ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠲᠡᠷᠢᠭᠦᠨ ᠬᠠᠭᠤᠳᠠᠰᠤ   -   ᠨᠠᠮ᠎ᠤᠨ ᠬᠤᠷᠢᠳᠤᠭᠠᠷ ᠶᠡᠭᠡ ᠬᠤᠷᠠᠯ᠎ᠤᠨ ᠵᠣᠷᠢᠭ ᠰᠠᠨᠠᠭ᠎ᠠ᠎ᠶᠢ ᠰᠣᠷᠥᠯᠴᠡᠨ ᠤᠬᠠᠭᠤᠯᠵᠤ ᠲᠤᠭᠤᠰᠢᠯᠠᠭᠤᠯᠤᠶ᠎ᠠ
ᠨᠢᠬᠡᠨ ᠰᠢᠷᠭᠡᠭ ᠤᠯᠠᠭ᠋ᠠᠨ ᠤᠳᠠᠰᠤ ᠭᠤᠷᠪᠠᠨ ᠦᠶ᠎ᠡ ᠵᠢᠨ᠎ᠬᠢᠨ᠎ᠢ ᠰᠢᠵᠢᠮᠯᠡᠵᠤ᠂ ᠨᠢᠬᠡ ᠵᠦᠢ᠍ᠯ᠎ᠤᠨ ᠬᠡᠷ᠎ᠤᠨ ᠰᠤᠷᠳᠠᠯ ᠤᠭ ᠰᠠᠨᠠᠭ᠎ᠠ ᠵᠢ ᠤᠯᠠᠮᠵᠢᠯᠠᠨᠠᠮ
ᠨᠡᠶᠢᠲᠡᠯᠡᠭᠰᠡᠨ ᠴᠠᠭ᠄ 2021-07-08

《7 · 1᠎ᠤ ᠭᠠᠪᠢᠶᠠᠨ ᠲᠡᠮᠳᠡᠭ》᠎ᠢ ᠬᠦᠷᠳᠡᠭᠴᠢ ᠵᠢᠨ ᠨᠢᠬᠡ ᠯᠢ ᠬᠤᠡᠭ ᠲᠠ᠄ ᠠᠨᠾᠦ᠋ᠢ ᠮᠤᠵᠢ ᠵᠢᠨ ᠠᠷᠠᠳ᠎ᠤᠨ ᠶᠠᠪᠤᠳᠠᠯ᠎ᠤᠨ ᠰᠢᠰᠲᠸᠮ᠎ᠳᠤ 18 ᠵᠢᠯ ᠠᠵᠢᠯᠯᠠᠵᠤ ᠪᠠᠢ᠌ᠨ᠎ᠠ

ᠨᠢᠬᠡᠨ ᠰᠢᠷᠭᠡᠭ ᠤᠯᠠᠭ᠋ᠠᠨ ᠤᠳᠠᠰᠤ ᠭᠤᠷᠪᠠᠨ ᠦᠶ᠎ᠡ ᠵᠢᠨ᠎ᠬᠢᠨ᠎ᠢ ᠰᠢᠵᠢᠮᠯᠡᠵᠤ᠂ ᠨᠢᠬᠡ ᠵᠦᠢ᠍ᠯ᠎ᠤᠨ ᠬᠡᠷ᠎ᠤᠨ ᠰᠤᠷᠳᠠᠯ ᠤᠭ ᠰᠠᠨᠠᠭ᠎ᠠ ᠵᠢ ᠤᠯᠠᠮᠵᠢᠯᠠᠨᠠᠮ
    
       《7 · 1᠎ᠤ ᠭᠠᠪᠢᠶᠠᠨ ᠲᠡᠮᠳᠡᠭ》᠎ᠢ ᠬᠦᠷᠳᠡᠭᠴᠢ ᠯᠢ ᠬᠤᠡᠭ ᠲᠠ ᠵᠢᠨ ᠦᠵᠡᠬᠦ᠎ᠪᠠᠷ ᠤᠨᠴᠠᠭ᠋ᠠᠢ ᠪᠡᠶ᠎ᠡ ᠵᠢᠨ ᠭᠠᠷᠤᠯ᠎ᠨᠢ   ᠲᠡᠬᠦᠨ᠎ᠳᠤ ᠦᠡᠭᠭᠡ ᠬᠡᠷᠡᠯ ᠢᠷᠡᠭᠤ ᠠᠯᠳᠠᠷ᠎ᠢ ᠪᠢᠰᠢ᠂ ᠨᠡᠡᠭ ᠤᠯᠠᠨ ᠬᠠᠷᠢᠭᠤᠴᠠᠯᠭ᠋ᠠᠳᠤ ᠰᠡᠳᠬᠢᠯᠬᠡ ᠵᠢ ᠤᠯᠭᠤᠵᠤ᠂ ᠠᠵᠢᠯ ᠵᠶ᠋ᠡᠨ ᠵᠠᠪᠠᠯ ᠰᠠᠢ᠌ᠳᠤᠷ ᠬᠢᠬᠦ ᠬᠡᠷᠡᠭᠳᠡᠢ ᠭᠡᠵᠤ ᠴᠠᠭ ᠢᠮᠠᠬᠳᠠ ᠰᠡᠷᠡᠮᠵᠢᠯᠡᠬᠦᠯᠦᠭᠰᠡᠨ ᠰᠡᠷᠡᠮᠵᠢ ᠵᠢᠨ ᠬᠤᠡᠭᠬᠤ ᠪᠠᠢ᠌ᠯ᠎ᠠ᠃
        ᠯᠢ ᠬᠤᠡᠭ ᠲᠨ ᠵᠢᠨ ᠡᠪᠦᠬᠡ ᠪᠤᠯ ᠲᠤᠮᠳᠠᠳᠤ ᠤᠯᠤᠰ᠎ᠤᠨ ᠢᠨᠲᠸᠷᠨᠠᠼᠢᠤᠨᠠᠯ᠎ᠤᠨ ᠬᠦᠳᠡᠯᠬᠡᠬᠡᠨ᠎ᠤ ᠬᠤᠰᠢᠭᠤᠴᠢ᠂ ᠬᠤᠪᠢᠰᠬᠠᠯᠳᠤ ᠦᠷᠡᠭᠳᠡᠭᠰᠡᠨ ᠪᠠᠭ᠋ᠠᠳᠤᠷ ᠯᠢ ᠳ᠋ᠠ ᠵᠤᠤ ᠪᠤᠯᠬᠤ ᠶᠤᠮ᠂ ᠲᠡᠬᠦᠨ᠎ᠤ ᠠᠪᠤ᠎ᠨᠢ ᠯᠢ ᠪᠤᠤ ᠬᠤᠸᠨ ᠠᠨᠾᠦ᠋ᠢ ᠮᠤᠵᠢ ᠵᠢᠨ ᠨᠢᠬᠡᠳᠤᠬᠡᠷ ᠱᠦᠵᠢ᠂ ᠲᠤᠮᠳᠠᠳᠤ ᠤᠯᠤᠰ᠎ᠤᠨ ᠠᠷᠠᠳ᠎ᠤᠨ ᠪᠠᠡᠭᠭᠢ ᠵᠢᠨ ᠲᠠᠷᠤᠭ᠎ᠠ ᠵᠡᠷᠬᠡ ᠲᠤᠰᠢᠶᠠᠯ᠎ᠢ ᠡᠬᠦᠷᠬᠡᠯᠡᠵᠤ᠂ ᠨᠠᠮ ᠪᠠ ᠤᠯᠤᠰ ᠬᠡᠷ᠎ᠤᠨ ᠦᠢ᠍ᠯᠡᠰ᠎ᠲᠤ ᠨᠢᠬᠡ ᠨᠠᠰᠤ᠎ᠪᠠᠨ ᠵᠤᠷᠢᠭᠤᠯᠤᠬᠰᠠᠨ ᠶᠤᠮ᠃
        ᠯᠢ   ᠬᠤᠡᠭ ᠲᠨ ᠪᠤᠯ ᠠᠨᠾᠦ᠋ᠢ ᠮᠤᠵᠢ ᠵᠢᠨ ᠤᠯᠤᠰ ᠲᠦᠷᠤ ᠵᠢᠨ ᠵᠦᠪᠯᠡᠯᠬᠡᠨ᠎ᠤ ᠤᠤᠯ᠎ᠤᠨ ᠨᠠᠮ᠎ᠤᠨ ᠤᠳᠤᠷᠢᠳᠬᠤ ᠲᠤᠭᠤᠢ᠌ᠯᠠᠡᠭ᠎ᠤᠨ ᠪᠦᠷᠢᠯᠳᠤᠬᠦᠨ᠂ ᠲᠡᠳ᠋ ᠲᠡᠷᠢᠬᠦᠯᠡᠭᠴᠢ᠂ ᠠᠷᠪᠠᠨ ᠨᠢᠬᠡᠳᠤᠬᠡᠷ᠂ ᠠᠷᠪᠠᠨ ᠬᠤᠶᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠤᠯᠤᠰ ᠲᠦᠷᠤ ᠵᠢᠨ ᠵᠦᠪᠯᠡᠯᠬᠡᠨ᠎ᠤ ᠬᠡᠰᠢᠬᠦᠨ ᠪᠤᠯᠤᠨ᠎ᠠ᠃ ᠠᠷᠠᠳ᠎ᠤᠨ ᠶᠠᠪᠤᠳᠠᠯ᠎ᠤᠨ ᠰᠢᠰᠲᠸᠮ᠎ᠳᠤ 18 ᠵᠢᠯ ᠠᠵᠢᠯᠯᠠᠬᠤ᠎ᠳᠤ᠎ᠪᠠᠨ 《ᠦᠨᠤᠴᠢᠨ ᠦᠷᠤᠬᠡᠰᠤᠨ ᠨᠠᠰᠤᠳᠠᠢ᠌ᠴᠤᠳ᠎ᠢ ᠡᠴᠢᠬᠡ ᠡᠬᠡ᠎ᠪᠠᠨ ᠮᠡᠳᠤ ᠠᠴᠢᠯᠠᠵᠤ᠂ ᠦᠨᠤᠴᠢᠨ ᠦᠷᠤᠬᠡᠰᠤᠨ ᠬᠡᠤᠬᠡᠳ᠎ᠢ ᠦᠷ᠎ᠡ ᠬᠡᠤᠬᠡᠳ᠎ᠪᠠᠨ ᠰᠢᠭ ᠬᠠᠢ᠌ᠷᠠᠯᠠᠨ᠂ ᠠᠷᠠᠳ᠎ᠤᠨ ᠶᠠᠪᠤᠳᠠᠯ᠎ᠤᠨ ᠦᠢ᠍ᠯᠡᠴᠢᠯᠡᠬᠦ ᠡᠳᠡᠬᠡᠳ᠎ᠢ ᠡᠯᠢᠬᠡᠨ ᠰᠠᠳᠤᠨ ᠵᠶ᠋ᠡᠷ ᠦᠵᠡᠨ》᠂ ᠨᠢᠬᠡ ᠵᠢᠯ᠎ᠤᠨ ᠬᠠᠭ᠋ᠠᠰ᠎ᠢ᠎ᠨᠢ ᠦᠨᠳᠤᠰᠤᠨ ᠱᠠᠳᠤᠨ᠎ᠳᠤ ᠨᠦᠭᠴᠢᠬᠡᠳᠡᠭ ᠪᠠᠢ᠌ᠯ᠎ᠠ᠃
    ᠬᠠᠮᠳᠤ ᠠᠵᠢᠯᠯᠠᠬᠰᠠᠳ᠎ᠤᠨ ᠵᠶ᠋ᠡᠨ ᠨᠢᠳᠤᠨ᠎ᠳᠤ ᠲᠡᠷᠨ ᠪᠤᠯ ᠡᠪ ᠬᠠᠮᠳᠤᠴᠤᠳ᠎ᠤᠨ ᠬᠤᠪᠢᠰᠬᠠᠯᠳᠤ ᠤᠯᠠᠮᠵᠢᠯᠠᠯ᠂ ᠰᠢᠯᠢᠳᠡᠭ ᠬᠡᠷ᠎ᠤᠨ ᠰᠤᠷᠳᠠᠯ᠎ᠢ ᠵᠠᠯᠭ᠋ᠠᠮᠵᠢᠯᠠᠬ᠍ᠴᠢ᠂ ᠢᠮᠠᠬᠳᠠ ᠬᠠᠳᠠᠭᠤᠵᠢᠯᠳᠠᠢ ᠪᠤᠷᠤᠬ᠍ᠵᠢᠭᠤᠨ᠂ ᠠᠷᠢᠭᠤᠨ ᠴᠢᠭᠴᠢ ᠪᠦᠬᠡᠳ ᠬᠡᠷ᠎ᠤᠨ ᠰᠤᠷᠭ᠋ᠠᠯ ᠴᠢᠡᠭᠭ᠎ᠠ ᠪᠠᠢ᠌ᠵᠤ᠂ 《ᠬᠤᠪᠢᠰᠬᠠᠯᠳᠤ ᠤᠳᠤᠮᠰᠢᠯ᠎ᠢ ᠦᠶ᠎ᠡ ᠵᠢᠨ ᠦᠶ᠎ᠡ᠎ᠳᠤ ᠤᠯᠠᠮᠵᠢᠯᠠᠨ ᠠᠷᠠᠳ ᠲᠦᠮᠡᠨ᠎ᠤ ᠲᠦᠯᠦᠬᠡ ᠬᠡᠬᠦ》 ᠬᠤᠪᠢᠷᠠᠰᠢ ᠦᠬᠡᠢ ᠢᠳᠡᠬᠡᠯ᠎ᠢ ᠪᠠᠷᠢᠮᠳᠠᠯᠠᠬᠰᠠᠭ᠋ᠠᠷ ᠢᠷᠡᠭᠰᠡᠨ ᠶᠤᠮ᠃
        ᠡᠴᠢᠬᠡ ᠲᠡᠬᠡᠳᠤᠰ ᠵᠶ᠋ᠡᠨ ᠲᠤᠷᠠᠳᠬᠤ ᠪᠤᠯᠭ᠋ᠠᠨ ᠯᠢ ᠬᠤᠡᠭ ᠲᠨ᠄ ᠤᠭ ᠰᠠᠨᠠᠭ᠎ᠠ᠎ᠪᠠᠨ ᠮᠠᠷᠳᠠᠬᠤ ᠦᠬᠡᠢ ᠪᠠᠢ᠌ᠪᠠᠯ ᠯᠨ ᠰᠠᠶᠢ ᠡᠬᠦᠷᠬᠡ ᠬᠠᠷᠢᠭᠤᠴᠠᠯᠭ᠎ᠠ᠎ᠪᠠᠨ ᠪᠠᠳᠤ ᠴᠡᠬᠡᠵᠢᠯᠡᠵᠤ ᠴᠢᠳᠠᠨ᠎ᠠ᠃ ᠡᠬᠦᠷᠬᠡ ᠬᠠᠷᠢᠭᠤᠴᠠᠯᠭ᠎ᠠ᠎ᠪᠠᠨ ᠬᠦᠢ᠍ᠴᠡᠳᠬᠡᠪᠡᠯ ᠯᠨ ᠰᠠᠶᠢ ᠤᠭ ᠰᠠᠨᠠᠭ᠎ᠠ᠎ᠪᠠᠨ ᠤᠯᠠᠨ ᠲᠦᠮᠡᠨ᠎ᠤ ᠵᠤᠯ ᠵᠢᠷᠭ᠋ᠠᠯᠳᠤ ᠠᠮᠢᠳᠤᠷᠠᠯ᠎ᠯᠤᠭ᠎ᠠ ᠨᠢᠬᠳᠠ ᠬᠤᠯᠪᠤᠭ᠎ᠠ᠎ᠲᠠᠢ ᠪᠤᠳᠠᠳᠤ ᠶᠠᠪᠤᠳᠠᠯ ᠰᠠᠢ᠌ᠨ ᠶᠠᠪᠤᠳᠠᠯ ᠪᠤᠯᠭ᠋ᠠᠵᠤ ᠴᠢᠳᠠᠨ᠎ᠠ ᠬᠡᠳᠡᠭ ᠪᠠᠢ᠌ᠯ᠎ᠠ᠃
  
       1987 ᠤᠨ᠎ᠳᠤ᠂ 38 ᠨᠠᠰᠤᠳᠠᠢ ᠯᠢ ᠬᠤᠡᠭ ᠲᠠ ᠬᠦᠮᠦᠨ᠎ᠤ ᠠᠮᠢᠳᠤᠷᠠᠯ ᠵᠢ ᠴᠢᠬᠤᠯᠨ ᠰᠤᠡᠭᠭᠤᠯᠳᠠ᠎ᠳᠤ ᠲᠤᠯᠭ᠋ᠠᠷᠠᠯ᠎ᠠ᠃ ᠲᠤᠬᠠᠢ ᠵᠢᠨ ᠦᠶ᠎ᠡ᠎ᠳᠤ ᠲᠡᠷᠨ ᠵᠠᠯᠠᠭᠤᠴᠤᠳ᠎ᠤᠨ ᠠᠵᠢᠯ᠎ᠢ ᠤᠯᠠᠨ ᠵᠢᠯ ᠬᠢᠭᠰᠡᠨ ᠪᠤᠯᠬᠤᠷ ᠵᠤᠬᠢᠶᠠᠨ ᠪᠠᠢ᠌ᠭᠤᠯᠤᠯᠳᠠ᠎ᠠᠴᠠ ᠲᠡᠬᠦᠨ᠎ᠢ ᠪᠤᠰᠤᠳ ᠪᠠᠢ᠌ᠷᠢᠨ᠎ᠳᠤ ᠰᠢᠯᠵᠢᠬᠦᠯᠬᠦ ᠰᠠᠨᠠᠭ᠎ᠠ᠎ᠲᠠᠢ ᠪᠠᠢ᠌ᠪᠠ᠃ ᠰᠠᠨᠠᠯ᠎ᠢ᠎ᠨᠢ ᠠᠰᠠᠭᠤᠬᠤ ᠦᠶ᠎ᠡ᠎ᠳᠤ ᠲᠡᠷᠨ ᠤᠬᠳᠤ ᠡᠷᠡᠬᠡᠯᠵᠡᠯ ᠦᠬᠡᠢ᠎ᠪᠠᠷ ᠠᠨᠾᠦ᠋ᠢ ᠮᠤᠵᠢ ᠵᠢᠨ ᠠᠷᠠᠳ᠎ᠤᠨ ᠶᠠᠪᠤᠳᠠᠯ᠎ᠤᠨ ᠲᠢᠡᠭᠭᠢᠮ᠎ᠢ ᠰᠤᠡᠭᠭᠤᠪᠠ᠂ ᠰᠢᠯᠳᠠᠭ᠋ᠠᠨ᠎ᠨᠢ᠄ 《ᠪᠢ ᠶᠠᠳᠠᠭᠤ ᠬᠦᠴᠢᠷᠳᠡᠯᠳᠡᠢ ᠤᠯᠠᠨ ᠲᠦᠮᠡᠨ᠎ᠲᠠᠢ ᠰᠢᠭᠤᠳ ᠬᠠᠷᠢᠯᠴᠠᠠᠬᠤ ᠲᠤᠷᠠᠳᠠᠢ᠂ ᠤᠯᠠᠨ ᠲᠦᠮᠡᠨ᠎ᠳᠤ ᠪᠤᠳᠠᠳᠤ ᠶᠠᠪᠤᠳᠠᠯ ᠰᠠᠢ᠌ᠨ ᠶᠠᠪᠤᠳᠠᠯ ᠬᠢᠵᠤ ᠦᠭᠭᠦ᠎ᠳᠤ ᠪᠢ ᠲᠤᠷᠠᠳᠠᠢ》᠃
      ᠠᠷᠠᠳ᠎ᠤᠨ ᠶᠠᠪᠤᠳᠠᠯ᠎ᠤᠨ ᠭᠠᠮᠰᠢᠭ᠎ᠠᠴᠠ ᠠᠪᠤᠷᠠᠬᠤ ᠦᠶ᠎ᠡ ᠪᠤᠯ ᠯᠢ ᠬᠤᠡᠭ ᠲᠨ ᠵᠢᠨ ᠬᠠᠮᠤᠭ᠎ᠠᠴᠠ ᠶᠠᠭ᠋ᠠᠷᠠᠤ ᠴᠠᠭ ᠶᠤᠮ᠃ 1998 ᠤᠨ᠎ᠤ ᠬᠦᠬᠡᠮᠦ᠋ᠷᠡᠨ᠎ᠤ ᠤᠨᠴᠨ ᠶᠡᠬᠡ ᠦᠶᠡᠷ ᠤᠰᠠᠳᠤᠯ᠎ᠤᠨ ᠡᠮᠦᠨ᠎ᠡ᠂ ᠦᠡᠭᠭᠡᠷᠡᠭᠰᠡᠨ ᠵᠢᠯ᠎ᠤᠳ᠎ᠤᠨ ᠠᠨᠾᠦ᠋ᠢ ᠮᠤᠵᠢ ᠵᠢᠨ ᠤᠰᠤᠨ᠎ᠤ ᠭᠠᠮᠰᠢᠭ ᠵᠠᠯᠭ᠋ᠠᠭ᠎ᠠ᠎ᠪᠠᠷ ᠡᠬᠦᠰᠳᠡᠭ ᠪᠠᠢ᠌ᠳᠠᠯ᠎ᠳᠤ ᠴᠢᠭᠯᠡᠬᠦᠯᠤᠨ ᠲᠡᠷᠨ᠎ᠪᠠᠷ ᠮᠦᠷᠡᠨ ᠲᠠᠭ᠋ᠠᠤ᠎ᠳᠤ᠎ᠬᠢ ᠬᠤᠳᠠ᠎ᠳᠤ ᠤᠷᠢᠳ ᠵᠶ᠋ᠡᠷ ᠭᠠᠮᠰᠢᠭ᠎ᠠᠴᠠ ᠠᠪᠤᠷᠠᠬᠤ ᠲᠦᠰᠤᠯ ᠭᠠᠷᠭ᠋ᠠᠵᠤ᠂ ᠨᠢᠬᠡ ᠨᠢᠬᠡ ᠰᠢᠶᠠᠨ᠂ ᠨᠢᠬᠡ ᠨᠢᠬᠡ ᠬᠤᠳᠠ᠎ᠪᠠᠷ ᠬᠦᠶᠤᠵᠤ᠂ ᠴᠢᠡᠭᠭ᠎ᠠ ᠠᠳᠬᠤᠨ ᠨᠠᠢ᠌ᠳᠠᠪᠤᠷᠢᠵᠢᠭᠤᠯᠤᠬᠰᠠᠨ ᠪᠠᠢ᠌ᠨ᠎ᠠ᠃ ᠬᠤᠪᠤᠷ ᠲᠤᠬᠢᠶᠠᠯᠳᠤᠬᠤ ᠤᠰᠤᠨ ᠭᠠᠮᠰᠢᠭ᠎ᠤᠨ ᠡᠮᠤᠨ᠎ᠡ ᠠᠨᠾᠦ᠋ᠢ ᠮᠤᠵᠢ ᠤᠷᠢᠳ ᠵᠶ᠋ᠡᠷ ᠠᠷᠭ᠋ᠠᠴᠠᠭ᠋ᠠᠵᠤ᠂ ᠪᠠᠯᠡᠳᠬᠡᠯ᠎ᠲᠠᠢ ᠲᠠᠢ᠌ᠨ ᠬᠢᠵᠤ᠂ ᠭᠠᠮᠰᠢᠬᠳᠠᠬᠰᠠᠨ ᠤᠯᠠᠨ ᠲᠦᠮᠡᠨ᠎ᠢ ᠲᠤᠬᠢᠳᠠᠠᠢ ᠲᠦᠪᠬᠢᠨᠡᠬᠦᠯᠤᠨ᠂ ᠠᠷᠠᠳ᠎ᠤᠨ ᠶᠠᠪᠤᠳᠠᠯ᠎ᠤᠨ ᠶᠠᠮᠤᠨ᠎ᠤ ᠦᠨᠳᠤᠷ ᠦᠨᠡᠯᠡᠯᠳᠡ ᠵᠢ ᠬᠦᠷᠳᠡᠭᠰᠡᠨ ᠪᠠᠢ᠌ᠨ᠎ᠠ᠃
       《ᠪᠢᠳᠡ ᠪᠠᠬᠠᠨ ᠵᠦᠳᠡᠷᠡᠪᠡᠯ ᠤᠯᠠᠨ ᠲᠦᠮᠡᠨ᠎ᠤ ᠵᠤᠪᠠᠨᠢᠯ ᠬᠡᠳᠤᠨ ᠬᠤᠪᠢ ᠨᠠᠮᠳᠠᠨ᠎ᠠ》 ᠬᠡᠳᠡᠭ ᠪᠤᠯ ᠯᠢ ᠬᠤᠡᠭ ᠲᠨ ᠵᠢᠨ ᠠᠮᠠᠨ᠎ᠤ ᠤᠡᠭᠰᠢᠯᠠᠭ᠎ᠠ ᠶᠤᠮ᠃ 2003 ᠤᠨ᠎ᠤ ᠵᠤᠨ ᠬᠤᠸᠠᠢ᠌ᠾᠸ ᠭᠤᠤᠯ᠂ ᠴᠦᠾᠸ ᠭᠤᠤᠯ᠎ᠤᠨ ᠤᠷᠤᠰᠬᠠᠯ ᠲᠠᠭ᠋ᠠᠤ ᠤᠷᠤᠨ᠎ᠳᠤ ᠦᠶᠡᠷ᠎ᠤᠨ ᠪᠠᠢ᠌ᠳᠠᠯ ᠢᠯᠡᠷᠡᠵᠤ᠂ ᠭᠠᠮᠰᠢᠭ᠎ᠤᠨ ᠪᠠᠢ᠌ᠳᠠᠯ᠎ᠢ ᠤᠢ᠌ᠯᠠᠭ᠋ᠠᠬᠤ ᠵᠢᠨ ᠲᠦᠯᠦᠬᠡ ᠲᠡᠷᠨ ᠭᠠᠮᠰᠢᠬᠳᠠᠬᠰᠠᠨ ᠤᠷᠤᠨ ᠵᠶ᠋ᠡᠷ ᠬᠤᠷᠢᠭ᠋ᠠᠳ ᠡᠳᠤᠷ ᠶᠠᠭ᠋ᠠᠷᠠᠨ᠂ ᠲᠤᠡᠭᠭ᠋ᠠᠯᠠᠭ ᠡᠳᠤᠷ ᠬᠦᠯᠤᠰᠤᠨ᠎ᠳᠤ ᠲᠡᠪᠳᠤᠵᠤ᠂ ᠪᠤᠷᠤᠭ᠋ᠠᠨ᠎ᠲᠠᠢ ᠡᠳᠤᠷ ᠪᠤᠯ ᠰᠢᠪᠠᠷ᠎ᠲᠤ ᠪᠢᠯᠳᠠᠵᠤ᠂ ᠬᠤᠪᠴᠠᠰᠤ᠎ᠪᠠᠨ ᠰᠤᠯᠢᠬᠤ ᠵᠠᠪ ᠦᠬᠡᠢ ᠲᠠᠪᠬᠢᠭᠰᠠᠨ ᠶᠤᠮ᠃ ᠲᠡᠷᠨ ᠲᠦᠪᠬᠢᠨᠡᠬᠦᠯᠬᠦ ᠭᠠᠵᠠᠷ᠎ᠤᠨ ᠮᠠᠢ᠌ᠬᠠᠨ᠎ᠳᠤ ᠤᠷᠤᠬᠤ᠎ᠳᠤ ᠡᠳᠤᠷ᠎ᠤᠨ ᠬᠠᠯᠠᠭᠤᠨ᠎ᠳᠤ ᠠᠮᠢᠰᠬᠤᠭ᠎ᠠ ᠠᠪᠬᠤ ᠵᠢᠨ ᠠᠷᠭ᠎ᠠ ᠦᠬᠡᠢ ᠪᠠᠢ᠌ᠬᠤ ᠵᠢ ᠦᠵᠡᠬᠡᠳ ᠠᠵᠢᠯᠳᠠᠳ ᠵᠶ᠋ᠡᠷ ᠠᠭ᠋ᠠᠷ᠎ᠤᠨ ᠲᠤᠯᠠᠭ᠋ᠠᠨ᠎ᠢ ᠬᠡᠮᠵᠢᠬᠦᠯᠦᠬᠡᠳ᠂ ᠲᠡᠷᠨ ᠲᠠᠷᠤᠢ᠎ᠳᠤ᠎ᠨᠢ ᠰᠢᠨ᠎ᠡ᠎ᠪᠠᠷ ᠲᠦᠪᠬᠢᠨᠡᠬᠦᠯᠬᠦ ᠲᠦᠰᠤᠯ ᠲᠦᠯᠦᠪᠯᠡᠨ᠂ ᠨᠡᠢ᠌ᠳᠡ ᠵᠢᠨ ᠬᠡᠷ ᠪᠠᠢ᠌ᠰᠢᠡᠭ ᠡᠷᠢᠨ ᠰᠤᠷᠠᠵᠤ᠂   ᠰᠤᠯᠨ ᠪᠠᠢ᠌ᠭ᠎ᠠ ᠰᠤᠷᠭ᠋ᠠᠭᠤᠯᠢ ᠵᠢᠨ ᠬᠡᠷ ᠪᠠᠢ᠌ᠰᠢᠡᠭ᠎ᠳᠤ ᠰᠢᠯᠵᠢᠬᠦᠯᠬᠦ᠎ᠪᠠᠷ ᠲᠤᠬᠢᠷᠠᠭᠤᠯᠤᠬᠰᠠᠨ ᠪᠠᠢ᠌ᠨ᠎ᠠ᠃ ᠦᠳᠡ ᠵᠢᠨ ᠬᠤᠢ᠌ᠨ᠎ᠠ ᠵᠢᠨ ᠭᠤᠷᠪᠠᠨ ᠴᠠᠭ ᠪᠤᠯᠤᠭ᠋ᠠᠳ ᠰᠢᠨ᠎ᠡ ᠲᠦᠪᠬᠢᠨᠡᠬᠦᠯᠬᠦ ᠭᠠᠵᠠᠷ ᠤᠷᠤ᠎ᠲᠠᠢ ᠪᠤᠯᠤᠬᠰᠠᠨ ᠵᠶ᠋ᠡᠷ ᠬᠦᠯᠤᠰᠤᠨ᠎ᠳᠤ᠎ᠪᠠᠨ ᠲᠡᠪᠳᠤᠦᠭᠰᠡᠨ ᠲᠡᠷᠨ᠎ᠪᠠᠷ ᠲᠠᠷᠠᠭ᠋ᠠᠴᠢ ᠵᠢᠨ ᠦᠷᠳᠡᠬᠡ ᠤᠷᠤᠭᠤ ᠰᠡᠡᠭᠳᠡ ᠮᠡᠡᠭᠳᠡ ᠶᠠᠪᠤᠵᠠᠢ᠃  
        ᠤᠢ᠌ᠯᠠᠭ᠋ᠠᠬᠰᠠᠨᠨ   ᠵᠶ᠋ᠡᠷ ᠲᠤᠬᠠᠢ ᠵᠢᠨ ᠵᠢᠯ ᠯᠢ ᠬᠤᠡᠭ ᠲᠨ ᠵᠢᠨ ᠠᠪᠤ᠎ᠨᠢ ᠯᠢ ᠪᠤᠤ ᠬᠤᠸᠨ ᠠᠨᠾᠦ᠋ᠢ ᠮᠤᠵᠢ᠎ᠳᠤ ᠠᠵᠢᠯᠯᠠᠵᠤ ᠪᠠᠢ᠌ᠬᠤ᠎ᠳᠤ᠎ᠪᠠᠨ ᠡᠮᠤᠰᠴᠤ ᠵᠡᠬᠦᠬᠦ᠎ᠨᠢ ᠪᠤᠷᠤᠭᠵᠢᠭᠤᠨ ᠪᠦᠬᠡᠳ ᠬᠦᠳᠡᠬᠡ ᠪᠠᠭᠤᠵᠤ ᠦᠢ᠍ᠯᠡᠳᠪᠤᠷᠢ ᠠᠭᠤᠷᠬᠠᠢ᠎ᠪᠠᠷ ᠤᠴᠢᠬᠤ᠎ᠳᠤ᠎ᠪᠠᠨ ᠲᠡᠷᠬᠡ ᠤᠨᠤᠭ᠎ᠠ ᠴᠤᠪᠤᠭᠤᠯᠵᠤ ᠯᠠᠷᠵᠢᠶ᠎ᠠ ᠲᠠᠳᠠᠳᠠᠭ ᠦᠬᠡᠢ᠎ᠳᠤ᠎ᠨᠢ ᠤᠯᠠᠨ ᠲᠦᠮᠡᠨ᠎ᠳᠤ 《ᠨᠢᠭᠤᠴᠨ᠎ᠪᠠᠷ ᠪᠠᠢ᠌ᠴᠠᠭ᠋ᠠᠬ᠍ᠴᠢ》   ᠲᠠᠭᠤᠳᠠᠳᠠᠭ ᠴᠦ᠍ ᠪᠠᠢ᠌ᠯ᠎ᠠ᠃
        ᠯᠢ ᠬᠤᠡᠭ ᠲᠨ ᠡᠨᠡ ᠨᠦᠯᠦᠬᠡ ᠵᠢ ᠬᠦᠨ᠎ᠡ ᠠᠪᠴᠠᠢ᠂ ᠲᠡᠷᠨ ᠠᠵᠢᠯ᠎ᠳᠤ᠎ᠪᠠᠨ ᠦᠨᠡᠨ᠎ᠠᠴᠠ ᠵᠦᠪ᠎ᠢ ᠡᠷᠢᠯᠬᠢᠯᠡᠵᠤ᠂   ᠬᠡᠯᠪᠡᠷᠢᠴᠢ ᠦᠵᠡᠯ᠎ᠢ ᠬᠦᠬᠡᠬᠡᠴᠡᠯᠳᠤᠬᠦ ᠦᠬᠡᠢ᠂ ᠰᠦᠷ ᠶᠠᠡᠭᠪᠠ ᠲᠠᠳᠠᠳᠠᠭ ᠦᠬᠡᠢ᠃ ᠲᠡᠬᠦᠨ᠎ᠤ 《ᠡᠰᠡᠷᠬᠦ ᠴᠢᠭᠯᠡᠯ ᠵᠶ᠋ᠡᠷ ᠠᠵᠢᠯᠯᠠᠬᠤ ᠠᠷᠭ᠎ᠠ》 ᠵᠢ ᠮᠡᠳᠡᠬᠦ ᠦᠬᠡᠢ ᠬᠦᠮᠦᠨ ᠦᠬᠡᠢ ᠶᠤᠮ᠃ ᠬᠦᠳᠡᠬᠡ ᠪᠠᠭᠤᠬᠤ᠎ᠳᠤ᠎ᠪᠠᠨ ᠤᠬᠳᠤᠭᠤᠯᠵᠤ ᠬᠦᠷᠬᠡᠯᠬᠡᠬᠦ ᠴᠦ᠍ ᠦᠬᠡᠢ᠂ ᠵᠢᠯᠤᠭᠤᠴᠢ᠎ᠳᠤ᠎ᠪᠠᠨ 《ᠲᠡᠳᠡᠨ᠎ᠢ ᠲᠠᠭ᠋ᠠᠵᠤ ᠲᠡᠢ᠌ᠯᠬᠦ ᠦᠬᠡᠢ ᠭᠠᠵᠠᠷ ᠤᠷᠤᠭᠤ ᠲᠠᠪᠬᠢᠭᠤᠯ》 ᠬᠡᠴᠢᠬᠡᠬᠡᠳ᠂ ᠮᠠᠰᠢᠨ ᠵᠶ᠋ᠡᠨ ᠠᠭᠤᠯᠠᠨ ᠭᠤᠤ᠎ᠳᠤ ᠬᠠᠶᠠᠵᠤ᠂ ᠶᠠᠪᠠᠭ᠋ᠠᠨ ᠵᠶ᠋ᠡᠷ ᠲᠤᠰᠬᠤᠨ᠎ᠳᠤ ᠤᠷᠤᠵᠤ ᠠᠢ᠌ᠯ ᠡᠷᠤᠬᠡ᠎ᠳᠤ ᠬᠦᠷᠴᠤ ᠪᠠᠢ᠌ᠳᠠᠯ᠎ᠢ ᠤᠢ᠌ᠯᠠᠭ᠋ᠠᠬᠰᠠᠨ᠎ᠤ ᠲᠠᠷᠠᠭ᠎ᠠ ᠰᠠᠶᠢ ᠰᠢᠶᠠᠡᠭ ᠪᠠᠯᠭ᠋ᠠᠰᠤ᠂ ᠬᠤᠰᠢᠭᠤ ᠬᠤᠳᠠ᠎ᠳᠤ ᠢᠷᠡᠵᠤ ᠰᠠᠭᠤᠳᠠᠯ᠎ᠤᠨ ᠬᠤᠷᠠᠯ ᠬᠢᠳᠡᠭ᠃ ᠡᠢ᠌ᠮᠤᠷᠬᠦᠤ ᠪᠠᠢ᠌ᠳᠠᠯ ᠲᠤᠤᠷ᠎ᠠ ᠡᠯ᠎ᠡ ᠱᠠᠳᠤᠨ᠎ᠤ ᠠᠷᠠᠳ᠎ᠤᠨ ᠶᠠᠪᠤᠳᠠᠯ᠎ᠤᠨ ᠰᠠᠯᠠᠭ᠎ᠠ ᠮᠦᠴᠢᠷ᠎ᠤᠨ᠎ᠬᠢᠨ ᠲᠡᠬᠦᠨ᠎ᠳᠤ ᠬᠠᠷᠢᠭᠤ ᠮᠡᠳᠡᠬᠦᠯᠬᠦ᠎ᠳᠤ᠎ᠪᠠᠨ ᠶᠠᠭᠤ ᠪᠠᠢ᠌ᠪᠠᠯ ᠶᠠᠭᠤ᠎ᠪᠠᠨ ᠲᠤᠰᠢᠶᠠᠵᠤ᠂ ᠬᠤᠳᠠᠯ ᠬᠠᠭᠤᠷᠮᠠᠭ ᠶᠠᠷᠢᠵᠤ ᠴᠢᠳᠠᠳᠠᠭ ᠦᠬᠡᠢ ᠪᠢᠯᠨ᠃
        ᠲᠡᠷᠨ ᠪᠠᠢ᠌ᠴᠠᠭ᠋ᠠᠨ ᠰᠣᠳᠤᠯᠤᠬᠰᠠᠨ ᠲᠤᠷᠰᠢᠯᠭ᠎ᠠ᠎ᠪᠠᠨ᠄ 《ᠲᠡᠰ ᠲᠡᠰ ᠵᠶ᠋ᠡᠷ ᠪᠠᠷ᠎ᠠ ᠪᠤᠯᠬᠤ᠎ᠪᠠᠷ᠎ᠨᠢ ᠰᠡᠳᠬᠢᠯ ᠲᠠᠯᠪᠢᠨ ᠬᠢᠭᠰᠡᠨ 〈ᠵᠤᠬᠢᠶᠠᠮᠠᠯ ᠦᠵᠡᠮᠵᠢ〉 ᠵᠢ ᠯᠨ ᠤᠯᠵᠤ ᠬᠠᠷᠡᠠᠳᠠᠭ᠂ ᠵᠠᠰᠠᠮᠠᠯ ᠵᠠᠮ᠎ᠠᠴᠠ ᠰᠠᠯᠪᠠᠯ ᠰᠠᠶᠢ ᠬᠠᠮᠤᠭ᠎ᠤᠨ ᠦᠨᠡᠨ ᠪᠠᠢ᠌ᠳᠠᠯ᠎ᠢ ᠤᠢ᠌ᠯᠠᠭ᠋ᠠᠵᠤ ᠴᠢᠳᠠᠨ᠎ᠠ》 ᠭᠡᠵᠤ ᠶᠦᠮᠦᠷᠯᠢᠭ ᠳ᠋ᠦᠡᠭᠨᠡᠭᠰᠡᠨ ᠶᠤᠮ᠃ ᠬᠦᠴᠢᠷᠳᠡᠯᠳᠡᠢ ᠤᠯᠠᠨ ᠲᠦᠮᠡᠨ᠎ᠤ ᠬᠡᠷ᠎ᠲᠤ ᠬᠦᠷᠪᠡᠯ ᠲᠡᠷᠨ ᠲᠤᠭᠤᠭ᠋ᠠᠨ᠎ᠤ ᠬᠠᠪᠬᠠᠭ᠋ᠠᠰᠤ ᠵᠢ᠎ᠨᠢ ᠰᠡᠬᠦᠵᠤ᠂ ᠪᠤᠳᠠᠭ᠋ᠠᠨ᠎ᠤ ᠪᠤᠳᠤᠡᠭ᠎ᠢ ᠱᠠᠭ᠋ᠠᠢ᠌ᠨ᠂ ᠬᠠᠳᠠᠭ᠋ᠠᠯᠠᠮᠵᠢ ᠵᠢᠨ ᠲᠡᠪᠳᠡᠷ᠎ᠢ᠎ᠨᠢ ᠦᠵᠡᠵᠤ᠂ ᠲᠦᠷᠤ ᠵᠢᠨ ᠪᠤᠳᠤᠯᠭ᠎ᠠ ᠵᠢ ᠨᠠᠢ᠌ᠳᠠᠪᠤᠷᠢᠵᠢᠭᠤᠯᠵᠤ ᠪᠠᠢ᠌ᠭ᠎ᠠ ᠪᠠᠢ᠌ᠳᠠᠯ ᠪᠠ ᠲᠤᠰᠠᠯᠠᠮᠵᠢ ᠵᠢᠨ ᠪᠡᠯᠨ ᠮᠦᠡᠭᠭᠦ ᠵᠢ ᠦᠭᠭᠦᠭᠰᠡᠨ ᠡᠰᠡᠬᠦ ᠵᠢ ᠨᠠᠷᠢᠯᠢᠭ ᠤᠢ᠌ᠯᠠᠭ᠋ᠠᠳᠠᠭ᠂ ᠬᠡᠷᠪᠡ ᠨᠠᠢ᠌ᠳᠠᠪᠤᠷᠢᠵᠢᠭᠤᠯᠤᠬᠰᠠᠨ ᠦᠬᠡᠢ ᠪᠠᠢ᠌ᠳᠠᠯ ᠲᠤᠬᠢᠶᠠᠯᠳᠤᠪᠠᠯ   ᠲᠤᠬᠠᠢ ᠵᠢᠨ ᠭᠠᠵᠠᠷ᠎ᠤᠨ ᠠᠷᠠᠳ᠎ᠤᠨ ᠶᠠᠪᠤᠳᠠᠯ᠎ᠤᠨ ᠰᠠᠯᠠᠭ᠎ᠠ ᠮᠦᠴᠢᠷ ᠤᠷᠤᠭᠤ ᠪᠠᠷᠢᠨ ᠤᠳᠠᠰᠤᠳᠠᠵᠤ ᠬᠦᠴᠢᠷᠳᠡᠯ᠎ᠢ᠎ᠨᠢ ᠲᠡᠷᠨ ᠲᠠᠷᠤᠢ ᠰᠢᠢ᠍ᠳᠪᠤᠷᠢᠯᠡᠳᠡᠭ ᠪᠠᠢ᠌ᠯ᠎ᠠ᠃
        ᠠᠨᠾᠦ᠋ᠢ ᠮᠤᠵᠢ ᠵᠢᠨ ᠤᠯᠤᠰ ᠲᠦᠷᠤ ᠵᠢᠨ ᠵᠦᠪᠯᠡᠯᠬᠡᠨ᠎ᠤ ᠲᠡᠳ᠋ ᠲᠡᠷᠢᠬᠦᠯᠡᠭᠴᠢ ᠪᠤᠯᠤᠬᠰᠠᠨ᠎ᠤ᠎ᠪᠠᠨ ᠲᠠᠷᠠᠭ᠎ᠠ ᠯᠢ ᠬᠤᠡᠭ ᠲᠨ ᠪᠠᠢ᠌ᠭᠤᠯᠭ᠎ᠠ ᠵᠢᠨ   ᠵᠶ᠋ᠡᠨ ᠶᠠᠳᠠᠭᠤ ᠵᠢ ᠲᠡᠳᠬᠦᠬᠦ ᠠᠵᠢᠯ᠎ᠢ ᠤᠷᠳᠤ ᠬᠤᠭᠤᠴᠠᠭ᠎ᠠ᠎ᠪᠠᠷ ᠬᠤᠪᠢᠳᠠᠨ ᠬᠠᠮᠢᠶᠠᠷᠪᠠ᠃ ᠬᠠᠮᠳᠤ ᠠᠵᠢᠯᠯᠠᠬᠰᠠᠳ᠎ᠤᠨ᠎ᠬᠢ᠎ᠨᠢ ᠲᠤᠰᠬᠠᠬᠰᠨᠨ ᠵᠶ᠋ᠡᠷ ᠯᠢ ᠬᠤᠡᠭ ᠲᠨ ᠵᠢᠨ ᠲᠠᠭ᠋ᠠᠭᠤᠯᠤᠬᠰᠠᠨ ᠪᠠᠢ᠌ᠴᠠᠭ᠋ᠠᠨ ᠰᠤᠳᠤᠯᠤᠯᠳᠠ ᠵᠢᠨ ᠪᠠᠭ ᠴᠠᠭ᠎ᠤᠨ ᠲᠤᠬᠢᠷᠠᠭᠤᠯᠤᠯᠳᠠ᠎ᠨᠢ ᠴᠢᠡᠭᠭ᠎ᠠ᠂ ᠠᠵᠢᠯ᠎ᠤᠨ ᠠᠢ᠌ᠵᠠᠮ᠎ᠨᠢ ᠲᠦᠷᠬᠡᠨ ᠪᠦᠬᠡᠳ 《ᠮᠠᠭᠤ ᠵᠢ᠎ᠨᠢ ᠡᠷᠢᠵᠤ》᠂ 《ᠮᠤᠰᠢᠭ᠋ᠠᠢ ᠵᠢ᠎ᠨᠢ ᠢᠯᠡᠴᠢᠯᠡᠬᠦ》 ᠲᠤᠠᠷᠠᠳᠠᠢ ᠪᠠᠢ᠌ᠵᠤ᠂ ᠬᠠᠮᠢᠭ᠎ᠠ᠎ᠨᠢ ᠨᠦᠬᠦᠴᠡᠯ᠎ᠨᠢ ᠮᠠᠭᠤ ᠪᠤᠯ ᠲᠡᠢ᠌ᠰᠢ᠎ᠪᠠᠨ ᠤᠴᠢᠳᠠᠭ ᠬᠡᠨ᠎ᠡ᠃
          ᠬᠦᠳᠡᠬᠡ ᠲᠤᠰᠬᠤᠨ᠎ᠤ ᠪᠠᠢ᠌ᠷᠢ ᠵᠢᠨ ᠬᠡᠷ᠎ᠲᠠᠢ ᠰᠤᠷᠭ᠋ᠠᠭᠤᠯᠢ᠂ ᠬᠤᠳᠠ ᠵᠢᠨ ᠲᠡᠬᠦᠷᠬᠡ ᠵᠢᠨ ᠨᠠᠰᠤᠳᠠᠨ᠎ᠢ ᠠᠰᠠᠷᠠᠬᠤ ᠬᠦᠷᠢᠶᠡᠯᠡᠡᠭ᠂ ᠬᠤᠳᠠ ᠵᠢᠨ ᠬᠠᠭᠤᠴᠢᠨ ᠰᠠᠭᠤᠭ᠋ᠠᠯᠢ ᠲᠤᠭᠤᠷᠢᠭ ᠵᠡᠷᠬᠡ᠎ᠨᠢ ᠠᠶᠠᠨᠳᠠᠭ᠋ᠠᠨ ᠲᠡᠬᠦᠨ᠎ᠤ ᠠᠡᠭᠬᠠᠷᠤᠯ᠎ᠤᠨ ᠴᠡᠭ ᠪᠤᠯᠵᠠᠢ᠃ ᠤᠷᠳᠤ ᠬᠤᠭᠤᠴᠠᠭ᠎ᠠ᠎ᠪᠠᠷ ᠬᠦᠨᠵᠡᠬᠡᠢ ᠰᠤᠳᠤᠯᠤᠨ ᠪᠠᠢ᠌ᠴᠠᠭ᠋ᠠᠬᠰᠠᠠ᠎ᠤ ᠰᠠᠭᠤᠷᠢᠨ ᠲᠡᠬᠡᠷ᠎ᠡ ᠯᠢ ᠬᠤᠡᠭ ᠲᠨ ᠤᠷᠢᠳ ᠬᠤᠵᠢᠳ ᠪᠦᠬᠦ ᠤᠯᠤᠰ᠎ᠤᠨ ᠬᠤᠶᠠᠷ ᠬᠤᠷᠠᠯ ᠲᠡᠬᠡᠷ᠎ᠡ 《  ᠬᠤᠳᠠ ᠬᠦᠳᠡᠬᠡ ᠵᠢ ᠨᠢᠬᠡ ᠴᠤᠬ᠍ᠴᠠᠵᠢᠭᠤᠯᠤᠬᠰᠠᠨ ᠶᠡᠷᠤᠡᠭᠭᠡᠢ᠌ᠯᠡᠭᠰᠡᠨ ᠲᠦᠬᠦᠷᠵᠢᠯᠳᠡ ᠵᠢᠨ ᠦᠬᠡᠷᠡᠴᠢᠯᠡᠯᠳᠡ》᠂ 《ᠤᠨᠤᠪᠴᠢᠳᠠᠢ᠎ᠪᠠᠷ ᠶᠠᠳᠠᠭᠤ ᠵᠢ ᠲᠡᠳᠬᠦᠬᠦ ᠲᠦᠷᠢᠮᠵᠢᠭᠰᠡᠨ ᠪᠠᠳᠤᠯᠠᠭ᠎ᠠ》᠂ 《ᠬᠦᠮᠦᠨ ᠠᠮᠨ ᠵᠢᠨ ᠨᠠᠰᠤᠵᠢᠬᠤ ᠵᠢ ᠠᠷᠭ᠋ᠠᠴᠠᠭ᠋ᠠᠬᠤ》᠂ 《ᠬᠦᠳᠡᠬᠡ ᠲᠤᠰᠬᠤᠨ᠎ᠤ ᠬᠡᠷ᠎ᠲᠤ᠎ᠪᠠᠨ ᠬᠤᠴᠤᠷᠤᠬᠰᠠᠨ ᠬᠡᠤᠬᠡᠳ᠎ᠢ ᠬᠠᠯᠠᠮᠵᠢᠯᠠᠬᠤ》 ᠵᠡᠷᠬᠡ ᠠᠵᠢᠯ᠎ᠤᠨ ᠲᠤᠭᠤᠷᠢᠨ᠎ᠳᠤ ᠤᠯᠠᠨ ᠤᠯᠠᠨ ᠰᠠᠨᠠᠯ ᠲᠤᠷᠠᠳᠤᠯᠭ᠎ᠠ᠎ᠪᠠᠨ ᠲᠡᠪᠰᠢᠬᠦᠯᠤᠨ᠂ ᠨᠡᠢ᠌ᠬᠡᠮ᠎ᠤᠨ ᠬᠦᠭᠵᠢᠯᠳᠡ ᠪᠠ ᠠᠷᠠᠳ᠎ᠤᠨ ᠠᠮᠢᠳᠤᠷᠠᠯ᠎ᠤᠨ ᠰᠠᠢ᠌ᠵᠢᠷᠠᠯᠳᠠ᠎ᠳᠤ ᠢᠳᠡᠪᠬᠢᠳᠡᠢ᠎ᠪᠠᠷ ᠰᠠᠨᠠᠯ ᠰᠠᠨᠠᠭᠤᠯᠭ᠎ᠠ᠂ ᠠᠷᠬ᠎ᠠ ᠪᠤᠳᠤᠯᠭ᠎ᠠ᠎ᠪᠠᠨ ᠡᠷᠬᠦᠭᠰᠡᠨ ᠪᠠᠢ᠌ᠨ᠎ᠠ᠃
          ᠨᠠᠮ ᠪᠠᠢ᠌ᠭᠤᠯᠤᠬᠳᠠᠬᠰᠠᠨ ᠡᠬᠢᠨ᠎ᠤ ᠬᠤᠭᠤᠴᠠᠭ᠋ᠠᠨ᠎ᠳᠤ ᠯᠢ ᠳ᠋ᠠ ᠵᠤᠤ ᠫᠷᠤᠹᠸᠰᠰᠤᠷ ᠴᠠᠯᠢᠡᠭ᠎ᠤᠨ ᠵᠶ᠋ᠡᠨ ᠭᠤᠤᠯ᠎ᠢ᠎ᠨᠢ ᠬᠤᠪᠢᠰᠬᠠᠯ᠎ᠤᠨ ᠬᠦᠳᠡᠯᠬᠡᠬᠡᠨ᠎ᠳᠤ ᠵᠤᠷᠢᠭᠤᠯᠵᠤ᠂ ᠬᠦᠴᠢᠷᠳᠡᠯᠳᠡᠢ ᠰᠤᠷᠤᠬ᠍ᠴᠢ ᠵᠢᠨ ᠲᠡᠮᠵᠢᠳᠡᠭ᠎ᠨᠢ ᠬᠡᠷ ᠪᠦᠯᠢ᠎ᠨᠢ ᠬᠤᠨᠤᠭ ᠲᠠᠰᠤᠷᠠᠬᠤ᠎ᠳᠤ ᠬᠦᠷᠳᠡᠭ ᠤᠳᠠᠭ᠎ᠠ᠎ᠲᠠᠢ᠃ ᠯᠢ ᠪᠤᠤ ᠬᠤᠸᠨ ᠴᠦ᠍ ᠡᠢ᠌ᠮᠤ᠂ ᠬᠠᠳᠠᠭᠤᠵᠢᠯᠳᠠᠢ ᠪᠤᠷᠤᠬ᠍ᠵᠢᠭᠤᠨ ᠠᠮᠢᠳᠤᠷᠠᠬᠰᠠᠭ᠋ᠠᠷ ᠢᠷᠡᠭᠰᠡᠨ ᠪᠦᠬᠡᠳ ᠦᠷ᠎ᠡ ᠬᠡᠤᠬᠡᠳ᠎ᠲᠤ᠎ᠪᠠᠨ ᠪᠠᠢ᠌ᠡᠭᠭᠤ᠄ 《ᠬᠠᠯᠨ ᠠᠮᠰᠠᠵᠤ ᠬᠠᠯᠠᠭᠤᠨ ᠴᠢᠯᠠᠭᠤ ᠲᠤᠯᠢᠶᠠᠬᠤ ᠦᠬᠡᠢ ᠪᠤᠯ ᠬᠦᠮᠤᠨ ᠪᠤᠯᠵᠤ ᠴᠢᠳᠠᠬᠤ ᠦᠬᠡᠢ》 ᠭᠡᠵᠤ ᠰᠤᠷᠭ᠋ᠠᠳᠠᠭ᠃
          ᠯᠢ   ᠬᠤᠡᠭ ᠲᠨ ᠡᠨᠡ ᠬᠦ᠌ ᠠᠷᠢᠭᠤᠨ ᠴᠢᠭᠴᠢ ᠡᠬᠡᠯ ᠪᠤᠷᠤᠬ᠍ᠵᠢᠭᠤᠨ ᠬᠡᠷ᠎ᠤᠨ ᠰᠤᠷᠳᠠᠯ᠎ᠢ᠎ᠨᠢ ᠵᠠᠯᠭ᠋ᠠᠮᠵᠢᠯᠠᠵᠠᠢ᠂ ᠲᠡᠬᠦᠨ᠎ᠤ ᠲᠡᠷᠬᠡ ᠤᠨᠤᠭ᠎ᠠ᠂ ᠬᠡᠷ ᠪᠠᠢ᠌ᠰᠢᠡᠭ᠎ᠨᠢ ᠬᠠᠮᠳᠤ ᠠᠵᠢᠯᠯᠯᠠᠬᠰᠠᠳ᠎ᠤᠨ ᠬᠢᠨᠢ ᠠᠮᠳᠠᠷᠬᠠᠨ ᠬᠡᠯᠡᠯᠴᠡᠬᠦ ᠵᠤᠭᠤᠭ᠎ᠤᠨ ᠰᠡᠳᠤᠪ ᠪᠤᠯᠳᠠᠭ ᠪᠠᠢ᠌ᠯ᠎ᠠ᠃ ᠲᠡᠷᠨ ᠠᠨᠾᠦ᠋ᠢ ᠮᠤᠵᠢ ᠵᠢᠨ ᠠᠷᠠᠳ᠎ᠤᠨ ᠶᠠᠪᠤᠳᠠᠯ᠎ᠤᠨ ᠲᠢᠡᠭᠭᠢᠮ᠎ᠤᠨ ᠲᠠᠷᠤᠭ᠎ᠠ ᠵᠢᠨ ᠲᠤᠰᠢᠶᠠᠯ᠎ᠳᠤ ᠪᠠᠢ᠌ᠬᠤ᠎ᠳᠤ᠎ᠪᠠᠨ 50 ᠰᠢᠬᠠᠮ ᠺᠦᠸᠠᠳ᠋ ᠮᠸᠲᠷ᠎ᠤᠨ ᠲᠠᠪᠢᠯᠭ᠎ᠠ᠎ᠨᠢ ᠬᠠᠭᠤᠴᠢᠨ ᠬᠤᠶᠠᠷ ᠲᠠᠰᠤᠯᠭ᠎ᠠ᠎ᠲᠠᠢ ᠦᠷᠤᠬᠡᠨ᠎ᠳᠤ ᠰᠠᠭᠤᠳᠠᠭ᠂ ᠲᠡᠷᠨ ᠬᠡᠷ ᠬᠤᠪᠢᠶᠠᠬᠤ ᠬᠤᠷᠠᠯ᠎ᠢ ᠲᠦᠷᠪᠡᠨᠳᠡ ᠡᠷᠬᠢᠯᠡᠵᠤ᠂ 200 ᠰᠢᠬᠠᠮ ᠪᠠᠢ᠌ᠰᠢᠡᠭ ᠬᠤᠪᠢᠶᠠᠵᠤ ᠦᠡᠭᠭᠡᠷᠡᠭᠰᠡᠨ ᠪᠤᠯᠪᠠᠴᠤ ᠦᠪᠡᠷ ᠵᠶ᠋ᠡᠨ ᠨᠢᠬᠡ ᠵᠢ ᠴᠦ᠍ ᠠᠪᠤᠭ᠎ᠠ ᠦᠬᠡᠢ᠃ ᠲᠡᠬᠦᠨ᠎ᠤ ᠬᠦᠯ ᠵᠠᠯᠭ᠋ᠠᠬᠤ ᠤᠨᠤᠭ᠎ᠠ᠎ᠨᠢ ᠡᠬᠢᠯᠡᠬᠡᠳ ᠲᠤᠭᠤᠢ ᠲᠡᠷᠬᠡ᠂ ᠲᠡᠬᠦᠨ᠎ᠢ᠎ᠪᠠᠨ ᠠᠷᠪᠠᠨ ᠬᠡᠳᠤᠨ ᠵᠢᠯ ᠤᠨᠤᠭ᠋ᠠᠳ ᠰᠡᠬᠦᠯᠡᠷ᠎ᠨᠢ ᠰᠠᠶᠢ 《ᠴᠠᠭ ᠦᠶ᠎ᠡ᠎ᠲᠠᠢ ᠮᠦᠷᠤ ᠵᠡᠷᠬᠡᠴᠡᠨ》 ᠴᠠᠬᠢᠯᠭ᠋ᠠᠨ ᠲᠤᠭᠤᠢ᠎ᠪᠠᠷ ᠰᠤᠯᠢᠬᠰᠠᠨ ᠪᠢᠯᠨ᠃ ᠲᠤᠬᠠᠢ ᠵᠢᠨ ᠦᠶ᠎ᠡ᠎ᠳᠤ ᠲᠢᠡᠭᠭᠢᠮ᠎ᠠᠴᠠ ᠮᠡᠯᠡᠬᠡᠢ ᠲᠡᠷᠬᠡ ᠲᠤᠬᠢᠷᠠᠭᠤᠯᠵᠤ ᠲᠤᠰᠴᠤ ᠬᠦᠷᠬᠡᠶ᠎ᠡ ᠬᠡᠰᠡᠨ᠎ᠳᠤ ᠲᠡᠷᠨ ᠡᠷᠡᠰ ᠲᠡᠪᠴᠢᠵᠤ᠄ 《ᠲᠤᠭᠤᠢ᠎ᠪᠠᠨ ᠤᠨᠤᠪᠠᠯ ᠲᠦᠬᠦᠮ ᠶᠤᠮ ᠡ》 ᠬᠡᠰᠡᠨ ᠠᠵᠢ᠃
        ᠯᠢ ᠬᠤᠡᠭ ᠲᠨ᠄ 《ᠮᠠᠨ᠎ᠤ᠎ᠬᠢ ᠬᠡᠳᠤᠢ᠎ᠪᠠᠷ ᠠᠷᠪᠢᠯᠠᠨ ᠭᠠᠮᠨᠠᠭᠰᠠᠬᠠᠷ ᠢᠷᠡᠭᠰᠡᠨ ᠪᠤᠯᠪᠠᠴᠤ ᠲᠡᠮᠡᠢ ᠴᠦ᠍ ᠬᠠᠳᠠᠭ᠋ᠠᠯᠠᠮᠵᠢ ᠦᠬᠡᠢ ᠰᠢᠤ》 ᠭᠡᠵᠤ ᠰᠢᠭᠤᠳ ᠰᠢᠯᠤᠭᠤᠨ ᠬᠡᠯᠡᠵᠤ ᠦᠡᠭᠭᠡᠷᠡᠭᠰᠡᠨ ᠶᠤᠮ᠃ ᠦᠨᠡᠨ᠎ᠳᠤ᠎ᠪᠠᠨ ᠠᠷᠠᠳ᠎ᠤᠨ ᠶᠠᠪᠤᠳᠠᠯ᠎ᠤᠨ ᠪᠠᠢ᠌ᠭᠤᠯᠭ᠎ᠠ ᠵᠢᠨ ᠴᠦᠬᠡᠨ ᠪᠤᠰᠤ ᠬᠠᠮᠳᠤ ᠠᠵᠢᠯᠯᠠᠬᠰᠠᠳ᠎ᠨᠢ ᠴᠦᠮ ᠲᠤᠳᠤᠷ᠎ᠠ᠎ᠪᠠᠨ ᠲᠤᠭ᠎ᠠ᠎ᠲᠠᠢ ᠶᠤᠮ᠂ ᠵᠢᠯ ᠪᠤᠯᠭ᠋ᠠᠨ 《ᠬᠠᠯᠠᠭᠤᠨ ᠲᠤᠯᠠᠭ᠋ᠠᠨ᠎ᠢ ᠬᠦᠷᠬᠡᠬᠦ》᠂ 《ᠬᠠᠢ᠌ᠷ᠎ᠠ ᠬᠠᠯᠠᠮᠵᠢ ᠬᠦᠷᠬᠡᠬᠦ》 ᠨᠡᠷᠡᠰ᠎ᠤᠨ ᠲᠤᠳᠤᠷ᠎ᠠ ᠲᠡᠬᠦᠨ᠎ᠤ ᠨᠡᠷ᠎ᠡ ᠶᠡᠷᠤ᠎ᠨᠢ ᠬᠠᠮᠤᠭ᠎ᠤᠨ ᠡᠮᠦᠨ᠎ᠡ᠎ᠨᠢ ᠵᠢᠬᠰᠠᠭ᠋ᠠᠬᠳᠠᠳᠠᠭ᠃ ᠬᠦᠳᠡᠬᠡ ᠲᠤᠰᠬᠤᠨ᠎ᠳᠤ ᠰᠤᠳᠤᠯᠤᠨ ᠪᠠᠢ᠌ᠴᠠᠭ᠋ᠠᠭ᠋ᠠᠳ ᠬᠦᠴᠢᠷᠳᠡᠯᠳᠡᠢ ᠤᠯᠠᠨ ᠲᠦᠮᠡᠨ᠎ᠲᠠᠢ ᠬᠠᠷᠭᠤᠪᠠᠯ ᠲᠡᠷᠨ ᠡᠪᠤᠬᠡ ᠡᠴᠢᠬᠡ ᠯᠢ ᠳ᠋ᠠ ᠵᠤᠤ ᠵᠢᠨ ᠵᠶ᠋ᠡᠨ ᠶᠠᠳᠠᠭᠤ ᠵᠦᠳᠡᠬᠦᠤ ᠬᠦᠮᠦᠰ᠎ᠢ ᠲᠤᠰᠠᠯᠠᠨ ᠲᠡᠮᠵᠢᠳᠡᠭ᠎ᠢ᠎ᠨᠢ ᠰᠠᠨᠠᠵᠤ᠂ ᠦᠪᠡᠷ᠎ᠤᠨ ᠡᠷᠬᠡ ᠦᠬᠡᠢ ᠬᠠᠷᠮᠠᠨ ᠵᠶ᠋ᠡᠨ ᠲᠡᠮᠳᠡᠷᠢᠵᠤ ᠲᠤᠰᠠᠯᠠᠳᠠᠭ ᠪᠦᠬᠡᠳ 《ᠮᠠᠨ᠎ᠤ ᠬᠤᠪᠢ᠎ᠳᠤ ᠬᠠᠪᠰᠤᠷᠬᠤ ᠴᠢᠬᠤᠯᠠᠳᠠᠢ ᠬᠦᠮᠦᠨ᠎ᠢ ᠬᠠᠪᠰᠤᠷᠬᠤ ᠪᠤᠯ ᠲᠤᠢ᠌ᠯ᠎ᠤᠨ ᠶᠡᠬᠡ ᠵᠢᠷᠭ᠋ᠠᠯ ᠶᠤᠮ》 ᠭᠡᠵᠤ ᠬᠡᠯᠡᠳᠡᠭ᠃
      ᠯᠢ   ᠬᠤᠡᠭ ᠲᠨ ᠪᠠᠢ᠌ᠡᠭᠭᠤ 《ᠬᠤᠪᠢᠰᠬᠠᠯᠳᠤ ᠤᠳᠤᠮᠰᠢᠯ᠎ᠢ ᠦᠶ᠎ᠡ ᠵᠢᠨ ᠦᠶ᠎ᠡ᠎ᠳᠤ ᠵᠠᠯᠭ᠋ᠠᠮᠵᠢᠯᠠᠵᠤ᠂ ᠠᠷᠠᠳ ᠲᠦᠮᠡᠨ᠎ᠳᠤ ᠦᠢ᠍ᠯᠡᠴᠢᠯᠡᠬᠦ ᠵᠤᠷᠢᠯᠳᠠ ᠵᠢ ᠪᠠᠷᠢᠮᠳᠠᠯᠠᠨ᠎ᠠ》 ᠬᠡᠳᠡᠭ ᠦᠪᠡᠷ᠎ᠤᠨ ᠪᠢᠴᠢᠭᠰᠡᠨ ᠬᠤᠤᠰ ᠤᠶᠠᠡᠭᠭ᠎ᠠ᠎ᠪᠠᠷ ᠵᠶ᠋ᠡᠨ ᠪᠡᠶ᠎ᠡ᠎ᠪᠠᠨ ᠱᠠᠭ᠋ᠠᠷᠳᠠᠳᠠᠭ ᠪᠦᠬᠡᠳ ᠡᠬᠦᠨ ᠵᠶ᠋ᠡᠷ ᠦᠷ᠎ᠡ ᠬᠡᠤᠬᠡᠳ ᠵᠶ᠋ᠡᠨ ᠰᠤᠷᠭ᠋ᠠᠨ ᠬᠦᠮᠤᠵᠢᠬᠦᠯᠵᠤ᠂ ᠯᠢ ᠳ᠋ᠠ ᠵᠤᠤ ᠵᠢᠨ ᠰᠢᠯᠢᠳᠡᠭ ᠰᠠᠢ᠌ᠬᠠᠨ ᠬᠡᠷ᠎ᠤᠨ ᠰᠤᠷᠳᠠᠯ᠎ᠢ ᠦᠷᠬᠦᠯᠵᠢᠯᠡᠨ ᠵᠠᠯᠭ᠋ᠠᠮᠵᠢᠯᠠᠵᠤ ᠡᠪᠦᠬᠡ ᠲᠡᠭᠡᠳᠤᠰ᠎ᠤᠨ ᠵᠶ᠋ᠡᠨ ᠤᠯᠨ ᠮᠦᠷ ᠵᠶ᠋ᠡᠷ ᠤᠷᠤᠬᠰᠢᠯᠠᠬᠰᠠᠭ᠋ᠠᠷ ᠪᠢᠯᠨ᠃

ᠢᠷᠡᠯᠲᠡ᠄ ᠲᠤᠮᠳᠠᠳᠤ ᠤᠯᠤᠰ᠎ᠤᠨ ᠠᠷᠠᠳ᠎ᠤᠨ ᠶᠠᠪᠤᠳᠠᠯ᠎ᠤᠨ ᠶᠠᠮᠤᠨ᠎ᠤ ᠵᠠᠰᠠᠭ᠎ᠤᠨ ᠶᠠᠪᠤᠳᠯ᠎ᠤᠨ ᠸᠢᠴᠠᠲ ᠲᠠᠪᠴᠠᠡᠭ
          
ᠬᠠᠮᠢᠶ᠎ᠡ ᠪᠦᠬᠦᠢ ᠰᠣᠨᠢᠨ
ᠯᠢ ᠵᠢᠢ ᠾᠸᠡᠭ 《ᠭᠤᠸᠠᠡᠭᠮᠢᠡᠭ ᠡᠳᠤᠷ᠎ᠤᠨ ᠰᠤᠨᠢᠨ》 ᠲᠡᠬᠡᠷ᠎ᠡ 《ᠨᠠᠮ᠎ᠤᠨ ᠲᠡᠤᠬᠡ᠎ᠠᠴᠠ ᠤᠢ ᠤᠬᠠᠭ᠋ᠠᠨ ᠰᠢᠡᠭᠭᠡᠭᠡᠵᠤ᠂ ᠰᠢᠨ᠎ᠡ ᠴᠠᠭ ᠦᠶ᠎ᠡ ᠵᠢᠨ ᠠᠷᠠᠳ᠎ᠤᠨ ᠶᠠᠪᠤᠳᠠᠯ᠎ᠤᠨ ᠦᠢ᠍ᠯᠡᠰ᠎ᠤᠨ ᠬᠦᠭᠵᠢᠯᠳᠡ ᠵᠢᠨ ᠰᠢᠨ᠎ᠡ ᠬᠠᠭᠤᠳᠠᠰᠤ ᠵᠢ ᠪᠢᠴᠢᠭᠯᠡᠰᠤᠬᠡᠢ》 ᠬᠡᠰᠡᠨ ᠨᠡᠷ᠎ᠡ᠎ᠪᠠᠨ ᠬᠠᠳᠠᠬᠰᠠᠨ ᠵᠤᠬᠢᠶᠠᠯ ᠨᠡᠢ᠌ᠳᠡᠯᠡᠪᠡ
ᠦᠪᠤᠷ ᠮᠤᠡᠭᠭᠤᠯ᠎ᠤᠨ ᠬᠤᠪᠢᠰᠬᠠᠯᠳᠤ ᠵᠢᠭᠤᠯᠴᠢᠯᠠᠯ᠎ᠤᠨ ᠭᠤᠷᠪᠠᠨ ᠱᠤᠭᠤᠮ 《ᠨᠠᠮ ᠪᠠᠢ᠌ᠭᠤᠯᠤᠬᠳᠠᠬᠰᠠᠨ ᠵᠠᠭᠤᠨ ᠵᠢᠯ᠎ᠤᠨ ᠵᠢᠭᠤᠯᠴᠢᠯᠠᠯ᠎ᠤᠨ ᠰᠢᠯᠢᠳᠡᠭ ᠱᠤᠭᠤᠮ》᠎ᠳᠤ ᠰᠤᠡᠭᠭᠤᠬᠳᠠᠨ ᠤᠷᠤᠯ᠎ᠠ
(ᠬᠤᠶᠠᠷ) ᠲᠤᠮᠳᠠᠳᠤ ᠵᠢᠨ ᠦᠨᠳᠤᠰᠤᠳᠡᠨ᠎ᠤ ᠦᠷᠡᠭᠳᠡᠭᠰᠡᠨ ᠪᠠᠭ᠋ᠠᠳᠤᠷᠴᠤᠳ᠎ᠤᠨ ᠦᠯᠢᠬᠡᠷ᠎ᠤᠨ ᠴᠤᠬᠯᠠᠭ᠋ᠠᠨ — 《ᠶᠠᠡᠭ ᠵᠢᠡᠭ ᠢᠤᠢ》
(ᠭᠤᠷᠪᠠ) ᠲᠤᠮᠳᠠᠳᠤ ᠵᠢᠨ ᠦᠨᠳᠤᠰᠤᠳᠡᠨ᠎ᠤ ᠦᠷᠡᠭᠳᠡᠭᠰᠡᠨ ᠪᠠᠭ᠋ᠠᠳᠤᠷᠴᠤᠳ᠎ᠤᠨ ᠦᠯᠢᠬᠡᠷ᠎ᠤᠨ ᠴᠤᠬᠯᠠᠭ᠋ᠠᠨ — 《ᠶᠠᠡᠭ ᠵᠢᠡᠭ ᠢᠤᠢ》
(ᠲᠦᠷᠪᠡ) ᠲᠤᠮᠳᠠᠳᠤ ᠵᠢᠨ ᠦᠨᠳᠤᠰᠤᠳᠡᠨ᠎ᠤ ᠦᠷᠡᠭᠳᠡᠭᠰᠡᠨ ᠪᠠᠭ᠋ᠠᠳᠤᠷᠴᠤᠳ᠎ᠤᠨ ᠦᠯᠢᠬᠡᠷ᠎ᠤᠨ ᠴᠤᠬᠯᠠᠭ᠋ᠠᠨ — 《ᠶᠠᠡᠭ ᠵᠢᠡᠭ ᠢᠤᠢ》
 
            