ᠣᠯᠠᠨ ᠨᠠᠰᠤᠲᠤ ᠡᠪᠡᠰᠦᠯᠢᠭ ᠭᠠᠩᠰᠠᠭ ᠳᠤᠮᠳᠠᠰᠠᠭ ᠤᠷᠭᠤᠮᠠᠯ᠃ ᠤᠢ᠌ᠳᠤ ᠪᠡᠯᠴᠢᠭᠡᠷ᠂ ᠠᠭᠤᠯᠠᠷᠬᠠᠭ ᠭᠠᠵᠠᠷ᠎ᠤᠨ ᠪᠡᠯᠴᠢᠭᠡᠷ᠂ ᠨᠡᠢ᠌ᠲᠡᠯᠢᠭ ᠪᠡᠯᠴᠢᠭᠡᠷ᠎ᠤᠨ ᠪᠦᠰᠡᠨ᠎ᠳᠠᠬᠢ ᠨᠤᠭᠤ ᠪᠡᠯᠴᠢᠭᠡᠷ᠂ ᠡᠯᠡᠰᠦᠷᠬᠡᠭ ᠪᠡᠯᠴᠢᠭᠡᠷ ᠵᠢᠴᠢ ᠪᠤᠳᠡ ᠰᠦᠬᠡᠭ ᠵᠶ᠋ᠡᠷ ᠣᠷᠭᠤᠨ᠎ᠠ᠃ ᠨᠣᠭᠤ ᠪᠡᠯᠴᠢᠭᠡᠷ᠎ᠲᠤ ᠦᠷᠭᠦᠯᠵᠢ ᠲᠣᠬᠢᠶᠠᠯᠳᠤᠳᠠᠭ ᠬᠤᠯᠢᠮᠠᠭ ᠡᠪᠡᠰᠦ ᠪᠣᠯᠣᠨ᠎ᠠ᠃ ᠮᠠᠨ᠎ᠤ ᠣᠷᠣᠨ᠎ᠤ ᠬᠢᠩᠭ᠋ᠠᠨ᠎ᠤ ᠬᠣᠢ᠌ᠲᠤ ᠬᠡᠰᠡᠭ᠂ ᠬᠢᠩᠭ᠋ᠠᠨ᠎ᠤ ᠡᠮᠦᠨᠡᠲᠦ ᠬᠡᠰᠡᠭ᠂ ᠳᠠᠪᠠᠭ᠋ᠠᠨ᠎ᠤ ᠵᠡᠭᠦᠨ ᠲᠣᠭᠣᠷᠢᠭ᠂ ᠳᠠᠪᠠᠭ᠋ᠠᠨ᠎ᠤ ᠪᠠᠷᠠᠭᠤᠨ ᠲᠣᠭᠣᠷᠢᠭ᠂ ᠯᠢᠶᠣᠤ ᠾᠧ ᠭᠣᠣᠯ᠎ᠤᠨ ᠲᠠᠯ᠎ᠠ ᠭᠠᠵᠠᠷ᠂ ᠶᠠᠨᠱ᠌ᠠᠨ ᠠᠭᠤᠯᠠᠨ᠎ᠤ ᠬᠣᠢ᠌ᠲᠤ ᠬᠡᠰᠡᠭ᠂ ᠬᠦᠯᠦᠨ ᠪᠤᠢ᠌ᠷ — ᠰᠢᠯᠢ ᠵᠢᠨ ᠭᠣᠣᠯ᠎ᠤᠨ ᠥᠨᠳᠥᠷᠯᠢᠭ᠎ᠤᠨ ᠵᠡᠭᠦᠨ ᠡᠮᠦᠨᠡᠲᠦ ᠬᠡᠰᠡᠭ᠂ ᠤᠯᠠᠭ᠋ᠠᠨᠴᠠᠪ᠎ᠤᠨ ᠡᠮᠦᠨᠡᠲᠦ ᠬᠡᠰᠡᠭ᠂ ᠮᠤᠨᠢ ᠠᠭᠤᠯᠠ ᠵᠢᠨ ᠲᠣᠭᠣᠷᠢᠭ᠂ ᠮᠤᠨᠢ ᠠᠭᠤᠯᠠ ᠵᠢᠨ ᠥᠪᠥᠷᠲᠠᠬᠢ ᠲᠣᠣ ᠳᠣᠪᠣᠷᠴᠠᠭ᠂ ᠤᠷᠳᠤᠰ ᠲᠣᠭᠣᠷᠢᠭ ᠵᠶ᠋ᠠᠷ ᠣᠷᠭᠤᠯᠲᠠ᠎ᠲᠠᠢ᠃ ᠮᠠᠨ ᠤᠯᠤᠰ᠎ᠤᠨ ᠵᠡᠭᠦᠨ ᠬᠣᠢ᠌ᠲᠤ ᠣᠷᠣᠨ᠂ ᠤᠮᠠᠷᠠᠲᠤ ᠣᠷᠣᠨ᠂ ᠪᠠᠷᠠᠭᠤᠨ ᠡᠮᠦᠨᠡᠲᠦ ᠣᠷᠣᠨ ᠵᠶ᠋ᠠᠷ ᠳᠠᠷᠬᠠᠨ᠂ ᠮᠣᠩᠭᠣᠯ ᠤᠯᠤᠰ᠂ ᠤᠷᠤᠰ᠎ᠤᠨ ᠰᠢᠪᠧᠷᠢᠶ᠎ᠡ᠎ᠪᠠᠷ ᠪᠠᠰᠠ ᠲᠠᠷᠬᠠᠵᠤ ᠪᠠᠢ᠌ᠳᠠᠭ᠃ ᠭᠡᠷ᠎ᠤᠨ ᠲᠡᠵᠢᠭᠡᠪᠦᠷᠢ ᠪᠠᠷᠤᠭ ᠢᠳᠡᠬᠦ ᠦᠭᠡᠢ ᠶᠤᠮ᠃ ᠲᠡᠭᠦᠨ᠎ᠢ ᠢᠳᠡᠪᠡᠯ ᠮᠠᠯ ᠲᠡᠵᠢᠭᠡᠪᠦᠷᠢ ᠵᠠᠷᠢᠮ᠎ᠳᠠᠭᠠᠨ ᠬᠣᠣᠷᠠᠳᠠᠭᠳᠠᠬᠤ᠂ ᠠᠮᠢᠰᠬᠤᠭ᠎ᠠ ᠠᠪᠬᠤ᠎ᠳᠤ ᠬᠦᠴᠢᠷᠲᠡᠬᠦ᠂ ᠴᠢᠰᠤᠨ᠎ᠤ ᠡᠷᠭᠢᠯᠲᠡ᠎ᠳᠤᠨᠢ ᠰᠠᠭ᠋ᠠᠳ ᠤᠴᠠᠷᠠᠬᠤ᠂ ᠵᠢᠷᠦᠬᠡ᠂ ᠮᠠᠳᠠᠷᠠᠯ᠂ ᠪᠤᠯᠴᠢᠩ ᠮᠢᠬ᠎ᠠ᠎ᠨᠢ ᠮᠢᠨᠴᠦᠭᠦᠷᠡᠨ ᠲᠠᠲᠠᠪᠠᠯᠵᠠᠳᠠᠭ᠃ ᠪᠦᠭᠦᠯᠢ ᠡᠪᠡᠰᠦ᠎ᠨᠢ ᠡᠮ᠎ᠳᠤ ᠣᠷᠣᠵᠤ᠂ ᠡᠪᠡᠳᠬᠦ ᠵᠢ ᠵᠣᠭᠰᠣᠭ᠋ᠠᠬᠤ ᠪᠤᠶᠤ ᠬᠣᠷᠣᠬᠠᠢ ᠠᠯᠠᠬᠤ ᠦᠢ᠍ᠯᠡᠳᠦᠯ᠎ᠲᠠᠢ᠃ ᠭᠠᠳᠠᠷ ᠬᠡᠷᠡᠭᠯᠡᠵᠦ ᠰᠢᠳᠦ ᠡᠪᠡᠳᠬᠦ ᠵᠢ ᠵᠠᠰᠠᠳᠠᠭ᠃ ᠮᠣᠩᠭᠣᠯ ᠡᠮ᠎ᠳᠤ ᠬᠡᠷᠡᠭᠯᠡᠪᠡᠯ ᠭᠣᠣᠯᠳᠠᠭᠤ ᠭᠡᠳᠡᠰᠦᠨ᠎ᠤ ᠦᠷᠪᠢᠰᠦᠯ᠂ ᠰᠠᠭᠤᠯᠭ᠋ᠠᠬᠤ ᠵᠢ ᠵᠡᠰᠡᠨᠡ᠃ ᠴᠡᠴᠡᠭ᠎ᠨᠢ ᠲᠣᠮᠣ ᠪᠥᠭᠡᠳ ᠰᠣᠷᠭᠤᠭ ᠪᠣᠯᠬᠣᠷ ᠦᠵᠡᠮᠦᠷᠢ ᠵᠢᠨ ᠴᠡᠴᠡᠭ ᠪᠣᠯᠭ᠋ᠠᠵᠤ ᠪᠣᠯᠣᠨ᠎ᠠ᠃

