ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠰᠢᠨᠵᠢᠯᠡᠭᠡ ᠮᠡᠷᠭᠡᠵᠢᠯ
ᠲᠦᠢ᠍ᠮᠡᠷ᠎ᠢ ᠰᠡᠷᠬᠡᠶ᠋ᠢᠯᠡᠬᠦ ᠶᠡᠷᠤ ᠵᠢᠨ ᠮᠡᠳᠡᠴᠡ
ᠨᠡᠶ᠋ᠢᠲᠡᠯᠡᠭᠰᠡᠨ ᠴᠠᠭ᠄ 2022-01-21

      ᠭᠠᠯ ᠰᠡᠷᠭᠡᠶ᠋ᠢᠯᠡᠯᠲᠡ ᠵᠢᠨ ᠤᠯᠠᠷᠢᠯ ᠬᠦᠷᠴᠦ ᠢᠷᠡᠬᠦ᠎ᠳᠤ᠂ ᠦᠷᠭᠡᠨ ᠤᠯᠠᠨ ᠺᠠᠳ᠋ᠷ᠂ ᠮᠠᠯᠴᠢᠨ ᠲᠦᠮᠡᠨ᠎ᠳᠤ᠎ᠪᠠᠨ ᠲᠤᠤᠷᠠᠬᠢ ᠬᠡᠲᠤᠨ ᠲᠠᠯ᠎ᠠ ᠵᠢᠨ ᠰᠠᠨᠠᠭᠤᠯᠤᠮᠵᠢ ᠵᠢ ᠠᠩᠬᠠᠷᠤᠭᠤᠯᠵᠤ᠂ ᠭᠠᠯ ᠰᠡᠷᠭᠡᠶ᠋ᠢᠯᠡᠯᠲᠡ ᠵᠢᠨ ᠠᠵᠢᠯ᠎ᠢ ᠰᠠᠶ᠋ᠢᠲᠤᠷ ᠬᠢᠬᠦ᠎ᠳᠤ ᠲᠤᠰᠠ ᠲᠡᠮᠵᠢᠯᠭᠡ ᠪᠤᠯᠭ᠋ᠠᠶ᠎ᠠ᠃

      ᠤᠢ ᠰᠢᠭᠤᠢ ᠨᠤᠳᠤᠭ ᠪᠡᠯᠴᠢᠬᠡᠷ᠎ᠤᠨ ᠭᠠᠯ ᠲᠦᠢ᠍ᠮᠡᠷ᠎ᠢ ᠰᠡᠷᠬᠡᠶ᠋ᠢᠯᠡᠬᠦ ᠬᠤᠭᠤᠴᠠᠭ᠎ᠠ ᠵᠢ 《ᠤᠢ ᠰᠢᠭᠤᠢ ᠨᠤᠳᠤᠭ ᠪᠡᠯᠴᠢᠬᠡᠷ᠎ᠤᠨ ᠭᠠᠯ ᠲᠦᠢ᠍ᠮᠡᠷ᠎ᠢ ᠰᠡᠷᠬᠡᠶ᠋ᠢᠯᠡᠬᠦ ᠲᠦᠷᠢᠮ》᠎ᠳᠤ 3 ᠳ᠋ᠤᠭ᠋ᠠᠷ ᠰᠠᠷ᠎ᠡ ᠵᠢᠨ 15᠎ᠤ ᠡᠳᠤᠷ᠎ᠠᠴᠠ 6 ᠳ᠋ᠤᠭ᠋ᠠᠷ ᠰᠠᠷ᠎ᠡ ᠵᠢᠨ 15᠎ᠤ ᠡᠳᠤᠷ ᠪᠤᠯ ᠬᠠᠪᠤᠷ᠎ᠤᠨ ᠤᠯᠠᠷᠢᠯ᠎ᠤᠨ ᠭᠠᠯ ᠰᠡᠷᠬᠡᠶ᠋ᠢᠯᠡᠬᠦ ᠬᠤᠭᠤᠴᠠᠭ᠎ᠠ ᠮᠦᠨ᠂ 9 ᠳ᠋ᠤᠭᠡᠷ ᠰᠠᠷ᠎ᠡ ᠵᠢᠨ 15᠎ᠤ ᠡᠳᠤᠷ᠎ᠠᠴᠠ 11 ᠳ᠋ᠤᠭᠡᠷ ᠰᠠᠷ᠎ᠡ ᠵᠢᠨ 15᠎ᠤ ᠡᠳᠤᠷ ᠪᠤᠯ ᠨᠠᠮᠤᠷ᠎ᠤᠨ ᠤᠯᠠᠷᠢᠯ᠎ᠤᠨ ᠭᠠᠯ ᠰᠡᠷᠬᠡᠶ᠋ᠢᠯᠡᠬᠦ ᠬᠤᠭᠤᠴᠠᠭ᠎ᠠ ᠪᠤᠯᠤᠨ᠎ᠠ ᠭᠡᠵᠥ ᠲᠤᠬᠳᠠᠭ᠋ᠠᠵᠠᠢ᠃

      ᠭᠠᠯ ᠰᠡᠷᠬᠡᠶ᠋ᠢᠯᠡᠬᠦ ᠬᠤᠭᠤᠴᠠᠭ᠋ᠠᠨ᠎ᠳᠤ᠂ ᠭᠡᠭᠡᠷ᠎ᠡ ᠭᠠᠳᠠᠨ᠎ᠠ ᠳᠠᠮᠠᠬᠢᠨ ᠭᠠᠯ᠎ᠢ ᠬᠠᠶᠠᠵᠦ ᠪᠤᠯᠬᠤ ᠦᠭᠡᠢ᠂ ᠫᠤᠤᠵᠢᠩ ᠳᠠᠯᠪᠢᠬᠤ ᠪᠤᠶᠤ ᠤᠴᠢ ᠤᠯᠠᠯᠵᠠᠭᠤᠯᠵᠦ ᠪᠤᠯᠬᠤ ᠦᠭᠡᠢ᠂ ᠭᠠᠯ ᠵᠶ᠋ᠠᠷ ᠠᠷᠢᠶᠠᠳᠠᠨ᠎ᠢ ᠤᠳᠤᠵᠦ ᠪᠤᠯᠬᠤ ᠦᠭᠡᠢ᠂ ᠭᠠᠯ ᠨᠤᠴᠤᠭ᠋ᠠᠵᠦ ᠳᠤᠯᠠᠭ᠋ᠠᠴᠠᠬᠤ ᠪᠤᠶᠤ ᠰᠢᠷᠠᠮᠠᠯ ᠰᠢᠷᠠᠵᠦ ᠪᠤᠯᠬᠤ ᠦᠭᠡᠢ᠂ ᠭᠡᠤᠭᠡᠳ ᠭᠠᠯ ᠵᠶ᠋ᠠᠷ ᠨᠠᠭ᠋ᠠᠳᠴᠦ ᠪᠤᠯᠬᠤ ᠦᠭᠡᠢ᠃ ᠬᠡᠷᠪᠡ ᠭᠠᠯ ᠲᠦᠢ᠍ᠮᠡᠷ᠎ᠤᠨ ᠠᠳᠡᠯ ᠭᠠᠷᠪᠡᠯ 12119 ᠪᠤᠶᠤ 3221814 ᠤᠳᠠᠰᠤ᠎ᠪᠠᠷ ᠮᠡᠳᠡᠭᠳᠡᠬᠦ ᠬᠡᠷᠭᠳᠠᠢ᠃ ᠤᠢ ᠰᠢᠭᠤᠢ ᠨᠤᠳᠤᠭ ᠪᠡᠯᠴᠢᠭᠡᠷ᠎ᠤᠨ ᠭᠠᠯ ᠲᠦᠢ᠍ᠮᠡᠷ᠎ᠢ ᠰᠡᠷᠭᠡᠶ᠋ᠢᠯᠡᠬᠦ ᠠᠷᠭ᠎ᠠ ᠭᠡᠪᠡᠯ ᠬᠤᠯᠠᠩ᠎ᠳᠠᠭᠠᠨ ᠲᠤᠤᠷ ᠬᠢᠵᠤ᠂ 5 ᠲᠡᠰ᠎ᠠᠴᠠ ᠲᠡᠭᠡᠭᠰᠢ ᠰᠠᠯᠬᠢᠨ᠎ᠳᠤ ᠭᠠᠯᠯᠠᠬᠤ ᠦᠭᠡᠢ᠂ ᠭᠠᠯ᠎ᠲᠠᠢ ᠦᠨᠡᠰᠤ ᠬᠠᠶᠠᠬᠤ ᠦᠭᠡᠢ᠂ ᠡᠷᠤᠬᠡ ᠪᠦᠷᠢ ᠦᠨᠡᠰᠤᠨ ᠨᠦᠬᠡ᠎ᠲᠠᠢ ᠪᠠᠶ᠋ᠢᠵᠤ᠂ ᠬᠡᠬᠡᠷ᠎ᠡ ᠭᠠᠳᠠᠨ᠎ᠠ ᠲᠠᠮᠠᠬᠢ ᠲᠠᠳᠠᠬᠤ ᠦᠭᠡᠢ᠂ ᠲᠠᠮᠠᠬᠢᠨ ᠶᠤᠵᠤᠭᠤᠷ ᠵᠶ᠋ᠠᠨ ᠬᠠᠮᠢᠶ᠎ᠠ ᠦᠭᠡᠢ ᠬᠠᠶᠠᠵᠤ ᠪᠤᠯᠬᠤ ᠦᠭᠡᠢ᠂ ᠨᠤᠳᠤᠭ ᠪᠡᠯᠴᠢᠭᠡᠷ ᠤᠢ ᠰᠢᠭᠤᠶ᠋ᠢᠳᠤ ᠤᠷᠤᠨ᠎ᠳᠤ ᠬᠡᠭᠦᠷ ᠤᠡᠭᠭᠤᠨ᠎ᠳᠤ ᠴᠠᠭ᠋ᠠᠰᠤ ᠰᠢᠳᠠᠭ᠋ᠠᠵᠤ ᠪᠤᠯᠬᠤ ᠦᠭᠡᠢ᠃ ᠡᠪᠡᠰᠤᠨ ᠤᠪᠤᠭ᠎ᠠ᠂ ᠫᠸᠡᠭ ᠰᠠᠷᠠᠪᠴᠢ᠂ ᠲᠦᠯᠡᠰᠢ ᠵᠢᠨ ᠤᠪᠤᠭ᠋ᠠᠨ᠎ᠤ ᠲᠡᠷᠭᠡᠳᠡ ᠫᠤᠤᠵᠢᠩ ᠲᠠᠯᠪᠢᠵᠤ ᠪᠤᠯᠬᠤ ᠦᠭᠡᠢ᠃ ᠬᠡᠬᠡᠷ᠎ᠡ ᠭᠠᠳᠠᠨ᠎ᠠ ᠪᠡᠯᠴᠢᠭᠡᠷ᠂ ᠲᠠᠷᠢᠶᠠᠨ ᠭᠤᠤᠷᠰᠤ ᠵᠡᠷᠭᠡ ᠵᠢ ᠰᠢᠳᠠᠭ᠋ᠠᠵᠤ ᠪᠤᠯᠬᠤ ᠦᠭᠡᠢ᠂ ᠠᠡᠭ ᠠᠩᠨᠠᠬᠤ ᠪᠠ ᠲᠠᠯᠪᠡᠴᠢᠵᠤ ᠪᠤᠯᠬᠤ ᠦᠭᠡᠢ᠂ ᠲᠤᠭᠤᠭ᠋ᠠᠯᠠᠬᠤ ᠪᠤᠶᠤ ᠰᠢᠷᠠᠮᠠᠯ ᠰᠢᠷᠠᠵᠤ ᠪᠤᠯᠬᠤ ᠦᠭᠡᠢ᠃ ᠡᠪᠡᠰᠤ᠂ ᠨᠡᠬᠦᠷᠡᠰᠤ ᠵᠡᠷᠭᠡ ᠵᠢ ᠲᠡᠭᠡᠭᠡᠪᠤᠷᠢᠯᠡᠬᠦ ᠲᠡᠷᠭᠡ ᠡᠷᠬᠡᠪᠰᠢ ᠭᠠᠯ ᠰᠡᠷᠭᠡᠶ᠋ᠢᠯᠡᠬᠦ ᠪᠦᠷᠬᠦᠪᠴᠢ᠎ᠲᠠᠢ ᠪᠠᠶ᠋ᠢᠬᠤ ᠬᠡᠷᠡᠭᠳᠠᠢ᠂ ᠡᠰᠡᠪᠡᠯ ᠨᠡᠪᠳᠡᠷᠡᠬᠦ ᠵᠢ ᠴᠠᠭ᠋ᠠᠵᠠᠯᠠᠨ᠎ᠠ᠃ ᠡᠪᠡᠰᠤ ᠬᠠᠳᠤᠵᠤ᠂ ᠲᠡᠬᠡᠬᠡᠪᠤᠷᠢᠯᠡᠵᠤ ᠨᠦᠬᠡᠴᠡᠯᠡᠬᠦ᠎ᠳᠡᠭᠡᠨ ᠭᠠᠯ᠎ᠢ ᠤᠨᠴᠡ ᠬᠢᠴᠢᠶᠡᠬᠦ ᠬᠡᠷᠡᠭᠳᠠᠢ᠃ ᠦᠨᠳᠤᠷ ᠲᠠᠷᠤᠯᠳᠡ᠎ᠲᠠᠢ ᠴᠠᠬᠢᠯᠭ᠋ᠠᠨ ᠤᠳᠠᠰᠤᠨ ᠲᠡᠭᠡᠷ᠎ᠡ ᠰᠢᠪᠠᠭᠤ ᠡᠬᠦᠷᠯᠡᠵᠤ ᠭᠠᠯ ᠭᠠᠷᠬᠤ᠎ᠠᠴᠠ ᠰᠡᠷᠡᠮᠵᠢᠯᠡᠬᠦ ᠬᠡᠷᠡᠭᠳᠠᠢ᠃ ᠠᠶᠤᠩᠭ᠎ᠠ ᠨᠢᠷᠭᠡᠵᠤ ᠭᠠᠯ ᠭᠠᠷᠬᠤ᠎ᠠᠴᠠ ᠰᠡᠷᠡᠮᠵᠢᠯᠡᠬᠦ ᠬᠡᠷᠡᠭᠳᠠᠢ᠃ ᠭᠠᠯᠳᠤ ᠲᠡᠷᠭᠡ ᠵᠢᠨ ᠦᠷᠤᠯᠲᠡ᠎ᠠᠴᠠ ᠭᠠᠯ ᠡᠬᠦᠰᠬᠦ ᠵᠢ ᠬᠢᠴᠢᠶᠡᠬᠦ ᠬᠡᠷᠡᠭᠳᠠᠢ᠃ ᠭᠠᠳᠠᠭᠰᠢ ᠭᠠᠷᠪᠡᠯ ᠰᠠᠯᠬᠢᠨ ᠬᠦᠴᠤᠨ᠎ᠤ ᠴᠠᠬᠢᠯᠭ᠋ᠠᠨ ᠭᠠᠷᠭ᠋ᠠᠬᠤ ᠮᠠᠰᠢᠨ᠎ᠢ ᠠᠷᠭ᠋ᠠᠮᠵᠢᠵᠤ ᠲᠠᠯᠪᠢᠬᠤ ᠬᠡᠷᠡᠭᠳᠠᠢ᠂ ᠡᠰᠡᠪᠡᠯ ᠭᠠᠯ ᠠᠯᠳᠠᠬᠤ ᠠᠶᠤᠯ᠎ᠲᠠᠢ᠃ ᠠᠶ᠋ᠢᠯ ᠡᠷᠤᠬᠡ᠎ᠨᠢ ᠭᠠᠴᠠᠭ᠎ᠠ᠂ ᠬᠤᠰᠢᠭᠤ (ᠰᠢᠶᠠᠨ)᠂ ᠰᠤᠮᠤ᠂ ᠪᠠᠯᠭ᠋ᠠᠰᠤ᠂ ᠲᠠᠯᠠᠪᠡᠢ᠂ ᠭᠠᠳᠠᠨ᠎ᠠ᠎ᠠᠴᠠ ᠢᠷᠡᠭᠰᠡᠨ ᠠᠵᠤ ᠠᠬᠤᠶ᠋ᠢᠯᠡᠯ᠎ᠲᠠᠢ ᠭᠠᠯ ᠰᠡᠷᠭᠡᠶ᠋ᠢᠯᠡᠬᠦ ᠭᠡᠷ᠎ᠡ ᠲᠤᠭᠳᠠᠬᠤ ᠬᠡᠷᠡᠭᠳᠠᠢ᠃

      ᠭᠠᠯ ᠰᠡᠷᠭᠡᠶ᠋ᠢᠯᠡᠬᠦ ᠰᠠᠯᠠᠭ᠎ᠠ ᠮᠦᠴᠢᠷ᠎ᠨᠢ ᠭᠠᠯ᠎ᠤᠨ ᠶᠡᠭᠡ ᠪᠠᠭ᠎ᠠ᠂ ᠭᠠᠵᠡᠷ᠎ᠤᠨ ᠪᠠᠶ᠋ᠢᠴᠡ ᠵᠡᠷᠭᠡ ᠪᠤᠲᠠᠲᠠᠢ ᠪᠠᠶ᠋ᠢᠳᠠᠯ᠎ᠢ ᠦᠨᠳᠤᠰᠤᠯᠠᠵᠤ ᠭᠠᠯ ᠤᠨᠳᠠᠷᠠᠭ᠋ᠠᠬᠤ ᠠᠵᠢᠯ᠎ᠢ ᠪᠠᠶ᠋ᠢᠷᠢᠯᠠᠭᠤᠯᠤᠨ᠎ᠠ᠃ ᠡᠩ᠎ᠤᠨ ᠭᠠᠯ᠎ᠢ ᠰᠤᠮᠤ᠂ ᠭᠠᠴᠠᠭ᠋ᠠᠨ᠎ᠠᠴᠠ ᠠᠷᠭ᠋ᠠᠴᠠᠭ᠋ᠠᠵᠤ᠂ ᠨᠡᠯᠢᠶᠡᠳ ᠶᠡᠭᠡ ᠭᠠᠯ᠎ᠢ ᠬᠤᠰᠢᠭᠤ ᠰᠢᠶᠠᠨ᠎ᠤ ᠤᠢ ᠰᠢᠭᠤᠢ ᠵᠢᠨ ᠴᠠᠭᠳᠠᠭ᠎ᠠ ᠪᠤᠯᠤᠨ ᠲᠤᠰᠬᠠᠢ ᠭᠠᠯ ᠤᠨᠳᠠᠷᠠᠭ᠋ᠠᠬᠤ ᠠᠩᠭᠢ ᠤᠨᠳᠠᠷᠠᠭ᠋ᠠᠨ᠎ᠠ᠃ ᠭᠠᠯ ᠴᠤᠬᠢᠬᠤ᠎ᠳᠠᠭᠠᠨ ᠰᠠᠯᠬᠢᠨ ᠤᠷᠤᠭᠤ ᠴᠤᠬᠢᠨ᠎ᠠ᠂ ᠬᠠᠷᠢᠨ ᠲᠦᠢ᠍ᠮᠡᠷ᠎ᠤᠨ ᠦᠭᠡᠳᠡ᠎ᠠᠴᠠ ᠴᠤᠬᠢᠵᠤ ᠪᠤᠯᠬᠤ ᠦᠭᠡᠢ᠃ ᠴᠤᠬᠢᠵᠤ ᠪᠤᠯᠬᠤ ᠭᠠᠯ ᠲᠦᠢ᠍ᠮᠡᠷ ᠲᠤᠬᠢᠶᠠᠯᠳᠤᠪᠡᠯ ᠬᠦᠷᠵᠡ᠂ ᠰᠢᠬᠦᠷ ᠡᠰᠡᠬᠦᠯ᠎ᠡ ᠭᠠᠯ ᠤᠨᠳᠠᠷᠠᠭ᠋ᠠᠬᠤ ᠮᠠᠰᠢᠨ ᠵᠶ᠋ᠠᠷ ᠤᠨᠳᠠᠷᠠᠭ᠋ᠠᠬᠤ ᠬᠡᠷᠡᠭᠳᠠᠢ᠃ ᠶᠡᠭᠡ ᠲᠦᠢ᠍ᠮᠡᠷ ᠲᠤᠬᠢᠶᠠᠯᠳᠤᠪᠡᠯ ᠤᠳᠤᠷᠢᠳᠤᠯᠭ᠎ᠠ᠎ᠲᠠᠢ᠂ ᠵᠤᠬᠢᠶᠠᠨ ᠪᠠᠶ᠋ᠢᠭᠤᠯᠤᠯᠳᠡ᠎ᠲᠠᠢ᠂ ᠭᠠᠯ ᠤᠨᠳᠠᠷᠠᠭ᠋ᠠᠬᠤ ᠠᠩᠭᠢ ᠵᠢᠨ ᠬᠠᠮᠳᠤ ᠭᠠᠯ ᠤᠨᠳᠠᠷᠠᠭ᠋ᠠᠬᠤ ᠬᠡᠷᠡᠭᠲᠡᠢ᠃ ᠵᠠᠪᠳᠤᠭ᠎ᠠ᠎ᠲᠠᠢ ᠦᠶ᠎ᠡ᠎ᠳᠤ ᠫᠸᠡᠭ ᠬᠤᠷᠤᠭ᠎ᠠ ᠭᠡᠷ ᠰᠠᠷᠡᠪᠴᠢ᠎ᠪᠠᠨ ᠬᠠᠮᠠᠭ᠋ᠠᠯᠠᠬᠤ ᠴᠠᠷᠠᠭ᠎ᠠ ᠲᠠᠯᠪᠢᠵᠤ ᠪᠤᠯᠤᠨ᠎ᠠ᠂ ᠶᠡᠭᠡ ᠲᠦᠢ᠍ᠮᠡᠷ᠎ᠢ ᠭᠠᠭᠴᠡ ᠬᠤᠶᠠᠷ ᠬᠦᠮᠤᠨ ᠴᠤᠬᠢᠵᠤ ᠪᠤᠯᠬᠤ ᠦᠬᠡᠢ᠃
   

ᠢᠷᠡᠯᠲᠡ᠄ ᠰᠢᠯᠢ ᠵᠢᠨ ᠭᠤᠣᠯ᠎ᠤᠨ ᠡᠳᠦᠷ᠎ᠤᠨ ᠰᠣᠨᠢᠨ
          
ᠬᠠᠮᠢᠶ᠎ᠡ ᠪᠦᠬᠦᠢ ᠰᠣᠨᠢᠨ
ᠵᠠᠷᠢᠮ ᠭᠠᠵᠠᠷ ᠤᠷᠤᠨ᠎ᠤ ᠳᠤᠷᠠᠳᠤᠭᠰᠠᠨ ᠤᠢ ᠰᠢᠭᠤᠢ ᠵᠢᠨ ᠳᠠᠷᠤᠭ᠎ᠠ ᠵᠢᠨ ᠳᠦᠷᠢᠮ᠎ᠤᠨ 《ᠭᠤᠷᠪᠠ ᠵᠢ ᠪᠠᠲᠤᠯᠠᠬᠤ᠂ ᠭᠤᠷᠪᠠ ᠵᠢ ᠨᠡᠮᠡᠭᠳᠡᠭᠦᠯᠬᠦ᠂ ᠭᠤᠷᠪᠠ ᠵᠢ ᠰᠡᠷᠭᠡᠶ᠋ᠢᠯᠡᠬᠦ》 ᠭᠡᠳᠡᠭ᠎ᠨᠢ ᠶᠠᠭᠤ ᠵᠢ ᠵᠢᠭ᠋ᠠᠵᠤ ᠪᠠᠶ᠋ᠢᠬᠤ ᠪᠤᠢ?
ᠡᠯᠡᠰᠤ ᠮᠠᠩᠬᠠᠨ᠎ᠳᠤ ᠵᠢᠭᠤᠯᠴᠢᠯᠠᠬᠤ᠎ᠳᠤ ᠠᠩᠬᠠᠷᠬᠤ ᠵᠦᠢ᠍ᠯ
3 ᠰᠠᠷ᠎ᠠ ᠵᠢᠨ 1᠎ᠠᠴᠠ ᠬᠡᠷᠡᠭᠵᠢᠭᠦᠯᠬᠦ ᠰᠢᠨ᠎ᠡ ᠲᠣᠭᠲᠠᠭ᠋ᠠᠯ᠎ᠤᠳ!
ᠮᠠᠨ᠎ᠤ ᠤᠯᠤᠰ᠎ᠤᠨ ᠤᠯᠤᠰ᠎ᠤᠨ ᠦᠮᠴᠢᠯᠡᠯᠲᠦ ᠣᠶ᠋ᠢᠲᠤ ᠭᠠᠵᠠᠷ᠂ ᠬᠠᠮᠲᠤ ᠵᠢᠨ ᠦᠮᠴᠢᠯᠡᠯᠲᠦ ᠣᠶ᠋ᠢᠲᠤ ᠭᠠᠵᠠᠷ᠎ᠤᠨ ᠬᠠᠷᠢᠴᠠᠯ᠎ᠨᠢ ᠬᠡᠳᠦᠶ ᠪᠤᠢ?
ᠮᠦᠰᠥ ᠴᠠᠰᠥᠨ᠎ᠤ ᠳᠠᠷᠠᠭ᠎ᠠ ᠳᠠᠷᠢᠮᠠᠯ ᠵᠶ᠋ᠠᠨ ᠬᠡᠷᠬᠢᠨ ᠠᠷᠠᠴᠢᠯᠠᠬᠤ ᠪᠤᠢ
 
             蒙ICP备05000248号