ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠠᠮᠢᠲᠠᠨ ᠭᠤᠣᠯᠲᠠᠨ
ᠬᠠᠨᠳᠠᠭ᠋ᠠᠢ
ᠨᠡᠶ᠋ᠢᠲᠡᠯᠡᠭᠰᠡᠨ ᠴᠠᠭ᠄ 2022-04-02

      ᠬᠠᠨᠳᠠᠭ᠋ᠠᠢ ᠪᠤᠯ ᠮᠠᠨ᠎ᠤ ᠤᠷᠤᠨ᠎ᠤ ᠬᠤᠪᠦᠷ ᠨᠠᠨᠳᠢᠨ ᠠᠮᠢᠳᠠᠨ ᠪᠤᠯᠤᠨ᠎ᠠ᠃ ᠲᠡᠬᠦᠨ᠎ᠤ ᠠᠯᠳᠠᠷ ᠡᠷᠲᠡᠨ᠎ᠠᠴᠠ ᠮᠠᠨ᠎ᠤ ᠮᠤᠩᠭᠤᠯᠴᠤᠳ᠎ᠤᠨ ᠳᠠᠭᠤᠤ ᠰᠢᠯᠦᠭ᠂ ᠠᠮᠠᠨ ᠵᠤᠬᠢᠶᠠᠯ ᠪᠢᠴᠢᠭ᠎ᠤᠨ ᠵᠤᠬᠢᠶᠠᠯ᠎ᠳᠤ ᠬᠠᠷᠠᠭᠳᠠᠭᠰᠠᠭ᠋ᠠᠷ ᠢᠷᠡᠪᠡ᠃
      ᠬᠠᠨᠳᠠᠭ᠋ᠠᠢ᠎ᠨᠢ ᠪᠤᠭᠤ ᠵᠢᠨ ᠢᠵᠠᠭᠤᠷ᠎ᠤᠨ ᠲᠤᠳᠤᠷᠠᠬᠢ ᠬᠠᠮᠤᠭ᠎ᠤᠨ ᠲᠤᠮᠤ ᠪᠡᠶᠡᠳᠡᠨ ᠪᠤᠯᠤᠨ᠎ᠠ᠃ ᠮᠠᠨ᠎ᠤ ᠮᠤᠩᠭᠤᠯ ᠤᠷᠤᠨ᠎ᠤ ᠬᠠᠨᠳᠠᠭ᠋ᠠᠢ ᠵᠢᠨ ᠪᠡᠶ᠎ᠡ ᠵᠢᠨ ᠤᠷᠲᠦ 220-300 ᠰᠠᠨᠲ᠋ᠢᠮᠧᠲᠷ᠂ ᠦᠨᠳᠦᠷ᠎ᠨᠢ ᠰᠡᠷᠪᠡᠭᠡ᠎ᠪᠠᠷ ᠵᠶ᠋ᠡᠨ 170-230 ᠰᠠᠨᠲ᠋ᠢᠮᠧᠲᠷ᠂ ᠬᠦᠨᠳᠦ᠎ᠨᠢ ᠶᠡᠷᠦᠳᠡᠭᠡᠨ 300-500 ᠺᠢᠯᠤᠭ᠌ᠷᠠᠮ᠂ ᠬᠠᠮᠤᠭ ᠲᠤᠮᠤ᠎ᠨᠢ 600 ᠺᠢᠯᠤᠭ᠌ᠷᠠᠮ ᠬᠦᠷᠦᠭᠰᠡᠨ ᠴᠤ᠌ ᠪᠤᠢ᠃ ᠤᠮᠠᠷᠠᠲᠦ ᠠᠮᠸᠷᠢᠺᠠ ᠵᠢᠨ ᠬᠠᠨᠳᠠᠭ᠋ᠠᠢ ᠴᠤ᠌ ᠰᠢᠪᠸᠷᠢᠶ᠎ᠠ ᠵᠢᠨ ᠬᠠᠨᠳᠠᠭ᠋ᠠᠢ᠎ᠠᠴᠠ ᠤᠳᠤᠮ᠎ᠲᠠᠢ᠃
      ᠬᠠᠨᠳᠠᠭ᠋ᠠᠢ ᠵᠢᠨ ᠵᠢᠰᠦ ᠬᠠᠷᠠᠯᠠᠭ ᠬᠠᠯᠢᠭᠤᠨ᠂ ᠪᠤᠷᠤ ᠬᠠᠯᠳᠠᠷᠲᠠᠭᠤ᠂ ᠴᠡᠴᠡ ᠤᠷᠲᠦ᠂ ᠰᠡᠷᠪᠡᠭᠡ ᠦᠨᠳᠦᠷ᠂ ᠬᠦᠵᠦᠬᠦᠦ ᠪᠤᠭᠤᠨᠢ᠂ ᠬᠠᠮᠠᠷ ᠮᠤᠩᠬᠤᠷ᠂ ᠳᠡᠭᠡᠳᠦ ᠤᠷᠤᠭᠤᠯ᠎ᠨᠢ ᠲᠤᠤᠷᠠᠲᠦ ᠤᠷᠤᠭᠤᠯ ᠵᠶ᠋ᠠᠨ ᠪᠦᠷᠬᠦᠨ᠂ ᠲᠤᠷᠤᠭᠰᠢ ᠱᠡᠯᠬᠡᠢ᠌ᠵᠦ ᠤᠨᠵᠢᠢ᠍ᠭᠰᠠᠨ᠂ ᠡᠷᠡᠬᠦᠦ᠎ᠳᠡᠭᠡᠨ ᠰᠠᠬᠠᠯ᠎ᠲᠠᠢ᠂ ᠬᠦᠵᠦᠭᠦᠦ᠎ᠳᠡᠭᠡᠨ ᠮᠤᠯᠴᠤᠭ᠎ᠲᠠᠢ᠂ ᠳᠠᠯᠪᠠᠭ᠋ᠠᠷ ᠲᠤᠮᠤ ᠡᠪᠡᠷ᠎ᠲᠠᠢ᠃ ᠬᠠᠨᠳᠠᠭ᠋ᠠᠢ ᠵᠢᠨ ᠡᠷ᠎ᠡ ᠵᠢ ᠮᠠᠨᠵᠢ᠂ ᠡᠮ᠎ᠡ ᠵᠢ ᠰᠦᠨᠳᠡᠰᠦ᠂ ᠨᠢᠯᠬ᠎ᠠ ᠲᠦᠯ᠎ᠢ ᠬᠤᠲᠤᠯ ᠭᠡᠨ᠎ᠡ᠃ ᠰᠦᠨᠳᠡᠰᠦ᠎ᠳᠤ ᠡᠪᠡᠷ ᠦᠭᠡᠢ᠃ ᠪᠡᠶ᠎ᠡ ᠬᠦᠢ᠍ᠴᠡᠭᠰᠡᠨ ᠪᠦᠳᠦᠬᠦᠨ ᠮᠠᠨᠵᠢ ᠵᠢᠨ ᠬᠤᠤᠰ ᠡᠪᠡᠷ᠎ᠨᠢ 15 ᠺᠢᠯᠤᠭ᠌ᠷᠠᠮ᠎ᠳᠤ ᠬᠦᠷᠦᠨ᠎ᠡ᠃ ᠡᠪᠡᠷ᠎ᠤᠨ ᠤᠷᠲᠦ᠎ᠨᠢ 1.8 ᠮᠸᠲᠷ᠂ ᠦᠷᠭᠡᠨ ᠵᠶ᠋ᠡᠷ ᠵᠶ᠋ᠡᠨ 40 ᠰᠡᠨᠲ᠋ᠢᠮᠸᠲᠷ ᠬᠦᠷᠦᠨ᠎ᠡ᠃ ᠡᠪᠡᠷ᠎ᠨᠢ 11-12 ᠰᠠᠷ᠎ᠠ᠎ᠳᠤ ᠤᠨᠠᠵᠤ᠂ 3 ᠰᠠᠷ᠎ᠠ᠎ᠠᠴᠠ ᠡᠬᠢᠯᠡᠵᠦ ᠤᠷᠭᠤᠭ᠋ᠠᠳ᠂ 7 ᠰᠠᠷ᠎ᠠ᠎ᠳᠤ ᠶᠠᠰᠤᠵᠢᠵᠦ ᠡᠬᠢᠯᠡᠨ᠎ᠡ᠃ ᠡᠪᠦᠯ᠎ᠳᠡᠭᠡᠨ ᠦᠰᠦ᠎ᠨᠢ 10 ᠰᠡᠨᠲ᠋ᠢᠮᠸᠲᠷ ᠬᠦᠷᠳᠡᠭ ᠲᠤᠯᠠ ᠬᠦᠢ᠍ᠲᠡᠨ᠎ᠠᠴᠠ ᠠᠶᠤᠳᠠᠭ ᠦᠭᠡᠢ᠃
      ᠬᠠᠨᠳᠠᠭ᠋ᠠᠢ ᠶᠡᠷᠦᠳᠡᠭᠡᠨ ᠡᠪᠡᠰᠦ᠂ ᠮᠤᠳᠤᠨ ᠨᠠᠪᠴᠢ᠂ ᠨᠢᠯᠵᠠᠷᠠᠢ ᠮᠦᠴᠢᠷ ᠢᠳᠡᠳᠡᠭ ᠪᠦᠭᠡᠳ ᠡᠪᠤᠯ᠎ᠳᠡᠭᠡᠨ ᠮᠤᠳᠤᠨ ᠮᠦᠴᠢᠷ᠂ ᠬᠤᠯᠳᠤᠰᠦ᠂ ᠬᠦᠪᠲᠦ᠎ᠪᠠᠷ ᠦᠯ ᠳᠠᠷᠤᠨ᠎ᠠ᠃ ᠬᠠᠨᠳᠠᠭ᠋ᠠᠢ ᠶᠡᠬᠡᠪᠴᠢᠯᠠᠨ ᠦᠷ ᠦᠳᠡᠰᠢ ᠵᠢᠨ ᠪᠦᠷᠦᠩᠬᠡᠢ᠎ᠪᠠᠷ ᠢᠳᠡᠰᠢᠯᠡᠵᠦ᠂ ᠡᠳᠦᠷ᠎ᠨᠢ ᠰᠢᠷᠡᠩᠬᠡᠢ ᠲᠤᠳᠤᠷ᠎ᠠ ᠬᠡᠪᠳᠡᠵᠦ ᠠᠮᠠᠷᠠᠬᠤ ᠪᠦᠭᠡᠳ ᠵᠤᠨ᠎ᠤ ᠤᠯᠠᠷᠢᠯ᠎ᠳᠤ ᠮᠠᠷᠠᠭ᠎ᠠ᠎ᠳᠤ ᠢᠷᠡᠵᠦ᠂ ᠰᠢᠷᠤᠢ ᠲᠤᠯᠢᠶᠠᠬᠤ ᠲᠤᠷᠠᠳᠠᠢ᠂ ᠪᠤᠭᠤ ᠵᠢ ᠪᠤᠳᠤᠪᠠᠯ ᠠᠷᠠᠢ ᠰᠢᠩᠭᠡᠨ ᠰᠦᠭᠡᠩᠬᠡᠢ ᠳᠠᠭᠤ᠎ᠪᠠᠷ ᠤᠷᠤᠮᠳᠠᠨ᠎ᠠ᠃
      ᠬᠠᠨᠳᠠᠭ᠋ᠠᠢ᠎ᠨᠢ ᠤᠰᠤ ᠬᠠᠭᠤᠷᠠᠢ᠎ᠳᠤ ᠴᠦᠮ ᠵᠤᠬᠢᠴᠠᠭᠰᠠᠨ ᠠᠮᠢᠲᠠᠨ ᠶᠤᠮ᠃ ᠦᠵᠡᠬᠦ᠎ᠳᠤ ᠲᠡᠬᠦᠨ᠎ᠤ ᠪᠡᠶ᠎ᠡ ᠨᠦᠰᠡᠷ ᠬᠦᠨᠳᠦ ᠬᠦᠳᠡᠬᠢ ᠪᠢᠲᠠᠭᠤ ᠮᠡᠲᠦ ᠪᠤᠯᠪᠠᠴᠤ ᠶᠤᠰᠤᠳᠠᠢ 《ᠤᠰᠤᠨ᠎ᠳᠤ ᠶᠠᠪᠤᠬᠤ ᠠᠨᠤ ᠲᠦᠪᠰᠢᠨ ᠭᠠᠵᠠᠷ ᠳᠠᠪᠬᠢᠬᠤ ᠮᠡᠲᠦ᠂ ᠬᠠᠭᠤᠷᠠᠢ᠎ᠳᠤ ᠬᠦᠶᠦᠬᠦ ᠠᠨᠤ ᠰᠠᠯᠬᠢᠨ ᠮᠡᠲᠦ》 ᠠᠮᠢᠲᠠᠨ ᠠᠵᠠᠢ᠃ ᠲᠡᠷᠡ 20   ᠺᠢᠯᠤᠮᠸᠲᠷ᠎ᠤᠨ ᠤᠰᠤᠨ ᠵᠠᠮ᠎ᠢ ᠨᠢᠭᠡ ᠯᠡ ᠤᠳᠠᠭ᠎ᠠ ᠠᠵᠢᠭ ᠦᠭᠡᠢ ᠳᠤᠭᠤᠯᠤᠨ ᠭᠠᠷᠳᠠᠭ ᠪᠦᠭᠡᠳ 5.5 ᠮᠸᠲᠷ᠎ᠤᠨ ᠭᠦᠨ ᠤᠰᠤᠨ ᠢᠷᠤᠭ᠋ᠠᠷ᠎ᠠᠴᠠ ᠤᠷᠭᠤᠮᠠᠯ ᠱᠦᠬᠦᠵᠦ ᠢᠳᠡᠳᠡᠭ᠃ ᠬᠠᠭᠤᠷᠠᠢ᠎ᠳᠤ ᠨᠡᠩ ᠴᠤ᠌ ᠬᠤᠷᠳᠦᠨ ᠭᠠᠪᠰᠢᠭ᠋ᠠᠢ᠃ ᠬᠦᠵᠦᠬᠦᠦ ᠰᠤᠩᠭ᠋ᠠᠨ ᠳᠡᠭᠡᠭᠰᠢ ᠦᠨᠳᠡᠢ᠌ᠵᠦ ᠦᠨᠳᠦᠷ ᠰᠠᠯᠠᠭ᠋ᠠᠨ᠎ᠠᠴᠠ ᠨᠢᠯᠵᠠᠷᠠᠢ ᠨᠠᠪᠴᠢ ᠠᠪᠴᠤ ᠢᠳᠡᠨ᠎ᠡ᠃ ᠬᠦᠶᠦᠬᠦ᠎ᠳᠤ ᠬᠦᠷᠪᠡᠯ 55 ᠺᠢᠯᠤᠮᠸᠲᠷ᠎ᠤᠨ ᠬᠤᠷᠳᠤ ᠠᠪᠤᠨ᠎ᠠ᠃


ᠢᠷᠡᠯᠲᠡ᠄ ᠦᠪᠦᠷ ᠮᠤᠩᠭᠤᠯ᠎ᠤᠨ ᠦᠪᠡᠷᠳᠡᠭᠡᠨ ᠵᠠᠰᠠᠬᠤ ᠤᠷᠤᠨ᠎ᠤ ᠤᠢ ᠰᠢᠭᠤᠢ ᠪᠠ ᠨᠤᠳᠤᠭ ᠪᠡᠯᠴᠢᠭᠡᠷ᠎ᠤᠨ ᠲᠤᠪᠴᠢᠶ᠎ᠠ
          
ᠬᠠᠮᠢᠶ᠎ᠡ ᠪᠦᠬᠦᠢ ᠰᠣᠨᠢᠨ
ᠬᠠᠯᠢᠭᠤᠨ ᠪᠤᠭᠤ
ᠴᠠ ᠪᠤᠭᠤ
ᠬᠠᠪᠳᠠᠭ᠋ᠠᠢ
ᠠᠷᠭ᠋ᠠᠯᠢ
ᠮᠤᠩᠭᠤᠯ ᠦᠬᠡᠷ
 
             蒙ICP备05000248号