ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠵᠢᠮᠢᠰ᠎ᠤᠨ ᠮᠣᠳᠤᠨ᠎ᠤ ᠪᠤᠷᠳᠤᠭᠤᠷ᠎ᠤᠨ ᠬᠤᠤᠷ ᠬᠥᠨᠥᠭᠡᠯ᠎ᠢ ᠰᠡᠷᠭᠡᠶ᠋ᠢᠯᠡᠨ ᠵᠠᠰᠠᠬᠤ ᠠᠷᠭ᠎ᠠ
ᠨᠡᠶ᠋ᠢᠲᠡᠯᠡᠭᠰᠡᠨ ᠴᠠᠭ᠄ 2022-03-31

    ᠣᠳᠣᠬᠠᠨ᠎ᠳᠤ ᠲᠠᠷᠢᠶᠠᠯᠠᠩ ᠠᠵᠤ ᠠᠬᠤᠶ ᠵᠢᠨ ᠬᠥᠭᠵᠢᠯᠲᠡ ᠵᠢ ᠳᠠᠭ᠋ᠠᠯᠳᠤᠨ᠂ ᠪᠤᠷᠳᠤᠭᠤᠷ᠎ᠤᠨ ᠣᠷᠤᠭᠤᠯᠬᠤ᠎ᠨᠢ ᠤᠯᠠᠮ᠎ᠠᠴᠠ ᠤᠯᠠᠮ ᠲᠠᠷᠢᠮᠠᠯ᠎ᠤᠨ ᠬᠤᠷᠢᠶᠠᠯᠲᠠ ᠵᠢ ᠪᠠᠲᠤᠯᠠᠬᠤ ᠨᠢᠭᠡᠨ ᠴᠢᠬᠤᠯᠠ ᠨᠥᠬᠦᠴᠡᠯ ᠪᠣᠯᠵᠠᠢ᠂ ᠭᠡᠪᠡᠴᠦ ᠲᠠᠷᠢᠶᠠᠴᠢᠳ᠎ᠤᠨ ᠪᠤᠷᠳᠤᠭᠤᠷ ᠬᠡᠷᠡᠭᠯᠡᠬᠦ ᠬᠡᠮᠵᠢᠶ᠎ᠡ ᠵᠢᠨ ᠨᠡᠮᠡᠭᠳᠡᠬᠦ ᠵᠢ ᠳᠠᠭ᠋ᠠᠯᠳᠤᠨ ᠪᠣᠷᠳᠤᠭᠤᠷ᠎ᠤᠨ ᠬᠤᠤᠷ ᠬᠦᠨᠦᠭᠡᠯ᠎ᠤᠨ ᠠᠰᠠᠭᠤᠳᠠᠯ᠎ᠢ ᠠᠪᠴᠢᠷᠠᠭᠰᠠᠨ ᠪᠠᠶ᠋ᠢᠨ᠎ᠠ᠂ ᠲᠡᠭᠡᠪᠡᠯ ᠪᠢᠳᠡ ᠵᠢᠮᠢᠰ᠎ᠤᠨ ᠮᠣᠳᠤᠨ᠎ᠤ ᠪᠤᠷᠳᠤᠭᠤᠷ᠎ᠤᠨ ᠬᠤᠤᠷ ᠬᠦᠨᠦᠭᠡᠯ᠎ᠢ ᠰᠢᠢ᠍ᠳᠪᠦᠷᠢᠯᠡᠬᠦ ᠲᠤᠬᠠᠢ ᠬᠡᠳᠤᠨ ᠠᠷᠭ᠎ᠠ ᠵᠢ ᠰᠤᠷᠤᠯᠴᠠᠶ᠎ᠠ᠂ ᠳᠣᠣᠷᠠᠬᠢ ᠮᠡᠲᠦ᠄

    1 . ᠪᠤᠷᠳᠤᠭᠤᠷ᠎ᠤᠨ ᠲᠦᠷᠦᠯ ᠵᠦᠢ᠍ᠯ᠎ᠢ ᠵᠦᠢ ᠵᠣᠬᠢᠰᠲᠠᠶ᠎ᠪᠠᠷ ᠰᠣᠩᠭᠤᠨ ᠬᠡᠷᠡᠭᠯᠡᠬᠦ ᠤᠯᠠᠨ ᠨᠠᠰᠤᠲᠤ ᠵᠢᠮᠢᠰ᠎ᠤᠨ ᠮᠣᠳᠣ᠎ᠨᠢ ᠬᠤᠯᠢᠮᠠᠭ ᠪᠣᠷᠳᠣᠭᠤᠷ᠂ ᠣᠷᠭ᠋ᠠᠨᠢᠭ ᠪᠤᠷᠳᠤᠭᠤᠷ ᠬᠡᠷᠡᠭᠯᠡᠬᠦ᠎ᠪᠠᠷ ᠭᠤᠤᠯᠯᠠᠵᠤ᠂ ᠬᠢᠮᠢ ᠵᠢᠨ ᠪᠤᠷᠳᠤᠭᠤᠷ ᠪᠠ ᠣᠷᠭ᠋ᠠᠨᠢᠭ ᠪᠣᠷᠳᠣᠭᠤᠷ᠎ᠢ ᠬᠤᠯᠢᠵᠤ ᠣᠷᠤᠭᠤᠯᠪᠠᠯ᠂ ᠪᠤᠷᠳᠤᠭᠤᠷ᠎ᠤᠨ ᠬᠤᠣᠷ ᠬᠥᠨᠥᠭᠡᠯ᠎ᠢ ᠪᠠᠭ᠋ᠠᠰᠬᠠᠨ᠎ᠠ᠃ ᠠᠳᠠᠯᠢᠬᠠᠨ ᠪᠦᠷ ᠬᠢᠮᠢ ᠵᠢᠨ ᠪᠤᠷᠳᠤᠭᠤᠷ ᠪᠤᠯᠪᠠᠴᠦ ᠾᠯᠣᠷᠲᠤ ᠬᠢᠮᠢ ᠵᠢᠨ ᠪᠤᠷᠳᠤᠭᠤᠷ᠎ᠨᠢ ᠪᠤᠷᠳᠣᠭᠤᠷ᠎ᠤᠨ ᠬᠦᠨᠦᠭᠡᠯ ᠬᠠᠮᠤᠭ᠎ᠤᠨ ᠠᠮᠠᠷᠬᠠᠨ ᠡᠭᠦᠰᠭᠡᠳᠡᠭ᠃ ᠣᠳᠤᠬᠠᠨ᠎ᠳᠤ ᠵᠠᠬ᠎ᠠ ᠳᠡᠭᠡᠷ᠎ᠡ ᠬᠤᠳᠠᠯᠳᠤᠵᠤ ᠪᠠᠶ᠋ᠢᠭ᠎ᠠ ᠪᠤᠷᠳᠤᠭᠤᠷ᠎ᠤᠨ ᠲᠦᠷᠦᠯ ᠵᠦᠢ᠍ᠯ ᠤᠯᠠᠨ᠂ ᠶᠠᠰᠤ ᠴᠢᠨᠠᠷ᠎ᠨᠢ ᠠᠳᠠᠯᠢ ᠦᠭᠡᠢ᠂ ᠥᠷᠭᠡᠨ ᠤᠯᠠᠨ ᠲᠠᠷᠢᠶᠠᠴᠢᠳ ᠰᠣᠩᠭᠤᠵᠤ ᠬᠡᠷᠡᠭᠯᠡᠬᠦ᠎ᠳᠡᠭᠡᠨ ᠢᠯᠡᠭᠦᠬᠡᠨ ᠠᠩᠬᠠᠷᠤᠯ᠎ᠳᠠᠭᠠᠨ ᠠᠪᠬᠤ ᠬᠡᠷᠡᠭᠲᠡᠢ᠃

     2. ᠪᠤᠷᠳᠤᠭᠤᠷ ᠣᠷᠣᠭᠤᠯᠬᠤ ᠠᠷᠭ᠎ᠠ᠎ᠪᠠᠨ ᠬᠠᠯᠠᠨ ᠰᠠᠶ᠋ᠢᠵᠢᠷᠠᠭᠤᠯᠬᠤ ᠡᠪᠦᠯ ᠬᠠᠪᠤᠷ᠎ᠤᠨ ᠤᠯᠠᠷᠢᠯ᠎ᠳᠤ ᠮᠣᠳᠣᠨ ᠣᠷᠣᠢ ᠵᠢ ᠬᠦᠷᠢᠶᠡᠯᠡᠭᠰᠡᠨ ᠭᠠᠳᠠᠷ ᠭᠤᠤ ᠳᠠᠭ᠋ᠠᠤ ᠰᠠᠭᠤᠷᠢ ᠪᠤᠷᠳᠤᠭᠤᠷ ᠣᠷᠤᠭᠤᠯᠤᠨ᠎ᠠ᠂ ᠭᠤᠤ ᠵᠢᠨ ᠭᠦᠨ᠂ ᠥᠷᠭᠡᠨ᠎ᠨᠢ ᠪᠦᠷ 20 — 30 ᠰᠡᠨᠲ᠋ᠢᠮᠸᠲᠷ᠂ ᠪᠣᠷᠳᠣᠭᠤᠷ ᠤᠷᠣᠭᠤᠯᠤᠭᠰᠠᠨ᠎ᠤ ᠳᠠᠷᠠᠭ᠎ᠠ ᠰᠢᠷᠣᠶ᠎ᠪᠠᠷ ᠳᠠᠷᠤᠵᠤ᠂ ᠰᠢᠨ᠎ᠡ ᠥᠭᠡᠬᠦᠨ ᠬᠦᠴᠢᠯ᠎ᠤᠨ ᠪᠦᠷᠬᠦᠪᠴᠢ ᠵᠢᠨ 800 ᠳᠠᠬᠢᠨ ᠰᠢᠩᠭᠡᠨ ᠪᠡᠶᠡᠲᠦ ᠵᠢ ᠰᠦᠷᠴᠢᠵᠦ ᠰᠠᠭᠤᠷᠢ ᠪᠤᠷᠳᠤᠭᠤᠷ᠎ᠤᠨ ᠠᠰᠢᠭᠯᠠᠮᠵᠢ ᠵᠢ ᠨᠡᠮᠡᠭᠳᠡᠭᠦᠯᠦᠨ᠎ᠡ᠃ ᠬᠢᠮᠢ ᠵᠢᠨ ᠪᠣᠷᠳᠤᠭᠤᠷ᠎ᠢ ᠨᠡᠮᠡᠨ ᠣᠷᠣᠭᠤᠯᠬᠤ᠎ᠳᠠᠭᠠᠨ᠂ ᠤᠰᠤᠯᠠᠬᠤ ᠠᠷᠭ᠎ᠠ᠎ᠪᠠᠷ ᠣᠷᠤᠭᠤᠯᠤᠨ᠎ᠠ᠃ ᠡᠰᠡᠬᠦᠯ᠎ᠡ ᠪᠣᠷᠣᠭ᠋ᠠᠨ᠎ᠤ ᠲᠡᠷᠠᠭ᠎ᠠ ᠬᠥᠷᠥᠰᠥ ᠰᠢᠷᠣᠶ ᠴᠢᠭᠢᠭᠯᠢᠭ ᠦᠶ᠎ᠡ᠎ᠳᠤ ᠨᠠᠮᠡᠨ ᠣᠷᠣᠭᠤᠯᠣᠨ᠎ᠠ᠃ ᠪᠣᠷᠳᠤᠭᠤᠷ ᠨᠡᠮᠡᠨ ᠣᠷᠣᠭᠤᠯᠬᠤ᠎ᠳᠠᠭᠠᠨ ᠰᠢᠨ᠎ᠡ ᠥᠭᠡᠬᠦᠨ ᠬᠦᠴᠢᠯ᠎ᠤᠨ ᠪᠦᠷᠬᠦᠪᠴᠢ ᠵᠢᠨ 800 ᠳᠠᠬᠢᠨ ᠰᠢᠩᠭᠡᠨ ᠪᠡᠶᠡᠲᠦ ᠵᠢ ᠰᠦᠷᠴᠢᠵᠦ ᠨᠡᠮᠡᠯᠲᠡ ᠪᠤᠷᠳᠤᠭᠤᠷ᠎ᠤᠨ ᠠᠰᠢᠭᠯᠠᠮᠵᠢ ᠵᠢ ᠨᠡᠮᠡᠭᠳᠡᠭᠦᠯᠦᠨ᠎ᠡ᠃

     3 . ᠪᠤᠷᠳᠤᠭᠤᠷ ᠬᠡᠷᠡᠭᠯᠡᠬᠦ ᠬᠡᠮᠵᠢᠶ᠎ᠡ ᠵᠢ ᠡᠵᠡᠮᠰᠢᠬᠦ ᠤᠨᠴᠠᠭ᠋ᠠᠶ᠋ᠢᠯᠠᠨ ᠠᠽᠣᠲ᠎ᠤᠨ ᠪᠤᠷᠳᠤᠭᠤᠷ᠎ᠢ ᠬᠡᠷᠡᠭᠯᠡᠬᠦ᠎ᠳᠤ᠂ ᠡᠩ᠎ᠤᠨ ᠰᠠᠭᠤᠷᠢ ᠪᠦᠷᠢ ᠵᠢᠨ ᠵᠢᠮᠢᠰ᠎ᠤᠨ ᠭᠠᠷᠤᠯᠲᠠ᠎ᠨᠢ 50 ᠺᠢᠯᠣᠭ᠌ᠷᠠᠮ᠎ᠤᠨ ᠵᠢᠮᠢᠰ᠎ᠤᠨ ᠮᠣᠳᠤᠨ᠎ᠳᠤ ᠤᠳᠠᠭ᠎ᠠ ᠪᠦᠷᠢ ᠰᠠᠭᠤᠷᠢ ᠪᠦᠷᠢ᠎ᠳᠤ ᠰᠢᠭᠡᠰᠦᠯᠢᠭ ᠡᠳ᠋ 100 ᠭ᠋ᠷᠠᠮ᠎ᠠᠴᠠ ᠬᠡᠲᠦᠷᠡᠭᠦᠯᠵᠦ ᠪᠣᠯᠬᠤ ᠦᠭᠡᠢ᠂ ᠪᠤᠰᠤᠳ ᠠᠽᠣᠲ᠎ᠤᠨ ᠪᠤᠷᠳᠤᠭᠤᠷ᠎ᠨᠢ 250 — 300 ᠭ᠋ᠷᠠᠮ᠎ᠠᠴᠠ ᠬᠡᠲᠦᠷᠡᠵᠦ ᠪᠣᠯᠬᠤ ᠦᠭᠡᠢ᠃ ᠨᠢᠯᠬ᠎ᠠ᠂ ᠶᠠᠳᠠᠮᠠᠭ ᠳᠣᠷᠤᠢ ᠵᠢᠮᠢᠰ᠎ᠤᠨ ᠮᠣᠳᠤᠨ᠎ᠳᠤ ᠪᠠᠭ᠎ᠠ ᠬᠡᠮᠵᠢᠶ᠎ᠡ᠎ᠪᠠᠷ ᠣᠯᠠᠨ ᠤᠳᠠᠭ᠎ᠠ ᠪᠤᠷᠳᠤᠭᠤᠷ ᠨᠡᠮᠡᠨ᠎ᠡ᠃ ᠨᠢᠭᠡᠨᠲᠡ ᠪᠤᠷᠳᠤᠭᠤᠷ᠎ᠤᠨ ᠬᠥᠨᠥᠭᠡᠯ ᠡᠭᠦᠰᠦᠭᠰᠡᠨ ᠪᠠᠶ᠋ᠢᠳᠠᠯ᠎ᠳᠤ᠂ ᠪᠤᠷᠳᠤᠭᠤᠷ ᠣᠷᠣᠭᠤᠯᠣᠭᠰᠠᠨ ᠬᠡᠰᠡᠭ᠎ᠤᠨ ᠬᠥᠷᠥᠰᠥ ᠵᠢ ᠤᠬᠤᠵᠤ᠂ ᠴᠡᠪᠡᠷ ᠲᠤᠩᠭ᠋ᠠᠯᠠᠭ ᠤᠰᠤ᠎ᠪᠠᠷ ᠤᠬᠤᠭᠰᠠᠨ ᠨᠦᠬᠡᠨ᠎ᠳᠠᠬᠢ ᠬᠦᠷᠦᠰᠦ ᠵᠢ ᠤᠰᠤᠯᠠᠬᠤ ᠮᠡᠲᠦ᠎ᠪᠠᠷ᠂ ᠬᠦᠷᠦᠰᠦᠨ ᠳᠣᠲᠤᠷᠠᠬᠢ ᠪᠣᠷᠳᠣᠭᠤᠷ᠎ᠤᠨ ᠥᠳᠬᠡᠴᠡ ᠵᠢ ᠰᠢᠩᠭᠡᠷᠡᠭᠦᠯᠬᠦ ᠵᠢᠨ ᠬᠠᠮᠲᠦ ᠨᠢᠭᠡᠨᠲᠡ ᠦᠬᠦᠭᠰᠡᠨ ᠦᠨᠳᠦᠰᠦ ᠵᠢ ᠳᠠᠰᠤᠯᠵᠦ ᠳᠠᠬᠢᠨ ᠰᠢᠨ᠎ᠡ ᠬᠦᠷᠦᠰᠦ ᠨᠡᠮᠡᠨ᠎ᠡ᠂ ᠡᠭᠦᠨ᠎ᠤ ᠬᠠᠮᠲᠤ ᠳᠡᠭᠡᠳᠦ ᠬᠡᠰᠡᠭ᠎ᠤᠨ ᠬᠤᠪᠠᠭ᠍ᠠᠢ ᠮᠦᠴᠢᠷ᠎ᠢ ᠵᠠᠰᠠᠵᠦ᠂ ᠵᠠᠰᠠᠭᠰᠠᠨ ᠬᠡᠰᠡᠭ᠎ᠲᠤᠨᠢ ᠢᠯᠵᠢᠷᠡᠬᠦ ᠵᠢ ᠰᠡᠷᠭᠡᠶ᠋ᠢᠯᠡᠬᠦ ᠪᠦᠷᠬᠦᠭᠦᠯ᠎ᠢ ᠪᠦᠷᠬᠦᠵᠦ ᠰᠢᠷᠬ᠎ᠠ᠎ᠲᠠᠢ ᠬᠡᠰᠡᠭ᠎ᠤᠨ ᠨᠡᠭᠡᠳᠡᠰᠦ ᠵᠢᠨ ᠡᠳᠡᠭᠡᠷᠡᠬᠦ ᠵᠢ ᠬᠠᠮᠠᠭ᠋ᠠᠯᠠᠨ᠂ ᠡᠪᠡᠳᠴᠢᠨ᠎ᠤ ᠪᠠᠺᠲ᠋ᠧᠷᠢ ᠬᠠᠯᠳᠠᠪᠤᠷᠢᠯᠠᠬᠤ ᠵᠢ ᠰᠡᠷᠭᠡᠶ᠋ᠢᠯᠡᠨ᠎ᠡ᠃ ᠡᠭᠦᠨ᠎ᠤ ᠬᠠᠮᠲᠤ ᠪᠦᠬᠦ ᠬᠦᠷᠢᠶᠡᠯᠡᠩ᠎ᠳᠤ ᠨᠡᠶ᠋ᠢᠳᠡᠮ᠎ᠳᠤᠨᠢ ᠬᠥ᠋ ᠱᠤ᠌ ᠵᠢᠶᠠᠩ ᠵᠢᠶᠦ᠋ᠨ (护树将 军) ᠰᠦᠷᠴᠢᠵᠦ ᠪᠠᠺᠲ᠋ᠧᠷᠢ ᠵᠢ ᠤᠰᠠᠳᠬᠠᠨ ᠠᠷᠢᠭᠤᠳᠬᠠᠵᠦ᠂ ᠡᠪᠡᠳᠴᠢᠨ᠎ᠤ ᠪᠠᠺᠲ᠋ᠧᠷᠢ ᠵᠢ ᠪᠠᠭ᠋ᠠᠰᠬᠠᠨ᠎ᠠ᠃
   

ᠢᠷᠡᠯᠲᠡ᠄
          
ᠬᠠᠮᠢᠶ᠎ᠡ ᠪᠦᠬᠦᠢ ᠰᠣᠨᠢᠨ
ᠴᠢᠪᠠᠭ᠎ᠠ ᠪᠤᠯ ᠡᠮᠡᠭᠳᠡᠢ ᠬᠦᠮᠦᠨ᠎ᠤ ᠬᠠᠮᠤᠭ᠎ᠤᠨ ᠰᠠᠶ᠋ᠢᠨ ᠢᠳᠡᠭᠡᠨ
ᠤᠯᠢᠶᠠᠰᠤᠨ᠎ᠤ ᠲᠦᠷᠦᠯ
ᠢᠯᠠᠮ᠎ᠠ ᠵᠢᠨ ᠰᠤᠭᠰᠤᠷ᠎ᠤᠨ ᠲᠦᠷᠦᠯ
ᠲᠠᠪᠤᠨ ᠬᠤᠰᠢᠭᠤ ᠮᠠᠯ᠎ᠤᠨ ᠮᠦᠷᠲᠡᠯᠳᠡ ᠵᠢᠨ ᠤᠬᠠᠭ᠋ᠠᠨ
ᠰᠢᠷ᠎ᠠ ᠯᠤᠤᠪᠠᠩ᠎ᠤᠨ ᠰᠢᠮ᠎ᠡ ᠲᠡᠵᠢᠭᠡᠯ᠎ᠤᠨ ᠪᠦᠷᠢᠯᠳᠦᠭᠦᠨ ᠪᠠ ᠡᠷᠡᠭᠦᠯ ᠮᠡᠨᠳᠦ ᠵᠢᠨ ᠠᠴᠢ ᠲᠤᠰᠠ
 
             蒙ICP备05000248号