ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠠᠮᠢᠲᠠᠨ ᠭᠤᠣᠯᠲᠠᠨ
ᠠᠷᠭ᠋ᠠᠯᠢ
ᠨᠡᠶ᠋ᠢᠲᠡᠯᠡᠭᠰᠡᠨ ᠴᠠᠭ᠄ 2022-08-04

      ᠲᠡᠯᠡᠬᠡᠢ ᠳᠡᠭᠡᠷ᠎ᠡ ᠬᠡᠲᠦ ᠬᠡᠳᠦᠨ ᠲᠦᠷᠦᠯ᠎ᠤᠨ ᠬᠡᠭᠡᠷ᠎ᠡ ᠵᠢᠨ ᠬᠤᠨᠢ ᠪᠠᠢ᠌ᠳᠠᠭ᠃   ᠠᠽᠢᠶ᠎ᠠ᠂ ᠡᠸᠦ᠋ᠷᠦᠫᠠ᠂ ᠤᠮᠠᠷᠠᠲᠦ ᠠᠮᠸᠷᠢᠺᠠ ᠵᠢᠨ ᠬᠡᠭᠡᠷ᠎ᠡ ᠵᠢᠨ ᠴᠠᠭ᠋ᠠᠨ ᠬᠤᠨᠢ ᠴᠦᠮ ᠳᠡᠯᠡᠬᠡᠢ᠎ᠳᠤ ᠠᠯᠳᠠᠷᠳᠠᠢ ᠶᠤᠮ᠃ ᠭᠡᠳᠡᠯ᠎ᠡ ᠲᠡᠳᠡᠭᠡᠷ᠎ᠢ ᠮᠠᠨ᠎ᠤ ᠮᠤᠩᠭᠤᠯ᠎ᠤᠨ ᠦᠨᠳᠦᠷᠯᠢᠭ᠎ᠤᠨ ᠠᠷᠭ᠋ᠠᠯᠢ᠎ᠲᠠᠢ ᠠᠳᠠᠯᠢᠳᠬᠠᠬᠤ ᠶᠤᠮ ᠪᠤᠯ ᠪᠤᠭᠳᠠ ᠵᠢᠨ ᠳᠡᠷᠭᠡᠳᠡ ᠪᠠᠨᠳᠢ ᠵᠤᠭᠰᠤᠭᠰᠠᠨ ᠠᠳᠠᠯᠢ ᠶᠤᠮ᠃
      ᠠᠷᠭ᠋ᠠᠯᠢ   ᠭᠡᠳᠡᠭ᠎ᠨᠢ ᠡᠮ ᠬᠤᠨᠢ ᠵᠢ ᠬᠡᠯᠡᠨ᠎ᠡ᠃ ᠡᠷ᠎ᠡ ᠵᠢ ᠤᠭ᠋ᠠᠯᠵᠠ ᠭᠡᠨ᠎ᠡ᠃ ᠬᠤᠶᠠᠭᠤᠯᠠ ᠵᠢ ᠬᠠᠮᠳᠤᠷᠠᠭᠤᠯᠤᠨ ᠠᠷᠭ᠋ᠠᠯᠢ ᠬᠡᠮᠡᠨ ᠨᠡᠷᠡᠢ᠌ᠳᠦᠳᠡᠭ᠃ ᠪᠡᠶ᠎ᠡ ᠵᠢᠨ ᠲᠤᠮᠤ ᠬᠢᠭᠡᠳ ᠡᠪᠡᠷ᠎ᠤᠨ ᠲᠤᠮᠤ᠎ᠪᠠᠷ ᠠᠷᠭ᠋ᠠᠯᠢ᠎ᠨᠢ ᠤᠭ᠋ᠠᠯᠵᠠ ᠵᠢ ᠬᠤᠯᠠ ᠬᠦᠷᠬᠦ ᠦᠭᠡᠢ ᠪᠠᠢ᠌ᠳᠠᠭ᠃ ᠵᠦᠪᠬᠡᠨ ᠵᠢᠷᠤᠭ᠎ᠠᠴᠠ ᠠᠷᠭ᠋ᠠᠯᠢ ᠵᠢ ᠲᠠᠨᠢᠭᠰᠠᠨ ᠬᠦᠮᠦᠰ ᠦᠨᠡᠨ᠎ᠳᠡᠭᠡᠨ ᠤᠭ᠋ᠠᠯᠵᠠ ᠵᠢ ᠠᠷᠭ᠋ᠠᠯᠢ ᠪᠤᠯᠭ᠋ᠠᠨ ᠲᠠᠰᠢᠶ᠎ᠠ ᠳᠠᠭᠤᠳᠠᠵᠦ ᠪᠠᠢ᠌ᠭ᠎ᠠ ᠠᠵᠠᠢ᠃ ᠠᠪᠤᠷᠭᠤ ᠲᠤᠮᠤ ᠪᠡᠶ᠎ᠡ᠂ ᠢᠯᠠᠩᠭᠤᠶ᠎ᠠ ᠤᠭ᠋ᠠᠯᠵᠠᠯᠠᠭᠰᠠᠨ ᠲᠤᠮᠤ ᠡᠪᠡᠷ ᠵᠶ᠋ᠡᠷ ᠵᠶ᠋ᠡᠨ ᠬᠦᠮᠦᠰ᠎ᠲᠤ ᠬᠦᠨ ᠰᠠᠭᠤᠭᠳᠠᠯ ᠦᠭᠭᠦᠭᠰᠡᠨ᠎ᠨᠢ ᠤᠭ᠋ᠠᠯᠵᠠ ᠶᠤᠮ᠃
      ᠮᠤᠩᠭᠤᠯ ᠨᠤᠲᠤᠭ᠎ᠤᠨ ᠤᠭ᠋ᠠᠯᠵᠠ ᠪᠤᠯ ᠲᠡᠯᠡᠭᠡᠢ ᠳᠡᠭᠡᠷᠡᠬᠢ ᠬᠡᠭᠡᠷ᠎ᠡ ᠵᠢᠨ ᠬᠤᠨᠢᠨ᠎ᠤ ᠲᠦᠷᠦᠯ᠎ᠤᠨ ᠠᠪᠤᠷᠭᠤ ᠠᠵᠤᠭᠤ᠃ ᠤᠭ᠋ᠠᠯᠵᠠ ᠵᠢᠨ ᠪᠡᠶ᠎ᠡ ᠬᠦᠯ᠎ᠠᠴᠠ ᠮᠤᠨᠳᠠᠭ᠎ᠠ ᠬᠦᠷᠳᠡᠯ᠎ᠡ 115—120   ᠰᠡᠨᠲ᠋ᠢᠮᠸᠲᠷ᠂ ᠪᠡᠶ᠎ᠡ ᠵᠢᠨ ᠤᠷᠲᠦ 160—180 ᠰᠡᠨᠲ᠋ᠢᠮᠸᠲᠷ᠂ ᠬᠦᠨᠳᠦ᠎ᠨᠢ 125—150 ᠺᠢᠯᠤᠭ᠌ᠷᠠᠮ᠂ ᠴᠢᠨᠠᠭᠰᠢᠯᠠᠨ 200 ᠺᠢᠯᠤᠭ᠌ᠷᠠᠮ ᠬᠦᠷᠳᠡᠭ᠃ ᠡᠭᠦᠨ᠎ᠳᠤ ᠲᠡᠭᠦᠨ᠎ᠤ ᠲᠤᠯᠤᠭ᠋ᠠᠢ᠎ᠨᠢ ᠡᠪᠡᠷ᠎ᠲᠠᠢ᠎ᠪᠠᠨ ᠨᠡᠢ᠌ᠯᠡᠭᠡᠳ 40 ᠺᠢᠯᠤᠭ᠌ᠷᠠᠮ᠎ᠢ ᠡᠵᠡᠯᠡᠳᠡᠭ᠃ ᠲᠤᠯᠤᠭ᠋ᠠᠢ ᠵᠢᠨ ᠡᠢ᠌ᠮᠦ ᠬᠦᠨᠳᠦ᠎ᠨᠢ ᠲᠡᠭᠦᠨ᠎ᠤ ᠡᠪᠡᠷ᠎ᠤᠨ ᠲᠤᠮᠤ᠎ᠠᠴᠠ ᠪᠤᠯᠤᠭᠰᠠᠨ ᠠᠵᠠᠢ᠃ ᠮᠤᠩᠭᠤᠯ ᠤᠭ᠋ᠠᠯᠵᠠ ᠵᠢᠨ ᠡᠪᠡᠷ᠎ᠤᠨ ᠤᠷᠲᠦ᠎ᠨᠢ ᠤᠯᠵᠦ ᠮᠡᠳᠡᠭᠰᠡᠨ ᠵᠶ᠋ᠡᠷ ᠬᠠᠮᠤᠭ ᠤᠷᠲᠦ᠎ᠨᠢ 160—180 ᠰᠡᠨᠲ᠋ᠢᠮᠸᠲᠷ ᠬᠦᠷᠳᠡᠭ᠃ ᠪᠦᠳᠦᠬᠦᠨ᠎ᠨᠢ 50—60 ᠰᠡᠨᠲ᠋ᠢᠮᠸᠲᠷ ᠪᠤᠢ᠃   ᠤᠭ᠋ᠠᠯᠵᠠ ᠭᠡᠳᠡᠭ ᠨᠡᠷ᠎ᠡ᠎ᠨᠢ ᠴᠤ᠌ ᠲᠡᠭᠦᠨ᠎ᠤ ᠡᠪᠡᠷ᠎ᠤᠨ ᠬᠡᠯᠪᠡᠷᠢ ᠲᠦᠷᠰᠦ᠎ᠠᠴᠠ ᠡᠰᠢᠯᠠᠨ ᠨᠡᠷᠡᠢ᠌ᠳᠦᠭᠰᠡᠨ ᠪᠢᠯᠡ᠃
    ᠠᠷᠭ᠋ᠠᠯᠢ ᠵᠢᠨ ᠪᠡᠶ᠎ᠡ ᠪᠠᠢ᠌ᠳᠠᠯ ᠬᠤᠨᠢ᠎ᠲᠠᠢ ᠲᠦᠰᠳᠡᠢ ᠪᠤᠯᠪᠠᠴᠤ ᠪᠠᠢ᠌ᠭ᠋ᠠᠯᠢ ᠵᠢᠨ ᠨᠦᠬᠦᠴᠡᠯ᠎ᠳᠤ ᠵᠤᠬᠢᠯᠳᠤᠵᠤ ᠬᠦᠯ᠎ᠨᠢ ᠨᠠᠷᠢᠬᠠᠨ ᠤᠷᠳᠦ᠃ ᠦᠰᠦ᠎ᠨᠢ ᠲᠠᠴᠢᠷ ᠰᠢᠷᠦᠬᠦᠨ᠂ ᠭᠤᠳᠤᠭᠤᠷ ᠵᠢᠵᠢᠭ ᠰᠡᠭᠦᠯ᠎ᠲᠠᠢ ᠪᠤᠯᠵᠠᠢ᠃ ᠵᠢᠰᠦ᠎ᠨᠢ ᠭᠠᠵᠠᠷ ᠤᠷᠤᠨ᠎ᠤ ᠪᠠᠢ᠌ᠳᠠᠯ᠎ᠠᠴᠠ ᠪᠤᠯᠵᠤ᠂ ᠬᠤᠪᠢᠷᠠᠮᠠᠳᠠᠭ᠋ᠠᠢ ᠪᠤᠯᠪᠠᠴᠤ ᠶᠡᠷᠦᠩᠭᠡᠢ᠎ᠳᠡᠭᠡᠨ ᠶᠠᠭ᠋ᠠᠪᠳᠤᠷ ᠬᠦᠷᠡᠩ᠂ ᠪᠤᠷᠤ ᠬᠦᠷᠡᠩ᠂ ᠡᠪᠤᠯ ᠬᠠᠪᠤᠷ ᠪᠦᠳᠡᠬᠢ ᠴᠠᠢ᠌ᠪᠤᠷ ᠪᠤᠯᠤᠨ᠎ᠠ᠃ ᠬᠡᠪᠡᠯᠢ ᠬᠤᠩᠰᠢᠶᠠᠷ᠂ ᠲᠠᠩ᠎ᠨᠢ ᠴᠠᠭ᠋ᠠᠨ᠃ ᠠᠷᠭ᠋ᠠᠯᠢ ᠠᠭᠤᠯᠠ ᠵᠢᠨ ᠠᠮᠢᠲᠠᠨ ᠪᠤᠯᠪᠠᠴᠤ ᠶᠠᠩᠭᠢᠷ ᠰᠢᠭ᠋ ᠶᠠᠩ ᠰᠠᠷᠢᠳᠠᠭ᠂ ᠬᠠᠳᠠ ᠠᠰᠬ᠎ᠠ ᠪᠠᠷᠢᠵᠦ ᠶᠠᠪᠤᠳᠠᠭ ᠦᠭᠡᠢ᠂ ᠬᠠᠷᠢᠨ ᠲᠠᠭ᠋ᠠᠨ᠎ᠠ᠂ ᠬᠢᠯᠭ᠋ᠠᠨ᠎ᠠ ᠤᠷᠭᠤᠭᠰᠠᠨ ᠵᠢᠵᠢᠭ ᠲᠤᠯᠤᠭ᠋ᠠᠢ᠌ᠲᠦ ᠰᠠᠢ᠌ᠷ ᠬᠦᠨᠳᠡᠢ ᠪᠤᠯ ᠲᠡᠭᠦᠨ᠎ᠤ ᠬᠠᠮᠤᠭ᠎ᠤᠨ ᠢᠳᠡᠭᠡᠰᠢᠯᠲᠦ ᠨᠤᠲᠤᠭ ᠶᠤᠮ᠃ ᠵᠤᠨ᠎ᠤ ᠴᠠᠭ᠎ᠲᠤ ᠦᠷᠯᠦᠭᠡ ᠦᠳᠡᠰᠢ ᠰᠦᠨᠢ ᠵᠢᠨ ᠰᠡᠷᠢᠬᠦᠨ ᠵᠶ᠋ᠡᠷ ᠪᠡᠯᠴᠢᠭᠡᠷᠯᠡᠵᠦ ᠦᠳᠡ ᠵᠢᠨ ᠬᠠᠯᠠᠭᠤᠨ᠎ᠳᠤ ᠰᠡᠭᠦᠳᠡᠷ ᠭᠠᠵᠠᠷ ᠬᠤᠷᠭᠤᠳᠠᠨ᠎ᠠ᠃ ᠰᠡᠷᠢᠬᠦᠨ ᠤᠯᠠᠷᠢᠯ᠎ᠳᠤ ᠡᠳᠦᠷ᠎ᠤᠨ ᠴᠠᠭ ᠵᠶ᠋ᠠᠷ ᠪᠡᠯᠴᠢᠭᠡᠷᠯᠡᠨ᠎ᠡ᠃ ᠠᠷᠭ᠋ᠠᠯᠢ ᠤᠭ᠋ᠠᠯᠵᠠ 1—2᠂ 4—5᠂ ᠵᠠᠷᠢᠮ᠎ᠳᠠᠭᠠᠨ ᠭᠤᠴᠢ   ᠲᠦᠴᠢ᠎ᠪᠠᠷ ᠰᠦᠷᠦᠭᠯᠡᠨ ᠪᠡᠯᠴᠢᠳᠡᠭ᠃ ᠠᠷᠭ᠋ᠠᠯᠢ ᠬᠡᠭᠡᠯ ᠵᠶ᠋ᠡᠨ ᠲᠡᠭᠡᠭᠡᠵᠦ ᠲᠤᠯᠤᠭ᠋ᠠᠨ ᠰᠠᠷ᠎ᠠ ᠤᠷᠴᠢᠮ ᠠᠴᠢᠵᠦ᠂ 9—10 ᠰᠠᠷ᠎ᠠ᠎ᠳᠤ ᠭᠤᠤᠯᠳᠠᠭᠤ ᠨᠢᠭᠡ᠂ ᠬᠠᠶᠠ ᠢᠬᠡᠷ᠎ᠡ ᠬᠤᠷᠠᠭ᠎ᠠ ᠭᠠᠷᠭ᠋ᠠᠨ᠎ᠠ᠃
      ᠪᠡᠯᠴᠢᠭᠡᠷᠯᠡᠬᠦ ᠦᠶᠡᠰ᠂ ᠢᠯᠠᠩᠭᠤᠶ᠎ᠠ ᠡᠪᠤᠯ᠎ᠤᠨ ᠶᠡᠬᠡ ᠴᠠᠰᠤᠨ᠎ᠳᠤ ᠤᠰᠦ ᠪᠡᠯᠴᠢᠭᠡᠷ ᠡᠷᠢᠵᠦ᠂ ᠠᠭᠤᠯᠠ ᠳᠠᠪᠠᠭ᠎ᠠ ᠳᠠᠪᠠᠨ ᠭᠤᠤ ᠭᠠᠩ ᠲᠤᠭᠤᠯᠤᠨ ᠰᠦᠷᠦᠭᠯᠡᠨ ᠶᠠᠪᠤᠬᠤ ᠦᠶᠡᠰ ᠪᠠᠢ᠌ᠨ ᠪᠠᠢ᠌ᠨ ᠴᠢᠨ᠋ᠸ᠎ᠠ ᠵᠢᠨ ᠳᠠᠭ᠋ᠠᠷᠢᠯᠳᠠ᠎ᠳᠤ ᠤᠴᠠᠷᠠᠳᠠᠭ᠃ ᠡᠨᠡ ᠦᠶᠡᠰ ᠤᠭ᠋ᠠᠯᠵᠠ ᠵᠢᠨ ᠡᠪᠡᠷ᠎ᠨᠢ ᠲᠤᠰᠠ ᠪᠤᠯᠵᠤ ᠴᠢᠳᠠᠬᠤ ᠦᠭᠡᠢ᠎ᠪᠠᠷ ᠦᠯᠦ ᠪᠠᠷᠠᠮ ᠳᠠᠷᠤᠭ᠋ᠠᠰᠤ ᠪᠤᠯᠳᠠᠭ᠃ ᠠᠷᠭ᠋ᠠᠯᠢ᠎ᠪᠠᠨ ᠪᠤᠯᠢᠶᠠᠯᠳᠤᠨ ᠦᠬᠦᠵᠦ ᠰᠡᠭᠡᠬᠦ ᠵᠢᠨ ᠲᠡᠮᠡᠴᠡᠯ ᠬᠢᠵᠦ ᠬᠤᠶᠠᠷ ᠬᠦᠲᠦᠯ᠎ᠠᠴᠠ ᠬᠦᠶᠦᠨ ᠢᠷᠡᠵᠦ ᠬᠠᠮᠤᠭ ᠬᠦᠴᠦ᠎ᠪᠠᠷ ᠮᠦᠷᠬᠦᠯᠳᠡᠳᠡᠭ ᠤᠭ᠋ᠠᠯᠵᠠ ᠵᠢᠨ ᠲᠤᠮᠤ ᠡᠪᠡᠷ ᠡᠨᠡ ᠦᠶᠡᠰ ᠬᠠᠷᠢᠨ ᠳᠠᠷᠤᠭ᠋ᠠᠰᠤ ᠪᠤᠯᠵᠦ ᠬᠤᠷᠳᠤᠨ ᠬᠦᠶᠦᠬᠦ᠎ᠳᠤ᠎ᠨᠢ ᠬᠠᠷᠰᠢ ᠪᠤᠯᠵᠤ ᠤᠯᠠᠨ᠎ᠠᠴᠠ ᠬᠤᠴᠤᠷᠤᠨ ᠴᠢᠨ᠋ᠸ᠎ᠠ᠎ᠳᠤ ᠪᠠᠷᠢᠭᠳᠠᠳᠠᠭ ᠵᠢᠱ᠌ᠢᠶ᠎ᠡ ᠴᠤ᠌ ᠪᠤᠢ᠃



ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠪᠠ ᠨᠤᠳᠤᠭ ᠪᠡᠯᠴᠢᠭᠡᠷ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠮᠤᠩᠭᠤᠯ ᠦᠬᠡᠷ
ᠢᠮᠠᠭ᠎ᠠ ᠵᠢ ᠬᠦᠢ᠍ᠰᠦ ᠴᠢᠨᠠᠷ ᠵᠶ᠋ᠠᠷ᠎ᠨᠢ ᠢᠯᠭ᠋ᠠᠨ ᠨᠡᠷᠡᠯᠡᠬᠦ
ᠢᠯᠠᠭ᠎ᠠ
ᠪᠦᠷᠢᠶ᠎ᠡ ᠬᠤᠷᠤᠬᠠᠢ
ᠴᠢᠩᠨᠢᠨᠠ ᠦᠬᠡᠷ
 
             蒙ICP备05000248号