ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠰᠢᠷ᠎ᠠ ᠬᠠᠪᠲᠠᠰᠤ ᠵᠢ ᠠᠰᠢᠭᠯᠠᠨ ᠬᠦᠨᠦᠭᠡᠯᠲᠦ ᠰᠢᠪᠡᠵᠢ ᠵᠢ ᠬᠡᠷᠬᠢᠨ ᠦᠳᠦᠭᠡᠨ ᠠᠯᠠᠬᠤ ᠪᠣᠢ
ᠨᠡᠶ᠋ᠢᠲᠡᠯᠡᠭᠰᠡᠨ ᠴᠠᠭ᠄ 2021-12-07

      ᠣᠨᠴᠠᠭ᠋ᠠᠢ ᠭᠡᠷᠡᠯ᠎ᠤᠨ ᠵᠢᠭᠰᠠᠯ (ᠲᠣᠭᠲᠠᠭᠰᠠᠨ ᠳᠣᠯᠭᠢᠶᠠᠨ᠎ᠤ ᠤᠷᠲᠦ᠂ ᠦᠩᠭᠡ) ᠵᠢᠴᠢ ᠣᠨᠴᠠᠭ᠋ᠠᠢ ᠴᠠᠪᠠᠤᠯᠢᠭ ᠡᠳ᠋ (ᠰᠢᠷ᠎ᠠ ᠲᠣᠰᠤ ᠵᠡᠷᠭᠡ ᠲᠤᠰᠬᠠᠢ ᠬᠡᠷᠡᠭᠯᠡᠬᠦ ᠴᠠᠪᠠᠤᠯᠢᠭ ᠡᠳ᠋)᠎ᠪᠠᠷ ᠦᠢ᠍ᠯᠡᠳᠦᠭᠰᠡᠨ ᠬᠦᠨᠦᠭᠡᠯᠲᠦ ᠰᠢᠪᠡᠵᠢ ᠵᠢ ᠦᠳᠦᠭᠡᠨ ᠪᠠᠷᠢᠬᠤ ᠰᠢᠷ᠎ᠠ ᠦᠩᠭᠡᠲᠡᠢ ᠨᠢᠯᠳᠠᠭ ᠪᠠᠭ᠋ᠠᠵᠢ (ᠳᠦᠭᠦᠮᠴᠢᠯᠡᠭᠡᠳ ᠰᠢᠷ᠎ᠠ ᠬᠠᠪᠲᠠᠰᠤ ᠭᠡᠳᠡᠭ) ᠎ᠨᠢ ᠹᠢᠽᠢᠺ᠎ᠤᠨ ᠠᠷᠭ᠎ᠠ᠎ᠪᠠᠷ ᠬᠦᠨᠦᠭᠡᠯᠲᠦ ᠰᠢᠪᠡᠵᠢ ᠵᠢ ᠦᠳᠦᠭᠡᠵᠦ ᠠᠯᠠᠳᠠᠭ᠃

      ᠬᠦᠯᠡᠮᠵᠢ ᠳᠣᠲᠤᠷ᠎ᠠ ᠰᠢᠷ᠎ᠠ ᠬᠠᠪᠲᠠᠰᠤ ᠵᠢ ᠡᠯᠭᠦᠪᠡᠯ ᠪᠠᠭ᠋ᠠᠷᠠᠩ ᠬᠤᠷᠤᠬᠠᠢ᠂ ᠠᠮᠧᠷᠢᠺᠠ ᠲᠢᠪ᠎ᠤᠨ ᠲᠣᠯᠪᠤᠲᠦ ᠨᠢᠭᠤᠭᠳᠠᠮᠠᠯ ᠢᠯᠠᠭ᠎ᠠ᠂ ᠴᠠᠭ᠋ᠠᠨ ᠳᠡᠯᠡᠭᠴᠢ ᠵᠡᠷᠭᠡ ᠬᠦᠨᠦᠭᠡᠯᠲᠦ ᠰᠢᠪᠡᠵᠢ ᠵᠢᠨ ᠲᠦᠷᠰᠦ ᠵᠢᠨ ᠰᠦᠷᠦᠭ᠎ᠤᠨ ᠡᠭᠦᠰᠬᠦ ᠪᠠᠶ᠋ᠢᠳᠠᠯ᠎ᠢ ᠬᠢᠨᠠᠨ ᠬᠡᠮᠵᠢᠵᠦ᠂ ᠢᠳᠡᠰᠢᠨ ᠨᠣᠭᠤᠭ᠎ᠠ ᠵᠢᠨ ᠪᠠᠭ᠋ᠠᠷᠠᠩ ᠬᠤᠷᠤᠬᠠᠢ᠂ ᠲᠣᠯᠪᠤᠲᠦ ᠨᠢᠭᠤᠭᠳᠠᠮᠠᠯ ᠢᠯᠠᠭ᠎ᠠ᠂ ᠴᠠᠭ᠋ᠠᠨ ᠲᠡᠯᠡᠭᠴᠢ ᠵᠡᠷᠭᠡ ᠬᠦᠨᠦᠭᠡᠯᠲᠦ ᠰᠢᠪᠡᠵᠢ ᠵᠢ ᠪᠦᠲᠦᠮᠵᠢᠲᠡᠢ ᠰᠡᠷᠭᠡᠶ᠋ᠢᠯᠡᠨ ᠵᠠᠰᠠᠵᠤ ᠴᠢᠳᠠᠬᠤ ᠮᠦᠷᠲᠡᠭᠡᠨ ᠴᠠᠭ᠋ᠠᠨ ᠲᠡᠯᠡᠭᠴᠢ ᠵᠡᠷᠭᠡ ᠬᠦᠨᠦᠭᠡᠯᠲᠦ ᠰᠢᠪᠡᠵᠢ ᠵᠢᠨ ᠸᠢᠷᠦ᠋ᠰᠲᠦ ᠡᠪᠡᠳᠴᠢᠨ ᠲᠠᠷᠬᠠᠭ᠋ᠠᠬᠤ ᠵᠢ ᠰᠡᠷᠭᠡᠶ᠋ᠢᠯᠡᠵᠤ ᠴᠢᠳᠠᠨ᠎ᠠ᠂ ᠪᠣᠰᠤᠳ ᠰᠡᠷᠭᠡᠶ᠋ᠢᠯᠡᠨ ᠵᠠᠰᠠᠬᠤ ᠠᠷᠭ᠎ᠠ᠎ᠲᠠᠢ ᠠᠳᠠᠯᠢᠳᠬᠠᠪᠠᠯ ᠬᠤᠣᠷᠲᠦ ᠪᠣᠳᠠᠰ ᠠᠭᠤᠯᠤᠭᠳᠠᠬᠤ ᠦᠭᠡᠢ᠂ ᠪᠣᠬᠢᠷᠳᠤᠯ ᠦᠭᠡᠢ᠂ ᠠᠮᠤᠷ ᠲᠦᠪᠰᠢᠨ ᠵᠶ᠋ᠠᠷ ᠣᠷᠴᠢᠨ ᠲᠤᠭᠤᠷᠢᠨ᠎ᠢ ᠬᠠᠮᠠᠭ᠋ᠠᠯᠠᠵᠤ᠂ ᠬᠡᠷᠡᠭᠯᠡᠬᠦ᠎ᠳᠤ ᠳᠦᠭᠦᠮ᠂ ᠰᠡᠷᠭᠡᠶ᠋ᠢᠯᠡᠬᠦ ᠦᠷ᠎ᠡ ᠠᠰᠢᠭ ᠰᠠᠶ᠋ᠢᠨ᠂ ᠦᠪᠡᠷ᠎ᠤᠨ ᠦᠷᠳᠡᠭ ᠲᠣᠬᠢᠷᠠᠮᠵᠢᠲᠠᠢ ᠵᠡᠷᠭᠡ ᠣᠨᠴᠠᠯᠢᠭ᠎ᠲᠠᠢ ᠪᠠᠶ᠋ᠢᠵᠤ᠂ ᠳᠡᠯᠭᠡᠷᠡᠭᠦᠯᠦᠨ ᠬᠡᠷᠡᠭᠯᠡᠬᠦ ᠳᠠᠯᠲᠠ ᠬᠦᠴᠦᠨ ᠶᠡᠭᠡ᠃

      ᠠᠳᠠᠯᠢ ᠪᠤᠰᠤ ᠬᠦᠨᠦᠭᠡᠯᠲᠦ ᠰᠢᠪᠡᠵᠢ ᠵᠢ ᠦᠳᠦᠭᠡᠨ ᠠᠯᠠᠬᠤ᠎ᠳᠤ ᠰᠢᠷ᠎ᠠ ᠬᠠᠪᠲᠠᠰᠤ ᠲᠣᠬᠢᠷᠠᠭᠤᠯᠬᠤ ᠦᠨᠳᠦᠷ᠎ᠤᠨ ᠬᠡᠮᠵᠢᠶ᠎ᠡ᠎ᠨᠢ ᠠᠳᠠᠯᠢ ᠪᠤᠰᠤ ᠪᠠᠶ᠋ᠢᠳᠠᠭ᠃ ᠪᠠᠭ᠋ᠠᠷᠠᠩ ᠬᠤᠷᠤᠬᠠᠢ ᠵᠢ ᠠᠯᠠᠬᠤ᠎ᠳᠤ 32 ~ 40cm ᠦᠨᠳᠦᠷ᠎ᠲᠤ ᠲᠣᠬᠢᠷᠠᠭᠤᠯᠵᠤ᠂ ᠰᠢᠷ᠎ᠠ ᠰᠤᠲᠠᠯᠲᠦ ᠦᠰᠦᠷᠦᠭᠴᠢ ᠴᠣᠬᠤ ᠪᠠ ᠲᠣᠯᠪᠤᠲᠦ ᠨᠢᠭᠤᠭᠳᠠᠮᠠᠯ ᠢᠯᠠᠭ᠎ᠠ ᠵᠢ ᠠᠯᠠᠬᠤ᠎ᠳᠤ 4 ~ 20cm ᠦᠨᠳᠦᠷ᠎ᠲᠤ ᠲᠣᠬᠢᠷᠠᠭᠤᠯᠤᠨ᠎ᠠ᠃ ᠢᠳᠡᠰᠢᠨ ᠨᠤᠭᠤᠭ᠎ᠠ ᠵᠢᠨ ᠲᠠᠷᠢᠶᠠᠨ᠎ᠳᠠᠬᠢ ᠳᠠᠷᠤᠯᠭ᠎ᠠ ᠵᠢ ᠬᠠᠮᠠᠭ᠋ᠠᠯᠠᠵᠤ᠂ ᠰᠢᠷ᠎ᠠ ᠬᠠᠪᠲᠠᠰᠤᠨ᠎ᠤ ᠮᠦᠯᠵᠢᠭᠳᠡᠭᠴᠢ ᠵᠦᠭᠡᠢ᠎ᠳᠠᠬᠢ ᠨᠦᠯᠦᠭᠡ ᠵᠢ ᠪᠠᠭ᠋ᠠᠰᠬᠠᠬᠤ ᠵᠢᠨ ᠲᠦᠯᠦᠭᠡ᠂ ᠰᠢᠷ᠎ᠠ ᠬᠠᠪᠲᠠᠰᠤ ᠵᠢ 12 ~ 28cm ᠦᠨᠳᠦᠷ᠎ᠲᠤ ᠲᠣᠬᠢᠷᠠᠭᠤᠯᠪᠠᠯ ᠬᠠᠮᠤᠭ ᠰᠠᠶ᠋ᠢᠨ ᠪᠠᠶ᠋ᠢᠳᠠᠭ᠃ ᠡᠯᠭᠦᠬᠦ ᠠᠷᠭ᠎ᠠ᠄ ᠡᠯᠭᠦᠬᠦ ᠦᠨᠳᠦᠷ᠎ᠤᠨ ᠬᠡᠮᠵᠢᠶ᠎ᠡ ᠵᠢ ᠲᠠᠷᠢᠮᠡᠯ᠎ᠤᠨ ᠣᠷᠤᠢ᠎ᠲᠠᠢ ᠠᠳᠠᠯᠢ ᠲᠦᠪᠰᠢᠨ᠎ᠳᠤ ᠪᠠᠶ᠋ᠢᠯᠭ᠋ᠠᠬᠤ ᠮᠦᠷᠲᠡᠭᠡᠨ ᠲᠠᠷᠢᠮᠠᠯ᠎ᠤᠨ ᠤᠷᠭᠤᠯᠲᠠ ᠵᠢ᠎ᠲᠠᠭᠠᠨ ᠦᠨᠳᠦᠷ᠎ᠤᠨ ᠬᠡᠮᠵᠢᠶ᠎ᠡ ᠵᠢ ᠲᠣᠬᠢᠷᠠᠭᠤᠯᠤᠨ᠎ᠠ᠃

      ᠠᠷᠭ᠎ᠠ ᠨᠢᠭᠡ᠄ ᠰᠦᠯᠢᠶᠣᠣ ᠳᠡᠭᠡᠰᠤ ᠪᠤᠶᠤ ᠲᠡᠮᠤᠷ ᠤᠲᠠᠰᠤᠨ᠎ᠤ ᠨᠢᠭᠡ ᠦᠵᠦᠭᠦᠷ᠎ᠢ ᠳᠤᠯᠠᠭ᠋ᠠᠨ ᠬᠦᠯᠡᠮᠵᠢ ᠵᠢᠨ ᠣᠷᠤᠢ᠎ᠳᠤ ᠲᠣᠭᠲᠠᠭ᠋ᠠᠵᠤ᠂ ᠨᠦᠭᠦᠭᠡ ᠦᠵᠦᠭᠦᠷ᠎ᠢ᠎ᠨᠢ ᠰᠢᠪᠡᠵᠢ ᠪᠠᠷᠢᠬᠤ ᠬᠠᠪᠲᠠᠰᠤᠨ᠎ᠤ ᠤᠷᠢᠳᠴᠢᠯᠠᠨ ᠦᠯᠡᠳᠡᠭᠡᠭᠰᠡᠨ ᠨᠦᠭᠡᠨ᠎ᠠᠴᠠ ᠤᠶᠠᠨ᠎ᠠ᠃

      ᠠᠷᠭ᠎ᠠ ᠬᠤᠶᠠᠷ᠄ ᠬᠤᠯᠤᠰᠤᠨ ᠡᠰᠢ ᠪᠤᠶᠤ ᠰᠢᠲᠠᠮ ᠵᠶ᠋ᠠᠨ ᠭᠠᠵᠠᠷ᠎ᠲᠤ ᠬᠠᠳᠬᠤᠨ ᠣᠷᠤᠭᠤᠯᠵᠤ᠂ ᠰᠢᠪᠡᠵᠢ ᠪᠠᠷᠢᠬᠤ ᠬᠠᠪᠲᠠᠰᠤ᠎ᠪᠠᠨ ᠬᠤᠯᠤᠰᠤᠨ ᠡᠰᠢ ᠪᠤᠶᠤ ᠰᠢᠲᠠᠮ ᠳᠡᠭᠡᠷ᠎ᠡ ᠲᠣᠭᠲᠠᠭ᠋ᠠᠨ᠎ᠠ᠃ ᠰᠢᠷ᠎ᠠ ᠬᠠᠪᠲᠠᠰᠤ᠎ᠪᠠᠷ ᠳᠠᠯᠠᠪᠴᠢᠲᠦ ᠪᠠᠭ᠋ᠠᠷᠠᠩ᠎ᠢ ᠦᠳᠦᠭᠡᠨ ᠠᠯᠠᠬᠤ᠎ᠳᠤ 667 m2 ᠪᠦᠷᠢ᠎ᠳᠤ 30 ᠬᠡᠰᠡᠭ ᠪᠠᠶ᠋ᠢᠪᠠᠯ ᠦᠳᠦᠭᠡᠨ ᠠᠯᠠᠬᠤ ᠦᠷ᠎ᠡ ᠳ᠋ᠦᠩ᠎ᠨᠢ ᠬᠠᠮᠤᠭ ᠬᠠᠨᠤᠮᠵᠢᠲᠡᠢ᠃ ᠭᠦᠨ ᠰᠢᠷ᠎ᠠ ᠦᠩᠭᠡᠲᠦ ᠰᠢᠷ᠎ᠠ ᠬᠠᠪᠲᠠᠰᠤᠨ ᠳᠡᠭᠡᠷ᠎ᠡ ᠬᠠᠲᠠᠬᠤ ᠦᠭᠡᠢ ᠨᠢᠯᠳᠠᠭ ᠡᠳ᠋ ᠲᠦᠷᠬᠢᠪᠡᠯ ᠰᠠᠶ᠋ᠢᠨ᠃ ᠨᠣᠭᠤᠭ᠎ᠠ ᠵᠢᠨ ᠲᠠᠷᠢᠶᠠᠨ᠎ᠳᠤ ᠪᠠᠭ᠋ᠠᠷᠠᠩ ᠬᠤᠷᠤᠬᠠᠢ ᠬᠠᠷᠠᠬᠠᠨ ᠡᠭᠦᠰᠦᠭᠡᠳᠦᠢ ᠦᠶ᠎ᠡ᠎ᠳᠤ ᠰᠢᠷ᠎ᠠ ᠬᠠᠪᠲᠠᠰᠤ ᠵᠢ ᠬᠠᠳᠬᠤᠪᠠᠯ ᠰᠠᠶ᠋ᠢᠨ᠂ ᠰᠢᠷ᠎ᠠ ᠬᠠᠪᠲᠠᠰᠤᠨ᠎ᠤ ᠦᠨᠳᠦᠷ᠎ᠨᠢ ᠢᠳᠡᠰᠢᠨ ᠨᠤᠭᠤᠭ᠎ᠠ ᠵᠢᠨ ᠤᠷᠭᠤᠮᠠᠯ᠎ᠠᠴᠠ ᠦᠨᠳᠦᠷ ᠪᠠᠶ᠋ᠢᠬᠤ ᠬᠡᠷᠡᠭᠲᠡᠢ᠃ ᠬᠡᠷᠡᠭᠯᠡᠭᠡᠨ᠎ᠤ ᠴᠢᠨᠠᠷ᠎ᠠᠴᠠ ᠦᠵᠡᠪᠡᠯ᠂ ᠰᠢᠷ᠎ᠠ ᠬᠠᠪᠲᠠᠰᠤ᠎ᠪᠠᠷ ᠪᠠᠭ᠋ᠠᠷᠠᠩ ᠬᠤᠷᠤᠬᠠᠢ ᠵᠢ ᠦᠳᠦᠭᠡᠨ ᠠᠯᠠᠬᠤ ᠠᠷᠭ᠎ᠠ᠎ᠨᠢ ᠨᠡᠯᠢᠶᠡᠳ ᠳᠦᠭᠦᠮ᠂ ᠰᠣᠯᠪᠢ ᠤᠯᠠᠷᠢᠯ᠎ᠤᠨ ᠬᠦᠯᠡᠮᠵᠢ ᠵᠢᠨ ᠢᠳᠡᠰᠢᠨ ᠨᠤᠭᠤᠭ᠎ᠠ ᠵᠢᠨ ᠲᠠᠷᠢᠶᠠᠯᠠᠯ᠎ᠳᠤ ᠲᠤᠬᠢᠷᠠᠨ᠎ᠠ᠃ ᠵᠠᠳᠠᠭ᠋ᠠᠢ ᠭᠠᠵᠠᠷ᠎ᠤᠨ ᠢᠳᠡᠰᠢᠨ ᠨᠣᠭᠤᠭ᠎ᠠ ᠵᠢᠨ ᠲᠠᠷᠢᠶᠠᠯᠠᠯ᠎ᠠᠴᠠ ᠦᠵᠡᠪᠡᠯ᠂ ᠵᠦᠪᠬᠡᠨ ᠬᠠᠪᠤᠷ ᠪᠤᠶᠤ ᠨᠠᠮᠤᠷ᠎ᠤᠨ ᠰᠡᠭᠦᠯᠴᠢ᠂ ᠡᠪᠦᠯ᠎ᠤᠨ ᠡᠬᠢᠨ᠎ᠤ ᠲᠣᠨᠤᠭᠤᠯᠵᠢᠨ ᠴᠡᠴᠡᠭ᠎ᠤᠨ ᠢᠵᠠᠭᠤᠷ᠎ᠤᠨ ᠢᠳᠡᠰᠢᠨ ᠨᠤᠭᠤᠭ᠎ᠠ᠎ᠳᠤ ᠲᠤᠬᠢᠷᠠᠨ᠎ᠠ᠂ ᠤᠴᠢᠷ᠎ᠨᠢ ᠲᠡᠷᠡ ᠦᠶ᠎ᠡ᠎ᠳᠤ ᠴᠠᠭ᠋ᠠᠨ ᠨᠤᠭᠤᠭ᠎ᠠ ᠵᠢᠨ ᠪᠠᠭ᠋ᠠᠷᠠᠩ ᠬᠤᠷᠤᠬᠠᠢ ᠵᠢᠨ ᠬᠦᠨᠦᠭᠡᠯ ᠵᠶ᠋ᠠᠷ ᠭᠤᠣᠯᠳᠠᠵᠤ᠂ ᠡᠭᠦᠰᠬᠦ ᠬᠡᠮᠵᠢᠶ᠎ᠡ᠎ᠨᠢ ᠨᠡᠯᠢᠶᠡᠳ ᠶᠡᠭᠡ ᠪᠠᠶ᠋ᠢᠳᠠᠭ᠃ ᠰᠢᠷ᠎ᠠ ᠬᠠᠪᠲᠠᠰᠤ ᠵᠢᠨ ᠴᠠᠭ᠋ᠠᠨ ᠨᠤᠭᠤᠭ᠎ᠠ ᠵᠢᠨ ᠪᠠᠭ᠋ᠠᠷᠠᠩ ᠬᠤᠷᠤᠬᠠᠢ ᠵᠢ ᠦᠳᠦᠭᠡᠵᠦ ᠠᠯᠠᠬᠤ ᠴᠢᠳᠠᠪᠤᠷᠢ᠎ᠨᠢ ᠲᠤᠩ ᠴᠢᠩᠭ᠎ᠠ ᠪᠠᠶ᠋ᠢᠳᠠᠭ᠃ (ᠢᠷᠡᠯᠲᠡ᠄ ᠰᠢ ᠢᠩ᠎ᠤᠨ ᠨᠠᠶ᠋ᠢᠷᠠᠭᠤᠯᠤᠭᠰᠠᠨ 《ᠤᠷᠭᠤᠮᠠᠯ᠎ᠤᠨ ᠡᠪᠡᠳᠴᠢᠨ ᠬᠤᠷᠤᠬᠠᠢ ᠡᠪᠡᠰᠦᠨ᠎ᠤ ᠬᠦᠨᠦᠭᠡᠯ᠎ᠢ ᠬᠢᠵᠠᠭ᠋ᠠᠷᠯᠠᠬᠤ ᠠᠰᠠᠭᠤᠯᠲᠠ ᠬᠠᠷᠢᠭᠤᠯᠲᠠ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)
   

      ᠢᠷᠡᠯᠲᠡ᠄ 《ᠤᠷᠭᠤᠮᠠᠯ᠎ᠤᠨ ᠡᠪᠡᠳᠴᠢᠨ ᠬᠤᠷᠤᠬᠠᠢ ᠡᠪᠡᠰᠦᠨ᠎ᠤ ᠬᠦᠨᠦᠭᠡᠯ᠎ᠢ ᠬᠢᠵᠠᠭ᠋ᠠᠷᠯᠠᠬᠤ ᠠᠰᠠᠭᠤᠯᠲᠠ ᠬᠠᠷᠢᠭᠤᠯᠲᠠ》

ᠢᠷᠡᠯᠲᠡ᠄ 《ᠤᠷᠭᠤᠮᠠᠯ᠎ᠤᠨ ᠡᠪᠡᠳᠴᠢᠨ ᠬᠤᠷᠤᠬᠠᠢ ᠡᠪᠡᠰᠦᠨ᠎ᠤ ᠬᠦᠨᠦᠭᠡᠯ᠎ᠢ ᠬᠢᠵᠠᠭ᠋ᠠᠷᠯᠠᠬᠤ ᠠᠰᠠᠭᠤᠯᠲᠠ ᠬᠠᠷᠢᠭᠤᠯᠲᠠ》
          
ᠬᠠᠮᠢᠶ᠎ᠡ ᠪᠦᠬᠦᠢ ᠰᠣᠨᠢᠨ
ᠲᠠᠯ᠎ᠠ ᠨᠤᠳᠤᠭ᠎ᠲᠤ ᠡᠪᠡᠰᠤ ᠮᠤᠳᠤ ᠶᠡᠭᠡ᠎ᠪᠠᠷ ᠲᠠᠷᠢᠪᠡᠯ᠂ ᠨᠤᠳᠤᠭ ᠪᠡᠯᠴᠢᠭᠡᠷ᠎ᠤᠨ ᠲᠠᠴᠢᠷᠳᠠᠯ᠎ᠢ ᠵᠤᠠᠠᠰᠤᠭ᠋ᠠᠵᠤ ᠲᠠᠶ᠋ᠢᠯᠦᠨ᠎ᠠ ᠤᠤ?
ᠲᠦᠢ᠍ᠮᠡᠷ᠎ᠢ ᠰᠡᠷᠬᠡᠶ᠋ᠢᠯᠡᠬᠦ ᠶᠡᠷᠤ ᠵᠢᠨ ᠮᠡᠳᠡᠴᠡ
ᠵᠠᠷᠢᠮ ᠭᠠᠵᠠᠷ ᠤᠷᠤᠨ᠎ᠤ ᠳᠤᠷᠠᠳᠤᠭᠰᠠᠨ ᠤᠢ ᠰᠢᠭᠤᠢ ᠵᠢᠨ ᠳᠠᠷᠤᠭ᠎ᠠ ᠵᠢᠨ ᠳᠦᠷᠢᠮ᠎ᠤᠨ 《ᠭᠤᠷᠪᠠ ᠵᠢ ᠪᠠᠲᠤᠯᠠᠬᠤ᠂ ᠭᠤᠷᠪᠠ ᠵᠢ ᠨᠡᠮᠡᠭᠳᠡᠭᠦᠯᠬᠦ᠂ ᠭᠤᠷᠪᠠ ᠵᠢ ᠰᠡᠷᠭᠡᠶ᠋ᠢᠯᠡᠬᠦ》 ᠭᠡᠳᠡᠭ᠎ᠨᠢ ᠶᠠᠭᠤ ᠵᠢ ᠵᠢᠭ᠋ᠠᠵᠤ ᠪᠠᠶ᠋ᠢᠬᠤ ᠪᠤᠢ?
ᠡᠯᠡᠰᠤ ᠮᠠᠩᠬᠠᠨ᠎ᠳᠤ ᠵᠢᠭᠤᠯᠴᠢᠯᠠᠬᠤ᠎ᠳᠤ ᠠᠩᠬᠠᠷᠬᠤ ᠵᠦᠢ᠍ᠯ
3 ᠰᠠᠷ᠎ᠠ ᠵᠢᠨ 1᠎ᠠᠴᠠ ᠬᠡᠷᠡᠭᠵᠢᠭᠦᠯᠬᠦ ᠰᠢᠨ᠎ᠡ ᠲᠣᠭᠲᠠᠭ᠋ᠠᠯ᠎ᠤᠳ!
 
             蒙ICP备05000248号