ᠴᠢᠩᠨᠢᠨᠠ ᠦᠬᠡᠷ᠄ ᠢᠲ᠋ᠠᠯᠢ ᠵᠢᠨ ᠬᠤᠶ᠋ᠢᠲᠤ ᠬᠡᠰᠡᠭ᠎ᠤᠨ ᠴᠢᠩᠨᠢᠨᠠ ᠵᠢᠯᠠᠭ᠎ᠠ᠎ᠠᠴᠠ ᠤᠭ ᠭᠠᠷᠤᠯ᠎ᠲᠠᠢ᠃ ᠡᠨᠡ ᠪᠣᠯ ᠤᠳᠤᠬᠠᠨ᠎ᠳᠤ ᠳᠡᠯᠡᠬᠡᠢ ᠳᠡᠭᠡᠷ᠎ᠡ ᠪᠡᠶ᠎ᠡ᠎ᠪᠠᠷ ᠬᠠᠮᠤᠭ᠎ᠤᠨ ᠪᠦᠳᠦᠭᠦᠨ ᠮᠢᠬᠠᠨ᠎ᠤ ᠦᠬᠡᠷ ᠪᠣᠯᠣᠨ᠎ᠠ᠃ ᠪᠦᠬᠦᠲᠡᠢ ᠦᠬᠡᠷᠯᠦᠭᠡ ᠴᠢᠰᠦᠨ ᠲᠦᠷᠦᠯ᠎ᠤᠨ ᠬᠠᠷᠢᠴᠠᠭ᠎ᠠ᠎ᠲᠠᠢ᠂ ᠪᠦᠬᠦ᠎ᠲᠠᠢ ᠦᠬᠡᠷ᠎ᠤᠨ ᠴᠢᠰᠤᠨ᠎ᠤ ᠡᠭᠦᠯᠳᠡᠷ᠎ᠲᠤ ᠬᠠᠷᠢᠶᠠᠯᠠᠭᠳᠠᠨ᠎ᠠ᠃ 19 ᠳ᠋ᠦ᠍ᠭᠡᠷ ᠵᠠᠭᠤᠨ᠎ᠤ ᠡᠬᠢᠨ ᠦᠶ᠎ᠡ᠎ᠳᠤ ᠫᠤᠷᠲ᠋ᠦ᠋ ᠬᠠᠷ᠎ᠠ ᠦᠬᠡᠷ ᠵᠶ᠋ᠠᠷ ᠲᠤᠰ ᠭᠠᠵᠠᠷ᠎ᠤᠨ ᠦᠬᠡᠷ᠎ᠢ ᠡᠷᠯᠢᠰᠡᠵᠢᠭᠦᠯᠦᠭᠡᠳ ᠪᠤᠶ᠋ᠢᠵᠢᠭᠤᠯᠤᠨ ᠭᠠᠷᠭ᠋ᠠᠵᠠᠢ᠃ 1955 ᠣᠨ᠎ᠳᠤ ᠰᠠᠶ᠋ᠢᠨ ᠡᠭᠦᠯᠳᠡᠷ᠎ᠤᠨ ᠦᠬᠡᠷ ᠭᠡᠵᠦ ᠨᠡᠷᠡᠶ᠋ᠢᠳᠦᠭᠳᠡᠪᠡ᠃ ᠴᠢᠩᠨᠢᠨᠠ ᠦᠬᠡᠷ᠎ᠤᠨ ᠪᠡᠶ᠎ᠡ᠎ᠨᠢ ᠤᠷᠲᠤ᠂ ᠪᠦᠳᠦᠭᠦᠨ᠂ ᠮᠦᠴᠢ᠎ᠨᠢ ᠦᠨᠳᠦᠷ᠂ ᠭᠡᠪᠡᠴᠦ ᠴᠡᠭᠡᠵᠢ᠎ᠨᠢ ᠲᠡᠶ᠋ᠢᠮᠦ ᠵᠤᠵᠠᠭ᠋ᠠᠨ ᠪᠢᠰᠢ᠂ ᠦᠰᠦ᠎ᠨᠢ ᠴᠤᠯ ᠴᠠᠭ᠋ᠠᠨ᠂ ᠰᠡᠭᠦᠯ᠎ᠨᠢ ᠬᠠᠷ᠎ᠠ᠂ ᠬᠡᠪᠡᠯᠢ ᠵᠢᠨ ᠬᠡᠰᠡᠭ᠎ᠠᠴᠠ ᠪᠤᠰᠤᠳ ᠭᠠᠵᠠᠷ᠎ᠤᠨ ᠠᠷᠠᠰᠤ ᠮᠢᠬᠠᠨ ᠳᠡᠭᠡᠷ᠎ᠡ᠎ᠨᠢ ᠪᠦᠷ ᠬᠠᠷ᠎ᠠ ᠪᠤᠳᠤᠭᠲᠤ ᠡᠳ᠋᠎ᠲᠠᠢ᠃ ᠡᠷ᠎ᠡ ᠦᠬᠡᠷ᠎ᠤᠨ ᠪᠡᠶ᠎ᠡ ᠵᠢᠨ ᠬᠦᠨᠳᠦ᠎ᠨᠢ ᠪᠦᠬᠦᠯᠢ ᠨᠢᠭᠡ ᠵᠢᠯ ᠪᠣᠯᠪᠠᠯ 600kg᠂ 18 ᠰᠠᠷ᠎ᠠ ᠪᠣᠯᠪᠠᠯ 800kg᠂ 24 ᠰᠠᠷ᠎ᠠ ᠪᠣᠯᠪᠠᠯ 1000kg᠎ᠳᠤ ᠬᠦᠷᠦᠨ᠎ᠠ᠂ ᠬᠠᠮᠤᠭ᠎ᠤᠨ ᠪᠦᠳᠦᠭᠦᠨ᠎ᠨᠢ ᠠᠮᠢᠳᠤ᠎ᠪᠠᠷ ᠵᠶ᠋ᠠᠨ 1800kg᠎ᠳᠤ ᠬᠦᠷᠦᠨ᠎ᠡ᠂ ᠪᠡᠶ᠎ᠡ ᠵᠢᠨ ᠦᠨᠳᠦᠷ᠎ᠨᠢ 184cm ᠪᠤᠢ᠃ ᠦᠨᠢᠶ᠎ᠡ᠎ᠨᠢ ᠠᠮᠢᠳᠤ᠎ᠪᠠᠷ ᠵᠶ᠋ᠠᠨ 1000kg ᠬᠦᠨᠳᠦ᠂ ᠦᠨᠳᠦᠷ ᠵᠶ᠋ᠠᠷ ᠵᠶ᠋ᠠᠨ 150~170cm ᠪᠣᠢ᠃ ᠰᠠᠶᠢ ᠭᠠᠷᠤᠭᠰᠠᠨ ᠡᠷ᠎ᠡ ᠲᠤᠭᠤᠯᠤᠨ ᠪᠡᠶ᠎ᠡ ᠵᠢᠨ ᠬᠦᠨᠳᠦ᠎ᠨᠢ 47~55kg᠂ ᠦᠬᠢᠨ ᠲᠤᠭᠤᠯᠤᠨ ᠬᠢᠨᠢ 42~48kg ᠪᠣᠢ᠃ ᠡᠨᠡ ᠦᠬᠡᠷ ᠡᠷᠲᠡ ᠲᠤᠷᠨᠢᠳᠠᠭ ᠤᠨᠴᠠᠯᠢᠭ᠎ᠲᠠᠢ᠃ ᠵᠢᠯ᠎ᠤᠨ ᠤᠢ ᠪᠣᠯᠵᠣ ᠪᠠᠶ᠋ᠢᠭ᠎ᠠ ᠲᠤᠭᠤᠯ ᠳᠣᠮᠳᠠᠴᠢ᠎ᠪᠠᠷ ᠠᠮᠢᠳᠤ᠎ᠪᠠᠷ ᠵᠶ᠋ᠠᠨ 409kg ᠬᠦᠨᠳᠦ ᠪᠠᠶ᠋ᠢᠳᠠᠭ᠂ ᠪᠡᠶ᠎ᠡ ᠵᠢᠨ ᠬᠦᠨᠳᠦ᠎ᠨᠢ ᠳᠣᠮᠳᠠᠴᠢ᠎ᠪᠠᠷ ᠡᠳᠦᠷ᠎ᠲᠤ 1230g ᠨᠡᠮᠡᠭᠳᠡᠨ᠎ᠡ᠃ ᠮᠢᠬ᠎ᠠ᠎ᠨᠢ ᠠᠮᠲᠠᠲᠠᠢ᠂ ᠭᠠᠨᠳᠢᠭ ᠴᠢᠯᠠᠭᠤᠨ᠎ᠤ ᠰᠢᠷᠬᠡᠭ᠎ᠲᠠᠢ᠂ ᠨᠠᠷᠢᠯᠢᠭ ᠵᠦᠭᠡᠯᠡᠨ᠂ ᠪᠤᠷᠳᠤᠵᠤ ᠲᠠᠷᠭᠤᠯᠠᠭᠤᠯᠬᠤ ᠠᠷᠭ᠎ᠠ᠎ᠨᠢ ᠪᠠᠷᠤᠭ ᠴᠠᠷᠤᠯᠧᠰ ᠦᠬᠡᠷ᠎ᠲᠠᠢ ᠠᠳᠠᠯᠢ ᠪᠠᠶ᠋ᠢᠳᠠᠭ᠃ ᠤᠷᠴᠢᠨ ᠲᠤᠭᠤᠷᠢᠨ᠎ᠳᠠᠭᠠᠨ ᠵᠣᠬᠢᠴᠠᠬᠤ᠎ᠨᠢ ᠨᠡᠯᠢᠶᠡᠳ ᠰᠠᠶ᠋ᠢᠨ᠂ ᠦᠷᠡᠵᠢᠯ᠎ᠤᠨ ᠴᠢᠳᠠᠪᠤᠷᠢ᠎ᠨᠢ ᠶᠡᠭᠡ᠂ ᠲᠤᠭᠤᠯᠯᠠᠬᠤ᠎ᠳᠠᠭᠠᠨ ᠪᠠᠷᠤᠭᠲᠠᠢ᠎ᠳᠤ ᠪᠡᠷᠬᠡᠲᠦᠬᠦ ᠦᠭᠡᠢ ᠶᠤᠮ᠃ (ᠢᠷᠡᠯᠲᠡ᠄ ᠰᠤᠳᠤᠭᠡᠷᠡᠯ᠂ ᠪᠠᠪᠤᠯᠠᠢ᠂ ᠬᠦᠭᠵᠢᠯᠲᠦ ᠵᠢᠨ ᠨᠠᠶ᠋ᠢᠷᠠᠭᠤᠯᠤᠭᠰᠠᠨ 《ᠮᠠᠯ᠎ᠤᠨ ᠲᠡᠵᠢᠭᠡᠯᠭᠡ ᠪᠤᠷᠳᠤᠯᠭ᠎ᠠ ᠪᠠ ᠠᠰᠢᠭ ᠰᠢᠮ᠎ᠡ ᠵᠢᠨ ᠪᠤᠯᠪᠠᠰᠤᠷᠠᠭᠤᠯᠭ᠎ᠠ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)