ᠲᠡᠯᠡᠬᠡᠢ ᠨᠡᠢ᠌ᠳᠠ ᠵᠢᠨ ᠠᠩᠬᠠᠷᠤᠯ᠎ᠢ ᠲᠠᠲᠠᠭᠰᠠᠨ ᠬᠤᠪᠤᠷ ᠨᠠᠨᠳᠢᠨ ᠠᠮᠢᠲᠠᠨ ᠬᠠᠪᠳᠠᠭ᠋ᠠᠢ ᠵᠢᠨ ᠡᠬᠡ ᠨᠤᠲᠤᠭ ᠪᠤᠯ ᠮᠤᠩᠭᠤᠯ᠎ᠤᠨ ᠦᠨᠳᠦᠷᠯᠢᠭ ᠶᠤᠮ᠃ ᠲᠡᠯᠡᠬᠡᠢ ᠵᠢᠨ ᠠᠯᠢ ᠤᠯᠠᠨ ᠦᠨᠳᠦᠰᠦᠳᠡᠨ ᠲᠡᠭᠦᠨ᠎ᠢ ᠵᠡᠷᠯᠢᠭ ᠲᠡᠮᠡᠭᠡ ᠬᠡᠮᠡᠨ ᠳᠠᠭᠤᠳᠠᠳᠠᠭ ᠪᠠᠢ᠌ᠬᠤ᠎ᠳᠤ ᠲᠡᠭᠦᠨ᠎ᠤ ᠡᠬᠡ ᠨᠤᠲᠤᠭ᠎ᠤᠨ᠎ᠬᠢᠨ ᠲᠡᠬᠦᠨ᠎ᠳᠤ 《ᠬᠠᠪᠳᠠᠭ᠋ᠠᠢ》 ᠬᠡᠮᠡᠬᠦ ᠨᠡᠷ᠎ᠡ ᠦᠭᠭᠦᠭᠰᠡᠨ ᠪᠢᠯᠡ᠃ ᠡᠨᠡ ᠠᠮᠢᠲᠠᠨ᠎ᠤ ᠶᠤᠰᠤᠳᠠᠢ ᠨᠡᠷ᠎ᠡ᠎ᠨᠢ ᠬᠠᠪᠳᠠᠭ᠋ᠠᠢ ᠪᠤᠯᠠᠢ᠃

ᠡᠨᠡ ᠠᠮᠢᠲᠠᠨ ᠡᠳᠦᠭᠡ ᠲᠡᠬᠦᠨ᠎ᠤ ᠡᠬᠡ ᠨᠤᠲᠤᠭ ᠪᠤᠯᠬᠤ ᠮᠤᠩᠭᠤᠯ᠎ᠤᠨ ᠦᠨᠳᠦᠷᠯᠢᠭ ᠲᠡᠭᠡᠷ᠎ᠡ ᠮᠠᠨ᠎ᠤ ᠦᠪᠦᠷ ᠮᠤᠩᠭᠤᠯ᠎ᠤᠨ ᠠᠯᠠᠱ᠌ᠠ ᠪᠠᠷᠠᠭᠤᠨ ᠬᠤᠰᠢᠭᠤ᠂ ᠡᠵᠡᠨ᠎ᠡ ᠬᠤᠰᠢᠭᠤ ᠬᠢᠭᠡᠳ ᠮᠤᠩᠭᠤᠯ ᠠᠷᠠᠳ ᠤᠯᠤᠰ᠎ᠤᠨ ᠭᠤᠪᠢ ᠠᠯᠳᠠᠢ᠂ ᠪᠠᠶᠠᠨ ᠬᠤᠩᠭᠤᠷᠴᠤᠭᠲᠤ ᠠᠢ᠌ᠮᠠᠭ ᠵᠡᠷᠭᠡ ᠵᠢ ᠬᠠᠮᠤᠷᠠᠭᠰᠠᠨ 8—9 ᠲᠦᠮᠡᠨ ᠲᠡᠭᠰᠢ ᠲᠦᠷᠪᠡᠯᠵᠢᠨ ᠨᠤᠲᠤᠭ᠎ᠲᠤ ᠤᠷᠤᠰᠢᠨ᠎ᠡ᠃ ᠡᠭᠦᠨ᠎ᠠᠴᠠ ᠭᠠᠳᠠᠨ᠎ᠠ ᠠᠯᠠᠱ᠌ᠠ ᠨᠤᠲᠤᠭ᠎ᠲᠠᠢ ᠵᠠᠯᠭ᠋ᠠᠯᠳᠤᠭᠰᠠᠨ ᠬᠦᠬᠡᠨᠠᠭᠤᠷ ᠵᠡᠷᠭᠡ ᠤᠷᠤᠨ ᠪᠦᠰᠡ ᠵᠢᠨ ᠡᠯᠡᠰᠦᠨ ᠴᠦᠯ᠎ᠳᠤ ᠮᠦᠨ ᠲᠠᠷᠬᠠᠵᠤ ᠪᠠᠢ᠌ᠨ᠎ᠠ᠃
ᠲᠡᠮᠡᠭᠡ ᠵᠢ ᠪᠤᠳᠤᠪᠠᠯ ᠬᠠᠪᠲᠠᠭ᠋ᠠᠢ᠎ᠨᠢ ᠡᠩ ᠲᠡᠷᠢᠬᠦᠨ᠎ᠳᠤ ᠡᠴᠡᠩᠬᠡᠢ ᠴᠡᠪᠡᠷᠬᠡᠨ ᠬᠠᠷᠠᠭᠳᠠᠨ᠎ᠠ᠃ ᠬᠤᠶᠠᠷ ᠪᠦᠬᠦ ᠵᠢᠨ ᠬᠤᠭᠤᠷᠤᠨᠳᠤᠬᠢ ᠵᠠᠢ ᠬᠤᠯᠠ ᠪᠦᠬᠡᠳ ᠪᠦᠬᠦ ᠵᠢᠨ ᠤᠭ᠎ᠨᠢ ᠪᠦᠮᠪᠦᠷᠬᠡᠨ᠂ ᠤᠷᠤᠢ᠎ᠨᠢ ᠱᠤᠪᠤᠭᠤᠷ᠂ ᠨᠡᠯᠡᠵᠦ ᠬᠠᠵᠠᠢ᠌ᠳᠠᠭ ᠦᠭᠡᠢ ᠱᠤᠷᠤᠯᠵᠠᠨ ᠲᠦᠷᠰᠦ᠎ᠲᠠᠢ᠂ ᠬᠦᠵᠦᠬᠦᠦ᠂ ᠲᠦᠷᠪᠡᠨ ᠮᠦᠴᠢ᠎ᠨᠢ ᠨᠠᠷᠢᠨ ᠤᠷᠲᠦ᠃ ᠴᠢᠬᠢ᠎ᠨᠢ ᠪᠠᠭ᠎ᠠ᠂ ᠡᠷᠡᠦ᠎ᠨᠢ ᠪᠤᠭᠤᠨᠢ᠂ ᠨᠢᠭᠤᠷᠤ ᠶᠠᠰᠤ᠎ᠨᠢ ᠤᠷᠲᠦ᠂ ᠬᠦᠮᠦᠰᠭᠡ ᠵᠤᠪᠬᠢᠨᠤ ᠦᠰᠦ᠎ᠨᠢ ᠪᠠᠰᠠ ᠲᠡᠮᠡᠭᠡᠨᠤᠬᠢᠠᠴᠠ ᠤᠷᠲᠦ᠃ ᠪᠦᠬᠦ ᠪᠡᠶ᠎ᠡ ᠵᠢᠨ ᠦᠰᠦ᠎ᠨᠢ ᠲᠠᠴᠠᠷ᠂ ᠵᠤᠭᠳᠤᠷ ᠪᠤᠯᠤᠨ ᠰᠢᠯᠢ ᠡᠪᠦᠲᠦᠭ᠎ᠤᠨ ᠦᠰᠦ᠎ᠨᠢ ᠪᠠᠰᠠ ᠪᠤᠭᠤᠨᠢ ᠰᠢᠩᠭᠡᠨ᠃ ᠬᠠᠰᠢᠷ ᠮᠠᠯᠴᠢᠨ ᠲᠡᠬᠦᠨ᠎ᠢ ᠲᠡᠮᠡᠭᠡ᠎ᠠᠴᠠ ᠬᠢᠯᠪᠠᠷᠬᠠᠨ ᠢᠯᠭ᠋ᠠᠵᠤ ᠲᠠᠨᠢᠳᠠᠭ᠃ ᠬᠠᠪᠳᠠᠭ᠋ᠠᠢ ᠨᠢᠳᠦ ᠬᠤᠷᠴᠠ᠂ ᠬᠠᠮᠠᠷ ᠦᠨᠦᠷᠴᠢ᠂ ᠰᠤᠨᠤᠷ ᠰᠡᠷᠭᠡᠭ᠂ ᠬᠦᠶᠦᠳᠡᠯ ᠬᠤᠷᠳᠤᠨ᠂ ᠬᠦᠮᠦᠨ᠎ᠤ ᠦᠨᠦᠷ ᠵᠶ᠋ᠡᠷ ᠬᠤᠯᠠ᠎ᠠᠴᠠ ᠰᠡᠵᠢᠭ ᠠᠪᠴᠤ᠂ ᠲᠤᠲᠠᠭ᠋ᠠᠬᠤ ᠦᠶᠡᠰ ᠲᠦᠷᠭᠡᠨ ᠮᠠᠰᠢᠨ ᠴᠤ᠌ ᠬᠦᠢ᠍ᠴᠡᠳᠡᠭ ᠦᠭᠡᠢ ᠠᠵᠠᠢ᠃ ᠬᠠᠪᠳᠠᠭ᠋ᠠᠢ ᠵᠢᠨ ᠡᠷᠡᠭᠴᠢᠨᠢ ᠬᠠᠢ᠌ᠰᠦ ᠪᠤᠤᠷ᠎ᠠ᠂ ᠡᠮᠡᠭᠴᠢᠨᠢ ᠢᠩᠭᠡ ᠭᠡᠨ᠎ᠡ᠃
ᠬᠠᠪᠳᠠᠭ᠋ᠠᠢ᠎ᠨᠢ ᠮᠠᠨ᠎ᠤ ᠦᠪᠦᠷ ᠮᠤᠩᠭᠤᠯ᠎ᠳᠤ ᠠᠯᠠᠱ᠌ᠠ ᠨᠤᠲᠤᠭ᠎ᠲᠤ ᠢᠵᠠᠭᠤᠷ᠎ᠠᠴᠠ ᠠᠮᠢᠳᠤᠷᠠᠵᠦ ᠪᠠᠢ᠌ᠵᠠᠢ᠃ ᠬᠠᠪᠳᠠᠭ᠋ᠠᠢ ᠵᠢᠨ ᠤᠳᠤ ᠵᠢᠨ ᠭᠤᠤᠯ ᠨᠤᠲᠤᠭ᠎ᠨᠢ ᠡᠯᠡᠰᠦᠨ ᠴᠦᠯ ᠪᠤᠯᠤᠨ᠎ᠠ᠃ ᠤᠰᠦ ᠪᠡᠯᠴᠢᠭᠡᠷ ᠲᠡᠩᠨᠡᠭᠰᠡᠨ ᠨᠤᠲᠤᠭ᠎ᠢ ᠬᠠᠪᠳᠠᠭ᠋ᠠᠢ ᠬᠦᠰᠡᠳᠡᠭ ᠪᠤᠯᠪᠠᠴᠤ ᠬᠠᠪᠳᠠᠭ᠋ᠠᠢ ᠰᠦᠷᠳᠡᠭᠦᠯᠦᠯ᠎ᠠᠴᠠ ᠵᠠᠢ᠌ᠯᠠᠵᠦ ᠰᠠᠶᠢ ᠡᠯᠡᠰᠦᠨ ᠴᠦᠯ᠎ᠤᠨ ᠬᠠᠯᠠ᠎ᠲᠠᠢ ᠤᠷᠴᠢᠨ᠎ᠳᠤ ᠨᠤᠲᠤᠭᠰᠢᠭᠰᠠᠨ ᠪᠢᠯᠡ᠃ ᠬᠠᠪᠳᠠᠭ᠋ᠠᠢ᠎ᠨᠢ ᠡᠢ᠌ᠮᠦ ᠤᠷᠴᠢᠨ᠎ᠳᠤ ᠤᠯᠠᠨ ᠵᠢᠯ ᠠᠮᠢᠳᠤᠷᠠᠭᠰᠠᠭ᠋ᠠᠷ ᠪᠠᠢ᠌ᠭ᠋ᠠᠳ ᠬᠠᠲᠠᠭᠤ ᠤᠷᠴᠢᠨ᠎ᠳᠤ ᠵᠤᠬᠢᠯᠳᠤᠭᠰᠠᠨ ᠠᠯᠢ ᠤᠯᠠᠨ ᠤᠨᠴᠠᠯᠢᠭ᠎ᠢ ᠪᠦᠷᠢᠳᠦᠭᠦᠯᠵᠡᠢ᠃ ᠲᠡᠷᠡ ᠬᠤᠷᠴᠠ ᠬᠠᠷᠠᠭ᠋ᠠᠨ᠎ᠳᠤ᠎ᠪᠠᠨ ᠲᠦᠰᠢᠭᠯᠡᠵᠦ ᠲᠡᠭᠷᠢ ᠭᠠᠵᠠᠷ᠎ᠢ ᠬᠤᠮᠢᠨ ᠢᠷᠡᠭᠰᠡᠨ ᠡᠯᠡᠰᠦᠨ ᠰᠢᠭᠤᠷᠭ᠎ᠠ᠎ᠠᠴᠠ ᠵᠠᠢ᠌ᠯᠠᠵᠦ ᠴᠢᠳᠠᠬᠤ᠎ᠪᠠᠷ ᠦᠯᠦ ᠪᠠᠷᠠᠨ ᠰᠤᠷᠭᠤᠭ ᠦᠨᠦᠷᠯᠡᠬᠦ ᠴᠢᠳᠠᠯ ᠵᠶ᠋ᠠᠷ ᠵᠶ᠋ᠠᠨ ᠡᠯᠡᠰᠦᠨ ᠳᠠᠯᠠᠢ ᠵᠢᠨ ᠲᠤᠳᠤᠷ᠎ᠠ᠎ᠠᠴᠠ ᠠᠯᠤᠰ ᠬᠤᠯᠠ ᠵᠢᠨ ᠤᠰᠤᠨ ᠰᠤᠷᠪᠤᠯᠵᠢ ᠵᠢ ᠦᠨᠦᠷᠯᠡᠵᠦ ᠤᠯᠤᠭ᠋ᠠᠳ ᠤᠰᠤ ᠪᠡᠯᠴᠢᠭᠡᠷ᠎ᠲᠠᠢ ᠪᠠᠶᠠᠨ ᠪᠦᠷᠢᠳᠦ᠎ᠳᠤ ᠬᠦᠷᠳᠡᠭ᠃ ᠲᠡᠷᠡ ᠡᠯᠡᠰᠦᠨ ᠳᠠᠯᠠᠢ᠎ᠳᠤ 21 ᠬᠤᠨᠤᠭ ᠠᠶᠠᠯᠠᠵᠦ 900 ᠺᠢᠯᠤᠮᠸᠲᠷ᠎ᠢ ᠲᠤᠭᠤᠯᠤᠭᠰᠠᠨ ᠲᠡᠮᠳᠡᠭᠯᠡᠯ ᠴᠤ᠌ ᠪᠤᠢ᠃
ᠬᠠᠪᠳᠠᠭ᠋ᠠᠢ ᠵᠢᠨ ᠦᠯ ᠲᠠᠷᠤᠳᠠᠭ ᠤᠷᠭᠤᠮᠠᠯ᠎ᠨᠢ ᠭᠤᠤᠯᠳᠠᠭᠤ ᠵᠠᠭ᠂ ᠰᠤᠬᠠᠢ᠂ ᠰᠢᠷ᠎ᠠ ᠮᠤᠳᠤ᠂ ᠵᠡᠭᠡᠷᠭᠡᠨ᠎ᠡ᠂ ᠪᠠᠭᠯᠠᠭᠤᠷ ᠪᠤᠯᠤᠨ᠎ᠠ᠃ ᠭᠤᠪᠢ ᠵᠢᠨ ᠲᠤᠮᠳᠠ ᠲᠤᠬᠢᠶᠠᠯᠳᠤᠬᠤ ᠤᠮᠳᠠ᠎ᠨᠢ ᠴᠤ᠌ ᠪᠠᠶᠠᠨ ᠪᠦᠷᠢᠳᠦ ᠵᠢᠨ ᠲᠠᠪᠤᠰᠤᠯᠢᠭ ᠤᠰᠤ ᠶᠤᠮ᠃ ᠬᠠᠪᠳᠠᠭ᠋ᠠᠢ ᠵᠢᠯ ᠪᠦᠷᠢ ᠵᠢᠨ ᠬᠤᠶᠠᠷ ᠭᠤᠷᠪᠠᠳᠤᠭ᠋ᠠᠷ ᠰᠠᠷ᠎ᠠ ᠵᠢᠨ ᠦᠶ᠎ᠡ᠎ᠪᠠᠷ ᠤᠷᠤᠭ᠎ᠠ ᠤᠷᠤᠳᠠᠭ᠃ ᠢᠩᠭᠡ ᠬᠠᠪᠳᠠᠭ᠋ᠠᠢ ᠭᠡᠭᠡᠯ ᠵᠶ᠋ᠡᠨ 12—13 ᠰᠠᠷ᠎ᠠ ᠠᠴᠢᠵᠤ ᠨᠢᠭᠡ ᠪᠤᠲᠤᠭᠤ ᠭᠠᠷᠭ᠋ᠠᠨ᠎ᠠ᠃ ᠪᠤᠲᠤᠭᠤ᠎ᠨᠢ ᠨᠢᠭᠡ ᠵᠢᠯ᠎ᠤᠨ ᠳᠠᠷᠠᠭ᠎ᠠ ᠪᠡᠶ᠎ᠡ᠎ᠪᠠᠨ ᠳᠠᠭ᠋ᠠᠭ᠋ᠠᠵᠤ ᠶᠠᠪᠤᠵᠦ ᠴᠢᠳᠠᠬᠤ ᠪᠦᠭᠡᠳ 4—5 ᠨᠠᠰᠤᠯᠠᠪᠠᠯ ᠪᠦᠷ ᠴᠤ᠌ ᠨᠠᠰᠤᠨ᠎ᠳᠤ ᠬᠦᠷᠦᠭᠰᠡᠨ ᠬᠠᠪᠳᠠᠭ᠋ᠠᠢ ᠪᠤᠯᠳᠠᠭ᠃