ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠣᠭᠤᠭᠠᠷᠠᠭᠤᠯᠤᠯᠲᠠ
ᠳᠤᠷᠠᠨ ᠬᠠᠷᠠᠭ᠎ᠠ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠳᠤᠷᠠᠨ ᠬᠠᠷᠠᠭ᠎ᠠ   -   ᠠᠮᠢᠲᠠᠨ ᠭᠤᠣᠯᠲᠠᠨ
ᠳ᠋ᠤᠯᠤᠸᠧᠺᠧ ᠭᠠᠭ᠍ᠠᠢ
ᠨᠡᠶ᠋ᠢᠲᠡᠯᠡᠭᠰᠡᠨ ᠴᠠᠭ᠄ 2021-08-31

    (ᠨᠢᠭᠡ) ᠲᠤᠶ᠋ᠢᠮᠤ ᠪᠠᠶ᠋ᠢᠳᠠᠯ

      ᠳ᠋ᠤᠯᠤᠸᠧᠺᠧ ᠭᠠᠭ᠍ᠠᠢ (杜洛克猪)᠎ᠨᠢ ᠠᠮᠧᠷᠢᠺᠡ ᠵᠢᠨ ᠵᠡᠭᠦᠨ ᠬᠤᠶ᠋ᠢᠲᠤ ᠬᠡᠰᠡᠭ᠎ᠠᠴᠠ ᠭᠠᠷᠤᠯᠲᠠᠢ᠃ ᠳᠡᠯᠡᠬᠡᠢ᠎ᠳᠤ ᠠᠯᠳᠠᠷᠲᠠᠢ᠂ ᠲᠠᠷᠬᠠᠯᠲᠠ᠎ᠪᠠᠷ ᠦᠷᠭᠡᠨ᠂ ᠬᠠᠷ᠎ᠠ ᠮᠢᠬᠠᠨ᠎ᠤ ᠬᠡᠷᠡᠭᠴᠡᠭᠡᠲᠦ ᠭᠠᠭ᠍ᠠᠢ ᠪᠣᠯᠣᠨ᠎ᠠ᠃ ᠦᠷᠭᠦᠯᠵᠢ ᠲᠠᠸᠠᠷ᠎ᠤᠨ ᠮᠢᠬᠠᠨ᠎ᠤ ᠭᠠᠭ᠍ᠠᠢ ᠵᠢ ᠦᠷᠡᠵᠢᠭᠦᠯᠵᠦ ᠡᠷᠯᠢᠰᠡᠵᠢᠭᠦᠯᠬᠦ᠎ᠳᠤ ᠡᠴᠢᠭᠡ ᠪᠡᠶ᠎ᠡ ᠪᠣᠯᠭ᠋ᠠᠳᠠᠭ᠃ ᠪᠤᠰᠤᠳ ᠡᠭᠦᠯᠳᠡᠷ᠎ᠤᠨ ᠠᠵᠢᠷᠭ᠋ᠠᠨ ᠭᠠᠭ᠍ᠠᠢ᠎ᠲᠠᠢ ᠬᠠᠷᠢᠴᠠᠭᠤᠯᠪᠠᠯ ᠳ᠋ᠤᠯᠤᠸᠧᠺᠧ ᠭᠠᠭ᠍ᠠᠢ᠎ᠤᠨ ᠪᠡᠶ᠎ᠡ ᠴᠤᠭᠴᠠ᠎ᠨᠢ ᠪᠦᠳᠦᠭᠦᠯᠢᠭ ᠮᠦᠷᠲᠡᠭᠡᠨ ᠴᠢᠬᠢᠷᠠᠭ᠂ ᠳ᠋ᠤᠯᠤᠸᠧᠺᠧ ᠴᠢᠰᠦᠨ ᠤᠳᠤᠮ᠎ᠲᠠᠢ ᠭᠠᠭ᠍ᠠᠢ᠎ᠨᠢ ᠮᠢᠬᠠᠨ᠎ᠤ ᠴᠢᠨᠠᠷ᠎ᠤᠨ ᠠᠰᠠᠭᠤᠳᠠᠯ ᠭᠠᠷᠬᠤ ᠦᠭᠡᠢ᠂ ᠬᠠᠷ᠎ᠠ ᠮᠢᠬᠠᠨ᠎ᠤ ᠬᠡᠷᠡᠭᠴᠡᠭᠡᠲᠦ ᠭᠠᠭ᠍ᠠᠢ ᠵᠢᠨ ᠮᠢᠬᠠᠨ᠎ᠤ ᠴᠢᠨᠠᠷ᠎ᠢ ᠰᠠᠶ᠋ᠢᠵᠢᠷᠠᠭᠤᠯᠬᠤ᠎ᠳᠤ ᠣᠷᠣᠯᠠᠭᠤᠯᠵᠤ ᠪᠣᠯᠣᠰᠢ ᠦᠭᠡᠢ ᠦᠢ᠍ᠯᠡᠳᠦᠯ᠎ᠲᠠᠢ ᠶᠤᠮ᠃ ᠳ᠋ᠤᠯᠤᠸᠧᠺᠧ ᠭᠠᠭ᠍ᠠᠢ᠎ᠪᠠᠷ ᠬᠠᠷ᠎ᠠ ᠪᠣᠶᠣ ᠠᠯᠠᠭ ᠵᠢ ᠡᠷᠯᠢᠰᠡᠵᠢᠭᠦᠯᠬᠦ᠎ᠳᠤ ᠤᠯᠠᠭ᠋ᠠᠨ ᠦᠰᠦ᠎ᠲᠠᠢ ᠪᠣᠶᠣ ᠬᠠᠷ᠎ᠠ ᠠᠯᠠᠭ᠂ ᠤᠯᠠᠭ᠋ᠠᠨ ᠠᠯᠠᠭ ᠬᠤᠶ᠋ᠢᠴᠢ ᠦᠶ᠎ᠡ ᠭᠠᠷᠳᠠᠭ᠎ᠢ ᠠᠩᠬᠠᠷᠬᠤ ᠬᠡᠷᠡᠭᠲᠡᠢ᠃ ᠳ᠋ᠤᠯᠤᠸᠧᠺᠧ ᠭᠠᠭ᠍ᠠᠢ ᠵᠢᠨ ᠳᠡᠯᠡᠬᠡᠢ ᠳᠡᠭᠡᠷᠡᠬᠢ ᠲᠠᠷᠬᠠᠯᠲᠠ᠎ᠨᠢ ᠦᠷᠭᠡᠨ ᠪᠣᠯᠬᠤᠷ ᠡᠯ᠎ᠡ ᠣᠯᠣᠰ ᠣᠷᠣᠨ᠎ᠨᠢ ᠦᠪᠡᠷ ᠦᠪᠡᠷ᠎ᠤᠨ ᠬᠡᠷᠡᠭᠴᠡᠭᠡ᠎ᠪᠠᠷ ᠵᠶ᠋ᠠᠨ ᠰᠢᠯᠢᠨ ᠪᠣᠶ᠋ᠢᠵᠢᠭᠤᠯᠵᠣ᠂ ᠳ᠋ᠤᠯᠤᠸᠧᠺᠧ ᠭᠠᠭ᠍ᠠᠢ ᠵᠢᠨ ᠶᠡᠷᠦᠩᠬᠡᠢ ᠤᠨᠴᠠᠯᠢᠭ᠎ᠢ ᠬᠠᠳᠠᠭ᠋ᠠᠯᠠᠭᠰᠠᠨ᠎ᠤ ᠬᠠᠮᠲᠤ᠂ ᠬᠤᠪᠢ ᠬᠤᠪᠢᠨ᠎ᠤ ᠤᠨᠴᠠᠯᠢᠭ᠎ᠲᠠᠢ ᠭᠠᠭ᠍ᠠᠢ ᠵᠢ ᠪᠣᠶ᠋ᠢᠵᠢᠭᠤᠯᠪᠠ᠃ ᠵᠢᠱ᠌ᠢᠶᠡᠯᠡᠪᠡᠯ᠄ ᠠᠮᠧᠷᠢᠺᠡ ᠤᠳᠤᠮ᠎ᠤᠨ ᠳ᠋ᠤᠯᠤᠸᠧᠺᠧ ᠭᠠᠭ᠍ᠠᠢ᠂ ᠺᠠᠨᠠᠳᠠ ᠤᠳᠤᠮ᠎ᠤᠨ ᠳ᠋ᠤᠯᠤᠸᠧᠺᠧ ᠭᠠᠭ᠍ᠠᠢ ᠵᠡᠷᠭᠡ᠃ ᠵᠠᠷᠢᠮ ᠭᠠᠭ᠍ᠠᠢ ᠦᠷᠡᠵᠢᠭᠦᠯᠬᠦ ᠲᠠᠯᠠᠪᠠᠢ᠎ᠨᠢ ᠳ᠋ᠤᠯᠤᠸᠧᠺᠧ ᠪᠠ ᠫᠢᠲ᠋ᠧᠯᠢᠨ ᠭᠠᠭ᠍ᠠᠢ ᠵᠢ ᠡᠷᠯᠢᠰᠡᠵᠢᠭᠦᠯᠵᠦ᠂ ᠨᠢᠭᠡᠳᠦᠭᠡᠷ ᠦᠶ᠎ᠡ ᠵᠢᠨ ᠵᠦᠪ ᠤᠷᠪᠠᠭᠤ ᠡᠷᠯᠢᠰᠡᠵᠢᠭᠦᠯᠦᠭᠰᠡᠨ ᠠᠵᠢᠷᠭ᠋ᠠᠨ ᠭᠠᠭ᠍ᠠᠢ᠎ᠪᠠᠷ ᠡᠴᠦᠰ᠎ᠤᠨ ᠡᠴᠢᠭᠡ ᠪᠡᠶ᠎ᠡ ᠪᠣᠯᠭ᠋ᠠᠵᠤ ᠪᠠᠶ᠋ᠢᠨ᠎ᠠ᠃ ᠵᠠᠷᠢᠮ ᠪᠦᠲᠦᠨ ᠤᠳᠣᠮ᠎ᠤᠨ ᠭᠠᠭ᠍ᠠᠢ ᠵᠢᠨ ᠡᠴᠢᠭᠡ ᠡᠬᠡ ᠵᠢᠨ ᠦᠶᠡᠰ᠎ᠤᠨ ᠦᠷᠡᠰ ᠭᠠᠭ᠍ᠠᠢ᠎ᠨᠢ ᠲᠤᠰ ᠬᠤᠶᠠᠷ ᠭᠠᠭ᠍ᠠᠢ ᠵᠢᠨ ᠡᠷᠯᠢᠰᠡ ᠬᠤᠶ᠋ᠢᠴᠢ ᠦᠶ᠎ᠡ᠎ᠠᠴᠠ ᠭᠠᠷᠤᠭᠰᠠᠨ ᠪᠠᠶ᠋ᠢᠨ᠎ᠠ᠃

 

 


      ᠲᠠᠷᠢᠶᠠᠯᠠᠩ᠎ᠤᠨ ᠬᠡᠯᠲᠡᠰ᠎ᠠᠴᠠ ᠳᠤᠷᠠᠳᠤᠭᠰᠠᠨ ᠳ᠋ᠤᠯᠤᠸᠧᠺᠧ ᠭᠠᠭ᠍ᠠᠢ ᠵᠢᠨ ᠦᠷᠡᠰ ᠭᠠᠭ᠍ᠠᠢ ᠵᠢᠨ ᠴᠢᠨᠠᠷ᠎ᠢ ᠦᠨᠡᠯᠡᠬᠦ ᠪᠠᠷᠢᠮᠵᠢᠶ᠎ᠠ ᠵᠢᠨ ᠪᠣᠳᠠᠲᠤ ᠤᠷᠤᠨ ᠲᠤᠭ᠎ᠠ᠎ᠨᠢ ᠳᠠᠷᠠᠭ᠋ᠠᠬᠢ ᠮᠡᠲᠦ᠄

     1. ᠪᠡᠶ᠎ᠡ ᠵᠢᠨ ᠬᠡᠯᠪᠡᠷᠢ ᠪᠠ ᠭᠠᠳᠠᠷ ᠳᠦᠷᠰᠦ

      ᠳ᠋ᠤᠯᠤᠸᠧᠺᠧ ᠭᠠᠭ᠍ᠠᠢ ᠵᠢᠨ ᠪᠦᠬᠦ ᠪᠡᠶ᠎ᠡ ᠵᠢᠨ ᠪᠦᠷᠬᠦᠭᠦᠯ ᠦᠰᠦ᠎ᠨᠢ ᠬᠦᠷᠡᠩ ᠦᠩᠭᠡ᠎ᠲᠠᠢ᠂ ᠪᠡᠶ᠎ᠡ ᠵᠢᠨ ᠬᠠᠵᠠᠭᠤ ᠲᠠᠯ᠎ᠠ ᠪᠤᠶᠤ ᠬᠡᠪᠡᠯᠢ ᠵᠢᠨ ᠳᠤᠤᠷ᠎ᠠ ᠲᠠᠯ᠎ᠠ᠎ᠳᠤ ᠴᠦᠬᠡᠨ ᠲᠤᠭ᠋ᠠᠨ᠎ᠤ ᠲᠤᠯᠪᠤ ᠪᠠᠶ᠋ᠢᠬᠤ ᠵᠢ ᠵᠦᠪᠰᠢᠶᠡᠷᠡᠨ᠎ᠡ᠃ ᠲᠤᠯᠤᠭ᠋ᠠᠢ ᠵᠢᠨ ᠶᠡᠭᠡ ᠪᠠᠭ᠎ᠠ᠎ᠨᠢ ᠳᠣᠮᠳᠠ ᠵᠢᠨ᠂ ᠠᠮᠠ᠎ᠨᠢ ᠣᠬᠤᠷ ᠰᠢᠯᠤᠭᠤᠨ᠂ ᠴᠢᠬᠢ᠎ᠨᠢ ᠳᠣᠮᠳᠠ ᠵᠢᠨ᠂ ᠵᠢᠭ᠋ᠠᠬᠠᠨ ᠡᠮᠦᠨᠡᠰᠢ᠎ᠪᠠᠨ ᠬᠠᠨᠳᠣᠨ᠎ᠠ᠃ ᠨᠢᠷᠣᠭᠤ᠎ᠨᠢ ᠲᠡᠭᠰᠢ ᠠᠰᠬᠠᠨ᠂ ᠬᠡᠪᠡᠯᠢ ᠵᠢᠨ ᠱᠤᠭᠤᠮ᠎ᠨᠢ ᠲᠡᠭᠰᠢ ᠰᠢᠯᠤᠭᠤᠨ᠂ ᠶᠡᠭᠡ ᠪᠡᠶ᠎ᠡ᠎ᠨᠢ ᠨᠡᠯᠢᠶᠡᠳ ᠦᠷᠭᠡᠨ᠂ ᠪᠤᠯᠴᠢᠩ ᠮᠢᠬ᠎ᠠ᠎ᠨᠢ ᠲᠦᠭᠦᠷᠡᠩ᠂ ᠪᠡᠶ᠎ᠡ ᠵᠢᠨ ᠬᠤᠶ᠋ᠢᠲᠦ ᠭᠡᠰᠡᠭ ᠎ᠨᠢ ᠬᠦᠭᠵᠢᠯᠲᠡᠢ᠂ ᠳᠦᠷᠪᠡᠨ ᠮᠦᠴᠢ᠎ᠨᠢ ᠪᠦᠳᠦᠭᠦᠨ ᠮᠦᠷᠲᠡᠭᠡᠨ ᠪᠦᠭᠡᠯᠢᠭ ᠪᠠᠶ᠋ᠢᠬᠤ ᠭᠡᠷᠡᠭᠲᠡᠢ᠃

     2. ᠦᠷ᠎ᠡ᠎ᠳᠤ ᠬᠡᠷᠡᠭᠯᠡᠬᠦ ᠦᠷᠲᠡᠭ

      ᠪᠡᠶ᠎ᠡ ᠵᠢᠨ ᠭᠠᠳᠠᠷ ᠬᠡᠯᠪᠡᠷᠢ ᠳᠦᠷᠰᠦ᠎ᠨᠢ ᠲᠤᠰ ᠡᠭᠦᠯᠳᠡᠷ᠎ᠤᠨ ᠭᠠᠳᠠᠷ ᠳᠦᠷᠰᠦ ᠵᠢᠨ ᠣᠨᠴᠠᠯᠢᠭ᠎ᠲᠠᠢ ᠨᠡᠶ᠋ᠢᠴᠡᠬᠦ ᠬᠡᠷᠡᠭᠲᠡᠢ᠃ ᠭᠠᠳᠠᠷ ᠦᠷᠡᠵᠢᠯ᠎ᠤᠨ ᠡᠷᠬᠡᠲᠡᠨ᠎ᠤ ᠪᠤᠶ᠋ᠢᠵᠢᠯᠲᠡ᠎ᠨᠢ ᠰᠠᠶ᠋ᠢᠨ᠂ ᠤᠳᠤᠮᠰᠢᠯ᠎ᠤᠨ ᠬᠡᠮ ᠪᠠ ᠪᠤᠰᠤᠳ ᠳᠤᠲᠠᠭᠳᠠᠯ ᠦᠭᠡᠢ᠂ ᠬᠦᠬᠦᠨ ᠲᠤᠪᠴᠢ᠎ᠨᠢ 5 ᠬᠤᠣᠰ᠎ᠠᠴᠠ ᠳᠡᠭᠡᠭᠰᠢ᠂ ᠵᠢᠭᠰᠠᠭ᠋ᠠᠯᠲᠠ᠎ᠨᠢ ᠵᠢᠭᠳᠡ ᠪᠠᠶ᠋ᠢᠬᠤ᠂ ᠠᠵᠢᠷᠭ᠋ᠠᠨ ᠭᠠᠭ᠍ᠠᠢ ᠵᠢᠨ ᠪᠤᠳᠠᠭ᠋ᠠᠯᠢ ᠪᠡᠶ᠎ᠡ ᠪᠠ ᠡᠴᠢᠭᠡ ᠡᠬᠡ ᠵᠢᠨ᠎ᠬᠢᠨ ᠦᠢ᠍ᠯᠡᠳᠪᠦᠷᠢᠯᠡᠯ᠎ᠤᠨ ᠴᠢᠳᠠᠪᠦᠷᠢ ᠵᠢ ᠰᠢᠯᠭ᠋ᠠᠨ ᠦᠨᠡᠯᠡᠭᠰᠡᠨ᠎ᠤ ᠳ᠋ᠦᠩ᠎ᠳᠤ ᠭᠤᠣᠯ ᠪᠣᠯᠬᠤ ᠠᠵᠤ ᠠᠬᠤᠢ ᠵᠢᠨ ᠣᠨᠴᠠᠯᠢᠭ᠂ ᠳᠠᠷᠤᠢ ᠲᠤᠷᠤᠶ᠋ᠢᠯᠠᠬᠤ ᠶᠡᠷᠦᠩᠬᠡᠢ ᠲᠤᠭ᠎ᠠ᠂ 100 ᠺᠢᠯᠤᠭ᠌ᠷᠠᠮ ᠬᠦᠷᠬᠦ ᠦᠶᠡᠰ᠎ᠤᠨ ᠡᠳᠦᠷ᠎ᠤᠨ ᠨᠠᠰᠤ᠂ 100 ᠺᠢᠯᠤᠭ᠌ᠷᠠᠮ ᠪᠡᠶ᠎ᠡ ᠵᠢᠨ ᠬᠦᠨᠳᠦ᠎ᠲᠠᠢ ᠦᠶᠡᠰ᠎ᠤᠨ ᠠᠮᠢᠲᠦ ᠪᠡᠶ᠎ᠡ ᠵᠢᠨ ᠨᠢᠷᠤᠭᠤᠨ᠎ᠤ ᠲᠠᠷᠭᠤ ᠵᠢᠨ ᠵᠤᠵᠠᠭ᠋ᠠᠨ᠎ᠤ EBV ᠬᠡᠮᠵᠢᠶ᠎ᠡ ᠵᠢᠨ ᠮᠠᠲ᠋ᠧᠷᠢᠶᠠᠯ᠎ᠨᠢ ᠪᠦᠷᠢᠨ᠂ ᠦᠷᠡᠰ ᠭᠠᠭ᠍ᠠᠢ ᠵᠢᠨ ᠴᠢᠰᠤᠨ ᠤᠳᠤᠮ ᠪᠠ ᠢᠷᠡᠯᠲᠡ᠎ᠨᠢ ᠲᠤᠳᠤᠷᠬᠠᠢ᠂ ᠳᠠᠩᠰᠠ ᠡᠪᠬᠡᠮᠡᠯ ᠪᠠ ᠤᠳᠤᠮ᠎ᠤᠨ ᠲᠡᠮᠳᠡᠭᠯᠡᠭᠡᠰᠦ᠎ᠨᠢ ᠭᠦᠢ᠍ᠴᠡᠳ᠂ ᠡᠷᠡᠭᠦᠯ ᠴᠢᠬᠢᠷᠠᠭ᠎ᠤᠨ ᠪᠠᠶ᠋ᠢᠳᠠᠯ᠎ᠨᠢ ᠰᠠᠶ᠋ᠢᠨ ᠪᠠᠶ᠋ᠢᠬᠤ ᠬᠡᠷᠡᠭᠲᠡᠢ ᠶᠤᠮ᠃

     (ᠬᠤᠶᠠᠷ) ᠠᠮᠧᠷᠢᠺᠠ ᠤᠳᠤᠮ᠎ᠤᠨ ᠳ᠋ᠤᠯᠤᠸᠧᠺᠧ ᠭᠠᠭ᠍ᠠᠢ (美系杜洛克猪)

      ᠲᠤᠰ ᠭᠠᠭ᠍ᠠᠢ ᠵᠢᠨ ᠪᠦᠷᠬᠦᠬᠦᠯ ᠦᠰᠦ᠎ᠨᠢ ᠬᠦᠷᠡᠩ ᠦᠩᠭᠡ᠎ᠲᠠᠢ᠂ ᠭᠠᠳᠠᠷ ᠳᠦᠷᠰᠦ᠎ᠨᠢ ᠪᠦᠳᠦᠭᠦᠨ ᠮᠦᠷᠲᠡᠭᠡᠨ ᠪᠦᠬᠡᠯᠢᠭ᠂ ᠶᠡᠭᠡ ᠪᠡᠶ᠎ᠡ᠎ᠨᠢ ᠦᠷᠭᠡᠨ ᠭᠦᠨ᠂ ᠵᠤ ᠨᠢᠷᠤᠭᠤ᠎ᠨᠢ ᠲᠡᠭᠰᠢ᠂ ᠬᠤᠶ᠋ᠢᠲᠦ ᠬᠡᠰᠡᠭ᠎ᠨᠢ ᠬᠦᠭᠵᠢᠯᠲᠡ᠎ᠲᠠᠢ᠂ ᠪᠤᠯᠴᠢᠩ ᠮᠢᠬ᠎ᠠ᠎ᠨᠢ ᠳᠦᠭᠦᠷᠡᠩ᠂ ᠠᠵᠢᠷᠭ᠋ᠠᠨ ᠭᠠᠭ᠍ᠠᠢ ᠵᠢᠨ ᠡᠷᠡᠭᠴᠢᠨ ᠴᠢᠨᠠᠷ᠎ᠨᠢ ᠰᠠᠶ᠋ᠢᠨ᠂ ᠮᠡᠭᠡᠵᠢ ᠵᠢᠨ ᠲᠤᠷᠤᠶ᠋ᠢᠯᠠᠬᠤ᠎ᠨᠢ ᠴᠦᠭᠡᠨ ᠪᠠᠶ᠋ᠢᠳᠠᠭ᠃
 

     (ᠭᠤᠷᠪᠠ) ᠺᠠᠨᠠᠳᠠ ᠤᠳᠤᠮ᠎ᠤᠨ ᠳ᠋ᠤᠯᠤᠸᠧᠺᠧ ᠭᠠᠭ᠍ᠠᠢ
      ᠲᠤᠰ ᠭᠠᠭ᠍ᠠᠢ ᠵᠢᠨ ᠲᠤᠷᠤᠶ᠋ᠢᠯᠠᠬᠤ ᠲᠤᠭ᠎ᠠ᠎ᠨᠢ 8 ~ 9 ᠲᠤᠯᠤᠭ᠋ᠠᠢ᠂ ᠪᠤᠷᠳᠤᠯᠭ᠎ᠠ ᠵᠢᠨ ᠡᠳᠦᠷ᠎ᠤᠨ ᠨᠡᠮᠡᠭᠳᠡᠬᠦ ᠬᠦᠨᠳᠦ᠎ᠨᠢ 950 ~ 960 ᠭ᠋ᠷᠡᠮ᠂ 95 ᠺᠢᠯᠦᠭᠷᠡᠮ ᠬᠦᠨᠳᠦ ᠪᠤᠯᠬᠤ ᠦᠶᠡᠰ 140 ᠡᠳᠦᠷ ᠬᠡᠷᠡᠭᠰᠡᠨ᠎ᠡ᠂
 
 

     (ᠢᠷᠡᠯᠲᠡ᠄ ᠦ᠊ · ᠪᠤᠶᠠᠨᠳᠡᠯᠭᠡᠷ ᠨᠠᠷ᠎ᠤᠨ ᠨᠠᠶ᠋ᠢᠷᠠᠭᠤᠯᠤᠭᠰᠠᠨ 《ᠭᠠᠭ᠍ᠠᠢ ᠵᠢᠨ ᠰᠠᠶ᠋ᠢᠨ ᠡᠭᠦᠯᠳᠡᠷ
    ᠰᠤᠩᠭᠤᠬᠤ ᠮᠡᠷᠭᠡᠵᠢᠯ》 ᠭᠡᠬᠦ ᠨᠤᠮ᠎ᠠᠴᠠ ᠰᠤᠩᠭᠤᠨ ᠰᠡᠶ᠋ᠢᠷᠡᠭᠦᠯᠪᠡ᠃)
   
   

ᠢᠷᠡᠯᠲᠡ᠄
          
ᠬᠠᠮᠢᠶ᠎ᠡ ᠪᠦᠬᠦᠢ ᠰᠣᠨᠢᠨ
ᠴᠠᠭ᠋ᠠᠨ ᠬᠦᠵᠦᠭᠦᠲᠦ ᠲᠤᠭᠤᠷᠤᠤ
ᠴᠠᠭ᠋ᠠᠨ ᠲᠣᠭᠣᠷᠤᠤ
ᠰᠡᠴᠢᠭᠲᠦ ᠪᠢᠯᠵᠤᠤᠬᠠᠶ
ᠬᠦᠷᠡᠩ ᠰᠡᠭᠦᠯᠲᠦ ᠭᠤᠷᠭᠤᠤᠯ
ᠬᠠᠨᠳᠠᠭ᠋ᠠᠢ
 
             蒙ICP备05000248号