ᠬᠠᠭᠤᠴᠢ ᠰᠣᠳᠤᠯᠤᠭᠴᠢᠳ᠎ᠤᠨ ᠢᠯᠡᠷᠡᠭᠦᠯᠦᠭᠰᠡᠨ ᠵᠶ᠋ᠠᠷ ᠣᠳᠤ᠎ᠠᠴᠠ 50 ᠰᠠᠷ᠎ᠠ ᠵᠢᠯ᠎ᠤᠨ ᠳᠡᠷᠳᠡᠭᠡ ᠳᠡᠯᠡᠬᠡᠢ ᠵᠢᠨ ᠪᠦᠮᠪᠦᠷᠴᠡᠭ᠎ᠤᠨ ᠤᠮᠠᠷᠠᠳᠤ ᠬᠠᠭ᠋ᠠᠰ᠎ᠲᠤ ᠦᠨᠡᠭᠡᠨ ᠴᠢᠨᠡᠭᠡᠨ ᠪᠡᠶ᠎ᠡ᠎ᠲᠠᠢ᠂ ᠬᠦᠯ᠎ᠳᠡᠭᠡᠨ ᠭᠤᠷᠪᠠᠨ ᠬᠤᠷᠤᠭᠤ᠎ᠲᠠᠢ ᠨᠢᠭᠡᠨ ᠵᠦᠢ᠍ᠯ᠎ᠤᠨ ᠠᠮᠢᠳᠠᠨ ᠠᠮᠢᠳᠤᠷᠠᠵᠦ ᠪᠠᠢ᠌ᠵᠠᠢ᠃ ᠰᠣᠳᠤᠯᠭ᠋ᠠᠳᠠᠳ ᠲᠡᠭᠦᠨ᠎ᠢ ᠠᠳᠤᠭᠤᠨ᠎ᠤ ᠡᠪᠦᠭᠡ ᠭᠡᠵᠦ ᠦᠵᠡᠵᠦ ᠪᠠᠢ᠌ᠪᠠ᠃ ᠭᠡᠳᠡᠯ᠎ᠡ ᠡᠭᠦᠨ᠎ᠠᠴᠠ ᠨᠡᠩ ᠴᠢᠨᠠᠭᠰᠢ 60 ᠰᠠᠷ᠎ᠠ ᠵᠢᠯ᠎ᠤᠨ ᠳᠡᠷᠳᠡᠭᠡ ᠪᠠᠰᠠ ᠨᠤᠮ᠎ᠤᠨ ᠨᠢᠷᠤᠭᠤ᠎ᠲᠠᠢ᠂ ᠤᠷᠳᠤ ᠰᠡᠭᠦᠯ᠎ᠲᠠᠢ ᠬᠠᠷᠢᠺᠲᠤᠷ ᠭᠡᠬᠦ ᠨᠤᠬᠠᠢ᠎ᠲᠠᠢ ᠲᠦᠰᠡᠳᠠᠢ ᠵᠢᠵᠢᠭ ᠠᠮᠢᠳᠠᠨ ᠪᠠᠢ᠌ᠭᠰᠠᠨ᠎ᠢ ᠣᠯᠵᠦ ᠮᠡᠳᠡᠭᠡᠳ ᠲᠡᠭᠦᠨ᠎ᠢ ᠠᠳᠤᠭᠤᠨ᠎ᠤ ᠬᠣᠯᠠ ᠵᠢᠨ ᠡᠪᠦᠭᠡ ᠭᠡᠵᠦ ᠦᠵᠡᠭᠰᠡᠨ ᠪᠠᠢ᠌ᠨ᠎ᠠ᠃ ᠡᠨᠡ ᠠᠮᠢᠳᠠᠨ᠎ᠤ ᠬᠦᠯ᠎ᠨᠢ ᠭᠤᠷᠪᠠᠨ ᠬᠤᠷᠤᠭᠤ᠎ᠲᠠᠢ ᠪᠠᠢ᠌ᠭᠰᠠᠨ ᠪᠣᠯᠪᠠᠴᠦ ᠠᠮᠢᠳᠤᠷᠠᠯ᠎ᠤᠨ ᠣᠷᠴᠢᠨ ᠨᠦᠬᠦᠴᠡᠯ᠎ᠠᠴᠠ ᠰᠢᠯᠳᠠᠭ᠋ᠠᠯᠠᠵᠦ ᠳᠤᠮᠳᠠ ᠬᠤᠷᠤᠭᠤ᠎ᠨᠢ ᠶᠡᠬᠡᠳᠡ ᠬᠦᠭᠵᠢᠵᠦ ᠪᠣᠰᠤᠳ ᠬᠤᠷᠤᠭᠤ᠎ᠨᠢ ᠠᠭ᠋ᠠᠵᠢᠮ ᠵᠶ᠋ᠠᠷ ᠤᠰᠠᠳᠠᠭᠰᠠᠨᠢ ᠡᠷᠳᠡᠨ᠎ᠤ ᠮᠠᠯᠳᠠᠮᠠᠯ᠎ᠠᠴᠠ ᠣᠯᠳᠠᠭᠰᠠᠨ ᠠᠳᠤᠭᠤᠨ᠎ᠤ ᠶᠠᠰᠦᠨ᠎ᠠᠴᠠ ᠰᠢᠨᠵᠢᠯᠡᠨ ᠮᠡᠳᠡᠵᠠᠢ᠃
ᠮᠣᠩᠭᠤᠯ ᠤᠯᠤᠰ᠎ᠤᠨ ᠬᠠᠭᠤᠴᠢ ᠰᠣᠳᠤᠯᠤᠭᠴᠢᠳ ᠲᠠᠳᠡᠯ ᠭᠣᠣᠯ᠎ᠠᠴᠠ ᠬᠣᠯᠠ ᠦᠭᠡᠢ ᠣᠷᠤᠰᠢᠬᠤ ᠤᠯᠠᠭᠨᠳᠤᠯᠤᠭ᠋ᠠᠢ ᠭᠡᠳᠡᠭ ᠭᠠᠵᠠᠷ᠎ᠠᠴᠠ25 ᠰᠠᠷ᠎ᠠ ᠵᠢᠯ᠎ᠤᠨ ᠡᠮᠦᠨᠡᠬᠢ ᠠᠩᠬᠠᠨ᠎ᠤ ᠠᠳᠤᠭᠤᠨ ᠴᠢᠯᠠᠭᠤᠵᠢᠮᠡᠯᠢ ᠣᠯᠵᠦ ᠠᠪᠴᠠᠢ᠃ ᠮᠠᠨ᠎ᠤ ᠤᠯᠤᠰ᠎ᠤᠨ ᠣᠮᠠᠷᠠᠳᠤ ᠤᠷᠤᠨ᠎ᠠᠴᠠ ᠭᠤᠷᠪᠠᠨ ᠬᠤᠷᠤᠭᠤᠳᠤ ᠠᠳᠤᠭᠤᠨ᠎ᠤ ᠶᠠᠰᠦ ᠪᠠ ᠰᠢᠳᠦᠨᠤ ᠴᠢᠯᠠᠭᠤᠵᠢᠮᠠᠯ᠎ᠢ ᠤᠯᠵᠦ ᠠᠪᠴᠠᠢ᠃ ᠦᠪᠦᠷ ᠮᠣᠩᠭᠤᠯ᠎ᠤᠨ ᠲᠤᠩᠭᠤᠷ ᠨᠤᠳᠤᠭ᠎ᠠᠴᠠ ᠤᠯᠳᠠᠭᠰᠠᠨ ᠠᠨᠴᠢ ᠠᠳᠤᠭᠤ᠂ ᠵᠦᠩᠭ᠋ᠠᠷ᠎ᠤᠨ《ᠭᠤᠷᠪᠠᠨ ᠬᠤᠷᠤᠭᠤᠳᠤ ᠠᠳᠤᠭᠤ》᠂ ᠬᠤᠸᠠᠳ᠋ᠸ ᠵᠢᠨ《ᠴᠢ ᠣᠪᠤᠭᠳᠤ ᠵᠢᠨ ᠳᠤᠮᠳᠠᠳᠤ ᠵᠢᠨ ᠠᠳᠤᠭᠤ》ᠵᠡᠷᠭᠡ ᠮᠠᠯᠳᠠᠮᠠᠯ᠎ᠨᠢ ᠪᠦᠷ ᠯᠡ ᠪᠠᠯᠠᠷ ᠡᠷᠳᠡᠨ᠎ᠤ ᠠᠳᠤᠭᠤᠨ᠎ᠤ ᠣᠷᠤᠰᠢᠨ ᠠᠮᠢᠳᠤᠷᠠᠵᠦ ᠪᠠᠢ᠌ᠭᠰᠠᠨᠤ ᠤᠯᠠ ᠮᠦᠷ ᠪᠣᠯᠤᠨ᠎ᠠ᠃ ᠡᠭᠦᠨ᠎ᠠᠴᠠ ᠭᠠᠳᠠᠨ᠎ᠠ ᠣᠳᠤ ᠵᠢᠨ ᠤᠯᠠᠭ᠋ᠠᠨᠴᠠᠪ ᠠᠢ᠌ᠮᠠᠭ᠎ᠤᠨ ᠪᠠᠷᠠᠭᠤᠨ ᠬᠤᠢ᠌ᠳᠤ ᠬᠡᠰᠡᠭ᠎ᠲᠠᠬᠢ ᠡᠷᠳᠡᠨᠢ᠎ᠳᠤ᠂ ᠬᠣᠩᠭᠤᠷ ᠪᠣᠯᠤᠨ ᠣᠳᠤ ᠵᠢᠨ ᠬᠦᠬᠡᠬᠤᠳᠠ᠂ ᠲᠤᠭᠳᠠᠬᠤ ᠰᠢᠶᠠᠨ ᠵᠡᠷᠭᠡ ᠭᠠᠵᠠᠷ᠎ᠠᠴᠠ ᠴᠦ᠍ ᠭᠤᠷᠪᠠᠨ ᠬᠤᠷᠤᠭᠤᠳᠤ ᠠᠳᠤᠭᠤᠨ᠎ᠤ ᠴᠢᠯᠠᠭᠤᠵᠢᠮᠠᠯ᠎ᠢ ᠮᠠᠯᠳᠠᠵᠦ ᠭᠠᠷᠭ᠋ᠠᠵᠠᠢ᠃ ᠡᠷᠳᠡᠮᠳᠡᠳ ᠡᠳᠡᠭᠡᠷ ᠴᠢᠯᠠᠭᠤᠵᠢᠮᠠᠯ᠎ᠢ《ᠭᠤᠷᠪᠠᠨ ᠬᠤᠷᠤᠭᠤᠳᠤ ᠠᠳᠤᠭᠤᠨ ᠰᠦᠷᠦᠭ》 ᠭᠡᠵᠦ ᠨᠡᠷᠡᠢ᠌ᠳᠤᠨ ᠲᠡᠳᠡᠭᠡᠷ ᠭᠠᠵᠠᠷ᠎ᠢ ᠳᠡᠯᠡᠬᠡᠢ ᠵᠢᠨ ᠡᠷᠳᠡᠨ᠎ᠤ ᠠᠮᠢᠳᠤ ᠪᠣᠳᠠᠰ᠎ᠤᠨ ᠰᠣᠳᠤᠯᠤᠯ᠎ᠤᠨ ᠳᠤᠷᠠᠰᠬᠠᠯᠳᠤ ᠣᠷᠤᠨ ᠪᠤᠯᠭ᠋ᠠᠨ ᠲᠣᠭ᠋ᠠᠴᠠᠵᠦ ᠪᠣᠢ᠂ ᠡᠳᠡᠭᠡᠷ ᠪᠤᠳᠠᠳᠤ ᠪᠠᠷᠢᠮᠳᠠ᠎ᠨᠢ ᠲᠦᠪ ᠠᠽᠢᠶ᠎ᠠ ᠪᠣᠯ ᠠᠩᠬᠠᠨ᠎ᠤ《ᠭᠤᠷᠪᠠᠨ ᠬᠤᠷᠤᠭᠤᠳᠤ ᠠᠳᠤᠭᠤᠨ》᠎ᠤ ᠤᠤᠭ᠋ᠠᠨ ᠨᠤᠳᠤᠭ ᠮᠦᠨ ᠪᠦᠭᠡᠳ《ᠭᠤᠷᠪᠠᠨ ᠬᠤᠷᠤᠭᠤᠳᠤ ᠠᠳᠤᠭᠤ》ᠪᠣᠯ ᠮᠣᠩᠭᠤᠯ ᠠᠳᠤᠭᠤᠨ᠎ᠤ ᠡᠪᠦᠭᠡ ᠳᠡᠭᠡᠳᠤᠰ ᠪᠣᠯᠬᠤ ᠵᠢ ᠭᠡᠷᠡᠴᠢᠯᠡᠵᠦ ᠦᠭᠴᠠᠢ ᠭᠡᠵᠦ ᠡᠷᠳᠡᠮᠳᠡᠳ ᠦᠵᠡᠵᠦ ᠪᠣᠢ᠃
ᠮᠣᠩᠭᠤᠯ ᠠᠳᠤᠭᠤᠨ᠎ᠤ ᠣᠨᠴᠠᠯᠢᠭ
ᠮᠣᠩᠭᠤᠯ ᠠᠳᠤᠭᠤ ᠪᠤᠯ ᠮᠤᠩᠭᠤᠯᠴᠤᠳ ᠮᠣᠩᠭᠤᠯ᠎ᠤᠨ ᠦᠨᠳᠦᠷᠯᠢᠭ᠎ᠲᠤ ᠤᠯᠠᠨ ᠵᠢᠯ᠎ᠤᠨ ᠲᠣᠷᠰᠢᠳᠠ ᠮᠠᠯᠵᠢᠨ ᠪᠣᠢ᠌ᠵᠢᠭᠤᠯᠤᠭᠰᠠᠨ ᠣᠯᠠᠨ ᠬᠡᠷᠡᠭᠴᠡᠭᠡ᠎ᠳᠦ ᠡᠷᠳᠡᠨ᠎ᠤ ᠡᠭᠦᠯᠳᠡᠷ᠎ᠤᠨ ᠠᠳᠤᠭᠤ ᠪᠤᠯᠤᠨ᠎ᠠ᠃ ᠮᠣᠩᠭᠤᠯ ᠠᠳᠤᠭᠤ᠎ᠨᠢ ᠵᠢᠯ ᠲᠣᠷᠰᠢ ᠪᠡᠯᠴᠢᠭᠡᠷ᠎ᠤᠨ ᠮᠠᠯᠯᠠᠭ᠎ᠠ ᠵᠢᠨ ᠨᠦᠬᠦᠴᠡᠯ᠎ᠳᠤ ᠪᠣᠢ᠌ᠵᠢᠭᠰᠠᠨ ᠪᠣᠯᠬᠤᠷ ᠪᠠᠢ᠌ᠭ᠋ᠠᠯᠢ ᠣᠷᠴᠢᠨ᠎ᠤ ᠡᠯᠳᠡᠪ ᠮᠠᠭᠤ ᠨᠦᠬᠦᠴᠡᠯ ᠪᠡ ᠠᠭᠤᠷ ᠠᠮᠢᠰᠬᠤᠯ᠎ᠤᠨ ᠪᠠᠴᠢᠮᠠᠭ ᠲᠦᠷᠭᠡᠨ ᠬᠣᠪᠢᠷᠠᠯᠳᠠ᠎ᠳᠤ ᠵᠣᠬᠢᠴᠠᠵᠦ ᠴᠢᠳᠠᠳᠠᠭ ᠵᠶ᠋ᠠᠷ ᠵᠶ᠋ᠠᠨ ᠳᠡᠯᠡᠬᠡᠢ᠎ᠳᠤ ᠠᠯᠳᠠᠷᠰᠢᠵᠠᠢ᠃ ᠮᠣᠩᠭᠤᠯ ᠠᠳᠤᠭᠤᠨ᠎ᠤ ᠪᠡᠶ᠎ᠡ᠎ᠨᠢ ᠪᠠᠭ᠋ᠠᠪᠳᠤᠷ᠂ ᠲᠣᠯᠤᠭ᠋ᠠᠢ᠎ᠨᠢ ᠪᠦᠳᠦᠭᠦᠨ᠂ ᠮᠠᠩᠨᠠᠢ᠎ᠨᠢ ᠦᠷᠭᠡᠨ᠂ ᠨᠢᠳᠦᠨ ᠤᠬᠤᠷᠬᠠᠢ᠎ᠨᠢ ᠲᠦᠭᠦᠷᠢᠭ᠂ ᠬᠠᠮᠠᠷ᠎ᠤᠨ ᠬᠡᠰᠡᠭ᠎ᠨᠢ ᠰᠢᠯᠤᠭᠤᠨ᠂ ᠬᠠᠮᠠᠷ᠎ᠤᠨ ᠨᠦᠬᠡ᠎ᠨᠢ ᠲᠤᠮᠤ᠂ ᠵᠢᠵᠢᠭᠬᠡᠨ ᠴᠢᠬᠢᠲᠠᠢ᠂ ᠬᠦᠵᠦᠭᠦᠦ᠎ᠨᠢ ᠤᠬᠤᠷ ᠮᠦᠷᠳᠡᠭᠡᠨ ᠮᠢᠬᠠᠯᠢᠭ᠂ ᠮᠣᠨᠳᠠᠭ᠎ᠠ᠎ᠨᠢ ᠨᠠᠮᠬᠠᠨ᠂ ᠴᠡᠭᠡᠵᠢ᠎ᠨᠢ ᠦᠷᠭᠡᠨ ᠪᠦᠭᠡᠳ ᠭᠦᠨ᠂ ᠨᠢᠷᠤᠭᠤ᠎ᠨᠢ ᠰᠢᠯᠤᠭᠤᠨ ᠮᠦᠷᠳᠡᠭᠡᠨ ᠦᠷᠭᠡᠪᠳᠦᠷ᠂ ᠤᠯᠠᠩᠬᠢ᠎ᠨᠢ ᠤᠬᠤᠷᠬᠠᠨ ᠲᠠᠰᠢᠭᠤ ᠲᠠᠰᠢᠶᠠᠲᠠᠢ᠂ ᠬᠡᠪᠡᠯᠢ᠎ᠨᠢ ᠲᠤᠮᠤ ᠰᠢᠭ᠋᠂ ᠳᠦᠷᠪᠡᠨ ᠬᠦᠯ᠎ᠨᠢ ᠬᠠᠳᠠᠭᠤ ᠴᠢᠬᠢᠷᠠᠭ᠂ ᠭᠢᠰᠬᠢᠯᠳᠡᠨᠢ ᠬᠦᠴᠦᠳᠡᠢ ᠪᠦᠭᠡᠳ ᠲᠦᠪ᠂ ᠰᠤᠳᠠᠯ ᠰᠢᠷᠪᠤᠰᠦ᠎ᠨᠢ ᠬᠦᠭᠵᠢᠯᠲᠠᠢ᠂ ᠲᠤᠭᠤᠷᠠᠢ᠎ᠨᠢ ᠬᠠᠳᠠᠭᠤ ᠪᠡᠬᠢ᠂ ᠠᠷᠠᠰᠦ᠎ᠨᠢ ᠵᠤᠵᠠᠭ᠋ᠠᠨ᠂ ᠪᠦᠷᠬᠦᠬᠦᠯ ᠦᠰᠦ᠎ᠨᠢ ᠨᠢᠭᠳᠠ᠂ ᠳᠡᠯ ᠰᠡᠭᠦᠯ ᠰᠠᠭᠯᠠᠭ᠎ᠠ ᠵᠢᠨ ᠦᠰᠦ᠎ᠨᠢ ᠤᠷᠳᠤ ᠪᠦᠭᠡᠳ ᠵᠤᠵᠠᠭ᠋ᠠᠨ᠂ ᠵᠢᠰᠦᠮ᠎ᠨᠢ ᠣᠯᠠᠨ᠃ ᠪᠡᠯᠴᠢᠭᠡᠷ᠎ᠤᠨ ᠪᠦᠳᠦᠭᠦᠯᠢᠭ ᠲᠡᠵᠢᠭᠡᠯᠭᠡ᠎ᠳᠤ ᠳᠠᠳᠴᠦ ᠪᠠᠢ᠌ᠭ᠋ᠠᠯᠢ ᠵᠢᠨ ᠡᠯᠳᠡᠪ ᠨᠦᠬᠦᠴᠡᠯ᠎ᠳᠤ ᠵᠣᠬᠢᠴᠠᠬᠤ ᠴᠢᠳᠠᠪᠤᠷᠢ᠎ᠪᠠᠷ ᠮᠠᠰᠢ ᠰᠠᠢ᠌ᠨ ᠵᠡᠷᠭᠡ ᠣᠨᠴᠠᠯᠢᠭ᠎ᠲᠠᠢ᠃ ᠮᠣᠩᠭᠤᠯ ᠠᠳᠤᠭᠤᠨ᠎ᠤ ᠪᠡᠶ᠎ᠡ ᠵᠢᠨ ᠦᠨᠳᠦᠷ᠎ᠨᠢ ᠶᠡᠷᠦᠩᠬᠡᠢ᠎ᠳᠡᠭᠡᠨ 3.6 ~3.9 ᠲᠣᠬᠤᠢ (120 ~132 ᠰᠡᠨᠲ᠋ᠢᠮᠸᠲᠷ)᠂ ᠠᠮᠢᠳᠤ ᠵᠢᠨ ᠵᠢᠩ᠎ᠨᠢ 520 ~740 ᠵᠢᠩ (260 ~370 ᠺᠢᠯᠤᠭ᠌ᠷᠠᠮ) ᠪᠠᠢ᠌ᠳᠠᠭ᠃ ᠮᠣᠩᠭᠤᠯ ᠠᠳᠤᠭᠤ ᠵᠢ ᠤᠨᠤᠯᠭ᠎ᠠ᠂ ᠬᠦᠯᠦᠰᠢ᠂ ᠠᠴᠢᠶ᠎ᠠ ᠵᠡᠷᠭᠡ ᠵᠢᠨ ᠠᠯᠢᠨ᠎ᠳᠤ᠎ᠨᠢ ᠬᠡᠷᠡᠭᠯᠡᠭᠰᠡᠨ ᠴᠦ᠍ ᠪᠡᠶ᠎ᠡ ᠪᠠᠭ᠎ᠠ ᠬᠢᠷᠢᠨ᠎ᠳᠡᠭᠡᠨ ᠬᠦᠮᠦᠨ᠎ᠢ ᠰᠣᠴᠢᠭ᠋ᠠᠮ᠎ᠠ ᠳᠠᠭ᠋ᠠᠭ᠋ᠠᠮᠠᠭ᠋ᠠᠢ ᠴᠢᠳᠠᠯ ᠪᠠ ᠲᠡᠰᠪᠦᠷᠢ᠎ᠳᠤ ᠴᠢᠨᠠᠷᠲᠠᠢ ᠪᠠᠢ᠌ᠳᠠᠭ᠃
ᠮᠣᠩᠭᠤᠯ ᠠᠳᠤᠭᠤᠨ᠎ᠤ ᠤᠢ᠌ᠷ᠎ᠠ ᠬᠤᠷᠳᠤᠴᠠ᠎ᠨᠢ 2 ᠭᠠᠵᠠᠷ (1 ᠺᠢᠯᠤᠮᠸᠲᠷ)᠎ᠢ ᠨᠢᠭᠡ ᠮᠢᠨᠦ᠋ᠲ ᠬᠣᠶᠠᠷ ᠰᠸᠺᠦ᠋ᠨᠳ᠋᠂10 ᠭᠠᠵᠠᠷ᠎ᠢ ᠵᠢᠷᠭᠤᠭ᠋ᠠᠨ ᠮᠢᠨᠦ᠋ᠲ ᠲᠠᠪᠢᠨ ᠨᠠᠢ᠍ᠮᠠᠨ ᠰᠸᠺᠦ᠋ᠨᠳ᠋ 30 ᠭᠠᠵᠠᠷ᠎ᠢ ᠬᠣᠷᠢᠨ ᠭᠤᠷᠪᠠᠨ ᠮᠢᠨᠦ᠋ᠲ ᠲᠠᠪᠢᠨ ᠳᠦᠷᠪᠡᠨ ᠰᠸᠺᠦ᠋ᠨᠳ᠋ ᠭᠦᠶᠦᠳᠡᠭ᠃ ᠬᠣᠯᠠ ᠵᠢᠨ ᠠᠶᠠᠨ᠎ᠳᠤ ᠡᠳᠦᠷ᠎ᠲᠤ 200 ~300 ᠭᠠᠵᠠᠷ᠎ᠤᠨ ᠬᠤᠷᠳᠤᠴᠠ᠎ᠪᠠᠷ 8 ~15 ᠡᠳᠦᠷ ᠦᠷᠬᠦᠯᠵᠢᠯᠡᠨ ᠶᠠᠪᠤᠬᠤ᠎ᠳᠤ ᠰᠢᠨᠳᠠᠷᠠᠬᠤ ᠦᠭᠡᠢ ᠪᠠᠢ᠌ᠳᠠᠭ᠃ ᠳᠦᠷᠪᠡ ᠬᠦᠯᠦᠭᠰᠡᠨ ᠮᠣᠷᠢᠨ ᠲᠡᠷᠭᠡᠨ᠎ᠳᠤ 400 ~500 ᠵᠢᠩ ᠠᠴᠢᠶ᠎ᠠ ᠲᠡᠭᠡᠭᠡᠴᠢᠭᠡᠭᠡᠳ ᠡᠳᠦᠷ ᠪᠦᠷᠢ120 ᠭᠠᠵᠠᠷ ᠠᠶᠠᠯᠠᠵᠦ ᠪᠣᠯᠳᠠᠭ᠃ ᠮᠣᠩᠭᠤᠯ ᠠᠳᠤᠭᠤ ᠤᠨᠤᠯᠭ᠎ᠠ᠂ ᠬᠦᠯᠦᠰᠢ᠂ ᠠᠴᠢᠶ᠎ᠠ ᠵᠢᠨ ᠠᠯᠢᠨ᠎ᠳᠤ ᠴᠦ᠍ ᠲᠣᠬᠢᠷᠠᠮᠵᠢᠳᠠᠢ ᠪᠣᠯᠪᠠᠴᠦ ᠭᠣᠣᠯ᠎ᠨᠢ ᠤᠨᠤᠯᠭ᠎ᠠ᠎ᠳᠤ ᠰᠠᠢ᠌ᠨ ᠪᠠᠢ᠌ᠳᠠᠭ᠃
ᠮᠣᠩᠭᠤᠯ ᠠᠳᠤᠭᠤᠨ᠎ᠤ ᠲᠠᠷᠬᠠᠯᠳᠠ
ᠮᠣᠩᠭᠤᠯ ᠠᠳᠤᠭᠤ ᠮᠠᠰᠢ ᠦᠷᠭᠡᠨ ᠬᠡᠪᠴᠢᠶᠡᠨ᠎ᠳᠤ ᠲᠠᠷᠬᠠᠵᠦ᠂ ᠳᠡᠯᠡᠬᠡᠢ ᠵᠢᠨ ᠨᠡᠯᠢᠶᠡᠳ ᠣᠯᠠᠨ ᠠᠳᠤᠭᠤᠨ᠎ᠤ ᠡᠭᠦᠯᠳᠡᠷ᠎ᠤᠨ ᠪᠣᠢ ᠪᠤᠯᠬᠤ᠎ᠳᠤ ᠶᠡᠭᠡᠬᠡᠨ ᠨᠦᠯᠦᠭᠡ ᠦᠵᠡᠭᠦᠯᠵᠠᠢ᠃ ᠮᠣᠩᠭᠤᠯ ᠠᠳᠤᠭᠤ ᠳᠤᠮᠳᠠᠳᠤ ᠤᠯᠤᠰ᠎ᠤᠨ ᠵᠡᠭᠦᠨ ᠬᠣᠢ᠌ᠳᠤ ᠣᠷᠤᠨ᠂ ᠣᠮᠠᠷᠠᠳᠤ ᠣᠷᠤᠨ᠂ ᠪᠠᠷᠠᠭᠤᠨ ᠬᠣᠢ᠌ᠳᠤ ᠣᠷᠤᠨ ᠪᠣᠯᠤᠨ ᠮᠣᠩᠭᠤᠯ ᠤᠯᠤᠰ᠂ ᠤᠤᠯ᠎ᠤᠨ ᠵᠦᠪᠯᠡᠯ᠎ᠳᠤ ᠬᠤᠯᠪᠤᠭ᠋ᠠᠳᠤ ᠤᠯᠤᠰ᠎ᠤᠨ ᠪᠠᠢ᠌ᠭ᠋ᠠᠯ ᠨᠠᠭᠤᠷ᠎ᠤᠨ ᠬᠠᠪᠢ᠎ᠪᠠᠷ ᠦᠷᠭᠡᠨ ᠬᠡᠪᠴᠢᠶᠡᠨ᠎ᠳᠤ ᠲᠠᠷᠬᠠᠵᠦ ᠪᠠᠢ᠌ᠳᠠᠭ᠃ ᠮᠣᠩᠭᠤᠯ ᠠᠳᠤᠭᠤ ᠵᠢ ᠲᠡᠭᠦᠨ᠎ᠤ ᠨᠤᠳᠤᠭᠰᠢᠭᠰᠠᠨ ᠭᠠᠵᠠᠷ ᠣᠷᠤᠨ᠎ᠤ ᠬᠢᠨᠢ ᠣᠨᠴᠠᠯᠢᠭ ᠵᠶ᠋ᠠᠷ᠎ᠨᠢ ᠲᠠᠯ᠎ᠠ ᠨᠤᠳᠤᠭ᠎ᠤᠨ ᠠᠳᠤᠭᠤ᠂ ᠰᠢᠭᠤᠢ᠌ᠳᠤ ᠣᠷᠤᠨ᠎ᠤ ᠠᠳᠤᠭᠤ᠂ ᠡᠯᠡᠰᠦᠷᠬᠡᠭ ᠣᠷᠤᠨ᠎ᠤ ᠠᠳᠤᠭᠤ᠂ ᠠᠭᠤᠯᠠᠷᠬᠠᠭ ᠣᠷᠤᠨ᠎ᠤ ᠠᠳᠤᠭᠤ ᠭᠡᠵᠦ ᠳᠦᠷᠪᠡᠨ ᠬᠡᠯᠪᠡᠷᠢ᠎ᠳᠤ ᠠᠩᠭᠢᠯᠠᠳᠠᠭ᠃
ᠲᠠᠯ᠎ᠠ ᠨᠣᠳᠤᠭ᠎ᠤᠨ ᠠᠳᠤᠭᠤ
ᠲᠠᠯ᠎ᠠ ᠭᠠᠵᠠᠷ ᠨᠤᠳᠤᠭᠰᠢᠭᠰᠠᠨ ᠠᠳᠤᠭᠤ᠃ ᠪᠡᠶ᠎ᠡ᠎ᠨᠢ ᠪᠠᠭ᠋ᠠᠪᠳᠤᠷ ᠪᠣᠯᠪᠠᠴᠦ ᠴᠡᠭᠡᠵᠢ᠎ᠨᠢ ᠦᠷᠭᠡᠨ ᠬᠦᠨ᠂ ᠭᠠᠳᠠᠷ ᠪᠠᠢ᠌ᠳᠠᠯ᠎ᠨᠢ ᠲᠡᠳᠦᠢ ᠯᠡ ᠭᠣᠪᠠᠢ ᠨᠠᠷᠢᠯᠢᠭ ᠪᠢᠰᠢ᠂ ᠦᠰᠦ᠎ᠨᠢ ᠵᠤᠵᠠᠭ᠋ᠠᠨ ᠪᠦᠭᠡᠳ ᠤᠷᠳᠤ ᠰᠢᠭ᠋᠃ ᠪᠦᠳᠦᠴᠡ᠎ᠨᠢ ᠨᠢᠭᠳᠠ᠂ ᠪᠡᠶ᠎ᠡ ᠴᠣᠭᠴᠠ᠎ᠨᠢ ᠪᠡᠬᠢᠯᠢᠭ᠂ ᠳᠦᠷᠪᠡᠨ ᠮᠦᠴᠢ᠎ᠨᠢ ᠰᠢᠨᠳᠠᠰᠦ᠎ᠲᠠᠢ ᠪᠠᠢ᠌ᠭ᠋ᠠᠯᠢ ᠵᠢᠨ ᠪᠡᠯᠴᠢᠭᠡᠷ ᠵᠡᠷᠭᠡ ᠪᠦᠳᠦᠭᠦᠯᠢᠭ ᠢᠳᠡᠰᠢᠨ᠎ᠳᠤ ᠵᠣᠬᠢᠴᠠᠭᠰᠠᠨ ᠪᠠᠢ᠌ᠳᠠᠭ᠃ ᠡᠢ᠌ᠮᠦ ᠬᠡᠯᠪᠡᠷᠢ ᠵᠢᠨ ᠠᠳᠤᠭᠤ ᠪᠠᠷᠠᠭᠤᠨᠰᠢ ᠠᠯᠳᠠᠢ ᠠᠭᠤᠯᠠ᠂ ᠵᠡᠭᠦᠨᠰᠢ ᠬᠢᠩᠭ᠋ᠠᠨ ᠳᠠᠪᠠᠭ᠎ᠠ᠂ ᠣᠮᠠᠷᠠᠰᠢ ᠪᠠᠢ᠌ᠭ᠋ᠠᠯ ᠨᠠᠭᠤᠷ᠂ ᠡᠮᠦᠨᠡᠰᠢ ᠴᠠᠭ᠋ᠠᠨ ᠬᠡᠷᠡᠮ ᠬᠦᠷᠳᠡᠯᠡᠬᠢ ᠮᠣᠩᠭᠤᠯ᠎ᠤᠨ ᠦᠨᠳᠦᠷᠯᠢᠭ᠎ᠤᠨ ᠬᠡᠭᠡᠷ᠎ᠡ ᠲᠠᠯ᠎ᠠ ᠭᠠᠵᠠᠷ ᠨᠡᠢ᠌ᠳᠡᠮ ᠲᠠᠷᠬᠠᠵᠦ ᠪᠠᠢ᠌ᠳᠠᠭ᠃ ᠡᠭᠦᠨ᠎ᠳᠤ ᠳᠤᠮᠳᠠᠳᠤ ᠤᠯᠤᠰ᠎ᠤᠨ ᠦᠪᠦᠷ ᠮᠣᠩᠭᠤᠯ᠎ᠤᠨ ᠰᠢᠯᠢ ᠵᠢᠨ ᠭᠤᠤᠯ᠂ ᠤᠯᠠᠭ᠋ᠠᠨᠴᠠᠪ᠂ ᠪᠠᠶᠠᠨᠨᠠᠭᠤᠷ᠎ᠤᠨ ᠤᠷᠠᠳ᠂ ᠮᠣᠩᠭᠤᠯ ᠤᠯᠤᠰ᠎ᠤᠨ ᠳᠤᠷᠤᠨ᠎ᠠ᠂ ᠡᠮᠦᠨ᠎ᠡ ᠭᠣᠪᠢ ᠵᠡᠷᠭᠡ ᠭᠠᠵᠠᠷ ᠣᠷᠤᠨ᠎ᠤ ᠲᠠᠯ᠎ᠠ ᠭᠠᠵᠠᠷ᠎ᠲᠤ ᠢᠯᠡᠭᠦᠦ ᠲᠦᠪᠯᠡᠷᠡᠵᠦ ᠪᠠᠢ᠌ᠳᠠᠭ᠃
ᠰᠢᠭᠤᠢ᠌ᠳᠤ ᠤᠷᠤᠨ᠎ᠤ ᠠᠳᠤᠭᠤ
ᠣᠢ ᠰᠢᠭᠤᠢ᠌ᠳᠤ ᠣᠷᠤᠨ᠎ᠳᠤ ᠨᠤᠳᠤᠭᠰᠢᠭᠰᠠᠨ ᠠᠳᠤᠭᠤ᠃ ᠡᠨᠡ ᠠᠳᠤᠭᠤ᠎ᠨᠢ ᠬᠦᠢ᠍ᠳᠡᠨ ᠪᠦᠭᠡᠳ ᠴᠢᠭᠢᠭ ᠶᠡᠬᠡᠳᠠᠢ ᠠᠭᠤᠷ ᠠᠮᠢᠰᠬᠤᠯ᠎ᠳᠤ ᠵᠣᠬᠢᠴᠠᠵᠦ ᠰᠠᠬᠤᠯᠢᠭ ᠦᠨᠳᠦᠷ ᠡᠪᠡᠰᠦ ᠤᠷᠭᠤᠮᠠᠯ᠎ᠤᠨ ᠰᠤᠷ᠎ᠢ ᠢᠳᠡᠵᠦ ᠳᠠᠳᠤᠭᠰᠠᠨ ᠪᠠᠢ᠌ᠳᠠᠭ᠃ ᠲᠠᠯ᠎ᠠ ᠨᠤᠳᠤᠭ᠎ᠤᠨ ᠠᠳᠤᠭᠤ ᠵᠢ ᠪᠤᠳᠤᠪᠠᠯ ᠬᠦᠨᠳᠤ ᠴᠢᠨᠠᠷ᠎ᠤᠨ ᠠᠳᠤᠭᠤᠨ᠎ᠳᠤ ᠲᠣᠭ᠋ᠠᠴᠠᠭᠳᠠᠨ᠎ᠠ᠃ ᠪᠡᠶ᠎ᠡ ᠴᠣᠭᠴᠠ᠎ᠨᠢ ᠤᠷᠳᠤ ᠪᠦᠭᠡᠳ ᠦᠷᠭᠡᠨ᠂ ᠬᠦᠨᠳᠤ ᠪᠦᠳᠦᠭᠦᠯᠢᠭ᠂ ᠳᠡᠯ ᠰᠡᠭᠦᠯ᠎ᠨᠢ ᠤᠷᠳᠤ ᠵᠤᠵᠠᠭ᠋ᠠᠨ᠂ ᠳᠦᠷᠪᠡᠨ ᠮᠦᠴᠢ᠎ᠨᠢ ᠬᠦᠳᠡᠷᠯᠢᠭ᠂ ᠲᠤᠭᠤᠷᠠᠢ᠎ᠨᠢ ᠲᠤᠮᠤ ᠪᠦᠭᠡᠳ ᠦᠷᠭᠡᠨ᠂ ᠤᠳᠠᠭ᠋ᠠᠪᠳᠤᠷ ᠬᠦᠳᠡᠯᠪᠤᠷᠢ᠎ᠲᠠᠢ᠃ ᠡᠢ᠌ᠮᠦ ᠬᠡᠯᠪᠡᠷᠢ ᠵᠢᠨ ᠠᠳᠤᠭᠤ ᠭᠤᠤᠯᠳᠠᠭᠤ ᠲᠦᠪ ᠠᠽᠢᠶ᠎ᠠ ᠵᠢᠨ ᠰᠢᠪᠸᠷᠢᠶ᠎ᠠ ᠵᠢᠨ ᠰᠢᠭᠤᠢ᠌ᠳᠤ ᠣᠷᠤᠨ ᠵᠡᠷᠭᠡ ᠭᠠᠵᠠᠷ᠎ᠳᠤ ᠲᠠᠷᠬᠠᠵᠦ ᠪᠠᠢ᠌ᠳᠠᠭ᠃
ᠠᠭᠤᠯᠠᠷᠬᠠᠭ ᠣᠷᠤᠨ᠎ᠤ ᠠᠳᠤᠭᠤ
ᠠᠭᠤᠯᠠᠷᠬᠠᠭ ᠣᠷᠤᠨ᠎ᠳᠤ ᠨᠤᠳᠤᠭᠰᠢᠭᠰᠠᠨ ᠠᠳᠤᠭᠤ᠃ ᠪᠡᠶ᠎ᠡ᠎ᠨᠢ ᠪᠠᠭ᠎ᠠ᠂ ᠴᠣᠭᠴᠠ᠎ᠨᠢ ᠨᠠᠷᠢᠯᠢᠭ᠂ ᠳᠦᠷᠪᠡᠨ ᠮᠦᠴᠢ᠎ᠨᠢ ᠰᠢᠯᠤᠭᠤᠨ ᠪᠦᠭᠡᠳ ᠴᠢᠬᠢᠷᠠᠭ᠂ ᠲᠤᠭᠤᠷᠠᠢ᠎ᠨᠢ ᠴᠣᠮᠪᠤᠨ ᠪᠦᠭᠡᠳ ᠵᠤᠵᠠᠭ᠋ᠠᠨ ᠪᠡᠬᠢ᠂ ᠠᠯᠬᠤᠭ᠎ᠠ᠎ᠨᠢ ᠯᠠᠪᠳᠠᠭᠤᠨ ᠮᠦᠷᠳᠡᠭᠡᠨ ᠬᠦᠩᠭᠡᠨ ᠪᠣᠰᠢᠭᠤ᠂ ᠠᠭᠤᠯᠠᠨ ᠵᠠᠮ᠎ᠳᠤ ᠮᠠᠰᠢ ᠰᠠᠢ᠌ᠨ ᠵᠣᠬᠢᠴᠠᠭᠰᠠᠨ ᠣᠨᠴᠠᠯᠢᠭ᠎ᠲᠠᠢ᠃ ᠡᠢ᠌ᠮᠦ ᠬᠡᠯᠪᠡᠷᠢ ᠵᠢᠨ ᠠᠳᠤᠭᠤ᠎ᠨᠢ ᠳᠤᠮᠳᠠᠳᠤ ᠤᠯᠤᠰ᠎ᠤᠨ ᠬᠦᠬᠡᠨᠠᠭᠤᠷ ᠲᠦᠪᠡᠳ᠎ᠤᠨ ᠠᠭᠤᠯᠠᠷᠬᠠᠭ ᠣᠷᠤᠨ ᠵᠡᠷᠭᠡ ᠭᠠᠵᠠᠷ ᠣᠷᠤᠨ ᠵᠶ᠋ᠠᠷ ᠭᠤᠤᠯ ᠲᠠᠷᠬᠠᠵᠦ ᠪᠣᠢ᠃ ᠦᠪᠦᠷ ᠮᠣᠩᠭᠤᠯ᠎ᠤᠨ ᠬᠡᠰᠢᠭᠳᠡᠨᠤ ᠪᠠᠢ᠌ᠴᠠ ᠵᠢᠨ ᠭᠣᠣᠯ ᠵᠡᠷᠭᠡ ᠭᠠᠵᠠᠷ᠎ᠤᠨ ᠠᠳᠤᠭᠤ ᠴᠦ᠍ ᠡᠭᠦᠨ᠎ᠳᠤ ᠪᠠᠭᠳᠠᠨ᠎ᠠ᠃
ᠡᠯᠡᠰᠦᠷᠬᠡᠭ ᠣᠷᠤᠨ᠎ᠤ ᠠᠳᠤᠭᠤ
ᠡᠯᠡᠰᠦᠷᠬᠡᠭ ᠣᠷᠤᠨ᠎ᠳᠤ ᠨᠤᠳᠤᠭᠰᠢᠭᠰᠠᠨ ᠠᠳᠤᠭᠤ᠃ ᠭᠠᠩ ᠬᠠᠭᠤᠷᠠᠢ ᠠᠭᠤᠷ ᠠᠮᠢᠰᠬᠤᠯ᠂ ᠡᠪᠡᠰᠦ ᠤᠰᠤ ᠬᠠᠩᠭ᠋ᠠᠮᠵᠢ ᠮᠠᠭᠤᠳᠠᠢ ᠡᠯᠡᠰᠦ ᠮᠠᠩᠬᠠᠯᠢᠭ ᠭᠠᠵᠠᠷ᠎ᠲᠤ ᠵᠣᠬᠢᠴᠠᠵᠠᠢ᠃ ᠡᠢ᠌ᠮᠦ ᠠᠳᠤᠭᠤᠨ᠎ᠤ ᠪᠡᠶ᠎ᠡ᠎ᠨᠢ ᠪᠠᠭ᠎ᠠ᠂ ᠴᠡᠪᠡᠷ ᠴᠡᠮᠴᠡᠭᠡᠷ ᠪᠦᠭᠡᠳ ᠴᠣᠪᠤᠭᠤ ᠳᠡᠭᠵᠢᠨ ᠵᠠᠩ᠎ᠲᠠᠢ᠂ ᠲᠡᠰᠪᠦᠷᠢ ᠳᠠᠭ᠋ᠠᠭ᠋ᠠᠮᠠᠭ᠋ᠠᠢ ᠪᠠᠢ᠌ᠳᠠᠭ᠃ ᠲᠤᠭᠤᠷᠠᠢ ᠵᠢᠨ ᠲᠠᠪᠠᠭ᠎ᠨᠢ ᠶᠡᠬᠡ ᠠᠯᠬᠤᠭ᠎ᠠ ᠰᠠᠢ᠌ᠪᠤᠷᠢᠲᠠᠢᠨᠢ ᠣᠯᠠᠨ᠃ ᠦᠪᠦᠷ ᠮᠣᠩᠭᠤᠯ᠎ᠤᠨ ᠦᠦᠰᠢᠨ ᠵᠡᠷᠬᠡ ᠡᠯᠡᠰᠦᠷᠬᠡᠭ ᠭᠠᠵᠠᠷ᠎ᠤᠨ ᠠᠳᠤᠭᠤ ᠡᠭᠦᠨ᠎ᠳᠤ ᠪᠠᠭᠳᠠᠨ᠎ᠠ᠃
ᠦᠪᠦᠷ ᠮᠣᠩᠭᠤᠯ᠎ᠤᠨ ᠰᠢᠨᠵᠢᠯᠡᠬᠦ ᠤᠬᠠᠭ᠋ᠠᠨ ᠲᠸᠩᠨᠢᠭ ᠮᠡᠷᠭᠡᠵᠢᠯ᠎ᠤᠨ ᠬᠡᠪᠯᠡᠯ᠎ᠤᠨ ᠬᠣᠷᠢᠶ᠎ᠠ᠎ᠠᠴᠠ ᠬᠡᠪᠯᠡᠭᠰᠡᠨ 《ᠮᠣᠩᠭᠤᠯ ᠵᠠᠩ ᠦᠢ᠍ᠯᠡ ᠵᠢᠨ ᠨᠡᠪᠳᠡᠷᠬᠡᠢ ᠲᠣᠯᠢ 》 (ᠠᠵᠦ ᠠᠬᠤᠢ ᠵᠢᠨ ᠪᠣᠳᠢ)᠎ᠠᠴᠠ ᠬᠠᠭᠤᠯᠠᠪᠦᠷᠢᠯᠡᠪᠡ᠃