《ᠳᠤᠮᠳᠠᠳᠤ ᠤᠯᠤᠰ᠎ᠤᠨ ᠤᠷᠭᠤᠮᠠᠯ᠎ᠤᠨ ᠣᠶ᠋ᠢᠯᠠᠯᠭ᠎ᠠ》 ᠵᠢ ᠦᠨᠳᠦᠰᠦᠯᠡᠪᠡᠯ᠂ ᠠᠮᠲᠠᠯᠢᠭ ᠵᠢᠮᠢᠰ᠎ᠲᠤ ᠮᠣᠳᠣ (Emmenopterys henryi) ᠵᠢ ᠪᠠᠰᠠ ᠬᠠᠰᠢ ᠵᠢᠨ ᠮᠣᠳᠣ ᠭᠡᠳᠡᠭ᠂ ᠨᠠᠪᠴᠢ ᠵᠤᠯᠭ᠋ᠠᠷᠠᠬᠤ ᠲᠣᠮᠣ ᠲᠤᠷᠤᠭ ᠮᠣᠳᠣ ᠪᠣᠯᠤᠨ᠎ᠠ᠃ ᠱᠠᠨᠰᠢ᠂ ᠭᠠᠨᠰᠦ᠂ ᠵᠢᠶᠠᠩᠰᠦ᠂ ᠠᠨᠾᠦᠢ᠍ᠢ᠂ ᠵᠧᠵᠢᠶᠠᠩ᠂ ᠵᠢᠶᠠᠩᠰᠢ᠂ ᠹᠦᠵᠢᠶᠠᠨ᠂ ᠾᠧᠨᠠᠨ᠂ ᠬᠤᠪᠸᠢ᠂ ᠬᠤᠨᠠᠨ᠂ ᠭᠤᠸᠠᠩᠰᠢ᠂ ᠰᠧᠴᠤᠸᠠᠨ᠂ ᠭᠦᠢ᠍ᠵᠧᠦ᠂ ᠶᠦᠨᠨᠠᠨ᠎ᠤ ᠵᠡᠭᠦᠨ ᠬᠣᠶ᠋ᠢᠲᠤ ᠬᠡᠰᠡᠭ ᠳᠤᠮᠳᠠᠳᠤ ᠬᠡᠰᠡᠭ ᠵᠶ᠋ᠡᠷ ᠤᠷᠭᠤᠳᠠᠭ; ᠲᠡᠯᠡᠶ ᠵᠢᠨ ᠲᠦᠪᠰᠢᠨ᠎ᠠᠴᠠ 430 — 1630 ᠮᠧᠲᠷ ᠡᠷᠭᠦᠭᠳᠡᠭᠰᠡᠨ ᠠᠭᠤᠯᠠᠨ ᠵᠢᠯᠠᠭ᠎ᠠ ᠵᠢᠨ ᠴᠢᠭᠢᠭᠯᠢᠭ ᠮᠥᠷᠲᠡᠭᠡᠨ ᠥᠩ ᠰᠢᠮᠡᠯᠢᠭ ᠬᠥᠷᠥᠰᠥᠨ᠎ᠳᠤ ᠤᠷᠭᠤᠳᠠᠭ᠃