ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠠᠮᠢᠲᠠᠨ ᠭᠤᠣᠯᠲᠠᠨ
ᠠᠩᠭᠧᠰ ᠦᠬᠡᠷ
ᠨᠡᠶ᠋ᠢᠲᠡᠯᠡᠭᠰᠡᠨ ᠴᠠᠭ᠄ 2023-01-17

      ᠭᠠᠳᠠᠭ᠋ᠠᠳᠤ᠎ᠠᠴᠠ ᠤᠷᠤᠭᠤᠯᠤᠭᠰᠠᠨ ᠮᠢᠬᠠᠨ ᠦᠬᠡᠷ᠎ᠤᠨ ᠡᠭᠦᠯᠳᠡᠷ ᠠᠩᠭᠧᠰ ᠦᠬᠡᠷ ᠪᠣᠯ ᠡᠷᠲᠡᠨ᠎ᠤ ᠪᠡᠶ᠎ᠡ ᠪᠠᠭ᠋ᠠᠲᠠᠢ ᠢᠳᠡᠰᠢᠨ ᠦᠬᠡᠷ ᠪᠣᠯᠣᠨ᠎ᠠ᠃ ᠠᠩᠭ᠍ᠯᠢ ᠵᠢᠨ ᠰᠺᠦ᠍ᠳ᠋ᠯᠠᠨᠳ᠋᠎ᠤᠨ ᠬᠤᠶ᠋ᠢᠲᠤ ᠬᠡᠰᠡᠭ᠎ᠠᠴᠠ ᠤᠭ ᠭᠠᠷᠤᠯ᠎ᠲᠠᠢ᠃ ᠠᠯᠢ ᠡᠷᠲᠡ 19 ᠳ᠋ᠦ᠍ᠭᠡᠷ ᠵᠠᠭᠤᠨ᠎ᠤ ᠦᠶ᠎ᠡ᠎ᠳᠤ ᠳᠡᠯᠡᠬᠡᠢ ᠵᠢᠨ ᠡᠯ᠎ᠡ ᠣᠯᠣᠰ᠎ᠲᠤ ᠭᠠᠷᠭ᠋ᠠᠵᠤ ᠪᠠᠶ᠋ᠢᠵᠠᠢ᠃ ᠡᠨᠡ ᠦᠬᠡᠷ ᠪᠣᠯ ᠠᠩᠭ᠍ᠯᠢ᠂ ᠠᠮᠧᠷᠢᠺᠡ᠂ ᠺᠠᠨᠠᠳᠠ᠂ ᠰᠢᠨ᠎ᠡ ᠽᠢᠯᠠᠨᠳ᠋ ᠪᠣᠯᠣᠨ ᠠᠷᠭᠧᠨ᠋ᠲ᠋ᠢᠨ᠎ᠤ ᠭᠤᠤᠯ ᠪᠣᠯᠬᠤ ᠢᠳᠡᠰᠢᠨ ᠦᠬᠡᠷ ᠶᠣᠮ᠃ ᠮᠠᠨ᠎ᠤ ᠣᠯᠣᠰ 1974 ᠤᠨ᠎ᠳᠤ ᠠᠩᠭ᠍ᠯᠢ᠂ ᠠᠦ᠋ᠰᠳ᠋ᠷᠡᠯᠢᠶ᠎ᠡ᠎ᠠᠴᠠ ᠠᠩᠭᠧᠰ ᠦᠬᠡᠷ᠎ᠢ ᠤᠷᠤᠭᠤᠯᠤᠨ ᠠᠪᠴᠢᠷᠠᠵᠠᠢ᠃ ᠤᠳᠣ ᠵᠡᠭᠦᠨ ᠬᠤᠶ᠋ᠢᠲᠤ ᠤᠷᠤᠨ᠎ᠤ ᠡᠯ᠎ᠡ ᠮᠤᠵᠢ᠎ᠳᠤ ᠲᠠᠷᠬᠠᠵᠤ ᠪᠤᠢ᠃

      ᠠᠩᠭᠧᠰ ᠦᠬᠡᠷ ᠡᠪᠡᠷ ᠦᠭᠡᠢ᠂ ᠪᠦᠬᠦ ᠪᠡᠶ᠎ᠡ᠎ᠨᠢ ᠬᠠᠷ᠎ᠠ ᠪᠣᠯᠬᠤᠷ 《ᠲᠦᠢ᠍ᠮᠤᠭ ᠬᠠᠷ᠎ᠠ ᠦᠬᠡᠷ》 ᠭᠡᠳᠡᠭ᠃ ᠪᠡᠶ᠎ᠡ᠎ᠨᠢ ᠤᠷᠲᠤ᠂ ᠪᠦᠭᠡᠷᠡᠩᠬᠡᠢ᠂ ᠮᠦᠴᠢ᠎ᠨᠢ ᠪᠤᠭᠤᠨᠢ ᠬᠦᠵᠦᠭᠦᠦ᠎ᠨᠢ ᠤᠬᠤᠷ᠂ ᠵᠣ᠋ ᠪᠣᠯᠣᠨ ᠪᠦᠭᠰᠡᠨ᠎ᠤ ᠬᠡᠰᠡᠭ᠎ᠨᠢ ᠪᠦᠳᠦᠭᠦᠨ ᠵᠤᠵᠠᠭ᠋ᠠᠨ᠂ ᠢᠳᠡᠰᠢᠨ᠎ᠳᠤ ᠬᠡᠷᠡᠭᠯᠡᠬᠦ ᠰᠠᠶ᠋ᠢᠨ ᠦᠬᠡᠷ ᠶᠤᠮ᠃ ᠭᠤᠶᠠᠨ᠎ᠤ ᠬᠢᠨᠢ ᠪᠤᠯᠴᠢᠩ ᠮᠢᠬ᠎ᠠ᠎ᠨᠢ ᠲᠠᠬᠠᠢ ᠵᠢᠨ ᠦᠶ᠎ᠡ᠎ᠳᠤ ᠬᠦᠷᠳᠡᠭ᠃ ᠠᠷᠠᠰᠤ᠎ᠨᠢ ᠰᠣᠯᠠ ᠨᠢᠮᠭᠡᠨ ᠪᠦᠭᠡᠳ ᠬᠠᠷᠢᠮᠠᠬᠠᠢ ᠴᠢᠨᠠᠷ᠎ᠲᠠᠢ᠃ ᠨᠠᠰᠤ ᠭᠦᠢ᠍ᠴᠡᠭᠰᠡᠨ ᠡᠷ᠎ᠡ ᠦᠬᠡᠷ᠎ᠤᠨ ᠪᠡᠶ᠎ᠡ ᠵᠢᠨ ᠬᠦᠨᠳᠦ᠎ᠨᠢ 800~900kg᠂ ᠦᠨᠢᠶ᠎ᠡ ᠵᠢᠨ ᠬᠢᠨᠢ 500~600kg᠂ ᠰᠠᠶᠢ ᠭᠠᠷᠤᠭᠰᠠᠨ ᠲᠤᠭᠤᠯ᠎ᠤᠨ ᠪᠡᠶ᠎ᠡ ᠵᠢᠨ ᠬᠦᠨᠳᠦ᠎ᠨᠢ 25~32kg᠂ ᠦᠰᠴᠦ ᠪᠤᠶ᠋ᠢᠵᠢᠬᠤ᠎ᠨᠢ ᠲᠦᠷᠭᠡᠨ᠂ ᠲᠤᠷᠨᠢᠬᠤ᠎ᠨᠢ ᠡᠷᠲᠡ᠂ ᠪᠤᠷᠳᠤᠵᠤ ᠪᠤᠶ᠋ᠢᠵᠢᠭᠤᠯᠬᠤ᠎ᠳᠤ ᠠᠮᠠᠷᠬᠠᠨ᠂ ᠪᠡᠯᠴᠢᠭᠡᠷ ᠰᠠᠶ᠋ᠢᠲᠠᠢ ᠭᠠᠵᠠᠷ᠎ᠲᠤ ᠲᠤᠭᠤᠯᠯᠠᠭᠰᠠᠨ᠎ᠠᠴᠠ ᠠᠪᠤᠭ᠋ᠠᠳ ᠵᠢᠯ᠎ᠤᠨ ᠤᠢ ᠪᠤᠯᠲᠠᠯ᠎ᠠ ᠪᠡᠶ᠎ᠡ ᠵᠢᠨ ᠬᠦᠨᠳᠦ᠎ᠨᠢ ᠡᠳᠦᠷ᠎ᠲᠤ 900~1000g ᠨᠡᠮᠡᠭᠳᠡᠵᠦ ᠳᠡᠶ᠋ᠢᠯᠦᠨ᠎ᠡ᠂ ᠨᠢᠲᠤᠯᠭ᠋ᠠᠨ᠎ᠤ ᠨᠤᠷᠮ᠎ᠠ᠎ᠨᠢ 60%~65% ᠪᠣᠯᠣᠨ᠎ᠠ᠃ ᠡᠨᠡ ᠦᠬᠡᠷ ᠤᠷᠴᠢᠨ ᠠᠬᠤᠢ᠎ᠳᠠᠭᠠᠨ ᠵᠤᠬᠢᠴᠠᠬᠤ᠎ᠨᠢ ᠰᠠᠶ᠋ᠢᠨ᠂ ᠦᠯᠴᠢᠷ ᠪᠦᠭᠡᠳ ᠡᠪᠡᠳᠴᠢᠨ ᠭᠡᠮ ᠣᠯᠬᠤ ᠦᠭᠡᠢ᠃ ᠦᠨᠢᠶ᠎ᠡ᠎ᠨᠢ ᠮᠡᠳᠡᠷᠡᠯ᠎ᠤᠨ ᠭᠡᠮ ᠰᠣᠭᠤᠭ᠎ᠲᠠᠢ᠂ ᠡᠨᠡ ᠪᠣᠯ ᠲᠤᠰ ᠦᠬᠡᠷ᠎ᠤᠨ ᠲᠤᠳᠠᠭᠳᠠᠯ ᠪᠣᠯᠣᠨ᠎ᠠ᠃ (ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠵᠢᠨ ᠨᠠᠶ᠋ᠢᠷᠠᠭᠤᠯᠤᠭᠰᠠᠨ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)

ᠢᠷᠡᠯᠲᠡ᠄ ᠦᠪᠦᠷ ᠮᠤᠩᠭᠤᠯ᠎ᠤᠨ ᠲᠠᠷᠢᠶᠠᠯᠠᠩ ᠮᠠᠯ ᠠᠵᠤ ᠠᠬᠤᠢ ᠪᠠ ᠬᠦᠳᠡᠭᠡ ᠲᠤᠰᠬᠤᠨ ᠮᠠᠯᠵᠢᠬᠤ ᠣᠷᠣᠨ᠎ᠤ ᠲᠢᠩᠭᠢᠮ
          
ᠬᠠᠮᠢᠶ᠎ᠡ ᠪᠦᠬᠦᠢ ᠰᠣᠨᠢᠨ
ᠲᠡᠮᠡᠭᠡ
ᠮᠤᠩᠭᠤᠯ ᠬᠣᠨᠢ
ᠮᠤᠩᠭᠤᠯ ᠰᠢᠷ᠎ᠠ ᠦᠬᠡᠷ
ᠡᠯᠪᠡᠩᠭᠦ
ᠦᠨᠡᠭᠡ
 
             蒙ICP备05000248号