ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠦᠢᠯᠡᠴᠢᠯᠡᠬᠦ᠌ ᠵᠦᠭᠯᠡᠬᠦᠷ
ᠵᠢᠮᠢᠰ ᠨᠤᠭᠤᠭ᠎ᠠ᠎ᠳᠠᠬᠢ ᠲᠠᠷᠢᠶᠠᠨ ᠡᠮ᠎ᠤᠨ ᠦᠯᠡᠳᠡᠭᠳᠡᠯ᠎ᠢ ᠶᠠᠭ᠋ᠠᠬᠢᠪᠡᠯ ᠰᠠᠶᠢ ᠪᠦᠲᠦᠮᠵᠢᠲᠡᠢ ᠠᠷᠢᠯᠭ᠋ᠠᠵᠣ ᠴᠢᠳᠠᠬᠤ ᠪᠣᠢ?
ᠨᠡᠶ᠋ᠢᠲᠡᠯᠡᠭᠰᠡᠨ ᠴᠠᠭ᠄ 2020-07-15

      ᠲᠠᠷᠢᠶᠠᠨ ᠡᠮ᠂ ᠬᠣᠷᠮᠣᠨ᠂   ᠠᠭ᠋ᠠᠷ᠎ᠤᠨ   ᠪᠤᠵᠠᠷᠳᠤᠯ᠂ ᠣᠷᠴᠢᠨ ᠲᠣᠭᠣᠷᠢᠨ ᠵᠡᠷᠭᠡ ᠨᠥᠯᠥᠭᠡ᠎ᠠᠴᠠ ᠢᠳᠡᠭᠡᠨ ᠤᠮᠳᠠᠭ᠋ᠠᠨ᠎ᠤ ᠡᠷᠡᠭᠦᠯ᠎ᠢ ᠰᠦᠷᠳᠡᠭᠦᠯᠬᠦ ᠡᠯᠧᠮᠧᠨ᠋ᠲ ᠤᠯᠠᠮ᠎ᠠᠴᠠ ᠤᠯᠠᠮ ᠣᠯᠠᠰᠢᠷᠠᠵᠤ ᠪᠠᠶ᠋ᠢᠨ᠎ᠠ᠂ ᠲᠠᠷᠢᠶᠠᠨ ᠡᠮ᠎ᠤᠨ ᠦᠯᠡᠳᠡᠭᠳᠡᠯ᠎ᠤᠨ ᠪᠡᠶ᠎ᠡ ᠮᠠᠬᠠᠪᠣᠳ᠎ᠲᠤ ᠦᠵᠡᠭᠦᠯᠬᠦ ᠨᠥᠯᠥᠭᠡ ᠵᠢ ᠬᠡᠷᠬᠢᠨ ᠬᠠᠮᠤᠭ᠎ᠤᠨ ᠳᠣᠣᠷ᠎ᠠ   ᠬᠡᠮᠵᠢᠶᠡᠨ᠎ᠳᠤ   ᠬᠦᠷᠲᠡᠯ᠎ᠡ ᠪᠠᠭᠤᠷᠠᠭᠤᠯᠬᠤ᠎ᠨᠢ ᠬᠥᠮᠦᠰ᠎ᠤᠨ ᠠᠩᠬᠠᠷᠤᠯ᠎ᠤᠨ ᠲᠥᠪ ᠪᠣᠯᠤᠭᠰᠠᠨ ᠪᠠᠶ᠋ᠢᠨ᠎ᠠ᠃ ᠲᠡᠭᠡᠪᠡᠯ ᠵᠢᠮᠢᠰ ᠨᠤᠭᠤᠭ᠎ᠠ᠎ᠳᠠᠬᠢ ᠲᠠᠷᠢᠶᠠᠨ ᠡᠮ᠎ᠤᠨ ᠦᠯᠡᠳᠡᠭᠳᠡᠯ᠎ᠢ ᠶᠠᠭ᠋ᠠᠬᠢᠪᠡᠯ ᠰᠠᠶᠢ ᠪᠦᠲᠦᠮᠵᠢᠲᠡᠶ ᠠᠷᠢᠯᠭ᠋ᠠᠵᠤ ᠴᠢᠳᠠᠬᠤ ᠪᠤᠢ?      
      ᠨᠢᠭᠡ᠂ 《ᠬᠠᠯᠢᠰᠤᠯᠠᠬᠤ》 ᠠᠷᠭ᠎ᠠ        
      ᠠᠯᠮᠤᠷᠠᠳ᠂ ᠠᠯᠢᠮ᠎ᠠ᠂ ᠲᠥᠮᠥᠰᠥ ᠵᠡᠷᠭᠡ ᠬᠠᠯᠢᠰᠤᠯᠠᠵᠦ ᠪᠣᠯᠳᠠᠭ ᠵᠢᠮᠢᠰ ᠨᠣᠭᠣᠭ᠎ᠠ᠎ᠳᠤ   ᠠᠪᠴᠤ ᠬᠡᠯᠡᠪᠡᠯ᠂ ᠬᠠᠯᠢᠰᠤᠯᠠᠬᠤ ᠪᠣᠯ ᠲᠠᠷᠢᠶᠠᠨ ᠡᠮ᠎ᠤᠨ ᠦᠯᠡᠳᠡᠭᠳᠡᠯ᠎ᠢ ᠠᠷᠢᠯᠭ᠋ᠠᠬᠤ ᠨᠡᠯᠢᠶᠡᠳ ᠰᠠᠶ᠋ᠢᠨ ᠠᠷᠭ᠎ᠠ ᠪᠣᠯᠤᠨ᠎ᠠ᠃ ᠬᠠᠯᠢᠰᠤᠯᠠᠭᠰᠠᠨ ᠵᠢᠮᠢᠰ ᠨᠣᠭᠣᠭ᠎ᠠ ᠵᠢ ᠬᠠᠯᠢᠰᠤᠯᠠᠭ᠋ᠠᠳᠤᠢ ᠵᠢᠮᠢᠰ ᠨᠣᠭᠣᠭ᠎ᠠ᠎ᠲᠠᠢ ᠰᠠᠯᠭ᠋ᠠᠨ ᠲᠠᠯᠪᠢᠵᠤ᠂ ᠳᠠᠬᠢᠨ ᠪᠤᠵᠠᠷᠲᠤᠬᠤ᠎ᠠᠴᠠ ᠵᠠᠶ᠋ᠢᠯᠠᠰᠬᠢᠬᠦ ᠬᠡᠷᠡᠭᠲᠡᠢ᠃        
      ᠬᠣᠶᠠᠷ᠂ 《ᠳᠡᠪᠲᠦᠭᠡᠬᠦ》 ᠠᠷᠭ᠎ᠠ        
      ᠬᠠᠯᠢᠰᠤᠯᠠᠵᠦ ᠪᠤᠯᠬᠤ ᠦᠭᠡᠢ ᠵᠢᠮᠢᠰ ᠨᠣᠭᠣᠭ᠎ᠠ ᠵᠢ ᠴᠡᠪᠡᠷ ᠤᠰᠤ᠎ᠪᠠᠷ ᠤᠬᠢᠶᠠᠭᠰᠠᠨ᠎ᠤ ᠳᠠᠷᠠᠭ᠎ᠠ᠂ ᠲᠠᠪᠤᠰᠣ᠎ᠲᠠᠢ ᠤᠰᠤ᠂ ᠱᠦᠯᠲᠦᠲᠦ ᠤᠰᠤ ᠪᠤᠶᠤ ᠪᠣᠳᠠᠭ᠎ᠠ ᠣᠬᠢᠶᠠᠭᠰᠠᠨ ᠤᠰᠤ ᠵᠡᠷᠭᠡ᠎ᠪᠠᠷ ᠳᠡᠪᠲᠦᠭᠡᠨ᠎ᠡ᠃ ᠣᠷᠭ᠋ᠠᠨᠢᠭ ᠹᠣᠰᠹᠣᠷᠲᠤ ᠬᠣᠷᠣᠬᠠᠶ ᠠᠯᠠᠬᠤ ᠡᠳ᠋᠎ᠨᠢ ᠱᠦᠯᠲᠦᠯᠢᠭ ᠣᠷᠴᠢᠨ ᠲᠣᠭᠣᠷᠢᠨ᠎ᠳᠤ ᠮᠠᠰᠢ ᠲᠦᠷᠭᠡᠨ ᠵᠠᠳᠠᠷᠠᠳᠠᠭ ᠪᠣᠯᠬᠣᠷ ᠱᠦᠯᠲᠦᠯᠢᠭ ᠤᠰᠤ᠎ᠪᠠᠷ ᠵᠢᠮᠢᠰ ᠨᠣᠭᠣᠭ᠎ᠠ ᠵᠢ ᠳᠡᠪᠲᠦᠭᠡᠬᠦ ᠪᠣᠯ ᠲᠠᠷᠢᠶᠠᠨ ᠡᠮ᠎ᠤᠨ ᠦᠯᠡᠳᠡᠭᠳᠡᠯ᠎ᠢ ᠠᠷᠢᠯᠭ᠋ᠠᠬᠤ ᠪᠦᠲᠦᠮᠵᠢᠲᠡᠶ ᠠᠷᠭ᠎ᠠ ᠵᠢᠨ ᠨᠢᠭᠡ   ᠪᠣᠯᠤᠨ᠎ᠠ᠃ ᠡᠭᠦᠨ᠎ᠠᠴᠠ ᠭᠠᠳᠠᠨ᠎ᠠ᠂ ᠳᠠᠪᠤᠰᠤ᠎ᠲᠠᠢ ᠤᠰᠤ᠂ ᠪᠣᠳᠠᠭ᠋ᠠᠨ᠎ᠤ ᠤᠰᠤ ᠵᠡᠷᠭᠡ᠎ᠪᠠᠷ ᠳᠡᠪᠲᠦᠭᠡᠭᠰᠡᠨ ᠵᠢᠮᠢᠰ ᠨᠣᠭᠣᠭ᠎ᠠ᠎ᠨᠢ ᠪᠠᠰᠠ ᠲᠠᠷᠢᠶᠠᠨ ᠡᠮ᠎ᠤᠨ ᠦᠯᠡᠳᠡᠭᠳᠡᠯ᠎ᠢ ᠠᠷᠢᠯᠭ᠋ᠠᠵᠤ ᠳᠡᠢ᠌ᠯᠦᠨ᠎ᠡ᠃        
      ᠭᠤᠷᠪᠠ᠂ 《ᠠᠭᠤᠷᠰᠢᠭᠤᠯᠬᠤ》 ᠠᠷᠭ᠎ᠠ        
      ᠰᠢᠪᠳᠣᠷᠳᠣ ᠮᠧᠲ᠋ᠢᠯ ᠬᠦᠴᠢᠯ᠎ᠤᠨ ᠲᠥᠷᠥᠯ᠎ᠤᠨ ᠬᠤᠷᠤᠬᠠᠢ ᠠᠯᠠᠬᠤ ᠡᠳ᠋᠎ᠢ ᠬᠠᠯᠠᠭ᠋ᠠᠬᠤ ᠠᠷᠭ᠎ᠠ᠎ᠪᠠᠷ ᠲᠠᠷᠢᠶᠠᠨ ᠡᠮ᠎ᠤᠨ ᠦᠯᠡᠳᠡᠭᠳᠡᠯ᠎ᠢ ᠠᠷᠢᠯᠭ᠋ᠠᠵᠤ ᠪᠣᠯᠤᠨ᠎ᠠ᠃ ᠬᠠᠯᠠᠭᠤᠨ᠎ᠤ ᠬᠡᠮᠵᠢᠶ᠎ᠡ ᠵᠢᠨ ᠳᠡᠭᠡᠭᠰᠢᠯᠡᠬᠦ ᠵᠢ ᠳᠠᠭ᠋ᠠᠯᠳᠤᠨ ᠲᠠᠷᠢᠶᠠᠨ ᠡᠮ᠎ᠤᠨ ᠦᠯᠡᠳᠡᠭᠳᠡᠯ ᠲᠦᠷᠭᠡᠨ ᠵᠠᠳᠠᠷᠠᠨ᠎ᠠ᠃ ᠥᠷᠭᠡᠰᠦᠲᠦ ᠨᠣᠭᠣᠭ᠎ᠠ᠂ ᠴᠤᠭᠤᠷ ᠨᠣᠭᠣᠭ᠎ᠠ ᠵᠡᠷᠭᠡ ᠰᠢᠢ᠍ᠳᠪᠦᠷᠢᠯᠡᠬᠦ᠎ᠳᠤ ᠬᠦᠴᠢᠷ ᠵᠢᠮᠢᠰ ᠨᠣᠭᠣᠭ᠎ᠠ ᠵᠢ ᠴᠡᠪᠡᠷ ᠤᠰᠤ᠎ᠪᠠᠷ ᠤᠬᠢᠶᠠᠭᠰᠠᠨ᠎ᠤ ᠳᠠᠷᠠᠭ᠎ᠠ ᠪᠤᠴᠠᠯᠤᠭᠰᠠᠨ ᠤᠰᠤᠨ᠎ᠳᠤ 2 ~5 ᠮᠢᠨᠦ᠋ᠲ ᠰᠢᠯᠵᠠᠯᠵᠦ᠂ ᠱᠦᠭᠦᠵᠦ ᠭᠠᠷᠭ᠋ᠠᠭᠰᠠᠨ᠎ᠤ ᠳᠠᠷᠠᠭ᠎ᠠ ᠴᠡᠪᠡᠷ ᠤᠰᠤ᠎ᠪᠠᠷ 1 ~ 2 ᠤᠳᠠᠭ᠎ᠠ ᠤᠬᠢᠶᠠᠪᠠᠯ ᠪᠣᠯᠴᠢᠬᠠᠨ᠎ᠠ᠃        
      ᠡᠭᠦᠨ᠎ᠠᠴᠠ ᠭᠠᠳᠠᠨ᠎ᠠ᠂ ᠣᠳᠣᠬᠠᠨ᠎ᠳᠤ ᠵᠠᠬ᠎ᠠ ᠳᠡᠯᠭᠡᠭᠦᠷ ᠳᠡᠭᠡᠷ᠎ᠡ ᠮᠠᠰᠢ ᠣᠯᠠᠨ ᠬᠡᠲᠦ ᠳᠠᠭᠤᠨ ᠳᠣᠯᠭᠢᠶᠠᠨ ᠵᠶ᠋ᠠᠷ ᠵᠢᠮᠢᠰ ᠨᠣᠭᠣᠭ᠎ᠠ ᠠᠷᠢᠯᠭ᠋ᠠᠬᠤ ᠮᠠᠰᠢᠨ ᠭᠠᠷᠴᠣ ᠪᠠᠶ᠋ᠢᠨ᠎ᠠ᠂ ᠲᠡᠭᠦᠨ᠎ᠤ ᠭᠣᠤᠯ ᠦᠨᠳᠦᠰᠦᠯᠡᠯ᠎ᠨᠢ ᠣᠽᠣᠨ ᠪᠠ ᠬᠡᠲᠦ ᠳᠠᠭᠤᠨ ᠳᠣᠯᠭᠢᠶᠠᠨ᠎ᠢ ᠤᠶᠠᠯᠳᠤᠭᠤᠯᠬᠤ ᠶᠠᠪᠤᠳᠠᠯ ᠪᠣᠯᠤᠨ᠎ᠠ᠃ ᠭᠡᠳᠦ ᠲᠡᠭᠤᠠ ᠳᠣᠯᠭᠢᠶᠠᠨ᠎ᠤ ᠣᠬᠢᠶᠠᠯᠭ᠎ᠠ ᠵᠢᠨ ᠰᠢᠩᠭᠡᠨ ᠪᠡᠶᠡᠲᠦ ᠳᠣᠲᠣᠷ᠎ᠠ ᠳᠠᠮᠵᠢᠭᠤᠯᠬᠤ ᠦᠶ᠎ᠡ ᠵᠢᠨ ᠹᠢᠽᠢᠺ᠎ᠤᠨ ᠣᠢ᠌ᠯᠡᠳᠣᠯ᠎ᠳᠤ ᠰᠠᠭᠣᠷᠢᠯᠠᠵᠣ᠂ ᠰᠢᠨ᠎ᠡ ᠰᠣᠷᠭᠣᠭ᠎ᠢ ᠬᠠᠳᠠᠭ᠋ᠠᠯᠠᠬᠤ ᠪᠠ ᠲᠠᠷᠢᠶᠠᠨ ᠡᠮ᠎ᠤᠨ ᠦᠯᠡᠳᠡᠭᠳᠡᠯ᠎ᠢ ᠴᠡᠪᠡᠷᠰᠢᠭᠦᠯᠬᠦ ᠦᠷ᠎ᠡ ᠪᠦᠲᠦᠮᠵᠢ᠎ᠳᠤ ᠬᠦᠷᠳᠡᠭ᠃      
      ᠲᠠᠷᠢᠶᠠᠨ ᠡᠮ᠎ᠲᠠᠢ ᠢᠳᠡᠭᠡᠨ᠎ᠢ ᠦᠷᠭᠦᠯᠵᠢ ᠢᠳᠡᠪᠡᠯ ᠳᠤᠷ᠎ᠠ ᠪᠤᠯᠭᠢᠵᠤ ᠪᠥᠭᠡᠯᠵᠢᠬᠦ᠂ ᠰᠠᠭᠤᠯᠭ᠋ᠠᠬᠤ᠂ ᠬᠠᠪᠣᠳᠬᠣ᠂ ᠲᠠᠲᠠᠪᠠᠯᠵᠠᠬᠤ᠂ ᠮᠠᠨᠠᠷᠠᠬᠤ ᠵᠡᠷᠭᠡ ᠡᠪᠡᠳᠴᠢᠨ᠎ᠤ ᠢᠯᠡᠷᠡᠯ᠎ᠢ ᠡᠭᠦᠰᠭᠡᠵᠦ ᠮᠡᠳᠡᠨ᠎ᠡ᠃ ᠡᠪᠡᠳᠴᠢᠨ᠎ᠨᠢ ᠬᠦᠳᠣᠷᠡᠪᠡᠯ ᠬᠣᠳᠣᠭ᠋ᠠᠳᠣ᠎ᠠᠴᠠ ᠴᠢᠰᠤ ᠭᠠᠷᠬᠤ ᠵᠡᠷᠭᠡ ᠪᠠᠶ᠋ᠢᠳᠠᠯ ᠭᠠᠷᠴᠤ ᠮᠡᠳᠡᠨ᠎ᠡ᠃ ᠡᠶ᠋ᠢᠮᠦ᠎ᠠᠴᠠ ᠶᠠᠮᠠᠷ ᠠᠷᠭ᠎ᠠ ᠵᠢ ᠬᠡᠷᠡᠭᠯᠡᠭᠰᠡᠨ ᠴᠦ᠍ ᠪᠤᠯᠤᠭ   ᠵᠢᠮᠢᠰ ᠨᠣᠭᠣᠭ᠎ᠠ ᠵᠢ ᠡᠷᠬᠡᠪᠰᠢ ᠤᠬᠢᠶᠠᠵᠤ ᠴᠡᠪᠡᠷᠯᠡᠭᠰᠡᠨ᠎ᠤ ᠳᠠᠷᠠᠭ᠎ᠠ ᠰᠠᠶᠢ ᠢᠳᠡᠬᠦ ᠬᠡᠷᠡᠭᠲᠡᠢ᠃

ᠢᠷᠡᠯᠲᠡ᠄ ᠤᠢ ᠰᠢᠭᠤᠶ ᠵᠢᠨ ᠳᠣᠲᠣᠭ᠋ᠠᠳᠤ ᠵᠢ ᠬᠠᠮᠠᠭ᠋ᠠᠯᠠᠬᠤ ᠲᠣᠪᠴᠢᠶ᠎ᠠ
          
ᠬᠠᠮᠢᠶ᠎ᠡ ᠪᠦᠬᠦᠢ ᠰᠣᠨᠢᠨ
ᠢᠳᠡᠰᠢᠨ ᠨᠤᠭᠤᠭ᠎ᠠ ᠢᠯᠡᠭᠦᠦ ᠢᠳᠡᠬᠦ ᠳᠡᠮ
ᠡᠪᠠᠰᠤ ᠪᠤᠷᠳᠤᠭ᠎ᠠ ᠬᠠᠳᠤᠵᠤ ᠬᠤᠷᠢᠶᠠᠬᠤ᠎ᠳᠤ ᠠᠩᠬᠠᠷᠬᠤ ᠵᠥᠢ᠍ᠯ
ᠭᠠᠷ ᠤᠲᠠᠰᠤ᠎ᠪᠠᠷ ᠡᠮ᠎ᠤᠨ ᠦᠯᠡᠳᠡᠭᠳᠡᠯ᠎ᠢ ᠰᠢᠯᠭ᠋ᠠᠵᠤ ᠲᠡᠢ᠍ᠢ᠍ᠯᠦᠨ᠎ᠡ ᠤᠤ⁈
ᠨᠢᠬᠡ ᠮᠤ᠌ ᠤᠢ ᠮᠤᠳᠤᠨ᠎ᠤ ᠦᠢ᠍ᠯᠡᠳᠦᠯ
ᠣᠷᠴᠢᠨ ᠲᠤᠭᠤᠷᠢᠨ᠎ᠢ ᠬᠠᠮᠠᠭ᠋ᠠᠯᠠᠬᠤ ᠮᠡᠳᠡᠯᠭᠡ
 
             蒙ICP备05000248号