ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠠᠮᠢᠲᠠᠨ ᠭᠤᠣᠯᠲᠠᠨ
ᠬᠠᠯᠢᠭᠤᠨ ᠪᠤᠭᠤ
ᠨᠡᠶ᠋ᠢᠲᠡᠯᠡᠭᠰᠡᠨ ᠴᠠᠭ᠄ 2022-05-10




      ᠪᠤᠭᠤ᠎ᠨᠢ ᠠᠮᠢᠲᠠᠨ᠎ᠤ ᠰᠤᠳᠤᠯᠤᠯ ᠳᠡᠭᠡᠷ᠎ᠡ ᠬᠦᠬᠦᠳᠡᠨ᠎ᠤ ᠠᠩᠭᠢ᠂ ᠰᠠᠯᠠᠭ᠎ᠠ ᠲᠤᠭᠤᠷᠠᠢ᠌ᠲᠠᠨ᠎ᠤ ᠪᠠᠭ᠃ ᠪᠤᠭᠤ ᠵᠢᠨ ᠢᠵᠠᠭᠤᠷ᠎ᠲᠤ ᠪᠠᠭᠲᠠᠨ᠎ᠠ᠃ ᠲᠦᠷᠦᠯ᠎ᠨᠢ ᠲᠠᠪᠢᠭ᠋ᠠᠳ ᠵᠦᠢ᠍ᠯ᠎ᠳᠤ ᠬᠦᠷᠴᠤ ᠲᠠᠷᠬᠠᠯᠲᠠ᠎ᠨᠢ ᠦᠷᠭᠡᠨ᠃
      ᠬᠠᠯᠢᠭᠤᠨ ᠪᠤᠭᠤ ᠵᠢ ᠪᠠᠰᠠ ᠲᠤᠷᠤᠭ ᠪᠤᠭᠤ ᠭᠡᠳᠡᠭ᠃ ᠲᠤᠷᠤᠭ ᠪᠤᠭᠤ ᠭᠡᠳᠡᠭ  ᠎ᠨᠢ ᠬᠠᠯᠢᠭᠤᠨ ᠪᠤᠭᠤ ᠵᠢᠨ ᠲᠤᠳᠤᠷᠠᠬᠢ ᠡᠷ᠎ᠡ ᠪᠤᠭᠤ ᠵᠢ ᠵᠢᠭ᠋ᠠᠳᠠᠭ ᠶᠤᠮ᠃ ᠬᠠᠯᠢᠭᠤᠨ ᠪᠤᠭᠤ᠎ᠨᠢ ᠬᠠᠯᠢᠭᠤᠨ ᠵᠢᠰᠦᠮ᠎ᠤᠨ ᠪᠤᠯᠪᠠᠴᠤ ᠴᠠᠭ ᠤᠯᠠᠷᠢᠯ᠎ᠤᠨ ᠪᠠᠢ᠌ᠳᠠᠯ ᠵᠶ᠋ᠠᠷ ᠤᠯᠠᠭ᠋ᠠᠪᠳᠤᠷ᠂ ᠬᠦᠷᠡᠪᠲᠦᠷ᠂ ᠴᠠᠢ᠌ᠪᠤᠷ᠂ ᠬᠦᠬᠡᠪᠳᠦᠷ ᠪᠤᠯᠵᠦ ᠦᠩᠭᠡ ᠰᠤᠯᠢᠳᠠᠭ᠃ ᠮᠠᠨ᠎ᠤ ᠤᠷᠤᠨ ᠎ᠤ ᠲᠤᠭᠤᠷᠠᠢ᠌ᠳᠠᠨ᠎ᠤ ᠲᠤᠳᠤᠷ᠎ᠠ ᠬᠠᠨᠳᠠᠭ᠋ᠠᠢ ᠵᠢᠨ ᠳᠠᠷᠠᠭ᠎ᠠ ᠤᠷᠤᠳᠠᠭ᠃ ᠬᠠᠯᠢᠭᠤᠨ ᠪᠤᠭᠤ ᠵᠢᠨ ᠪᠡᠶ᠎ᠡ ᠵᠢᠨ ᠤᠷᠳᠦ᠎ᠨᠢ 130—140 ᠰᠠᠨᠲ᠋ᠢᠮᠸᠲᠷ᠂ ᠦᠨᠳᠦᠷ᠎ᠨᠢ ᠰᠡᠷᠪᠡᠭᠡ᠎ᠪᠠᠷ ᠵᠶ᠋ᠡᠨ 115—155 ᠰᠠᠨᠲ᠋ᠢᠮᠸᠲᠷ᠂ ᠬᠦᠨᠳᠦ᠎ᠨᠢ 350 ᠺᠢᠯᠤᠭ᠌ᠷᠠᠮ ᠬᠦᠷᠦᠨ᠎ᠡ᠃ ᠪᠡᠶ᠎ᠡ ᠬᠦᠢ᠍ᠴᠡᠭᠰᠡᠨ ᠡᠷ᠎ᠡ ᠪᠤᠭᠤ ᠨᠢᠭᠡ ᠲᠠᠯ᠎ᠠ᠎ᠳᠠᠭᠠᠨ 5—6 (ᠵᠠᠷᠢᠮ᠎ᠨᠢ 7—9) ᠰᠠᠯᠠᠭ᠎ᠠ ᠪᠦᠬᠦᠢ ᠬᠤᠤᠰ ᠡᠪᠡᠷ᠎ᠲᠠᠢ᠂ ᠬᠤᠤᠰ ᠡᠪᠡᠷ᠎ᠤᠨ ᠬᠦᠨᠳᠦ᠎ᠨᠢ 3—7 ᠺᠢᠯᠤᠭ᠌ᠷᠠᠮ ᠪᠠᠢ᠌ᠨ᠎ᠠ᠃
      ᠪᠡᠶ᠎ᠡ ᠬᠦᠢ᠍ᠴᠡᠭᠰᠡᠨ ᠪᠤᠭᠤ ᠵᠢᠨ ᠡᠷ᠎ᠡ ᠵᠢ ᠲᠠᠢ᠌ᠷ (ᠳ᠋ᠠᠢ᠌ᠷ)᠂ ᠲᠤᠷᠤᠭ᠂ ᠡᠮ᠎ᠡ ᠵᠢ ᠰᠤᠭᠤ᠂ ᠮᠠᠷᠠᠯ᠂ ᠨᠢᠯᠬ᠎ᠠ ᠲᠤᠭᠤᠯ᠎ᠢ ᠦᠷ᠎ᠡ ᠪᠤᠶᠤ ᠢᠯᠢ᠂ ᠨᠢᠭᠡ ᠨᠠᠰᠤᠳᠠᠢ ᠲᠤᠭᠤᠯ᠎ᠢ ᠵᠤᠷᠭᠤᠯ᠂ ᠬᠤᠶᠠᠷ ᠨᠠᠰᠤᠳᠠᠢ ᠵᠢ ᠵᠢᠢ᠂ ᠭᠤᠷᠪᠠᠨ ᠨᠠᠰᠤᠳᠠᠢ ᠵᠢ ᠴᠦᠬᠦ᠂ ᠲᠦᠷᠪᠠᠨ ᠨᠠᠰᠤᠳᠠᠢ ᠵᠢ ᠲᠠᠢ᠌ᠷᠠᠭ ᠭᠡᠵᠦ ᠨᠡᠷᠡᠯᠡᠨ᠎ᠡ᠃
      ᠬᠠᠯᠢᠭᠤᠨ ᠪᠤᠭᠤ ᠤᠤᠯ᠎ᠨᠢ ᠮᠤᠩᠭᠤᠯ ᠤᠷᠤᠨ᠎ᠳᠤ ᠡᠩ ᠨᠡᠢ᠌ᠳᠠᠮ ᠪᠠᠢ᠌ᠭᠰᠠᠨ ᠪᠤᠯᠪᠠᠴᠤ ᠡᠳᠦᠬᠡ ᠶᠡᠬᠡ ᠬᠤᠪᠤᠷᠳᠠᠵᠤ ᠵᠦᠪᠬᠡᠨ ᠶᠡᠬᠡ ᠬᠢᠩᠭ᠋ᠠᠨ ᠳᠠᠪᠠᠭ᠎ᠠ᠂ ᠠᠯᠠᠱ᠌ᠠ ᠠᠭᠤᠯᠠ ᠬᠢᠭᠡᠳ ᠲᠡᠳᠡᠭᠡᠷ᠎ᠤᠨ ᠵᠠᠷᠢᠮ ᠰᠠᠯᠪᠤᠷᠢ ᠪᠤᠯᠬᠤ ᠪᠡᠷᠬᠡ ᠪᠠᠷᠲᠠᠭ᠋ᠠᠳᠤ ᠠᠭᠤᠯᠠᠨ᠎ᠳᠤ ᠬᠠᠷᠠᠭᠳᠠᠨ᠎ᠠ᠃
      ᠤᠯᠠᠷᠢᠯ᠎ᠢ ᠲᠠᠭ᠋ᠠᠵᠤ ᠪᠠᠢ᠌ᠷᠢᠰᠢᠯ᠎ᠢ ᠰᠤᠯᠢᠬᠤ ᠪᠠ ᠢᠳᠡᠰᠢ ᠰᠤᠩᠭᠤᠨ᠎ᠠ᠃ ᠡᠪᠤᠯ᠎ᠳᠡᠭᠡᠨ ᠨᠡᠷᠡᠨ᠎ᠤ ᠡᠭᠡᠪᠤᠷ ᠵᠶ᠋ᠠᠷ ᠶᠠᠪᠤᠳᠠᠭ᠃ ᠲᠡᠭᠷᠢ ᠭᠡᠭᠡᠷᠡᠬᠦ ᠵᠢᠨ ᠡᠮᠦᠨ᠎ᠡ ᠪᠤᠶᠤ ᠰᠢᠷ᠎ᠠ ᠪᠦᠷᠦᠢ᠎ᠪᠠᠷ ᠭᠤᠷᠪᠠ ᠲᠠᠪᠤ᠎ᠪᠠᠷ ᠰᠦᠷᠦᠭᠯᠡᠵᠦ᠂ ᠬᠠᠲᠠᠭᠰᠠᠨ ᠡᠪᠡᠰᠦ ᠪᠤᠶᠤ ᠬᠤᠰᠤᠨ ᠰᠠᠮᠤᠷ᠂ ᠪᠤᠷᠭ᠋ᠠᠰᠤᠨ ᠨᠠᠢ᠌ᠯᠵᠠᠭᠤᠷ ᠢᠳᠡᠨ᠎ᠡ᠃ ᠵᠤᠨ᠎ᠳᠠᠭᠠᠨ ᠠᠭᠤᠯᠠᠨ ᠬᠦᠲᠦᠯ᠎ᠤᠨ ᠤᠢ᠎ᠳᠤ ᠤᠷᠤᠩᠨᠠᠬᠤ ᠪᠦᠭᠡᠳ ᠭᠤᠤᠯ᠎ᠳᠤ ᠤᠴᠢᠵᠦ ᠤᠮᠪᠠᠨ ᠰᠡᠷᠢᠭᠦᠴᠡᠳᠡᠭ᠃

ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠪᠠ ᠨᠤᠳᠤᠭ ᠪᠡᠯᠴᠢᠭᠡᠷ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠴᠠ ᠪᠤᠭᠤ
ᠬᠠᠪᠳᠠᠭ᠋ᠠᠢ
ᠠᠷᠭ᠋ᠠᠯᠢ
ᠮᠤᠩᠭᠤᠯ ᠦᠬᠡᠷ
ᠢᠮᠠᠭ᠎ᠠ ᠵᠢ ᠬᠦᠢ᠍ᠰᠦ ᠴᠢᠨᠠᠷ ᠵᠶ᠋ᠠᠷ᠎ᠨᠢ ᠢᠯᠭ᠋ᠠᠨ ᠨᠡᠷᠡᠯᠡᠬᠦ
 
             蒙ICP备05000248号