![]()
ᠶᠦᠨᠨᠠᠨ ᠮᠤᠵᠢ ᠵᠢᠨ ᠳᠤᠮᠳᠠ ᠬᠡᠰᠡᠭ᠎ᠤᠨ ᠶᠤᠸᠠᠨᠵᠢᠶᠠᠩ ᠮᠥᠷᠡᠨ᠎ᠤ ᠬᠠᠯᠠᠭᠤᠨ ᠪᠦᠰᠡᠨ᠎ᠤ ᠤᠯᠠᠷᠢᠯ᠎ᠤᠨ ᠪᠣᠷᠣᠭ᠋ᠠᠨ᠎ᠲᠤ ᠣᠶ᠎ᠳᠤ᠂ ᠨᠣᠭᠣᠭ᠋ᠠᠨ ᠲᠣᠭᠣᠰ ᠤᠷᠤᠩᠨᠠᠨ ᠠᠮᠢᠳᠤᠷᠠᠳᠠᠭ᠃
ᠨᠤᠭᠤᠭ᠋ᠠᠨ ᠲᠤᠭᠤᠰ ᠶᠦᠨᠨᠠᠨ ᠮᠤᠵᠢ ᠵᠢᠨ ᠬᠢᠯᠢ ᠳᠣᠲᠣᠷ᠎ᠠ ᠲᠠᠷᠬᠠᠵᠤ᠂ ᠳᠦᠷᠰᠦ ᠵᠢᠨ ᠰᠦᠷᠦᠭ᠎ᠤᠨ ᠲᠣᠭ᠎ᠠ᠎ᠨᠢ 555—600 ᠪᠠᠶ᠋ᠢᠵᠤ᠂ ᠮᠥᠬᠥᠬᠦ ᠰᠢᠬᠠᠭᠰᠠᠨ ᠳᠦᠷᠰᠦ᠎ᠳᠤ ᠬᠠᠷᠢᠶᠠᠯᠠᠭᠳᠠᠵᠤ᠂ ᠨᠢᠭᠡᠨᠲᠡ ᠤᠯᠤᠰ᠎ᠤᠨ ᠨᠢᠭᠡᠳᠦᠭᠡᠷ ᠳᠡᠰ᠎ᠤᠨ ᠭᠣᠣᠯᠳᠠᠯᠭ᠎ᠠ᠎ᠲᠠᠢ ᠬᠠᠮᠠᠭ᠋ᠠᠯᠠᠬᠤ ᠬᠡᠭᠡᠷ᠎ᠡ ᠵᠢᠨ ᠠᠮᠢᠲᠠᠨ᠎ᠳᠤ ᠵᠢᠭᠰᠠᠭ᠋ᠠᠭᠳᠠᠪᠠ᠃
ᠶᠤᠸᠠᠨᠵᠢᠶᠠᠩ ᠮᠥᠷᠡᠨ᠎ᠤ ᠳᠤᠮᠳᠠᠳᠤ ᠳᠡᠭᠡᠳᠦ ᠤᠷᠤᠰᠬᠠᠯ ᠳᠠᠭ᠋ᠠᠤ ᠤᠷᠤᠨ ᠪᠦᠰᠡ᠎ᠳᠤ ᠤᠯᠤᠰ᠎ᠤᠨ ᠳᠣᠲᠣᠭ᠋ᠠᠳᠤ ᠵᠢᠨ 60 %᠎ᠠᠴᠠ ᠳᠡᠭᠡᠭᠰᠢᠬᠢ ᠨᠣᠭᠣᠭ᠋ᠠᠨ ᠲᠣᠭᠣᠰ ᠤᠷᠤᠩᠨᠠᠳᠠᠭ᠃

ᠵᠢᠯ ᠪᠦᠷᠢ ᠵᠢᠨ 2 ᠳ᠋ᠤᠭ᠋ᠠᠷ ᠰᠠᠷ᠎ᠠ ᠪᠤᠯ ᠨᠣᠭᠣᠭ᠋ᠠᠨ ᠲᠣᠭᠣᠰᠤᠨ ᠦᠷᠡᠵᠢᠯ᠎ᠤᠨ ᠬᠤᠭᠤᠴᠠᠭ᠎ᠠ ᠪᠤᠯᠤᠨ᠎ᠠ᠃ 2 ᠳ᠋ᠤᠭ᠋ᠠᠷ ᠰᠠᠷ᠎ᠠ ᠵᠢᠨ ᠳᠤᠮᠳᠠᠴᠢ᠎ᠪᠠᠷ᠂ ᠡᠷᠡᠭᠴᠢᠨ ᠲᠣᠭᠣᠰ ᠬᠠᠷᠢᠶ᠎ᠠ ᠨᠤᠳᠤᠭ ᠲᠡᠪᠢᠰᠭᠡᠷ ᠵᠶ᠋ᠠᠨ ᠡᠵᠡᠯᠡᠨ ᠲᠤᠭᠲᠠᠭ᠋ᠠᠳᠠᠭ᠃ ᠶᠡᠷᠦ᠎ᠳᠡᠭᠡᠨ ᠵᠢᠷᠭᠢᠬᠦ ᠳᠠᠭᠣ᠎ᠪᠠᠷ ᠵᠶ᠋ᠠᠨ ᠳᠡᠮᠵᠢᠨ ᠥᠪᠡᠷ᠎ᠤᠨ ᠬᠠᠷᠢᠶ᠎ᠠ ᠨᠤᠳᠤᠭ ᠲᠡᠪᠢᠰᠭᠡᠷ ᠵᠶ᠋ᠡᠨ ᠪᠤᠰᠤᠳ᠎ᠲᠤ ᠮᠡᠳᠡᠭᠦᠯᠳᠡᠭ᠃ ᠡᠶ᠋ᠢᠮᠦ᠎ᠠᠴᠠ ᠬᠣᠶᠠᠷ ᠭᠤᠷᠪᠠᠳᠤᠭ᠋ᠠᠷ ᠰᠠᠷ᠎ᠠ᠎ᠳᠤ᠂ ᠥᠷᠯᠥᠭᠡ᠂ ᠦᠳᠡᠰᠢ ᠪᠣᠯᠭ᠋ᠠᠨ ᠡᠷᠡᠭᠴᠢᠨ ᠲᠣᠭᠣᠰᠤᠨ ᠵᠢᠷᠭᠢᠬᠦ ᠳᠠᠭᠤ ᠵᠢ ᠤᠯᠵᠤ ᠰᠤᠨᠤᠰᠳᠠᠭ᠃
ᠡᠷᠡᠭᠴᠢᠨ ᠲᠣᠭᠣᠰᠤᠨ ᠬᠠᠷᠢᠶ᠎ᠠ ᠨᠤᠳᠤᠭ ᠳᠡᠪᠢᠰᠭᠡᠷᠲᠤᠨᠢ ᠡᠮᠡᠭᠴᠢᠨ ᠲᠣᠭᠣᠰ ᠢᠷᠡᠪᠡᠯ᠂ ᠡᠷᠡᠭᠴᠢᠨ ᠲᠤᠭᠤᠰ ᠡᠮᠦᠨ᠎ᠡ᠎ᠨᠢ ᠤᠴᠢᠵᠦ᠂ ᠦᠵᠡᠰᠬᠦᠯᠡᠩᠲᠤ ᠰᠡᠬᠦᠯ ᠵᠶ᠋ᠡᠨ ᠳᠡᠯᠭᠡᠨ ᠪᠦᠵᠢᠭᠯᠡᠳᠡᠭ᠃ ᠡᠨᠡᠬᠦ ᠭᠤᠶᠤ ᠲᠦᠷᠬᠦ᠎ᠪᠠᠨ ᠭᠠᠢ᠌ᠬᠠᠭᠤᠯᠤᠭᠰᠠᠨ ᠪᠦᠵᠢᠭ᠎ᠨᠢ ᠠᠷᠪᠠᠨ ᠬᠡᠳᠦᠨ ᠮᠢᠨᠦ᠋ᠲ ᠦᠷᠬᠦᠯᠵᠢᠯᠡᠳᠡᠭ᠃ ᠡᠷᠡᠭᠴᠢᠨ ᠲᠤᠭᠤᠰᠤᠨ ᠰᠡᠭᠦᠯ᠎ᠤᠨ ᠳᠡᠯᠭᠡᠴᠡ᠎ᠨᠢ ᠨᠡᠯᠢᠶᠡᠳ ᠶᠡᠬᠡ ᠲᠠᠯᠠᠪᠠᠢ᠎ᠲᠠᠢ ᠭᠠᠵᠠᠷ ᠬᠡᠷᠡᠭᠰᠡᠳᠡᠭ᠂ ᠰᠡᠭᠦᠯ᠎ᠨᠢ ᠨᠢᠭᠡ ᠮᠧᠲᠷ ᠭᠠᠷᠤᠶ ᠳᠡᠯᠭᠡᠭᠳᠡᠵᠦ᠂ ᠥᠩᠭᠡ ᠢᠯᠭ᠋ᠠᠷᠠᠭᠰᠠᠨ ᠦᠳᠦ᠎ᠲᠠᠢ᠃
ᠨᠤᠭᠤᠭ᠋ᠠᠨ ᠲᠤᠭᠤᠰ 4 ᠳ᠋ᠦ᠍ᠭᠡᠷ ᠰᠠᠷ᠎ᠠ᠎ᠳᠤ ᠦᠨᠳᠦᠰᠦᠨ᠎ᠳᠡᠭᠡᠨ ᠦᠨᠳᠡᠭᠡᠯᠡᠬᠦ ᠬᠤᠭᠤᠴᠠᠭ᠋ᠠᠨ᠎ᠳᠤ ᠣᠷᠣᠵᠤ᠂ ᠡᠮᠡᠭᠴᠢᠨ ᠲᠣᠭᠣᠰ ᠰᠥᠭᠡᠭ᠂ ᠤᠢ ᠮᠣᠳᠣ ᠪᠤᠶᠤ ᠭᠤᠤ ᠵᠢᠯᠠᠭ᠎ᠠ ᠵᠡᠷᠭᠡ ᠳᠠᠯᠳᠠ ᠭᠠᠵᠠᠷ᠎ᠲᠤ ᠡᠭᠦᠷ ᠪᠠᠷᠢᠵᠤ ᠦᠨᠳᠡᠭᠡᠯᠡᠳᠡᠭ᠃ ᠣᠯᠠᠩᠬᠢ ᠲᠣᠭᠣᠰ 4 ᠳ᠋ᠦ᠍ᠭᠡᠷ ᠰᠠᠷ᠎ᠠ ᠵᠢᠨ ᠰᠡᠭᠦᠯᠴᠢ 5 ᠳ᠋ᠤᠭ᠋ᠠᠷ ᠰᠠᠷ᠎ᠠ ᠵᠢᠨ ᠡᠬᠢ᠎ᠪᠠᠷ ᠨᠡᠪᠴᠢᠳᠡᠭ᠃ ᠰᠠᠶᠢ ᠲᠥᠷᠥᠭᠰᠡᠨ ᠠᠩᠭ᠋ᠠᠬᠠᠶᠨᠢ ᠡᠮᠡᠭᠴᠢᠨ ᠲᠣᠭᠣᠰᠢ ᠳᠠᠭ᠋ᠠᠵᠤ ᠡᠷᠡᠭᠴᠢᠨ ᠲᠣᠭᠣᠰᠤᠨ ᠬᠠᠮᠠᠭ᠋ᠠᠯᠠᠯᠳᠠ᠎ᠪᠠᠷ ᠲᠦᠯᠵᠢᠨ ᠪᠤᠵᠠᠭ᠋ᠠᠢ᠌ᠷᠠᠳᠠᠭ᠃
ᠨᠡᠪᠴᠢᠯᠳᠡ ᠵᠢᠨ ᠬᠤᠭᠤᠴᠠᠭ᠋ᠠᠨ᠎ᠳᠤ ᠤᠷᠤᠭᠰᠠᠨ᠎ᠤ ᠳᠠᠷᠠᠭ᠎ᠠ ᠡᠷᠡᠭᠴᠢᠨ ᠲᠤᠭᠤᠰᠤᠨ ᠰᠡᠬᠦᠯ᠎ᠤᠨ᠎ᠬᠢᠨ ᠦᠳᠦ ᠰᠦᠲᠦ᠎ᠨᠢ ᠠᠭ᠋ᠠᠵᠢᠮ ᠵᠶ᠋ᠠᠷ ᠤᠨᠠᠵᠤ ᠮᠠᠰᠢ ᠰᠢᠩᠭᠡᠷᠡᠵᠦ᠂ ᠬᠡᠨᠡᠳᠳᠡ ᠬᠠᠷᠠᠬᠤ᠎ᠳᠤ ᠡᠮᠡᠭᠴᠢᠨ ᠲᠤᠭᠤᠰ᠎ᠲᠠᠢ ᠠᠳᠠᠯᠢᠬᠠᠨ ᠬᠠᠷᠠᠭᠳᠠᠳᠠᠭ᠃