ ᠬᠤᠰᠢᠭᠤ ᠮᠠᠯ᠎ᠲᠠᠢ ᠪᠠᠶ᠋ᠢᠲᠠᠭ ᠶᠤᠮ? ᠶᠠᠭ᠋ᠠᠬᠢᠭ᠋ᠠᠳ ᠲᠦᠷᠪᠠᠨ ᠬᠤᠰᠢᠭᠤ ᠡᠰᠡᠬᠦᠯ᠎ᠠ ᠵᠢᠷᠭᠤᠭ᠋ᠠᠨ ᠬᠤᠰᠢᠭᠤ ᠮᠠᠯ ᠮᠠᠯᠵᠢᠲᠠᠭ ᠦᠭᠡᠢ ᠶᠤᠮ?》 ᠡᠬᠦᠨ᠎ᠤ ᠤᠴᠢᠷ᠎ᠢ ᠤᠯᠵᠤ ᠮᠡᠲᠡᠬᠦ ᠭᠡᠵᠤ ᠡᠪᠤᠭᠡᠳ ᠪᠤᠭᠤᠷᠤᠯᠴᠤᠳ᠎ᠠᠴᠠ ᠠᠰᠠᠭᠤᠵᠤ ᠰᠤᠷᠠᠯ᠎ᠠ᠂ ᠨᠤᠮ ᠰᠤᠲᠤᠷ ᠠᠴᠠ ᠡᠷᠢᠵᠦ ᠰᠠᠭᠤᠯ᠎ᠠ᠃ ᠡᠴᠦᠰ᠎ᠲᠤ᠎ᠪᠠᠨ ᠠᠭᠤᠲᠠᠮ ᠲᠠᠯ᠎ᠠ᠎ᠪᠠᠨ ᠴᠢᠮᠡᠭᠰᠡᠨ ᠡᠪᠡᠰᠣ ᠤᠷᠭᠤᠮᠠᠯ ᠲᠡᠬᠦᠨ᠎ᠳᠤ ᠬᠠᠮᠤᠭ᠎ᠤᠨ ᠰᠠᠶ᠋ᠢᠨ ᠬᠠᠷᠢᠭᠤᠯᠲᠠ ᠦᠭᠬᠦᠭᠰᠡᠨ ᠶᠤᠮ᠃
《ᠲᠠᠯ᠎ᠠ ᠨᠤᠲᠤᠭ ᠴᠦ᠍ ᠠᠮᠢ᠎ᠲᠠᠢ᠂ ᠬᠠᠶ᠋ᠢᠷᠠᠯᠠᠨ ᠬᠠᠮᠠᠭ᠋ᠠᠯᠠᠲᠠᠭ ᠯᠠ ᠶᠤᠮ ᠪᠤᠯ᠂ ᠡᠭᠡ ᠪᠠᠶ᠋ᠢᠭ᠋ᠠᠯᠢ ᠡᠷᠬᠢᠭᠡᠳ ᠴᠢᠮ᠎ᠠ᠎ᠳᠤ ᠪᠠᠷᠠᠭᠲᠠᠰᠢ ᠦᠭᠡᠢ ᠡᠬᠢ ᠪᠠᠶᠠᠯᠢᠭ ᠵᠶ᠋ᠠᠨ ᠦᠭᠬᠦ ᠶᠤᠮ ᠡ》 ᠭᠡᠵᠤ ᠪᠠᠲᠤ ᠢᠲᠡᠭᠡᠲᠡᠭ ᠵᠢᠷᠡᠡᠨᠢᠭᠡ ᠲᠠᠪᠤᠨ ᠬᠤᠰᠢᠭᠤ ᠮᠠᠯ ᠪᠦᠷᠢᠲᠦᠬᠦᠯᠬᠦ ᠰᠠᠨᠠᠭ᠎ᠠ᠎ᠲᠠᠢ ᠪᠠᠶ᠋ᠢᠭᠰᠠᠨ᠃ ᠶᠠᠭᠤ ᠨᠢᠭᠡ ᠵᠢ ᠤᠬᠠᠭᠰᠠᠨ ᠵᠶ᠋ᠠᠨ ᠪᠠᠭ᠎ᠠ᠎ᠠᠴᠠ᠎ᠪᠠᠨ ᠮᠤᠷᠢ ᠤᠨᠤᠭ᠋ᠠᠨᠳᠤ ᠪᠠᠬᠠᠲᠠᠢ ᠪᠠᠶ᠋ᠢᠲᠠᠭ ᠵᠶ᠋ᠠᠷ ᠵᠶ᠋ᠠᠨ ᠠᠲᠤᠭᠤ ᠬᠤᠲᠠᠯᠲᠤᠨ ᠠᠪᠴᠢᠷᠠᠵᠤ ᠬᠠᠷᠢᠭᠤᠯᠤᠭᠰᠠᠨ᠎ᠨᠢ ᠡᠨᠡ ᠪᠢᠯᠡ᠃
— — ᠴᠢ ᠴᠢᠨᠢ ᠨᠤᠲᠤᠭ ᠪᠡᠯᠴᠢᠭᠡᠷ ᠵᠶ᠋ᠠᠨ ᠬᠠᠮᠠᠭ᠋ᠠᠯᠠᠵᠤ ᠪᠠᠶ᠋ᠢᠨ᠎ᠠ ᠭᠡᠲᠡᠭ ᠪᠢᠰᠢᠤ᠂ ᠶᠠᠭ᠋ᠠᠬᠢᠭ᠋ᠠᠳ ᠪᠠᠰᠠ ᠠᠲᠤᠭᠤ ᠠᠪᠴᠢᠷᠠᠭ᠋ᠠᠳ ᠬᠠᠷᠢᠭᠤᠯᠵᠤ ᠪᠠᠶ᠋ᠢᠭ᠎ᠠ ᠶᠤᠮ ᠳ᠋ᠠ?
— — ᠠᠲᠤᠭᠤ ᠬᠠᠲᠤᠵᠤ ᠪᠠᠶ᠋ᠢᠬᠤ ᠰᠢᠭ᠋ ᠨᠢᠭᠡ ᠲᠠᠯ᠎ᠠ᠎ᠠᠴᠠ᠎ᠨᠢ ᠨᠦᠬᠦᠭᠡ ᠲᠠᠯᠠᠳᠤᠨᠢ ᠬᠦᠷᠲᠡᠯ᠎ᠠ ᠬᠢᠷᠠᠭ᠋ᠠᠵᠤ ᠢᠲᠡᠲᠡᠭ ᠰᠢᠤ᠂ ᠭᠡᠬᠦ᠎ᠳᠤ ᠢᠮᠠᠭ᠎ᠠ ᠬᠦᠶᠦᠲᠡᠯ ᠲᠤᠮᠲᠠ᠎ᠪᠠᠨ ᠢᠲᠡᠲᠡᠭ ᠳ᠋ᠠ᠂ ᠠᠲᠤᠭᠤ ᠪᠡᠯᠴᠢᠭᠡᠷ᠎ᠲᠤ ᠨᠡᠩ ᠬᠠᠯᠠ᠎ᠲᠠᠢ᠃
— — ᠪᠤᠭ ᠮᠠᠯ ᠬᠠᠷᠢᠭᠤᠯᠤᠭᠰᠠᠨ ᠬᠦᠮᠦᠨ ᠶᠠᠭᠤ ᠭᠡᠵᠤ ᠪᠤᠲᠠ ᠮᠠᠯ᠎ᠢ ᠤᠶ᠋ᠢᠯᠠᠭ᠋ᠠᠬᠤ ᠪᠤᠢ ᠳ᠋ᠠ ᠭᠡᠰᠡᠨ ᠲᠠᠮ ᠶᠠᠷᠢᠶ᠎ᠠ ᠶᠠᠪᠤᠵᠤ ᠪᠠᠶ᠋ᠢᠬᠤ᠎ᠳᠤ
— — ᠤᠬᠠᠭ᠋ᠠᠨ᠎ᠲᠠᠢ ᠵᠠᠯᠠᠭᠤ ᠪᠠᠶ᠋ᠢᠨ᠎ᠠ᠂ ᠬᠤᠵᠢᠮ ᠶᠠᠭᠤ ᠨᠢᠭᠡ ᠵᠢ ᠪᠦᠲᠦᠭᠡᠵᠦ ᠮᠡᠲᠡᠨ᠎ᠡ ᠭᠡᠵᠤ ᠬᠠᠶᠠ ᠨᠢᠭᠡ᠎ᠨᠢ ᠡᠷᠡᠭᠡᠢ ᠭᠤᠵᠤᠶ᠋ᠢᠯᠭ᠋ᠠᠨᠠ᠃ 《ᠰᠠᠨᠠᠵᠤ ᠶᠠᠪᠤᠪᠠᠯ ᠪᠦᠲᠦᠨ᠎ᠡ᠂ ᠰᠠᠵᠢᠯᠠᠵᠤ ᠶᠠᠪᠤᠪᠠᠯ ᠬᠦᠷᠦᠨ᠎ᠡ》 ᠭᠡᠲᠡᠭ ᠵᠶ᠋ᠠᠷ ᠵᠢᠷᠡᠡᠨᠢᠭᠡ ᠦᠪᠡᠷ᠎ᠤᠨ ᠪᠤᠲᠤᠯ ᠵᠶ᠋ᠠᠨ ᠲᠠᠰᠤ ᠪᠠᠷᠢᠮᠲᠠᠯᠠᠵᠤ᠂ ᠤᠯᠠᠨ᠎ᠤ ᠶᠠᠷᠢᠶ᠎ᠠ ᠵᠢ ᠶᠠᠭᠤᠮᠠᠨ᠎ᠳᠤ ᠪᠤᠲᠤᠭ᠎ᠠ ᠦᠭᠡᠢ᠂ ᠴᠢᠬᠢ ᠦᠭᠡᠢ ᠲᠤᠯᠤᠭ᠋ᠠᠢ ᠰᠢᠭ᠋ ᠬᠢᠲᠡᠭ ᠵᠶ᠋ᠠᠨ ᠬᠢᠭᠰᠡᠭᠡᠷ ᠯᠡ ᠪᠠᠶ᠋ᠢᠯ᠎ᠠ᠃ ᠦᠨᠡᠨ᠎ᠳᠤ᠎ᠪᠠᠨ ᠲᠡᠷᠡ ᠮᠤᠩᠭᠤᠯ ᠤᠬᠠᠭ᠋ᠠᠨ ᠵᠶ᠋ᠠᠷ ᠠᠮᠢ ᠠᠬᠤᠢ᠎ᠪᠠᠨ ᠬᠠᠮᠠᠭ᠋ᠠᠯᠠᠬᠤ᠎ᠪᠠᠷ ᠬᠦᠴᠦᠯᠡᠵᠦ ᠪᠠᠶ᠋ᠢᠭ᠎ᠠ᠎ᠨᠢ ᠡᠨᠡ ᠶᠤᠮ᠃ ᠠᠲᠤᠭᠤ ᠬᠠᠲᠠᠭᠤ ᠡᠪᠡᠰᠣ ᠵᠢ ᠢᠲᠡᠵᠦ᠂ ᠪᠤᠭ ᠮᠠᠯ ᠰᠢᠨ᠎ᠠ ᠰᠤᠷᠭᠤᠭ ᠵᠦᠭᠡᠯᠡᠨ ᠡᠪᠡᠰᠤ ᠵᠢ ᠢᠲᠡᠲᠡᠭ᠎ᠠᠴᠠ ᠬᠠᠷᠢᠯᠴᠠᠨ ᠤᠶᠠᠯᠲᠤᠵᠤ᠂ ᠬᠠᠷᠢᠯᠴᠠᠨ ᠨᠦᠬᠦᠪᠦᠷᠢᠯᠡᠭᠰᠡᠨ᠎ᠨᠢ ᠭᠠᠶ᠋ᠢᠬᠠᠯᠲᠠᠢ᠃
ᠮᠣᠩᠭᠤᠯ ᠦᠠᠳᠣᠰᠣᠳᠠᠠ ᠭᠡᠭᠴᠢ ᠠᠮᠢ ᠠᠬᠤᠢ᠎ᠪᠠᠨ ᠬᠠᠶ᠋ᠢᠷᠠᠯᠠᠨ ᠬᠠᠮᠠᠭ᠋ᠠᠯᠠᠲᠠᠭ ᠦᠠᠳᠣᠰᠣᠳᠠᠠ᠃ ᠮᠣᠩᠭᠤᠯᠴᠣᠣᠠ᠎ᠤᠨ ᠠᠮᠢ ᠠᠬᠤᠢ ᠵᠢᠨ ᠰᠣᠶᠣᠯ᠎ᠨᠢ ᠪᠦᠬᠦ ᠴᠢᠭᠯᠡᠯ ᠵᠶ᠋ᠠᠷ ᠵᠶ᠋ᠠᠨ ᠠᠮᠢ ᠠᠬᠤᠢ᠎ᠪᠠᠨ ᠬᠠᠮᠠᠭ᠋ᠠᠯᠠᠭᠰᠠᠨ ᠰᠣᠶᠣᠯ ᠭᠡᠲᠡᠭ᠎ᠢ ᠤᠨ ᠡᠯᠡᠭᠡᠭᠰᠡᠨ ᠲᠡᠤᠭᠡ ᠭᠡᠷᠡᠴᠢᠯᠡᠭᠰᠡᠨ ᠪᠠᠶ᠋ᠢᠭ᠎ᠠ ᠶᠤᠮ᠃ ᠨᠡᠬᠦᠲᠡᠯ ᠠᠮᠢᠲᠤᠷᠠᠯ ᠠᠴᠠ ᠰᠠᠭᠤᠷᠢᠰᠢᠯ ᠠᠮᠢᠲᠤᠷᠠᠯ᠎ᠳᠤ ᠰᠢᠯᠵᠢᠭᠰᠡᠨ ᠦᠨᠦᠲᠦᠷ᠂ ᠠᠮᠢ ᠠᠬᠤᠢ᠎ᠪᠠᠨ ᠬᠠᠮᠠᠭ᠋ᠠᠯᠠᠬᠤ᠂ ᠠᠲᠠᠯ ᠠᠮᠢᠲᠤᠷᠠᠯ ᠵᠶ᠋ᠠᠨ ᠲᠡᠭᠡᠭᠰᠢ᠎ᠨᠢ ᠲᠠᠲᠠᠬᠤ ᠤᠬᠠᠭ᠋ᠠᠨ ᠮᠠᠯᠴᠢᠳ ᠤᠨ ᠡᠮᠦᠨ᠎ᠡ ᠲᠠᠯᠪᠢᠭᠲᠠᠭᠰᠠᠨ ᠪᠠᠶ᠋ᠢᠨ᠎ᠠ᠃ ᠵᠢᠷᠡᠡᠨᠢᠭᠡ ᠪᠡᠯᠴᠢᠭᠡᠷ ᠵᠶ᠋ᠠᠨ ᠵᠦᠪ ᠵᠶ᠋ᠠᠷ ᠠᠰᠢᠭᠯᠠᠨ᠂ ᠨᠤᠲᠤᠭ ᠪᠠᠯᠴᠢᠭᠡᠷ᠎ᠤᠨ ᠵᠢᠮ᠎ᠠ ᠶᠤᠰᠤᠨ᠎ᠳᠤ ᠨᠡᠶ᠋ᠢᠴᠠᠬᠦᠯᠵᠤ᠂ ᠠᠲᠤᠭᠤ ᠮᠠᠯᠵᠢᠭᠰᠠᠨ᠎ᠨᠢ ᠡᠨᠡ ᠪᠠᠶ᠋ᠢᠵᠠᠢ᠃
《ᠤᠯᠪᠤᠭ ᠵᠶ᠋ᠠᠨ ᠴᠤᠭᠤᠷᠠᠲᠠᠯ᠎ᠠ ᠰᠠᠭᠤᠭᠰᠠᠨ ᠮᠡᠷᠭᠡᠨ᠎ᠠᠴᠠ ᠤᠯᠠᠨ᠎ᠢ ᠲᠤᠭᠤᠷᠢᠭᠰᠠᠨ ᠮᠤᠩᠬᠠᠭ ᠲᠡᠭᠡᠷ᠎ᠡ》 ᠭᠡᠬᠦ ᠦᠭᠡ ᠵᠢᠷᠡᠡᠨᠢᠭᠡᠳᠤ ᠶᠠᠪ ᠴᠠᠪ ᠦᠭᠡᠢ ᠵᠤᠬᠢᠷᠠᠨᠠ᠃ ᠠᠷᠤ ᠭᠡᠷ᠎ᠤᠨ ᠠᠵᠢᠯ ᠬᠤᠢ᠎ᠨᠢ ᠵᠦᠭ᠎ᠲᠤ᠎ᠪᠠᠨ ᠤᠷᠤᠬᠤᠯᠠᠷ ᠲᠠᠶᠠᠩᠢ ᠲᠤᠭᠤᠷᠢᠨ᠂ ᠠᠶ᠋ᠢᠯ᠎ᠤᠨ ᠨᠤᠬᠠᠢ ᠵᠢ ᠦᠢ᠍ᠮᠡᠬᠦᠯᠵᠦ᠂ ᠲᠦᠮᠡᠨ᠎ᠤ ᠶᠠᠷᠢᠶ᠎ᠠ ᠵᠢ ᠰᠡᠳᠬᠢᠯ ᠲᠠᠯᠪᠢᠨ ᠰᠤᠨᠤᠰᠴᠦ ᠶᠠᠪᠤᠨ᠎ᠠ᠃ 2005 ᠤᠨ᠎ᠤ ᠬᠠᠪᠤᠷ᠂ ᠤᠩᠭᠤᠨ ᠠᠭᠤᠯᠠ ᠵᠢᠨ ᠦᠪᠦᠷ᠎ᠲᠤ ᠤᠯᠠᠭ᠋ᠠᠨ ᠪᠠᠶ᠋ᠢᠪᠠᠩ (ᠳᠠᠪᠬᠤᠷ ᠡᠾᠷᠤᠮ ᠬᠦᠴᠢᠯ᠎ᠤᠨ ᠺᠠᠯᠢ)᠎ᠤᠨ ᠦᠢ᠍ᠯᠡᠳᠪᠦᠷᠢ ᠪᠠᠶ᠋ᠢᠭᠤᠯᠬᠤ ᠭᠡᠰᠡᠨ ᠴᠢᠮᠡᠭᠡ ᠵᠢᠬᠦᠷ᠎ᠲᠠᠢ ᠶᠤᠮ ᠰᠢᠭ᠋ ᠤᠲᠠᠵᠤ ᠲᠦᠲᠡᠯ ᠦᠭᠡᠢ ᠮᠠᠯᠴᠢᠳ᠎ᠤᠨ ᠲᠤᠮᠲᠠ ᠲᠡᠯᠭᠡᠷᠡᠯᠠ᠃
— — 200 ᠲᠦᠮᠡᠨ ᠲᠤᠨ ᠦᠢ᠍ᠯᠡᠳᠪᠦᠷᠢᠯᠡᠬᠦ ᠴᠢᠲᠠᠪᠤᠷᠢ᠎ᠲᠠᠢ ᠤᠯᠠᠭ᠋ᠠᠨ ᠪᠠᠶ᠋ᠢᠪᠠᠩᠤᠨ ᠦᠢ᠍ᠯᠡᠳᠪᠦᠷᠢ ᠵᠢ ᠤᠩᠭᠤᠨ ᠠᠭᠤᠯᠠ ᠵᠢᠨ ᠡᠮᠦᠨ᠎ᠠ ᠬᠤᠷᠮᠤᠢ᠎ᠳᠤ ᠪᠠᠶ᠋ᠢᠭᠤᠯᠬᠤ ᠶᠤᠮ ᠭᠡᠨ᠎ᠠ᠃
— — ᠲᠡᠨᠲᠡ ᠰᠠᠭᠤᠭ᠎ᠠ ᠠᠶ᠋ᠢᠯ᠎ᠲᠠᠢ ᠨᠤᠲᠤᠭ ᠪᠡᠯᠴᠢᠭᠡᠷ᠎ᠢ᠎ᠨᠢ ᠡᠵᠡᠯᠡᠭᠰᠡᠨ ᠨᠦᠬᠦᠪᠦᠷᠢ ᠮᠦᠩᠬᠦ ᠭᠡᠲᠦᠢ ᠭᠡᠲᠦᠢ ᠦᠭᠬᠦ᠎ᠪᠠᠨ ᠴᠦ᠍ ᠪᠦᠷ ᠭᠡᠯᠡᠯᠴᠡᠨ ᠲᠤᠬᠢᠷᠠᠭ᠋ᠠᠳ ᠪᠠᠶ᠋ᠢᠭ᠎ᠠ ᠶᠤᠮ ᠭᠡᠨ᠎ᠡ᠃
— — ᠤᠯᠠᠭ᠋ᠠᠨ ᠪᠠᠶ᠋ᠢᠪᠠᠩᠤᠨ ᠦᠢ᠍ᠯᠡᠳᠪᠦᠷᠢ᠎ᠠᠴᠠ ᠭᠠᠲᠠᠨ᠎ᠠ ᠪᠠᠰᠠ ᠨᠡᠭᠦᠷᠡᠰᠦ ᠭᠡᠤᠷᠰᠢᠬᠦᠯᠬᠦ ᠦᠢ᠍ᠯᠡᠳᠪᠦᠷᠢ ᠪᠠᠶ᠋ᠢᠭᠤᠯᠬᠤ ᠶᠤᠮ ᠭᠡᠨ᠎ᠠ᠃
— — ᠠ᠂ ᠬᠤᠶᠠᠷ ᠶᠤᠮ ᠤᠤ?
— — ᠲᠡᠷᠡ ᠠᠶ᠋ᠢᠯ ᠴᠦ᠍ ᠨᠢᠭᠡ ᠯᠠ ᠰᠦᠨᠢ ᠵᠢᠨ ᠬᠤᠭᠤᠷᠤᠨᠲᠤ ᠭᠠᠵᠠᠷ ᠲᠠᠭ᠋ᠠᠭ᠋ᠠᠬᠤ ᠦᠭᠡᠢ ᠪᠠᠶᠠᠵᠢᠬᠤ᠎ᠨᠢ ᠁
ᠵᠢᠷᠡᠡᠨᠢᠭᠡ ᠰᠤᠴᠢᠰᠬᠢᠵᠦ ᠠᠪᠤᠪᠠ᠃ ᠤᠯᠠᠭ᠋ᠠᠨ ᠪᠠᠶ᠋ᠢᠪᠠᠩ ᠶᠠᠭᠤ ᠭᠡᠲᠡᠭ᠎ᠢ ᠲᠡᠷᠡ ᠲᠤᠩ ᠲᠤᠲᠤᠷᠬᠠᠢ ᠮᠡᠲᠡᠨ᠎ᠡ᠃ ᠤᠯᠭ᠋ᠠᠨ ᠪᠠᠶ᠋ᠢᠪᠠᠩᠨᠢ ᠬᠦᠷᠦᠰᠤ ᠰᠢᠷᠦᠢ ᠵᠢ ᠪᠤᠬᠢᠷᠲᠠᠭᠤᠯᠤᠨ ᠡᠪᠡᠰᠤ ᠤᠷᠭᠤᠮᠠᠯ᠎ᠤᠨ ᠤᠷᠭᠤᠴᠠ ᠵᠢ ᠨᠦᠯᠦᠭᠡᠯᠡᠵᠦ᠂ ᠭᠠᠵᠠᠷ᠎ᠤᠨ ᠬᠦᠨ᠎ᠳᠠᠬᠢ ᠤᠰᠤᠨ ᠰᠤᠷᠪᠤᠯᠵᠢ ᠵᠢ ᠬᠦᠨᠲᠦ ᠨᠤᠴᠢᠲᠠᠢ ᠪᠤᠬᠢᠷᠲᠠᠭᠤᠯᠲᠠᠭ᠃ ᠬᠦᠮᠦᠨ ᠬᠤᠤᠷᠲᠠᠭᠲᠠᠪᠠᠯ ᠬᠠᠮᠠᠷᠠᠴᠠᠨᠢ ᠴᠢᠰᠤ ᠭᠤᠭᠤᠵᠢᠬᠤ᠂ ᠤᠭᠰᠢᠭᠤᠯᠬᠤ᠂ ᠪᠦᠭᠡᠯᠵᠢᠬᠦ᠂ ᠭᠡᠲᠡᠰᠤ ᠡᠪᠡᠳᠬᠦ᠂ ᠴᠢᠰᠤ᠎ᠪᠠᠷ ᠪᠠᠭ᠋ᠠᠬᠤ ᠵᠡᠷᠭᠡ ᠢᠯᠡᠷᠡᠯ᠎ᠲᠠᠢ ᠪᠠᠶ᠋ᠢᠵᠤ᠂ ᠬᠦᠨᠲᠦᠲᠦᠪᠡᠯ᠂ ᠠᠮᠢᠰᠬᠤᠬᠤ᠎ᠳᠤ ᠬᠦᠴᠢᠷᠲᠡᠬᠦ᠂ ᠮᠠᠨᠠᠷᠠᠬᠤ᠂ ᠪᠦᠭᠡᠷ᠎ᠡ ᠵᠢᠨ ᠴᠢᠲᠠᠪᠤᠷᠢ ᠮᠠᠭᠤᠲᠠᠬᠤ᠂ ᠴᠢᠨᠠᠭᠰᠢᠯᠠᠭ᠋ᠠᠳ ᠦᠮᠡᠨ ᠡᠪᠡᠳᠴᠢᠨ ᠤᠷᠤᠲᠠᠭ ᠪᠠᠶ᠋ᠢᠨ᠎ᠠ᠂ ᠡᠬᠦᠨ᠎ᠠᠴᠠ ᠭᠠᠲᠠᠨ᠎ᠠ ᠪᠠᠰᠠ ᠬᠠᠮᠠᠷ᠎ᠤᠨ ᠦᠷᠪᠢᠰᠤᠯ᠂ ᠠᠮᠢᠰᠬᠤᠯ᠎ᠤᠨ ᠰᠢᠰᠲ᠋ᠧᠮ᠎ᠤᠨ ᠦᠷᠪᠢᠰᠦᠯ᠂ ᠠᠷᠠᠰᠤᠨ ᠦᠷᠪᠢᠰᠦᠯ᠂ ᠡᠾᠷᠤᠮ ᠰᠢᠷᠬᠠᠯᠠᠭ᠎ᠠ ᠵᠡᠷᠭᠡ ᠤᠲᠠᠭ᠋ᠠᠨ ᠴᠢᠨᠠᠷᠲᠠᠢ ᠡᠪᠡᠳᠴᠢᠨ ᠲᠤᠰᠲᠠᠭ᠃ ᠨᠡᠭᠦᠷᠡᠰᠦ ᠭᠡᠤᠷᠰᠢᠬᠦᠯᠬᠦ ᠶᠠᠪᠤᠴᠠ᠎ᠳᠤ ᠬᠠᠶᠠᠭᠲᠠᠮᠠᠯ ᠤᠰᠤᠨ᠎ᠳᠤᠨᠢ ᠪᠧᠨ᠋ᠽᠧᠠᠤ ᠲᠦᠷᠦᠯ ᠠᠭᠤᠯᠤᠭᠳᠠᠵᠤ᠂ ᠮᠠᠲᠡᠷᠡᠯ ᠮᠠᠭᠤᠲᠠᠬᠤ᠂ ᠴᠢᠰᠤᠨ᠎ᠤ ᠤᠯᠠᠭ᠋ᠠᠨ ᠴᠠᠭ᠋ᠠᠨ ᠡᠰ ᠪᠠᠭ᠋ᠠᠰᠬᠤ᠂ ᠴᠢᠮᠦᠭᠡ᠎ᠳᠤ ᠬᠤᠤᠷ ᠤᠴᠠᠷᠠᠭᠤᠯᠬᠤ᠂ ᠰᠠᠷ᠎ᠠ ᠵᠢᠨ ᠭ᠋ᠬᠢᠷ ᠲᠡᠭᠰᠢ ᠦᠭᠡᠢ ᠪᠤᠯᠬᠤ᠂ ᠨᠢᠯᠬ᠎ᠠ ᠭᠡᠤᠭᠡᠳ᠎ᠤᠨ ᠦᠰᠦᠯᠲᠠ ᠵᠢ ᠬᠠᠷᠰᠢᠯᠠᠬᠤ ᠵᠡᠷᠭᠡ ᠤᠯᠠᠨ ᠡᠪᠡᠳᠴᠢᠨ᠎ᠢ ᠡᠬᠦᠰᠭᠡᠵᠦ᠂ ᠤᠯᠠᠨ ᠤᠯᠤᠰ᠎ᠤᠨ ᠦᠮᠡᠨ᠎ᠤ ᠰᠤᠲᠤᠯᠭ᠋ᠠᠨᠤ ᠲᠦᠪ᠎ᠠᠴᠠ ᠮᠡᠲᠡᠷᠡᠭᠰᠡᠨ ᠦᠮᠡᠨ ᠡᠬᠦᠰᠭᠡᠬᠦ ᠪᠤᠲᠠᠰ ᠪᠤᠯᠤᠨ᠎ᠠ᠂ ᠲᠡᠬᠦᠨ᠎ᠤ ᠨᠢᠭᠤᠭᠲᠠᠮᠠᠯ ᠬᠤᠤᠷᠲᠠᠭᠤᠯᠬᠤ ᠬᠤᠭᠤᠴᠠᠭ᠎ᠠ᠎ᠨᠢ 12 — — 15 ᠵᠢᠯ ᠪᠠᠶ᠋ᠢᠵᠤ᠂ ᠤᠷᠴᠢᠨ ᠲᠤᠭᠤᠷᠢᠨ᠎ᠤ ᠡᠪᠡᠰᠤ ᠤᠷᠭᠤᠮᠠᠯ᠂ ᠭᠠᠵᠠᠷ ᠰᠢᠷᠤᠢ ᠵᠢ ᠶᠡᠭᠡ᠎ᠪᠠᠷ ᠨᠦᠯᠦᠭᠡᠯᠡᠲᠡᠭ᠃ ᠦᠢ᠍ᠯᠡᠳᠪᠦᠷᠢ᠎ᠠᠴᠠ ᠭᠠᠷᠬᠤ ᠤᠲᠤᠭ᠋ᠠᠨᠳᠤ ᠬᠦᠬᠦᠷ᠂ ᠬᠦᠬᠦᠷᠲᠦ ᠤᠰᠤᠲᠥ᠋ᠷᠥᠭᠴᠢ ᠵᠡᠷᠭᠡ ᠡᠯᠧᠮᠧᠨ᠋ᠲ ᠠᠭᠤᠯᠤᠭᠲᠠᠵᠤ᠂ ᠬᠦᠮᠦᠨ ᠮᠠᠯ᠎ᠢ ᠬᠤᠤᠷᠲᠠᠭᠤᠯᠬᠤᠪᠠᠷ ᠪᠠᠷᠠᠬᠤ ᠦᠭᠡᠢ ᠠᠭ᠋ᠠᠷ᠎ᠢ ᠪᠤᠬᠢᠷᠲᠠᠭᠤᠯᠲᠠᠭ᠃
ᠬᠤᠶᠠᠷ ᠦᠢ᠍ᠯᠡᠳᠪᠦᠷᠢ᠎ᠨᠢ ᠲᠦᠷᠪᠡᠨ ᠬᠦᠨ ᠬᠤᠳᠲᠤᠭ ᠮᠠᠯᠲᠠᠵᠤ᠂ ᠦᠢ᠍ᠯᠡᠳᠪᠦᠷᠢ᠎ᠨᠢ ᠪᠦᠷᠢᠨ ᠠᠵᠢᠯᠯᠠᠵᠤ ᠡᠬᠢᠯᠡᠪᠡᠯ ᠪᠠᠷᠤᠭ 8000 ᠲᠦᠮᠡᠨ ᠲᠤᠨ ᠤᠰᠤ ᠭᠡᠷᠡᠭᠰᠡᠬᠦ ᠴᠢᠬᠤᠯᠠᠲᠠᠢ᠃ 《ᠡᠨᠡ ᠴᠢᠨᠢ ᠶᠠᠭᠤ ᠭᠡᠰᠡᠨ ᠤᠴᠢᠷ ᠪᠤᠢ᠂ ᠪᠤᠷᠬᠠᠨᠲᠤ ᠵᠢᠨ ᠭᠤᠤᠯ ᠰᠢᠷᠬᠢᠨᠡ ᠭᠡᠰᠡᠨ ᠤᠴᠢᠷ》᠃ ᠪᠠᠶ᠋ᠢᠲᠠᠯ ᠦᠨᠡᠨ ᠮᠥᠨ ᠪᠤᠯᠤᠭᠰᠠᠨ ᠢ ᠮᠡᠲᠡᠭᠰᠡᠨ ᠵᠢᠷᠡᠡᠨᠢᠭᠡ ᠬᠤᠶᠠᠷ ᠦᠢ᠍ᠯᠡᠳᠪᠦᠷᠢ ᠵᠢ ᠵᠤᠭᠰᠤᠭ᠋ᠠᠬᠤ ᠡᠷᠬᠦᠲᠡᠯ ᠵᠶ᠋ᠠᠨ ᠠᠪᠤᠭ᠋ᠠᠳ ᠴᠠᠭ᠎ᠢ ᠵᠠᠪᠲᠤᠨ ᠡᠲᠦᠷ ᠰᠦᠨᠢ ᠢᠯᠭ᠋ᠠᠯ ᠦᠭᠡᠢ ᠮᠠᠯᠴᠢᠳ ᠵᠶ᠋ᠠᠷ ᠭᠠᠷ ᠤᠨ ᠦᠰᠦᠭ ᠵᠢᠷᠤᠭᠤᠯᠵᠤ ᠬᠤᠷᠤᠭᠤ ᠲᠠᠷᠤᠭᠤᠯᠤᠭ᠋ᠠᠳ ᠶᠠᠭ᠋ᠠᠷᠠᠯᠠ᠃
ᠤᠩᠭᠤᠨ ᠠᠭᠤᠯᠠ ᠵᠢᠨ ᠪᠠᠷᠠᠭᠤᠨ ᠰᠤᠭᠤ᠎ᠪᠠᠷ ᠪᠤᠷᠬᠠᠨᠲᠤ ᠵᠢᠨ ᠭᠤᠤᠯ ᠮᠤᠷᠤᠯᠵᠠᠨ ᠤᠷᠤᠰᠤᠨ᠎ᠠ᠃ ᠭᠤᠤᠯ᠎ᠤᠨ ᠵᠡᠬᠦᠨ ᠲᠤᠪᠤ ᠲᠡᠭᠡᠷ᠎ᠡ ᠵᠢᠷᠡᠡᠨᠢᠭᠡ ᠡᠲᠦᠷ ᠠᠯᠭ᠋ᠠᠰᠠᠯ ᠦᠭᠡᠢ ᠲᠤᠰ ᠠᠶ᠋ᠢᠯ᠎ᠤᠨ ᠪᠠᠶ᠋ᠢᠲᠠᠯ᠎ᠢ ᠠᠵᠢᠭᠯᠠᠨ ᠰᠠᠭᠤᠵᠤ ᠪᠠᠶ᠋ᠢᠲᠠᠯ᠎ᠠ᠂ ᠬᠤᠶᠠᠷ ᠭᠤᠷᠪᠠᠨ ᠪᠠᠭ᠎ᠠ ᠮᠠᠰᠢᠨ ᠡᠨᠡ ᠠᠶ᠋ᠢᠯᠢ ᠴᠢᠭᠯᠡᠯ᠎ᠠ᠃ ᠲᠤᠰ᠎ᠤᠨ ᠬᠦᠯᠢᠶᠡᠵᠦ ᠪᠠᠶ᠋ᠢᠭᠰᠠᠨ ᠵᠢᠷᠡᠡᠨᠢᠭᠡ ᠰᠢᠭᠤᠳ ᠲᠠᠯᠪᠢᠭ᠋ᠠᠳ ᠬᠦᠷᠬᠦ᠎ᠳᠤ᠂ ᠡᠨᠡ ᠠᠶ᠋ᠢᠯ᠎ᠤᠨ ᠤᠶ᠋ᠢᠷ᠎ᠠ ᠬᠠᠪᠢ᠎ᠳᠤ ᠴᠠᠭ᠋ᠠᠨ ᠴᠤᠬᠤᠢ᠎ᠪᠠᠷ ᠭᠠᠵᠠᠷ ᠲᠦᠬᠦᠷᠡᠩ ᠬᠦᠨᠲᠡᠯᠡᠨ ᠭᠤᠯᠲᠤ ᠵᠢᠷᠤᠭ᠋ᠠᠰᠤ ᠵᠢᠷᠤᠵᠠᠢ᠃ ᠠᠮᠤᠷ ᠮᠡᠨᠲᠤ᠎ᠲᠠᠢ ᠭᠡᠷ᠎ᠲᠤ ᠤᠷᠤᠬᠤ᠎ᠳᠤ᠂ ᠰᠤᠮᠤᠨ᠎ᠤ ᠱᠦᠵᠢ ᠲᠦᠷᠦᠬᠦᠦ᠎ᠲᠠᠢ ᠲᠠᠨᠢᠬᠤ ᠲᠠᠨᠢᠬᠤ ᠦᠭᠡᠢ ᠠᠷᠪᠠᠭ᠋ᠠᠳ ᠬᠦᠮᠦᠨ ᠴᠠᠢ ᠤᠤᠭᠤᠴᠢᠬᠠᠭᠰᠠᠨ ᠢᠨᠢᠶᠡᠲᠦ᠎ᠲᠠᠢ ᠬᠠᠨᠢᠶᠠᠲᠤ᠎ᠲᠠᠢ ᠵᠤᠭᠤᠭ ᠲᠡᠯᠭᠡᠨ ᠰᠠᠭᠤᠵᠤ ᠪᠠᠶ᠋ᠢᠯ᠎ᠠ᠃ ᠬᠦᠮᠦᠰ᠎ᠤᠨ ᠮᠠᠩᠨᠠᠢ ᠲᠠᠨᠠᠶ᠋ᠢᠵᠤ᠂ ᠬᠤᠤᠰ ᠨᠢᠲᠤᠨᠠᠴᠠᠨᠢ ᠪᠠᠶᠠᠷ᠎ᠤᠨ ᠤᠴᠢ ᠬᠠᠷᠪᠤᠨ᠎ᠠ᠃
— — ᠲᠠᠷᠤᠭ᠎ᠠ᠎ᠠᠴᠠ ᠠᠰᠠᠭᠤᠬᠤ᠎ᠨᠢ ᠶᠠᠭᠤ ᠭᠡᠵᠤ ᠠᠲᠡ ᠡᠨᠡ ᠬᠤᠶᠠᠷ ᠦᠢ᠍ᠯᠡᠳᠪᠦᠷᠢ ᠵᠢ ᠪᠠᠶ᠋ᠢᠭᠤᠯᠬᠤ ᠶᠤᠮ?
— — ᠤᠲᠤ ᠪᠦᠬᠦ ᠨᠡᠶ᠋ᠢᠭᠡᠮ ᠵᠶ᠋ᠠᠷ ᠵᠶ᠋ᠠᠨ ᠠᠵᠤ ᠠᠬᠤᠢ ᠵᠢ ᠬᠦᠭᠵᠢᠬᠦᠯᠵᠦ ᠪᠠᠶ᠋ᠢᠨ᠎ᠠ᠂ ᠦᠢ᠍ᠯᠡᠳᠪᠦᠷᠢ ᠪᠠᠶ᠋ᠢᠭᠤᠯᠬᠤ ᠦᠭᠡᠢ᠎ᠪᠠᠷ ᠶᠠᠭ᠋ᠠᠬᠢᠵᠤ ᠠᠵᠤ ᠠᠬᠤᠢ ᠪᠠᠨ ᠬᠦᠭᠵᠢᠬᠦᠯᠦᠨ᠎ᠡ⁈
— — ᠮᠠᠯᠴᠢᠨ ᠪᠢ ᠬᠦᠷᠲᠡᠯ᠎ᠠ ᠡᠨᠡ ᠬᠤᠶᠠᠷ ᠦᠢ᠍ᠯᠡᠳᠪᠤᠷᠢ ᠭᠡᠲᠦᠢ ᠪᠤᠬᠢᠷᠲᠤᠯ᠎ᠲᠠᠢ ᠭᠡᠲᠡᠭ᠎ᠢ ᠮᠡᠲᠡᠵᠦ ᠪᠠᠶ᠋ᠢᠲᠠᠯ᠎ᠠ᠂ ᠠᠯᠲᠠ ᠰᠢᠷᠡᠭᠡᠨ᠎ᠤ ᠠᠷᠤ᠎ᠳᠤ ᠠᠯᠴᠠᠶ᠋ᠢᠵᠤ ᠰᠠᠭᠤᠭ᠋ᠠᠳ ᠠᠯᠪᠠᠨ ᠪᠢᠴᠢᠭ ᠦᠵᠡᠵᠦ᠂ ᠠᠮᠢ ᠠᠬᠤᠢ ᠭᠡᠵᠤ ᠤᠩᠰᠢᠲᠠᠭ ᠲᠠ ᠨᠠᠷ ᠮᠡᠲᠡᠬᠦ ᠦᠭᠡᠢ ᠭᠡᠵᠢ ᠤᠤ? ᠪᠤᠷᠬᠠᠨᠲᠤ ᠵᠢᠨ ᠭᠤᠤᠯ ᠲᠠᠭ᠋ᠠᠭᠰᠠᠨ 2000 ᠭᠠᠷᠤᠢ ᠬᠦᠮᠦᠨ᠂ 30000 ᠭᠠᠷᠤᠢ ᠮᠠᠯ᠎ᠤᠨ ᠤᠤᠭᠤᠬᠤ ᠤᠰᠤ ᠪᠤᠬᠢᠷᠲᠤᠵᠤ ᠰᠢᠷᠬᠢᠪᠡᠯ ᠲᠡᠲᠡᠨ᠎ᠤ ᠠᠮᠢᠲᠤᠷᠠᠯ ᠶᠠᠭᠤ ᠪᠤᠯᠬᠤ ᠵᠢ ᠮᠡᠲᠡᠬᠦ ᠦᠭᠡᠢ ᠭᠡᠵᠢ ᠤᠤ?
— — ᠭᠡᠨ ᠮᠡᠲᠡᠬᠦ ᠦᠭᠡᠢ ᠭᠡᠵᠤ ᠪᠠᠶ᠋ᠢᠭ᠎ᠠ ᠶᠤᠮ⁉ ᠤᠲᠤ ᠵᠢᠨ ᠮᠡᠷᠭᠡᠵᠢᠯ ᠵᠶ᠋ᠠᠷ ᠲᠡᠬᠦᠨ᠎ᠢ ᠴᠢᠨᠢ ᠪᠤᠬᠢᠷᠲᠤᠯ ᠦᠭᠡᠢ ᠰᠠᠶ᠋ᠢᠬᠠᠨ ᠰᠢᠢ᠍ᠳᠪᠦᠷᠢᠯᠡᠴᠢᠭᠡᠨᠡ᠃ ᠪᠠᠶᠠᠨᠬᠢᠷᠠ ᠭᠠᠴᠠᠭ᠎ᠠ ᠪᠡ ᠰᠢᠷᠠᠴᠢᠯᠠᠭᠤ ᠭᠠᠴᠠᠭ᠋ᠠᠨ᠎ᠤ ᠭᠡᠰᠡᠭ ᠮᠠᠯᠴᠢᠳ᠎ᠢ ᠰᠢᠨ᠎ᠠ ᠰᠠᠭᠤᠷᠢᠰᠢᠯ᠎ᠳᠤ ᠨᠡᠬᠦᠯᠭᠡᠨ ᠲᠤᠬᠢᠷᠠᠭᠤᠯᠤᠨ᠎ᠠ᠃
— — ᠭᠡᠨ ᠵᠦᠪᠰᠢᠶᠡᠷᠡᠭᠰᠡᠨ ᠶᠤᠮ? ᠬᠦᠷᠦᠮᠲᠤ᠂ ᠬᠠᠷᠠᠴᠢᠯᠠᠭᠤ᠂ ᠪᠠᠶᠠᠨᠬᠢᠷᠠ᠂ ᠰᠢᠷᠠᠴᠢᠯᠠᠭᠤ ᠭᠠᠴᠠᠭ᠋ᠠᠨ᠎ᠤ 2000 ᠭᠠᠷᠤᠢ ᠮᠠᠯᠴᠢᠳ ᠵᠦᠪᠰᠢᠶᠡᠷᠡᠬᠦ ᠦᠭᠡᠢ᠂ ᠭᠠᠷᠤᠨ ᠦᠰᠦᠭ ᠵᠶ᠋ᠠᠨ ᠵᠢᠷᠤᠵᠤ ᠬᠤᠷᠤᠭᠤ ᠲᠠᠷᠤᠭᠰᠠᠨ ᠡᠷᠬᠦᠲᠡᠯ ᠠᠲᠠ ᠪᠠᠶ᠋ᠢᠨ᠎ᠠ᠃
— — ᠬᠤᠰᠢᠭᠤᠨ᠎ᠠᠴᠠ ᠵᠦᠪᠰᠢᠶᠡᠷᠡᠭᠰᠡᠨ᠂ ᠡᠨᠡ ᠪᠠᠶ᠋ᠢᠨ᠎ᠠ ᠭᠡᠳ ᠤᠯᠠᠭ᠋ᠠᠨ ᠲᠦᠷᠦᠬᠦᠦ᠎ᠲᠠᠢ ᠠᠯᠪᠠᠨ ᠪᠢᠴᠢᠭ᠎ᠢ ᠭᠠᠷᠭ᠋ᠠᠵᠤ ᠦᠭᠬᠦᠯ᠎ᠡ᠃ 《ᠭᠡ᠂ ᠭᠡ》 ᠭᠡᠵᠤ ᠵᠢᠷᠡᠡᠨᠢᠭᠡ ᠬᠦᠢ᠍ᠲᠡᠨ ᠵᠶ᠋ᠠᠷ ᠢᠨᠢᠶᠡᠭᠰᠡᠨ ᠵᠶ᠋ᠠᠨ
— — ᠲᠠᠮᠠᠭ᠎ᠠ ᠮᠠᠮᠠᠭᠠ ᠪᠠᠶ᠋ᠢᠲᠠᠭ ᠦᠭᠡᠢ ᠪᠢᠴᠢᠭ᠎ᠢ ᠴᠢᠨᠢ ᠠᠯᠪᠠᠨ ᠪᠢᠴᠢᠭ ᠭᠡᠲᠡᠭ ᠤᠤ? ᠲᠠᠨᠤᠰ ᠭᠡᠨ᠎ᠢ ᠮᠡᠭᠡᠯᠡᠵᠦ ᠪᠠᠶ᠋ᠢᠭ᠎ᠠ ᠶᠤᠮ᠂ ᠲᠠ ᠨᠠᠷ ᠰᠢᠭ᠋ ᠮᠠᠯᠴᠢᠳ ᠵᠶ᠋ᠠᠨ ᠪᠤᠲᠤᠯᠬᠢᠯᠠᠬᠤ ᠦᠭᠡᠢ ᠨᠤᠶᠠᠳ ᠵᠶ᠋ᠠᠷ ᠶᠠᠭᠤ ᠬᠢᠬᠦ ᠶᠤᠮ ᠭᠡᠳ ᠭᠠᠷ᠎ᠲᠤ᠎ᠪᠠᠨ ᠪᠠᠷᠢᠭᠰᠠᠨ ᠴᠠᠭ᠋ᠠᠨ ᠲᠡᠷᠡᠰᠤ᠎ᠪᠠᠷ ᠲᠠᠷᠤᠭ᠎ᠠ ᠵᠢᠨ ᠬᠠᠮᠠᠷ᠎ᠢ ᠵᠢᠭ᠋ᠠᠨ ᠬᠠᠷᠢᠶᠠᠯᠠ᠃
ᠵᠢᠷᠡᠡᠨᠢᠭᠡ ᠲᠠᠮᠠᠭ᠎ᠠ ᠦᠭᠡᠢ ᠠᠯᠪᠠᠨ ᠪᠢᠴᠢᠭ᠎ᠢ ᠡᠪᠭᠡᠭᠡᠳ ᠰᠢᠭᠤᠳ ᠦᠪᠡᠷ᠎ᠤᠨ ᠬᠠᠷᠮᠠᠨ᠎ᠳᠤ᠎ᠪᠠᠨ ᠬᠢᠴᠢᠭᠡᠯᠡ᠃ ᠲᠠᠷᠤᠭ᠎ᠠ ᠵᠢᠨ ᠴᠢᠷᠡᠢ᠎ᠨᠢ ᠦᠶ᠎ᠡ ᠴᠠᠶ᠋ᠢᠵᠦ᠂ ᠦᠶ᠎ᠡ ᠬᠦᠭᠡᠷᠠᠨ ᠪᠡᠶ᠎ᠡ᠎ᠨᠢ ᠴᠡᠴᠡᠷᠡᠵᠦ ᠪᠠᠶ᠋ᠢᠭᠰᠠᠨ ᠴᠦ᠍ ᠬᠦᠲᠡᠯᠦᠯ ᠦᠭᠡᠢ ᠰᠠᠭᠤᠨ᠎ᠠ᠃ ᠠᠭᠤᠷ ᠤᠮᠤᠭ᠎ᠨᠢ ᠭᠡᠲᠦᠢ ᠶᠡᠭᠡ ᠪᠠᠶ᠋ᠢᠭᠰᠠᠨ ᠴᠦ᠍ ᠶᠠᠭ᠋ᠠᠬᠢᠵᠦ ᠴᠢᠲᠠᠭ᠎ᠠ ᠦᠭᠡᠢ᠂ ᠤᠬᠠᠭ᠋ᠠᠨ᠎ᠲᠠᠢ ᠬᠤᠶᠠᠷ᠎ᠨᠢ ᠠᠯᠢ ᠭᠡᠲᠦᠶ᠋ᠢᠨᠡᠢ ᠭᠡᠷ᠎ᠠᠴᠠ ᠭᠠᠷᠴᠤ᠂ ᠭᠡᠢ ᠭᠠᠷᠤᠭᠰᠠᠨ ᠪᠦᠮᠪᠦᠭᠡ ᠰᠢᠭ ᠭᠡᠷ᠎ᠤᠨ ᠰᠡᠬᠦᠲᠡᠷ᠎ᠲᠠᠭᠠᠨ ᠨᠠᠭ᠋ᠠᠰᠢ ᠴᠠᠭ᠋ᠠᠰᠢ ᠲᠡᠮᠡᠢ ᠯᠠ ᠬᠤᠯᠬᠢᠵᠤ᠂ ᠭᠡᠷ᠎ᠲᠤ ᠶᠠᠭᠤ ᠪᠤᠯᠤᠭᠰᠠᠨ ᠪᠤᠯ ᠭᠡᠵᠤ ᠴᠢᠬᠢ ᠲᠠᠯᠪᠢᠨ᠎ᠠ᠃ ᠪᠤᠰᠤᠳ ᠬᠦᠮᠦᠰ ᠪᠠᠭᠰᠢ᠎ᠳᠤ᠎ᠪᠠᠨ ᠰᠢᠬᠦᠮᠵᠢᠯᠡᠭᠲᠡᠭᠰᠡᠨ ᠪᠠᠭ᠎ᠠ ᠰᠤᠷᠭ᠋ᠠᠭᠤᠯᠢ ᠵᠢᠨ ᠰᠤᠷᠤᠭᠴᠢ ᠰᠢᠭ᠋ ᠤᠷᠤ ᠤᠷᠤᠨ᠎ᠳᠤ᠎ᠪᠠᠨ ᠨᠠᠮ ᠰᠠᠭᠤᠵᠠᠭ᠋ᠠᠨᠠ᠃
— — ᠠᠯᠪᠠᠨ ᠪᠢᠴᠢᠭ᠎ᠢ ᠦᠭ᠂ ᠴᠢ ᠶᠠᠭ᠋ᠠᠬᠢᠬᠤ ᠰᠠᠨᠠᠭ᠎ᠠ᠎ᠲᠠᠢ ᠶᠤᠮ?
— — ᠪᠢ ᠴᠢᠮ᠎ᠠ᠎ᠳᠤ ᠦᠭᠬᠦ ᠦᠭᠡᠢ᠂ ᠴᠢᠲᠠᠯ ᠴᠢᠨᠢ ᠬᠦᠷᠪᠡᠯ ᠢᠷᠡᠭᠡᠳ ᠠᠪ ᠁ ᠡᠴᠦᠰ᠎ᠲᠤ᠎ᠪᠠᠨ ᠭᠡᠨ᠎ᠨᠢ ᠴᠦ᠍ ᠰᠠᠨᠠᠭ᠋ᠠᠨ᠎ᠳᠤ ᠬᠦᠷᠴᠦ ᠴᠢᠲᠠᠯ ᠦᠭᠡᠢ ᠪᠤᠵᠢᠬᠢᠨᠠᠯᠲᠤᠭ᠋ᠠᠳ ᠪᠤᠲᠠᠷᠠᠯᠠ᠃ 《ᠰᠠᠶ᠋ᠢᠨ ᠬᠦᠮᠦᠨ ᠰᠠᠨᠠᠭ᠎ᠠ᠎ᠪᠠᠷ᠂ ᠰᠠᠷᠠᠯ ᠮᠤᠷᠢ ᠵᠢᠷᠤᠭ᠎ᠠ᠎ᠪᠠᠷ》 ᠭᠡᠭᠴᠢ᠂ ᠡᠨᠡ ᠦᠶ᠎ᠠ ᠠᠶ᠋ᠢᠮᠠᠭ᠎ᠤᠨ ᠱᠠᠲᠤᠨ᠎ᠳᠤ ᠲᠠᠷᠤᠭ᠎ᠠ ᠪᠠᠶ᠋ᠢᠭᠰᠠᠨ ᠡᠷᠳᠡᠨᠢᠭᠡᠰᠢᠭ᠂ ᠰᠤᠮᠢᠶ᠎ᠠ ᠤᠷᠠᠳ᠎ᠤᠨ ᠲᠤᠮᠲᠠᠲᠤ ᠬᠤᠰᠢᠭᠤᠨ᠎ᠳᠤ ᠠᠵᠢᠯ ᠪᠠᠶ᠋ᠢᠴᠠᠭ᠋ᠠᠬᠤ᠎ᠪᠠᠷ ᠢᠷᠡᠭᠰᠡᠨ ᠪᠦᠭᠡᠳ ᠶᠠᠭ ᠯᠠ ᠡᠲᠡᠨᠤ ᠵᠡᠬᠦᠨ ᠠᠶ᠋ᠢᠯ᠎ᠳᠤ ᠪᠠᠶ᠋ᠢᠬᠤ ᠪᠠᠲᠦᠲᠠᠢ ᠰᠤᠷᠠᠭ᠎ᠢ ᠵᠢᠷᠡᠡᠨᠢᠭᠡ ᠵᠢᠨ ᠡᠭᠡᠨᠡᠷ ᠤᠳᠬᠠᠨᠰᠸᠠᠨᠢ ᠤᠯᠵᠤ ᠰᠤᠨᠤᠰᠤᠮᠠᠭᠴᠠ ᠨᠦᠬᠦᠷᠲᠤᠪᠠᠨ ᠤᠲᠠᠰᠤ ᠵᠠᠯᠭ᠋ᠠᠯᠠ᠃
— — ᠡᠨᠡ ᠶᠠᠭᠤᠮ᠎ᠠ ᠬᠠᠮᠢᠭ᠋ᠠᠭᠤᠷ ᠲᠠᠪᠬᠢᠵᠦ ᠪᠠᠶ᠋ᠢᠭᠰᠠᠨ᠎ᠢ ᠮᠡᠲᠡᠭᠰᠡᠨ ᠦᠭᠡᠢ᠂ ᠤᠲᠠᠰᠤ ᠲᠤᠰᠤᠭ᠋ᠠᠳ ᠲᠡᠮᠡᠢ ᠤᠲᠠᠭᠰᠠᠨ ᠦᠭᠡᠢ ᠵᠡᠬᠦᠨ ᠠᠶ᠋ᠢᠯ᠎ᠳᠤ ᠲᠤᠭᠤᠰᠤ ᠲᠠᠲᠠᠭᠤᠯᠤᠨ ᠤᠷᠤᠬᠤ ᠬᠠᠷᠠᠭᠲᠠᠭᠰᠠᠨ ᠭᠡᠵᠤ ᠤᠳᠬᠠᠨᠰᠸᠠ ᠭᠠᠶ᠋ᠢᠬᠠᠰᠢ ᠠᠯᠲᠠᠨ ᠭᠡᠯᠡᠯ᠎ᠠ᠃
ᠵᠢᠷᠡᠡᠨᠢᠭᠡ 《ᠭᠡᠨ᠎ᠢ ᠡᠷᠢᠵᠦ ᠶᠠᠭ᠋ᠠᠬᠢᠵᠤ ᠵᠤᠭᠰᠤᠭ᠋ᠠᠬᠤ ᠪᠢᠯᠡ》 ᠭᠡᠵᠤ ᠪᠤᠲᠤᠯᠭ᠎ᠠ ᠪᠤᠯᠵᠤ ᠪᠠᠶ᠋ᠢᠭᠰᠠᠨ ᠤᠴᠢᠷ᠂ ᠡᠨᠡᠬᠦ ᠰᠠᠶ᠋ᠢᠨ ᠵᠠᠪᠰᠢᠶᠠᠨ᠎ᠢ ᠭᠡᠷᠬᠢᠨ ᠠᠯᠲᠠᠬᠤ ᠠᠵᠠᠢ᠃ ᠬᠠᠮᠢᠶ᠎ᠠ ᠪᠦᠬᠦᠢ ᠮᠠᠲ᠋ᠧᠷᠢᠶᠠᠯ ᠵᠶ᠋ᠠᠨ ᠭᠠᠷᠭ᠋ᠠᠨ ᠦᠭᠴᠦ ᠪᠠᠶ᠋ᠢᠲᠠᠯ᠎ᠢ ᠲᠤᠰᠬᠠᠯ᠎ᠠ᠃ ᠬᠤᠶᠠᠷ ᠲᠠᠷᠤᠭ᠎ᠠ ᠵᠢᠷᠠᠡᠨᠢᠭᠡ ᠵᠢᠨ ᠭᠡᠯᠡᠬᠦ ᠵᠢ ᠠᠩᠬᠠᠷᠤᠯ᠎ᠲᠠᠢ ᠰᠤᠨᠤᠰᠴᠤ ᠪᠠᠷᠠᠭ᠋ᠠᠳ᠂ ᠲᠡᠷᠡ ᠲᠤᠤᠷ᠎ᠠ᠎ᠨᠢ ᠬᠤᠰᠢᠭᠤᠨ᠎ᠤ ᠵᠠᠰᠠᠭ᠎ᠤᠨ ᠤᠷᠲᠤᠨ᠎ᠳᠤ ᠤᠲᠠᠰᠤ ᠵᠠᠯᠭ᠋ᠠᠵᠤ
— — ᠡᠨᠡ ᠴᠢᠨᠢ ᠶᠠᠮᠠᠷ ᠤᠴᠢᠷ ᠪᠤᠯᠤᠭ᠋ᠠᠳ ᠪᠠᠶ᠋ᠢᠨ᠎ᠠ᠂ ᠲᠦᠯ ᠲᠤᠰᠴᠤ ᠢᠮᠠᠭ᠎ᠠ ᠰᠠᠮᠨᠠᠭ᠋ᠠᠳ ᠶᠠᠭ᠋ᠠᠷᠠᠵᠤ ᠪᠠᠶ᠋ᠢᠬᠤ ᠴᠠᠭ᠎ᠲᠤ ᠮᠠᠯᠴᠢᠳ᠎ᠢ ᠦᠢ᠍ᠮᠡᠬᠦᠯᠦᠭᠡᠳ ᠪᠠᠶ᠋ᠢᠲᠠᠭ ᠴᠢᠨᠢ᠂ ᠲᠡᠷᠡ ᠬᠤᠶᠠᠷ ᠦᠢ᠍ᠯᠡᠳᠪᠦᠷᠢ ᠪᠠᠶ᠋ᠢᠭᠤᠯᠬᠤ ᠵᠢ ᠭᠡᠨ ᠵᠦᠪᠰᠢᠶᠡᠷᠡᠭᠰᠡᠨ ᠶᠤᠮ? ᠠᠮᠢ ᠠᠬᠤᠢ ᠤᠷᠴᠢᠨ ᠲᠤᠭᠤᠷᠢᠨ ᠶᠠᠭᠤ ᠪᠤᠯᠤᠨ᠎ᠠ ᠭᠡᠲᠡᠭ᠎ᠢ ᠲᠠ ᠨᠠᠷ ᠪᠤᠲᠤᠯᠬᠢᠯᠠᠭᠰᠠᠨ ᠤᠤ? ᠲᠡᠨᠲᠡ᠎ᠬᠢ ᠮᠠᠯᠴᠢᠳ ᠶᠠᠭ᠋ᠠᠬᠢᠵᠤ ᠠᠮᠢᠲᠤᠷᠠᠬᠤ ᠵᠢ ᠲᠠ ᠨᠠᠷ ᠪᠤᠲᠤᠭᠰᠠᠨ ᠤᠤ? ᠦᠲᠡ ᠵᠢᠨ ᠬᠤᠶ᠋ᠢᠨ᠎ᠠ ᠵᠢᠨ 3 ᠴᠠᠭ᠎ᠲᠤ ᠡᠷᠭᠡᠪᠰᠢ ᠵᠢᠷᠡᠡᠨᠢᠭᠡᠳᠤ ᠬᠠᠷᠢᠭᠤ ᠦᠭᠬᠦ ᠭᠡᠷᠡᠭᠲᠡᠢ ᠭᠡᠲᠡᠭ ᠬᠠᠲᠠᠭᠤ ᠵᠠᠷᠯᠢᠭ ᠪᠤᠯᠪᠠ᠃
《ᠲᠠᠭ ᠵᠤᠭᠰᠤᠭ᠋ᠠᠬᠤ ᠭᠡᠷᠡᠭᠲᠡᠢ》 ᠭᠡᠰᠡᠨ ᠤᠯᠠᠭ᠋ᠠᠨ ᠲᠠᠮᠠᠭ᠎ᠠ᠎ᠲᠠᠢ ᠠᠯᠪᠠᠨ ᠪᠢᠴᠢᠭ ᠭᠠᠩ ᠲᠠᠶ᠋ᠢᠯᠦᠭᠰᠡᠨ ᠬᠤᠷ᠎ᠠ ᠰᠢᠭ᠋ ᠪᠤᠷᠬᠠᠨᠲᠤ ᠵᠢᠨ ᠭᠤᠤᠯ᠎ᠢ ᠲᠠᠭ᠋ᠠᠭᠰᠠᠨ ᠲᠦᠮᠡᠨ ᠤᠯᠠᠨ᠎ᠳᠤ ᠲᠠᠭ᠋ᠠᠯᠠᠭᠲᠠᠯᠠ᠃
ᠡᠵᠢ ᠵᠢᠨ ᠬᠠᠶ᠋ᠢᠷ᠎ᠠ ᠭᠡᠵᠤ ᠠᠭᠤᠤ ᠶᠡᠭᠡ᠂ ᠶᠠᠭᠤ ᠪᠦᠬᠦᠨ ᠵᠶ᠋ᠠᠨ ᠦᠷ᠎ᠡ᠎ᠳᠤ᠎ᠪᠠᠨ ᠦᠭᠬᠦ᠎ᠠᠴᠠ ᠪᠤᠴᠠᠲᠠᠭ ᠦᠭᠡᠢ᠃ ᠲᠡᠶ᠋ᠢᠮᠦᠳᠤᠪᠠᠨ ᠬᠦᠮᠦᠰ ᠡᠭᠡ ᠨᠤᠲᠤᠭ᠂ ᠡᠵᠢ ᠨᠠᠭᠤᠷ ᠭᠡᠵᠤ ᠪᠠᠶ᠋ᠢᠭ᠋ᠠᠯᠢ ᠤᠷᠴᠢᠨ ᠵᠶ᠋ᠠᠨ ᠬᠠᠶ᠋ᠢᠷᠠᠯᠠᠨ ᠲᠠᠭᠤᠲᠠᠲᠠᠭ ᠤᠴᠢᠷ᠎ᠲᠠᠢ᠃ ᠪᠠᠶ᠋ᠢᠭ᠋ᠠᠯᠢ ᠤᠷᠴᠢᠨ ᠵᠶ᠋ᠠᠨ ᠬᠦᠮᠦᠨ ᠲᠦᠷᠦᠯᠬᠢᠲᠡᠨ ᠡᠵᠢ᠎ᠲᠠᠢ ᠪᠠᠨ ᠠᠲᠠᠯᠢ᠎ᠪᠠᠷ ᠦᠵᠡᠵᠦ ᠬᠠᠶ᠋ᠢᠷᠠᠯᠠᠨ ᠬᠠᠮᠠᠭ᠋ᠠᠯᠠᠬᠤ ᠶᠤᠰᠤᠲᠠᠢ᠃ ᠨᠡᠬᠦᠲᠡᠯ ᠰᠤᠶᠤᠯ᠎ᠨᠢ ᠡᠭᠡ ᠪᠠᠶ᠋ᠢᠭ᠋ᠠᠯᠢ᠎ᠪᠠᠨ ᠬᠠᠶ᠋ᠢᠷᠠᠯᠠᠨ ᠬᠠᠮᠠᠭ᠋ᠠᠯᠠᠭᠰᠠᠨ ᠮᠠᠯᠴᠢᠨ ᠤᠬᠠᠭ᠋ᠠᠨ ᠪᠠᠶ᠋ᠢᠭ᠎ᠠ ᠶᠤᠮ᠃ ᠨᠤᠲᠤᠭ ᠵᠶ᠋ᠠᠨ ᠡᠭᠡ ᠪᠠᠶ᠋ᠢᠭ᠋ᠠᠯᠢ ᠡᠮᠵᠡᠭᠨᠡᠬᠦᠪᠠᠷ 《ᠲᠠᠷᠭᠤᠨ ᠮᠢᠬ᠎ᠠ ᠢᠲᠡᠵᠦ ᠲᠤᠷᠭ᠋ᠠᠨ ᠲᠡᠭᠡᠷ᠎ᠡ ᠦᠩᠬᠦᠷᠢᠲᠦᠨᠡ》 ᠭᠡᠵᠤ ᠲᠤᠭ᠎ᠠ ᠵᠢ ᠬᠦᠭᠡᠭᠡᠴᠡᠯᠲᠦᠭᠰᠡᠨ ᠲᠤᠬᠢᠯᠠᠭ ᠰᠠᠶ᠋ᠢᠬᠠᠨ ᠰᠠᠭᠤᠷᠢᠰᠢᠯ ᠠᠮᠢᠲᠤᠷᠠᠯ᠎ᠲᠠᠢ ᠰᠢᠨ᠎ᠠ ᠡᠷᠡᠨ᠎ᠤ ᠮᠠᠯᠴᠢᠳ ᠮᠢᠨᠢ ᠵᠢᠷᠡᠡᠨᠢᠭᠡ ᠵᠢᠨ ᠠᠵᠢᠯᠯᠠᠭ᠎ᠠ ᠵᠢ ᠲᠠᠨᠢᠨ ᠤᠬᠠᠭ᠋ᠠᠷᠠᠵᠤ᠂ ᠮᠠᠯ ᠤᠨ ᠵᠶ᠋ᠠᠨ ᠲᠤᠭ᠎ᠠ ᠵᠢ ᠵᠤᠬᠢᠰᠲᠠᠢ ᠪᠠᠶ᠋ᠢᠯᠭ᠋ᠠᠬᠤ᠎ᠪᠠᠷ ᠬᠦᠴᠦᠯᠡᠵᠦ ᠡᠬᠢᠯᠡᠭᠰᠡᠨ᠎ᠨᠢ ᠪᠠᠶᠠᠷᠯᠠᠭᠤᠰᠢᠲᠠᠢ ᠶᠠᠪᠤᠲᠠᠯ᠃
2013 ᠤᠨ᠎ᠳᠤ᠂ ᠰᠢ ᠵᠢᠨ ᠫᠢᠩ ᠶᠡᠷᠦᠩᠭᠡᠢ ᠱᠦᠵᠢ ᠪᠥᠬᠦᠳᠡ ᠨᠠᠶ᠋ᠢᠷᠠᠮᠳᠠᠬᠤ ᠺᠠᠽᠬᠠᠰᠲ᠋ᠠᠨ ᠤᠯᠤᠰ᠎ᠲᠤ ᠠᠶ᠋ᠢᠯᠴᠢᠯᠠᠵᠤ ᠪᠠᠶ᠋ᠢᠬᠤ ᠬᠤᠭᠤᠴᠠᠭ᠋ᠠᠨ᠎ᠳᠤ᠎ᠪᠠᠨ ᠨᠠᠵᠠᠷᠪᠠᠶᠧᠹ ᠶᠡᠭᠡ ᠰᠤᠷᠭ᠋ᠠᠭᠤᠯᠢ ᠵᠢᠨ ᠤᠶᠤᠲᠠᠳ᠎ᠲᠠᠢ ᠤᠷᠴᠢᠨ ᠲᠤᠭᠤᠷᠢᠨ ᠵᠶ᠋ᠠᠨ ᠬᠠᠮᠠᠭ᠋ᠠᠯᠠᠬᠤ ᠲᠤᠬᠠᠢ ᠶᠠᠷᠢᠯᠴᠠᠭ᠎ᠠ ᠪᠤᠯᠬᠤ᠎ᠳᠤ᠎ᠪᠠᠨ 《ᠬᠦᠭᠡ ᠠᠭᠤᠯᠠ ᠬᠦᠭᠡᠮᠲᠦᠭ ᠤᠰᠤ ᠪᠤᠯ ᠲᠠᠷᠤᠢ ᠠᠯᠲᠠ ᠮᠦᠩᠬᠦᠨ ᠠᠭᠤᠯᠠ ᠮᠦᠨ》 ᠭᠡᠵᠤ ᠠᠩᠬ᠎ᠠ ᠲᠤᠷᠠᠳᠴᠤ᠂ ᠨᠠᠮ᠎ᠤᠨ ᠠᠷᠪᠠ ᠶᠢᠰᠦᠲᠦᠭᠡᠷ ᠪᠦᠬᠦᠲᠡ ᠬᠤᠷᠠᠯ᠎ᠳᠤ ᠵᠠᠰᠠᠪᠤᠷᠢ ᠤᠷᠤᠭᠤᠯᠤᠭᠰᠠᠨ 《ᠨᠠᠮ᠎ᠤᠨ ᠲᠦᠷᠢᠮ》᠎ᠳᠤ ᠪᠢᠴᠢᠵᠦ ᠤᠷᠤᠭᠤᠯᠤᠭᠰᠠᠨ᠎ᠨᠢ ᠨᠠᠮ ᠤᠯᠤᠰ᠎ᠠᠴᠠ ᠠᠮᠢ ᠠᠬᠤᠢ ᠵᠢᠨ ᠪᠤᠯᠪᠠᠰᠤᠨ᠎ᠤ ᠪᠦᠲᠦᠭᠡᠨ ᠪᠠᠶ᠋ᠢᠭᠤᠯᠤᠯᠲᠠ ᠵᠢᠨ ᠤᠯᠤᠰ᠎ᠤᠨ ᠲᠦᠪᠰᠢᠨ᠎ᠤ ᠪᠤᠲᠤᠯᠭ᠎ᠠ ᠪᠤᠯᠭ᠋ᠠᠵᠠᠢ᠃
ᠡᠯᠡᠰᠦᠷᠭᠡᠭᠵᠢᠵᠦ ᠪᠦᠬᠦᠢ ᠤᠷᠠᠳ ᠨᠤᠲᠤᠭ᠎ᠲᠤ ᠠᠭᠤᠷᠬᠠᠢ ᠵᠢ ᠬᠠᠭ᠋ᠠᠵᠤ᠂ ᠡᠭᠡ ᠪᠠᠶ᠋ᠢᠭ᠋ᠠᠯᠢ ᠵᠢ ᠰᠡᠷᠬᠦᠭᠡᠬᠦ ᠠᠵᠢᠯᠯᠠᠭ᠎ᠠ ᠡᠷᠴᠢᠮᠲᠡᠢ ᠶᠠᠪᠤᠭᠲᠠᠨ᠂ ᠦᠩᠭᠡ ᠵᠢᠨ ᠴᠡᠴᠡᠭ ᠪᠤᠯᠢᠶᠠᠯᠲᠤᠨ ᠲᠡᠯᠭᠡᠷᠡᠭᠰᠡᠨ ᠤᠷᠠᠳ ᠨᠤᠲᠤᠭ ᠲᠤᠷᠠᠳᠬᠠᠯ᠎ᠳᠤ ᠪᠢᠰᠢ ᠬᠠᠷᠠᠭ᠋ᠠᠨ᠎ᠳᠤ ᠲᠤᠲᠤᠷᠠᠬᠤ ᠶᠤᠮ᠃
ᠵᠠᠬ᠎ᠠ ᠬᠠᠶ᠋ᠢᠭᠰᠠᠨ ᠤᠬᠠᠭ᠋ᠠᠨ
ᠵᠠᠬ᠎ᠠ ᠲᠡᠯᠭᠡᠬᠦᠷ᠎ᠤᠨ ᠠᠵᠤ ᠠᠬᠤᠢ᠎ᠳᠤ ᠰᠢᠯᠵᠢᠭᠰᠡᠡ ᠦᠨᠦᠲᠦᠷ᠂ ᠮᠠᠯ᠎ᠤᠨ ᠠᠰᠢᠭ ᠰᠢᠮ᠎ᠠ ᠴᠦ᠍ ᠲᠤᠮᠤ ᠲᠠᠯᠠᠢ᠎ᠳᠤ ᠤᠷᠤᠭᠰᠠᠨ ᠪᠢᠴᠢᠬᠠᠨ ᠵᠠᠪᠢ ᠰᠢᠭ᠋ ᠵᠠᠬ᠎ᠠ ᠲᠡᠯᠭᠡᠬᠦᠷ᠎ᠤᠨ ᠦᠨ᠎ᠡ ᠬᠠᠩᠰᠢ ᠵᠢᠨ ᠲᠤᠩᠰᠤᠯᠤᠯᠳᠠ᠎ᠳᠤ ᠤᠴᠠᠷᠠᠵᠤ᠂ ᠵᠦᠲᠡᠬᠦᠭᠡᠨ ᠲᠡᠮᠡᠤᠯᠦᠨᠡ᠃ ᠮᠠᠯ ᠤᠨᠤᠭ᠎ᠠ ᠵᠢᠨ ᠦᠨ᠎ᠠ ᠬᠠᠩᠰᠢ ᠬᠢᠮᠲᠠᠷᠠᠵᠤ᠂ ᠮᠠᠯᠵᠢᠬᠤ ᠤᠶ᠋ᠢᠯᠡᠳᠪᠤᠷᠢᠯᠠᠯ ᠬᠦᠴᠢᠷᠲᠠᠯ᠎ᠳᠤ ᠲᠤᠯᠭ᠋ᠠᠷᠠᠭᠰᠠᠨ ᠴᠠᠭ᠎ᠲᠤ ᠮᠠᠯᠴᠢᠳ ᠭᠠᠷ ᠵᠶ᠋ᠠᠨ ᠨᠤᠬᠤᠯᠠᠨ ᠭᠠᠴᠢᠭᠲᠠᠬᠤ ᠭᠡᠵᠤ ᠶᠠᠷᠢᠶᠠᠨ ᠦᠭᠡᠢ ᠤᠴᠢᠷ᠃ ᠵᠢᠷᠠᠡᠨᠢᠭᠡ ᠴᠦ᠍ ᠡᠨᠡᠬᠦ ᠠᠵᠤ ᠠᠬᠤᠢ ᠵᠢᠨ ᠬᠦᠴᠦᠲᠤ ᠲᠠᠪᠠᠯᠭ᠋ᠠᠨᠠᠴᠠ ᠵᠠᠶ᠋ᠢᠯᠠᠵᠤ ᠴᠢᠲᠠᠭ᠎ᠠ ᠦᠭᠡᠢ᠂ ᠠᠳᠬᠤ ᠠᠳᠬᠤ᠎ᠪᠠᠷ ᠤᠯᠲᠠᠭ ᠠᠷᠠᠳ᠎ᠤᠨ ᠵᠤᠭᠤᠰ᠎ᠨᠢ ᠦᠵᠡᠵᠦ ᠬᠠᠷᠠᠵᠤ ᠪᠠᠶ᠋ᠢᠲᠠᠯ᠎ᠠ ᠮᠠᠯ ᠤᠨᠤᠭ᠋ᠠᠨ᠎ᠤ᠎ᠪᠠᠨ ᠡᠪᠡᠰᠣ ᠪᠤᠷᠲᠤᠭ᠋ᠠᠨᠳᠤ ᠴᠦ᠍ ᠬᠦᠷᠬᠦ᠎ᠪᠠᠨ ᠪᠤᠯᠢᠵᠤ᠂ ᠭᠠᠲᠠᠭᠰᠢ ᠵᠠᠬ᠎ᠠ ᠬᠠᠶ᠋ᠢᠨ᠂ ᠭᠠᠷᠬᠤ ᠵᠠᠮ ᠵᠶ᠋ᠠᠨ ᠡᠷᠢᠯᠬᠢᠯᠡᠨ᠎ᠡ᠃
ᠬᠠᠲᠠᠭ᠋ᠠᠭᠰᠠᠨ ᠮᠢᠬ᠎ᠠ ᠭᠡᠪᠡᠯ ᠮᠤᠩᠭᠤᠯᠴᠤᠳ ᠪᠦᠷ ᠮᠡᠲᠡᠲᠡᠭ᠂ ᠭᠡᠯᠡ ᠤᠷᠤᠭ᠎ᠠ ᠭᠡᠤᠭᠡᠳ᠎ᠠᠴᠠ ᠡᠬᠢᠯᠡᠨ ᠬᠦᠭᠰᠢᠨ ᠪᠤᠭᠤᠷᠤᠯᠴᠤᠳ ᠬᠦᠷᠲᠡᠯ᠎ᠠ ᠢᠲᠡᠬᠦ ᠲᠤᠷᠠᠲᠠᠢ᠃ ᠲᠡᠤᠭᠡᠨ᠎ᠠᠴᠠ ᠠᠪᠤᠭ᠋ᠠᠳ ᠮᠤᠩᠭᠤᠯᠴᠤᠳ ᠭᠠᠴᠢᠭ ᠬᠠᠪᠤᠷ᠎ᠢ ᠦᠩᠭᠡᠷᠡᠭᠡᠬᠦ᠂ ᠲᠠᠶ᠋ᠢᠨ ᠪᠠᠶ᠋ᠢᠯᠲᠤᠭ᠋ᠠᠨᠳᠤ ᠮᠤᠷᠲᠠᠬᠤ᠂ ᠤᠲᠤᠷ ᠨᠡᠬᠦᠲᠡᠯ᠎ᠳᠤ ᠲᠤᠲᠠᠭᠲᠠᠵᠤ ᠪᠤᠯᠤᠰᠢ ᠦᠭᠡᠢ ᠬᠦᠨᠡᠰᠤ ᠪᠤᠯᠤᠭᠰᠠᠨ ᠪᠠᠶ᠋ᠢᠲᠠᠭ᠃
— — ᠨᠠᠰᠤ᠎ᠪᠠᠷ ᠵᠶ᠋ᠠᠨ ᠬᠠᠲᠠᠭ᠋ᠠᠭᠰᠠᠨ ᠮᠢᠬ᠎ᠠ ᠢᠲᠡᠯᠡ᠂ ᠶᠡᠷᠦ᠎ᠨᠢ ᠬᠤᠲᠠᠯᠲᠤᠨᠠ ᠭᠡᠵᠤ ᠪᠤᠲᠤᠭ᠎ᠠ ᠦᠭᠡᠢ᠃
— — ᠬᠠᠲᠠᠭ᠋ᠠᠭᠰᠠᠨ ᠮᠢᠬ᠎ᠠ ᠬᠠᠩᠬᠢ ᠦᠨ᠎ᠡ ᠬᠦᠷᠴᠦ ᠪᠠᠶ᠋ᠢᠭ᠎ᠠ ᠶᠤᠮ ᠪᠠᠶ᠋ᠢᠨ᠎ᠠ᠃
— — ᠵᠠ᠂ ᠲᠡᠭᠡᠭᠡᠳ ᠵᠢᠷᠠᠡᠨᠢᠭᠡ ᠵᠢ ᠬᠠᠷᠠᠵᠤ ᠪᠠᠶ᠋ᠢᠶ᠎ᠠ᠂ ᠲᠡᠷᠡ ᠯᠠ ᠬᠢᠭᠡᠳ ᠪᠦᠲᠦᠬᠦ ᠶᠤᠮ ᠪᠤᠯ ᠪᠢᠲᠠ ᠴᠦ᠍ ᠬᠢᠵᠦ ᠪᠤᠯᠬᠤ ᠪᠠᠶ᠋ᠢᠬ᠎ᠠ᠃
— — ᠦᠭᠡᠢ ᠶᠡᠷᠦ᠎ᠨᠢ ᠡᠨᠡ ᠵᠠᠯᠠᠭᠤ ᠠᠷᠪᠢᠨ ᠶᠠᠭᠤᠮ᠎ᠠ ᠰᠡᠲᠦᠵᠦ ᠶᠠᠪᠤᠲᠠᠭ ᠶᠤᠮ ᠪᠠᠶ᠋ᠢᠨ᠎ᠠ᠃ ᠬᠦᠮᠦᠨ᠎ᠠᠴᠠ ᠤᠨᠲᠤᠤ ᠶᠠᠭᠤᠮ᠎ᠠ ᠪᠤᠲᠤᠵᠦ ᠶᠠᠪᠤᠲᠠᠭ ᠪᠠᠶ᠋ᠢᠬᠤ ᠦᠭᠡᠢ ᠤᠤ⁈
— — ᠮᠠᠨᠤᠰ᠎ᠢ ᠢᠩᠬᠢ᠂ ᠴᠢᠩᠬᠢ ᠭᠡᠳ ᠪᠠᠶ᠋ᠢᠲᠠᠭ᠎ᠨᠢ ᠪᠦᠷ ᠰᠠᠶ᠋ᠢᠨ ᠤᠴᠢᠷ ᠪᠠᠶ᠋ᠢᠵᠠᠢ᠃ ᠬᠦᠭᠡᠷᠦᠬᠦᠢ ᠭᠠᠵᠠᠷ ᠡᠯᠡᠭᠡᠭᠰᠡᠨ ᠬᠦᠮᠦᠨ ᠪᠤᠯᠬᠤᠷ ᠤᠯᠠᠨ ᠶᠠᠭᠤᠮ᠎ᠠ ᠦᠵᠡᠵᠦ ᠨᠢᠲᠤ ᠨᠡᠭᠡᠭᠡᠭᠰᠡᠨ ᠪᠠᠶ᠋ᠢᠵᠤ ᠳ᠋ᠠ᠃
《ᠮᠠᠯ᠎ᠤᠨ ᠮᠦᠷ ᠵᠶ᠋ᠠᠷ ᠳᠤᠰᠤ》 ᠬᠡᠳᠡᠭ᠃ ᠮᠠᠯ᠎ᠤᠨ ᠵᠶ᠋ᠠᠨ ᠠᠰᠢᠭ ᠰᠢᠮ᠎ᠠ ᠵᠢ ᠰᠠᠶ᠋ᠢᠬᠠᠨ ᠠᠰᠢᠭᠯᠠᠵᠤ ᠴᠢᠲᠠᠲᠠᠭ ᠯᠠ ᠶᠤᠮ ᠪᠤᠯ᠂ ᠮᠠᠯᠴᠢᠳ᠎ᠤᠨ ᠠᠮᠢᠲᠤᠷᠠᠯ ᠡᠲᠦᠷ᠎ᠠᠴᠠ ᠡᠲᠦᠷ ᠰᠠᠶ᠋ᠢᠨ ᠪᠤᠯᠬᠤ᠎ᠨᠢ ᠶᠠᠷᠢᠶᠠᠨ ᠦᠭᠡᠢ᠃
ᠵᠢᠷᠡᠡᠨᠢᠭᠡ 2012 ᠤᠨ᠎ᠳᠤ᠂ ᠲᠠᠪᠢᠭ᠋ᠠᠳ ᠢᠮᠠᠭ᠋ᠠᠨ ᠮᠢᠬ᠎ᠠ ᠬᠠᠲᠠᠭ᠋ᠠᠭ᠋ᠠᠳ ᠬᠤᠲᠠᠯᠲᠤᠭᠰᠠᠨ᠎ᠳᠤ ᠪᠤᠷᠤᠯᠠᠭᠤᠯᠭ᠎ᠠ ᠶᠡᠭᠡ ᠵᠦᠭᠡᠷ ᠪᠠᠶ᠋ᠢᠭᠰᠠᠨ ᠪᠦᠭᠡᠳ ᠠᠰᠢᠭ ᠤᠷᠤᠯᠭ᠎ᠠ ᠴᠦ᠍ ᠤᠤᠯᠤᠨᠬᠢᠠᠴᠠ ᠦᠨᠲᠤᠷ ᠪᠠᠶ᠋ᠢᠵᠤ᠂ ᠮᠤᠩᠭᠤᠯᠴᠤᠳ᠎ᠤᠨ ᠤᠯᠠᠮᠵᠢᠯᠠᠯᠲᠤ ᠢᠲᠠᠭᠡᠨᠢ ᠵᠠᠬ᠎ᠠ ᠲᠡᠯᠭᠡᠬᠦᠷ᠎ᠲᠤ ᠭᠠᠷᠭ᠋ᠠᠬᠤ ᠰᠠᠨᠠᠭ᠎ᠠ᠎ᠲᠠᠢ ᠠᠩᠬ᠎ᠠ ᠲᠤᠷᠰᠢᠵᠤ ᠬᠢᠭᠡᠳ ᠠᠮᠵᠢᠯᠲᠠ ᠤᠯᠤᠯ᠎ᠠ᠃ ᠮᠠᠯ᠎ᠤᠨ ᠦᠨ᠎ᠠ ᠬᠠᠩᠰᠢ ᠭᠡᠵᠢᠶ᠎ᠠ ᠦᠰᠲᠡᠭ ᠪᠤᠯ ᠭᠡᠵᠤ ᠰᠠᠨᠠᠭ᠋ᠠᠰᠢᠷᠠᠨ ᠰᠠᠭᠤᠭᠰᠠᠨ ᠮᠠᠯᠴᠢᠳ᠎ᠲᠤ ᠦᠪᠡᠷ᠎ᠤᠨ ᠠᠵᠢᠯᠯᠠᠭ᠎ᠠ᠎ᠪᠠᠷ ᠲᠠᠭᠤᠷᠢᠶᠠᠯ ᠪᠤᠯᠵᠤ᠂ ᠲᠡᠲᠡᠨ᠎ᠳᠤ ᠭᠠᠷᠬᠤ ᠵᠠᠮ᠎ᠢ ᠵᠢᠭ᠋ᠠᠵᠤ ᠦᠭᠬᠦᠭᠰᠡᠨ ᠪᠠᠶ᠋ᠢᠨ᠎ᠠ᠃ ᠲᠡᠷᠡ ᠮᠠᠯᠴᠢᠳ᠎ᠤᠨ ᠠᠮᠢᠲᠤᠷᠠᠯ ᠦᠢ᠍ᠯᠡᠳᠪᠦᠷᠢᠯᠡᠯ᠎ᠢ ᠤᠶ᠋ᠢᠯᠠᠭ᠋ᠠᠵᠤ ᠶᠠᠪᠤᠬᠤ᠎ᠳᠤ᠎ᠪᠠᠨ 《ᠨᠠᠮᠤᠷ ᠮᠠᠯ ᠵᠶ᠋ᠠᠨ ᠲᠦᠪᠯᠡᠷᠠᠬᠦᠯᠤᠨ ᠬᠤᠲᠠᠯᠲᠤᠪᠠᠯ ᠮᠠᠯ᠎ᠤᠨ ᠦᠨ᠎ᠠ ᠪᠠᠭᠤᠷᠠᠬᠤ ᠪᠤᠶᠤ ᠬᠤᠲᠠᠯᠲᠤᠵᠤ ᠭᠠᠷᠬᠤ ᠦᠭᠡᠢ ᠪᠠᠶ᠋ᠢᠲᠠᠯ ᠭᠠᠷᠤᠨ᠎ᠠ᠃ ᠠᠷᠭ᠎ᠠ ᠪᠦᠬᠦᠨ᠎ᠢ ᠰᠦᠪᠡᠭᠴᠢᠯᠠᠨ ᠡᠬᠦᠨ᠎ᠠᠴᠠ ᠵᠠᠶ᠋ᠢᠯᠠᠰᠬᠢᠪᠠᠯ ᠵᠤᠬᠢᠨ᠎ᠠ᠂ ᠮᠠᠯ ᠬᠤᠲᠠᠯᠲᠤᠲᠠᠭ ᠵᠤᠷᠰᠢᠯ᠎ᠢ ᠡᠪᠲᠡᠬᠦ ᠦᠭᠡᠢ ᠶᠤᠮ ᠪᠤᠯ ᠭᠠᠷᠬᠤ ᠵᠠᠮ ᠴᠢᠬᠤᠯ ᠪᠤᠯᠤᠨ᠎ᠠ ᠰᠢᠤ》 ᠭᠡᠵᠤ ᠬᠦᠮᠦᠰ᠎ᠤᠨ ᠡᠪ ᠵᠦᠢᠢ ᠬᠠᠷᠠᠵᠤ ᠪᠤᠲᠤᠭᠰᠠᠨ ᠰᠡᠳᠬᠢᠭᠰᠡᠨ ᠦᠵᠡᠭᠰᠡᠨ ᠬᠠᠷᠠᠭᠰᠠᠨ ᠵᠶ᠋ᠠᠨ ᠬᠠᠷᠠᠮ ᠦᠭᠡᠢ ᠬᠤᠪᠢᠶᠠᠯᠴᠠᠵᠤ ᠶᠠᠪᠤᠨ᠎ᠠ᠃
ᠬᠦᠮᠦᠨ ᠪᠤᠯᠭ᠋ᠠᠨ᠎ᠤ ᠠᠮᠢᠲᠤᠷᠠᠬᠤᠢ ᠵᠢᠨ ᠤᠬᠠᠭ᠋ᠠᠨ ᠵᠦᠷᠢᠶ᠎ᠡ᠎ᠲᠠᠢ ᠪᠠᠶ᠋ᠢᠲᠠᠭ᠃ ᠵᠠᠷᠢᠮ ᠬᠦᠮᠦᠨ ᠬᠠᠷ᠎ᠠ ᠴᠠᠢ᠎ᠪᠠᠨ ᠤᠭᠤᠴᠠᠵᠤ᠂ ᠭᠠᠲᠠᠨᠠᠬᠢ ᠶᠢᠷᠲᠢᠨᠴᠦ ᠵᠢᠨ ᠬᠦᠭᠵᠢᠯᠲᠡ ᠵᠢ ᠶᠠᠭᠤᠮᠠᠨ᠎ᠳᠤ ᠪᠤᠲᠤᠯ ᠦᠭᠡᠢ᠂ ᠲᠡᠭᠷᠢ ᠨᠤᠷᠠᠭᠰᠠᠨ ᠴᠦ᠍ ᠲᠡᠬᠦᠨ᠎ᠳᠤ ᠬᠠᠮᠢᠶ᠎ᠠ ᠦᠭᠡᠢ ᠰᠢᠭ᠂ ᠲᠤᠭᠲᠠᠮᠠᠯ ᠤᠰᠤ ᠭᠡᠮᠡᠷᠭᠡᠨ ᠨᠢᠭᠡ ᠨᠠᠰᠤ ᠵᠢ ᠡᠯᠡᠭᠡᠨ᠎ᠡ᠃ ᠵᠠᠷᠢᠮ ᠬᠦᠮᠦᠨ ᠨᠡᠶ᠋ᠢᠭᠡᠮ᠎ᠤᠨ ᠲᠠᠪᠰᠢᠯᠲᠠ ᠬᠦᠭᠵᠢᠯᠲᠡ ᠵᠢᠨ ᠦᠷ᠎ᠡ ᠪᠦᠲᠦᠭᠡᠯ᠎ᠢ ᠡᠳ᠋ᠯᠡᠬᠦ ᠭᠡᠵᠤ ᠤᠬᠠᠭ᠋ᠠᠨ ᠵᠶ᠋ᠠᠨ ᠰᠢᠪᠬᠠᠨ ᠴᠢᠷᠮᠠᠶ᠋ᠢᠵᠤ ᠶᠠᠪᠤᠨ᠎ᠠ᠃ 《ᠴᠠᠭ᠋ᠠᠰᠤ ᠬᠡᠲᠦᠢ ᠨᠢᠮᠭᠡᠨ ᠴᠦ᠍ ᠴᠢᠴᠢᠬᠦ ᠦᠭᠡᠢ ᠪᠤᠯ ᠴᠤᠭᠤᠷᠠᠬᠤ ᠦᠭᠡᠢ᠂ ᠬᠦᠮᠦᠨ ᠭᠡᠲᠦᠢ ᠮᠡᠷᠭᠡᠨ ᠴᠦ᠍ ᠭᠡᠯᠡᠬᠦ ᠦᠭᠡᠢ ᠪᠤᠯ ᠮᠡᠲᠡᠬᠦ ᠦᠭᠡᠢ》 ᠭᠡᠲᠡᠭ᠂ ᠵᠠᠷᠢᠮ ᠲᠤᠭᠤᠢ ᠰᠠᠭᠤᠵᠤ ᠪᠤᠰᠤᠳ᠎ᠤᠨ ᠦᠭᠡ ᠵᠢ ᠴᠢᠩᠨᠠᠵᠤ ᠪᠠᠶ᠋ᠢᠭᠰᠠᠨ ᠵᠶ᠋ᠠᠨ ᠠᠷᠭ᠎ᠠ ᠤᠬᠠᠭ᠋ᠠᠨ ᠵᠶ᠋ᠠᠨ ᠤᠯᠤᠭᠰᠠᠨ ᠴᠦ᠍ ᠪᠠᠶ᠋ᠢᠲᠠᠭ᠃
ᠮᠠᠯᠴᠢᠨ ᠬᠦᠮᠦᠨ ᠵᠠᠬ᠎ᠠ ᠲᠡᠯᠭᠡᠬᠦᠷ᠎ᠤᠨ ᠦᠷᠢᠰᠦᠯᠲᠦᠭᠡᠨ᠎ᠳᠤ ᠬᠦᠯ ᠲᠤᠭᠲᠠᠬᠤ ᠭᠡᠵᠤ ᠬᠢᠯᠪᠡᠷ ᠶᠠᠪᠤᠲᠠᠯ ᠪᠢᠰᠢ᠃ ᠵᠠᠯᠠᠭᠤ ᠭᠠᠩᠭ᠋ᠠᠩ ᠨᠠᠰᠤᠨ᠎ᠳᠤ᠎ᠪᠠᠨ ᠵᠠᠬ᠎ᠠ ᠲᠡᠯᠭᠡᠬᠦᠷ᠎ᠤᠨ ᠵᠠᠢ᠎ᠳᠤ ᠤᠬᠠᠭ᠋ᠠᠨ ᠰᠤᠶ᠋ᠢᠵᠤ᠂ ᠤᠨᠠᠵᠤ ᠲᠤᠰᠴᠦ ᠠᠯᠲᠠᠵᠤ ᠤᠯᠵᠤ ᠶᠠᠪᠤᠭᠰᠠᠨ ᠵᠢᠷᠠᠡᠨᠢᠭᠡ ᠬᠤᠵᠢᠮ ᠵᠶ᠋ᠠᠨ ᠪᠤᠲᠤᠨ ᠬᠤᠯᠠ ᠵᠢ ᠬᠠᠷᠠᠲᠠᠭ ᠪᠤᠯᠵᠠᠢ᠃ ᠠᠩᠬᠠᠨ᠎ᠤ ᠵᠢᠯ᠎ᠳᠤ᠎ᠪᠠᠨ ᠠᠮᠵᠢᠯᠲᠠ ᠤᠯᠤᠭᠰᠠᠨ ᠵᠢᠷᠡᠡᠨᠢᠭᠡ ᠮᠢᠬ᠎ᠠ ᠬᠠᠲᠠᠭ᠋ᠠᠵᠤ ᠬᠤᠲᠠᠯᠲᠤᠬᠤ᠎ᠪᠠᠷ ᠤᠷᠤᠯᠭ᠎ᠠ᠎ᠪᠠᠨ ᠨᠡᠮᠡᠭᠲᠡᠬᠦᠯᠬᠦ ᠨᠢᠭᠡ ᠵᠠᠮ ᠵᠶ᠋ᠠᠨ ᠪᠤᠯᠭ᠋ᠠᠨ᠂ ᠬᠤᠪᠢ᠎ᠪᠠᠷ ᠵᠶ᠋ᠠᠨ 500 ᠲᠡᠭᠰᠢ ᠲᠦᠷᠪᠡᠯᠵᠢᠨ ᠮᠸᠲᠷ ᠲᠠᠯᠠᠪᠠᠢ ᠪᠦᠬᠦᠢ ᠮᠢᠬ᠎ᠠ ᠬᠠᠲᠠᠭ᠋ᠠᠬᠤ ᠬᠦᠮᠤᠷᠭᠡ ᠪᠠᠷᠢᠵᠤ᠂ ᠢᠮᠡᠭ᠋ᠠᠨ ᠮᠢᠬ᠎ᠠ ᠬᠠᠲᠠᠭ᠋ᠠᠬᠤ ᠦᠢ᠍ᠯᠡᠰ ᠵᠶ᠋ᠠᠨ ᠦᠷᠭᠡᠵᠢᠬᠦᠯᠦᠭᠰᠡᠨ ᠪᠠᠶ᠋ᠢᠨ᠎ᠠ᠃
ᠵᠢᠷᠠᠡᠨᠢᠭᠡ ᠮᠠᠯ ᠪᠡᠯᠴᠢᠭᠡᠷ᠎ᠤᠨ ᠵᠠᠢ᠎ᠳᠤ ᠴᠠᠭ ᠮᠦᠴᠨ ᠵᠢ ᠡᠯᠡᠭᠡᠵᠤ ᠵᠦᠭᠡᠷ ᠰᠠᠭᠤᠲᠠᠭ ᠦᠭᠡᠢ᠂ ᠬᠠᠷᠢᠨ ᠬᠦᠲᠡᠭᠡ ᠵᠢᠨ ᠠᠵᠢᠯ᠎ᠤᠨ ᠶᠠᠭ᠋ᠠᠷᠠᠤ ᠴᠠᠭ᠎ᠢ ᠦᠩᠭᠡᠷᠠᠪᠠᠯ᠂ ᠭᠡᠲᠤᠨ ᠲᠦᠮᠠᠨ ᠲᠦᠬᠦᠷᠢᠭ ᠵᠶ᠋ᠠᠨ ᠬᠠᠶ᠋ᠢᠷᠠᠯᠠᠯ ᠦᠭᠡᠢ ᠭᠠᠭᠴᠠᠭ᠋ᠠᠷ ᠵᠶ᠋ᠠᠨ ᠭᠠᠲᠠᠭᠰᠢ 《ᠰᠤᠷᠤᠯᠴᠠᠬᠤ》᠎ᠪᠠᠷ ᠭᠠᠲᠠᠭᠤᠷ ᠶᠠᠪᠤᠲᠠᠭ᠃ ᠨᠢᠭᠡ ᠵᠢᠯ᠎ᠳᠤ ᠪᠠᠷᠤᠭ ᠵᠠᠭᠤᠨ ᠬᠤᠨᠤᠭ᠎ᠢ ᠪᠡᠭᠡᠵᠢᠩ᠂ ᠰᠢᠨᠵᠢᠶᠠᠩ᠂ ᠯᠢᠶᠤᠤᠨᠢᠩ᠂ ᠬᠦᠭᠡᠨᠠᠭᠤᠷ᠎ᠤᠨ ᠲᠠᠯᠠᠭᠡᠢ ᠬᠤᠲᠠ᠂ ᠲᠤᠯᠠᠭ᠋ᠠᠨ ᠰᠢᠶᠠᠨ᠂ ᠬᠠᠶ᠋ᠢᠰᠢ ᠵᠸᠤ᠂ ᠮᠠᠨ᠎ᠤ ᠤᠷᠤᠨ᠎ᠤ ᠡᠯ᠎ᠠ ᠠᠶ᠋ᠢᠮᠠᠭ ᠬᠤᠲᠠ ᠬᠤᠰᠢᠭᠤ᠎ᠪᠠᠷ ᠪᠠᠶ᠋ᠢᠩᠭᠤ ᠶᠠᠪᠤᠵᠤ᠂ ᠭᠠᠵᠠᠷ ᠪᠤᠯᠭ᠋ᠠᠨ᠎ᠤ ᠰᠢᠨ᠎ᠠ ᠮᠠᠯᠵᠢᠯ᠎ᠤᠨ ᠠᠷᠭ᠎ᠠ ᠲᠤᠷᠰᠢᠯᠭ᠎ᠠ ᠪᠤᠶᠤ ᠮᠠᠯ ᠠᠵᠤ ᠠᠬᠤᠢ᠎ᠪᠠᠨ ᠰᠠᠶ᠋ᠢᠬᠠᠨ ᠡᠵᠡᠩᠨᠠᠵᠤ ᠪᠠᠶ᠋ᠢᠭ᠎ᠠ ᠬᠦᠮᠤᠰ᠎ᠤᠨ ᠠᠷᠭ᠎ᠠ ᠲᠤᠷᠰᠢᠯᠭ᠎ᠠ ᠵᠢ ᠦᠵᠠᠨ ᠰᠤᠷᠤᠯᠴᠠᠲᠠᠭᠨᠢ ᠲᠠᠳᠬᠠᠯ ᠪᠤᠯᠵᠠᠢ᠃ ᠲᠡᠶ᠋ᠢᠮᠦᠳᠤᠪᠠᠨ ᠲᠡᠬᠦᠨ᠎ᠳᠤ ᠲᠠᠨᠢᠯ ᠤᠯᠠᠨ᠎ᠲᠠᠢ᠃ ᠤᠤᠯ᠎ᠠᠴᠠ᠎ᠪᠠᠨ ᠰᠠᠶ᠋ᠢᠬᠠᠨ ᠬᠠᠷᠢᠯᠴᠠᠲᠠᠭ ᠰᠢ ᠪᠸᠢ ᠮᠢᠬᠠᠨ᠎ᠤ ᠲᠦᠷᠤᠯ᠎ᠤᠨ ᠺᠤᠮᠫᠠᠨᠢ ᠪᠤᠯᠤᠨ ᠪᠡᠭᠡᠵᠢᠩ᠎ᠤᠨ ᠨᠢᠭᠡᠨ ᠮᠢᠬᠠᠨ᠎ᠤ ᠺᠤᠮᠫᠠᠨᠢ᠎ᠲᠠᠢ ᠭᠡᠲᠤᠨ ᠵᠢᠯ᠎ᠤᠨ ᠬᠤᠭᠤᠴᠠᠭ᠋ᠠᠨ᠎ᠳᠤ ᠬᠠᠮᠲᠤᠷᠠᠨ ᠠᠵᠢᠯᠯᠠᠵᠤ᠂ ᠬᠠᠲᠠᠭ᠋ᠠᠭᠰᠠᠨ ᠮᠢᠬ᠎ᠠ᠎ᠪᠠᠨ ᠰᠢᠭᠤᠳ ᠪᠤᠷᠤᠯᠠᠭᠤᠯᠤᠭᠰᠠᠭ᠋ᠠᠷ ᠢᠷᠠᠵᠠᠢ᠃ ᠲᠠᠷᠨ ᠤᠶ᠋ᠢᠷ᠎ᠠ ᠬᠠᠪᠢ ᠵᠢᠨ ᠮᠠᠯᠴᠢᠳ᠎ᠤᠨ ᠬᠤᠲᠠᠯᠲᠤᠬᠤ ᠬᠤᠨᠢ ᠮᠠᠯ᠎ᠢ ᠴᠦ᠍ ᠺᠤᠮᠫᠠᠨᠢ᠎ᠲᠠᠢ ᠬᠠᠷᠢᠴᠠᠵᠤ ᠦᠭᠲᠡᠭ᠎ᠠᠴᠠ ᠮᠠᠯᠴᠢᠳ᠎ᠤᠨ ᠮᠠᠯ᠎ᠤᠨ ᠭᠠᠷᠭ᠋ᠠᠯᠲᠠ ᠵᠢᠨ ᠠᠵᠢᠯ᠎ᠢ ᠲᠡᠮᠵᠢᠭᠰᠡᠨ ᠪᠦᠭᠡᠳ ᠪᠦᠭᠡᠮ ᠵᠶ᠋ᠠᠷ ᠪᠤᠷᠤᠯᠠᠭᠤᠯᠵᠤ ᠬᠠᠩᠭ᠋ᠠᠯᠭ᠎ᠠ ᠵᠢ ᠪᠠᠲᠤᠯᠠᠵᠤ ᠴᠢᠲᠠᠭᠰᠠᠨ ᠪᠠᠶ᠋ᠢᠨ᠎ᠠ᠃
2017 ᠤᠨ᠎ᠤ ᠡᠪᠤᠯ᠃
ᠪᠤᠷᠬᠠᠨᠲᠤ ᠵᠢᠨ ᠭᠤᠤᠯ᠎ᠢ ᠲᠠᠭ᠋ᠠᠭᠰᠠᠨ ᠮᠠᠯᠴᠢᠨ ᠲᠦᠮᠡᠨ᠎ᠤ ᠲᠦᠰᠢᠭ ᠪᠤᠯᠵᠤ ᠤᠩᠭᠤᠨ ᠠᠭᠤᠯᠠ ᠬᠦᠭᠡᠷᠡᠨ ᠰᠦᠨᠲᠡᠷᠯᠡᠨᠡ᠃ ᠡᠨᠡ ᠵᠢᠯ ᠤᠷᠠᠳ ᠨᠤᠲᠤᠭ ᠴᠠᠰᠤ ᠪᠠᠭ᠋ᠠᠲᠠᠢ᠂ 11 ᠰᠠᠷ᠎ᠠ ᠵᠢᠨ ᠲᠤᠮᠲᠠᠴᠢ ᠪᠤᠯᠴᠢᠬᠭ᠌ᠰᠠᠨ ᠪᠠᠶ᠋ᠢᠲᠠᠯ᠎ᠠ ᠬᠦᠢ᠍ᠲᠡᠷᠡᠬᠦ ᠰᠢᠨᠵᠢ ᠠᠯᠠᠭ᠎ᠠ᠃ ᠡᠲᠦᠷ ᠪᠤᠯᠭ᠋ᠠᠨ ᠵᠢᠵᠢᠭ ᠠᠴᠢᠶᠠᠨ᠎ᠤ ᠮᠠᠰᠢᠨ ᠲᠠᠯ᠎ᠠ ᠵᠢᠨ ᠰᠢᠷ᠎ᠠ ᠵᠠᠮ ᠵᠶ᠋ᠠᠷ ᠲᠤᠭᠤᠰᠤ ᠲᠠᠲᠠᠭᠤᠯᠤᠨ ᠲᠠᠪᠬᠢᠵᠦ ᠠᠶ᠋ᠢᠯ ᠦᠵᠡᠪᠡᠯ ᠤᠷᠤᠬᠤ ᠬᠠᠷᠠᠭᠳᠠᠨ᠎ᠠ᠃ ᠮᠠᠯ᠎ᠤᠨ ᠮᠢᠬ᠎ᠠ ᠦᠨ᠎ᠡ ᠬᠦᠷᠦᠭᠰᠡᠨ ᠵᠶ᠋ᠠᠷ ᠵᠠᠪᠰᠠᠷ᠎ᠤᠨ ᠮᠠᠶ᠋ᠢᠮᠠᠶ᠋ᠢᠴᠢᠳᠤᠨ ᠵᠢᠷᠭ᠋ᠠᠯ ᠪᠤᠯᠵᠤ ᠪᠠᠶ᠋ᠢᠭ᠎ᠠ᠎ᠨᠢ ᠡᠨᠡ᠃ 《ᠡᠬᠦᠨ᠎ᠲᠠᠢ ᠴᠢᠨᠢ ᠨᠠᠶ᠋ᠢᠵᠠ᠂ ᠲᠡᠬᠦᠨ᠎ᠲᠠᠢ ᠴᠢᠨᠢ ᠬᠠᠮᠲᠤ ᠰᠤᠷᠤᠭᠴᠢ》 ᠭᠡᠵᠤ ᠲᠦᠷᠦᠯ ᠰᠠᠲᠤᠨᠤ ᠬᠢᠨᠢ ᠨᠡᠷ᠎ᠡ ᠵᠢ ᠵᠢᠭ᠋ᠠᠵᠤ᠂ ᠠᠰᠢᠭ ᠵᠶ᠋ᠠᠨ ᠶᠡᠭᠡᠰᠭᠡᠬᠦ ᠤᠬᠠᠭ᠋ᠠᠨ ᠵᠠᠷᠤᠵᠤ ᠶᠠᠪᠤᠨ᠎ᠠ ᠁
— — ᠵᠢᠷᠡᠡᠨᠢᠭᠡ ᠢᠮᠠᠭ᠎ᠠ ᠬᠤᠲᠠᠯᠲᠤᠵᠤ ᠠᠪᠬᠤ ᠶᠤᠮ ᠭᠡᠨ᠎ᠡ᠃
— — ᠵᠠᠬ᠎ᠠ ᠲᠯᠡᠭᠡᠬᠦᠷ᠎ᠤᠨ ᠦᠨ᠎ᠡ᠎ᠠᠴᠠ ᠨᠢᠭᠡ ᠲᠦᠬᠦᠷᠢᠭ ᠢᠯᠡᠬᠦᠦ ᠦᠭᠬᠦ ᠭᠡᠵᠤ ᠪᠠᠶ᠋ᠢᠨ᠎ᠠ᠃
— — ᠨᠢᠭᠡ ᠲᠦᠬᠦᠷᠢᠭ ᠢᠯᠡᠬᠦᠦ ᠴᠦ᠍ ᠦᠭᠬᠦᠭᠰᠡᠨ ᠪᠤᠯᠤᠨ᠎ᠠ ᠰᠢᠲᠠ᠂ ᠠᠪᠲᠠᠭ ᠯᠠ ᠶᠤᠮ ᠪᠤᠯ ᠵᠠᠬ᠎ᠠ ᠲᠡᠯᠭᠡᠬᠦᠷ᠎ᠤᠨ ᠦᠨ᠎ᠡ ᠴᠦ᠍ ᠪᠤᠯᠤᠨ᠎ᠠ᠃ ᠬᠦᠢ᠍ᠲᠡᠨ ᠬᠦᠮᠦᠷᠭᠡ᠎ᠳᠤ ᠤᠴᠢᠬᠤ ᠶᠤᠮ ᠪᠤᠯ᠂ ᠠᠶ᠎ᠠ ᠦᠭᠡᠶ᠋ᠢᠲᠡᠪᠡᠯ ᠬᠤᠶᠠᠷ ᠭᠤᠷᠪᠠᠨ ᠬᠤᠨᠤᠭ ᠬᠦᠯᠢᠶᠡᠬᠦ ᠪᠤᠯᠤᠨ᠎ᠠ᠂ ᠭᠡᠲᠦᠢ ᠶᠠᠷᠰᠢᠭᠲᠠᠢ ᠪᠤᠢ?
— — ᠰᠤᠨᠤᠰᠬᠤ᠎ᠳᠤ ᠡᠨᠡ ᠵᠢᠯ ᠨᠠᠯᠢᠶᠠᠳ ᠮᠢᠬ᠎ᠠ ᠬᠠᠲᠠᠭ᠋ᠠᠬᠤ ᠭᠡᠵᠤ ᠪᠠᠶ᠋ᠢᠭ᠎ᠠ ᠶᠤᠮ ᠭᠡᠨ᠎ᠡ᠃ ᠲᠠᠮ᠎ᠤᠨ ᠦᠭᠡ ᠲᠠᠯᠠᠨ ᠬᠤᠲᠠᠯ᠂ ᠵᠠᠮ᠎ᠤᠨ ᠦᠭᠡ ᠵᠢᠷᠠᠨ ᠬᠤᠲᠠᠯ ᠪᠤᠯᠤᠭ᠎ᠠ ᠦᠭᠡᠢ᠃ ᠵᠢᠷᠡᠡᠨᠢᠭᠡ ᠦᠬᠦᠴᠨ ᠵᠢᠨ ᠴᠠᠭ ᠤᠶ᠋ᠢᠷᠠᠳᠬᠤᠪᠠᠷ ᠭᠡᠲᠦᠨ ᠵᠠᠭᠤᠨ ᠢᠮᠠᠭ᠎ᠠ ᠬᠤᠲᠠᠯᠲᠤᠨ ᠠᠪᠤᠯ᠎ᠠ᠃ ᠢᠮᠠᠭ᠎ᠠ᠎ᠪᠠᠨ ᠵᠢᠷᠡᠡᠨᠢᠭᠡᠳᠤ ᠬᠤᠲᠠᠯᠲᠤᠵᠤ ᠦᠭᠬᠦᠶ᠎ᠡ ᠭᠡᠰᠡᠨ ᠠᠶ᠋ᠢᠯ᠎ᠲᠠᠢ ᠡᠲᠦᠷ ᠪᠤᠯᠵᠤᠵᠤ᠂ ᠲᠤᠭᠲᠠᠭᠰᠠᠨ ᠴᠠᠭ᠎ᠲᠤ ᠡᠲᠡᠨᠤᠳᠤ ᠬᠦᠷᠭᠡᠭᠡᠳ ᠢᠷᠡᠪᠡᠯ ᠪᠤᠯᠴᠢᠬᠠᠨ᠎ᠠ᠃
— — ᠪᠤᠯᠵᠤᠭᠰᠠᠨ ᠴᠠᠭ᠎ᠲᠤ ᠪᠢ ᠡᠬᠦᠲᠡᠨᠳᠤᠪᠠᠨ ᠮᠠᠯ᠎ᠢ ᠤᠯᠠᠮᠵᠢᠯᠠᠯᠲᠤ ᠠᠷᠭ᠎ᠠ᠎ᠪᠠᠷ ᠦᠷᠦᠴᠡᠯᠡᠵᠦ ᠨᠢᠲᠦᠯᠡᠲᠡᠭ᠃ ᠴᠠᠭ ᠪᠤᠯᠵᠤᠵᠤ ᠪᠠᠶ᠋ᠢᠬᠤ᠎ᠨᠢ ᠮᠠᠯ ᠵᠶ᠋ᠠᠨ ᠬᠦᠷᠭᠡᠵᠦ ᠢᠷᠡᠭᠰᠡᠨ ᠮᠠᠯᠴᠢᠳ ᠬᠦᠯᠢᠶᠡᠬᠦ ᠭᠡᠷᠡᠭ ᠦᠭᠡᠢ᠂ ᠮᠢᠨᠤ ᠠᠲᠡ ᠠᠪᠴᠢᠷᠠᠪᠠᠯ ᠠᠯᠠᠵᠤ ᠨᠢᠲᠦᠯᠡᠬᠦ ᠬᠦᠯᠦᠰᠤ ᠭᠡᠵᠤ ᠠᠪᠬᠤ ᠦᠭᠡᠢ᠂ ᠡᠨᠡ᠎ᠨᠢ ᠪᠠᠭ᠎ᠠ ᠴᠦ᠍ ᠭᠡᠰᠠᠨ ᠪᠠᠰᠠ ᠯᠠ ᠤᠷᠤᠯᠭ᠎ᠠ ᠭᠡᠰᠡᠨ ᠦᠭᠡ᠃ ᠦᠷᠦᠴᠡᠯᠡᠵᠦ ᠠᠯᠠᠪᠠᠯ ᠴᠢᠰᠤ᠎ᠨᠢ ᠬᠦᠢ᠍ᠴᠡᠳ ᠲᠠᠯᠪᠢᠭᠲᠠᠬᠤ ᠦᠭᠡᠢ ᠪᠠᠶ᠋ᠢᠵᠤ ᠬᠠᠲᠠᠭ᠋ᠠᠭᠰᠠᠨ ᠮᠢᠬᠠᠨ᠎ᠤ ᠦᠩᠭᠡ ᠠᠮᠲᠠ᠎ᠨᠢ ᠰᠠᠶ᠋ᠢᠬᠠᠨ ᠪᠤᠯᠲᠠᠭ᠃ ᠬᠤᠭᠤᠯᠠᠢ ᠵᠢ ᠬᠢᠷᠦᠭᠡᠳᠡᠵᠤ ᠠᠯᠠᠪᠠᠯ ᠠᠲᠠᠭᠲᠤᠪᠠᠨ 3 ᠵᠢᠩ ᠪᠠᠭᠤᠷᠠᠨ᠎ᠠ᠃ 40 ᠵᠢᠩ ᠠᠯᠠᠬᠤ ᠶᠤᠰᠤᠲᠠᠢ ᠢᠮᠠᠭ᠎ᠠ ᠴᠢᠨᠢ 37 ᠵᠢᠩ ᠪᠤᠯᠴᠢᠬᠠᠨ᠎ᠠ᠃ ᠡᠨᠡ ᠵᠢᠯ᠎ᠤᠨ ᠦᠨ᠎ᠡ᠎ᠪᠠᠷ ᠪᠤᠲᠤᠪᠠᠯ᠂ 3 ᠵᠢᠩ ᠴᠢᠨᠢ 90 ᠰᠢᠬᠠᠮ ᠲᠦᠬᠦᠷᠢᠭ᠂ ᠲᠠᠬᠢᠭ᠋ᠠᠳ ᠵᠢᠩ ᠪᠦᠷᠢ᠎ᠳᠤ ᠢᠯᠡᠬᠦᠦ ᠦᠭᠬᠦ ᠨᠢᠭᠡ ᠲᠦᠬᠦᠷᠢᠭ᠎ᠢ᠎ᠨᠢ ᠪᠤᠲᠤᠪᠠᠯ ᠨᠢᠭᠡ ᠢᠮᠠᠭ᠎ᠠ ᠠᠲᠠᠭᠲᠤᠪᠠᠨ 130 ᠭᠠᠷᠤᠢ ᠲᠦᠬᠦᠷᠢᠭ ᠢᠯᠡᠬᠦᠦ ᠦᠨ᠎ᠡ ᠬᠦᠷᠦᠯ᠎ᠠ ᠭᠡᠰᠡᠨ ᠦᠭᠡ᠃ ᠤᠰᠤ ᠤᠤᠭᠤᠯᠭ᠋ᠠᠬᠤ ᠦᠭᠡᠢ ᠡᠪᠡᠰᠤ ᠢᠲᠡᠬᠦᠯᠬᠦ ᠦᠭᠡᠢ ᠭᠡᠲᠦᠨ ᠡᠲᠦᠷ ᠬᠦᠯᠢᠶᠡᠯᠭᠡᠪᠡᠯ ᠮᠠᠯ᠎ᠤᠨ ᠵᠢᠩ ᠪᠠᠭ᠎ᠠ ᠦᠭᠡᠢ ᠪᠠᠭᠤᠷᠠᠨ᠎ᠠ᠂ ᠭᠡᠲᠦᠨ ᠵᠢᠩ ᠵᠶ᠋ᠠᠷ ᠪᠠᠭᠤᠷᠠᠨ᠎ᠠ ᠰᠢᠤ᠂ ᠡᠨᠡ᠎ᠨᠢ ᠮᠠᠯᠴᠢᠳ᠎ᠲᠤ ᠠᠪᠴᠤ ᠭᠡᠯᠡᠪᠡᠯ ᠦᠵᠡᠭᠲᠡᠬᠦ ᠦᠭᠡᠢ ᠬᠤᠬᠢᠷᠠᠯ᠂ ᠲᠡᠬᠢᠭ᠋ᠠᠳ ᠪᠦᠷ ᠲᠡᠷᠭᠡ ᠤᠨᠤᠭ᠋ᠠᠨ᠎ᠤ ᠬᠦᠯᠦᠰᠤ᠂ ᠠᠷᠠᠰᠤᠨ᠎ᠳᠤᠨᠢ ᠭᠠᠷᠭ᠋ᠠᠭᠰᠠᠨ ᠮᠢᠬ᠎ᠠ᠂ ᠬᠠᠭ᠋ᠠᠰ ᠰᠡᠬᠦᠯᠢᠨᠢ ᠴᠦ᠍ ᠪᠤᠲᠤᠭ᠎ᠠ ᠦᠭᠡᠢ ᠰᠢᠤ᠂ ᠲᠡᠭᠡᠷ᠎ᠡ᠎ᠨᠢ ᠲᠠᠬᠢᠭ᠋ᠠᠳ 20 ᠵᠢᠩ᠎ᠠᠴᠠ ᠲᠤᠷᠤᠭᠰᠢ᠂ 30 ᠵᠢᠩ᠎ᠠᠴᠠ ᠲᠤᠷᠤᠭᠰᠢ ᠭᠡᠬᠦᠴᠢᠯᠡᠨ ᠭᠡᠲᠦᠨ ᠲᠡᠰ ᠬᠤᠪᠢᠶᠠᠨ ᠠᠲᠠᠯᠢ ᠪᠤᠰᠤ ᠦᠨ᠎ᠡ᠎ᠪᠠᠷ ᠬᠤᠲᠠᠯᠲᠤᠨ ᠠᠪᠤᠨ᠎ᠠ᠂ ᠡᠨᠡ ᠴᠢᠨᠢ ᠪᠠᠰᠠ ᠪᠠᠭ᠎ᠠ ᠪᠤᠰᠤ ᠭᠠᠷᠤᠵᠠ᠂ ᠨᠠᠷᠢᠨ ᠲᠠᠩᠰᠠ ᠲᠤᠭ᠋ᠠᠴᠢᠬᠤ ᠶᠤᠮ ᠪᠤᠯ ᠪᠠᠭ᠎ᠠ ᠦᠭᠡᠢ ᠲᠤᠭ᠎ᠠ ᠰᠢᠤ ᠭᠡᠵᠤ ᠵᠢᠷᠡᠡᠨᠢᠭᠡ ᠮᠢᠬ᠎ᠠ ᠴᠢᠨᠠᠬᠤ ᠵᠢᠨ ᠲᠠᠭ᠋ᠠᠤ ᠦᠬᠦᠴᠨᠳᠤ ᠬᠠᠪᠰᠤᠷᠬᠤ᠎ᠪᠠᠷ ᠢᠷᠡᠭᠰᠡᠨ ᠬᠦᠮᠦᠰ᠎ᠲᠤ ᠶᠠᠷᠢᠨ᠎ᠠ᠃
— — ᠡᠨᠡ ᠤᠯᠠᠨ ᠨᠠᠷᠢᠨ ᠲᠠᠩᠰᠠ ᠵᠢ ᠶᠡᠷᠦ᠎ᠨᠢ ᠪᠤᠲᠤᠵᠤ ᠦᠵᠡᠭᠡ ᠦᠭᠡᠢ ᠯᠠ ᠳ᠋ᠠ᠃ ᠶᠠᠪᠤᠭᠤᠯ ᠮᠠᠶ᠋ᠢᠮᠠᠶ᠋ᠢᠴᠢᠨᠳᠤ ᠬᠤᠲᠠᠯᠲᠤᠵᠤ ᠦᠭᠬᠦᠭᠡᠳ ᠭᠡᠲᠦᠢ ᠴᠦ᠍ ᠬᠤᠨᠵᠢᠭᠲᠠᠭᠰᠠᠨᠢ ᠪᠤᠤ ᠮᠡᠲᠡ᠃ ᠬᠦᠢ᠍ᠲᠡᠨ ᠬᠦᠮᠦᠷᠭᠡ ᠭᠠᠷᠤᠭ᠋ᠠᠳ ᠨᠡᠯᠢᠶᠡᠳ ᠦᠨ᠎ᠡ ᠬᠦᠷᠭᠡᠯ᠎ᠡ ᠭᠡᠰᠡᠨ ᠴᠢᠨᠢ ᠪᠠᠰᠠ ᠯᠠ ᠬᠤᠰᠤᠭᠤᠯᠵᠤ ᠪᠠᠶ᠋ᠢᠭ᠎ᠠ ᠶᠤᠮ ᠪᠠᠶ᠋ᠢᠨ᠎ᠠ᠃
— — ᠮᠠᠨ ᠰᠢᠭ᠋ ᠮᠠᠯᠴᠢᠨ ᠬᠦᠮᠦᠨ ᠡᠬᠦᠨ᠎ᠢ ᠶᠠᠭ᠋ᠠᠬᠢᠵᠦ ᠮᠡᠲᠡᠨ᠎ᠡ ᠳ᠋ᠠ᠂ ᠵᠢᠷᠡᠡᠨᠢᠭᠡ ᠢᠩᠬᠢᠵᠦ ᠭᠡᠯᠡᠬᠦ ᠦᠭᠡᠢ ᠶᠤᠮ ᠪᠤᠯ ᠪᠢᠲᠠ ᠴᠢᠨᠢ ᠮᠡᠲᠡᠬᠦ ᠴᠦ᠍ ᠦᠭᠡᠢ᠃ — — ᠲᠡᠬᠢᠭ᠋ᠠᠳ ᠭᠡᠯᠡᠪᠡᠯ᠂ ᠮᠡᠲᠡᠯᠡ ᠭᠡᠳ ᠶᠠᠭ᠋ᠠᠬᠢᠨ᠎ᠠ ᠳ᠋ᠠ⁈ ᠁ ᠁
— — ᠵᠠ ᠵᠠ᠂ ᠦᠨᠦ ᠤᠷᠤᠢ ᠪᠠᠰᠠ ᠮᠢᠬ᠎ᠠ ᠢᠲᠡᠬᠦ ᠶᠤᠮ ᠪᠠᠶ᠋ᠢᠨ᠎ᠠ᠃
— — ᠪᠠᠰᠠ ᠬᠤᠶᠠᠷ ᠰᠢᠯ ᠲᠤᠭᠰᠢᠨ ᠬᠠᠷ᠎ᠠ᠎ᠪᠠᠷ ᠶᠠᠲᠠᠷᠠᠭ᠎ᠠ᠎ᠪᠠᠨ ᠲᠠᠶ᠋ᠢᠯᠴᠢᠬᠠᠨᠠ᠃
— — ᠶᠠᠭᠤ ᠴᠦ᠍ ᠭᠡᠰᠠᠨ ᠰᠢᠪᠲᠤᠷᠤᠭ᠋ᠠᠨᠳᠤᠪᠠᠨ ᠤᠷᠤᠬᠤ ᠶᠤᠮ ᠪᠠᠶ᠋ᠢᠨ᠎ᠠ᠃ ᠶᠡᠷᠦ᠎ᠨᠢ ᠲᠤᠯᠠᠭ᠋ᠠᠨ ᠡᠪᠤᠯ ᠪᠤᠯᠬᠤ ᠰᠢᠨᠵᠢ᠎ᠲᠠᠢ ᠪᠠᠶ᠋ᠢᠭᠰᠠᠨ ᠶᠤᠮ᠂ ᠭᠡᠲᠡᠯ᠎ᠡ ᠡᠨᠡ ᠭᠡᠲᠦᠨ ᠡᠲᠦᠷ᠎ᠤᠨ ᠬᠦᠢ᠍ᠲᠡᠨ ᠭᠡᠭᠴᠢ᠂ ᠶᠢᠰᠤ ᠡᠬᠢᠯᠡᠭᠡ ᠦᠭᠡᠢ᠎ᠪᠠᠷ ᠭᠤᠨᠠᠨᠤ ᠡᠪᠡᠷ ᠲᠠᠰᠤ ᠬᠦᠯᠲᠡᠬᠦᠨᠢ ᠡ᠃
— — ᠮᠠᠨ᠎ᠤ ᠬᠦᠮᠦᠨ ᠲᠡᠭᠡᠭᠡᠳ ᠭᠡᠲᠦᠢ ᠮᠦᠩᠬᠦ ᠡᠪᠤᠷᠯᠡᠴᠢᠭᠡ ᠤᠤ?
— — ᠪᠠᠷᠤᠭ ᠲᠦᠮᠡ ᠦᠩᠭᠡᠷᠡᠬᠦ ᠪᠠᠶ᠋ᠢᠬ᠎ᠠ᠃
— — ᠮᠠᠨ᠎ᠤ ᠬᠠᠷ᠎ᠠ ᠴᠦ᠍ ᠮᠤᠨᠲᠠᠭ ᠪᠠᠶ᠋ᠢᠨ᠎ᠠ᠂ ᠰᠠᠷ᠎ᠠ ᠠᠵᠢᠯᠯᠠᠬᠤ ᠦᠭᠡᠢ᠎ᠪᠠᠷ ᠲᠦᠮᠡ ᠰᠢᠪᠬᠠᠷᠠᠨᠠ ᠭᠡᠭᠴᠢ᠂ ᠪᠢ ᠴᠦ᠍ ᠪᠠᠰᠠ ᠭᠠᠶ᠋ᠢᠭᠤᠢ ᠴᠢᠷᠮᠠᠶ᠋ᠢᠭᠰᠠᠨ ᠰᠢᠲᠠ᠂ ᠠᠷᠠᠢ ᠯᠠ ᠲᠦᠮᠡ ᠬᠦᠷᠬᠦ ᠦᠭᠡᠢ ᠪᠠᠶ᠋ᠢᠨ᠎ᠠ᠃ ᠭᠡᠲᠡᠰᠤ ᠠᠷᠴᠢᠭᠰᠠᠨ ᠪᠦᠰᠡᠬᠦᠶ᠋ᠢᠴᠤᠳ ᠲᠡᠭᠡᠭᠡᠳ ᠭᠠᠨᠵᠤᠭ᠎ᠠ ᠲᠦᠬᠦᠷᠡᠩ ᠤᠤ?
— — ᠤᠯᠲᠠᠭ ᠵᠶ᠋ᠠᠨ ᠤᠯᠵᠤ ᠯᠠ ᠪᠠᠶ᠋ᠢᠨ᠎ᠠ᠂ ᠲᠤᠷ᠎ᠠ᠎ᠨᠢ ᠬᠦᠷᠪᠡᠯ ᠬᠢᠴᠢᠲᠡᠭ ᠰᠢᠷ᠎ᠠ᠎ᠨᠢ ᠬᠦᠷᠪᠡᠯ ᠠᠮᠠᠷᠠᠴᠢᠬᠠᠲᠠᠭ ᠴᠢᠮ᠎ᠠ᠎ᠠᠴᠠ ᠯᠠ ᠬᠤᠯᠠ ᠢᠯᠡᠬᠦᠦ ᠤᠯᠤᠨ᠎ᠠ ᠳ᠋ᠠ᠃
— — ᠠᠶ᠋ᠢᠯ᠎ᠤᠨ ᠪᠡᠷᠭᠡᠨ ᠴᠦ᠍ ᠮᠠᠭᠤ ᠡᠷ᠎ᠡ ᠵᠢ ᠴᠢᠴᠠᠭ᠎ᠠ ᠠᠯᠲᠠᠭᠤᠯᠤᠨᠠ ᠰᠢᠤ᠃
— — ᠰᠠᠬᠠᠯᠲᠤ ᠭᠤᠸᠠᠢ ᠦᠮᠦᠲᠦᠨᠳᠤᠪᠠᠨ ᠠᠯᠲᠠᠴᠢᠬᠠᠭᠰᠠᠨ ᠴᠦ᠍ ᠦᠭᠡᠢ ᠪᠢᠵᠡ?
— — ᠰᠠᠬᠠᠯᠲᠤ ᠰᠢᠷ᠎ᠠ ᠴᠦ᠍ ᠡᠨᠡ ᠤᠲᠠᠭ᠎ᠠ ᠬᠠᠷᠢᠨ ᠤᠬᠠᠭ᠎ᠠ ᠤᠷᠤᠭᠰᠠᠨ ᠲᠦᠯᠦᠪᠲᠠᠢ᠂ ᠦᠪᠡᠷ᠎ᠤᠨ ᠠᠵᠢᠯ᠎ᠠᠴᠠ᠎ᠪᠠᠨ ᠢᠯᠡᠬᠦᠦ ᠰᠠᠶ᠋ᠢᠨ ᠬᠢᠵᠤ ᠪᠠᠶ᠋ᠢᠨ᠎ᠠ ᠰᠢᠣ᠂ ᠭᠡᠷ᠎ᠲᠤ᠎ᠪᠠᠨ ᠢᠩᠬᠢᠵᠦ ᠬᠢᠲᠡᠭ᠎ᠨᠢ ᠰᠤᠨᠤᠰᠲᠠᠭᠠ ᠦᠭᠡᠢ ᠳ᠋ᠠ᠂ ᠦᠭᠡᠷ᠎ᠡ ᠠᠶ᠋ᠢᠯ᠎ᠳᠤ ᠪᠠᠶ᠋ᠢᠭᠰᠠᠨ ᠪᠤᠯ ᠪᠠᠷᠤᠭ ᠠᠯᠢ ᠭᠡᠲᠦᠶ᠋ᠢᠨᠠᠢ ᠲᠠᠤᠯᠠᠢ ᠵᠢᠨ ᠮᠦᠷ ᠵᠶ᠋ᠠᠨ ᠭᠠᠷᠭ᠋ᠠᠴᠢᠬᠠᠭᠰᠠᠨ ᠪᠠᠶ᠋ᠢᠬᠤ ᠳ᠋ᠠ᠂ ᠬᠠ ᠬᠠ
— — ᠰᠠᠬᠠᠯᠲᠤ ᠠᠬ᠎ᠠ ᠤᠷᠵᠢᠲᠦᠷ ᠲᠠᠪᠤ ᠬᠦᠷᠬᠦ ᠭᠡᠵᠤ ᠪᠠᠶ᠋ᠢᠨ᠎ᠠ ᠭᠡᠴᠢᠭᠡᠭᠰᠡᠨ ᠬᠢᠲᠤᠭ᠎ᠠ᠎ᠪᠠᠨ ᠪᠢᠯᠡᠬᠦᠲᠡᠵᠦ ᠪᠠᠶ᠋ᠢᠭᠰᠠᠨ ᠰᠢᠤ᠃
— — ᠲᠠᠷᠭᠤᠨ ᠮᠢᠬ᠎ᠠ᠎ᠪᠠᠷ ᠠᠮᠠ᠎ᠪᠠᠨ ᠲᠤᠰᠤᠯᠠᠵᠤ᠂ ᠲᠤᠭᠰᠢᠨ ᠬᠠᠷ᠎ᠠ᠎ᠪᠠᠷ ᠬᠤᠲᠤᠭᠤᠲᠤ᠎ᠪᠠᠨ ᠮᠢᠯᠢᠶᠠᠬᠤ ᠭᠡᠵᠤ ᠪᠠᠰᠠ ᠴᠦ᠍ ᠵᠢᠷᠭ᠋ᠠᠯ ᠳ᠋ᠠ᠃
— — ᠦᠭᠡᠢ ᠶᠡᠷᠦ᠎ᠨᠢ ᠮᠢᠬ᠎ᠠ ᠢᠲᠡᠭᠡᠳ ᠮᠠᠩᠰᠢᠭᠤᠷᠠᠴᠢᠯᠠ ᠭᠡᠲᠡᠭ᠂ ᠮᠠᠨ᠎ᠤ ᠡᠨᠡ ᠭᠡᠲᠦᠨ ᠬᠦᠮᠦᠨ ᠭᠤᠤᠯ ᠦᠲᠡ᠎ᠳᠤ ᠴᠦ᠍ ᠮᠠᠩᠰᠢᠭᠤᠷᠬᠠᠤᠨᠢ ᠦᠵᠡᠭᠲᠡᠭᠡ ᠦᠭᠡᠢ᠃ ᠭᠡᠷ᠎ᠤᠨ ᠡᠵᠡᠨ ᠠᠯᠪᠠᠲᠠᠭᠠ ᠦᠭᠡᠢ ᠪᠠᠶ᠋ᠢᠬᠤ᠎ᠳᠤ ᠠᠮᠠᠷᠠᠬᠤ᠎ᠪᠠᠨ ᠪᠦᠷ ᠮᠠᠷᠲᠠᠴᠢᠬᠠᠲᠠᠭ ᠰᠤᠨᠢᠨ ᠤᠯᠤᠰ ᠡ⁉
— — ᠵᠤᠭᠤᠰ ᠭᠡᠪᠡᠯ 《ᠨᠤᠶ᠋ᠢᠷᠢᠨᠢ ᠨᠤᠬᠠᠢ ᠢᠲᠡᠴᠢᠭᠡᠨᠠ》 ᠰᠢᠤ᠃ ᠡᠪᠤᠯ᠎ᠤᠨ ᠡᠲᠦᠷ ᠶᠠᠭ᠋ᠠᠬᠢᠬᠤ ᠵᠢᠨ ᠠᠷᠭ᠎ᠠ ᠦᠭᠡᠢ ᠤᠬᠤᠷ ᠪᠠᠶ᠋ᠢᠵᠤ᠂ ᠴᠠᠶ᠋ᠢᠪᠤᠷ ᠨᠠᠷᠠ ᠤᠩᠭᠤᠨ ᠠᠭᠤᠯᠠ ᠵᠢᠨ ᠨᠤᠶᠠᠨ ᠤᠷᠬᠢᠯ᠎ᠤᠨ ᠵᠤᠯᠠᠢ ᠦᠨᠦᠰᠤᠨ᠂ ᠭᠡᠤᠭᠡᠨ ᠵᠢᠰᠤ᠎ᠪᠠᠨ ᠤᠯᠠᠭ᠋ᠠᠨ ᠱᠠᠪᠠᠷ ᠪᠦᠷᠬᠦᠨ ᠠᠭᠤᠯᠠ ᠵᠢᠨ ᠴᠠᠭ᠋ᠠᠨ᠎ᠠ ᠨᠢᠭᠤᠭᠲᠠᠯᠠ᠃ ᠴᠠᠬᠢᠯᠭ᠋ᠠᠨ ᠳ᠋ᠧᠩ᠎ᠤᠨ ᠭᠡᠷᠡᠯᠳᠤ ᠬᠦᠮᠦᠰ ᠶᠠᠭ᠋ᠠᠷᠠᠯᠲᠤᠨᠠ᠃ ᠬᠠ ᠬᠠ᠂ᠬᠢ᠂ᠬᠢ ᠁ ᠮᠠᠯ ᠵᠶ᠋ᠠᠨ ᠠᠮᠢᠲᠤᠪᠠᠷᠨᠢ ᠬᠤᠲᠠᠯᠲᠤᠪᠠᠯ ᠵᠠᠪᠰᠠᠷ᠎ᠤᠨ ᠮᠠᠶ᠋ᠢᠮᠠᠶ᠋ᠢᠴᠢᠨ ᠢᠯᠡᠬᠦᠤ ᠠᠰᠢᠭ ᠬᠦᠷᠲᠠᠵᠤ ᠮᠠᠯᠴᠢᠳ ᠲᠤᠲᠠᠭᠤ ᠤᠷᠤᠯᠭ᠎ᠠ᠎ᠲᠠᠢ ᠪᠤᠯᠤᠨ᠎ᠠ ᠭᠡᠲᠡᠭ᠎ᠢ ᠵᠢᠷᠠᠡᠨᠢᠭᠡ ᠲᠤᠪ ᠲᠤᠲᠤ ᠮᠡᠲᠡᠲᠡᠭ᠃ ᠮᠠᠯ ᠠᠵᠤ ᠠᠬᠤᠢ ᠵᠢᠨ ᠵᠠᠬ᠎ᠠ ᠲᠡᠯᠭᠡᠬᠦᠷ᠎ᠤᠨ ᠪᠠᠶ᠋ᠢᠲᠠᠯ᠎ᠢ ᠰᠠᠶ᠋ᠢᠨ ᠤᠶ᠋ᠢᠯᠠᠭ᠋ᠠᠲᠠᠭ ᠲᠡᠷᠡ ᠮᠠᠨᠢ ᠭᠡᠵᠤ ᠮᠠᠯ ᠵᠶ᠋ᠠᠨ ᠶᠠᠷᠤ᠎ᠨᠢ ᠠᠮᠢᠲᠤ ᠪᠠᠷ᠎ᠨᠢ ᠬᠤᠲᠠᠯᠲᠤᠲᠠᠭ ᠦᠭᠡᠢ᠃
《ᠮᠠᠯ᠎ᠤᠨ ᠮᠢᠬ᠎ᠠ ᠵᠢᠨ ᠴᠢᠨᠠᠷ᠎ᠢ ᠪᠠᠲᠤᠯᠠᠭᠰᠠᠨ ᠰᠠᠭᠤᠷᠢᠨ ᠲᠡᠭᠡᠷ᠎ᠠ ᠪᠤᠷᠤᠯᠠᠭᠤᠯᠬᠤ ᠠᠷᠭ᠎ᠠ ᠵᠠᠮ ᠵᠶ᠋ᠠᠨ ᠤᠯᠪᠠᠯ ᠬᠠᠲᠠᠭ᠋ᠠᠭᠰᠠᠨ ᠮᠢᠬ᠎ᠠ ᠪᠤᠯᠤᠨ ᠦᠪᠡᠷ ᠵᠶ᠋ᠠᠨ ᠠᠯᠠᠵᠤ ᠬᠤᠲᠠᠯᠲᠤᠬᠤ ᠵᠢᠨ ᠠᠯᠢᠨ᠎ᠤ᠎ᠬᠢᠨ ᠴᠦ᠍ ᠪᠤᠷᠤᠯᠠᠭᠤᠯᠭ᠎ᠠ᠎ᠨᠢ ᠪᠦᠷ ᠰᠠᠶ᠋ᠢᠨ ᠰᠢᠤ᠂ ᠲᠠ ᠨᠠᠷ ᠵᠠᠬ᠎ᠠ᠎ᠪᠠᠨ ᠤᠯᠬᠤ ᠦᠭᠡᠢ ᠪᠤᠯ ᠪᠢ ᠬᠠᠷᠢᠯᠴᠠᠵᠤ ᠦᠭᠬᠦᠭᠰᠡᠨ ᠴᠦ᠍ ᠪᠤᠯᠤᠨ᠎ᠠ》 ᠲᠡᠷᠨ ᠦᠪᠠᠷ᠎ᠤᠨ ᠲᠤᠷᠰᠢᠯᠭ᠎ᠠ᠎ᠪᠠᠨ ᠮᠠᠯᠴᠢᠨ ᠲᠦᠮᠡᠨ᠎ᠲᠠᠢ᠎ᠪᠠᠨ ᠬᠠᠷᠠᠮ ᠦᠭᠡᠢ ᠬᠤᠪᠢᠶᠠᠯᠴᠠᠵᠤ᠂ ᠬᠠᠮᠲᠤ᠎ᠪᠠᠷ ᠪᠠᠶᠠᠵᠢᠨ ᠴᠢᠨᠡᠭᠡᠯᠢᠭᠵᠢᠬᠦ ᠵᠢ ᠰᠠᠨᠠᠭ᠋ᠠᠴᠢᠯᠠᠭᠰᠠᠨ ᠪᠠᠶ᠋ᠢᠨ᠎ᠠ᠃ ᠡᠪᠤᠯ᠎ᠤᠨ ᠬᠦᠢ᠍ᠲᠠᠨ ᠡᠲᠤᠷᠢ ᠲᠠᠭ᠋ᠠᠷᠠᠭᠤᠯᠵᠤ ᠮᠢᠬ᠎ᠠ ᠬᠠᠲᠠᠭ᠋ᠠᠬᠤ᠎ᠨᠢ ᠬᠠᠮᠤᠭ ᠰᠠᠶ᠋ᠢᠨ ᠪᠠᠶ᠋ᠢᠲᠠᠭ᠃ ᠪᠤᠷᠴᠠᠯᠠᠭᠰᠠᠨ ᠮᠢᠬ᠎ᠠ ᠲᠠᠷᠤᠶ᠋ᠢᠬᠠᠨ ᠬᠦᠯᠲᠡᠬᠦᠨᠢ ᠴᠢᠰᠤᠨ᠎ᠤ ᠱᠦᠬᠦᠷᠡᠯᠲᠡ ᠵᠢ ᠪᠠᠭ᠋ᠠᠰᠬᠠᠨ᠂ ᠬᠠᠲᠠᠭ᠋ᠠᠭᠰᠠᠨ ᠮᠢᠬ᠎ᠠ᠎ᠨᠢ ᠦᠩᠭᠡ ᠰᠠᠶ᠋ᠢᠲᠠᠢ᠂ ᠠᠮᠲᠠ᠎ᠨᠢ ᠭᠤᠶ᠋ᠢᠲᠠ ᠰᠠᠶ᠋ᠢᠬᠠᠨ ᠪᠤᠯᠲᠠᠭ᠃ ᠵᠤᠨᠳᠤᠪᠠᠨ ᠮᠢᠬ᠎ᠠ ᠬᠠᠲᠠᠭ᠋ᠠᠬᠤ᠎ᠳᠤ ᠪᠤᠷᠴᠠ᠎ᠪᠠᠨ ᠨᠠᠷᠢᠨ ᠵᠦᠰᠦᠵᠤ᠂ ᠠᠷᠭ᠋ᠠᠯ᠎ᠤᠨ ᠤᠲᠤᠭ᠎ᠠ᠎ᠪᠠᠷ ᠤᠲᠤᠪᠠᠯ ᠠᠮᠠᠷᠬᠠᠨ ᠦᠲᠦᠬᠦ ᠦᠭᠡᠢ ᠪᠦᠭᠡᠳ ᠦᠨᠦᠷ ᠠᠮᠲᠠ᠎ᠨᠢ ᠰᠠᠶ᠋ᠢᠬᠠᠨ ᠪᠤᠯᠲᠠᠭ᠃ ᠮᠢᠬ᠎ᠠ ᠬᠠᠲᠠᠭ᠋ᠠᠬᠤ᠎ᠳᠤ ᠬᠤᠨᠢᠨ ᠮᠢᠬ᠎ᠠ ᠪᠤᠯᠬᠤ ᠦᠭᠡᠢ᠂ ᠮᠤᠩᠭᠤᠯ ᠠᠨᠠᠭ᠋ᠠᠬᠤ ᠤᠬᠠᠭ᠋ᠠᠨ᠎ᠳᠤ ᠬᠤᠨᠢᠨ ᠮᠢᠬ᠎ᠠ ᠵᠠᠭᠤᠨ ᠡᠲᠤᠷ ᠦᠩᠭᠡᠷᠠᠪᠠᠯ ᠰᠢᠮ᠎ᠠ ᠠᠯᠲᠠᠭᠲᠠᠵᠤ᠂ ᠢᠮᠠᠭ᠋ᠠᠨ ᠮᠢᠬ᠎ᠠ ᠵᠠᠭᠤᠨ ᠡᠲᠤᠷ ᠦᠩᠭᠡᠷᠠᠪᠠᠯ ᠡᠮ ᠪᠤᠯᠤᠨ᠎ᠠ ᠭᠡᠲᠡᠭ᠃
2017 ᠤᠨ᠎ᠳᠤ᠂ ᠵᠢᠷᠡᠡᠨᠢᠭᠡ ᠰᠢᠪᠸᠢ ᠢᠲᠡᠭᠡᠨ ᠤᠮᠲᠠᠭ᠋ᠠᠨᠤ ᠺᠤᠮᠫᠠᠨᠢ᠎ᠳᠤ ᠬᠠᠲᠠᠭ᠋ᠠᠭᠰᠠᠨ ᠮᠢᠬ᠎ᠠ ᠬᠠᠩᠭ᠋ᠠᠬᠤ ᠲᠤᠬᠠᠢ ᠭᠡᠷ᠎ᠡ ᠲᠤᠭᠲᠠᠭᠰᠠᠨ᠎ᠠᠴᠠ ᠮᠢᠩᠭ᠎ᠠ ᠭᠠᠷᠤᠢ ᠢᠮᠠᠭ᠋ᠠᠨ᠎ᠤ ᠮᠢᠬ᠎ᠠ ᠵᠢ ᠬᠠᠲᠠᠭ᠋ᠠᠵᠤ᠂ ᠦᠪᠡᠷ ᠵᠶ᠋ᠠᠨ ᠠᠰᠢᠭ ᠬᠦᠷᠲᠡᠭᠰᠡᠨ ᠵᠶ᠋ᠠᠷ ᠪᠠᠷᠠᠬᠤ ᠦᠭᠡᠢ ᠮᠠᠯᠴᠢᠨ ᠲᠦᠮᠡᠨ᠎ᠳᠤ᠎ᠪᠠᠨ ᠴᠦ᠍ ᠠᠰᠢᠭ ᠬᠦᠷᠲᠡᠭᠡᠭᠰᠡᠨ ᠪᠠᠶ᠋ᠢᠨ᠎ᠠ᠃ ᠢᠯᠡᠩᠭᠤᠶ᠎ᠠ ᠲᠡᠬᠦᠨ᠎ᠤ ᠲᠠᠭ᠋ᠠᠭᠤᠯᠭ᠎ᠠ᠎ᠪᠠᠷ ᠤᠶ᠋ᠢᠷ᠎ᠠ ᠵᠢᠨ ᠭᠡᠲᠦᠨ ᠮᠠᠯᠴᠢᠳ᠎ᠤᠨ ᠦᠵᠡᠯ ᠤᠬᠠᠮᠰᠠᠷᠲᠤ ᠶᠡᠭᠡᠭᠡᠨ ᠬᠤᠪᠢᠷᠠᠯᠲᠠ ᠭᠠᠷᠴᠤ᠂ ᠦᠪᠡᠷ ᠵᠶ᠋ᠠᠨ ᠠᠯᠠᠵᠤ ᠬᠤᠲᠠᠯᠲᠤᠬᠤ᠂ ᠮᠢᠬ᠎ᠠ ᠬᠠᠲᠠᠭ᠋ᠠᠵᠤ ᠬᠤᠲᠠᠯᠲᠤᠬᠤ ᠬᠦᠮᠦᠨ ᠤᠯᠠᠰᠢᠷᠠᠵᠤ ᠡᠬᠢᠯᠡᠭᠰᠡᠨ ᠰᠠᠶ᠋ᠢᠨ ᠤᠴᠢᠷ ᠬᠠᠶᠠ ᠦᠭᠡᠢ ᠲᠤᠭᠤᠯᠲᠠᠬᠤ ᠪᠤᠯᠵᠠᠢ᠃ ᠢᠷᠡᠬᠦ ᠵᠢᠯ᠎ᠠᠴᠠ ᠮᠠᠯ᠎ᠤᠨ ᠮᠢᠬ᠎ᠠ᠎ᠪᠠᠨ ᠨᠢᠭᠡ ᠡᠷᠢᠨ᠎ᠤ ᠬᠤᠭᠤᠯᠠᠨ᠎ᠳᠤ ᠴᠢᠨᠠᠵᠤ ᠢᠲᠠᠬᠦ ᠭᠡᠮᠵᠢᠶ᠎ᠠ᠎ᠪᠠᠷ ᠤᠭᠤᠲᠠᠯᠠᠵᠤ᠂ ᠵᠠᠬ᠎ᠠ ᠲᠡᠯᠭᠡᠬᠦᠷ᠎ᠲᠤ ᠪᠤᠷᠤᠯᠠᠭᠤᠯᠬᠤ ᠠᠷᠭ᠎ᠠ ᠵᠢ ᠪᠤᠲᠤᠵᠤ ᠪᠤᠢ᠃ 《ᠤᠲᠤ ᠵᠢᠨ ᠬᠦᠮᠤᠰ ᠴᠢᠨᠢ ᠪᠦᠷ ᠪᠡᠯᠠᠨ ᠶᠠᠭᠤᠮᠠᠨ᠎ᠳᠤ ᠲᠤᠷᠠᠲᠠᠢ! ᠦᠶᠡᠴᠢᠯᠡᠨ ᠰᠠᠯᠭ᠋ᠠᠭ᠋ᠠᠳ ᠶᠠᠰᠤ ᠵᠢ᠎ᠨᠢ ᠬᠢᠷᠤᠭᠡᠲᠡᠵᠤ ᠪᠡᠯᠠᠨ ᠪᠤᠯᠭ᠋ᠠᠴᠢᠬᠠᠪᠠᠯ ᠬᠦᠮᠦᠰ᠎ᠤᠨ ᠰᠠᠨᠠᠭ᠋ᠠᠨ᠎ᠳᠤ ᠨᠡᠶ᠋ᠢᠴᠡᠴᠢᠭᠡᠨᠡ᠃ ᠢᠩᠬᠢᠪᠡᠯ ᠪᠤᠷᠤᠯᠠᠭᠤᠯᠭ᠎ᠠ ᠤᠯᠠᠮ ᠰᠠᠶ᠋ᠢᠵᠢᠷᠠᠬᠤ ᠶᠤᠮ》 ᠭᠡᠵᠤ ᠵᠢᠷᠠᠡᠨᠢᠭᠡ ᠮᠠᠯ ᠤᠨ ᠮᠢᠬ᠎ᠠ᠎ᠪᠠᠨ ᠪᠤᠷᠤᠯᠠᠭᠤᠯᠬᠤ ᠰᠢᠨ᠎ᠠ ᠠᠷᠭ᠎ᠠ ᠤᠬᠠᠭ᠋ᠠᠨ ᠵᠶ᠋ᠠᠨ ᠠᠰᠠᠭᠤᠭᠰᠠᠨ ᠬᠦᠮᠦᠨ ᠪᠦᠬᠦᠨ᠎ᠳᠤ ᠰᠢᠭᠤᠳ ᠭᠡᠯᠡᠴᠢᠭᠡᠨᠡ᠃ ᠵᠢᠷᠡᠡᠨᠢᠭᠡ ᠭᠡᠵᠤ ᠪᠤᠲᠤᠭᠰᠠᠨ ᠰᠠᠨᠠᠭᠰᠠᠨ ᠵᠶ᠋ᠠᠨ ᠶᠡᠷᠦ᠎ᠠᠴᠠ ᠨᠢᠭᠤᠵᠤ ᠬᠠᠪᠴᠢᠲᠠᠭ ᠦᠭᠡᠢ᠂ ᠢᠩᠬᠢᠵᠦ ᠪᠠᠶ᠋ᠢᠭ᠎ᠠ᠎ᠨᠢ 《ᠮᠠᠯᠴᠢᠨ ᠲᠦᠮᠡᠨ ᠶᠠᠭᠤ ᠨᠢᠭᠡ ᠵᠢ ᠤᠬᠠᠭ᠋ᠠᠷᠭ᠋ᠠᠠᠰᠠᠢ》 ᠭᠡᠰᠡᠨ ᠰᠠᠨᠠᠭ᠎ᠠ ᠴᠠᠭ᠋ᠠᠨ᠎ᠠ᠎ᠨᠢ ᠪᠠᠶ᠋ᠢᠭ᠎ᠠ ᠠᠵᠠᠢ᠃
— — ᠪᠢᠲᠠᠨᠤ ᠠᠵᠤ ᠦᠢ᠍ᠯᠡᠰ ᠤᠲᠤ ᠨᠢᠭᠡᠨᠲᠡ ᠭᠡᠪᠴᠢᠶᠡᠵᠢᠬᠦ ᠬᠠᠨᠲᠤᠰᠢ᠎ᠲᠠᠢ ᠪᠤᠯᠵᠠᠢ᠃ ᠲᠠᠸᠠᠷ᠎ᠤᠨ ᠲᠠᠮᠲᠡᠭ ᠵᠶ᠋ᠠᠨ ᠴᠦ᠍ ᠭᠤᠶᠤᠴᠢᠯᠠᠭ᠋ᠠᠳ ᠪᠠᠶ᠋ᠢᠭ᠎ᠠ ᠶᠤᠮ᠂ ᠤᠲᠠᠬᠤ ᠦᠭᠡᠢ ᠪᠠᠭᠤᠵᠤ ᠢᠷᠡᠬᠦ ᠪᠠᠶ᠋ᠢᠬ᠎ᠠ᠃ ᠪᠢᠲᠠ ᠰᠢᠨ᠎ᠠ ᠴᠠᠭ ᠦᠶ᠎ᠠ ᠵᠢᠨ ᠲᠤᠬᠠᠶ᠋ᠢᠯᠠᠭᠰᠠᠨ ᠠᠵᠢᠯ᠎ᠤᠨ ᠮᠠᠯᠴᠢᠨ ᠪᠤᠯᠬᠤ᠎ᠪᠠᠷ ᠴᠢᠷᠮᠠᠶ᠋ᠢᠵᠤ ᠪᠠᠶ᠋ᠢᠨ᠎ᠠ ᠰᠢᠤ ᠭᠡᠵᠤ ᠶᠡᠭᠡ ᠰᠤᠷᠭ᠋ᠠᠭᠤᠯᠢ᠎ᠪᠠᠨ ᠲᠡᠬᠦᠰᠭᠡᠭᠡᠳ ᠨᠤᠲᠤᠭ᠎ᠲᠤ᠎ᠪᠠᠨ ᠪᠤᠴᠠᠵᠤ ᠮᠠᠯᠴᠢᠨ ᠪᠤᠯᠤᠭᠰᠠᠨ ᠵᠢᠷᠡᠡᠨᠢᠭᠡ ᠵᠢᠨ ᠬᠦᠦ ᠠᠰᠠᠷ᠎ᠨᠢ ᠤᠷᠮ᠎ᠠ᠎ᠲᠠᠢ ᠶᠠᠷᠢᠨ᠎ᠠ᠃ ᠬᠠᠯᠠᠭᠤᠨ ᠬᠦᠢ᠍ᠲᠡᠨ ᠡᠭᠡᠯᠵᠢᠯᠡᠭᠰᠡᠨ ᠲᠠᠯ᠎ᠠ ᠨᠤᠲᠤᠭ ᠬᠤᠷ᠎ᠠ ᠲᠤᠨᠤᠲᠠᠰᠤ ᠲᠡᠩᠴᠡᠬᠦ᠎ᠪᠠᠷ᠂ ᠲᠦᠷᠪᠡᠨ ᠤᠯᠠᠷᠢᠯ ᠦᠪᠡᠷ ᠦᠪᠡᠷ᠎ᠤᠨ ᠦᠩᠭᠡ᠎ᠪᠠᠷ ᠢᠯᠭ᠋ᠠᠷᠠᠵᠤ᠂ ᠲᠠᠪᠤᠨ ᠬᠤᠰᠢᠭᠤ ᠮᠠᠯ ᠲᠠᠷᠬᠠᠨ ᠪᠡᠯᠴᠢᠬᠦ᠎ᠪᠠᠷ ᠨᠡᠩ ᠦᠵᠡᠰᠬᠦᠯᠡᠩ ᠭᠤᠶᠤ ᠪᠤᠯᠲᠠᠭ ᠰᠠᠨ᠃ ᠲᠠᠪᠤᠨ ᠬᠤᠰᠢᠭᠤ ᠮᠠᠯ᠎ᠲᠠᠢ ᠪᠠᠶ᠋ᠢᠲᠠᠭ ᠵᠶ᠋ᠠᠷ ᠲᠠᠯ᠎ᠠ᠎ᠨᠢ ᠬᠠᠨᠠᠭ᠋ᠠᠷ ᠲᠡᠨᠢᠬᠦᠨ ᠲᠡᠭᠡᠷ᠎ᠠ᠎ᠨᠢ ᠠᠮᠢᠲᠤᠷᠠᠭᠠ ᠬᠦᠮᠦᠨ᠎ᠨᠢ ᠲᠠᠶ᠋ᠢᠪᠤᠩ ᠠᠮᠤᠭᠤᠯᠠᠩ᠃ ᠮᠠᠯᠴᠢᠳ᠎ᠤᠨ ᠠᠮᠢᠲᠤᠷᠠᠯ ᠮᠠᠯ᠎ᠤᠨ ᠵᠶ᠋ᠠᠨ ᠪᠤᠶᠠᠨ ᠵᠶ᠋ᠠᠷ ᠭᠡᠲᠦᠨ ᠮᠢᠩᠭ᠋ᠠᠨ ᠵᠢᠯ ᠦᠷᠬᠦᠯᠵᠢᠯᠡᠵᠦ᠂ ᠦᠨᠦᠲᠦᠷ ᠪᠤᠯᠬᠤ᠎ᠳᠤ ᠭᠡᠲᠦᠨ ᠲᠦᠬᠦᠷᠢᠭ᠎ᠤᠨ ᠠᠷᠠᠰᠤ ᠵᠢ ᠭᠡᠲᠦᠨ ᠵᠠᠭᠤ ᠬᠦᠷᠭᠡᠬᠦ ᠤᠬᠠᠭ᠋ᠠᠨ ᠭᠡᠷᠡᠭᠲᠠᠢ ᠪᠤᠯᠤᠭᠰᠠᠨ ᠪᠠᠶ᠋ᠢᠨ᠎ᠠ᠃ ᠲᠠᠷᠬᠠᠨ ᠡᠬᠦᠷᠭᠡ ᠬᠠᠷᠢᠭᠤᠴᠠᠯᠭ᠎ᠠ ᠬᠤᠶᠠᠷ ᠪᠤᠭᠲᠠ ᠵᠢᠨ ᠨᠤᠶᠠᠨ ᠤᠷᠬᠢᠯ᠎ᠳᠤ ᠤᠷᠭᠤᠬᠤ ᠨᠠᠷᠠ ᠤᠤᠭ᠋ᠠᠨ ᠰᠠᠴᠤᠷᠠᠭ ᠲᠤᠰᠬᠤ᠎ᠪᠠᠷ᠂ ᠤᠷᠠᠳ ᠨᠤᠲᠤᠭ᠎ᠲᠤ ᠰᠢᠨ᠎ᠠ ᠡᠲᠦᠷ ᠡᠬᠢᠯᠡᠵᠦ ᠪᠠᠶ᠋ᠢᠭ᠎ᠠ ᠨᠢ ᠡᠨᠡ᠃ ᠦᠨᠲᠦᠷ ᠰᠦᠷᠯᠢᠭ ᠬᠤᠶᠠᠷ ᠪᠤᠭᠲᠠ ᠵᠢᠨ ᠠᠭᠤᠯᠠ᠎ᠨᠢ ᠲᠠᠯᠠᠢ ᠵᠢᠨ ᠲᠦᠪᠰᠢᠨ᠎ᠠᠴᠠ 1850 ᠮᠸᠲᠷ ᠦᠨᠲᠦᠷ ᠡᠷᠬᠦᠭᠲᠡᠵᠦ᠂ ᠡᠬᠦᠯᠡ ᠮᠠᠨᠠᠨ ᠤᠭ᠋ᠠᠯᠵᠠᠷᠠᠭᠰᠠᠨ ᠰᠠᠶ᠋ᠢᠬᠠᠨ ᠭᠠᠵᠠᠷ ᠡ᠃ ᠠᠲᠡ ᠬᠠᠯᠢᠯ ᠬᠠᠲᠠ᠂ ᠠᠰᠬ᠎ᠠ ᠭᠠᠴᠠᠭ᠎ᠠ ᠤᠯᠠᠨ᠎ᠲᠠᠢ᠂ ᠨᠠᠷᠠᠰᠤ᠂ ᠠᠭ᠋ᠠᠷᠤ᠂ ᠬᠠᠶ᠋ᠢᠯᠠᠰᠤ᠎ᠪᠠᠷ ᠴᠢᠮᠡᠭᠲᠡᠨ᠂ ᠠᠷᠭ᠋ᠠᠯᠢ ᠤᠭ᠋ᠠᠯᠵᠠ᠂ ᠶᠠᠩᠬᠢᠷ᠂ ᠦᠨᠡᠭᠡ ᠴᠢᠨ᠋ᠸ᠎ᠠ᠂ ᠡᠯᠢᠶ᠎ᠡ᠂ ᠲᠠᠰ᠂ ᠪᠦᠷᠬᠦᠳ᠂ ᠶᠤᠯᠤ ᠮᠡᠲᠦ ᠵᠢᠨ ᠭᠡᠭᠡᠷ᠎ᠡ ᠵᠢᠨ ᠡᠪᠡᠰᠤ ᠤᠷᠭᠤᠮᠠᠯ᠂ ᠠᠮᠢᠲᠠᠨ ᠵᠢᠬᠦᠷᠲᠡᠨᠤ ᠲᠠᠷᠬᠠᠨ ᠦᠯᠦᠭᠡᠢ᠃ ᠡᠶ᠋ᠢᠮᠦᠷᠬᠦᠦ ᠤᠷᠴᠢᠨ᠎ᠳᠤ ᠡᠪᠡᠰᠤᠨ ᠲᠡᠵᠢᠭᠡᠯᠲᠦ ᠠᠮᠢᠲᠠᠨ ᠮᠢᠬᠠᠴᠢᠨ ᠠᠮᠢᠲᠠᠨ᠎ᠤ ᠲᠤᠮᠲᠠ ᠤᠷᠤᠰᠢᠨ ᠲᠤᠭᠲᠠᠨᠢᠨᠠ ᠭᠡᠭᠴᠢ ᠲᠡᠶ᠋ᠢᠮᠦ ᠴᠦ᠍ ᠬᠢᠯᠪᠡᠷ ᠶᠠᠪᠤᠲᠠᠯ ᠪᠢᠰᠢ᠃
— — ᠢᠮᠠᠭ᠎ᠠ ᠬᠠᠷᠢᠭᠤᠯᠤᠭᠰᠠᠨ ᠬᠦᠮᠦᠰ᠎ᠲᠤ ᠨᠦᠬᠦᠪᠦᠷᠢ ᠦᠭᠬᠦ ᠶᠤᠮ ᠭᠡᠨ᠎ᠡ᠃
— — ᠢᠮᠠᠭ᠎ᠠ ᠬᠠᠷᠢᠭᠤᠯᠤᠭᠰᠠᠨ ᠬᠦᠮᠦᠨ᠎ᠳᠤ ᠪᠢᠰᠢ ᠰᠢᠤ᠂ ᠢᠮᠡᠭ᠋ᠠᠨᠳᠤ ᠦᠭᠬᠦ ᠶᠤᠮ ᠭᠡᠨ᠎ᠠ᠃
— — ᠢᠮᠠᠭ᠎ᠠ ᠪᠤᠯᠭ᠋ᠠᠨ᠎ᠳᠤ ᠦᠭᠬᠦ ᠪᠢᠰᠢ᠂ ᠬᠠᠷᠢᠨ ᠬᠤᠶᠠᠷ ᠪᠤᠭᠲᠠ ᠵᠢᠨ ᠴᠠᠭ᠋ᠠᠨ ᠢᠮᠠᠭ᠋ᠠᠨ᠎ᠳᠤ ᠨᠦᠬᠦᠪᠦᠷᠢ ᠦᠭᠬᠦᠨ᠎ᠡ ᠭᠡᠵᠤ ᠪᠢ ᠰᠤᠨᠤᠰᠤᠭᠰᠠᠨ᠃
— — ᠪᠢᠰᠢ ᠪᠢᠰᠢ᠂ ᠬᠤᠶᠠᠷ ᠪᠤᠭᠲᠠ ᠵᠢᠨ ᠴᠠᠭ᠋ᠠᠨ ᠢᠮᠠᠭ᠎ᠠ ᠪᠤᠯᠭ᠋ᠠᠨ᠎ᠳᠤ ᠦᠭᠬᠦ ᠪᠢᠰᠢ᠂ ᠲᠡᠭᠡᠬᠦ ᠮᠦᠷᠲᠡᠭᠡᠨ ᠵᠠᠪᠠᠯ ᠪᠠᠷᠢᠮᠵᠢᠶᠠᠨ᠎ᠳᠤ ᠬᠦᠷᠦᠭᠰᠡᠨ ᠵᠠᠭᠤᠨ ᠢᠮᠠᠭ᠋ᠠᠨ᠎ᠳᠤ ᠯᠠ ᠦᠭᠬᠦ ᠶᠤᠮ ᠭᠡᠵᠤ ᠵᠢᠷᠡᠡᠨᠢᠭᠡ ᠨᠠᠲᠠ᠎ᠳᠤ ᠨᠠᠷᠢᠨ ᠶᠠᠷᠢᠵᠦ ᠪᠠᠶ᠋ᠢᠭᠰᠠᠨ᠂ ᠭᠡᠪᠡᠴᠣ ᠪᠢ ᠴᠢᠨᠢ ᠨᠠᠰᠤ ᠶᠠᠪᠤᠭ᠋ᠠᠳ ᠴᠡᠭᠡᠵᠢ ᠮᠠᠭᠤᠲᠠᠵᠠᠢ᠂ ᠲᠡᠬᠦᠨ᠎ᠤ ᠭᠡᠯᠡᠭᠰᠡᠨᠢ ᠬᠦᠢ᠍ᠴᠡᠳ ᠲᠤᠭᠲᠠᠭ᠋ᠠᠵᠤ ᠴᠢᠲᠠᠭᠰᠠᠨ ᠦᠭᠡᠢ᠃
— — ᠶᠠᠭᠤ ᠴᠦ᠍ ᠭᠡᠰᠡᠠ ᠬᠤᠶᠠᠷ ᠪᠤᠭᠲᠠ ᠵᠢᠨ ᠴᠠᠭ᠋ᠠᠨ ᠢᠮᠠᠭ᠋ᠠᠨ᠎ᠳᠤ ᠯᠠ ᠨᠦᠬᠦᠪᠦᠷᠢ ᠦᠭᠬᠦ᠎ᠨᠢ ᠪᠠᠲᠤᠲᠠᠢ ᠪᠤᠯᠤᠯ᠎ᠠ ᠁
ᠮᠠᠯᠴᠢᠨ᠎ᠤ ᠦᠷ᠎ᠡ ᠪᠤᠯᠤᠭᠰᠠᠨ ᠵᠢᠷᠡᠡᠨᠢᠭᠡ ᠮᠠᠯᠵᠢᠬᠤ ᠠᠮᠢᠲᠤᠷᠠᠯ᠎ᠢ ᠰᠠᠶ᠋ᠢᠨ ᠤᠶ᠋ᠢᠯᠠᠭ᠋ᠠᠬᠤ᠎ᠪᠠᠷ ᠪᠠᠷᠠᠬᠤ ᠦᠭᠡᠢ ᠮᠠᠯᠴᠢᠨ ᠲᠦᠮᠡᠨ᠎ᠤ ᠵᠤᠪᠠᠭᠤᠷᠢ ᠵᠦᠲᠡᠬᠦᠷᠢ ᠵᠢ ᠴᠦ᠍ ᠰᠠᠶ᠋ᠢᠨ ᠮᠡᠲᠡᠲᠡᠭ᠃ ᠨᠡᠩ ᠴᠦ᠍ ᠬᠤᠰᠢᠭᠤᠨ᠎ᠤ ᠠᠷᠠᠳ᠎ᠤᠨ ᠲᠦᠯᠦᠭᠡᠯᠡᠭᠴᠢᠳ᠎ᠤᠨ ᠶᠡᠭᠡ ᠬᠤᠷᠠᠯ᠎ᠤᠨ ᠲᠦᠯᠦᠭᠡᠯᠡᠭᠴᠢ ᠪᠤᠯᠤᠭᠰᠠᠨ᠎ᠠᠴᠠ ᠨᠠᠭ᠋ᠠᠰᠢ᠂ ᠬᠤᠭᠤᠰᠤᠨ ᠨᠠᠷᠠ ᠮᠠᠨᠲᠤᠭᠤᠯᠵᠤ ᠬᠤᠩᠬᠤ ᠲᠠᠮᠠᠷᠤ ᠴᠤᠬᠢᠭ᠎ᠠ ᠦᠭᠡᠢ᠃ ᠠᠷᠠᠳ᠎ᠤᠨ ᠲᠦᠯᠦᠭᠡᠯᠡᠭᠴᠢᠳ᠎ᠤᠨ ᠶᠡᠭᠡ ᠬᠤᠷᠠᠯ᠎ᠤᠨ ᠲᠦᠯᠦᠭᠡᠯᠡᠭᠴᠢ ᠪᠤᠯᠤᠭᠰᠠᠨ ᠠᠵᠠ ᠵᠠᠪᠰᠢᠶᠠᠨ ᠵᠶ᠋ᠠᠨ ᠪᠦᠷᠢᠨ ᠠᠰᠢᠭᠯᠠᠵᠤ᠂ ᠤᠷᠢᠳ ᠬᠤᠵᠢᠳ ᠲᠠᠯ᠎ᠠ ᠨᠤᠲᠤᠭ᠎ᠤᠨ ᠠᠮᠢ ᠠᠬᠤᠢ ᠵᠢᠨ ᠱᠠᠩᠨᠠᠯ ᠨᠦᠬᠦᠪᠦᠷᠢ ᠵᠢᠨ ᠮᠦᠩᠬᠦ ᠵᠢ ᠲᠡᠭᠡᠭᠰᠢᠯᠡᠬᠦᠯᠬᠦ᠂ ᠰᠠᠶ᠋ᠢᠨ ᠡᠬᠦᠯᠲᠡᠷ᠎ᠤᠨ ᠮᠠᠯ᠎ᠳᠤ ᠨᠦᠬᠦᠪᠦᠷᠢ ᠦᠭᠬᠦ᠂ ᠬᠤᠷᠤᠭ᠎ᠠ ᠰᠠᠷᠠᠪᠴᠢ ᠡᠪᠡᠰᠤᠨ ᠬᠠᠰᠢᠶ᠎ᠠ ᠪᠠᠷᠢᠬᠤ᠎ᠳᠤ ᠨᠦᠬᠦᠪᠦᠷᠢ ᠦᠭᠬᠦ᠂ ᠪᠠᠯᠴᠢᠭᠡᠷᠯᠡᠬᠦ ᠵᠢ ᠬᠤᠷᠢᠭᠯᠠᠭ᠋ᠠᠳ ᠬᠤᠭᠤᠴᠠᠭ᠎ᠠ᠎ᠨᠢ ᠲᠤᠯᠤᠭ᠋ᠠᠳ ᠲᠡᠬᠢᠨ ᠮᠠᠯᠵᠢᠭᠤᠯᠬᠤ ᠦᠶ᠎ᠡ ᠮᠠᠯ᠎ᠤᠨ ᠲᠤᠭ᠎ᠠ ᠵᠢ ᠵᠤᠬᠢᠮᠵᠢᠲᠡᠢᠪᠠᠷ ᠨᠡᠮᠡᠭᠲᠡᠬᠦᠯᠬᠦ᠂ ᠮᠠᠯᠵᠢᠬᠤ ᠤᠷᠤᠨ᠎ᠤ ᠤᠤᠭᠤᠬᠤ ᠤᠰᠤᠨ᠎ᠤ ᠠᠰᠠᠭᠤᠲᠠᠯ᠎ᠢ ᠰᠢᠢ᠍ᠳᠪᠦᠷᠢᠯᠡᠬᠦ᠂ ᠤᠯᠠᠭ᠋ᠠᠨ ᠢᠲᠡᠭᠡᠨ᠎ᠤ ᠵᠠᠬ᠎ᠠ ᠲᠡᠯᠭᠡᠬᠦᠷ᠎ᠢ ᠴᠡᠭᠴᠡᠯᠡᠬᠦ᠂ ᠰᠤᠮᠤᠨ᠎ᠳᠤ ᠮᠤᠩᠭᠤᠯ ᠦᠨᠲᠤᠰᠤᠲᠠᠨ᠎ᠤ ᠭᠡᠤᠭᠡᠳ᠎ᠤᠨ ᠴᠡᠴᠡᠷᠯᠢᠭ᠎ᠢ ᠪᠠᠶ᠋ᠢᠭᠤᠯᠬᠤ᠂ ᠦᠨ᠎ᠠ ᠲᠦᠯᠤᠪᠤᠷᠢ ᠦᠭᠡᠢ᠎ᠪᠠᠷ ᠬᠢᠵᠢᠭ᠎ᠢ ᠰᠡᠷᠭᠡᠶ᠋ᠢᠯᠡᠬᠦ ᠲᠠᠷᠢᠯᠭ᠎ᠠ ᠲᠠᠷᠢᠬᠤ ᠵᠡᠷᠭᠡ ᠮᠠᠯᠴᠢᠳ᠎ᠤᠨ ᠠᠮᠢᠲᠤᠷᠠᠯ᠎ᠳᠤ ᠬᠤᠯᠪᠤᠭᠲᠠᠭᠰᠠᠨ ᠠᠯᠢ ᠤᠯᠠᠨ ᠠᠰᠠᠭᠤᠲᠠᠯ᠎ᠳᠤ ᠰᠡᠳᠬᠢᠯ ᠵᠶ᠋ᠠᠨ ᠵᠦᠲᠡᠭᠡᠨ᠂ ᠵᠢᠯ ᠪᠦᠷᠢ ᠭᠡᠲᠦᠨ ᠬᠤᠪᠢ ᠰᠠᠨᠠᠭᠤᠯᠭ᠎ᠠ᠎ᠪᠠᠨ ᠲᠠᠪᠰᠢᠬᠦᠯᠵᠦ᠂ ᠡᠲᠦᠢ ᠲᠡᠲᠦᠢ ᠰᠠᠨᠠᠭᠤᠯᠭ᠎ᠠ᠎ᠨᠢ ᠨᠢᠭᠡᠨᠲᠡ ᠪᠡᠶᠡᠯᠡᠯ ᠵᠶ᠋ᠠᠨ ᠤᠯᠵᠤ᠂ ᠮᠠᠯᠴᠢᠨ ᠲᠦᠮᠠᠨ᠎ᠳᠡᠭᠡᠨ ᠠᠴᠢ ᠲᠤᠰᠨ᠎ᠲᠠᠢ ᠠᠵᠢᠯ ᠬᠢᠵᠤ ᠶᠠᠪᠤᠨ᠎ᠠ᠃
ᠵᠢᠷᠡᠡᠨᠢᠭᠡ ᠵᠢᠨ ᠲᠠᠪᠰᠢᠬᠦᠯᠦᠭᠰᠡᠨ 《ᠬᠤᠶᠠᠷ ᠪᠤᠭᠲᠠ ᠵᠢᠨ ᠨᠤᠯᠤᠤᠷ᠎ᠤᠨ ᠴᠠᠭ᠋ᠠᠨ ᠢᠮᠠᠭᠠᠳᠤ ᠨᠦᠬᠦᠪᠦᠷᠢ ᠦᠭᠬᠦ ᠲᠤᠬᠠᠢ ᠰᠠᠨᠠᠭᠤᠯᠭ᠎ᠠ》᠎ᠨᠢ ᠤᠷᠠᠳ᠎ᠤᠨ ᠲᠤᠮᠲᠠᠲᠤ ᠬᠤᠰᠢᠭᠤᠨ᠎ᠤ ᠨᠠᠮ᠎ᠤᠨ ᠬᠤᠷᠢᠶ᠎ᠠ᠂ ᠵᠠᠰᠠᠭ᠎ᠤᠨ ᠤᠷᠲᠤᠨ᠎ᠤ ᠬᠦᠨᠲᠦᠳᠭᠡᠯᠢ ᠤᠯᠵᠤ᠂ ᠬᠠᠮᠢᠶ᠎ᠠ ᠪᠦᠬᠦᠢ ᠪᠠᠶ᠋ᠢᠭᠤᠯᠭ᠎ᠠ ᠨᠢᠭᠡᠴᠡ᠎ᠨᠢ ᠲᠠᠷᠤᠶ᠋ᠢᠬᠠᠨ ᠬᠦᠲᠡᠯᠦᠯᠴᠡᠨ ᠬᠤᠶᠠᠷ ᠪᠤᠭᠲᠠ ᠵᠢᠨ ᠨᠤᠯᠤᠤᠷ᠎ᠤᠨ ᠴᠠᠭ᠋ᠠᠨ ᠢᠮᠠᠭ᠋ᠠᠨ᠎ᠤ ᠲᠠᠷᠬᠠᠯᠲᠠ ᠵᠢᠨ ᠪᠠᠶ᠋ᠢᠲᠠᠯ᠂ ᠴᠢᠨᠠᠷ ᠴᠢᠨᠰᠠᠭ᠎ᠠ᠎ᠳᠤ ᠪᠠᠶ᠋ᠢᠴᠠᠭ᠋ᠠᠯᠲᠠ ᠬᠢᠭᠰᠡᠨ ᠪᠦᠭᠡᠳ ᠲᠡᠭᠡᠲᠦ ᠱᠠᠲᠤᠨ᠎ᠳᠤ ᠮᠡᠲᠡᠬᠦᠯᠦᠨ᠂ ᠨᠦᠬᠦᠪᠦᠷᠢ ᠤᠯᠭᠤᠬᠤ ᠵᠢ ᠵᠦᠪᠰᠢᠶᠡᠷᠡᠭᠰᠡᠨ ᠵᠶ᠋ᠠᠷ ᠭᠡᠷᠡᠭᠵᠢᠬᠦᠯᠵᠦ ᠡᠬᠢᠯᠡᠭᠰᠡᠨ ᠪᠠᠶ᠋ᠢᠨ᠎ᠠ᠃
ᠤᠷᠠᠳ ᠨᠤᠲᠤᠭ ᠠᠭᠤᠯᠠ ᠤᠯᠠᠨ᠎ᠲᠠᠢ᠂ ᠲᠠᠯ᠎ᠠ᠂ ᠭᠤᠪᠢ ᠭᠡᠳ ᠭᠠᠵᠠᠷ᠎ᠤᠨ ᠪᠠᠶ᠋ᠢᠴᠠ ᠬᠡᠯᠪᠡᠷᠢ᠎ᠨᠢ ᠨᠠᠷᠢᠨ ᠪᠤᠳᠣᠯᠢᠶᠠᠨᠳᠠᠢ᠂ ᠭᠠᠩ ᠬᠠᠭᠤᠷᠢ ᠪᠠᠶ᠋ᠢᠲᠠᠭ᠎ᠠᠴᠠ ᠡᠪᠡᠰᠦ ᠣᠷᠭᠤᠮᠠᠯ᠎ᠨᠢ ᠲᠡᠮᠡᠢ ᠦᠨᠲᠦᠷ ᠤᠷᠭᠤᠵᠤ ᠴᠢᠲᠠᠲᠠᠭ ᠦᠭᠡᠢ ᠴᠦ᠍ ᠰᠢᠮ᠎ᠡ ᠲᠡᠵᠢᠭᠡᠯ ᠵᠶ᠋ᠠᠷ ᠰᠠᠶ᠋ᠢᠨ᠂ ᠡᠪᠡᠰᠣ ᠤᠷᠭᠤᠮᠠᠯ᠎ᠤᠨ ᠲᠦᠷᠦᠯ ᠵᠦᠢ᠍ᠯ ᠴᠦ᠍ ᠤᠯᠠᠨ ᠪᠠᠶ᠋ᠢᠳᠠᠭ᠃ ᠤᠷᠲᠤ ᠤᠲᠠᠭ᠋ᠠᠨ ᠲᠡᠤᠭᠡ ᠵᠢᠨ ᠰᠢᠯᠢᠭᠲᠡᠯ ᠵᠶ᠋ᠠᠷ ᠬᠤᠶᠠᠷ ᠪᠤᠭᠳᠠ ᠵᠢᠨ ᠴᠠᠭ᠋ᠠᠨ ᠢᠮᠠᠭ᠎ᠠ ᠬᠡᠮᠡᠬᠦ ᠡᠨᠡᠬᠦ ᠪᠦᠬᠦ ᠣᠯᠣᠰ ᠴᠢᠨᠠᠭᠰᠢᠯᠠᠨ ᠲᠡᠯᠡᠬᠡᠢ᠎ᠳᠤ ᠬᠤᠪᠤᠷ ᠴᠣᠬᠠᠭ ᠰᠢᠯᠢᠳᠡᠭ ᠡᠬᠦᠯᠳᠡᠷ᠎ᠢ ᠪᠤᠢ ᠪᠤᠯᠭ᠋ᠠᠭᠰᠠᠨ ᠪᠠᠶ᠋ᠢᠨ᠎ᠠ᠃ ᠬᠤᠶᠠᠷ ᠪᠤᠭᠲᠠ ᠵᠢᠨ ᠴᠠᠭ᠋ᠠᠨ ᠢᠮᠠᠭ᠎ᠠ᠎ᠨᠢ ᠪᠠᠶ᠋ᠢᠭ᠋ᠠᠯᠢ᠎ᠲᠠᠢ᠎ᠪᠠᠨ ᠵᠤᠬᠢᠴᠠᠬᠤ ᠴᠢᠲᠠᠪᠤᠷᠢ ᠪᠠ ᠡᠪᠡᠳᠴᠢᠨ᠎ᠢ ᠡᠰᠡᠷᠬᠦᠴᠡᠬᠦ ᠴᠢᠲᠠᠪᠤᠷᠢ᠎ᠨᠢ ᠴᠢᠩᠭ᠎ᠠ᠂ ᠪᠡᠶ᠎ᠠ ᠪᠠᠶ᠋ᠢᠳᠠᠯ᠎ᠨᠢ ᠲᠡᠭᠰᠢᠬᠡᠨ᠂ ᠮᠢᠬ᠎ᠠ ᠰᠠᠶ᠋ᠢᠨᠲᠡᠢ᠂ ᠠᠵᠦ ᠠᠬᠤᠢ ᠵᠢᠨ ᠡᠷᠬᠢᠯᠳᠡ ᠵᠢᠨ ᠬᠤᠭᠤᠴᠠᠭ᠎ᠠ᠎ᠨᠢ ᠣᠬᠤᠷ᠂ ᠦᠷ᠎ᠠ ᠠᠰᠢᠭ᠎ᠨᠢ ᠰᠠᠶ᠋ᠢᠨ ᠵᠡᠷᠭᠡ ᠦᠪᠡᠷᠮᠢᠴᠡ ᠤᠨᠴᠠᠯᠢᠭ᠎ᠲᠠᠢ᠃ ᠬᠤᠶᠠᠷ ᠪᠤᠭᠲᠠ ᠵᠢᠨ ᠴᠠᠭ᠋ᠠᠨ ᠢᠮᠡᠭ᠋ᠠᠨᠤ ᠰᠤᠷ᠎ᠨᠢ ᠤᠷᠲᠤ᠂ ᠲᠡᠭᠰᠢᠳᠭᠡᠭᠡᠳ 15 ᠰᠡᠨᠲ᠋ᠢᠮᠸᠲᠷ᠎ᠠᠴᠠ ᠲᠡᠭᠡᠭᠰᠢ ᠪᠠᠶ᠋ᠢᠵᠤ᠂ ᠨᠤᠯᠤᠤᠷ᠎ᠨᠢ ᠤᠷᠲᠤ ᠪᠦᠭᠡᠳ ᠵᠦᠭᠡᠯᠡᠨ᠂ ᠬᠠᠷᠢᠮᠠᠬᠠᠢ ᠴᠢᠨᠠᠷ ᠵᠶ᠋ᠠᠷ ᠴᠢᠩᠭ᠎ᠠ᠂ ᠦᠩᠭᠡ᠎ᠨᠢ ᠭᠢᠯᠳᠠᠭ᠋ᠠᠨᠠᠮᠠ᠂ ᠨᠤᠯᠤᠤᠷ᠎ᠤᠨ ᠰᠢᠷᠬᠢᠭ᠎ᠨᠢ 13 — — 15 ᠮᠢᠺᠷᠦᠮᠧᠲᠷ ᠪᠦᠲᠦᠬᠦᠨ ᠪᠠᠶ᠋ᠢᠲᠠᠭ᠃ ᠲᠡᠶ᠋ᠢᠮᠦᠳᠤᠪᠠᠨ 《ᠲᠡᠯᠡᠬᠡᠢ ᠵᠢᠨ ᠰᠢᠷᠬᠡᠭᠯᠢᠭ᠎ᠤᠨ ᠲᠣᠳᠣᠷᠠᠬᠢ ᠠᠯᠮᠠᠰ》᠂ 《ᠵᠦᠬᠡᠯᠡᠨ ᠠᠯᠳᠠ》 ᠬᠡᠮᠡᠨ ᠠᠯᠳᠠᠨ ᠲᠡᠯᠡᠬᠡᠢ᠎ᠳᠤ ᠠᠯᠳᠠᠷᠰᠢᠭᠰᠠᠨ ᠶᠣᠮ᠃
1999 ᠤᠨ᠎ᠳᠤ᠂ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠠᠴᠠ ᠬᠤᠶᠠᠷ ᠪᠤᠭᠲᠠ ᠵᠢᠨ ᠴᠠᠭ᠋ᠠᠨ ᠢᠮᠠᠭ᠎ᠠ ᠵᠢ ᠨᠤᠯᠤᠤᠷ᠎ᠤᠨ ᠴᠠᠭ᠋ᠠᠨ ᠢᠮᠠᠭ᠎ᠠ ᠭᠡᠮᠡᠨ ᠨᠡᠷᠡᠶ᠋ᠢᠳᠪᠠ᠃ 2006 ᠤᠨ᠎ᠳᠤ ᠤᠯᠤᠰ᠎ᠤᠨ ᠮᠠᠯ ᠲᠡᠵᠢᠭᠡᠪᠦᠷᠢ ᠵᠢᠬᠦᠷᠲᠡᠨᠤ ᠤᠲᠤᠮᠰᠢᠯᠤᠨ ᠡᠬᠢ ᠪᠠᠶᠠᠯᠢᠭ᠎ᠤᠨ ᠬᠠᠮᠠᠭ᠋ᠠᠯᠠᠯᠲᠠ ᠵᠢᠨ ᠦᠪ᠎ᠤᠨ ᠵᠢᠭᠰᠠᠭ᠋ᠠᠯᠳᠠᠳᠤ ᠵᠢᠬᠰᠠᠭ᠋ᠠᠭᠲᠠᠪᠠ᠃ 2018 ᠤᠨ᠎ᠤ 2 ᠰᠠᠷ᠎ᠠ᠎ᠳᠤ᠂ ᠲᠠᠷᠢᠶᠠᠯᠠᠩ᠎ᠤᠨ ᠶᠠᠮᠤᠨ᠎ᠠᠴᠠ ᠲᠠᠷᠢᠶᠠᠯᠠᠩ ᠮᠠᠯ ᠠᠵᠤ ᠠᠬᠤᠢ ᠵᠢᠨ ᠪᠦᠲᠦᠭᠡᠭᠲᠡᠬᠦᠨᠤ ᠤᠷᠤᠨ ᠨᠤᠲᠤᠭ᠎ᠤᠨ ᠲᠠᠮᠲᠡᠭ᠎ᠲᠦ ᠪᠦᠲᠦᠭᠡᠭᠲᠡᠬᠦᠨ ᠵᠶ᠋ᠠᠷ ᠲᠠᠩᠰᠠᠯᠠᠨ ᠬᠠᠮᠠᠭ᠋ᠠᠯᠠᠪᠠ᠃ ᠭᠤᠷᠪᠠᠨ ᠵᠢᠯ ᠲᠠᠷᠠᠭ᠋ᠠᠯᠠᠨ ᠢᠲ᠋ᠠᠯᠢ ᠵᠢᠨ ᠵᠡᠶ᠋ᠢᠭᠸᠡᠨᠡ ᠵᠢᠨ ᠤᠯᠠᠨ ᠤᠯᠤᠰ᠎ᠤᠨ ᠢᠮᠠᠭ᠋ᠠᠨ ᠨᠤᠯᠤᠤᠷ᠎ᠤᠨ ᠠᠯᠲᠠᠨ ᠮᠧᠲᠠᠯ᠎ᠢ ᠲᠤᠰᠪᠠ ᠁ ᠬᠡᠳᠡᠯ᠎ᠠ ᠮᠠᠯᠴᠢᠨ ᠲᠦᠮᠡᠨ ᠮᠠᠨᠢ ᠤᠷᠤᠯᠭ᠎ᠠ᠎ᠪᠠᠨ ᠪᠤᠲᠤᠵᠤ ᠨᠣᠯᠤᠣᠷᠤᠨ ᠭᠠᠷᠣᠯᠳᠠ᠎ᠪᠠᠷ ᠶᠡᠭᠡ ᠭᠠᠳᠠᠷ ᠣᠷᠣᠨ᠎ᠤ ᠨᠣᠯᠤᠣᠷᠤᠨ ᠢᠮᠠᠭ᠎ᠠ ᠵᠢ ᠣᠷᠣᠭᠤᠯᠣᠨ ᠠᠪᠴᠢᠷᠠᠵᠦ ᠡᠷᠯᠢᠰᠠᠵᠢᠬᠦᠯᠦᠭᠰᠡᠨ ᠵᠶ᠋ᠠᠷ ᠬᠤᠶᠠᠷ ᠪᠤᠭᠳᠠ ᠵᠢᠨ ᠴᠠᠭ᠋ᠠᠨ ᠢᠮᠠᠭ᠋ᠠᠨ᠎ᠤ ᠡᠬᠦᠯᠳᠡᠷ ᠶᠠᠪᠤᠬᠤ ᠲᠣᠳᠣᠮ ᠮᠠᠭᠤᠵᠢᠷᠠᠵᠦ᠂ ᠣᠨᠴᠠᠭ᠋ᠠᠢ᠍ᠢ᠍ᠯᠠᠨ ᠨᠣᠯᠤᠣᠷᠤᠨ ᠶᠠᠰᠣ ᠴᠢᠨᠠᠷ᠎ᠨᠢ ᠡᠪᠲᠡᠭᠲᠡᠨ᠂ ᠰᠢᠷᠬᠢᠯᠢᠭᠨᠢ ᠪᠦᠲᠦᠬᠦᠷᠡᠨ ᠭᠡᠪᠡᠷᠢᠭᠵᠢᠵᠦ᠂ ᠬᠠᠷᠢᠮᠠᠬᠠᠢ ᠴᠢᠨᠠᠷ᠎ᠨᠢ ᠪᠠᠭᠤᠷᠠᠨ᠂ ᠡᠨᠡᠬᠦ ᠴᠡᠪᠡᠷ ᠡᠬᠦᠯᠳᠡᠷ᠎ᠨᠢ ᠠᠪᠤᠷᠠᠬᠤ ᠦᠬᠡᠢ ᠪᠤᠯ ᠣᠰᠠᠳᠬᠤ ᠬᠡᠮᠵᠢᠶᠡᠨ᠎ᠳᠤ ᠬᠦᠷᠪᠡ᠃ ᠨᠡᠶ᠋ᠢᠭᠡᠮ ᠦᠳᠲᠡᠷ ᠲᠦᠷᠭᠡᠨ ᠬᠦᠭᠵᠢᠵᠦ᠂ ᠲᠦᠯᠦᠪᠯᠡᠭᠡᠲᠦ ᠠᠵᠤ ᠠᠬᠤᠢ᠎ᠠᠴᠠ ᠵᠠᠬ᠎ᠠ ᠲᠠᠯᠭᠡᠬᠦᠷ᠎ᠤᠨ ᠠᠵᠤ ᠠᠬᠤᠢ᠎ᠳᠤ ᠰᠢᠯᠵᠢᠭᠰᠡᠨ ᠡᠨᠡ ᠡᠷᠢᠨ᠎ᠳᠤ ᠢᠯᠡᠬᠦᠦ ᠮᠦᠩᠬᠦ ᠤᠯᠵᠤ᠂ ᠠᠮᠢᠲᠤᠷᠠᠯ ᠵᠶ᠋ᠠᠨ ᠲᠡᠭᠡᠭᠰᠢ᠎ᠨᠢ ᠲᠠᠲᠠᠨ ᠪᠠᠶᠠᠵᠢᠨ ᠴᠢᠨᠠᠭᠡᠯᠢᠭᠵᠢᠶᠠ ᠭᠡᠰᠡᠨ ᠮᠠᠯᠴᠢᠨ ᠲᠦᠮᠡᠨ᠎ᠤ ᠮᠢᠨᠢ ᠪᠤᠲᠤᠯ ᠪᠤᠷᠤᠭᠤᠲᠠᠭᠠ ᠦᠭᠡᠢ᠃ ᠭᠡᠲᠦᠨ ᠵᠢᠯ ᠨᠤᠯᠤᠤᠷ᠎ᠤᠨ ᠺᠤᠮᠫᠡᠨᠢᠳᠤ ᠨᠤᠯᠤᠤᠷ ᠬᠤᠷᠢᠶᠠᠭᠴᠢ᠎ᠪᠠᠷ ᠠᠵᠢᠯᠯᠠᠵᠤ᠂ ᠲᠤᠮᠲᠠᠲᠤ ᠮᠤᠩᠭᠤᠯ ᠬᠤᠶᠠᠷ ᠤᠯᠤᠰ᠎ᠤᠨ ᠤᠯᠠᠨ ᠭᠠᠵᠠᠷ᠎ᠢ ᠡᠯᠡᠭᠡᠵᠦ ᠶᠠᠪᠤᠭᠰᠠᠨ ᠵᠢᠷᠡᠡᠨᠢᠭᠡ ᠨᠤᠯᠤᠤᠷ᠎ᠤᠨ ᠴᠢᠨᠠᠷ ᠴᠢᠨᠰᠠᠭ᠎ᠠ᠂ ᠠᠯᠢ ᠨᠤᠲᠤᠭ᠎ᠤᠨ ᠶᠠᠮᠠᠷ ᠡᠬᠦᠯᠲᠡᠷ᠎ᠤᠨ ᠢᠮᠠᠭ᠋ᠠᠨ᠎ᠤ ᠨᠤᠯᠤᠤᠷ ᠪᠤᠯᠬᠤ ᠵᠢ ᠦᠵᠡᠮᠡᠭᠴᠡ ᠮᠡᠲᠡᠲᠡᠭ ᠬᠢᠷᠠᠬᠠᠢ ᠨᠢᠲᠤ᠎ᠲᠠᠢ ᠪᠤᠯᠤᠭᠰᠠᠨ ᠶᠤᠮ᠃ ᠮᠦᠨ ᠴᠦ᠍ ᠬᠤᠶᠠᠷ ᠪᠤᠭᠲᠠ ᠵᠢᠨ ᠴᠠᠭ᠋ᠠᠨ ᠢᠮᠠᠭ᠋ᠠᠨ᠎ᠤ ᠨᠤᠯᠤᠤᠷ᠎ᠤᠨ ᠴᠢᠨᠠᠷ ᠶᠠᠮᠠᠷ ᠭᠡᠲᠡᠭ᠎ᠢ ᠠᠯᠠᠭ᠋ᠠᠨ ᠵᠢᠷᠤᠭ᠋ᠠᠰᠤ᠎ᠪᠠᠨ ᠰᠢᠭ᠋ ᠰᠠᠶ᠋ᠢᠨ ᠮᠡᠲᠡᠲᠡᠭ ᠵᠶ᠋ᠠᠷ ᠬᠤᠶᠠᠷ ᠪᠤᠭᠲᠠ ᠵᠢᠨ ᠴᠠᠭ᠋ᠠᠨ ᠢᠮᠠᠭ᠎ᠠ ᠵᠢ ᠦᠰᠭᠡᠵᠦ ᠦᠷᠡᠵᠢᠬᠦᠯᠬᠦ᠂ ᠡᠬᠦᠯᠲᠡᠷᠢᠨᠢ ᠰᠠᠶ᠋ᠢᠵᠢᠷᠠᠭᠤᠯᠬᠤ᠂ ᠠᠪᠤᠷᠠᠨ ᠬᠠᠮᠠᠭ᠋ᠠᠯᠠᠬᠤ᠎ᠪᠠᠷ ᠵᠤᠷᠢᠭ ᠰᠢᠭᠤᠲᠤᠨ᠂ 2002 ᠤᠨ᠎ᠳᠤ ᠠᠯᠢᠪᠠ ᠠᠵᠢᠯ ᠵᠶ᠋ᠠᠨ ᠲᠠᠶᠠᠭᠲᠠᠵᠤ᠂ ᠨᠢᠭᠡ ᠯᠠ ᠰᠡᠳᠬᠢᠯ ᠵᠶ᠋ᠠᠷ ᠰᠢᠭᠤᠷᠬᠠᠶ᠋ᠢᠯᠠᠨ ᠠᠵᠢᠯᠯᠠᠵᠤ ᠡᠬᠢᠯᠡᠵᠡᠢ ᠁
— — ᠮᠠᠨ᠎ᠤ᠎ᠳᠤ ᠬᠦᠮᠦᠨ ᠢᠷᠡᠭᠰᠡᠨ ᠲᠦᠯᠦᠪᠲᠠᠢ᠂ ᠭᠠᠲᠠᠨ᠎ᠠ ᠨᠢᠭᠡ ᠬᠦᠮᠦᠨ ᠶᠠᠪᠤᠵᠤ ᠪᠠᠶ᠋ᠢᠨ᠎ᠠ᠃
— — ᠡᠨᠡ ᠬᠠᠯᠠᠭᠤᠨ ᠡᠲᠦᠷ ᠶᠠᠭᠤᠨ᠎ᠤ ᠬᠦᠮᠦᠨ ᠪᠤᠯᠴᠢᠬᠠᠪᠠ ᠤᠤ?
— — ᠨᠤᠯᠤᠤᠷ ᠠᠪᠬᠤ ᠬᠦᠮᠦᠨ ᠶᠠᠪᠤᠵᠤ ᠪᠠᠶ᠋ᠢᠭ᠎ᠠ ᠶᠤᠮ ᠤᠤ? ᠮᠡᠲᠡᠬᠦ ᠦᠭᠡᠢ ᠮᠡᠲᠡᠬᠦ ᠦᠭᠡᠢ᠃ ᠭᠡᠷ᠎ᠲᠤ ᠤᠷᠤᠬᠤ᠎ᠳᠤ ᠬᠠᠨᠵᠤᠨ ᠲᠡᠭᠡᠷ᠎ᠡ᠎ᠨᠢ ᠨᠢᠭᠡ ᠬᠦᠮᠦᠨ ᠵᠠᠪᠢᠯᠠᠵᠤ ᠰᠠᠭᠤᠴᠢᠬᠠᠭ᠋ᠠᠳ ᠴᠠᠢ ᠤᠤᠭᠤᠵᠤ ᠪᠠᠶ᠋ᠢᠯ᠎ᠠ᠃ ᠭᠡᠷ᠎ᠤᠨ ᠡᠵᠡᠨ ᠤᠷᠤᠵᠤ ᠢᠷᠡᠬᠦᠯᠡᠷ ᠨᠢ
— — ᠰᠠᠶ᠋ᠢᠨ ᠤᠤ? ᠲᠠᠷᠭᠤᠨ ᠲᠠᠪᠠᠲᠠᠢ ᠵᠤᠰᠠᠵᠤ ᠪᠠᠶ᠋ᠢᠨ᠎ᠠ? ᠬᠠᠮᠢᠭ᠎ᠠ᠎ᠪᠠᠷ ᠶᠠᠪᠤᠭ᠋ᠠᠳ ᠢᠷᠡᠪᠠ ᠤᠤ ᠭᠡᠵᠤ ᠭᠡᠷ᠎ᠤᠨ ᠡᠵᠡᠨ ᠶᠤᠮ ᠰᠢᠭ᠋ ᠮᠡᠨᠲᠦᠴᠢᠯᠡᠯᠠ᠃ ᠡᠨᠡ ᠬᠦᠮᠦᠨ ᠦᠭᠡᠷ᠎ᠡ ᠬᠦᠮᠦᠨ ᠪᠢᠰᠢ᠂ ᠲᠤᠬᠠᠢ ᠵᠢᠨ ᠦᠶ᠎ᠠ᠎ᠳᠤ ᠬᠤᠰᠢᠭᠤᠨ᠎ᠤ ᠮᠠᠯ ᠠᠵᠤ ᠠᠬᠤᠢ ᠵᠢᠨ ᠲᠤᠪᠴᠢᠶᠠᠨ᠎ᠤ ᠲᠠᠷᠤᠭ᠎ᠠ ᠪᠠᠶ᠋ᠢᠭᠰᠠᠨ ᠰᠤᠶᠤᠯᠲᠤ ᠪᠠᠶ᠋ᠢᠵᠠᠢ᠃
— — ᠰᠠᠶ᠋ᠢᠨ ᠰᠠᠶ᠋ᠢᠨ᠂ ᠰᠠᠶ᠋ᠢᠨ ᠪᠠᠶ᠋ᠢᠨ᠎ᠠ ᠤᠤ? ᠵᠠ ᠲᠡᠭᠡᠭᠡᠳ ᠲᠠᠷᠤᠭ᠎ᠠ ᠭᠤᠸᠠᠢ᠂ ᠶᠠᠮᠠᠷ ᠠᠵᠢᠯ ᠠᠯᠪᠠ᠎ᠪᠠᠷ ᠶᠠᠪᠤᠵᠤ ᠪᠠᠶ᠋ᠢᠨ᠎ᠠ ᠤᠤ?
— — ᠢᠮᠠᠭ᠋ᠠᠨ᠎ᠤ ᠤᠴᠢᠷ ᠵᠶ᠋ᠠᠷ ᠶᠠᠪᠤᠨ᠎ᠠ᠂ ᠬᠤᠶᠠᠷ ᠪᠤᠭᠲᠠ ᠵᠢᠨ ᠴᠠᠭ᠋ᠠᠨ ᠢᠮᠠᠭ᠎ᠠ ᠵᠢ ᠬᠠᠮᠠᠭ᠋ᠠᠯᠠᠵᠤ ᠬᠦᠭᠵᠢᠬᠦᠯᠬᠦ᠎ᠳᠤ ᠯᠠ ᠴᠢᠮ᠎ᠠ ᠰᠢᠭ᠋ ᠬᠦᠮᠦᠨ ᠲᠤᠰᠠ ᠪᠤᠯᠤᠨ᠎ᠠ᠃
— — ᠶᠤᠰᠤᠲᠠᠢ ᠰᠠᠶ᠋ᠢᠨ ᠠᠵᠢᠯ ᠵᠶ᠋ᠠᠷ ᠶᠠᠪᠤᠵᠤ ᠪᠠᠶ᠋ᠢᠭ᠎ᠠ ᠶᠤᠮ ᠪᠠᠶ᠋ᠢᠨ᠎ᠠ᠃ 《ᠭᠠᠭᠴᠠ ᠮᠤᠲᠤ ᠭᠠᠯ ᠪᠤᠯᠬᠤ ᠦᠭᠡᠢ᠂ ᠭᠠᠭᠴᠠ ᠬᠦᠮᠦᠨ ᠠᠶ᠋ᠢᠯ ᠪᠤᠯᠬᠤ ᠦᠭᠡᠢ》 ᠭᠡᠲᠡᠭ ᠵᠶ᠋ᠠᠷ ᠪᠢ ᠴᠦ᠍ ᠭᠠᠭᠴᠠᠭ᠋ᠠᠷ ᠵᠶ᠋ᠠᠨ ᠭᠡᠲᠦᠨ ᠵᠢᠯ ᠴᠢᠷᠮᠠᠶ᠋ᠢᠵᠤ ᠶᠠᠪᠤᠯ᠎ᠠ᠂ ᠨᠤᠯᠤᠤᠷ᠎ᠤᠨ ᠭᠠᠷᠤᠯᠲᠠ ᠲᠤᠤᠷ᠎ᠠ ᠪᠠᠶ᠋ᠢᠲᠠᠭ᠎ᠠᠴᠠ ᠪᠦᠬᠦᠲᠡᠭᠡᠷ ᠵᠶ᠋ᠠᠨ ᠰᠡᠳᠬᠢᠯ ᠨᠢᠭᠡᠳᠬᠦ ᠦᠭᠡᠢ ᠭᠡᠲᠡᠭ ᠴᠢᠨᠢ ᠠᠮᠠᠷ ᠦᠭᠡᠢ᠃ ᠵᠠᠰᠠᠭ᠎ᠤᠨ ᠤᠷᠲᠤᠨ᠎ᠠᠴᠠ ᠬᠦᠨᠲᠤᠳᠭᠡᠨ ᠦᠵᠡᠵᠦ᠂ ᠬᠠᠪᠰᠤᠷᠲᠠᠭ ᠶᠤᠮ ᠪᠤᠯ ᠲᠡᠭᠡᠭᠡᠳ ᠠᠮᠠᠷᠬᠠᠨ ᠪᠤᠯᠤᠨ᠎ᠠ ᠳ᠋ᠠ᠂ ᠪᠢ ᠴᠦ᠍ ᠶᠠᠭ᠋ᠠᠬᠢᠮᠠᠢ᠂ ᠴᠢᠲᠠᠯ ᠵᠶ᠋ᠠᠷ ᠬᠠᠮᠵᠢᠨ ᠬᠢᠨ᠎ᠠ ᠳ᠋ᠠ᠃
— — ᠡᠶ᠋ᠢᠮᠦ ᠰᠠᠶ᠋ᠢᠨ ᠢᠮᠠᠭ᠎ᠠ᠎ᠪᠠᠨ ᠪᠢᠲᠠ ᠦᠪᠡᠷᠲᠡᠭᠡᠨ ᠬᠠᠮᠠᠭ᠋ᠠᠯᠠᠵᠤ ᠬᠦᠭᠵᠢᠬᠦᠯᠬᠦ ᠦᠭᠡᠢ ᠶᠤᠮ ᠪᠤᠯ᠂ ᠦᠭᠡᠷ᠎ᠡ ᠬᠦᠮᠦᠨ ᠶᠠᠭᠤᠮ᠎ᠠ ᠪᠤᠯᠭ᠋ᠠᠬᠤ ᠦᠭᠡᠢ ᠰᠢᠤ᠂ 《ᠲᠡᠮ ᠲᠡᠮᠳᠤᠪᠠᠨ ᠲᠠᠭᠡᠰᠤ ᠡᠷᠴᠢᠮᠳᠤᠪᠠᠨ》 ᠭᠡᠲᠡᠭ᠂ ᠪᠢᠲᠠ ᠪᠦᠬᠦᠲᠡᠭᠡᠷ ᠵᠶ᠋ᠠᠨ ᠴᠢᠷᠮᠠᠶ᠋ᠢᠪᠠᠯ ᠪᠦᠲᠦᠬᠦ ᠶᠤᠮ᠃ ᠪᠢᠲᠠᠨᠤ ᠴᠢᠷᠮᠠᠶ᠋ᠢᠯᠭ᠎ᠠ ᠬᠠᠷᠢᠭᠤ᠎ᠲᠠᠢ ᠪᠤᠯᠤᠨ᠎ᠠ᠃ ᠨᠤᠯᠤᠤᠷ᠎ᠤᠨ ᠭᠠᠷᠤᠯᠲᠠ ᠲᠤᠤᠷ᠎ᠠ ᠪᠠᠶ᠋ᠢᠲᠠᠭ᠎ᠨᠢ ᠦᠨᠡᠨ᠂ ᠤᠲᠤ ᠪᠢᠲᠠ ᠬᠠᠮᠢᠶ᠎ᠠ ᠪᠦᠬᠦᠢ ᠮᠡᠷᠭᠡᠵᠢᠯᠲᠡᠨ᠎ᠢ ᠤᠷᠢᠵᠤ᠂ ᠬᠤᠶᠠᠷ ᠪᠤᠬᠲᠠ ᠵᠢᠨ ᠴᠠᠭ᠋ᠠᠨ ᠢᠮᠠᠭ᠋ᠠᠨ᠎ᠤ ᠨᠤᠯᠤᠤᠷᠢ ᠨᠡᠮᠡᠭᠲᠡᠬᠦᠯᠬᠦ ᠲᠤᠬᠠᠢ ᠰᠤᠲᠤᠯᠭ᠋ᠠᠨ ᠬᠢᠵᠦ ᠪᠤᠢ᠃ ᠡᠨᠡ ᠲᠠᠯ᠎ᠠ᠎ᠳᠤ ᠴᠦ᠍ ᠲᠠᠨ᠎ᠤ ᠲᠠᠮᠵᠢᠯᠭᠡ ᠴᠢᠬᠤᠯᠠᠲᠠᠢ ᠪᠤᠯᠤᠭ᠋ᠠᠳ ᠪᠠᠶ᠋ᠢᠨ᠎ᠠ᠃ ᠮᠡᠷᠭᠡᠵᠢᠯᠲᠠᠳ ᠬᠢᠭᠡᠳ ᠵᠢᠷᠡᠡᠨᠢᠭᠡ ᠲᠦᠷᠦᠬᠦᠲᠡᠢ ᠭᠡᠰᠡᠭ ᠮᠠᠯᠴᠢᠳ ᠭᠡᠲᠦᠨ ᠵᠢᠯ᠎ᠤᠨ ᠴᠠᠭ ᠵᠠᠷᠤᠴᠠᠭᠤᠯᠤᠨ ᠴᠢᠷᠮᠠᠶ᠋ᠢᠭᠰᠠᠨ ᠵᠶ᠋ᠠᠷ᠂ ᠬᠤᠶᠠᠷ ᠪᠤᠭᠲᠠ ᠵᠢᠨ ᠴᠠᠭ᠋ᠠᠨ ᠢᠮᠠᠭ᠎ᠠ᠎ᠨᠢ ᠲᠡᠭᠰᠢᠳᠭᠡᠭᠡᠳ ᠭᠡᠲᠦᠭᠡᠨ ᠯᠠᠩ ᠨᠤᠯᠤᠤᠷ᠎ᠲᠠᠢ ᠪᠠᠶ᠋ᠢᠭᠰᠠᠨ᠎ᠠᠴᠠ᠎ᠪᠠᠨ ᠤᠲᠤ ᠪᠤᠯᠬᠤ᠎ᠳᠤ ᠡᠮ᠎ᠡ ᠢᠮᠠᠭ᠎ᠠ᠎ᠨᠢ ᠬᠦᠷᠲᠡᠯ᠎ᠠ ᠵᠢᠩ ᠲᠠᠪᠤᠨ ᠯᠠᠩ ᠨᠤᠯᠤᠤᠷ ᠪᠠᠭᠤᠬᠤ ᠪᠤᠯᠵᠠᠢ᠃
2013 ᠣᠨ᠎ᠤ ᠰᠡᠬᠦᠯᠴᠢ ᠪᠤᠯᠬᠤ᠎ᠳᠤ᠂ ᠣᠯᠣᠰ᠎ᠠᠴᠠ 《ᠪᠤᠳᠣᠯᠭ᠎ᠠ ᠵᠢᠨ ᠴᠢᠨᠠᠷᠲᠠᠢ ᠲᠣᠮᠣ ᠪᠡᠯᠡᠭ》 ᠵᠶ᠋ᠠᠷ ᠬᠤᠶᠠᠷ ᠪᠤᠭᠲᠠ ᠵᠢᠨ ᠨᠤᠯᠤᠤᠷ᠎ᠤᠨ ᠴᠠᠭ᠋ᠠᠨ ᠢᠮᠠᠭᠠᠳᠤ ᠨᠦᠬᠦᠪᠦᠷᠢ ᠦᠭᠬᠦ ᠪᠠᠶᠠᠷ᠎ᠤᠨ ᠴᠢᠮᠡᠭᠡ ᠤᠷᠠᠳ ᠨᠤᠲᠤᠭ᠎ᠲᠤ ᠴᠠᠬᠢᠯᠭ᠋ᠠᠨ ᠴᠠᠬᠢᠯᠠᠭᠰᠠᠨ ᠶᠤᠮ ᠰᠢᠭ᠋ ᠨᠢᠭᠡ᠎ᠠᠴᠠ ᠠᠷᠪᠠ᠎ᠳᠤ᠂ ᠨᠢᠭᠡ ᠮᠡᠲᠡᠬᠦ᠎ᠳᠤ ᠪᠦᠬᠦᠨ ᠵᠶ᠋ᠠᠷ ᠵᠶ᠋ᠠᠨ ᠮᠡᠲᠡᠴᠢᠭᠡᠭᠰᠡᠨ ᠪᠠᠶ᠋ᠢᠯ᠎ᠠ᠃ 《ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠠᠷᠠᠳ᠎ᠤᠨ ᠵᠠᠰᠠᠭ᠎ᠤᠨ ᠤᠷᠲᠤᠨ ᠨᠣᠯᠤᠣᠷᠤᠨ ᠢᠮᠠᠭ᠎ᠠ ᠵᠢᠨ ᠠᠵᠦ ᠦᠢ᠍ᠯᠡᠰ᠎ᠢ ᠮᠠᠨᠳᠣᠭᠤᠯᠣᠨ ᠬᠦᠭᠵᠢᠬᠦᠯᠬᠦ ᠲᠤᠬᠠᠢ ᠰᠠᠨᠠᠯ》 (ᠦᠪᠦᠷ ᠵᠠᠰᠠᠭ ᠲᠠᠷᠬᠠᠭ᠋ᠠᠬᠤ [2013] 71 ᠨᠤᠮᠧᠷ) ᠪᠠ ᠦᠪᠡᠷᠳᠡᠬᠡᠨ ᠵᠠᠰᠠᠬᠤ ᠣᠷᠣᠨ᠎ᠤ ᠵᠠᠰᠠᠭ᠎ᠤᠨ ᠣᠷᠳᠣᠨ᠎ᠠᠴᠠ 《ᠴᠠᠭ᠋ᠠᠨ ᠨᠣᠯᠤᠣᠷᠤᠨ ᠢᠮᠠᠭ᠎ᠠ ᠵᠢ ᠬᠠᠮᠠᠭ᠋ᠠᠯᠠᠬᠤ ᠬᠡᠷᠡᠭᠵᠢᠬᠦᠯᠬᠦ ᠲᠦᠰᠦᠯ》᠎ᠢ ᠲᠣᠭᠳᠠᠭ᠋ᠠᠵᠦ᠂ ᠬᠤᠶᠠᠷ ᠪᠤᠭᠳᠠ ᠵᠢᠨ ᠨᠣᠯᠤᠣᠷᠤᠨ ᠴᠠᠭ᠋ᠠᠨ ᠢᠮᠠᠭ᠎ᠠ ᠵᠢ ᠬᠠᠮᠠᠭ᠋ᠠᠯᠠᠯᠳᠠ ᠵᠢᠨ ᠢᠨᠵᠧᠨᠧᠷᠢᠩ᠎ᠤᠨ ᠨᠡᠷ᠎ᠠ ᠵᠢᠨ ᠵᠢᠭᠰᠠᠭ᠋ᠠᠯ᠎ᠳᠤ ᠣᠷᠣᠭᠤᠯᠣᠭᠰᠠᠨ ᠪᠦᠬᠡᠳ ᠰᠠᠶ᠋ᠢᠨ ᠡᠬᠦᠯᠳᠡᠷ᠎ᠤᠨ ᠬᠠᠮᠠᠭ᠋ᠠᠯᠠᠯᠳᠠ ᠵᠢᠨ ᠲᠦᠷᠦᠯ ᠵᠦᠢ᠍ᠯ᠎ᠤᠨ ᠪᠡᠯᠡ ᠮᠦᠡᠭᠬᠦ ᠵᠢ 149 ᠲᠦᠮᠡᠨ ᠲᠦᠬᠦᠷᠢᠭ ᠪᠠᠭᠤᠯᠭ᠋ᠠᠪᠠ᠃ ᠪᠠᠶ᠋ᠢᠴᠠᠭ᠋ᠠᠯᠲᠠ᠎ᠪᠠᠷ ᠲᠠᠮᠵᠢᠨ ᠪᠠᠷᠢᠮᠵᠢᠶᠠᠨ᠎ᠳᠤ ᠬᠢᠷᠢ ᠲᠡᠩᠴᠡᠭᠰᠡᠨ ᠬᠤᠶᠠᠷ ᠪᠤᠭᠲᠠ ᠵᠢᠨ ᠤᠬᠤᠨ᠎ᠠ ᠪᠦᠷᠢ᠎ᠳᠤ 800 ᠲᠦᠬᠦᠷᠢᠭ᠎ᠤᠨ ᠨᠦᠬᠦᠪᠦᠷᠢ ᠦᠭᠬᠦ ᠵᠢᠨ ᠬᠠᠮᠲᠤ᠂ ᠡᠮ᠎ᠡ ᠢᠮᠠᠭ᠎ᠠ᠎ᠨᠢ 100᠎ᠠᠴᠠ ᠲᠡᠭᠡᠭᠰᠢ ᠪᠠᠶ᠋ᠢᠬᠤ ᠡᠷᠦᠭᠡ᠎ᠪᠠᠷ ᠭᠤᠤᠯᠲᠠᠭᠤᠯᠤᠨ᠂ ᠡᠷᠦᠭᠡ ᠪᠦᠷᠢ᠎ᠠᠴᠠ 10 ᠡᠮ᠎ᠡ ᠢᠮᠠᠭ᠎ᠠ ᠵᠢ ᠰᠤᠩᠭᠤᠨ ᠪᠠᠶ᠋ᠢᠴᠠᠭ᠋ᠠᠵᠤ᠂ ᠨᠢᠭᠡ ᠡᠮ᠎ᠡ ᠢᠮᠠᠭ᠎ᠠ ᠵᠢ ᠠᠷᠪᠠ᠎ᠪᠠᠷ ᠪᠤᠲᠤᠨ᠂ ᠨᠣᠯᠣᠣᠷ᠎ᠤᠨ ᠨᠠᠷᠢᠳ᠎ᠡᠴᠡ ᠵᠢᠨ ᠬᠡᠮᠵᠢᠶ᠎ᠠ᠎ᠨᠢ 14.5 ᠮᠢᠺᠷᠦᠮᠧᠲᠷ᠎ᠠᠴᠠ ᠲᠤᠷᠤᠭᠰᠢ ᠪᠦᠬᠦᠢ ᠪᠠᠷᠢᠮᠵᠢᠶᠠᠨ᠎ᠳᠤ ᠬᠦᠷᠦᠭᠰᠡᠨ ᠡᠮ᠎ᠡ ᠢᠮᠠᠭ᠎ᠠ ᠪᠦᠷᠢ᠎ᠳᠤ ᠵᠠᠭᠤᠨ ᠲᠦᠬᠦᠷᠢᠭ ᠨᠦᠬᠦᠪᠦᠷᠢᠯᠡᠵᠦ᠂ ᠬᠠᠮᠤᠭ ᠤᠯᠠᠨ᠎ᠳᠤ᠎ᠪᠠᠨ ᠡᠷᠦᠭᠡ ᠪᠦᠷᠢ ᠲᠦᠮᠡᠨ ᠲᠦᠬᠦᠷᠢᠭ᠎ᠤᠨ ᠨᠦᠬᠦᠪᠦᠷᠢ ᠤᠯᠬᠤ ᠪᠤᠯᠤᠮᠵᠢ᠎ᠲᠠᠢ ᠪᠤᠯᠪᠡ᠃ ᠮᠠᠯᠴᠢᠳ ᠡᠨᠡᠬᠦ ᠲᠦᠷᠦ ᠵᠢᠨ ᠪᠤᠳᠣᠯᠭ᠎ᠠ᠎ᠠᠴᠠ ᠠᠰᠢᠭ ᠬᠦᠷᠳᠡᠭᠰᠡᠨ ᠪᠦᠬᠡᠳ ᠨᠡᠩ ᠴᠢᠬᠤᠯᠠ᠎ᠨᠢ ᠬᠤᠶᠠᠷ ᠪᠤᠭᠳᠠ ᠵᠢᠨ ᠴᠠᠭ᠋ᠠᠨ ᠢᠮᠠᠭ᠎ᠠ ᠵᠢ ᠬᠠᠮᠠᠭ᠋ᠠᠯᠠᠬᠤ ᠡᠬᠦᠷᠬᠡ ᠬᠠᠷᠢᠭᠤᠴᠠᠯᠭ᠎ᠠ ᠵᠢᠨ ᠲᠣᠬᠠᠢ ᠬᠦᠨ ᠲᠠᠨᠢᠯᠳᠠ᠎ᠲᠠᠢ ᠪᠤᠯᠣᠭᠰᠠᠨ ᠪᠠᠶ᠋ᠢᠨ᠎ᠠ᠃
ᠵᠢᠷᠡᠡᠨᠢᠭᠡ ᠦᠪᠡᠷ ᠵᠶ᠋ᠠᠨ ᠪᠠᠶᠠᠵᠢᠭ᠋ᠠᠳ ᠦᠷᠦᠭᠡᠯ ᠵᠶ᠋ᠠᠨ ᠮᠡᠷᠲᠠᠭᠠ ᠦᠭᠡᠢ᠃ ᠲᠡᠷᠢᠬᠦᠨ᠎ᠤ ᠮᠡᠷᠭᠡᠵᠢᠯ᠂ ᠬᠠᠮᠢᠶᠠᠷᠤᠯᠲᠠ ᠵᠢᠨ ᠠᠷᠭ᠎ᠠ᠎ᠪᠠᠨ ᠮᠠᠯᠴᠢᠨ ᠲᠦᠮᠡᠨ ᠳᠤ᠎ᠪᠠᠨ ᠬᠠᠷᠠᠮ ᠦᠭᠡᠢ ᠬᠤᠪᠢᠶᠠᠯᠴᠠᠵᠤ᠂ ᠲᠡᠲᠡᠨ᠎ᠢ ᠬᠠᠪᠰᠤᠷᠤᠨ ᠬᠠᠮᠲᠤ᠎ᠪᠠᠷ ᠪᠠᠶᠠᠵᠢᠨ ᠴᠢᠨᠡᠭᠡᠯᠢᠭᠵᠢᠬᠦ ᠵᠢ ᠰᠠᠨᠠᠭ᠋ᠠᠴᠢᠯᠠᠭᠰᠠᠨ ᠪᠠᠶ᠋ᠢᠲᠠᠭ᠃ ᠲᠡᠬᠦᠨ᠎ᠤ ᠲᠠᠭ᠋ᠠᠭᠤᠯᠭ᠎ᠠ᠎ᠪᠠᠷ ᠰᠢᠷᠠᠴᠢᠯᠠᠭᠤ ᠭᠠᠴᠠᠭ᠋ᠠᠨ᠎ᠤ ᠨᠤᠯᠤᠤᠷ᠎ᠤᠨ ᠢᠮᠡᠭ᠋ᠠᠨᠤ ᠡᠬᠦᠯᠲᠡᠷ ᠰᠠᠶ᠋ᠢᠵᠢᠷᠠᠭᠤᠯᠤᠯᠲᠠ᠎ᠨᠢ 90%᠎ᠠᠴᠠ ᠲᠡᠭᠡᠭᠰᠢ ᠪᠤᠯᠵᠤ᠂ 2017 ᠤᠨ᠎ᠳᠤ ᠭᠠᠴᠠᠭ᠋ᠠᠨ᠎ᠤ ᠠᠷᠠᠳ᠎ᠤᠨ ᠲᠡᠭᠰᠢᠳᠭᠡᠯ ᠤᠷᠤᠯᠭ᠎ᠠ 1.6 ᠲᠦᠮᠡᠨ ᠲᠦᠬᠦᠷᠢᠭ᠎ᠲᠤ ᠬᠦᠷᠦᠭᠰᠡᠨ ᠪᠠᠶ᠋ᠢᠨ᠎ᠠ᠃
ᠮᠠᠯᠴᠢᠨ ᠲᠦᠮᠡᠨ᠎ᠤ ᠠᠮᠢᠲᠤᠷᠠᠯ᠎ᠤᠨ ᠰᠠᠶ᠋ᠢᠵᠢᠷᠠᠯᠲᠠ᠎ᠳᠤ ᠠᠯᠢ ᠤᠯᠠᠨ ᠠᠵᠢᠯ᠎ᠢ ᠬᠢᠭᠰᠡᠨ ᠵᠢᠷᠠᠡᠨᠢᠭᠡ ᠲᠦᠮᠡᠨ᠎ᠤ ᠢᠲᠡᠭᠡᠯ᠎ᠢ ᠤᠯᠵᠤ᠂ ᠭᠤᠷᠪᠠᠨ ᠬᠤᠭᠤᠴᠠᠭ᠎ᠠ ᠲᠠᠷᠠᠭ᠋ᠠᠯᠠᠨ ᠬᠤᠰᠢᠭᠤᠨ᠎ᠤ ᠠᠷᠠᠳ᠎ᠤᠨ ᠲᠦᠯᠦᠭᠡᠯᠡᠭᠴᠢᠳ᠎ᠤᠨ ᠶᠡᠭᠡ ᠬᠤᠷᠠᠯ᠎ᠤᠨ ᠲᠦᠯᠦᠭᠡᠯᠡᠭᠴᠢ᠎ᠪᠠᠷ ᠰᠤᠩᠭᠤᠭᠲᠠᠯᠠ᠃ ᠡᠨᠡ᠎ᠨᠢ ᠲᠡᠬᠦᠨ᠎ᠳᠤ ᠠᠪᠴᠤ ᠭᠡᠯᠡᠪᠡᠯ ᠦᠩᠭᠡ ᠭᠡᠷᠡᠯᠲᠡᠢ ᠶᠠᠪᠤᠲᠠᠯ᠂ ᠮᠥᠨ ᠴᠦ᠍ ᠠᠷᠠᠳ ᠲᠦᠮᠡᠨ᠎ᠤ ᠬᠦᠰᠡᠯ ᠡᠷᠡᠮᠡᠯᠵᠠᠯᠢ ᠵᠠᠰᠠᠭ᠎ᠤᠨ ᠤᠷᠲᠤᠨ᠎ᠳᠤ ᠲᠤᠰᠬᠠᠬᠤ ᠡᠬᠦᠷᠭᠡ ᠵᠢ ᠬᠦᠯᠢᠶᠡᠭᠰᠡᠨ ᠶᠤᠮ᠃ ᠡᠨᠡᠬᠦ ᠲᠠᠷᠬᠠᠨ ᠡᠬᠦᠷᠭᠡ ᠲᠤᠰᠢᠶᠠᠯ ᠵᠶ᠋ᠠᠨ ᠲᠡᠬᠦᠰ ᠠᠮᠵᠢᠯᠲᠠ᠎ᠲᠠᠢ ᠪᠡᠶᠡᠯᠡᠬᠦᠯᠬᠦ ᠭᠡᠵᠤ ᠮᠠᠷᠡᠶ᠋ᠢᠵᠤ ᠶᠠᠪᠤᠨ᠎ᠠ᠃ ᠤᠩᠭᠤᠨ ᠠᠭᠤᠯᠠ ᠬᠦᠭᠡᠷᠡᠨ ᠰᠦᠨᠲᠡᠷᠯᠡᠵᠦ᠂ ᠪᠤᠷᠬᠠᠨᠲᠤ ᠵᠢᠨ ᠭᠤᠤᠯ ᠮᠢᠷᠡᠯᠵᠡᠨ ᠤᠷᠤᠰᠤᠨ᠎ᠠ᠂ ᠬᠤᠷᠸ᠎ᠠ᠎ᠳᠤ ᠠᠯᠲᠠᠷᠰᠢᠭᠰᠠᠨ ᠬᠤᠨ᠎ᠤ ᠨᠤᠲᠤᠭ᠎ᠲᠤ ᠬᠤᠰᠢᠭᠤᠴᠢ ᠬᠤᠨ ᠬᠠᠯᠢᠨ ᠨᠢᠰᠦᠭᠰᠡᠭᠡᠷ ᠁
ᠰᠤᠷᠪᠤᠯᠵᠢᠯᠠᠭᠴᠢ᠂ ᠵᠤᠬᠢᠶᠠᠯᠴᠢ ᠪᠠ᠊ ᠪᠦᠭᠡ