ᠴᠠᠭ᠋ᠠᠨ ᠬᠦᠵᠦᠭᠦᠲᠦ ᠲᠤᠭᠤᠷᠤᠤ ᠵᠢ ᠬᠦᠵᠦᠭᠦᠨ᠎ᠤ ᠬᠡᠰᠡᠭ᠎ᠤᠨ ᠣᠨᠴᠠᠯᠢᠭ ᠵᠶ᠋ᠠᠷ᠎ᠨᠢ 《ᠴᠡᠯᠮᠡᠨ ᠬᠦᠵᠦᠭᠦᠲᠦ ᠲᠤᠭᠤᠷᠤᠤ》 ᠭᠡᠳᠡᠭ᠃ ᠴᠠᠭ᠋ᠠᠨ ᠬᠦᠵᠦᠭᠦᠲᠤ ᠲᠤᠭᠤᠷᠤᠤ ᠵᠢᠨ ᠲᠤᠯᠤᠭ᠋ᠠᠢ ᠵᠢᠨ ᠬᠡᠰᠡᠭ᠎ᠤᠨ ᠦᠳᠦ᠎ᠨᠢ ᠭᠦᠯᠢᠭᠡᠷ ᠬᠠᠷ᠎ᠠ᠂ ᠬᠦᠵᠦᠬᠦᠨᠤ ᠬᠡᠰᠡᠭ᠂ ᠰᠡᠬᠦᠯ᠎ᠤᠨ ᠬᠡᠰᠡᠭ ᠪᠤᠯᠤᠨ ᠭᠡᠳᠡᠰᠦᠨ᠎ᠤ ᠬᠡᠰᠡᠭ᠎ᠤᠨ ᠥᠲᠥ᠎ᠨᠢ ᠴᠠᠭ᠋ᠠᠨ ᠦᠩᠬᠡ᠎ᠲᠠᠢ᠃ ᠪᠡᠶ᠎ᠡ ᠵᠢᠨ ᠬᠡᠰᠡᠭ᠎ᠨᠢ ᠬᠦᠨ ᠨᠤᠭᠤᠭ᠋ᠠᠨ ᠦᠩᠬᠡ᠎ᠲᠠᠢ ᠮᠥᠷᠲᠡᠭᠡᠨ ᠪᠣᠷᠣ ᠦᠩᠭᠡᠲᠤ ᠦᠳᠦᠨ ᠪᠦᠭᠡᠮ᠎ᠲᠠᠢ᠃ ᠴᠡᠩᠭᠡᠭ ᠨᠠᠭᠤᠷ ᠴᠥᠭᠥᠷᠥᠮ᠂ ᠭᠣᠣᠯ ᠮᠥᠷᠡᠨ᠂ ᠨᠠᠮᠤᠭ ᠭᠠᠵᠠᠷ᠂ ᠨᠤᠭᠤ ᠭᠠᠵᠠᠷ᠎ᠲᠤ ᠨᠤᠲᠤᠭᠰᠢᠨ᠎ᠠ᠃
ᠠᠹᠷᠢᠺᠠ ᠲᠢᠪ ᠪᠠ ᠠᠽᠢᠶ᠎ᠠ ᠲᠢᠪ᠎ᠤᠨ ᠵᠡᠭᠦᠨ ᠡᠮᠦᠨᠡᠲᠦ ᠬᠡᠰᠡᠭ ᠵᠶ᠋ᠠᠷ ᠪᠠᠰᠠ ᠲᠠᠷᠬᠠᠵᠤ᠂ ᠠᠽᠢᠶ᠎ᠠ ᠲᠢᠪ᠎ᠲᠤ ᠡᠨᠡᠳᠬᠡᠭ᠂ ᠪᠧᠩᠭ᠋ᠠᠯ ᠤᠯᠤᠰ᠂ ᠫᠠᠺᠢᠰᠲ᠋ᠠᠨ᠂ ᠰᠷᠢ ᠯᠠᠨᠺᠠ᠂ ᠪᠢᠷᠮᠠ᠂ᠲᠠᠢ ᠤᠯᠤᠰ᠂ ᠸᠢᠶᠧᠲᠨᠠᠮ᠂ ᠮᠠᠯᠠᠶ᠋ᠢᠰᠢᠶ᠎ᠠ᠂ ᠢᠨᠳᠣᠨᠧᠰᠢᠶ᠎ᠠ ᠪᠠ ᠹᠢᠯᠢᠫᠢᠨ ᠵᠡᠷᠭᠡ ᠭᠠᠵᠠᠷ᠎ᠲᠤ ᠤᠷᠤᠩᠨᠠᠨ ᠠᠮᠢᠳᠤᠷᠠᠵᠤ ᠪᠠᠶ᠋ᠢᠨ᠎ᠠ᠃ ᠳᠤᠮᠳᠠᠳᠤ ᠤᠯᠤᠰ᠎ᠲᠤ ᠵᠥᠪᠬᠡᠨ ᠶᠦᠨᠨᠠᠨ᠎ᠳᠤ ᠨᠤᠲᠤᠭᠰᠢᠵᠤ ᠪᠠᠢ᠌ᠭᠰᠠᠨ ᠲᠡᠮᠳᠡᠭᠯᠡᠯ ᠪᠠᠢ᠌ᠨ᠎ᠠ᠃ ᠳᠦᠷᠰᠦ ᠵᠢᠨ ᠰᠦᠷᠦᠭ᠎ᠤᠨ ᠲᠣᠭ᠎ᠠ ᠬᠡᠮᠵᠢᠶ᠎ᠡ ᠵᠢ ᠪᠠᠷᠤᠭᠴᠠᠭ᠋ᠠᠯᠠᠪᠠᠯ 1.2 ᠲᠦᠮᠡ᠎ᠠᠴᠠ 14 ᠲᠦᠮᠡ᠎ᠳᠤ ᠬᠦᠷᠴᠤ ᠪᠠᠢ᠌ᠨ᠎ᠠ᠃
![]()
ᠴᠠᠭ᠋ᠠᠨ ᠬᠦᠵᠦᠭᠦᠲᠦ ᠲᠤᠭᠤᠷᠤᠤ ᠬᠥᠮᠦᠨ᠎ᠠᠴᠠ ᠮᠠᠰᠢ ᠠᠶᠤᠳᠠᠭ᠂ ᠦᠷᠭᠦᠯᠵᠢ ᠭᠠᠭᠴᠠᠭ᠋ᠠᠷ ᠵᠶ᠋ᠠᠨ ᠪᠤᠶᠤ ᠴᠦᠬᠡᠨ ᠲᠤᠭ᠎ᠠ᠎ᠪᠠᠷ ᠴᠢᠭᠢᠭᠯᠢᠭ ᠭᠠᠵᠠᠷ ᠤᠷᠤᠩᠨᠠᠨ ᠠᠮᠢᠳᠤᠷᠠᠳᠠᠭ᠃