ᠰᠢᠨᠬᠤᠸᠠ ᠬᠤᠷᠢᠶᠠᠨ᠎ᠤ ᠬᠦᠢ᠍ᠶᠡᠩᠤᠨ 5 ᠳ᠋ᠤᠭ᠋ᠠᠷ ᠰᠠᠷ᠎ᠠ ᠵᠢᠨ 23᠎ᠤ ᠠ᠋ᠳᠤᠷ᠎ᠤᠨ ᠴᠠᠬᠢᠯᠭ᠋ᠠᠨ ᠮᠡᠳᠡᠭᠡ᠂ ᠳᠦᠷᠦ ᠵᠢᠨ ᠶᠠᠪᠤᠳᠠᠯ᠎ᠤᠨ ᠬᠤᠷᠢᠶᠠᠨ᠎ᠤ ᠭᠡᠰᠢᠬᠦᠨ ᠳᠦᠷᠦ ᠵᠢᠨ ᠶᠠᠪᠤᠳᠠᠯ᠎ᠤᠨ ᠬᠤᠷᠢᠶᠠᠨ᠎ᠤ ᠨᠠᠷᠢᠨ ᠪᠢᠴᠢᠭ᠎ᠤᠨ ᠳᠠᠷᠤᠭ᠎ᠠ ᠰᠢᠶᠤᠤ ᠵᠢᠶᠸ 21᠎ᠤ ᠠ᠋ᠳᠤᠷ᠎ᠠᠴᠠ 22᠎ᠤᠨ ᠠ᠋ᠳᠤᠷ ᠪᠤᠯᠳᠠᠯ᠎ᠠ ᠬᠦᠢ᠍ᠵᠸᠤ ᠮᠤᠵᠢ ᠵᠢᠨ 《ᠳᠠᠯᠪᠢᠬᠤ ᠬᠠᠮᠢᠶᠠᠷᠬᠤ ᠦᠢ᠍ᠯᠡᠴᠢᠯᠡᠬᠦ》 ᠦᠭᠡᠷᠡᠴᠢᠯᠡᠯᠳᠡ ᠪᠤᠯᠤᠨ ᠢᠨᠲᠸᠷ ᠰᠦᠯᠵᠢᠶ᠎ᠠ + ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡ》 ᠵᠡᠷᠭᠡ ᠠᠵᠢᠯ᠎ᠢ ᠪᠠᠢ᠌ᠴᠠᠭ᠋ᠠᠨ ᠰᠤᠳᠤᠯᠵᠠᠢ᠃
ᠰᠢᠶᠤᠤ ᠵᠢᠶᠸ ᠬᠦᠢ᠍ᠵᠸᠤ ᠮᠤᠵᠢ ᠵᠢᠨ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠳᠦᠪ᠂ ᠬᠦᠢ᠍ᠶᠠᠩ ᠬᠤᠳᠠ ᠵᠢᠨ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠳᠢᠩᠬᠢᠮ᠎ᠳᠤ ᠬᠦᠷᠴᠤ ᠠᠵᠢᠯᠳᠠᠨ ᠪᠤᠯᠤᠨ ᠤᠴᠢᠷ ᠶᠠᠪᠤᠳᠠᠯ ᠬᠦᠢ᠍ᠴᠡᠳᠭᠡᠬᠦ᠎ᠪᠠᠷ ᠢᠷᠡᠭᠰᠡᠨ ᠤᠯᠠᠨ ᠳᠦᠮᠡᠨ᠎ᠲᠠᠢ ᠵᠤᠭᠤᠭᠳᠠᠨ ᠰᠠᠨᠠᠯ ᠵᠶ᠋ᠡᠨ ᠰᠤᠯᠢᠯᠴᠠᠵᠤ᠂ ᠵᠠᠰᠠᠭ᠎ᠢ ᠴᠤᠮᠬᠠᠳᠬᠠᠵᠤ ᠠ᠋ᠷᠭᠡ ᠵᠢ ᠳᠠᠯᠪᠢᠬᠤ ᠵᠢ ᠬᠦᠨᠵᠡᠭᠡᠢ᠌ᠷᠡᠬᠦᠯᠬᠦ᠂ ᠰᠦᠯᠵᠢᠶᠠᠨ ᠳᠡᠭᠡᠷ᠎ᠠ ᠪᠠ ᠰᠦᠯᠵᠢᠶᠠᠨ ᠭᠠᠳᠠᠨᠠᠬᠢ ᠵᠢ ᠠᠭᠤᠰᠤᠯᠴᠠᠭᠤᠯᠬᠤ ᠵᠢ ᠠᠬᠢᠭᠤᠯᠬᠤ᠂ ᠵᠠᠰᠠᠭ᠎ᠤᠨ ᠶᠠᠪᠤᠳᠠᠯ᠎ᠤᠨ ᠦᠢ᠍ᠯᠡᠴᠢᠯᠡᠭᠡᠨ᠎ᠤ ᠳᠤᠤᠷ ᠰᠦᠯᠵᠢᠶᠡᠨ᠎ᠤ ᠪᠠᠢ᠌ᠭᠤᠯᠤᠯᠳᠠ ᠵᠢᠨ ᠪᠠᠢ᠌ᠳᠠᠯ ᠵᠡᠷᠭᠡ ᠵᠢ ᠨᠠᠷᠢᠨ ᠤᠢ᠌ᠯᠠᠭ᠋ᠠᠭᠰᠠᠨ ᠪᠦᠭᠡᠳ ᠶᠠᠷᠢᠯᠴᠠᠬᠤ ᠬᠤᠷᠠᠯ᠎ᠢ ᠠ᠋ᠷᠬᠢᠯᠡᠨ ᠬᠤᠷᠠᠯᠳᠤᠭᠤᠯᠵᠤ ᠮᠤᠵᠢ ᠬᠤᠳᠠ ᠰᠢᠶᠠᠨ᠎ᠤ ᠬᠤᠯᠪᠤᠭᠳᠠᠯ ᠪᠦᠬᠦᠢ ᠳᠠᠯ᠎ᠠ ᠵᠢᠨ ᠰᠠᠨᠠᠯ ᠵᠦᠪᠯᠡᠯᠭᠡ ᠵᠢ ᠰᠤᠨᠤᠰᠴᠠᠢ᠃ ᠰᠢᠶᠤᠤ ᠵᠢᠶᠸ ᠬᠦᠢ᠍ᠵᠸᠤ ᠮᠤᠵᠢ ᠵᠢᠨ ᠳᠤᠭ᠋ᠠᠴᠢᠯᠠᠭᠰᠠᠨ ᠠᠵᠤ ᠠᠬᠤᠢ ᠵᠢ ᠬᠦᠭᠵᠢᠬᠦᠯᠦᠭᠰᠡᠨ᠂ ᠵᠠᠰᠠᠭ᠎ᠤᠨ ᠤᠷᠳᠤᠨ᠎ᠤ ᠰᠦᠯᠵᠢᠶᠡᠨ ᠳᠡᠭᠡᠷᠡᠬᠢ ᠦᠢ᠍ᠯᠡᠴᠢᠯᠡᠭᠡᠨ᠎ᠤ ᠰᠢᠨᠡᠴᠢᠯᠡᠯᠲᠡ ᠵᠡᠷᠭᠡ ᠵᠢ ᠬᠦᠢ᠍ᠴᠡᠳ ᠦᠨᠡᠯᠡᠬᠦ ᠵᠢᠨ ᠬᠠᠮᠳᠤ ᠦᠭᠡᠷᠡᠴᠢᠯᠡᠯᠳᠡ ᠵᠢᠨ ᠦᠷ᠎ᠡ ᠪᠦᠳᠦᠮᠵᠢ ᠵᠢ ᠤᠯᠠᠮ ᠦᠷᠭᠡᠳᠭᠡᠨ ᠪᠡᠬᠢᠵᠢᠬᠦᠯᠵᠤ᠂ ᠠᠰᠠᠭᠤᠳᠠᠯ ᠵᠶ᠋ᠡᠷ ᠤᠳᠤᠷᠢᠳᠤᠮᠵᠢ ᠪᠤᠯᠭ᠋ᠠᠨ᠂ ᠠᠵᠤ ᠠᠬᠤᠢ᠌ᠯᠠᠯ ᠪᠤᠯᠤᠨ ᠤᠯᠠᠨ ᠳᠦᠮᠡᠨ᠎ᠤ ᠳᠤᠰᠬᠠᠯ ᠶᠡᠭᠡᠳᠡᠢ ᠪᠤᠳᠤᠯᠢᠶᠠᠨᠲᠠᠢ ᠠᠰᠠᠭᠤᠳᠠᠯ ᠬᠦᠴᠢᠷ ᠠᠰᠠᠭᠤᠳᠠᠯ᠎ᠢ ᠨᠢᠭᠡ ᠨᠢᠭᠡ᠎ᠪᠠᠷ ᠰᠢᠯᠤᠭᠤᠳᠬᠠᠬᠤ ᠪᠤᠶᠤ ᠰᠢᠢ᠍ᠳᠪᠤᠷᠢᠯᠡᠵᠤ᠂ ᠳᠦᠷᠢᠮ᠎ᠤᠨ ᠴᠢᠨᠠᠷᠲᠠᠢ ᠠᠷᠠᠯᠵᠢᠶᠠᠨ᠎ᠤ ᠦᠪᠡᠷ᠎ᠤᠨ ᠦᠷᠳᠡᠭ᠎ᠢ ᠴᠢᠷᠮᠠᠢ᠌ᠨ ᠪᠠᠭᠤᠷᠠᠭᠤᠯᠵᠤ᠂ ᠠᠷᠠᠯᠵᠢᠶ᠎ᠠ ᠬᠤᠳᠠᠯᠳᠤᠭ᠋ᠠᠨ᠎ᠤ ᠡᠵᠡᠩᠨᠡᠯᠳᠡ ᠵᠢᠨ ᠤᠷᠴᠢᠨ ᠳᠤᠭᠤᠷᠢᠨ᠎ᠢ ᠴᠢᠷᠮᠠᠢ᠌ᠨ ᠰᠢᠯᠢᠳᠡᠭᠵᠢᠬᠦᠯᠵᠤ᠂ ᠵᠠᠬ᠎ᠠ ᠳᠡᠯᠭᠡᠬᠦᠷ᠎ᠤᠨ ᠭᠤᠤᠯ ᠴᠤᠭᠴᠠ ᠵᠢᠨ ᠠᠮᠢᠵᠢᠷᠠᠯ᠎ᠤᠨ ᠬᠦᠴᠦᠨ᠎ᠢ ᠨᠡᠮᠡᠭᠳᠡᠬᠦᠯᠵᠤ᠂ ᠤᠯᠠᠨ ᠳᠦᠮᠡᠨ᠎ᠤ ᠤᠴᠢᠷ ᠶᠠᠪᠤᠳᠠᠯ ᠬᠦᠢ᠍ᠴᠡᠳᠭᠡᠬᠦ᠎ᠳᠤ ᠳᠦᠬᠦᠮ ᠲᠦᠲᠡ ᠪᠤᠯᠭ᠋ᠠᠬᠤ ᠭᠡᠷᠡᠭᠳᠡᠢ ᠭᠡᠵᠤ ᠱᠠᠭ᠋ᠠᠷᠳᠠᠪᠠ᠃
ᠰᠢᠶᠤᠤ ᠵᠢᠶᠸ ᠪᠠᠰᠠ ᠡᠯ᠎ᠡ ᠭᠠᠵᠠᠷ ᠡᠯ᠎ᠡ ᠰᠠᠯᠠᠭ᠎ᠠ ᠮᠦᠴᠢᠷᠤᠨᠬᠢᠨᠢ ᠠᠷᠠᠳ ᠳᠦᠮᠡᠨ ᠵᠶ᠋ᠡᠷ ᠭᠤᠤᠯ ᠪᠤᠯᠭ᠋ᠠᠬᠤ ᠬᠦᠭᠵᠢᠯᠳᠡ ᠵᠢᠨ ᠰᠡᠳᠬᠢᠴᠡ ᠵᠢ ᠠ᠋ᠷᠡᠰ ᠵᠢᠷᠤᠮᠯᠠᠵᠤ᠂ 《ᠳᠠᠯᠪᠢᠬᠤ ᠬᠠᠮᠢᠶᠠᠷᠬᠤ ᠦᠢ᠍ᠯᠡᠴᠢᠯᠡᠬᠦ》 ᠦᠭᠡᠷᠡᠴᠢᠯᠠᠯᠳᠠ ᠵᠢ ᠬᠦᠨᠵᠡᠭᠡᠢ᠌ᠷᠡᠬᠦᠯᠬᠦ ᠭᠡᠷᠡᠭᠳᠡᠢ᠃ ᠳ᠋ᠠᠢ᠌ᠲ᠋ᠠ ᠵᠢᠨ ᠡᠵᠡᠬᠦᠢ ᠠᠷᠠᠯ᠎ᠢ ᠨᠡᠭᠡᠭᠡᠨ ᠠᠰᠢᠭᠯᠠᠬᠤ᠎ᠪᠠᠨ ᠳᠦᠷᠭᠡᠳᠭᠡᠵᠤ᠂ ᠮᠡᠳᠡᠭᠡ ᠵᠠᠩᠬᠢ ᠵᠢ ᠬᠠᠮᠳᠤ᠎ᠪᠠᠷ ᠠ᠋ᠳ᠋ᠯᠡᠬᠦ᠂ ᠵᠠᠰᠠᠭ᠎ᠤᠨ ᠶᠠᠪᠤᠳᠠᠯ᠎ᠤᠨ ᠴᠤᠪᠤᠷᠠᠯ᠎ᠢ ᠰᠢᠯᠢᠳᠡᠭᠵᠢᠬᠦᠯᠬᠦ᠂ ᠦᠢ᠍ᠯᠡᠴᠢᠯᠡᠭᠡ ᠵᠢ ᠪᠠᠷᠢᠮᠵᠢᠶᠠᠵᠢᠭᠤᠯᠵᠤ ᠵᠢᠷᠤᠮᠵᠢᠭᠤᠯᠬᠤ᠂ ᠳᠤᠤᠷ ᠰᠦᠯᠵᠢᠶᠠᠨ᠎ᠤ ᠠᠮᠤᠷ ᠳᠦᠪᠰᠢᠨ᠎ᠢ ᠴᠢᠩᠭ᠋ᠠᠳᠬᠠᠬᠤ ᠵᠢ ᠠᠬᠢᠭᠤᠯᠵᠤ᠂ ᠵᠠᠰᠠᠭ ᠵᠠᠬᠢᠷᠭ᠋ᠠᠨ᠎ᠤ ᠬᠢᠨᠠᠨ ᠵᠦᠪᠰᠢᠶᠡᠷᠡᠯ ᠪᠤᠯᠤᠨ ᠠᠷᠠᠳ᠎ᠲᠤ ᠳᠦᠭᠦᠮ ᠦᠵᠡᠭᠦᠯᠬᠦ ᠦᠢ᠍ᠯᠡᠴᠢᠯᠡᠭᠡ ᠵᠢ ᠭᠠᠵᠠᠷ ᠤᠷᠤᠨ ᠠᠯᠤᠰᠯᠠᠵᠤ᠂ ᠰᠠᠯᠠᠭ᠎ᠠ ᠮᠦᠴᠢᠷ ᠠᠯᠤᠰᠯᠠᠵᠤ᠂ ᠳᠡᠰ ᠳᠠᠪᠬᠤᠷᠭ᠎ᠠ ᠠᠯᠤᠰᠯᠠᠨ ᠬᠦᠢ᠍ᠴᠡᠳᠭᠡᠬᠦ ᠵᠢ ᠠᠬᠢᠭᠤᠯᠤᠨ᠂ 《ᠨᠢᠭᠡ ᠰᠦᠯᠵᠢᠶᠡᠨ ᠳᠡᠭᠡᠷ᠎ᠠ ᠬᠦᠢ᠍ᠴᠡᠳᠭᠡᠬᠦ》᠂ 《ᠨᠢᠭᠡ ᠭᠠᠵᠠᠷ᠎ᠲᠤ ᠬᠦᠢ᠍ᠴᠡᠳᠭᠡᠬᠦ》᠂ 《ᠨᠢᠭᠡ ᠯᠡ ᠤᠳᠠᠭ᠎ᠠ᠎ᠪᠠᠷ ᠬᠦᠢ᠍ᠴᠡᠳᠭᠡᠬᠦ》 ᠵᠡᠷᠭᠡ ᠤᠯᠠᠨ ᠳᠦᠮᠡᠨ᠎ᠤ ᠬᠦᠷᠢᠶᠠᠯᠠᠯ᠎ᠢ ᠤᠯᠤᠭᠰᠠᠨ ᠦᠭᠡᠷᠡᠴᠢᠯᠡᠯᠳᠡ ᠵᠢᠨ ᠠᠷᠭ᠎ᠠ ᠭᠡᠮᠵᠢᠶ᠎ᠡ ᠵᠢ ᠦᠨᠡᠨᠬᠦ ᠨᠠᠢ᠌ᠳᠠᠪᠤᠷᠢᠵᠢᠭᠤᠯᠵᠤ᠂ ᠬᠢᠨᠠᠨ ᠵᠦᠪᠰᠢᠶᠡᠷᠡᠯᠳᠡ ᠵᠢ ᠨᠡᠩ ᠳᠦᠬᠦᠮ᠂ ᠬᠢᠨᠠᠨ ᠬᠠᠮᠢᠶᠠᠷᠤᠯᠳᠠ ᠵᠢ ᠨᠡᠩ ᠴᠢᠩᠭ᠎ᠠ᠂ ᠦᠢ᠍ᠯᠡᠴᠢᠯᠡᠭᠡ ᠵᠢ ᠨᠡᠩ ᠰᠢᠯᠢᠳᠡᠭ ᠪᠤᠯᠭ᠋ᠠᠵᠤ᠂ ᠠᠵᠤ ᠠᠬᠤᠢ ᠨᠡᠢ᠌ᠭᠡᠮ᠎ᠤᠨ ᠴᠢᠨᠠᠷᠯᠢᠭ ᠬᠦᠭᠵᠢᠯᠳᠡ ᠵᠢ ᠠᠬᠢᠭᠤᠯᠬᠤ ᠭᠡᠷᠡᠭᠳᠡᠢ ᠭᠡᠵᠤ ᠴᠢᠬᠤᠯᠠᠴᠢᠯᠠᠪᠠ᠃