ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠠᠮᠢᠲᠠᠨ ᠭᠤᠣᠯᠲᠠᠨ
ᠮᠤᠩᠭᠤᠯ ᠦᠬᠡᠷ
ᠨᠡᠶ᠋ᠢᠲᠡᠯᠡᠭᠰᠡᠨ ᠴᠠᠭ᠄ 2022-09-13

      ᠦᠬᠡᠷ ᠭᠡᠳᠡᠭ ᠳᠠᠭᠤᠳᠠᠯᠭ᠎ᠠ ᠪᠤᠯ ᠤᠯᠠᠨ ᠲᠤᠭ᠋ᠠᠨ᠎ᠤ ᠶᠡᠷᠦᠩᠬᠡᠶ᠋ᠢᠯᠡᠭᠰᠡᠨ ᠨᠡᠷᠡᠶ᠋ᠢᠳᠦᠯ ᠪᠤᠯᠬᠤ ᠶᠤᠮ᠃ ᠡᠭᠦᠨ᠎ᠳᠤ ᠭᠤᠤᠯᠳᠠᠭᠤ ᠦᠬᠡᠷ ᠰᠥᠷᠥᠭ᠂ ᠦᠬᠡᠷ᠎ᠤᠳ ᠭᠡᠬᠦ ᠮᠠᠲᠦ᠎ᠪᠠᠷ ᠨᠡᠷᠡᠯᠡᠨ᠂ ᠦᠬᠡᠷ ᠬᠠᠷᠢᠭᠤᠯᠳᠠᠭ ᠬᠥᠮᠦᠰ᠎ᠢ 《ᠦᠬᠡᠷᠴᠢᠨ》 ᠬᠡᠮᠡᠨ ᠳᠠᠭᠤᠳᠠᠳᠠᠭ ᠪᠦᠭᠡᠳ ᠪᠠᠶ᠋ᠢᠭ᠋ᠠᠯᠢᠯᠢᠭ ᠨᠤᠲᠤᠭ ᠪᠡᠯᠴᠢᠭᠡᠷ ᠳᠡᠭᠡᠷ᠎ᠡ ᠬᠠᠷᠢᠭᠤᠯᠤᠨ ᠥᠰᠭᠡᠬᠦ ᠵᠢ 《ᠦᠬᠡᠷ ᠮᠠᠯᠵᠢᠬᠤ》 ᠭᠡᠳᠡᠭ ᠶᠤᠮ᠃

      ᠦᠬᠡᠷ ᠰᠥᠷᠥᠭ᠎ᠤᠨ ᠳᠤᠲᠤᠷᠠᠬᠢ ᠪᠥᠲᠥᠴᠠ ᠵᠢ ᠨᠠᠰᠤ ᠬᠦᠢ᠍ᠰᠦ᠎ᠪᠠᠷ᠎ᠨᠢ ᠠᠩᠬᠢᠯᠠᠪᠠᠯ᠂ ᠦᠬᠡᠷ ᠰᠥᠷᠥᠭ᠎ᠤᠨ ᠳᠤᠲᠤᠷᠠᠬᠢ ᠨᠠᠰᠤ ᠭᠦᠢ᠍ᠴᠡᠭᠰᠡᠨ ᠡᠴᠢᠭᠡ ᠮᠠᠯ᠎ᠢ ᠪᠤᠬ᠎ᠠ᠂ ᠡᠬᠡ ᠮᠠᠯ᠎ᠢ ᠦᠨᠢᠶ᠎ᠡ᠂ ᠴᠠᠭ᠋ᠠᠯᠠᠭᠰᠠᠨ ᠡᠷ᠎ᠡ ᠮᠠᠯ᠎ᠢ ᠡᠷ᠎ᠡ ᠦᠬᠡᠷ ᠭᠡᠵᠤ ᠠᠩᠬᠢᠯᠠᠨ᠂ ᠨᠠᠰᠤ ᠭᠦᠢ᠍ᠴᠡᠭᠰᠡᠨ ᠡᠷ᠎ᠡ ᠦᠬᠡᠷ᠎ᠢ ᠠᠮᠪᠠᠨ ᠱᠠᠷ ᠭᠡᠳᠡᠭ᠃ 5 ᠨᠠᠰᠤᠨ᠎ᠤ᠎ᠬᠢ ᠵᠢ ᠰᠤᠶᠤᠯᠠᠩ ᠪᠤᠬ᠎ᠠ᠂ ᠰᠤᠶᠤᠯᠠᠩ ᠦᠨᠢᠶ᠎ᠡ᠂ ᠰᠤᠶᠤᠯᠠᠩ ᠡᠷ᠎ᠡ ᠦᠬᠡᠷ ᠭᠡᠬᠦ ᠮᠡᠲᠦ᠎ᠪᠠᠷ ᠨᠡᠷᠡᠯᠡᠵᠤ᠂ 4 ᠨᠠᠰᠤᠨ᠎ᠤ᠎ᠬᠢ ᠵᠢ ᠬᠢᠵᠠᠯᠠᠩ ᠪᠤᠬ᠎ᠠ᠂ ᠬᠢᠵᠠᠯᠠᠩ ᠦᠨᠢᠶ᠎ᠡ᠂ ᠬᠢᠵᠠᠯᠠᠩ ᠡᠷ᠎ᠡ ᠦᠬᠡᠷ (ᠳᠦᠨᠡᠨ ᠦᠬᠡᠷ) ᠭᠡᠵᠤ᠂ 3 ᠨᠠᠰᠤᠨ᠎ᠤ᠎ᠬᠢ ᠵᠢ ᠰᠢᠳᠦᠯᠡᠩ ᠪᠤᠬ᠎ᠠ᠂ ᠦᠬᠢᠨ ᠰᠢᠳᠦᠯᠡᠩ (ᠭᠤᠨᠵᠢ)᠂ ᠰᠢᠳᠦᠯᠡᠩ ᠡᠷ᠎ᠡ ᠦᠬᠡᠷ (ᠭᠤᠨᠠᠨ ᠦᠬᠡᠷ) ᠭᠡᠵᠤ᠂ 2 ᠨᠠᠰᠤᠨ᠎ᠤ᠎ᠬᠢ ᠵᠢ ᠪᠢᠷᠠᠭᠤ ᠭᠡᠵᠤ ᠠᠩᠬᠢᠯᠠᠨ᠂ ᠪᠢᠷᠠᠭᠤᠨ ᠪᠤᠬ᠎ᠠ᠂ ᠦᠬᠢᠨ ᠪᠢᠷᠠᠭᠤ (ᠡᠮ᠎ᠡ ᠪᠢᠷᠠᠭᠤ)᠂ ᠡᠷ᠎ᠡ ᠪᠢᠷᠠᠭᠤ ᠭᠡᠬᠦ ᠮᠠᠲᠦ᠎ᠪᠠᠷ ᠨᠡᠷᠡᠯᠡᠵᠤ᠂ 1 ᠨᠠᠰᠤᠨ᠎ᠤ᠎ᠬᠢ ᠵᠢ ᠲᠤᠭᠤᠯ ᠭᠡᠵᠤ ᠠᠩᠬᠢᠯᠠᠨ᠂ ᠡᠷ᠎ᠡ ᠲᠤᠭᠤᠯ᠂ ᠦᠬᠢᠨ ᠲᠤᠭᠤᠯ (ᠡᠮ᠎ᠡ ᠲᠤᠭᠤᠯ) ᠭᠡᠵᠤ᠂ ᠰᠠᠶᠢᠬᠠᠨ ᠭᠠᠷᠤᠭᠰᠠᠨ ᠲᠤᠭᠤᠯ᠎ᠢ ᠨᠢᠯᠬ᠎ᠠ ᠲᠤᠭᠤᠯ ᠭᠡᠵᠤ ᠳᠠᠭᠤᠳᠠᠳᠠᠭ ᠪᠠᠶ᠋ᠢᠨ᠎ᠠ᠃ ᠮᠤᠩᠭᠤᠯ ᠦᠬᠡᠷ ᠪᠤᠯ ᠮᠠᠨ᠎ᠤ ᠤᠯᠤᠰ᠎ᠤᠨ ᠰᠢᠷ᠎ᠠ ᠦᠬᠡᠷ᠎ᠤᠨ ᠳᠤᠲᠤᠷᠠᠬᠢ ᠲᠤᠭ᠎ᠠ ᠲᠤᠯᠤᠭ᠋ᠠᠢ᠎ᠪᠠᠷ ᠤᠯᠠᠨ᠂ ᠲᠠᠷᠬᠠᠯᠲᠠ᠎ᠪᠠᠷ ᠲᠡᠶ᠋ᠢᠮᠦ ᠥᠷᠭᠡᠨ ᠪᠢᠰᠢ ᠡᠭᠦᠯᠳᠡᠷ ᠪᠤᠯᠬᠤ ᠪᠦᠭᠡᠳ ᠨᠤᠲᠤᠭ᠎ᠤᠨ ᠮᠤᠩᠭᠤᠯ ᠦᠬᠡᠷ᠎ᠢ ᠦᠶ᠎ᠡ ᠤᠯᠠᠷᠢᠨ ᠰᠢᠷᠭ᠋ᠠᠭᠤ ᠬᠠᠲᠠᠭᠤᠵᠢᠯᠲᠠᠢ᠎ᠪᠠᠷ ᠰᠤᠩᠭᠤᠨ ᠪᠤᠶ᠋ᠢᠵᠢᠭᠤᠯᠵᠤ ᠢᠷᠡᠭᠰᠡᠨ ᠶᠤᠮ᠃

      ᠮᠤᠩᠭᠤᠯ ᠦᠬᠡᠷ᠎ᠤᠨ ᠪᠡᠶ᠎ᠡ ᠴᠤᠭᠴᠠ ᠵᠢᠨ ᠤᠯᠠᠩᠬᠢ᠎ᠨᠢ ᠪᠠᠬᠢᠯᠢᠭ᠌ ᠬᠡᠪᠰᠢᠯ ᠪᠤᠶᠤ ᠪᠦᠳᠦᠭᠦᠯᠢᠭ ᠴᠢᠩᠭ᠎ᠠ ᠬᠡᠪᠰᠢᠯ᠎ᠳᠤ ᠬᠠᠷᠢᠶᠠᠯᠠᠭᠳᠠᠵᠤ᠂ ᠲᠤᠯᠤᠭ᠋ᠠᠢ᠎ᠨᠢ ᠤᠬᠤᠷ ᠮᠥᠷᠳᠡᠭᠡᠨ ᠪᠦᠳᠦᠭᠦᠨ᠂ ᠨᠢᠳᠦ᠎ᠨᠢ ᠲᠤᠮᠤ ᠪᠦᠭᠡᠳ ᠴᠤᠭᠲᠠᠢ ᠪᠠᠶ᠋ᠢᠵᠤ᠂ ᠥᠡᠭᠭᠡ᠎ᠨᠢ ᠰᠢᠷᠠᠪᠲᠤᠷ ᠪᠤᠶᠤ ᠪᠤᠷᠤ᠂ ᠬᠤᠶᠠᠷ ᠡᠪᠡᠷ᠎ᠤᠨ ᠬᠤᠭᠤᠷᠤᠨᠳᠤᠬᠢ ᠵᠠᠢ᠎ᠨᠢ ᠪᠠᠭ᠎ᠠ ᠪᠠᠶ᠋ᠢᠳᠠᠭ᠃ ᠰᠡᠷᠪᠡᠭᠡ᠎ᠨᠢ ᠳᠤᠤᠷ᠎ᠠ ᠰᠢᠭ᠋᠂ ᠬᠦᠵᠦᠭᠦᠤ᠎ᠨᠢ ᠤᠬᠤᠷ ᠪᠦᠭᠡᠳ ᠨᠢᠮᠭᠡᠨ᠂ ᠴᠡᠭᠡᠵᠢ᠎ᠨᠢ ᠥᠷᠭᠡᠨ ᠭᠦᠨ᠂ ᠨᠢᠷᠤᠭᠤ᠎ᠨᠢ ᠳᠡᠭᠰᠢ᠂ ᠬᠠᠪᠢᠷᠭ᠎ᠠ᠎ᠨᠢ ᠲᠡᠨᠢᠭᠡᠷ᠂ ᠳᠠᠰᠢᠶ᠎ᠠ᠎ᠨᠢ ᠤᠬᠤᠷ ᠮᠥᠷᠳᠡᠭᠡᠨ ᠳᠠᠰᠢᠭᠤᠯᠢᠭ᠂ ᠳᠡᠯᠡᠩ ᠎ᠤᠨ ᠰᠠᠭᠤᠷᠢ᠎ᠨᠢ ᠥᠷᠭᠡᠨ᠂ ᠬᠦᠬᠦᠨ ᠳᠤᠪᠴᠢ᠎ᠨᠢ ᠵᠢᠵᠢᠭ ᠪᠠᠶ᠋ᠢᠳᠠᠭ᠃ ᠮᠥᠴᠢ᠎ᠨᠢ ᠪᠤᠭᠤᠨᠢ ᠪᠦᠭᠡᠳ ᠬᠤᠶ᠋ᠢᠲᠦ ᠮᠥᠴᠢ ᠵᠢᠨ ᠤᠯᠠᠩᠬᠢ᠎ᠨᠢ ᠲᠤᠩᠭᠤᠷᠭᠤᠨ ᠪᠠᠶ᠋ᠢᠵᠤ᠂ ᠭᠤᠶᠠᠨ᠎ᠤ ᠪᠤᠯᠴᠢᠩ᠎ᠨᠢ ᠪᠤᠶ᠋ᠢᠵᠢᠯᠲᠠ ᠰᠠᠶ᠋ᠢᠲᠠᠢ᠂ ᠲᠤᠭᠤᠷᠠᠢ ᠎ᠨᠢ ᠠᠪᠰᠠᠷᠬᠠᠨ ᠪᠦᠭᠡᠳ ᠪᠥᠬᠡᠯᠢᠭ ᠪᠠᠶ᠋ᠢᠳᠠᠭ᠃ ᠤᠯᠠᠩᠬᠢ᠎ᠨᠢ ᠤᠯᠠᠭ᠋ᠠᠨ᠂ ᠰᠢᠷ᠎ᠠ᠂ ᠬᠠᠷ᠎ᠠ ᠥᠡᠭᠭᠡᠲᠡᠢ ᠪᠠᠶ᠋ᠢᠳᠠᠭ᠃

      ᠮᠤᠩᠭᠤᠯ ᠦᠬᠡᠷ᠎ᠢ ᠬᠡᠭᠡᠷᠡᠯᠡᠨ ᠮᠠᠯᠵᠢᠬᠤ ᠪᠠ ᠬᠤᠲᠠᠯᠠᠨ ᠮᠠᠯᠵᠢᠬᠤ᠎ᠳᠤ ᠪᠦᠷ ᠵᠤᠬᠢᠴᠠᠬᠤ ᠤᠴᠢᠷ᠎ᠠᠴᠠ ᠠᠷᠠᠴᠢᠯᠠᠵᠤ ᠮᠠᠯᠵᠢᠬᠤ᠎ᠳᠤ ᠳᠦᠭᠦᠮ᠂ ᠨᠤᠲᠤᠭ ᠤᠷᠤᠨ᠎ᠤ ᠠᠭᠤᠷ ᠠᠮᠢᠰᠬᠤᠯ᠎ᠳᠤ ᠵᠤᠬᠢᠴᠠᠩᠭᠤᠢ᠂ ᠵᠤᠬᠢᠬᠤ ᠬᠡᠮᠵᠢᠶᠠᠨ᠎ᠤ ᠵᠤᠳ ᠭᠠᠮᠰᠢᠭ᠎ᠢ ᠡᠰᠡᠷᠭᠦᠴᠡᠬᠦ ᠪᠠ ᠬᠦᠢ᠍ᠲᠡᠨ᠎ᠢ ᠳᠡᠰᠪᠦᠷᠢᠯᠡᠬᠦ ᠴᠢᠳᠠᠪᠤᠷᠢ᠎ᠲᠠᠢ ᠪᠠᠶ᠋ᠢᠳᠠᠭ᠃ ᠪᠡᠶ᠎ᠡ᠎ᠨᠢ ᠪᠠᠭ᠋ᠠᠪᠲᠤᠷ ᠪᠤᠯᠪᠠᠴᠦ ᠬᠥᠯ᠎ᠨᠢ ᠪᠤᠭᠤᠨᠢ ᠮᠢᠬ᠎ᠠ᠎ᠨᠢ ᠠᠮᠲᠠᠯᠢᠭ ᠪᠦᠭᠡᠳ ᠰᠢᠮ᠎ᠡ᠎ᠲᠠᠢ᠂ ᠬᠥᠯᠥᠪᠥᠷᠢ ᠡᠳ᠋ᠯᠡᠭᠡᠨ᠎ᠳᠤ ᠲᠠᠭ᠋ᠠᠭ᠋ᠠᠴᠠᠳᠠᠢ ᠪᠠᠶ᠋ᠢᠳᠠᠭ ᠵᠶ᠋ᠠᠷ ᠵᠶ᠋ᠠᠨ ᠬᠤᠯᠠ ᠤᠶ᠋ᠢᠷ᠎ᠠ ᠵᠢᠨ ᠬᠥᠮᠦᠰ᠎ᠤᠨ ᠭᠦᠨ ᠳᠠᠭ᠋ᠠᠰᠢᠶᠠᠯ᠎ᠢ ᠤᠯᠵᠤ ᠪᠠᠶ᠋ᠢᠳᠠᠭ᠃

      ᠥᠬᠡᠷ᠎ᠤᠨ ᠪᠠᠭ᠋ᠠᠰᠤ ᠠᠷᠭ᠋ᠠᠯ᠎ᠨᠢ ᠠᠶ᠋ᠢᠯ ᠡᠷᠦᠬᠡ ᠵᠢᠨ ᠭᠠᠯ ᠲᠤᠯᠭ᠎ᠠ ᠵᠢᠨ ᠰᠢᠲᠠᠭ᠋ᠠᠯᠭ᠎ᠠ ᠪᠤᠯᠵᠤ᠂ ᠦᠬᠡᠷ᠎ᠤᠨ ᠮᠢᠬ᠎ᠠ᠎ᠨᠢ ᠠᠮᠲᠠ ᠰᠢᠮᠲᠡ ᠰᠠᠶ᠋ᠢᠲᠠᠢ ᠪᠤᠯᠬᠤᠷ ᠰᠢᠨ᠎ᠡ ᠰᠤᠷᠭᠤᠭ ᠵᠶ᠋ᠠᠷ ᠢᠳᠡᠬᠦ ᠪᠤᠶᠤ ᠰᠢᠷᠭ᠋ᠠᠯᠠᠨ ᠬᠠᠲᠠᠭ᠋ᠠᠵᠤ ᠨᠦᠳᠦᠵᠤ ᠬᠡᠮᠬᠡᠯᠡᠨ ᠠᠶᠠᠨ ᠵᠢᠩ᠎ᠳᠤ ᠠᠪᠴᠦ ᠶᠠᠪᠤᠬᠤ᠎ᠳᠤ ᠳᠦᠭᠦᠮ ᠢᠳᠡᠭᠡᠨ ᠪᠤᠯᠳᠠᠭ᠃ ᠦᠨᠢᠶᠡᠨ ᠰᠦ ᠵᠢ ᠬᠥᠷᠥᠩᠭᠡᠯᠡᠨ ᠢᠰᠭᠡᠵᠤ ᠰᠠᠭ᠋ᠠᠯᠢ ᠵᠢᠨ ᠠᠷᠢᠬᠢ ᠨᠡᠷᠡᠬᠦ᠂ ᠬᠤᠷᠤᠳ ᠪᠢᠰᠢᠯᠠᠭ ᠬᠢᠬᠦ᠂ ᠥᠷᠥᠮ᠎ᠡ ᠵᠥᠭᠡᠬᠡᠢ ᠭᠥᠰᠢᠭᠡᠬᠦ ᠵᠡᠷᠭᠡ ᠴᠠᠭ᠋ᠠᠨ ᠢᠳᠡᠭᠡᠨ᠎ᠤ ᠪᠤᠯᠪᠠᠰᠤᠷᠠᠭᠤᠯᠤᠯᠲᠠ ᠪᠤᠯᠳᠠᠭ ᠪᠦᠭᠡᠳ ᠦᠬᠡᠷ᠎ᠤᠨ ᠠᠷᠠᠰᠤ ᠵᠢ ᠲᠥᠭᠦᠬᠡᠢ ᠴᠤᠯᠭᠤᠢ᠎ᠪᠠᠷ᠎ᠨᠢ ᠦᠳᠡᠷᠢ ᠪᠤᠭᠤᠯᠲᠠ ᠬᠢᠬᠦ ᠪᠤᠶᠤ ᠢᠳᠡᠭᠡᠯᠡᠵᠤ ᠡᠯᠳᠡᠭᠡᠳ ᠰᠤᠷ ᠪᠤᠯᠭ᠋ᠠᠨ ᠮᠤᠷᠢ ᠲᠡᠮᠡᠭᠡ᠂ ᠲᠡᠷᠭᠡ ᠬᠥᠯᠥᠪᠦᠷᠢ ᠵᠢᠨ ᠡᠳ᠋ᠯᠡᠯ ᠬᠢᠬᠦ᠂ ᠲᠤᠭᠤᠯ᠎ᠤᠨ ᠠᠷᠠᠰᠤ᠎ᠪᠠᠷ ᠲᠤᠯᠤᠮ ᠬᠢᠬᠦ᠂ ᠦᠬᠡᠷ᠎ᠤᠨ ᠦᠰᠦ᠎ᠪᠠᠷ ᠭᠤᠲᠤᠯ ᠤᠶ᠋ᠢᠮᠤᠰᠤ ᠬᠢᠬᠦ ᠵᠡᠷᠭᠡ ᠬᠡᠷᠡᠭᠴᠡᠭᠡ ᠎ᠲᠠᠢ ᠪᠠᠶ᠋ᠢᠳᠠᠭ᠃ ᠪᠡᠯᠡᠳᠬᠡᠭᠰᠡᠨ᠎ᠨᠢ᠄ ᠡᠷᠳᠡᠨᠢᠬᠦᠦ ᠨᠠᠶ᠋ᠢᠷᠠᠭᠤᠯᠤᠭᠰᠠᠨ᠎ᠨᠢ᠄ ᠨᠠᠮᠤᠷ ᠬᠢᠨᠠᠭᠰᠠᠨ᠎ᠨᠢ᠄ ᠤᠷᠢᠬᠠᠨ

ᠢᠷᠡᠯᠲᠡ᠄
          
ᠬᠠᠮᠢᠶ᠎ᠡ ᠪᠦᠬᠦᠢ ᠰᠣᠨᠢᠨ
ᠢᠮᠠᠭ᠎ᠠ ᠵᠢ ᠬᠦᠢ᠍ᠰᠦ ᠴᠢᠨᠠᠷ ᠵᠶ᠋ᠠᠷ᠎ᠨᠢ ᠢᠯᠭ᠋ᠠᠨ ᠨᠡᠷᠡᠯᠡᠬᠦ
ᠢᠯᠠᠭ᠎ᠠ
ᠪᠦᠷᠢᠶ᠎ᠡ ᠬᠤᠷᠤᠬᠠᠢ
ᠴᠢᠩᠨᠢᠨᠠ ᠦᠬᠡᠷ
ᠮᠢᠬᠠᠨ᠎ᠤ ᠤᠬᠤᠷ ᠡᠪᠡᠷᠲᠦ ᠦᠬᠡᠷ
 
             蒙ICP备05000248号