ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠠᠮᠢᠲᠠᠨ ᠭᠤᠣᠯᠲᠠᠨ
ᠢᠮᠠᠭ᠎ᠠ ᠵᠢ ᠬᠦᠢ᠍ᠰᠦ ᠴᠢᠨᠠᠷ ᠵᠶ᠋ᠠᠷ᠎ᠨᠢ ᠢᠯᠭ᠋ᠠᠨ ᠨᠡᠷᠡᠯᠡᠬᠦ
ᠨᠡᠶ᠋ᠢᠲᠡᠯᠡᠭᠰᠡᠨ ᠴᠠᠭ᠄ 2022-11-30

      ᠤᠬᠤᠨ᠎ᠠ (ᠲᠡᠭᠡ) — ᠦᠷ᠎ᠡ ᠵᠢᠨ ᠢᠮᠠᠭ᠎ᠠ᠂ ᠤᠬᠤᠨ᠎ᠠ ᠵᠢ ᠭᠥᠭ᠎ᠤᠨ ᠳᠥᠴᠢᠨ ᠲᠠᠪᠤᠨ ᠬᠤᠨᠤᠭ᠎ᠤᠨ ᠳᠠᠷᠠᠭ᠎ᠠ ᠢᠰᠢᠭᠡ ᠴᠠᠭ᠋ᠠᠯᠠᠬᠤ ᠦᠶ᠎ᠡ᠎ᠳᠤ ᠰᠣᠩᠭᠤᠵᠣ ᠲᠠᠯᠪᠢᠨ᠎ᠠ᠃ ᠤᠬᠤᠨ᠎ᠠ ᠵᠢ ᠪᠠᠰᠠ ᠢᠰᠢᠭᠡᠨ ᠤᠬᠤᠨ᠎ᠠ᠂ ᠰᠢᠳᠤᠯᠡᠩ ᠤᠬᠤᠨ᠎ᠠ᠂ ᠬᠢᠵᠠᠭ᠋ᠠᠯᠠᠩ ᠤᠬᠤᠨ᠎ᠠ᠂ ᠰᠤᠶᠤᠭ᠋ᠠᠯᠠᠩ ᠤᠬᠤᠨ᠎ᠠ᠂ ᠪᠦᠳᠦᠭᠦᠨ ᠤᠬᠤᠨ᠎ᠠ ᠭᠡᠵᠦ ᠢᠯᠭ᠋ᠠᠨ᠎ᠠ᠃

      ᠢᠰᠢᠭᠡᠨ ᠤᠬᠤᠨ᠎ᠠ — ᠨᠢᠭᠡ ᠨᠠᠰᠤᠲᠠᠢ ᠵᠠᠰᠠᠭᠰᠠᠨ ᠦᠬᠡᠢ ᠡᠷ᠎ᠡ ᠢᠮᠠᠭ᠎ᠠ᠃

      ᠰᠢᠳᠦᠯᠡᠩ ᠤᠬᠤᠨ᠎ᠠ — ᠬᠤᠶᠠᠷ ᠨᠠᠰᠤᠲᠠᠢ ᠵᠠᠰᠠᠭᠰᠠᠨ ᠦᠬᠡᠢ ᠡᠷ᠎ᠡ ᠢᠮᠠᠭ᠎ᠠ᠃

      ᠬᠢᠵᠠᠭ᠋ᠠᠯᠠᠩ ᠤᠬᠤᠨ᠎ᠠ — ᠭᠤᠷᠪᠠᠨ ᠨᠠᠰᠤᠲᠠᠢ ᠵᠠᠰᠠᠭᠰᠠᠨ ᠦᠬᠡᠢ ᠡᠷ᠎ᠡ ᠢᠮᠠᠭ᠎ᠠ᠃

      ᠰᠤᠶᠤᠭ᠋ᠠᠯᠠᠩ ᠤᠬᠤᠨ᠎ᠠ — ᠳᠦᠷᠪᠡᠨ ᠨᠠᠰᠤᠲᠠᠢ ᠵᠠᠰᠠᠭᠰᠠᠨ ᠦᠬᠡᠢ ᠡᠷ᠎ᠡ ᠢᠮᠠᠭ᠎ᠠ᠃

      ᠪᠦᠳᠦᠭᠦᠨ ᠬᠤᠴᠠ — ᠨᠠᠰᠤ ᠭᠦᠢ᠍ᠴᠡᠭᠰᠡᠨ ᠪᠦᠳᠦᠭᠦᠨ ᠡᠷ᠎ᠡ ᠬᠦᠢ᠍ᠰᠦᠲᠦ ᠢᠮᠠᠭ᠎ᠠ᠃

      ᠡᠮ᠎ᠡ ᠢᠮᠠᠭ᠎ᠠ — ᠡᠬᠡ ᠢᠮᠠᠭ᠎ᠠ᠂ ᠡᠮ᠎ᠡ ᠢᠮᠠᠭ᠎ᠠ ᠶᠡᠷᠦᠩᠬᠡᠢ᠎ᠳᠡᠭᠡᠨ ᠬᠤᠶᠠᠷ ᠨᠠᠰᠤᠨ᠎ᠳᠠᠭᠠᠨ ᠬᠡᠬᠡᠯᠳᠦᠵᠦ᠂ ᠰᠢᠳᠦᠯᠡᠩ ᠦᠶ᠎ᠡ᠎ᠳᠡᠭᠡᠨ ᠪᠤᠶᠤ ᠬᠢᠵᠠᠭ᠋ᠠᠯᠠᠩ ᠦᠶ᠎ᠡ ᠎ᠳᠡᠭᠡᠨ ᠢᠰᠢᠭᠡᠯᠡᠨ᠎ᠡ᠃

      ᠰᠢᠳᠦᠯᠡᠩ ᠡᠮ᠎ᠡ ᠢᠮᠠᠭ᠎ᠠ — ᠬᠤᠶᠠᠷ ᠨᠠᠰᠤᠲᠠᠢ ᠡᠮ᠎ᠡ ᠢᠮᠠᠭ᠎ᠠ᠃

      ᠬᠢᠵᠠᠭ᠋ᠠᠯᠠᠩ ᠡᠮ᠎ᠡ ᠢᠮᠠᠭ᠎ᠠ — ᠭᠤᠷᠪᠠᠨ ᠨᠠᠰᠤᠲᠠᠢ ᠡᠮ᠎ᠡ ᠢᠮᠠᠭ᠎ᠠ᠃

      ᠰᠤᠶᠤᠭ᠋ᠠᠯᠠᠩ ᠡᠮ᠎ᠡ ᠢᠮᠠᠭ᠎ᠠ — ᠳᠦᠷᠪᠡᠨ ᠨᠠᠰᠤᠲᠠᠢ ᠡᠮ᠎ᠡ ᠢᠮᠠᠭ᠎ᠠ᠃

      ᠪᠦᠳᠦᠭᠦᠨ ᠡᠮ᠎ᠡ ᠢᠮᠠᠭ᠎ᠠ — ᠨᠠᠰᠤ ᠭᠦᠢ᠍ᠴᠡᠭᠰᠡᠨ ᠡᠮ᠎ᠡ ᠢᠮᠠᠭ᠎ᠠ᠃

      ᠰᠤᠪᠠᠢ ᠢᠮᠠᠭ᠎ᠠ — ᠬᠡᠭᠡᠯ ᠠᠪᠤᠭᠰᠠᠨ ᠦᠭᠡᠢ ᠢᠮᠠᠭ᠎ᠠ᠃

      ᠰᠠᠭ᠋ᠠᠷᠮᠠᠭ ᠢᠮᠠᠭ᠎ᠠ — ᠪᠡᠯᠭᠡ ᠢᠯᠭ᠋ᠠᠷᠠᠭᠰᠠᠨ ᠦᠬᠡᠢ ᠢᠮᠠᠭ᠎ᠠ᠃

      ᠬᠡᠭᠡᠯᠳᠦ ᠢᠮᠠᠭ᠎ᠠ — ᠬᠡᠭᠡᠯ ᠰᠠᠭᠤᠭᠰᠠᠨ ᠢᠮᠠᠭ᠎ᠠ᠃

      ᠢᠰᠢᠭᠡ᠎ᠲᠠᠢ ᠢᠮᠠᠭ᠎ᠠ — ᠢᠰᠢᠭᠡᠯᠡᠭᠡᠳ ᠪᠠᠶ᠋ᠢᠭ᠎ᠠ ᠢᠮᠠᠭ᠎ᠠ᠃

      ᠬᠥᠬᠦᠯᠲᠤ ᠢᠮᠠᠭ᠎ᠠ — ᠢᠰᠢᠭᠡ ᠬᠥᠬᠦᠭᠦᠯᠵᠦ ᠪᠠᠶ᠋ᠢᠭ᠎ᠠ ᠢᠮᠠᠭ᠎ᠠ᠃

      ᠬᠠᠶ᠋ᠢᠳᠠᠭ ᠢᠮᠠᠭ᠎ᠠ — ᠲᠥᠯ ᠦᠬᠡᠢ ᠪᠣᠯᠪᠠᠴᠤ ᠰᠦ᠎ᠲᠠᠢ ᠢᠮᠠᠭ᠎ᠠ᠃

      ᠵᠣᠰᠠᠭ — ᠬᠤᠶᠠᠷ ᠨᠠᠰᠤᠲᠠᠢ ᠡᠮ᠎ᠡ ᠬᠦᠢ᠍ᠰᠦᠲᠦ ᠢᠮᠠᠭ᠎ᠠ᠃

      ᠨᠠᠶ᠋ᠢᠵᠠᠨ ᠢᠮᠠᠭ᠎ᠠ — ᠡᠮ᠎ᠡ ᠢᠮᠠᠭ᠎ᠠ᠃

      ᠰᠡᠷᠬᠡ — ᠵᠠᠰᠠᠴᠢᠬᠠᠭᠰᠠᠨ ᠡᠷ᠎ᠡ ᠢᠮᠠᠭ᠎ᠠ᠃

      ᠰᠣᠩᠭ᠋ᠠᠭ᠋ᠠᠯ ᠢᠮᠠᠭ᠎ᠠ — ᠲᠠᠪᠤᠨ ᠨᠠᠰᠤᠲᠠᠢ ᠡᠷ᠎ᠡ ᠢᠮᠠᠭ᠎ᠠ᠃

      ᠰᠢᠳᠦᠯᠡᠩ ᠡᠷ᠎ᠡ ᠢᠮᠠᠭ᠎ᠠ — ᠬᠤᠶᠠᠷ ᠨᠠᠰᠤᠲᠠᠢ ᠵᠠᠰᠠᠭᠰᠠᠨ ᠡᠷ᠎ᠡ ᠢᠮᠠᠭ᠎ᠠ᠃

      ᠬᠢᠵᠠᠭ᠋ᠠᠯᠠᠩ ᠡᠷ᠎ᠡ ᠢᠮᠠᠭ᠎ᠠ — ᠭᠤᠷᠪᠠᠨ ᠨᠠᠰᠤᠲᠠᠢ ᠵᠠᠰᠠᠭᠰᠠᠨ ᠡᠷ᠎ᠡ ᠢᠮᠠᠭ᠎ᠠ᠃

      ᠰᠣᠶᠣᠭ᠋ᠠᠯᠠᠩ ᠡᠷ᠎ᠡ ᠢᠮᠠᠭ᠎ᠠ — ᠳᠦᠷᠪᠡᠨ ᠨᠠᠰᠤᠲᠠᠢ ᠵᠠᠰᠠᠭᠰᠠᠨ ᠡᠷ᠎ᠡ ᠢᠮᠠᠭ᠎ᠠ᠃

      ᠪᠦᠳᠦᠭᠦᠨ ᠡᠷ᠎ᠡ ᠢᠮᠠᠭ᠎ᠠ — ᠪᠦᠳᠦᠭᠦᠨ ᠰᠡᠷᠬᠡ᠃

      ᠰᠢᠳᠦᠯᠡᠩ ᠰᠡᠷᠬᠡ — ᠬᠤᠶᠠᠷ ᠨᠠᠰᠤᠲᠠᠢ ᠵᠠᠰᠠᠭᠰᠠᠨ ᠡᠷ᠎ᠡ ᠢᠮᠠᠭ᠎ᠠ᠃

      ᠰᠢᠳᠦᠯᠡᠩ ᠵᠤᠰᠠᠭ — ᠬᠤᠶᠠᠷ ᠨᠠᠰᠤᠲᠠᠢ ᠡᠮ᠎ᠡ ᠢᠮᠠᠭ᠎ᠠ᠃

      ᠬᠢᠵᠠᠭ᠋ᠠᠯᠠᠩ ᠰᠡᠷᠬᠡ — ᠭᠤᠷᠪᠠᠨ ᠨᠠᠰᠤᠲᠠᠢ ᠵᠠᠰᠠᠭᠰᠠᠨ ᠡᠷ᠎ᠡ ᠢᠮᠠᠭ᠎ᠠ᠃

      ᠬᠢᠵᠠᠭ᠋ᠠᠯᠠᠩ ᠵᠤᠰᠠᠭ — ᠭᠤᠷᠪᠠᠨ ᠨᠠᠰᠤᠲᠠᠢ ᠡᠮ᠎ᠡ ᠢᠮᠠᠭ᠎ᠠ᠃

      ᠰᠣᠶᠣᠭ᠋ᠠᠯᠠᠩ ᠰᠡᠷᠬᠡ — ᠳᠦᠷᠪᠡᠨ ᠨᠠᠰᠤᠲᠠᠢ ᠵᠠᠰᠠᠭᠰᠠᠨ ᠡᠷ᠎ᠡ ᠢᠮᠠᠭ᠎ᠠ᠃

      ᠪᠦᠳᠦᠭᠦᠨ ᠰᠡᠷᠬᠡ — ᠨᠠᠰᠤ ᠭᠦᠢ᠍ᠴᠡᠭᠡᠭᠰᠡᠨ ᠰᠡᠷᠬᠡ᠃

      ᠣᠩᠭᠤᠨ ᠰᠡᠷᠬᠡ (ᠰᠡᠲᠡᠷ ᠰᠡᠷᠬᠡ) — ᠤᠩᠭᠤᠯᠠᠵᠤ ᠰᠡᠲᠡᠷᠯᠡᠭᠰᠡᠨ ᠰᠡᠷᠬᠡ᠃

      ᠡᠷ᠎ᠡ ᠢᠰᠢᠭᠡ — ᠨᠢᠭᠡ ᠨᠠᠰᠤᠲᠠᠢ ᠡᠷ᠎ᠡ ᠬᠦᠢ᠍ᠰᠦᠲᠦ ᠢᠮᠠᠭ᠎ᠠ᠃

      ᠦᠬᠢᠨ ᠢᠰᠢᠭᠡ — ᠨᠢᠭᠡ ᠨᠠᠰᠤᠲᠠᠢ ᠡᠮ᠎ᠡ ᠬᠦᠢ᠍ᠰᠦᠲᠦ ᠢᠮᠠᠭ᠎ᠠ᠃

      ᠡᠷ᠎ᠡ ᠥᠨᠦᠬᠦ — ᠡᠷ᠎ᠡ ᠢᠰᠢᠭᠡ᠃

      ᠦᠬᠢᠨ ᠥᠨᠦᠬᠦ — ᠦᠬᠢᠨ ᠢᠰᠢᠭᠡ᠃

      ᠡᠷ᠎ᠡ ᠰᠢᠳᠦᠯᠡᠬᠦ — ᠰᠢᠳᠦᠯᠡᠩ ᠡᠷ᠎ᠡ ᠢᠮᠠᠭ᠎ᠠ᠃

      ᠦᠬᠢᠨ ᠰᠢᠳᠦᠯᠡᠬᠦ — ᠰᠢᠳᠦᠯᠡᠩ ᠡᠮ᠎ᠡ ᠢᠮᠠᠭ᠎ᠠ᠃

      ᠡᠷ᠎ᠡ ᠢᠮᠠᠭ᠎ᠠ — ᠴᠠᠭ᠋ᠠᠯᠠᠭᠰᠠᠨ ᠡᠷ᠎ᠡ ᠬᠦᠢ᠍ᠰᠦᠲᠦ ᠢᠮᠠᠭ᠎ᠠ᠃


      ᠱᠣᠸᠠᠩᠰᠢ ᠵᠢᠨ ᠪᠤᠶᠠᠨᠲᠤᠭᠲᠠᠬᠤ ᠵᠢᠨ 《ᠲᠠᠪᠤᠨ ᠬᠤᠰᠢᠭᠤ ᠮᠠᠯ᠎ᠤᠨ ᠨᠡᠷᠡᠶ᠋ᠢᠳᠦᠯ》᠂ (ᠥᠪᠦᠷ ᠮᠤᠩᠭᠤᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠬᠡᠪᠯᠡᠯ᠎ᠤᠨ ᠬᠤᠷᠢᠶ᠎ᠠ᠂ 1988 ᠣᠨ) ᠨᠣᠮ᠎ᠠᠴᠠ ᠪᠠᠭᠤᠯᠭ᠋ᠠᠪᠠ᠃
   

ᠢᠷᠡᠯᠲᠡ᠄ 《ᠲᠠᠪᠤᠨ ᠬᠤᠰᠢᠭᠤ ᠮᠠᠯ᠎ᠤᠨ ᠨᠡᠷᠡᠶ᠋ᠢᠳᠦᠯ》
          
ᠬᠠᠮᠢᠶ᠎ᠡ ᠪᠦᠬᠦᠢ ᠰᠣᠨᠢᠨ
ᠢᠯᠠᠭ᠎ᠠ
ᠪᠦᠷᠢᠶ᠎ᠡ ᠬᠤᠷᠤᠬᠠᠢ
ᠴᠢᠩᠨᠢᠨᠠ ᠦᠬᠡᠷ
ᠮᠢᠬᠠᠨ᠎ᠤ ᠤᠬᠤᠷ ᠡᠪᠡᠷᠲᠦ ᠦᠬᠡᠷ
ᠠᠩᠭᠧᠰ ᠦᠬᠡᠷ
 
             蒙ICP备05000248号