ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠣᠭᠤᠭᠠᠷᠠᠭᠤᠯᠤᠯᠲᠠ   -   ᠣᠢ ᠮᠤᠳᠤᠨ᠎ᠤ ᠰᠢᠯᠢᠳᠡᠭ ᠡᠭᠦᠯᠳᠡᠷ
〈ᠮᠧᠩ ᠪᠢᠶᠠᠨ 4 ᠨᠣᠮᠧᠷᠲᠤ〉 ᠲᠤᠭᠤᠷ
ᠨᠡᠶ᠋ᠢᠲᠡᠯᠡᠭᠰᠡᠨ ᠴᠠᠭ᠄ 2022-08-03

      ᠰᠢᠨᠵᠢᠯᠡᠭᠡᠨ᠎ᠤ ᠨᠡᠷ᠎ᠡ᠄ Amygdalus pedunculata ‘ Mengbian 4 ]
      ᠲᠥᠷᠥᠯ ᠠᠩᠭᠢᠯᠠᠯ᠄ ᠰᠢᠯᠢᠳᠡᠭ ᠡᠭᠦᠯᠳᠡᠷ
      ᠪᠠᠲᠤᠯᠠᠭᠰᠠᠨ ᠲᠥᠷᠥᠯ ᠬᠡᠯᠪᠡᠷᠢ᠄ ᠬᠢᠨᠠᠨ ᠲᠤᠭᠲᠠᠭ᠋ᠠᠯᠳᠠ
      ᠡᠭᠦᠯᠳᠡᠷ᠎ᠤᠨ ᠳ᠋ᠤᠭ᠋ᠠᠷᠯᠠᠯ᠄ ᠮᠣᠩᠭᠣᠯ S - SC - AP - 007 - 2021  

      ᠭᠤᠶᠤᠴᠢᠯᠠᠭᠴᠢ᠄ ᠥᠪᠥᠷ ᠮᠣᠩᠭᠣᠯ᠎ᠤᠨ ᠲᠠᠷᠢᠶᠠᠯᠠᠩ᠎ᠤᠨ ᠶᠡᠬᠡ ᠰᠤᠷᠭ᠋ᠠᠭᠤᠯᠢ




      ᠡᠭᠦᠯᠳᠡᠷ᠎ᠤᠨ ᠣᠨᠴᠠᠯᠢᠭ
      ᠮᠤᠳᠤᠨ᠎ᠤ ᠰᠠᠯᠠᠭ᠎ᠠ᠎ᠨᠢ ᠤᠯᠠᠭ᠋ᠠᠨ ᠬᠦᠷᠡᠩ ᠥᠩᠭᠡ᠎ᠲᠠᠢ᠂ ᠣᠬᠣᠷ ᠰᠠᠯᠠᠭ᠎ᠠ᠎ᠨᠢ ᠠᠷᠪᠢᠨ᠃ ᠴᠡᠴᠡᠭᠯᠡᠬᠦ ᠬᠤᠭᠤᠴᠠᠭ᠎ᠠ᠎ᠨᠢ 4 ᠰᠠᠷ᠎ᠠ ᠵᠢᠨ ᠰᠡᠭᠦᠯᠴᠢ᠎ᠠᠴᠠ 5 ᠰᠠᠷ᠎ᠠ ᠵᠢᠨ ᠡᠬᠢᠨ᠂ ᠵᠢᠮᠢᠰᠯᠡᠬᠦ ᠬᠤᠭᠤᠴᠠᠭ᠎ᠠ᠎ᠨᠢ 7—8 ᠰᠠᠷ᠎ᠠ᠃ ᠵᠢᠮᠢᠰ᠎ᠨᠢ ᠵᠤᠤᠪᠠᠩ ᠬᠡᠯᠪᠡᠷᠢ᠎ᠲᠠᠢ᠃ ᠵᠢᠮᠢᠰ᠎ᠤᠨ ᠭᠤᠯᠳᠤ ᠳ᠋ᠢᠶᠠᠮᠧᠲᠷ᠎ᠨᠢ 15.67 mm᠂ ᠵᠢᠮᠢᠰ᠎ᠤᠨ ᠬᠥᠨᠳᠡᠯᠡᠨ ᠳ᠋ᠢᠶᠠᠮᠧᠲᠷ᠎ᠨᠢ 13.17 mm᠂ ᠵᠢᠮᠢᠰ᠎ᠤᠨ ᠬᠠᠵᠠᠭᠤ ᠳ᠋ᠢᠶᠠᠮᠧᠲᠷ᠎ᠨᠢ 12.24 mm᠂ ᠵᠢᠮᠢᠰ ᠪᠦᠷᠢ ᠵᠢᠨ ᠳᠤᠮᠳᠠᠴᠢ ᠬᠦᠨᠳᠦ᠎ᠨᠢ 1.67 g᠂ ᠴᠥᠮ᠎ᠡ ᠵᠢᠨ ᠳᠤᠮᠳᠠᠴᠢ ᠬᠦᠨᠳᠦ᠎ᠨᠢ 0.28 g᠃ ᠵᠢᠮᠢᠰ᠎ᠤᠨ ᠮᠢᠬ᠎ᠠ᠎ᠨᠢ ᠨᠢᠮᠭᠡᠨ ᠮᠥᠷᠲᠡᠭᠡᠨ ᠬᠠᠭᠤᠷᠠᠢ᠌ᠯᠢᠭ᠃ ᠴᠢᠬᠢ ᠮᠣᠳᠣ ᠵᠢ ᠰᠠᠭᠤᠯᠭ᠋ᠠᠨ ᠵᠠᠢ᠌ᠯᠠᠭᠰᠠᠨ᠎ᠤ ᠳᠠᠷᠠᠭ᠎ᠠ 2—3 ᠵᠢᠯ᠎ᠤᠨ ᠳᠠᠷᠠᠭ᠎ᠠ ᠵᠢᠮᠢᠰᠯᠡᠨ᠎ᠡ᠂ ᠵᠢᠮᠢᠰᠯᠡᠬᠦ ᠨᠣᠷᠮ᠎ᠠ᠎ᠨᠢ 90 %᠎ᠠᠴᠠ ᠳᠡᠭᠡᠭᠰᠢ᠎ᠳᠤ ᠬᠦᠷᠴᠦ᠂ 3—4 ᠵᠢᠯ᠎ᠳᠤ ᠵᠢᠮᠢᠰᠯᠡᠬᠦ ᠬᠤᠭᠤᠴᠠᠭ᠋ᠠᠨ᠎ᠳᠤ ᠣᠷᠣᠨ᠎ᠠ᠂ ᠵᠢᠮᠢᠰᠯᠡᠬᠦ ᠬᠤᠭᠤᠴᠠᠭ᠋ᠠᠨ᠎ᠳᠤ ᠰᠠᠭᠤᠷᠢ ᠪᠦᠷᠢ ᠵᠢᠨ ᠵᠢᠮᠢᠰ᠎ᠤᠨ ᠳᠤᠮᠳᠠᠴᠢ ᠤᠨᠠᠯᠲᠠ᠎ᠨᠢ 1.21~1.26kg᠂ ᠦᠷ᠎ᠡ ᠵᠢᠨ ᠴᠥᠮ᠎ᠡ ᠵᠢᠨ ᠤᠨᠠᠯᠲᠠ᠎ᠨᠢ 0.19~0.21kg᠂ ᠮᠥ᠍ ᠪᠦᠷᠢ ᠵᠢᠨ ᠴᠦᠮ᠎ᠡ ᠵᠢᠨ ᠤᠨᠠᠯᠲᠠ᠎ᠨᠢ 31. 73~35.07 kg᠃ ᠭᠠᠩ᠎ᠳᠤ ᠳᠠᠭ᠋ᠠᠭ᠋ᠠᠴᠠ᠎ᠲᠠᠢ᠂ ᠬᠦᠢ᠍ᠲᠡᠨ᠎ᠳᠤ ᠲᠡᠰᠪᠦᠷᠢᠳᠠᠢ᠃
    ᠭᠣᠣᠯ ᠬᠡᠷᠡᠭᠴᠡᠭᠡ ᠴᠢᠳᠠᠮᠵᠢ᠄
    ᠭᠤᠤᠯᠳᠠᠭᠤ ᠠᠵᠤ ᠠᠬᠤᠢ ᠵᠢᠨ ᠣᠢ ᠪᠠ   ᠠᠮᠢ ᠠᠬᠤᠢ ᠵᠢᠨ ᠣᠢ ᠵᠢᠨ ᠬᠡᠷᠡᠭᠴᠡᠭᠡ ᠴᠢᠳᠠᠮᠵᠢ᠎ᠲᠠᠢ᠃  

    ᠲᠠᠷᠢᠵᠦ ᠠᠷᠠᠴᠢᠯᠠᠬᠤ ᠮᠡᠷᠭᠡᠵᠢᠯ᠎ᠤᠨ ᠭᠣᠣᠯᠳᠠᠯᠭ᠎ᠠ
    ᠲᠠᠷᠢᠵᠦ ᠵᠠᠢ᠌ᠯᠠᠬᠤ ᠦᠶᠡᠰ ᠰᠠᠭᠤᠷᠢ ᠵᠢᠨ ᠮᠥᠷ᠎ᠤᠨ ᠵᠠᠶ ᠵᠢ 2 m × 24 m ᠪᠠᠢ᠌ᠯᠭ᠋ᠠᠵᠤ᠂ ᠰᠠᠯᠬᠢ ᠨᠡᠪᠲᠡᠷᠡᠬᠦ ᠪᠠ ᠮᠠᠰᠢᠨ ᠵᠶ᠋ᠠᠷ ᠵᠢᠮᠢᠰ᠎ᠢ᠎ᠨᠢ ᠲᠡᠭᠦᠬᠦ᠎ᠳᠤ ᠠᠰᠢᠭᠲᠠᠶ᠃ ᠲᠠᠷᠢᠵᠦ ᠤᠷᠭᠤᠭᠤᠯᠬᠤ ᠮᠤᠳᠤᠨ᠎ᠤ ᠲᠥᠷᠥᠯ ᠬᠢᠭᠡᠳ ᠲᠣᠭᠣᠰᠣ ᠬᠦᠷᠲᠡᠭᠡᠬᠦ ᠮᠤᠳᠤᠨ᠎ᠤ ᠲᠥᠷᠥᠯ᠎ᠤᠨ ᠬᠠᠷᠢᠴᠠᠯ᠎ᠢ 8᠄ 1 ᠪᠠᠢ᠌ᠯᠭ᠋ᠠᠨ᠎ᠠ᠂ ᠲᠣᠭᠣᠰᠣ ᠬᠦᠷᠲᠡᠭᠡᠬᠦ ᠮᠤᠳᠤᠨ᠎ᠤ ᠲᠥᠷᠥᠯ᠎ᠨᠢ 〈ᠮᠸᠩ ᠪᠢᠶᠠᠨ 1 ᠨᠤᠮᠸᠷᠲᠦ〉 ᠵᠢᠴᠢ ᠪᠤᠰᠤᠳ ᠲᠤᠭᠤᠷ᠎ᠤᠨ ᠮᠤᠳᠤᠨ᠎ᠤ ᠲᠥᠷᠥᠯ ᠪᠣᠯᠤᠨ᠎ᠠ᠃ ᠡᠪᠦᠯ᠎ᠤᠨ ᠤᠯᠠᠷᠢᠯ ᠪᠠ ᠵᠣᠨ᠎ᠤ ᠤᠯᠠᠷᠢᠯ᠎ᠳᠤ ᠲᠤᠬᠢᠷᠠᠮᠵᠢᠳᠠᠢ ᠬᠠᠢ᠌ᠴᠢᠯᠠᠨ ᠵᠠᠰᠠᠵᠤ ᠪᠤᠯᠤᠨ᠎ᠠ᠃ ᠴᠠᠭ ᠲᠤᠬᠠᠶ᠎ᠳᠤᠨᠢ ᠤᠰᠤᠯᠠᠬᠤ᠂ ᠪᠣᠷᠳᠣᠭᠤᠷ ᠣᠷᠣᠭᠤᠯᠬᠤ᠂ ᠡᠪᠡᠳᠴᠢᠨ ᠬᠣᠷᠣᠬᠠᠶ ᠵᠢᠨ ᠬᠥᠨᠥᠭᠡᠯ᠎ᠢ ᠰᠡᠷᠭᠡᠶ᠋ᠢᠯᠡᠨ ᠵᠠᠰᠠᠬᠤ ᠵᠡᠷᠭᠡ ᠵᠢ ᠶᠠᠪᠤᠭᠳᠠᠭᠤᠯᠤᠨ᠎ᠠ᠃
      ᠲᠠᠷᠢᠬᠤ᠎ᠳᠤ ᠲᠤᠬᠢᠷᠠᠮᠵᠢᠳᠠᠢ ᠤᠷᠤᠨ ᠪᠦᠰᠡ᠄
      ᠲᠣᠰ ᠮᠤᠳᠤᠨ᠎ᠤ ᠲᠦᠷᠦᠯ᠎ᠢ ᠮᠠᠨ᠎ᠤ ᠣᠷᠣᠨ᠎ᠤ ᠵᠢᠯ᠎ᠤᠨ ᠳᠤᠮᠳᠠᠴᠢ ᠬᠤᠷ᠎ᠠ ᠲᠣᠨᠣᠳᠠᠰᠤ ᠵᠢᠨ ᠬᠡᠮᠵᠢᠶ᠎ᠡ 200 mm᠎ᠠᠴᠠ ᠳᠡᠭᠡᠭᠰᠢᠬᠢ ᠭᠠᠵᠠᠷ ᠣᠷᠣᠨ᠎ᠳᠤ ᠳᠠᠷᠢᠬᠤ᠎ᠳᠤ ᠳᠣᠭᠢᠷᠠᠨ᠎ᠠ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠪᠠ ᠨᠤᠳᠤᠭ ᠪᠡᠯᠴᠢᠭᠡᠷ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠤᠯᠠᠭ᠋ᠠᠨ ᠴᠢᠴᠠᠷᠭ᠋ᠠᠨ᠎ᠠ 1 ᠨᠤᠮᠸᠷᠲᠦ
〈ᠲᠤᠮᠳᠠᠳᠤ ᠵᠢᠨ ᠴᠢᠴᠠᠷᠭ᠋ᠠᠨ᠎ᠠ 3 ᠨᠤᠮᠸᠷᠲᠦ〉
ᠴᠢᠪᠠᠭ᠎ᠠ ᠵᠢᠨ ᠰᠢᠯᠢᠳᠡᠭ ᠡᠭᠦᠯᠳᠡᠷ᠎ᠤᠳ
ᠡᠷᠲᠡ ᠪᠤᠯᠪᠠᠰᠤᠷᠠᠬᠤ ᠤᠯᠠᠭ᠋ᠠᠨ ᠠᠯᠮᠤᠷᠠᠳ (k9)
ᠦᠵᠦᠮ
 
             蒙ICP备05000248号