ᠡᠪᠤᠯᠵᠢᠬᠤ ᠪᠤᠭᠤᠳᠠᠢ ᠶᠡᠷᠥᠳᠤᠪᠠᠨ ᠡᠪᠤᠯᠵᠢᠬᠦ ᠬᠤᠭᠤᠴᠠᠭ᠎ᠠ ᠦᠬᠡᠢ᠂ ᠡᠪᠤᠯ᠎ᠤᠨ ᠰᠡᠬᠦᠯᠴᠢ ᠬᠠᠪᠤᠷ᠎ᠤᠨ ᠡᠬᠢ᠎ᠪᠠᠷ ᠬᠡᠰᠡᠭ ᠭᠠᠵᠠᠷ ᠤᠷᠤᠨ᠎ᠳᠤ ᠪᠤᠭᠤᠳᠠᠢ᠎ᠨᠢ ᠨᠢᠭᠡᠨᠳᠡ ᠦᠶᠡᠳᠥᠵᠤ᠂ ᠴᠡᠴᠡᠭ ᠳᠡᠯᠭᠡᠷᠡᠳᠡᠭ᠃ ᠡᠨᠡ ᠦᠶ᠎ᠡ᠎ᠳᠤ ᠴᠠᠰᠥ ᠮᠦᠰᠥᠨᠤ ᠭᠠᠮᠰᠢᠭ ᠳᠤᠬᠢᠶᠠᠯᠳᠤᠪᠠᠯ ᠪᠤᠭᠤᠳᠠᠢ ᠵᠢᠨ ᠤᠷᠭᠤᠯᠳᠠ᠎ᠳᠤ ᠨᠦᠯᠥᠭᠡ ᠪᠤᠯᠳᠠᠭ᠂ ᠳᠤᠤᠷᠠᠬᠢ ᠬᠠᠮᠢᠶᠠᠷᠤᠯᠳᠠ ᠵᠢᠨ ᠠᠷᠭ᠎ᠠ᠎ᠪᠠᠷ ᠭᠠᠮᠰᠢᠭ᠎ᠢ ᠪᠠᠭ᠋ᠠᠰᠬᠠᠵᠤ ᠪᠤᠯᠤᠨ᠎ᠠ᠃
1. ᠬᠤᠷᠠᠭᠰᠠᠨ ᠴᠠᠰᠥ ᠬᠠᠶ᠋ᠢᠯᠤᠭᠰᠠᠨᠤ ᠳᠠᠷᠠᠭ᠎ᠠ ᠬᠡᠷᠪᠡ ᠳᠠᠷᠢᠶᠠᠨ᠎ᠳᠤ ᠤᠰᠥ ᠳᠤᠨᠤᠪᠠᠯ᠂ ᠳᠤᠤᠷ᠎ᠠ᠎ᠨᠢ ᠭᠤᠤ᠎ᠪᠠᠨ ᠴᠡᠪᠡᠷᠯᠡᠨ ᠤᠰᠥ ᠵᠠᠯᠠᠵᠤ᠂ ᠳᠡᠪᠳᠥᠬᠡᠬᠦ ᠭᠠᠮᠰᠢᠭ᠎ᠠᠴᠠ ᠰᠡᠷᠬᠡᠶ᠋ᠢᠯᠡᠬᠦ ᠬᠡᠷᠡᠭᠳᠡᠢ᠃
2. ᠪᠤᠭᠤᠳᠠᠢ ᠵᠢᠨ ᠳᠠᠷᠢᠶᠠᠨ᠎ᠳᠤ ᠬᠤᠷᠠᠭᠰᠠᠨ ᠴᠠᠰᠥ ᠬᠠᠶ᠋ᠢᠯᠤᠭ᠋ᠠᠳ ᠬᠦᠷᠥᠰᠥ ᠰᠢᠷᠥᠢ ᠬᠡᠰᠥᠭᠰᠡᠨᠤ ᠳᠠᠷᠠᠭ᠎ᠠ ᠪᠤᠭᠤᠳᠠᠢ ᠵᠢᠨ ᠴᠢᠬᠢ ᠰᠡᠷᠬᠦᠨ ᠤᠷᠭᠤᠵᠤ ᠡᠬᠢᠯᠡᠬᠦ ᠦᠶ᠎ᠡ᠎ᠳᠤ ᠬᠦᠮᠥᠰᠢ ᠳᠠᠷᠤᠢ ᠲᠦᠷᠭᠡᠨ ᠵᠤᠬᠢᠶᠠᠨ ᠪᠠᠶ᠋ᠢᠭᠤᠯᠵᠤ᠂ ᠨᠡᠮᠡᠯᠳᠡ ᠪᠤᠷᠳᠤᠭᠤᠷ ᠤᠷᠤᠭᠤᠯᠬᠤ ᠬᠡᠷᠡᠭᠳᠡᠢ᠃ ᠶᠡᠷᠥᠳᠤᠪᠠᠨ ᠮᠦ᠍ ᠪᠦᠷᠢ᠎ᠳᠤ ᠰᠢᠭᠡᠰᠦᠯᠢᠭ ᠡᠳ᠋ 5 ᠺᠢᠯᠥᠭᠷᠠᠮ ᠤᠷᠤᠭᠤᠯᠥᠨᠠ᠃ ᠬᠦᠨᠳᠥ ᠬᠦᠯᠳᠡᠭᠰᠡᠨ᠂ ᠴᠢᠬᠢ ᠵᠢᠨ ᠪᠠᠶ᠋ᠢᠳᠠᠯ ᠠᠨᠠᠢ ᠪᠦᠭᠡᠳ ᠬᠦᠷᠥᠰᠥᠨᠤ ᠬᠦᠴᠥ ᠰᠢᠮ᠎ᠡ᠎ᠨᠢ ᠨᠡᠯᠢᠶᠡᠳ ᠳᠤᠤᠷ᠎ᠠ ᠪᠤᠭᠤᠳᠠᠢ ᠵᠢᠨ ᠳᠠᠷᠢᠶᠠᠨ᠎ᠳᠤ ᠢᠯᠡᠬᠦᠭᠡᠨ ᠤᠷᠤᠭᠤᠯᠵᠤ᠂ ᠳᠡᠶ᠋ᠢᠮᠥ ᠪᠢᠰᠢ ᠪᠤᠯ ᠪᠠᠭ᠎ᠠ ᠤᠷᠤᠭᠤᠯᠬᠤ ᠬᠡᠷᠡᠭᠳᠡᠢ᠃
3. ᠪᠤᠭᠤᠳᠠᠢ ᠵᠢᠨ ᠴᠢᠬᠢ᠎ᠨᠢ ᠬᠦᠯᠳᠡᠭᠰᠡᠨ᠎ᠠᠴᠠ ᠪᠤᠯᠵᠤ᠂ ᠤᠷᠭ᠋ᠠᠨᠢᠭ ᠪᠡᠶ᠎ᠡ ᠵᠢᠨ ᠡᠪᠡᠳᠴᠢᠨ ᠡᠰᠡᠷᠬᠦᠴᠡᠬᠦ ᠴᠢᠳᠠᠯ᠎ᠨᠢ ᠪᠠᠭᠤᠷᠠᠳᠠᠭ ᠲᠤᠯᠠ ᠡᠪᠡᠳᠴᠢᠨ ᠬᠤᠷᠤᠬᠠᠢ ᠵᠢ ᠬᠢᠨᠠᠨ ᠪᠠᠶ᠋ᠢᠴᠠᠭ᠋ᠠᠬᠤ ᠬᠢᠭᠡᠳ ᠰᠡᠷᠬᠡᠶ᠋ᠢᠯᠡᠨ ᠵᠠᠰᠠᠬᠤ ᠠᠵᠢᠯ᠎ᠢ ᠴᠠᠭ ᠲᠤᠬᠠᠢᠳᠤᠨᠢ ᠰᠠᠶ᠋ᠢᠳᠥᠷ ᠬᠢᠬᠦ ᠬᠡᠷᠡᠭᠳᠡᠢ᠃
ᠵᠢᠮᠢᠰ᠎ᠤᠨ ᠮᠤᠳᠥ ᠴᠠᠰᠥ ᠵᠤᠳ ᠳᠤᠬᠢᠶᠠᠯᠳᠤᠪᠠᠯ ᠠᠳᠠᠯᠢ ᠪᠤᠰᠥ ᠵᠢᠮᠢᠰ᠎ᠤᠨ ᠮᠤᠳᠥᠨᠤ ᠰᠤᠷᠲ ᠪᠤᠯᠤᠨ ᠠᠳᠠᠯᠢ ᠪᠤᠰᠥ ᠭᠠᠮᠰᠢᠭᠳᠠᠭᠰᠠᠨ ᠪᠠᠶ᠋ᠢᠳᠠᠯ᠎ᠳᠤ ᠬᠠᠨᠳᠤᠭᠤᠯᠥᠨ ᠠᠳᠠᠯᠢ ᠪᠤᠰᠥ ᠵᠢᠨ ᠠᠪᠤᠷᠠᠬᠤ ᠠᠷᠭ᠎ᠠ ᠪᠠᠷᠢᠯ᠎ᠢ ᠠᠪᠴᠥ ᠪᠤᠯᠤᠨ᠎ᠠ᠃
1. ᠶᠠᠭᠤᠨ᠎ᠤ ᠡᠮᠥᠨ᠎ᠡ ᠴᠠᠰᠥᠨ᠎ᠳᠤ ᠳᠠᠷᠤᠭᠳᠠᠵᠤ ᠬᠠᠵᠠᠶ᠋ᠢᠭᠰᠠᠨ ᠤᠷᠭᠤᠮᠠᠯ᠎ᠤᠨ ᠮᠤᠳᠥ ᠵᠢ ᠴᠠᠭ ᠲᠤᠬᠠᠢᠳᠤᠨᠢ ᠪᠤᠰᠬᠠᠨ᠎ᠠ᠃
2. ᠬᠤᠭᠤᠷᠠᠭᠰᠠᠨ᠂ ᠬᠦᠨᠳᠥ ᠰᠦᠷᠡᠬᠡᠢ ᠪᠠᠯᠪᠠᠷᠠᠵᠤ ᠬᠤᠭᠤᠷᠠᠭ᠋ᠠᠳ ᠰᠡᠷᠬᠦᠭᠡᠬᠦ᠎ᠳᠤ ᠬᠦᠴᠢᠷᠳᠡᠢ ᠶᠡᠭᠡ ᠰᠠᠯᠠᠭ᠎ᠠ ᠵᠢ ᠴᠠᠭ ᠲᠤᠬᠠᠢᠳᠤᠨᠢ ᠤᠭᠳᠤᠯᠵᠤ᠂ ᠳᠡᠷᠡ ᠳᠠᠷᠤᠢ᠎ᠳᠤ᠎ᠨᠢ ᠸᠠᠽᠧᠯᠢᠨ᠂ ᠤᠶᠠᠩᠭ᠋ᠠᠳᠥ ᠮᠤᠳᠥᠨᠤ ᠲᠤᠰᠥ ᠪᠤᠶᠤ ᠱ᠌ᠢ ᠯᠠ ᠵᠢ ᠰᠢᠷᠬ᠎ᠠ ᠳᠡᠭᠡᠷ᠎ᠡ᠎ᠨᠢ ᠲᠦᠷᠬᠢᠵᠤ ᠦᠭᠬᠦ ᠬᠡᠷᠡᠭᠳᠡᠢ᠃
3. ᠡᠪᠡᠳᠴᠢᠨ ᠬᠤᠷᠤᠬᠠᠢ ᠵᠢᠨ ᠭᠠᠮᠰᠢᠭ᠎ᠢ ᠰᠡᠷᠬᠡᠶ᠋ᠢᠯᠡᠨ ᠵᠠᠰᠠᠬᠤ ᠪᠤᠯᠤᠨ ᠴᠡᠴᠡᠭ ᠵᠢᠮᠢᠰ᠎ᠢ ᠬᠠᠮᠠᠭ᠋ᠠᠯᠠᠬᠤ ᠠᠵᠢᠯ᠎ᠢ ᠴᠠᠭ ᠲᠤᠬᠠᠢᠳᠤᠨᠢ ᠴᠢᠩᠭ᠋ᠠᠳᠬᠠᠵᠤ᠂ ᠲᠤᠰ ᠵᠢᠯ᠎ᠤᠨ ᠤᠨᠠᠯᠳᠠ ᠵᠢ ᠠᠯᠢ ᠴᠢᠳᠠᠬᠤ᠎ᠪᠠᠷ ᠪᠠᠳᠤᠯᠠᠬᠤ ᠬᠡᠷᠡᠭᠳᠡᠢ᠃