ᠠᠯᠮᠤᠷᠠᠳ᠎ᠤᠨ ᠮᠤᠳᠤ ᠪᠠ ᠠᠯᠢᠮ᠎ᠠ ᠵᠢᠨ ᠮᠤᠳᠤᠨ᠎ᠤ ᠢᠯᠵᠠᠷᠠᠬᠤ ᠡᠪᠡᠳᠴᠢᠨ᠎ᠨᠢ ᠮᠤᠳᠤᠨ᠎ᠤ ᠮᠦᠴᠢᠷ ᠡᠰᠢ ᠳᠡᠭᠡᠷ᠎ᠡ ᠡᠭᠦᠰᠳᠡᠭ᠃ ᠡᠪᠡᠳᠴᠢᠨ ᠡᠭᠦᠰᠭᠡᠭᠴᠢ ᠪᠠᠺᠲᠸᠷᠢ᠎ᠨᠢ ᠠᠳᠠᠯᠢ ᠦᠭᠡᠢ ᠪᠤᠯᠪᠠᠴᠤ ᠰᠢᠨᠵᠢ ᠲᠡᠮᠳᠡᠭ ᠪᠤᠯᠤᠨ ᠰᠡᠷᠭᠡᠢ᠌ᠯᠡᠨ ᠵᠠᠰᠠᠬᠤ ᠠᠷᠭ᠎ᠠ᠎ᠨᠢ ᠠᠳᠠᠯᠢ ᠪᠠᠢ᠌ᠳᠠᠭ᠃
1. ᠰᠢᠨᠵᠢ ᠲᠡᠮᠳᠡᠭ
(1) ᠰᠢᠷᠬᠠᠯᠠᠭ᠎ᠠ ᠵᠢᠨ ᠬᠡᠯᠪᠡᠷᠢ᠄
ᠡᠬᠢᠨ᠎ᠤ ᠬᠤᠭᠤᠴᠠᠭ᠋ᠠᠨ᠎ᠳᠤ ᠡᠪᠡᠳᠴᠢᠨ᠎ᠤ ᠬᠡᠰᠡᠭ᠎ᠨᠢ ᠤᠯᠠᠭ᠋ᠠᠨ ᠬᠦᠷᠡᠩ ᠦᠩᠭᠡᠳᠡᠢ᠂ ᠪᠠᠭ᠎ᠠ ᠰᠢᠭ᠋ ᠬᠦᠳᠦᠢ᠌ᠵᠦ᠂ ᠤᠰᠤᠳᠤᠭᠰᠠᠨ ᠮᠠᠶᠢᠭᠳᠠᠢ᠂ ᠨᠡᠬᠡᠳᠡᠰᠦ᠎ᠨᠢ ᠵᠦᠭᠡᠯᠡᠨ᠂ ᠡᠪᠡᠳᠴᠢᠳᠠᠢ ᠬᠠᠯᠢᠰᠤ᠎ᠨᠢ ᠠᠮᠠᠷᠬᠠᠨ ᠬᠠᠭᠤᠯᠤᠭᠳᠠᠨᠠ᠂ ᠲᠤᠳᠤᠷ᠎ᠠ ᠬᠡᠰᠡᠭ᠎ᠤᠨ ᠨᠡᠬᠡᠳᠡᠰᠦ᠎ᠨᠢ ᠬᠦᠨ ᠤᠯᠠᠭ᠋ᠠᠨ ᠬᠦᠷᠡᠩ ᠦᠩᠭᠡᠳᠡᠢ᠂ ᠠᠷᠢᠬᠢᠨ ᠪᠠᠵᠠᠮᠠᠭ᠎ᠤᠨ ᠦᠨᠦᠷ᠎ᠲᠠᠢ᠂ ᠵᠠᠷᠢᠮ᠎ᠳᠠᠭᠠᠨ ᠡᠪᠡᠳᠴᠢᠳᠠᠢ ᠬᠡᠰᠡᠭ᠎ᠠᠴᠠ᠎ᠨᠢ ᠰᠢᠷ᠎ᠠ ᠬᠦᠷᠡᠩ ᠦᠩᠭᠡ ᠵᠢᠨ ᠰᠢᠩᠭᠡᠨ ᠪᠡᠶᠡᠲᠦ ᠭᠤᠭᠤᠵᠢᠳᠠᠭ᠃ ᠰᠡᠭᠦᠯᠴᠢ ᠵᠢᠨ ᠬᠤᠭᠤᠴᠠᠭ᠋ᠠᠨ᠎ᠳᠤ ᠡᠪᠡᠳᠴᠢᠳᠡᠢ ᠬᠡᠰᠡᠭ᠎ᠨᠢ ᠬᠠᠳᠠᠵᠤ ᠠᠪᠴᠢᠭ᠋ᠠᠳ᠂ ᠬᠤᠲᠤᠢ᠌ᠬᠤ ᠪᠠ ᠬᠠᠲᠠᠭᠤᠷᠠᠭ᠋ᠠᠳ ᠬᠠᠷ᠎ᠠ ᠬᠦᠷᠡᠩ ᠦᠩᠭᠡᠳᠡᠢ ᠪᠤᠯᠵᠤ ᠬᠤᠪᠢᠷᠠᠨ᠂ ᠡᠪᠡᠳᠴᠢᠳᠠᠢ ᠬᠡᠰᠡᠭ᠎ᠤᠨ ᠦᠩᠭᠡᠨ ᠬᠡᠰᠡᠭ᠎ᠲᠤ ᠬᠠᠷ᠎ᠠ ᠦᠩᠭᠡ ᠵᠢᠨ ᠵᠢᠵᠢᠭ ᠲᠤᠯᠪᠤ ᠲᠤᠰᠤᠯ ᠢᠯᠡᠷᠡᠳᠡᠭ᠃ ᠡᠪᠡᠳᠴᠢᠨ᠎ᠤ ᠲᠤᠯᠪᠤ᠎ᠨᠢ ᠡᠬᠢᠨ᠎ᠤ ᠦᠶ᠎ᠡ᠎ᠳᠤ᠎ᠪᠠᠨ ᠲᠠᠷᠬᠠᠵᠤ ᠳᠡᠯᠭᠡᠷᠡᠬᠦ᠎ᠨᠢ ᠬᠤᠷᠳᠤᠨ ᠪᠠᠢ᠌ᠵᠤ᠂ ᠤᠬᠤᠷ ᠬᠤᠭᠤᠴᠠᠭ᠋ᠠᠨ᠎ᠤ ᠲᠤᠳᠤᠷ᠎ᠠ ᠬᠦᠭᠵᠢᠭᠡᠳ ᠲᠤᠮᠤ ᠬᠡᠯᠪᠡᠷᠢ ᠵᠢᠨ ᠡᠪᠡᠳᠴᠢᠨ᠎ᠤ ᠲᠤᠯᠪᠤ ᠪᠤᠯᠵᠤ᠂ ᠮᠤᠳᠤᠨ᠎ᠤ ᠮᠦᠴᠢᠷ ᠡᠰᠢ ᠵᠢ ᠲᠤᠭᠤᠷᠢᠭ᠋ᠠᠳ ᠴᠠᠭ᠋ᠠᠷᠢᠭᠯᠠᠨ ᠬᠠᠯᠢᠰᠤᠯᠠᠭᠰᠠᠨ ᠪᠠᠢ᠌ᠳᠠᠯ ᠡᠭᠦᠰᠴᠦ᠂ ᠳᠡᠭᠡᠷ᠎ᠡ ᠲᠠᠯ᠎ᠠ ᠵᠢᠨ ᠮᠦᠴᠢᠷ ᠡᠰᠢ ᠵᠢ᠎ᠨᠢ ᠬᠠᠲᠠᠭ᠋ᠠᠵᠤ ᠦᠬᠦᠬᠦᠯᠳᠡᠭ ᠲᠤᠯᠠ ᠬᠤᠤᠷ ᠬᠦᠨᠦᠭᠡᠯ ᠵᠶ᠋ᠡᠷ ᠲᠤᠢ᠌ᠯ᠎ᠤᠨ ᠶᠡᠬᠡ ᠪᠠᠢ᠌ᠳᠠᠭ᠃
(2) ᠮᠦᠴᠢᠷ ᠬᠠᠳᠠᠬᠤ ᠬᠡᠯᠪᠡᠷᠢ᠄
ᠤᠯᠠᠩᠬᠢ᠎ᠳᠠᠭᠠᠨ ᠬᠤᠶᠠᠷ᠎ᠠᠴᠠ ᠭᠤᠷᠪᠠᠨ ᠨᠠᠰᠤᠨ᠎ᠤ ᠮᠦᠴᠢᠷ᠎ᠲᠤ ᠡᠭᠦᠰᠳᠡᠭ᠂ ᠪᠠᠰᠠ ᠳᠦᠷᠪᠠ᠎ᠠᠴᠠ ᠲᠠᠪᠤᠨ ᠨᠠᠰᠤᠲᠦ ᠮᠦᠴᠢᠷ ᠪᠤᠶᠤ ᠵᠢᠮᠢᠰᠯᠡᠬᠦ ᠰᠠᠭᠤᠳᠠᠯ ᠳᠡᠭᠡᠷ᠎ᠡ ᠬᠠᠯᠳᠠᠪᠤᠷᠢᠯᠠᠬᠤ ᠴᠤ᠌ ᠪᠤᠢ᠂ ᠡᠨᠡ᠎ᠨᠢ ᠲᠤᠷᠤᠢ ᠮᠤᠳᠤᠨ ᠳᠡᠭᠡᠷ᠎ᠡ ᠡᠭᠦᠰᠬᠦ᠎ᠨᠢ ᠢᠯᠡᠷᠬᠡᠢ ᠪᠠᠢ᠌ᠳᠠᠭ᠃ ᠡᠪᠡᠳᠴᠢᠳᠠᠢ ᠬᠡᠰᠡᠭ᠎ᠨᠢ ᠤᠯᠠᠭ᠋ᠠᠨ ᠬᠦᠷᠡᠩ ᠦᠩᠭᠡᠳᠡᠢ᠂ ᠤᠰᠤᠳᠤᠭᠰᠠᠨ ᠮᠠᠶᠢᠭᠳᠠᠢ᠂ ᠬᠡᠯᠪᠡᠷᠢ᠎ᠨᠢ ᠡᠮᠬᠢ ᠵᠢᠷᠤᠮ ᠦᠭᠡᠢ ᠪᠦᠭᠡᠳ ᠮᠠᠰᠢ ᠲᠦᠷᠬᠡᠨ ᠵᠶ᠋ᠡᠷ ᠪᠦᠬᠦ ᠮᠦᠴᠢᠷ᠎ᠲᠤ ᠲᠠᠷᠬᠠᠵᠤ᠂ ᠡᠴᠦᠰ᠎ᠲᠤ᠎ᠪᠠᠨ ᠮᠦᠴᠢᠷ ᠰᠠᠯᠠᠭ᠎ᠠ᠎ᠨᠢ ᠬᠠᠳᠠᠵᠤ ᠦᠬᠦᠳᠡᠭ ᠪᠠᠢ᠌ᠨ᠎ᠠ᠃ ᠵᠢᠮᠢᠰ᠎ᠤᠨ ᠬᠦᠷᠢᠶᠡᠯᠡᠩ᠎ᠤᠨ ᠰᠠᠯᠠᠭ᠎ᠠ ᠮᠦᠴᠢᠷ ᠳᠡᠭᠡᠷᠡᠬᠢ ᠨᠠᠪᠴᠢ᠎ᠨᠢ ᠰᠢᠷᠠᠯᠠᠭᠰᠠᠨ ᠪᠤᠯ ᠤᠯᠠᠩᠬᠢ᠎ᠳᠤ᠎ᠪᠠᠨ ᠲᠤᠰ ᠡᠪᠡᠳᠴᠢᠨ ᠪᠤᠯᠳᠠᠭ᠃
2. ᠰᠡᠷᠭᠡᠢ᠌ᠯᠡᠨ ᠵᠠᠰᠠᠬᠤ ᠠᠷᠭ᠎ᠠ
ᠤᠰᠤ ᠪᠤᠷᠳᠤᠭᠤᠷ᠎ᠤᠨ ᠬᠠᠮᠢᠶᠠᠷᠤᠯᠳᠠ ᠵᠢ ᠴᠢᠩᠭ᠋ᠠᠳᠬᠠᠵᠤ ᠮᠤᠳᠤᠨ᠎ᠤ ᠤᠷᠭᠤᠴᠠ ᠵᠢ ᠰᠠᠢ᠌ᠵᠢᠷᠠᠭᠤᠯᠬᠤ ᠪᠤᠯ ᠢᠯᠵᠠᠷᠠᠬᠤ ᠡᠪᠡᠳᠴᠢᠨ᠎ᠢ ᠰᠡᠷᠭᠡᠢ᠌ᠯᠡᠨ ᠵᠠᠰᠠᠬᠤ ᠵᠢᠨ ᠦᠨᠳᠦᠰᠦᠨ ᠠᠷᠭ᠎ᠠ ᠬᠡᠮᠵᠢᠶ᠎ᠡ ᠪᠤᠯᠤᠨ᠎ᠠ᠃ ᠪᠠᠰᠠ ᠡᠮ ᠵᠶ᠋ᠡᠷ ᠰᠡᠷᠭᠡᠢ᠌ᠯᠡᠨ ᠵᠠᠰᠠᠬᠤ ᠵᠢ ᠬᠠᠪᠰᠤᠷᠭ᠋ᠠᠵᠤ ᠪᠤᠯᠤᠨ᠎ᠠ᠃
(1) ᠮᠦᠴᠢᠷ ᠡᠰᠢ ᠳᠡᠭᠡᠷ᠎ᠡ ᠡᠮ ᠲᠦᠷᠬᠢᠬᠦ᠄ 40 % ᠵᠢᠨ ᠹᠸᠷᠮᠠ ᠠᠷᠰᠢᠨᠤ ᠴᠢᠭᠢᠭᠳᠦᠮᠡᠬᠡᠢ ᠲᠠᠯᠬ᠎ᠠ 100 ᠲᠠᠬᠢᠨᠤ ᠠᠭᠤᠰᠤᠮᠠᠯ᠎ᠢ ᠮᠦᠴᠢᠷ ᠡᠰᠢᠨ ᠳᠡᠭᠡᠷ᠎ᠡ ᠲᠦᠷᠬᠢᠨ᠎ᠡ᠃ ᠡᠮ ᠲᠦᠷᠬᠢᠬᠦ᠎ᠠᠴᠠ ᠡᠮᠦᠨ᠎ᠡ ᠡᠪᠡᠳᠴᠢᠨ᠎ᠤ ᠲᠤᠯᠪᠤ ᠪᠤᠯᠤᠨ ᠭᠠᠳᠠᠨᠠᠬᠢ ᠠᠷᠵᠠᠭ᠋ᠠᠷ ᠬᠠᠯᠢᠰᠤ ᠵᠢ᠎ᠨᠢ ᠬᠤᠰᠤᠵᠤ ᠠᠷᠢᠯᠭ᠋ᠠᠬᠤ ᠬᠡᠷᠡᠭᠳᠡᠢ᠂ ᠢᠩᠬᠢᠭᠡᠳ 3 ᠰᠠᠷ᠎ᠠ ᠵᠢᠨ ᠰᠡᠭᠦᠯᠴᠢ᠎ᠠᠴᠠ 4 ᠰᠠᠷ᠎ᠠ ᠵᠢᠨ ᠡᠬᠢ᠎ᠪᠠᠷ ᠳ᠋ᠢᠶᠠᠮᠧᠲᠷ᠎ᠨᠢ 3~4 cm᠎ᠠᠴᠠ ᠳᠡᠭᠡᠭᠰᠢᠬᠢ ᠮᠦᠴᠢᠷ ᠡᠰᠢᠨ ᠳᠡᠭᠡᠷ᠎ᠡ ᠡᠮ ᠰᠦᠷᠴᠢᠨ᠎ᠠ᠃ 6 ᠰᠠᠷ᠎ᠠ ᠵᠢᠨ ᠰᠡᠭᠦᠯᠴᠢ᠎ᠠᠴᠠ 7 ᠰᠠᠷ᠎ᠠ ᠵᠢᠨ ᠡᠬᠢ᠎ᠪᠠᠷ ᠭᠤᠤᠯ ᠡᠰᠢ᠂ ᠲᠦᠪ ᠡᠰᠢ ᠪᠤᠯᠤᠨ ᠡᠯ᠎ᠡ ᠲᠤᠮᠤ ᠭᠤᠤᠯ ᠮᠦᠴᠢᠷ᠎ᠤᠨ ᠤᠵᠤᠭᠤᠷ᠎ᠤᠨ ᠬᠡᠰᠡᠭ᠎ᠲᠤᠨᠢ ᠡᠮ ᠲᠦᠷᠬᠢᠵᠤ ᠱᠤᠸᠠᠰᠠᠳᠠᠨ᠎ᠠ᠃ ᠡᠨᠡ ᠮᠡᠲᠦ᠎ᠪᠠᠷ ᠵᠢᠯ ᠪᠤᠯᠭ᠋ᠠᠨ ᠡᠮ ᠲᠦᠷᠬᠢᠪᠡᠯ ᠰᠡᠷᠭᠡᠢ᠌ᠯᠡᠨ ᠵᠠᠰᠠᠬᠤ ᠦᠷ᠎ᠡ ᠳ᠋ᠦᠩ᠎ᠢ ᠶᠡᠬᠡ᠎ᠪᠠᠷ ᠳᠡᠭᠡᠭᠰᠢᠯᠡᠭᠦᠯᠳᠡᠭ ᠪᠠᠢ᠌ᠨ᠎ᠠ᠃
(2) ᠡᠪᠡᠳᠴᠢᠨ᠎ᠤ ᠲᠤᠯᠪᠤ ᠵᠢ ᠡᠮᠨᠡᠨ ᠵᠠᠰᠠᠬᠤ᠄ ᠵᠢᠯ ᠪᠦᠷᠢ ᠵᠢᠨ 3~4 ᠰᠠᠷ᠎ᠠ᠎ᠳᠤ᠂ ᠬᠤᠷᠴᠠ ᠬᠢᠲᠤᠭ᠎ᠠ᠎ᠪᠠᠷ ᠡᠪᠡᠳᠴᠢᠨ᠎ᠤ ᠲᠤᠯᠪᠤ ᠵᠢ ᠲᠤᠢ᠌ᠯᠪᠤᠷᠢᠳᠠᠢ ᠬᠤᠰᠤᠵᠤ ᠠᠷᠢᠯᠭ᠋ᠠᠨ᠎ᠠ᠂ ᠲᠡᠷᠡᠴᠢᠯᠠᠨ ᠨᠡᠭᠡᠳᠡᠰᠦᠨ᠎ᠠᠴᠠ 0.5mm ᠬᠢᠷᠢᠳᠡᠢ ᠬᠤᠰᠤᠵᠤ ᠠᠪᠬᠤ ᠬᠡᠷᠡᠭᠳᠡᠢ᠃ ᠡᠮᠨᠡᠨ ᠵᠠᠰᠠᠬᠤ ᠲᠠᠯ᠎ᠠ᠎ᠨᠢ ᠤᠷᠬᠢᠴᠠ ᠬᠡᠯᠪᠡᠷᠢᠳᠠᠢ ᠪᠠᠢ᠌ᠵᠤ᠂ ᠦᠩᠭᠡᠨ ᠲᠠᠯ᠎ᠠ᠎ᠨᠢ ᠬᠦᠯᠢᠭᠡᠷ᠂ ᠦᠨᠴᠦᠭ ᠦᠯᠡᠳᠡᠭᠡᠬᠦ ᠦᠭᠡᠢ᠂ ᠦᠵᠦᠬᠦᠷ ᠶᠤᠵᠤᠭᠤᠷ ᠭᠠᠷᠭ᠋ᠠᠬᠤ ᠦᠭᠡᠢ᠃ ᠡᠭᠦᠨ᠎ᠤ ᠳᠠᠷᠠᠭ᠎ᠠ᠎ᠪᠠᠷ ᠡᠮᠨᠡᠨ ᠵᠠᠰᠠᠬᠤ ᠬᠡᠰᠡᠭ᠎ᠲᠤᠨᠢ ᠡᠮ ᠳᠦᠷᠬᠢᠨ᠎ᠡ᠃ ᠡᠬᠦᠨ᠎ᠳᠤ ᠲᠤᠤᠷᠠᠬᠢ ᠡᠮᠤᠳᠢ ᠬᠡᠷᠡᠭᠯᠡᠨ᠎ᠡ᠃
① ᠪᠤᠮᠸᠢ 10 ᠨᠢᠭᠡᠴᠢᠯᠡᠯᠤᠨ ᠴᠤᠬᠤᠢ ᠬᠦᠬᠦᠷ᠎ᠲᠤ ᠨᠡᠢ᠌ᠯᠡᠮᠡᠯ ᠡᠮ᠃
② 40 % ᠵᠢᠨ ᠹᠸᠷᠮᠠ ᠠᠷᠰᠢᠨ 50 ᠲᠠᠬᠢᠨᠤ ᠠᠭᠤᠰᠤᠮᠠᠯ᠃
③ 40 % ᠵᠢᠨ ᠲᠦᠢ ᠵᠢᠶᠦ᠋ᠨ ᠲᠸ 50 ᠲᠠᠬᠢᠨᠤ ᠠᠭᠤᠰᠤᠮᠠᠯ᠃
④ 50 % ᠵᠢᠨ ᠲᠢᠶᠠᠨ ᠠᠨ ᠤᠰᠤᠨ ᠡᠮ 5 ᠲᠠᠬᠢᠨᠤ ᠠᠭᠤᠰᠤᠮᠠᠯ᠃
⑤ S~ 921 ᠢᠰᠭᠡᠬᠦ ᠰᠢᠩᠭᠡᠨ᠃
⑥5 % ᠵᠢᠨ ᠠᠨ ᠰᠦᠸᠸ ᠵᠢᠶᠦ᠋ᠨ ᠳ᠋ᠦ᠋ ᠴᠢᠩ 50~ 100 ᠲᠠᠬᠢᠨᠤ ᠠᠭᠤᠰᠤᠮᠠᠯ᠃
⑦RBF ᠡᠮᠲᠦ ᠪᠦᠷᠬᠦᠪᠴᠢ (药膜剂) 200 ᠲᠠᠬᠢᠨᠤ ᠠᠭᠤᠰᠤᠮᠠᠯ᠃ ᠳᠡᠭᠡᠷᠡᠬᠢ ᠡᠮᠤᠳᠠᠴᠠ ᠠᠯᠢ ᠵᠢ᠎ᠨᠢ ᠰᠤᠩᠭᠤᠪᠠᠴᠤ ᠪᠦᠷ ᠪᠤᠯᠤᠨ᠎ᠠ᠃ ᠬᠡᠷᠪᠡ ᠡᠪᠡᠳᠴᠢᠨ᠎ᠤ ᠲᠤᠯᠪᠤ᠎ᠨᠢ ᠲᠠᠬᠢᠭᠰᠠᠨ ᠪᠠᠢ᠌ᠳᠠᠯ ᠢᠯᠡᠷᠡᠪᠡᠯ ᠨᠢᠭᠡ ᠰᠠᠷ᠎ᠠ᠎ᠳᠤ ᠨᠢᠭᠡ ᠤᠳᠠᠭ᠎ᠠ ᠡᠮ ᠲᠦᠷᠬᠢᠵᠤ᠂ ᠦᠷᠬᠦᠯᠵᠢᠯᠡᠨ 4~ 5 ᠤᠳᠠᠭ᠎ᠠ ᠲᠦᠷᠬᠢᠪᠡᠯ ᠰᠠᠢ᠌ᠨ ᠦᠷ᠎ᠡ ᠳ᠋ᠦᠩ ᠤᠯᠬᠤ ᠶᠤᠮ᠃