ᠭᠠᠳᠠᠭ᠋ᠠᠳᠤ᠎ᠠᠴᠠ ᠤᠷᠤᠭᠤᠯᠤᠭᠰᠠᠨ ᠮᠢᠬᠠᠨ ᠦᠬᠡᠷ᠎ᠤᠨ ᠡᠭᠦᠯᠳᠡᠷ ᠮᠢᠬᠠᠨ᠎ᠤ ᠤᠬᠤᠷ ᠡᠪᠡᠷᠲᠦ ᠦᠬᠡᠷ ᠪᠣᠯ ᠢᠩᠭ᠍ᠯᠠᠨᠳ᠋᠎ᠤᠨ ᠬᠤᠶ᠋ᠢᠲᠤ ᠬᠡᠰᠡᠭ᠎ᠠᠴᠠ ᠤᠭ ᠭᠠᠷᠣᠯ᠎ᠲᠠᠢ᠃ ᠤᠬᠤᠷ ᠡᠪᠡᠷᠲᠦ ᠦᠬᠡᠷ ᠪᠣᠯ ᠲᠤᠰ ᠭᠠᠵᠠᠷ᠎ᠤᠨ ᠨᠤᠲᠤᠭ᠎ᠤᠨ ᠡᠭᠦᠯᠳᠡᠷ᠎ᠢ ᠡᠷᠯᠢᠰᠡᠵᠢᠭᠦᠯᠦᠭᠡᠳ ᠪᠤᠶ᠋ᠢᠵᠢᠭᠤᠯᠤᠭᠰᠠᠨ ᠡᠷᠲᠡᠨ᠎ᠤ ᠡᠭᠦᠯᠳᠡᠷ ᠪᠣᠯᠣᠨ᠎ᠠ᠂ 18 ᠳ᠋ᠣᠭ᠋ᠠᠷ ᠵᠠᠭᠤᠨ᠎ᠤ ᠡᠬᠢᠨ᠎ᠤ ᠦᠶ᠎ᠡ᠎ᠳᠤ᠂ ᠢᠳᠡᠰᠢᠨ᠎ᠤ ᠦᠬᠡᠷ ᠪᠣᠯᠭ᠋ᠠᠨ ᠡᠭᠦᠯᠳᠡᠷ ᠰᠠᠶ᠋ᠢᠵᠢᠷᠠᠭᠤᠯᠵᠤ ᠡᠬᠢᠯᠡᠨ᠂ ᠴᠢᠩᠭ᠎ᠠ ᠨᠢᠮᠪᠠᠢ᠎ᠪᠠᠷ ᠡᠭᠦᠯᠳᠡᠷ ᠰᠣᠩᠭᠤᠬᠤ ᠪᠠ ᠦᠢ᠍ᠷ᠎ᠠ ᠡᠭᠦᠯᠳᠡᠷ ᠵᠶ᠋ᠠᠷ ᠦᠷᠡᠵᠢᠭᠦᠯᠦᠨ ᠪᠤᠶ᠋ᠢᠵᠢᠭᠤᠯᠬᠤ ᠠᠷᠭ᠎ᠠ ᠵᠢ ᠠᠪᠴᠤ᠂ ᠠᠷᠪᠠ ᠭᠠᠷᠣᠢ ᠵᠢᠯ ᠪᠣᠯᠣᠭ᠋ᠠᠳ ᠰᠠᠶᠢ ᠪᠡᠶ᠎ᠡ᠎ᠪᠠᠷ ᠨᠡᠯᠢᠶᠡᠳ ᠪᠦᠳᠦᠭᠦᠨ ᠢᠳᠡᠰᠢᠨ᠎ᠤ ᠤᠬᠤᠷ ᠡᠪᠡᠷᠲᠦ ᠦᠬᠡᠷ᠎ᠢ ᠪᠤᠶ᠋ᠢᠵᠢᠭᠤᠯᠣᠨ ᠭᠠᠷᠭ᠋ᠠᠭᠰᠠᠨ ᠪᠠᠶ᠋ᠢᠨ᠎ᠠ᠂ ᠤᠳᠣ ᠳᠡᠯᠡᠬᠡᠢ ᠵᠢᠨ ᠡᠯ᠎ᠡ ᠣᠯᠣᠰ᠎ᠲᠤ ᠪᠦᠷ ᠲᠠᠷᠬᠠᠵᠤ ᠪᠣᠢ᠃
ᠳᠣᠮᠳᠠᠳᠣ ᠣᠯᠣᠰ 1913 ᠣᠨ᠎ᠠᠴᠠ ᠤᠬᠤᠷ ᠡᠪᠡᠷᠲᠦ ᠦᠬᠡᠷ᠎ᠢ ᠤᠷᠤᠭᠤᠯᠤᠨ ᠠᠪᠴᠢᠷᠠᠵᠠᠢ᠂ ᠤᠳᠣ ᠭᠤᠤᠯᠳᠠᠭᠤ ᠦᠪᠦᠷ ᠮᠣᠩᠭᠤᠯ᠂ ᠭᠢᠷᠢᠨ᠂ ᠾᠧᠪᠧᠢ ᠵᠡᠷᠭᠡ ᠮᠣᠵᠢ ᠤᠷᠤᠨ᠎ᠳᠤ ᠮᠠᠯᠵᠢᠵᠤ ᠪᠠᠶ᠋ᠢᠨ᠎ᠠ᠃ ᠮᠢᠬᠠᠨ᠎ᠤ ᠤᠬᠤᠷ ᠡᠪᠡᠷᠲᠦ ᠦᠬᠡᠷ᠎ᠤᠨ ᠪᠡᠶ᠎ᠡ᠎ᠨᠢ ᠤᠷᠲᠤ ᠪᠦᠭᠡᠳ ᠦᠷᠭᠡᠨ᠂ ᠪᠤᠯᠴᠢᠩ ᠮᠢᠬ᠎ᠠ᠎ᠨᠢ ᠠᠷᠪᠢᠨ ᠮᠦᠷᠲᠡᠭᠡᠨ ᠮᠢᠬᠠᠨ᠎ᠤ ᠦᠬᠡᠷ᠎ᠤᠨ ᠨᠡᠶ᠋ᠢᠲᠡᠯᠢᠭ ᠤᠨᠴᠠᠯᠢᠭ ᠪᠦᠬᠦᠢ ᠤᠷᠲᠤ ᠳᠦᠷᠪᠡᠯᠵᠢᠨ ᠪᠡᠶ᠎ᠡ᠎ᠲᠠᠢ ᠦᠬᠡᠷ ᠪᠣᠯᠣᠨ᠎ᠠ᠃ ᠲᠤᠯᠤᠭ᠋ᠠᠢ᠎ᠨᠢ ᠪᠤᠭᠤᠨᠢ᠂ ᠮᠠᠩᠨᠠᠢ᠎ᠨᠢ ᠦᠷᠭᠡᠨ᠂ ᠡᠪᠡᠷ᠎ᠨᠢ ᠨᠠᠷᠢᠨ ᠪᠦᠭᠡᠳ ᠤᠬᠤᠷ᠂ ᠬᠦᠵᠦᠭᠦᠦ᠎ᠨᠢ ᠤᠬᠤᠷ ᠮᠦᠷᠲᠡᠭᠡᠨ ᠮᠢᠬ᠎ᠠ ᠶᠡᠬᠡᠲᠡᠢ᠂ ᠴᠡᠭᠡᠵᠢᠨ ᠬᠡᠰᠡᠭ᠎ᠤᠨ ᠪᠤᠶ᠋ᠢᠵᠢᠯᠲᠠ᠎ᠨᠢ ᠰᠠᠶ᠋ᠢᠨ᠃ ᠮᠦᠴᠢ᠎ᠨᠢ ᠤᠬᠤᠷ᠂ ᠬᠤᠭᠤᠷᠤᠨᠳᠣᠬᠢ ᠵᠠᠢ᠎ᠨᠢ ᠦᠷᠭᠡᠨ᠂ ᠪᠦᠭᠰᠡᠨ ᠪᠡᠶ᠎ᠡ᠎ᠨᠢ ᠪᠦᠳᠦᠭᠦᠨ᠃ ᠤᠯᠠᠩᠬᠢ᠎ᠨᠢ ᠬᠦᠷᠡᠩ ᠤᠯᠠᠭ᠋ᠠᠨ ᠵᠢᠰᠦᠮ᠎ᠲᠠᠢ᠂ ᠴᠦᠬᠡᠨ ᠲᠤᠭ᠋ᠠᠨ᠎ᠤ ᠬᠢᠨᠢ ᠪᠠᠰᠠ ᠠᠯᠠᠭ ᠪᠤᠯᠠᠭ ᠪᠣᠢ᠃ ᠨᠠᠰᠤ ᠭᠦᠢ᠍ᠴᠡᠭᠰᠡᠨ ᠡᠷ᠎ᠡ ᠦᠬᠡᠷ᠎ᠤᠨ ᠪᠡᠶ᠎ᠡ ᠵᠢᠨ ᠬᠦᠨᠳᠦ᠎ᠨᠢ 800~1200kg᠂ ᠦᠨᠢᠶ᠎ᠡ ᠵᠢᠨ ᠬᠢᠨᠢ 500~800kg᠃ ᠰᠠᠶᠢ ᠭᠠᠷᠤᠭᠰᠠᠨ ᠲᠤᠭᠤᠯᠤᠨ ᠪᠡᠶ᠎ᠡ ᠵᠢᠨ ᠬᠦᠨᠳᠦ᠎ᠨᠢ 30~40kg᠂ ᠵᠢᠯ᠎ᠤᠨ ᠰᠦ ᠭᠠᠷᠬᠤ ᠳᠣᠮᠳᠠᠴᠢ ᠬᠡᠮᠵᠢᠶ᠎ᠡ᠎ᠨᠢ 3000~4000kg᠂ ᠰᠦᠨ᠎ᠤ ᠨᠦᠮᠵᠦᠭ᠎ᠤᠨ ᠨᠤᠷᠮ᠎ᠠ᠎ᠨᠢ 3.5%~3. 7% ᠪᠣᠯᠣᠨ᠎ᠠ᠃ ᠣᠬᠤᠷ ᠡᠪᠡᠷᠲᠦ ᠦᠬᠡᠷ᠎ᠤᠨ ᠪᠡᠶ᠎ᠡ ᠵᠢᠨ ᠬᠦᠨᠳᠦ ᠵᠢᠨ ᠨᠡᠮᠡᠭᠳᠡᠬᠦ᠎ᠨᠢ ᠲᠦᠷᠭᠡᠨ᠂ ᠲᠤᠷᠨᠢᠬᠤ᠎ᠨᠢ ᠡᠷᠲᠡ᠂ ᠨᠤᠮᠤᠬᠠᠨ᠂ ᠲᠤᠭᠲᠠᠭᠤᠨ ᠵᠠᠩ ᠠᠷᠠᠨᠰᠢᠨ᠎ᠲᠠᠢ ᠪᠦᠭᠡᠳ ᠠᠮᠠᠷᠬᠠᠨ ᠲᠠᠷᠭᠤᠯᠠᠳᠠᠭ᠃ ᠪᠡᠶ᠎ᠡ ᠵᠢᠨ ᠬᠦᠨᠳᠦ᠎ᠨᠢ 400 ᠬᠤᠨᠤᠭ᠎ᠲᠤ 410kg᠎ᠳᠤ ᠬᠦᠷᠴᠦ ᠳᠡᠶ᠋ᠢᠯᠦᠨ᠎ᠡ᠂ ᠨᠢᠲᠤᠯᠭ᠋ᠠᠨ᠎ᠤ ᠨᠤᠷᠮ᠎ᠠ᠎ᠨᠢ 60%~65%᠂ ᠪᠤᠷᠳᠤᠵᠤ ᠲᠡᠷᠭᠤᠯᠠᠭᠤᠯᠤᠭᠰᠠᠨᠤ ᠳᠠᠷᠠᠭ᠎ᠠ 72%᠎ᠲᠤ ᠬᠦᠷᠴᠦ ᠳᠡᠶ᠋ᠢᠯᠦᠨ᠎ᠡ᠃ ᠮᠢᠬᠠᠨ᠎ᠤ ᠰᠢᠷᠬᠡᠭ᠎ᠨᠢ ᠨᠠᠷᠢᠨ ᠪᠦᠭᠡᠳ ᠮᠢᠬ᠎ᠠ᠎ᠨᠢ ᠵᠦᠭᠡᠯᠡᠨ᠂ ᠦᠭᠡᠬᠦᠯᠡᠵᠦ ᠲᠠᠷᠭᠤᠯᠠᠬᠤ᠎ᠨᠢ ᠵᠢᠭᠲᠡ ᠲᠡᠩᠴᠡᠭᠦᠷᠢᠲᠡᠢ᠂ 《ᠭᠠᠨᠳᠢᠭ ᠴᠢᠯᠠᠭᠤ》 ᠵᠢᠨ ᠬᠡᠯᠪᠡᠷᠢ ᠮᠠᠶᠢᠭᠲᠠᠢ᠃ ᠤᠬᠤᠷ ᠡᠪᠡᠷᠲᠦ ᠦᠬᠡᠷ᠎ᠤᠨ ᠤᠳᠤᠮᠯᠠᠬᠤ᠎ᠨᠢ ᠲᠤᠭᠲᠠᠭᠤᠨ᠂ ᠮᠣᠩᠭᠤᠯ ᠦᠬᠡᠷ᠎ᠤᠨ ᠡᠭᠦᠯᠳᠡᠷ᠎ᠢ ᠰᠠᠶ᠋ᠢᠵᠢᠷᠠᠭᠤᠯᠬᠤ᠎ᠳᠤ ᠬᠡᠷᠡᠭᠯᠡᠭᠡᠳ ᠲᠠᠯ᠎ᠠ ᠨᠤᠲᠤᠭ᠎ᠤᠨ ᠤᠯᠠᠭ᠋ᠠᠨ ᠦᠬᠡᠷ᠎ᠢ ᠪᠤᠶ᠋ᠢᠵᠢᠭᠤᠯᠤᠨ ᠭᠠᠷᠭ᠋ᠠᠪᠠ᠂ ᠦᠪᠴᠢ ᠪᠡᠶ᠎ᠡ ᠵᠢᠨ ᠦᠰᠦ᠎ᠨᠢ ᠬᠦᠷᠡᠩ ᠤᠯᠠᠭ᠋ᠠᠨ ᠦᠩᠭᠡᠲᠡᠢ᠃ ᠴᠢᠨ ᠴᠤᠸᠠᠨ᠎ᠤ ᠦᠬᠡᠷ᠎ᠲᠤ ᠤᠬᠤᠷ ᠡᠪᠡᠷᠲᠦ ᠦᠬᠡᠷ᠎ᠤᠨ ᠴᠢᠰᠦ ᠵᠢ ᠰᠡᠯᠪᠢᠵᠦ ᠡᠷᠯᠢᠰᠡᠵᠢᠭᠦᠯᠦᠭᠡᠳ ᠲᠤᠩ ᠰᠠᠶ᠋ᠢᠨ ᠦᠷ᠎ᠡ ᠪᠦᠲᠦᠮᠵᠢ ᠤᠯᠵᠠᠢ᠃ ᠲᠤᠰ ᠦᠬᠡᠷ᠎ᠢ ᠪᠦᠳᠦᠭᠦᠯᠢᠭ ᠵᠶ᠋ᠠᠷ ᠠᠷᠠᠴᠢᠯᠠᠬᠤ᠎ᠳᠤ ᠲᠡᠰᠪᠦᠷᠢᠲᠡᠢ᠂ ᠤᠷᠴᠢᠨ ᠠᠬᠤᠢ᠎ᠳᠠᠭᠠᠨ ᠵᠤᠬᠢᠴᠠᠬᠤ᠎ᠨᠢ ᠰᠠᠶ᠋ᠢᠨ᠂ ᠪᠠᠷᠤᠭᠲᠠᠢ᠎ᠳᠤ ᠡᠪᠡᠳᠴᠢᠨ ᠭᠡᠮ ᠣᠯᠬᠤ ᠦᠭᠡᠢ᠂ ᠲᠠᠷᠢᠮᠠᠯ᠎ᠤᠨ ᠡᠰᠢ ᠰᠦᠷᠡᠯ᠎ᠢ ᠠᠰᠢᠭᠯᠠᠨ ᠮᠠᠯᠵᠢᠬᠤ᠎ᠳᠤ ᠴᠤ᠌ ᠰᠠᠶ᠋ᠢᠨ ᠪᠠᠶ᠋ᠢᠳᠠᠭ᠃
(ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠵᠢᠨ ᠨᠠᠶ᠋ᠢᠷᠠᠭᠤᠯᠤᠭᠰᠠᠨ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)