ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠨᠠᠮ᠎ᠤᠨ ᠬᠤᠷᠢᠳᠤᠭᠠᠷ ᠶᠡᠭᠡ ᠬᠤᠷᠠᠯ᠎ᠤᠨ ᠵᠣᠷᠢᠭ ᠰᠠᠨᠠᠭ᠎ᠠ᠎ᠶᠢ ᠰᠣᠷᠥᠯᠴᠡᠨ ᠤᠬᠠᠭᠤᠯᠵᠤ ᠲᠤᠭᠤᠰᠢᠯᠠᠭᠤᠯᠤᠶ᠎ᠠ
ᠤᠨᠠᠭ᠎ᠠ ᠨᠤᠳᠤᠭ᠎ᠤᠨ ᠬᠤᠪᠢᠷᠠᠯᠳᠠ
ᠨᠡᠶᠢᠲᠡᠯᠡᠭᠰᠡᠨ ᠴᠠᠭ᠄ 2021-08-02

ᠤᠨᠠᠭ᠎ᠠ ᠨᠤᠳᠤᠭ᠎ᠤᠨ ᠬᠤᠪᠢᠷᠠᠯᠳᠠ
                                ᠬᠦᠬᠡᠴᠢᠯᠠᠭᠤ ᠵᠤᠬᠢᠶᠠᠪᠠ
    ᠪᠢ ᠪᠤᠯ ᠬᠦᠳᠡᠬᠡ ᠨᠤᠳᠤᠭ᠎ᠤᠨ ᠡᠬᠡᠯ ᠵᠢᠷ᠎ᠤᠨ ᠨᠠᠮ᠎ᠤᠨ ᠬᠡᠰᠢᠬᠦᠨ ᠶᠤᠮ᠃ ᠦᠨᠤᠳᠤᠷ ᠠᠭᠤᠤ ᠶᠡᠬᠡ ᠲᠤᠮᠳᠠᠳᠤ ᠤᠯᠤᠰ᠎ᠤᠨ ᠡᠪ ᠬᠠᠮᠳᠤ ᠪᠠᠢ᠌ᠭᠤᠯᠤᠬᠳᠠᠬᠰᠠᠨ 100 ᠵᠢᠯ ᠵᠢᠨ ᠤᠢ ᠬᠦᠷᠴᠤ ᠢᠷᠡᠬᠦ ᠲᠠᠰᠢᠷᠠᠮ ᠵᠶ᠋ᠡᠨ ᠤᠳᠠᠭ᠋ᠠᠨ ᠵᠢᠯ ᠬᠦᠷᠵᠨ ᠰᠠᠪᠠᠷ᠎ᠲᠠᠢ ᠨᠤᠴᠤᠯᠳᠤᠬᠰᠠᠨ ᠮᠤᠢ᠌ᠨᠤᠭ ᠬᠤᠷᠤᠭᠤ᠎ᠪᠠᠷ ᠬᠠᠶᠠᠭ᠋ᠠᠳ ᠤᠳᠠᠬᠰᠠᠨ ᠦᠵᠦᠭ ᠵᠶ᠋ᠡᠨ ᠪᠠᠷᠢᠵᠤ᠂ ᠡᠬᠡ ᠨᠤᠳᠤᠭ᠂ ᠦᠪᠡᠷ᠎ᠤᠨ ᠠᠮᠢᠳᠤᠷᠠᠯ᠎ᠤᠨ ᠵᠶ᠋ᠡᠨ ᠬᠤᠪᠢᠷᠠᠯᠳᠠ ᠰᠢᠨᠡᠳᠤᠯ᠎ᠢ ᠰᠡᠳᠬᠢᠯ ᠲᠤᠬᠳᠤᠯᠤᠨ ᠪᠢᠴᠢᠵᠤ ᠪᠠᠢ᠌ᠨ᠎ᠠ᠃
      ᠮᠢᠨᠤ ᠨᠤᠳᠤᠭ ᠤᠨᠠᠭ᠎ᠠ ᠭᠠᠴᠠᠭ᠎ᠠ ᠪᠤᠯ ᠠᠯᠳᠠᠨ ᠤᠨᠠᠭ᠎ᠠ ᠲᠤᠬᠯᠠᠭᠰᠠᠨ ᠢᠷᠠᠭᠤ ᠰᠠᠢ᠌ᠬᠠᠨ ᠲᠤᠮᠤᠭ᠎ᠲᠠᠢ ᠨᠤᠳᠤᠭ ᠪᠢᠯᠨ᠂   ᠬᠡᠳᠤᠢ᠌ᠪᠡᠷ ᠡᠨᠡ ᠨᠤᠳᠤᠭ᠎ᠳᠤ ᠲᠦᠷᠦᠬᠡ ᠦᠬᠡᠢ᠂ ᠬᠤᠶᠠᠷ ᠨᠠᠰᠤᠳᠠᠢ ᠵᠢᠯ᠎ᠤᠨ ᠵᠶ᠋ᠡᠨ ᠡᠪᠤᠯ ᠠᠪᠤ ᠡᠵᠢ᠎ᠪᠠᠨ ᠲᠠᠭ᠋ᠠᠵᠤ ᠡᠨᠡ ᠨᠤᠳᠤᠭ᠎ᠲᠤ ᠨᠡᠬᠦᠵᠤ ᠢᠷᠡᠭᠰᠡᠨ ᠪᠤᠯᠭ᠋ᠠᠵᠤ᠂ ᠤᠰᠤ ᠵᠢ᠎ᠨᠢ ᠤᠤᠭᠤᠵᠤ ᠠᠯᠳᠠᠨ ᠬᠦᠷᠤᠰᠤᠨ᠎ᠳᠤ᠎ᠨᠢ ᠲᠤᠬᠯᠠᠵᠤ ᠦᠰᠦᠭᠰᠡᠨ ᠪᠤᠯᠬᠤᠷ ᠮᠢᠨᠤ ᠨᠤᠳᠤᠭ ᠭᠡᠵᠤ ᠠᠮᠢᠴᠢᠷᠬᠠᠨ ᠬᠡᠯᠡᠬᠦ ᠲᠤᠷᠠᠳᠠᠢ ᠰᠠᠨ᠃
    ᠠᠪᠤ ᠮᠢᠨᠢ ᠭᠠᠯᠳᠤᠠᠵᠠᠮᠰᠤ ᠤᠨᠠᠭ᠎ᠠ ᠪᠠᠷᠢᠭ᠋ᠠᠳᠠ ᠵᠢᠨ ᠰᠠᠩ ᠬᠠᠮᠢᠶᠠᠷᠤᠭᠴᠢ ᠪᠠᠢ᠌ᠬᠰᠠᠨ ᠪᠤᠯᠪᠠᠴᠤ ᠲᠠᠪᠢ ᠵᠢᠷᠠᠭ᠋ᠠᠳ ᠤᠨ ᠭᠡᠭᠴᠢ ᠤᠯᠤᠰ ᠪᠠᠢ᠌ᠭᠤᠯᠤᠬᠳᠠᠬᠰᠠᠨ ᠡᠬᠢᠨ᠎ᠤ ᠦᠶ᠎ᠡ ᠪᠤᠯᠬᠤᠷ ᠠᠷᠠᠳ᠎ᠤᠨ ᠠᠮᠢᠳᠤᠷᠠᠯ ᠭᠡᠵᠤ ᠨᠡᠢ᠌ᠳᠡᠮ᠎ᠳᠤ᠎ᠪᠠᠨ ᠶᠠᠳᠠᠭᠤ ᠲᠠᠷᠴᠢᠭ᠂ ᠮᠠᠨ᠎ᠤ᠎ᠬᠢ ᠭᠤᠷᠪᠠᠨ ᠲᠠᠰᠤᠯᠭ᠎ᠠ ᠰᠢᠪᠠᠷ ᠪᠠᠢ᠌ᠰᠢᠡᠭ᠎ᠳᠤ ᠰᠢᠬᠠᠯᠳᠤᠨ ᠰᠠᠭᠤᠵᠤ ᠪᠠᠢ᠌ᠬᠰᠠᠨ ᠶᠤᠮ᠃ ᠬᠡᠪᠡᠴᠤ ᠨᠠᠮ ᠵᠠᠰᠠᠭ᠎ᠠᠴᠠ ᠰᠤᠷᠭ᠋ᠠᠨ ᠬᠦᠮᠤᠵᠢᠯ᠎ᠢ ᠴᠢᠡᠭᠭ᠋ᠠᠳᠬᠠᠵᠤ ᠪᠠᠢ᠌ᠬᠰᠠᠨ ᠪᠤᠯᠬᠤᠷ ᠪᠢ ᠠᠵᠨ᠎ᠤ ᠪᠠᠭ᠎ᠠ ᠰᠤᠷᠭ᠋ᠠᠭᠤᠯᠢ᠎ᠪᠠᠨ ᠲᠡᠬᠦᠰᠬᠡᠬᠡᠳ 14 ᠨᠠᠰᠤᠲᠠᠢ᠎ᠳᠤ᠎ᠪᠠᠨ ᠴᠠᠢ᠌ᠳᠠᠮ ᠲᠤᠮᠳᠠᠳᠤ ᠰᠤᠷᠭ᠋ᠠᠭᠤᠯᠢ᠎ᠳᠤ ᠰᠢᠯᠭ᠋ᠠᠨ ᠤᠷᠤᠭ᠋ᠠᠳ 1968 ᠤᠨ᠎ᠳᠤ 16 ᠨᠠᠰᠤᠲᠠᠢ᠎ᠳᠤ᠎ᠪᠠᠨ ᠲᠡᠭᠦᠰᠴᠤ᠂ ᠤᠨᠠᠭ᠎ᠠ ᠪᠠᠭ᠎ᠠ ᠪᠠᠷᠢᠭ᠋ᠠᠳᠠ᠎ᠳᠤ᠎ᠪᠠᠨ ᠬᠠᠷᠢᠵᠤ ᠢᠷᠡᠪᠡ᠃ ᠢᠡᠭᠭᠢᠬᠡᠳ ᠯᠨ ᠮᠢᠨᠤ ᠬᠠᠷ᠎ᠠ ᠪᠤᠷᠤ ᠠᠵᠢᠯ᠎ᠲᠠᠢ ᠨᠤᠴᠤᠯᠳᠤᠬᠰᠠᠨ ᠨᠢᠬᠡ ᠨᠠᠰᠤ ᠡᠬᠢᠯᠡᠭᠰᠡᠨ ᠶᠤᠮ᠃
    ᠤᠨᠠᠭ᠎ᠠ ᠪᠠᠭ᠎ᠠ ᠪᠠᠷᠢᠭ᠋ᠠᠳᠠ᠎ᠳᠤ ᠲᠤᠬᠠᠢ ᠵᠢᠨ ᠦᠶ᠎ᠡ᠎ᠳᠤ ᠵᠠᠭᠤ ᠲᠠᠪᠢᠭ᠋ᠠᠳ ᠬᠦᠮᠦᠨ᠎ᠲᠠᠢ ᠪᠠᠢ᠌ᠯ᠎ᠠ᠃ ᠤᠯᠤᠰ᠎ᠠᠴᠠ ᠬᠦᠮᠦᠨ  ᠎ᠤ ᠲᠤᠭ᠎ᠠ᠎ᠪᠠᠷ ᠰᠠᠷ᠎ᠠ᠎ᠳᠤ᠎ᠪᠠᠨ 35 ᠵᠢᠩ ᠬᠠᠷ᠎ᠠ ᠪᠤᠳᠠᠭ᠎ᠠ ᠦᠭᠴᠦ ᠪᠠᠢ᠌ᠵᠠᠢ᠃ ᠤᠨᠠᠭ᠎ᠠ ᠪᠠᠭ᠎ᠠ ᠪᠠᠷᠢᠭ᠋ᠠᠳᠠ ᠵᠢᠨ ᠲᠠᠷᠤᠭ᠎ᠠ ᠠᠮᠢᠠᠠᠤᠷᠲᠦ ᠠᠵᠢᠯ᠎ᠳᠤ ᠰᠠᠢ᠌ᠨ᠂ ᠲᠠᠷᠢᠶᠠᠴᠢᠨ ᠭᠤᠤᠯ᠎ᠲᠠᠢ᠃ ᠪᠠᠭ᠎ᠠ ᠪᠠᠷᠢᠭ᠋ᠠᠳᠠ ᠵᠢᠨ᠎ᠬᠢᠨ ᠵᠶ᠋ᠡᠨ ᠢᠳᠡᠰᠢᠨ ᠨᠤᠭᠤᠭ᠎ᠠ ᠲᠠᠷᠢᠭᠤᠯᠵᠤ ᠪᠠᠰᠨ ᠵᠤ ᠵᠢᠨ ᠲᠠᠷᠢᠶ᠎ᠠ 1000 ᠮᠦ᠍᠂ ᠨᠠᠮᠤᠭ ᠲᠠᠷᠢᠶ᠎ᠠ 5000 ᠮᠦ᠍ ᠲᠠᠷᠢᠵᠤ ᠠᠮᠤ ᠪᠤᠳᠠᠭ᠋ᠠᠨ᠎ᠤ ᠤᠨᠠᠯᠲᠠ ᠵᠢ ᠨᠡᠮᠡᠭᠳᠡᠬᠦᠯᠵᠤ ᠪᠠᠢ᠌ᠯ᠎ᠠ᠃ ᠲᠡᠷᠨ ᠦᠶ᠎ᠡ᠎ᠳᠤ ᠪᠢ ᠪᠠᠭ᠎ᠠ ᠪᠠᠷᠢᠭ᠋ᠠᠳᠠ ᠵᠢᠨ ᠰᠦᠷᠦᠭ ᠲᠡᠬᠡᠷ᠎ᠡ ᠰᠢᠨᠡᠪᠠᠶᠠᠷ ᠰᠠᠢ᠌ᠨ ᠠᠪᠤ᠎ᠲᠠᠢ ᠴᠤᠭᠭ᠋ᠠᠷ ᠰᠠᠭᠤᠵᠤ᠂ ᠬᠠᠮᠲᠤ ᠠᠵᠢᠯᠯᠠᠵᠤ᠂ ᠦᠦᠷ ᠵᠶ᠋ᠡᠷ ᠪᠤᠰᠴᠤ᠂ ᠬᠤᠨᠢ ᠢᠮᠠᠭ᠎ᠠ ᠡᠳ᠋ᠯᠡᠵᠤ᠂ ᠦᠨᠡᠨ ᠮᠡᠷᠭᠡᠵᠢᠯ᠎ᠢ ᠡᠵᠡᠮᠰᠢᠵᠦ᠂ ᠲᠦᠯ ᠲᠤᠰᠴᠤ᠂ ᠬᠤᠨᠢ ᠢᠮᠠᠭ᠎ᠠ᠎ᠪᠠᠨ ᠬᠤᠯᠠ ᠵᠢᠨ ᠪᠡᠯᠴᠢᠭᠡᠷ ᠲᠠᠨᠢᠭᠤᠯᠵᠤ᠂ ᠬᠤᠵᠢᠷ᠎ᠲᠤ ᠤᠷᠤᠭᠤᠯᠵᠤ᠂ ᠬᠤᠷᠤᠬᠠᠢ ᠬᠦᠭᠡᠭᠡᠬᠦ᠂ ᠬᠢᠲᠠᠷ ᠬᠦᠭᠡᠭᠡᠬᠦ ᠵᠡᠷᠭᠡ ᠤᠯᠠᠨ ᠠᠷᠪᠢᠨ ᠮᠡᠷᠭᠡᠵᠢᠯ ᠨᠢᠭᠡ ᠵᠢᠯ ᠢᠯᠡᠭᠦᠤ ᠡᠵᠡᠮᠰᠢᠵᠡᠢ᠃
      ᠲᠤᠭᠤᠢ᠌ᠯᠠᠩ᠎ᠤᠨ ᠠᠵᠢᠯ ᠶᠠᠭ᠋ᠠᠷᠤᠤ᠂ ᠬᠦᠨᠳᠦ ᠨᠦᠰᠡᠷ ᠠᠵᠢᠯ ᠤᠯᠠᠨ᠂ ᠪᠢ ᠠᠢ᠌ᠯ᠎ᠳᠠᠭᠠᠨ ᠭᠡᠷ᠎ᠤᠨ ᠬᠡᠷᠡᠮ ᠴᠤᠬᠢᠬᠤ ᠢᠮ ᠵᠦᠰᠦᠵᠦ᠂ ᠭᠡᠷ ᠪᠠᠷᠢᠬᠤ ᠮᠡᠷᠭᠡᠵᠢᠯ᠎ᠢ ᠡᠵᠡᠮᠰᠢᠨ᠂ ᠤᠲᠤᠷ ᠪᠠᠷᠢᠬᠤ ᠴᠢᠳᠠᠪᠤᠷᠢ᠎ᠲᠠᠢ ᠪᠤᠯᠵᠤ᠂ ᠤᠯᠠᠨ ᠠᠷᠪᠢᠨ ᠤᠲᠤᠷ᠎ᠤᠨ ᠭᠡᠷ ᠪᠠᠷᠢᠵᠤ᠂ ᠡᠪᠦᠯ᠎ᠤᠨ ᠡᠳᠦᠷ 8 ᠬᠤᠪᠢ ᠤᠯᠵᠤ ᠪᠠᠢ᠌ᠵᠠᠢ᠃  
    1972 ᠤᠨ᠎ᠳᠤ ᠴᠡᠷᠢᠭ᠎ᠲᠤ ᠶᠠᠪᠤᠵᠤ 80 ᠤᠨ᠎ᠳᠤ ᠴᠡᠷᠢᠭ᠎ᠠᠴᠠ᠎ᠪᠠᠨ ᠬᠠᠯᠠᠬᠳᠠᠨ ᠨᠤᠳᠤᠭ᠎ᠲᠤ᠎ᠪᠠᠨ ᠪᠤᠴᠠᠵᠤ ᠢᠷᠡᠬᠡᠳ ᠮᠠᠯᠴᠢᠨ ᠵᠠᠶᠠᠭ᠎ᠠ ᠲᠦᠰᠢᠪᠡ᠃ ᠰᠡᠬᠦᠯᠡᠷ᠎ᠨᠢ ᠠᠢ᠌ᠯ ᠨᠢᠬᠡᠳᠡᠢ ᠬᠠᠰᠭᠡᠷᠡᠯ᠎ᠢ ᠪᠠᠭᠤᠯᠭ᠋ᠠᠵᠤ ᠠᠪᠤᠭ᠋ᠠᠳ᠂ ᠭᠤᠷᠪᠠᠨ ᠲᠠᠰᠣᠯᠭ᠎ᠠ ᠰᠢᠪᠠᠷ ᠪᠠᠢ᠌ᠰᠢᠡᠭ᠎ᠲᠠᠢ᠂  5 — 7 ᠪᠤᠳᠠ ᠮᠠᠯ᠂ 12 —15 ᠬᠤᠨᠢ ᠢᠮᠠᠭ᠎ᠠ᠎ᠲᠠᠢ ᠰᠢᠨ᠎ᠡ ᠠᠮᠢᠳᠤᠷᠠᠯ ᠵᠶ᠋ᠡᠨ ᠡᠬᠢᠯᠡᠬᠦᠯᠦᠭᠰᠡᠨ ᠶᠤᠮ᠃ 1989 ᠤᠨ᠎ᠠᠴᠠ1991 ᠤᠨ ᠪᠤᠯᠲᠠᠯ᠎ᠠ ᠬᠤᠷᠢᠭ᠋ᠠᠳ ᠪᠤᠳᠠ᠎ᠲᠠᠢ᠂ ᠲᠠᠪᠢᠭ᠋ᠠᠳ ᠪᠤᠭ ᠮᠠᠯ᠎ᠲᠠᠢ ᠪᠤᠯᠵᠤ᠂ ᠪᠠᠰᠨ ᠲᠠᠪᠤᠨ ᠰᠠᠢ᠌ᠨᠲᠠᠢ ᠡᠷᠦᠬᠡ ᠪᠤᠯᠵᠤ  ᠂ ᠲᠠᠷᠢᠬᠰᠠᠨ ᠮᠤᠳᠤ ᠵᠠᠭᠤ ᠢᠯᠡᠭᠦᠤ ᠨᠢᠷᠤᠭᠤ ᠭᠠᠷᠬᠤ ᠪᠤᠯᠵᠠᠢ᠃ ᠨᠡᠢ᠌ᠭᠡᠮ᠎ᠤᠨ ᠬᠦᠭᠵᠢᠯᠲᠡ ᠵᠢ ᠲᠠᠭ᠋ᠠᠯᠳᠤᠨ ᠨᠠᠮ ᠵᠠᠰᠠᠭ᠎ᠠᠴᠠ ᠤᠨᠠᠭ᠎ᠠ ᠭᠠᠴᠠᠭ᠋ᠠᠨ᠎ᠳᠤ ᠴᠠᠬᠢᠯᠭ᠋ᠠᠨ ᠤᠷᠤᠭᠤᠯᠵᠤ᠂ ᠤᠨᠠᠭ᠎ᠠ ᠭᠠᠴᠠᠭ᠎ᠠ ᠵᠢᠨ ᠰᠢᠨ᠎ᠡ ᠬᠤᠪᠢᠷᠠᠯᠳᠠ ᠡᠬᠢᠯᠡᠭᠰᠡᠨ ᠶᠤᠮ᠃  
      ᠨᠠᠮ᠎ᠤᠨ ᠬᠡᠰᠢᠬᠦᠨ ᠪᠤᠯᠤᠬᠰᠠᠨ᠎ᠤ ᠬᠤᠪᠢ᠎ᠳᠤ ᠪᠢ ᠠᠢ᠌ᠯ ᠬᠡᠷ ᠊ᠤ᠊ ᠠᠮᠢᠳᠤᠷᠠᠯ ᠤᠨᠳᠤᠷᠤᠯᠭ᠎ᠠ᠎ᠪᠠᠨ ᠲᠤᠬᠢᠳᠠᠢ ᠲᠤᠳᠤᠮᠳᠠᠬᠤ᠎ᠠᠴᠠ ᠭᠠᠳᠠᠨ᠎ᠠ ᠬᠤᠳᠠ ᠤᠰᠤᠨ᠎ᠤ᠎ᠪᠠᠨ ᠡᠶ᠎ᠡ ᠡᠪ᠎ᠤᠨ ᠲᠦᠯᠦᠬᠡ ᠦᠵᠡᠬᠦᠯᠪᠡᠰᠤ ᠵᠤᠬᠢᠬᠤ ᠬᠤᠪᠢ ᠨᠡᠮᠡᠷᠢ᠎ᠪᠠᠨ ᠦᠵᠡᠬᠦᠯᠵᠤ ᠶᠠᠪᠤᠯ᠎ᠠ᠃ ᠤᠨᠠᠭ᠎ᠠ ᠲᠤᠭᠤᠢ᠌ᠯᠠᠡᠭ᠂ ᠲᠡᠷᠡᠰᠤ ᠲᠤᠭᠤᠢ᠌ᠯᠠᠩ᠎ᠲᠠᠢ ᠪᠡᠯᠴᠢᠬᠡᠷ ᠬᠠᠳᠤᠯᠠᠡᠭ᠎ᠤᠨ ᠮᠠᠷᠭᠤᠭ᠋ᠠᠨ ᠭᠠᠷᠤᠬᠰᠠᠨ᠎ᠳᠤ ᠪᠢ ᠦᠪᠡᠷ᠎ᠤᠨ 200 ᠮᠦ᠍ ᠰᠠᠢ᠌ᠨ ᠬᠠᠳᠤᠯᠠᠩ ᠵᠶ᠋ᠠᠨ ᠲᠠᠷᠠᠰᠤ ᠲᠤᠭᠤᠢ᠌ᠯᠠᠩ᠎ᠤᠨ ᠤᠯᠠᠨ ᠲᠦᠮᠡᠨ᠎ᠳᠤ ᠨᠠᠢ᠌ᠷ ᠲᠠᠯᠪᠢᠬᠰᠠᠨ ᠵᠶ᠋ᠡᠷ ᠬᠡᠷᠡᠬᠦᠯ᠎ᠤᠨ ᠦᠨᠳᠤᠰᠤ ᠵᠢ ᠲᠠᠰᠤᠯᠤᠬᠰᠠᠨ ᠶᠤᠮ᠃ ᠨᠠᠮ᠎ᠤᠨ ᠬᠡᠰᠢᠬᠦᠨ᠎ᠤ ᠬᠤᠪᠢ᠎ᠳᠤ ᠬᠤᠪᠢ ᠴᠦ᠍ ᠠᠰᠢᠭ ᠲᠤᠰᠨ ᠬᠡᠵᠢᠶ᠎ᠡ ᠴᠦ᠍ ᠨᠡᠢ᠌ᠳᠡ ᠴᠦ᠍ ᠠᠰᠢᠭ ᠲᠤᠰᠨ ᠵᠢᠨ ᠬᠤᠢ᠌ᠨ᠎ᠠ᠎ᠨᠢ ᠤᠷᠤᠬᠤ ᠶᠤᠰᠤᠳᠠᠢ ᠭᠡᠵᠤ ᠪᠢ ᠪᠤᠳᠤᠳᠠᠭ ᠪᠢᠯᠨ᠃

      ᠦᠡᠭᠭᠡᠷᠡᠭᠰᠡᠨ᠎ᠤ ᠬᠠᠳᠠᠭᠤ ᠪᠡᠷᠬᠡ᠎ᠲᠠᠢ ᠠᠮᠢᠳᠤᠷᠠᠯ ᠵᠶ᠋ᠡᠨ ᠦᠬᠦᠯᠡᠨ ᠲᠤᠭ᠋ᠠᠴᠢᠵᠤ ᠪᠠᠢ᠌ᠭ᠎ᠠ ᠮᠢᠨᠢ ᠦᠨᠤᠳᠤᠷ᠎ᠤᠨ ᠰᠢᠨ᠎ᠡ ᠠᠮᠢᠳᠤᠷᠠᠯ ᠵᠶ᠋ᠡᠨ ᠮᠠᠬᠳᠠᠨ ᠲᠠᠭᠤᠯᠠᠵᠤ ᠪᠠᠢ᠌ᠭ᠎ᠠ ᠬᠡᠷᠡᠭ ᠶᠤᠮ ᠡ᠃ ᠭᠤᠴᠢᠨ ᠵᠢᠯ᠎ᠤᠨ ᠡᠮᠦᠨ᠎ᠡ ᠦᠬᠡᠷ ᠲᠡᠷᠬᠡ᠂ ᠡᠯᠵᠢᠬᠡᠨ ᠲᠡᠷᠬᠡ᠂ ᠮᠤᠷᠢᠨ ᠲᠡᠷᠬᠡ᠎ᠪᠠᠷ ᠴᠤᠭᠤᠷᠠᠳᠠᠯ᠎ᠠ ᠵᠠᠮᠨᠠᠵᠤ ᠪᠠᠢ᠌ᠬᠰᠠᠨ ᠵᠠᠮ ᠤᠳᠤ ᠪᠤᠯᠬᠤ᠎ᠳᠤ ᠲᠤᠰᠤᠨ ᠵᠠᠮ ᠪᠤᠯᠤᠨ ᠬᠢᠯᠠᠯᠵᠠᠵᠤ᠂ ᠲᠡᠬᠡᠬᠦᠷ ᠮᠢᠨᠢ ᠰᠢᠨ᠎ᠡ ᠴᠠᠭ᠎ᠤᠨ ᠮᠠᠯᠴᠢᠨ ᠪᠢᠳᠡᠨ᠎ᠤ ᠮᠡᠯᠡᠬᠡᠢ ᠲᠡᠷᠬᠡ ᠵᠢᠪᠠᠷ ᠲᠠᠳᠠᠭᠤᠯᠤᠨ ᠲᠠᠪᠬᠢᠭᠤᠯᠬᠤ ᠪᠤᠯᠤᠯ᠎ᠠ᠃ ᠭᠤᠷᠪᠠᠨ ᠲᠠᠰᠤᠯᠭ᠎ᠠ ᠰᠢᠪᠠᠷ ᠪᠠᠢ᠌ᠰᠢᠡᠭ ᠮᠢᠨᠢ ᠠᠯᠢ ᠬᠡᠵᠢᠶᠡᠨ᠎ᠤ ᠲᠡᠷᠢ ᠲᠡᠭᠰᠢ ᠲᠤᠭᠤᠰᠬᠠᠨ ᠬᠡᠷ᠎ᠪᠠᠷ ᠰᠤᠯᠢᠬᠳᠠᠵᠤ ᠁ ᠠᠶ᠎ᠠ ᠦᠨᠡᠬᠡᠷ ᠲᠠᠭᠤ ᠠᠯᠳᠠᠨ ᠱᠠᠬᠰᠢᠮᠠᠷ ᠡ᠃
      ᠤᠳᠤ ᠮᠠᠨ᠎ᠤ ᠭᠠᠴᠠᠭ᠎ᠠ᠎ᠳᠤ ᠶᠠᠳᠠᠭᠤ ᠬᠦᠴᠢᠷᠳᠡᠯᠳᠡᠢ ᠬᠦᠮᠦᠨ ᠠᠯᠠᠭ᠎ᠠ ᠪᠤᠯᠵᠤ᠂ ᠡᠪᠡᠳᠴᠢᠨ ᠬᠠᠭᠤᠴᠢᠨ᠎ᠳᠤ ᠪᠠᠷᠢᠬᠳᠠᠬᠰᠠᠨ ᠤᠨᠴᠨ ᠵᠠᠷᠢᠮ ᠬᠦᠮᠦᠰ᠎ᠢ ᠤᠯᠤᠰ᠎ᠠᠴᠠ ᠲᠡᠵᠢᠬᠡᠬᠦ ᠪᠤᠯᠵᠠᠢ᠃ ᠤᠨᠠᠭ᠎ᠠ ᠭᠠᠴᠠᠭ᠋ᠠᠨ᠎ᠤ ᠪᠢᠴᠢᠭ ᠰᠤᠶᠤᠯ᠎ᠤᠨ ᠮᠦᠷ᠎ᠢ ᠬᠦᠬᠡᠬᠡᠵᠤ᠂ ᠶᠡᠬᠡ ᠰᠤᠷᠭ᠋ᠠᠭᠤᠯᠢ ᠲᠡᠬᠦᠰᠦᠭᠰᠡᠨ ᠤᠶᠤᠳᠠᠳ ᠵᠠᠭᠤᠭ᠋ᠠᠳ ᠬᠦᠮᠤᠨ ᠪᠤᠯᠴᠢᠬᠠᠯ᠎ᠠ ᠬᠡᠬᠦ ᠶᠤᠮ᠃  
      ᠲᠠᠯᠨ ᠭᠠᠷᠤᠬᠰᠠᠨ ᠪᠢ ᠴᠦ᠍ ᠨᠡᠢ᠌ᠬᠡᠮ᠎ᠤᠨ ᠪᠤᠶᠠᠨ ᠦᠬᠡᠷᠡᠴᠢᠯᠡᠯᠳᠡ ᠬᠦᠭᠵᠢᠯᠳᠡ ᠵᠢᠨ ᠠᠰᠢᠭ᠎ᠢ ᠡᠳ᠋ᠯᠡᠨ᠂ ᠬᠤᠰᠢᠭᠤᠨ ᠲᠦᠪ ᠴᠢᠪᠠᠭ᠎ᠠ ᠪᠠᠯᠭ᠋ᠠᠰᠤᠨ᠎ᠳᠤ ᠲᠤᠬᠢᠯᠢᠭ ᠰᠠᠢ᠌ᠬᠠᠨ ᠤᠷᠤᠨ ᠰᠠᠭᠤᠴᠨ᠎ᠲᠠᠢ ᠪᠤᠯᠵᠤ ᠦᠳᠡᠯᠤᠬᠡ ᠨᠠᠰᠤ᠎ᠪᠠᠨ ᠵᠤᠯ ᠵᠢᠷᠭ᠋ᠠᠯᠳᠠᠢ ᠦᠡᠭᠭᠡᠷᠡᠬᠦᠯᠵᠤ ᠪᠠᠢ᠌ᠭ᠎ᠠ ᠪᠦᠬᠡᠳ ᠦᠳᠡᠯᠤᠬᠡ ᠨᠠᠰᠤᠨ᠎ᠤ ᠬᠡᠷᠡᠯ ᠬᠢᠯᠪᠠᠭ᠎ᠠ᠎ᠪᠠᠨ ᠰᠠᠴᠤᠷᠠᠭᠤᠯᠤᠬᠰᠠᠭ᠋ᠠᠷ ᠪᠢᠯᠨ᠃ ᠨᠢᠭᠡ ᠡᠳᠦᠷ ᠴᠢᠪᠠᠭ᠎ᠠ ᠵᠢᠨ ᠪᠠᠷᠠᠭᠤᠨ ᠬᠦᠬᠦᠷᠭᠡ ᠦᠭᠡᠳᠡ ᠶᠠᠪᠤᠵᠤ ᠪᠠᠢ᠌ᠭ᠋ᠠᠳ ᠪᠡᠶ᠎ᠡ ᠵᠢᠨ ᠦᠨᠡᠮᠯᠡᠯ ᠭᠤᠷᠪᠠ᠂ ᠪᠠᠩᠬᠢ ᠵᠢᠨ ᠺᠠᠷᠲ ᠭᠤᠷᠪᠠ ᠵᠢ ᠤᠯᠵᠤ ᠠᠪᠴᠠᠢ᠃ ᠭᠡᠷ᠎ᠲᠤ᠎ᠪᠠᠨ ᠬᠠᠷᠢᠵᠤ ᠢᠷᠡᠭᠡᠳ ᠨᠦᠭᠦᠷ ᠬᠠᠰᠬᠡᠷᠡᠯ᠎ᠲᠠᠢ᠎ᠪᠠᠨ ᠬᠡᠯᠡᠯᠴᠡᠵᠦ᠂ ᠡᠵᠡᠨ᠎ᠲᠤᠨᠢ ᠪᠤᠴᠠᠭ᠋ᠠᠬᠤ᠎ᠪᠠᠷ ᠪᠣᠯᠵᠤ᠂ ᠲᠤᠳᠤᠭ᠋ᠠᠳᠤ ᠵᠢ ᠬᠠᠮᠠᠭ᠋ᠠᠯᠠᠬᠤ ᠲᠤᠪᠴᠢᠶ᠎ᠠ᠎ᠳᠤ ᠲᠤᠰᠢᠶᠠᠵᠠᠢ᠃ ᠺᠠᠷᠲ ᠲᠤᠳᠤᠷ᠎ᠠ᠎ᠨᠢ 30 ᠲᠦᠮᠡᠨ ᠲᠦᠭᠦᠷᠢᠭ ᠵᠤᠭᠤᠰ᠎ᠲᠠᠢ ᠬᠡᠬᠦ ᠶᠤᠮ᠃ ᠴᠠᠬᠳᠠᠭ᠋ᠠᠨ᠎ᠤ᠎ᠬᠢᠨ ᠪᠡᠶ᠎ᠡ ᠵᠢᠨ ᠦᠨᠡᠮᠯᠡᠬᠦ᠎ᠪᠠᠷ᠎ᠨᠢ ᠬᠡᠬᠡᠭᠰᠡᠨ ᠡᠵᠡᠨ᠎ᠢ᠎ᠨᠢ ᠡᠷᠢᠵᠤ ᠤᠯᠤᠬᠰᠠᠨ ᠵᠶ᠋ᠡᠷ ᠪᠡᠶ᠎ᠡ ᠵᠢᠨ ᠦᠨᠡᠮᠯᠡᠬᠦ᠂ ᠪᠠᠡᠭᠭᠢ ᠵᠢᠨ ᠺᠠᠷᠲ ᠵᠢ ᠡᠵᠡᠨ᠎ᠳᠤ᠎ᠨᠢ ᠪᠤᠴᠠᠭ᠋ᠠᠪᠠ᠃ 《ᠠᠯᠳᠠ ᠤᠯᠪᠠᠴᠤ ᠠᠮᠢᠨ᠎ᠳᠤ᠎ᠪᠠᠨ ᠠᠪᠬᠤ ᠦᠬᠡᠢ》 ᠬᠡᠳᠡᠭ ᠰᠤᠷᠭ᠋ᠠᠯ᠎ᠢ ᠪᠢ ᠬᠡᠵᠢᠶ᠎ᠡ ᠴᠦ᠍ ᠮᠠᠷᠳᠠᠬᠤ ᠦᠬᠡᠢ ᠪᠠᠳᠤ ᠴᠡᠬᠡᠵᠢᠯᠡᠭᠰᠡᠭᠡᠷ ᠁

ᠵᠤᠬᠢᠶᠠᠬ᠍ᠴᠢ ᠵᠢᠨ ᠬᠠᠶᠢᠭ᠄ ᠠᠷᠤ ᠬᠤᠷᠴᠢᠨ ᠬᠤᠰᠢᠭᠤᠨ᠎ᠤ ᠱᠤᠤᠬᠢᠨ ᠪᠠᠯᠭ᠋ᠠᠰᠤ ᠵᠢᠨ ᠤᠨᠠᠭ᠎ᠠ ᠭᠠᠴᠠᠭ᠎ᠠ

ᠢᠷᠡᠯᠲᠡ᠄ ᠦᠪᠤᠷ ᠮᠤᠡᠭᠭᠤᠯ᠎ᠤᠨ 《ᠨᠠᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠰᠠᠢ᠌ᠨ᠎ᠢ᠎ᠨᠢ ᠴᠡᠬᠡᠵᠢᠯᠡᠵᠤ ᠶᠠᠪᠤᠭ᠋ᠠᠷᠠᠢ — ᠠᠪᠤ ᠵᠢᠨ ᠠᠯᠳᠠᠨ ᠰᠤᠷᠭ᠋ᠠᠯ᠎ᠠᠴᠠ
ᠰᠡᠳᠭᠢᠯ ᠎ᠳᠤ ᠬᠣᠨᠣᠭᠰᠢᠭᠰᠠᠨ ᠦᠯᠢᠭᠡᠷ᠄ ᠰᠢᠯᠢ ᠵᠢᠨ ᠭᠣᠣᠯ ᠠᠢ᠌ᠮᠠᠭ᠎ᠤᠨ ᠠᠬᠠᠮᠠᠳ ᠲᠣᠮᠣᠭ᠋ᠠᠲᠠᠨ᠎ᠤ 《ᠭᠣᠷᠪᠠᠨ ᠮᠢᠩᠭ᠋ᠠᠨ ᠥᠨᠥᠴᠢᠨ ᠬᠡᠦᠬᠡᠳ᠎ᠢ ᠦᠷᠡᠴᠢᠯᠡᠨ ᠲᠡᠵᠢᠭᠡᠭᠰᠡᠨ》 ᠲᠣᠬᠠᠢ ᠨᠠᠷᠢᠯᠢᠭ ᠳᠣᠷᠠᠳᠬᠠᠯ
ᠵᠢᠷᠤᠭᠡᠨ᠎ᠳᠤ ᠲᠠᠮᠠᠭ᠋ᠠᠯᠠᠬᠳᠠᠬᠰᠠᠨ ᠠᠮᠢᠯᠡᠯ᠎ᠤᠨ 《ᠦᠡᠭᠭᠡ》
(ᠨᠢᠬᠡ) ᠨᠠᠮ᠎ᠠᠴᠠ ᠠᠷᠠᠳ᠎ᠤᠨ ᠶᠠᠪᠤᠳᠠᠯ᠎ᠤᠨ ᠦᠢ᠍ᠯᠡᠰ᠎ᠢ ᠤᠳᠤᠷᠢᠳᠤᠭ᠋ᠠᠳ ᠣᠯᠤᠭᠰᠠᠨ ᠴᠢᠬᠤᠯᠠ ᠶᠡᠬᠡ ᠠᠮᠵᠢᠯᠲᠠ ᠪᠠ ᠬᠤᠷᠠᠮᠳᠤᠭᠤᠯᠤᠭᠰᠠᠨ ᠲᠡᠦᠬᠡᠨ ᠲᠤᠷᠰᠢᠯᠭ᠎ᠠ
(ᠬᠤᠶᠠᠷ) ᠨᠠᠮ᠎ᠠᠴᠠ ᠠᠷᠠᠳ᠎ᠤᠨ ᠶᠠᠪᠤᠳᠠᠯ᠎ᠤᠨ ᠦᠢ᠍ᠯᠡᠰ᠎ᠢ ᠤᠳᠤᠷᠢᠳᠤᠭ᠋ᠠᠳ ᠣᠯᠤᠭᠰᠠᠨ ᠴᠢᠬᠤᠯᠠ ᠶᠡᠬᠡ ᠠᠮᠵᠢᠯᠲᠠ ᠪᠠ ᠬᠤᠷᠠᠮᠳᠤᠭᠤᠯᠤᠭᠰᠠᠨ ᠲᠡᠦᠬᠡᠨ ᠲᠤᠷᠰᠢᠯᠭ᠎ᠠ
 
            