ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠡᠯᠡᠰᠤ ᠮᠠᠩᠬᠠᠨ᠎ᠳᠤ ᠵᠢᠭᠤᠯᠴᠢᠯᠠᠬᠤ᠎ᠳᠤ ᠠᠩᠬᠠᠷᠬᠤ ᠵᠦᠢ᠍ᠯ
ᠨᠡᠶ᠋ᠢᠲᠡᠯᠡᠭᠰᠡᠨ ᠴᠠᠭ᠄ 2022-03-01

     1. ᠬᠡᠭᠡᠷᠠᠯᠡᠭᠴᠢ ᠮᠠᠰᠢᠨ᠎ᠳᠤ ᠰᠠᠭᠤᠵᠤ ᠡᠯᠡᠰᠤᠨ ᠴᠦᠯ᠎ᠢ ᠳᠤᠭᠤᠯᠬᠤ ᠦᠶᠡᠰ᠂ ᠠᠶᠦᠯ ᠦᠭᠡᠢ ᠪᠦᠰᠠ ᠵᠢ ᠰᠠᠶ᠋ᠢᠨ ᠪᠦᠰᠡᠯᠡᠵᠤ᠂ ᠬᠤᠶᠠᠷ ᠭᠠᠷ ᠵᠶ᠋ᠠᠨ ᠳᠡᠷᠭᠡᠨ ᠳᠤᠳᠤᠷᠠᠬᠢ ᠳᠦᠰᠢᠭᠦᠷ᠎ᠠᠴᠠ ᠴᠢᠩᠭ᠎ᠠ ᠠᠳᠬᠤᠵᠤ᠂ ᠡᠮᠦᠨᠡᠬᠢ ᠵᠠᠮ ᠵᠶ᠋ᠠᠨ ᠰᠠᠶ᠋ᠢᠨ ᠬᠠᠷᠠᠬᠤ ᠪᠦᠭᠡᠳ ᠵᠢᠯᠤᠭᠤᠴᠢ ᠵᠢᠨ ᠠᠮᠤᠷ ᠳᠦᠪᠰᠢᠨ᠎ᠤ ᠰᠠᠨᠠᠭᠤᠯᠭ᠎ᠠ ᠵᠢ ᠰᠠᠶ᠋ᠢᠨ ᠰᠤᠨᠤᠰᠬᠤ ᠬᠡᠷᠡᠭᠳᠡᠢ᠃ ᠵᠢᠷᠦᠬᠡᠨ ᠡᠪᠡᠳᠴᠢᠨ ᠪᠤᠶᠤ ᠴᠢᠰᠤᠨ ᠳᠠᠷᠤᠯᠳᠠ ᠦᠨᠳᠦᠷ ᠬᠦᠮᠦᠨ ᠡᠯᠡᠰᠤᠨ ᠴᠦᠯ᠎ᠳᠤ ᠤᠷᠤᠵᠤ ᠪᠤᠯᠬᠤ ᠦᠭᠡᠢ᠃

     2. ᠦᠵᠡᠮᠵᠢ ᠵᠢᠨ ᠤᠷᠤᠨ᠎ᠨᠢ ᠡᠯᠡᠰᠦᠨ ᠴᠦᠯ᠎ᠳᠤ ᠪᠠᠶ᠋ᠢᠬᠤ ᠭᠠᠵᠠᠷ᠎ᠨᠢ ᠡᠬᠡ ᠬᠠᠭᠤᠷᠠᠢ ᠵᠢᠨ ᠭᠠᠩ ᠬᠠᠭᠤᠷᠠᠢ ᠠᠭᠤᠷ ᠠᠮᠢᠰᠬᠤᠯ᠎ᠳᠤ ᠬᠠᠷᠢᠶᠠᠯᠠᠭᠳᠠᠵᠤ᠂ ᠬᠠᠪᠤᠷ᠎ᠤᠨ ᠤᠯᠠᠷᠢᠯ᠎ᠳᠤ ᠰᠠᠯᠬᠢᠨ ᠠᠷᠪᠢᠨ᠂ ᠵᠤᠨ ᠨᠠᠮᠤᠷ᠎ᠤᠨ ᠡᠳᠦᠷ᠎ᠲᠤ᠎ᠨᠢ ᠨᠡᠷᠡᠨ᠎ᠤ ᠭᠡᠷᠡᠯ᠎ᠤᠨ ᠳᠤᠰᠤᠯᠳᠠ᠎ᠨᠢ ᠬᠤᠷᠴᠠ᠂ ᠦᠷᠯᠦᠭᠡ ᠤᠷᠤᠢ ᠵᠢᠨ ᠳᠤᠯᠠᠭ᠋ᠠᠨ᠎ᠤ ᠬᠡᠮᠵᠢᠶ᠎ᠡ ᠲᠦᠷᠭᠡᠨ ᠪᠠᠭᠤᠷᠠᠳᠠᠭ ᠪᠤᠯᠬᠤᠷ ᠵᠤᠨ ᠵᠢᠭᠤᠯᠴᠢᠯᠠᠬᠤ᠎ᠳᠤ᠎ᠪᠠᠨ ᠬᠦᠯᠦᠰᠦ ᠰᠠᠶ᠋ᠢᠨ ᠰᠢᠩᠭᠡᠭᠡᠲᠡᠭ ᠬᠠᠨᠳᠠᠭ᠋ᠠᠰᠤ ᠵᠡᠷᠭᠡ ᠵᠢ ᠰᠤᠩᠭᠤᠬᠤ ᠬᠡᠷᠡᠭᠳᠡᠢ ᠪᠦᠭᠡᠳ ᠬᠦᠷᠢᠨ᠎ᠤ ᠭᠠᠳᠠᠨᠠᠬᠢ ᠲᠤᠶᠠᠭ᠎ᠠ ᠵᠢ ᠰᠡᠷᠭᠡᠶ᠋ᠢᠯᠡᠬᠦ ᠳᠤᠰᠤ᠂ ᠤᠷᠤᠭᠤᠯ᠎ᠤᠨ ᠳᠤᠰᠤ᠂ ᠨᠠᠷᠠᠨ ᠰᠢᠯ᠂ ᠨᠠᠷᠠ ᠬᠠᠯᠬᠠᠯᠠᠬᠤ ᠮᠠᠯᠠᠭ᠋ᠠᠢ ᠵᠠᠷᠭᠡ ᠵᠦᠢ᠍ᠯ᠎ᠢ ᠪᠠᠯᠡᠳᠭᠡᠬᠦ ᠬᠡᠷᠡᠭᠳᠡᠢ᠃ ᠨᠠᠮᠤᠷ᠎ᠤᠨ ᠤᠯᠠᠷᠢᠯ᠎ᠤᠨ ᠦᠷᠯᠦᠭᠡ ᠤᠷᠦᠢ᠎ᠳᠤ᠎ᠨᠢ ᠬᠤᠪᠴᠠᠰᠤ᠎ᠪᠠᠨ ᠵᠤᠵᠠᠭ᠋ᠠᠯᠠᠨ ᠡᠮᠦᠰᠴᠤ᠂ ᠳᠠᠭ᠋ᠠᠷᠠᠬᠤ᠎ᠠᠴᠠ ᠬᠢᠴᠢᠶᠡᠬᠦ ᠬᠡᠷᠡᠭᠳᠡᠢ᠃

     3. ᠡᠯᠡᠰᠤᠨ᠎ᠳᠤ ᠶᠠᠪᠤᠬᠤ᠎ᠳᠤ᠎ᠪᠠᠨ ᠬᠠᠮᠤᠭ ᠰᠠᠶ᠋ᠢᠨ᠎ᠨᠢ ᠬᠦᠩᠭᠡᠨ᠂ ᠠᠭ᠋ᠠᠷ ᠨᠡᠪᠳᠡᠷᠡᠬᠦ ᠴᠢᠨᠠᠷ ᠵᠶ᠋ᠠᠷ ᠰᠠᠶ᠋ᠢᠨ᠂ ᠦᠨᠳᠦᠷ ᠲᠦᠷᠠᠢ᠎ᠲᠠᠢ ᠢᠯᠬᠢᠨ ᠠᠷᠠᠰᠤᠨ ᠱᠠᠬᠠᠢ ᠵᠢ ᠰᠤᠩᠭᠤᠵᠤ᠂ ᠱᠠᠬᠠᠢ᠎ᠳᠤ ᠡᠯᠡᠰᠤ ᠤᠷᠤᠵᠤ ᠵᠠᠮ ᠶᠡᠪᠤᠬᠤ ᠵᠢ ᠨᠦᠯᠦᠭᠡᠯᠡᠬᠦ ᠵᠢ ᠰᠡᠷᠭᠡᠶ᠋ᠢᠯᠡᠨ᠂ ᠵᠤᠨ᠎ᠤ ᠭᠤᠤᠯ ᠦᠳᠡ᠎ᠳᠤ ᠶᠠᠪᠠᠭ᠋ᠠᠨ ᠶᠠᠪᠤᠵᠤ ᠪᠤᠯᠬᠤ ᠦᠭᠡᠢ᠂ ᠡᠯᠡᠰᠤᠨ᠎ᠤ ᠭᠠᠲᠠᠷᠭᠤ ᠵᠢᠨ ᠬᠠᠯᠠᠭᠤᠨ᠎ᠤ ᠬᠡᠮᠵᠢᠶ᠎ᠡ ᠲᠤᠩ ᠦᠨᠳᠤᠷ ᠪᠠᠶ᠋ᠢᠳᠠᠭ᠂ ᠠᠮᠠᠷᠬᠠᠨ ᠨᠠᠷᠠᠰᠢᠬᠤ ᠪᠤᠶᠤ ᠠᠷᠠᠰᠤ ᠮᠢᠬ᠎ᠠ ᠵᠢ ᠰᠢᠷᠠᠵᠤ ᠰᠢᠷᠬᠠᠳᠤᠭᠤᠯᠤᠨ᠎ᠠ᠃

     4. ᠡᠯᠡᠰᠤ ᠮᠠᠩᠬᠠᠨ᠎ᠳᠤ ᠶᠠᠪᠤᠪᠠᠯ ᠦᠷᠭᠦᠯᠵᠢ ᠤᠰᠤ ᠤᠤᠭᠤᠬᠤ ᠪᠦᠭᠡᠳ ᠢᠯᠡᠭᠦᠦ ᠵᠢᠮᠢᠰ ᠢᠳᠡᠬᠦ᠎ᠠᠴᠠ ᠭᠠᠳᠠᠨ᠎ᠠ᠂ ᠦᠷᠭᠦᠯᠵᠢ ᠬᠡᠷᠡᠭᠯᠡᠬᠦ ᠡᠮ ᠵᠶ᠋ᠠᠨ ᠪᠡᠯᠡᠳᠭᠡᠨ᠎ᠡ᠂ ᠵᠢᠱ᠌ᠢᠶᠠᠯᠡᠪᠠᠯ᠄ ᠨᠢᠳᠦᠨ᠎ᠳᠤ ᠲᠤᠰᠤᠭ᠋ᠠᠬᠤ ᠡᠮ᠂ ᠪᠠᠺᠲ᠋ᠧᠷᠢ ᠦᠷᠪᠢᠰᠤᠯ᠎ᠢ ᠰᠡᠷᠭᠡᠶ᠋ᠢᠯᠡᠬᠦ ᠡᠮ᠂ ᠳᠡᠷᠭᠡᠨ᠎ᠳᠤ ᠰᠠᠭᠤᠭ᠋ᠠᠳ ᠲᠤᠷ᠎ᠠ ᠪᠤᠯᠭᠢᠬᠤ ᠵᠢ ᠰᠡᠷᠭᠡᠶ᠋ᠢᠯᠡᠬᠦ ᠡᠮ ᠵᠢᠴᠢ ᠬᠢᠮᠤᠷᠠᠭ᠋ᠠᠨ᠎ᠤ ᠡᠮ ᠪᠤᠯᠤᠨ ᠬᠤᠳᠤᠭᠤᠳᠤ ᠭᠡᠳᠡᠰᠤᠨ᠎ᠤ ᠡᠮ ᠵᠡᠷᠭᠡ᠃ ᠵᠢᠮᠢᠰ ᠢᠳᠡᠵᠤ ᠪᠠᠷᠠᠭᠰᠠᠨ᠎ᠤ ᠳᠠᠷᠠᠭ᠎ᠠ ᠬᠠᠯᠠᠭᠤᠨ ᠴᠠᠢ ᠤᠤᠭᠤᠵᠤ ᠪᠤᠯᠬᠤ ᠦᠭᠡᠢ᠂ ᠠᠮᠠᠷᠬᠠᠨ ᠴᠢᠴᠠᠭ᠎ᠠ ᠠᠯᠳᠠᠨ᠎ᠠ᠃

     5. ᠴᠦᠭᠡᠨ ᠳᠤᠭ᠋ᠠᠳᠤ ᠦᠨᠳᠦᠰᠦᠳᠡᠨ᠎ᠤ ᠭᠠᠵᠠᠷ ᠤᠷᠤᠨ ᠤᠯᠠᠩᠬᠢ᠎ᠳᠤ᠎ᠪᠠᠨ ᠦᠬᠡᠷ ᠬᠤᠨᠢᠨ ᠮᠢᠬ᠎ᠠ᠎ᠪᠠᠷ ᠭᠤᠤᠯ ᠪᠤᠯᠭ᠋ᠠᠳᠠᠭ᠃ ᠲᠤᠬᠠᠢ ᠵᠢᠨ ᠭᠠᠵᠠᠷ ᠤᠷᠤᠨ᠎ᠤ ᠴᠦᠭᠡᠨ ᠳᠤᠭ᠋ᠠᠳᠤ ᠦᠨᠳᠦᠰᠦᠳᠡᠨ᠎ᠤ ᠵᠠᠩ ᠳᠠᠳᠬᠠᠯ᠎ᠢ ᠬᠦᠨᠳᠦᠳᠬᠡᠵᠤ᠂ ᠰᠡᠷᠭᠡᠭ ᠴᠢᠨᠠᠷ᠎ᠲᠠᠢ ᠦᠭᠡ ᠶᠠᠷᠢᠬᠤ ᠵᠢ ᠴᠡᠭᠡᠷᠯᠡᠨ᠎ᠡ᠃

     6. ᠡᠯᠡᠰᠤ ᠮᠠᠩᠬᠠᠨ᠎ᠤ ᠨᠠᠷᠠ ᠭᠠᠷᠬᠤ ᠪᠠ ᠨᠠᠷᠠ ᠰᠢᠩᠭᠡᠬᠦ ᠦᠶ᠎ᠡ ᠵᠢᠨ ᠦᠵᠡᠮᠵᠢ ᠵᠢ ᠰᠡᠭᠦᠳᠡᠷᠯᠡᠭᠰᠡᠨ ᠦᠷ᠎ᠡ ᠳ᠋ᠦᠩ᠎ᠨᠢ ᠲᠤᠩ ᠰᠠᠶ᠋ᠢᠨ ᠪᠠᠶ᠋ᠢᠳᠠᠭ᠂ ᠰᠠᠭᠦᠲᠡᠷᠯᠡᠬᠦ ᠰᠠᠨᠠᠭ᠎ᠠ᠎ᠲᠠᠢ ᠪᠠᠶ᠋ᠢᠪᠠᠯ᠂ ᠰᠠᠭᠦᠳᠡᠷᠯᠡᠬᠦ ᠮᠠᠰᠢᠨ ᠵᠡᠷᠭᠡ᠎ᠪᠠᠨ ᠰᠠᠶ᠋ᠢᠬᠠᠨ ᠪᠡᠯᠡᠳᠭᠡᠵᠤ᠂ ᠬᠡᠷᠡᠭᠯᠡᠬᠦ ᠦᠭᠡᠢ ᠦᠶ᠎ᠡ᠎ᠳᠤ᠎ᠪᠠᠨ ᠡᠷᠬᠡᠪᠰᠢ ᠰᠠᠶ᠋ᠢᠬᠠᠨ ᠪᠤᠭᠤᠵᠤ ᠲᠠᠯᠪᠢᠨ᠂ ᠰᠡᠭᠦᠳᠡᠷᠯᠡᠬᠦ ᠮᠠᠰᠢᠨ ᠵᠡᠷᠭᠡ᠎ᠳᠤ ᠡᠯᠡᠰᠤ ᠰᠢᠷᠦᠢ ᠤᠷᠤᠵᠤ᠂ ᠮᠠᠰᠢᠨ᠎ᠢ ᠡᠪᠳᠡᠯᠬᠦ᠎ᠠᠴᠠ ᠬᠢᠴᠢᠶᠡᠨ᠎ᠡ᠃

     7. ᠡᠯᠡᠰᠤ ᠮᠠᠩᠬᠠᠨ᠎ᠤ ᠡᠯ᠎ᠡ ᠵᠦᠢ᠍ᠯ᠎ᠤᠨ ᠡᠪᠡᠰᠤ ᠤᠷᠭᠤᠮᠠᠯ᠎ᠢ ᠡᠪᠳᠡᠵᠤ ᠰᠦᠢ᠍ᠳᠬᠡᠵᠦ ᠪᠤᠯᠬᠤ ᠦᠭᠡᠢ ᠪᠦᠭᠡᠳ ᠤᠰᠤ ᠠᠷᠪᠢᠯᠠᠬᠤ ᠬᠡᠷᠡᠭᠳᠡᠢ᠂ ᠳᠡᠳᠡᠭᠡᠷ᠎ᠨᠢ ᠡᠯᠡᠰᠤ ᠮᠠᠩᠬᠠᠨ ᠠᠮᠢ ᠠᠬᠤᠢ ᠵᠢ ᠬᠠᠮᠠᠭ᠋ᠠᠯᠠᠬᠤ᠎ᠳᠤ ᠤᠮᠳᠤᠭ᠋ᠠᠢ᠍ᠢ᠍ᠯᠠᠵᠤ ᠪᠤᠯᠤᠰᠢ ᠦᠭᠡᠢ ᠦᠢ᠍ᠯᠡᠳᠦᠯ᠎ᠲᠠᠢ᠃

     8. ᠲᠠᠨ᠎ᠤ ᠵᠢᠭᠤᠯᠴᠢᠯᠠᠵᠤ ᠪᠠᠶ᠋ᠢᠭ᠎ᠠ ᠤᠷᠤᠨ ᠪᠤᠯ ᠡᠯᠡᠰᠤ ᠮᠠᠩᠬᠠᠨ ᠠᠮᠢ ᠠᠬᠤᠢ ᠵᠢᠨ ᠪᠠᠶ᠋ᠢᠭ᠋ᠠᠯᠢ ᠵᠢᠨ ᠬᠠᠮᠠᠭ᠋ᠠᠯᠠᠯᠳᠠ ᠵᠢᠨ ᠤᠷᠤᠨ ᠪᠤᠯᠬᠤᠷ ᠦᠪᠡᠷ᠎ᠤᠨ ᠬᠡᠷᠡᠭᠯᠡᠵᠤ ᠦᠩᠭᠡᠷᠡᠭᠰᠡᠨ ᠠᠮᠢᠳᠤᠷᠠᠯ᠎ᠤᠨ ᠬᠠᠶᠠᠭᠳᠠᠮᠠᠯ ᠡᠳ᠋᠎ᠪᠠᠨ ᠲᠦᠷᠦᠯ ᠬᠤᠪᠢᠶᠠᠨ᠂ ᠦᠵᠡᠮᠵᠢ ᠵᠢᠨ ᠤᠷᠤᠨ᠎ᠳᠤ ᠲᠤᠬᠢᠷᠠᠭᠤᠯᠤᠭᠰᠠᠨ ᠬᠤᠭ᠎ᠤᠨ ᠰᠠᠪᠠᠨ᠎ᠳᠤ ᠬᠢᠬᠦ ᠬᠡᠷᠡᠭᠳᠡᠢ᠃

     9. ᠶᠠᠪᠠᠭ᠋ᠠᠨ ᠵᠶ᠋ᠠᠷ ᠡᠯᠡᠰᠤ ᠮᠠᠩᠬᠠᠨ᠎ᠳᠤ ᠪᠠᠷᠲᠠᠭ᠎ᠠ ᠰᠢᠨᠵᠢᠯᠡᠬᠦ᠎ᠳᠤ᠂ ᠬᠡᠭᠡᠷ᠎ᠡ ᠬᠤᠨᠤᠭᠯᠠᠬᠤ ᠲᠦᠬᠦᠭᠡᠷᠦᠮᠵᠢ ᠪᠤᠯᠤᠨ ᠬᠡᠷᠡᠭᠯᠡᠬᠦ ᠪᠠᠭ᠋ᠠᠵᠢ ᠵᠢ ᠪᠡᠯᠡᠳᠭᠡᠵᠤ᠂ ᠬᠠᠮᠤᠭ ᠰᠠᠶ᠋ᠢᠨ᠎ᠨᠢ ᠲᠤᠰᠬᠠᠢ ᠮᠡᠷᠭᠡᠵᠢᠯᠳᠡᠨ ᠵᠶ᠋ᠠᠷ ᠬᠠᠪᠰᠤᠷᠠᠭᠤᠯᠤᠨ ᠮᠠᠶ᠋ᠢᠬᠠᠨ ᠵᠶ᠋ᠠᠨ ᠪᠤᠰᠬᠠᠬᠤ ᠵᠢᠨ ᠬᠠᠮᠳᠤ ᠵᠠᠮ ᠳᠠᠭ᠋ᠠᠭᠤᠯᠤᠭᠴᠢ᠎ᠲᠠᠢ ᠰᠠᠶ᠋ᠢᠨ ᠨᠡᠪᠳᠡᠷᠡᠯᠴᠡᠬᠦ ᠵᠢ ᠠᠩᠬᠠᠷᠬᠤ ᠬᠡᠷᠡᠭᠳᠡᠢ᠃

     10. ᠡᠯᠡᠰᠤ ᠮᠠᠩᠬᠠᠨ᠎ᠳᠤ ᠵᠢᠭᠤᠯᠴᠢᠯᠠᠬᠤ ᠵᠢᠨ ᠲᠤᠬᠢᠷᠠᠮᠵᠢᠲᠡᠢ ᠤᠯᠠᠷᠢᠯ ᠪᠤᠯ 5--10 ᠰᠠᠷ᠎ᠠ ᠪᠠᠶ᠋ᠢᠵᠤ᠂ 6--9 ᠰᠠᠷ᠎ᠠ ᠪᠤᠯ ᠬᠠᠮᠤᠭ ᠰᠠᠶ᠋ᠢᠨ ᠦᠶ᠎ᠡ ᠪᠤᠯᠤᠨ᠎ᠠ᠂ ᠶᠠᠪᠠᠭ᠋ᠠᠨ ᠵᠶ᠋ᠠᠷ ᠡᠯᠡᠰᠤ ᠮᠠᠩᠬᠠᠨ᠎ᠳᠤ ᠪᠠᠷᠲᠠᠭ᠎ᠠ ᠰᠢᠨᠵᠢᠯᠡᠬᠦ ᠤᠯᠠᠷᠢᠯ ᠪᠤᠯ 9--10 ᠰᠠᠷ᠎ᠡ ᠪᠤᠯᠤᠨ᠎ᠠ᠃
   

ᠢᠷᠡᠯᠲᠡ᠄ ᠥᠪᠥᠷ ᠮᠣᠩᠭᠤᠯ᠎ᠤᠨ ᠥᠪᠡᠷᠲᠡᠭᠡᠨ ᠵᠠᠰᠠᠬᠤ ᠣᠷᠣᠨ᠎ᠤ ᠠᠷᠠᠳ᠎ᠤᠨ ᠵᠠᠰᠠᠭ᠎ᠤᠨ ᠣᠷᠳᠣᠨ᠎ᠤ ᠮᠣᠩᠭᠤᠯ ᠰᠦᠯᠵᠢᠶ᠎ᠡ
          
ᠬᠠᠮᠢᠶ᠎ᠡ ᠪᠦᠬᠦᠢ ᠰᠣᠨᠢᠨ
3 ᠰᠠᠷ᠎ᠠ ᠵᠢᠨ 1᠎ᠠᠴᠠ ᠬᠡᠷᠡᠭᠵᠢᠭᠦᠯᠬᠦ ᠰᠢᠨ᠎ᠡ ᠲᠣᠭᠲᠠᠭ᠋ᠠᠯ᠎ᠤᠳ!
ᠮᠠᠨ᠎ᠤ ᠤᠯᠤᠰ᠎ᠤᠨ ᠤᠯᠤᠰ᠎ᠤᠨ ᠦᠮᠴᠢᠯᠡᠯᠲᠦ ᠣᠶ᠋ᠢᠲᠤ ᠭᠠᠵᠠᠷ᠂ ᠬᠠᠮᠲᠤ ᠵᠢᠨ ᠦᠮᠴᠢᠯᠡᠯᠲᠦ ᠣᠶ᠋ᠢᠲᠤ ᠭᠠᠵᠠᠷ᠎ᠤᠨ ᠬᠠᠷᠢᠴᠠᠯ᠎ᠨᠢ ᠬᠡᠳᠦᠶ ᠪᠤᠢ?
ᠮᠦᠰᠥ ᠴᠠᠰᠥᠨ᠎ᠤ ᠳᠠᠷᠠᠭ᠎ᠠ ᠳᠠᠷᠢᠮᠠᠯ ᠵᠶ᠋ᠠᠨ ᠬᠡᠷᠬᠢᠨ ᠠᠷᠠᠴᠢᠯᠠᠬᠤ ᠪᠤᠢ
ᠵᠢᠮᠢᠰ᠎ᠤᠨ ᠮᠣᠳᠤᠨ᠎ᠤ ᠪᠤᠷᠳᠤᠭᠤᠷ᠎ᠤᠨ ᠬᠤᠤᠷ ᠬᠥᠨᠥᠭᠡᠯ᠎ᠢ ᠰᠡᠷᠭᠡᠶ᠋ᠢᠯᠡᠨ ᠵᠠᠰᠠᠬᠤ ᠠᠷᠭ᠎ᠠ
ᠴᠢᠪᠠᠭ᠎ᠠ ᠪᠤᠯ ᠡᠮᠡᠭᠳᠡᠢ ᠬᠦᠮᠦᠨ᠎ᠤ ᠬᠠᠮᠤᠭ᠎ᠤᠨ ᠰᠠᠶ᠋ᠢᠨ ᠢᠳᠡᠭᠡᠨ
 
             蒙ICP备05000248号