ᠴᠢᠨ ᠶᠦᠨ ᠣᠷᠴᠢᠭᠣᠯᠪᠠ
ᠬᠤᠶᠠᠷ᠂ ᠪᠤᠭᠤᠮᠳᠠ ᠵᠢᠨ ᠭᠠᠳᠠᠨ᠎ᠠ ᠤᠴᠢᠵᠤ ᠶᠠᠫᠤᠨ ᠲᠡᠬᠡᠷᠡᠮᠢ ᠦᠯᠳᠡᠬᠦ᠎ᠪᠠᠷ ᠠᠨᠳᠠᠭ᠋ᠠᠢ᠌ᠯᠠᠬᠰᠠᠨᠨᠢ
ᠠᠭᠤᠷᠬᠠᠢ ᠵᠢᠨ ᠠᠵᠢᠯᠴᠢᠳ᠎ᠤᠨ ᠰᠡᠳᠬᠢᠯ᠎ᠢ ᠮᠡᠳᠡᠭᠴᠢ᠂ ᠬᠠᠷᠠᠡᠭᠭᠤᠢ ᠬᠢᠨᠳᠡᠨ᠎ᠳᠤ ᠡᠷᠡᠯᠭᠡᠭᠯᠡᠨ ᠲᠡᠮᠡᠴᠡᠭᠴᠢ
1929 ᠰᠠᠷ᠎ᠠ᠎ᠳᠤ 3 ᠳ᠋ᠤᠭ᠋ᠠᠷ ᠰᠠᠷ᠎ᠠ᠎ᠳᠤ ᠵᠡᠬᠦᠨ ᠬᠤᠢ᠌ᠳᠤ ᠤᠷᠤᠨ᠎ᠤ ᠦᠷᠬᠡᠨ ᠠᠭᠤᠳᠠᠮ ᠬᠠᠷ᠎ᠠ ᠬᠦᠷᠤᠰᠤ ᠮᠥᠨ ᠯᠨ ᠮᠦᠰᠤ ᠴᠠᠰᠤᠨ᠎ᠳᠤ ᠬᠤᠴᠢᠬᠳᠠᠬᠰᠠᠨ ᠬᠡᠪ ᠵᠶ᠋ᠡᠷ ᠵᠶ᠋ᠡᠨ ᠪᠠᠢ᠌ᠯ᠎ᠠ᠃ ᠵᠦᠬᠡᠷ ᠰᠠᠭᠤᠵᠤ ᠴᠢᠳᠠᠬᠤ ᠦᠬᠡᠢ ᠶᠠᠡᠭ ᠵᠢᠡᠭ ᠢᠤᠢ ᠠᠵᠢᠯ᠎ᠤᠨ ᠬᠤᠪᠢᠶᠠᠷᠢᠯᠠᠯᠳᠠ᠎ᠪᠠᠨ ᠬᠦᠯᠢᠶᠡᠬᠦ ᠵᠢᠨ ᠲᠠᠰᠢᠷᠠᠮ ᠹᠸᠡᠭᠲ᠋ᠢᠶᠠᠨ᠂ ᠳ᠋ᠠᠯ᠎ᠢᠶᠡᠨ ᠬᠤᠶᠠᠷ ᠭᠠᠵᠠᠷ᠎ᠤᠨ ᠰᠤᠷᠤᠬ᠍ᠴᠢ ᠵᠢᠨ ᠬᠦᠳᠡᠯᠬᠡᠬᠡᠨ᠎ᠤ ᠪᠠᠢ᠌ᠳᠠᠯ᠎ᠢ ᠲᠤᠭᠤᠷᠢᠨ ᠦᠵᠡᠬᠦ᠎ᠪᠠᠷ ᠡᠷᠳᠡᠮᠳᠡᠨ ᠮᠡᠷᠬᠡᠳᠢ ᠰᠤᠷᠪᠤᠯᠵᠢᠯᠠᠵᠠᠢ᠃ ᠤᠷᠤᠰ ᠶᠠᠫᠤᠨ᠎ᠤ ᠲᠠᠢ᠌ᠨ᠎ᠤ ᠲᠠᠷᠠᠭ᠎ᠠ ᠶᠠᠫᠤᠨ ᠡᠵᠡᠷᠭᠡᠭ ᠲᠦᠷᠢᠮᠡᠬᠡᠢ᠌ᠳᠡᠨ ᠬᠠᠭ᠋ᠠᠨ᠎ᠳᠤ ᠤᠷᠤᠰ᠎ᠤᠨ ᠭᠠᠷ᠎ᠠᠴᠠ ᠯᠢᠶᠤᠤᠳᠦ᠋ᠡᠭ ᠬᠤᠢ᠌ᠭᠢ ᠤᠯᠤᠬᠰᠠᠨ᠎ᠤ ᠲᠠᠷᠠᠭ᠎ᠠ ᠡᠮᠦᠨᠡᠳᠤ ᠮᠠᠨᠵᠤ ᠵᠢᠨ ᠲᠡᠮᠤᠷ ᠵᠠᠮ᠂ ᠹᠦᠱ᠌ᠦ᠋ᠨ᠎ᠤ ᠨᠡᠬᠦᠷᠡᠰᠤᠨ᠎ᠤ ᠠᠭᠤᠷᠬᠠᠢ᠂ ᠪᠸᠨᠰᠢ ᠵᠢᠨ ᠨᠡᠬᠦᠷᠡᠰᠤᠨ᠎ᠤ ᠠᠭᠤᠷᠬᠠᠢ ᠵᠢ ᠴᠦ᠍ ᠡᠵᠡᠯᠡᠭᠰᠡᠨᠢ ᠮᠡᠳᠡᠵᠡᠢ᠃ ᠡᠬᠦᠨ᠎ᠤ ᠬᠠᠮᠳᠤ ᠶᠠᠡᠭ ᠵᠢᠡᠭ ᠢᠤᠢ ᠤᠷᠴᠢᠨ ᠲᠤᠭᠤᠷᠢᠨ᠎ᠲᠠᠢ᠎ᠪᠠᠨ ᠵᠤᠬᠢᠴᠠᠬᠤ ᠵᠢᠨ ᠲᠦᠯᠦᠬᠡ ᠵᠡᠬᠦᠨ ᠬᠤᠢ᠌ᠳᠤ ᠤᠷᠤᠨ᠎ᠤ ᠨᠤᠳᠤᠭ᠎ᠤᠨ ᠬᠡᠯᠨ ᠵᠢ ᠰᠤᠷᠴᠤ ᠪᠠᠢ᠌ᠯ᠎ᠠ᠃
ᠨᠢᠬᠡ ᠡᠳᠤᠷ ᠬᠤᠯᠪᠤᠭ᠋ᠠᠴᠢᠨᠨᠢ ᠶᠠᠡᠭ ᠵᠢᠡᠭ ᠢᠤᠢ᠎ᠳᠤ 《ᠹᠦᠱ᠌ᠦ᠋ᠨ᠎ᠤ ᠨᠡᠬᠦᠷᠡᠰᠤᠨ᠎ᠤ ᠠᠭᠤᠷᠬᠠᠢ᠎ᠳᠤ ᠤᠴᠢᠵᠤ ᠠᠵᠢᠯᠴᠢᠨ᠎ᠤ ᠬᠦᠳᠡᠯᠬᠡᠬᠡᠨ ᠦᠷᠨᠢᠬᠦᠯ 》 ᠬᠡᠰᠡᠨ ᠰᠢᠨ᠎ᠡ ᠡᠬᠦᠷᠬᠡ ᠬᠦᠷᠬᠡᠵᠤ ᠢᠷᠡᠪᠡ᠃
ᠨᠡᠬᠦᠷᠡᠰᠤᠨ᠎ᠤ ᠠᠭᠤᠷᠬᠠᠢ᠎ᠳᠤ ᠨᠢᠭᠤᠴᠨ ᠨᠡᠷ᠎ᠡ ᠬᠡᠷᠡᠭᠳᠡᠢ ᠪᠤᠯᠬᠤᠷ ᠶᠠᠡᠭ ᠵᠢᠡᠭ ᠢᠤᠢ᠄ 《ᠮᠤᠵᠢ ᠵᠢᠨ ᠨᠠᠮ᠎ᠤᠨ ᠬᠤᠷᠢᠶᠠᠨ᠎ᠤ ᠵᠢᠭ᠋ᠠᠪᠤᠷᠢ ᠵᠢ ᠶᠤᠰᠤᠴᠢᠯᠠᠨ ᠵᠢᠷᠤᠮᠯᠠᠨ᠎ᠠ᠃ ᠡᠵᠢ ᠵᠢᠨ ᠤᠪᠤᠭ ᠵᠶ᠋ᠡᠨ ᠲᠠᠭ᠋ᠠᠭᠤᠯᠤᠭ᠋ᠠᠳ ᠵᠠᠡᠭ ᠭᠤᠸᠠᠨ ᠢ ᠬᠡᠴᠢᠬᠡᠶᠡ》 ᠬᠡᠪᠡ᠃
ᠨᠢᠭᠤᠴᠨ ᠠᠵᠢᠯ ᠦᠷᠨᠢᠬᠦᠯᠬᠦ᠎ᠳᠤ ᠲᠦᠬᠦᠮ᠎ᠢ ᠪᠤᠳᠤᠵᠤ ᠶᠠᠡᠭ ᠵᠢᠡᠭ ᠢᠤᠢ ᠹᠦᠱ᠌ᠦ᠋ᠨ᠎ᠤ ᠴᠢᠶᠠᠨ ᠵᠢᠨ ᠴᠠᠢ᠌ᠵᠨᠳᠤ 《ᠨᠡᠬᠦᠷᠡᠰᠤᠨ ᠬᠠᠷ᠎ᠠ》 ᠪᠤᠯᠵᠠᠢ᠃
ᠲᠡᠷᠨ ᠠᠵᠢᠯᠴᠢᠨ ᠨᠦᠬᠦᠳ᠎ᠲᠠᠢ ᠬᠠᠮᠳᠤ ᠢᠳᠡᠵᠤ᠂ ᠬᠠᠮᠳᠤ ᠬᠤᠨᠤᠵᠤ᠂ ᠬᠠᠮᠳᠤ ᠠᠵᠢᠯᠯᠠᠨ ᠤᠳᠠᠬᠰᠠᠨ ᠦᠬᠡᠢ ᠨᠠᠢ᠌ᠵᠨ ᠨᠦᠬᠦᠳ ᠪᠤᠯᠤᠯᠴᠠᠵᠤ᠂ ᠠᠭᠤᠷᠬᠠᠢ ᠵᠢᠨ ᠠᠵᠢᠯᠴᠢᠨ ᠨᠦᠬᠦᠳ᠎ᠤᠨ ᠢᠳᠡᠬᠡᠯ ᠪᠠ ᠬᠠᠢ᠌ᠷ᠎ᠠ ᠬᠦᠨᠳᠤᠳᠬᠡᠯᠢ ᠤᠯᠵᠠᠢ᠃ ᠹᠦᠱ᠌ᠦ᠋ᠨ᠎ᠤ ᠠᠭᠤᠷᠬᠠᠢ ᠵᠢᠨ ᠠᠵᠢᠯᠴᠢᠳ᠎ᠤᠨ ᠤᠯᠠᠡᠭᠬᠢ᠎ᠨᠢ ᠱᠠᠨᠳᠦ᠋ᠡᠭ ᠨᠤᠳᠤᠭ᠎ᠲᠠᠢ ᠬᠦᠮᠦᠰ ᠤᠴᠢᠷ᠎ᠠᠴᠠ ᠶᠠᠡᠭ ᠵᠢᠡᠭ ᠢᠤᠢ ᠨᠤᠳᠤᠭ ᠵᠶ᠋ᠡᠨ ᠱᠠᠨᠳᠦ᠋ᠡᠭ᠎ᠤᠨ ᠽᠤᠤᠵᠸᠤ (ᠤᠳᠤ ᠵᠢᠨ ᠱᠠᠨᠳᠦ᠋ᠡᠭ᠎ᠤᠨ ᠾᠸᠽᠸ) ᠬᠡᠵᠡᠢ᠃
ᠠᠭᠤᠷᠬᠠᠢ ᠲᠡᠬᠡᠷ᠎ᠡ ᠨᠢᠬᠡ ᠠᠵᠢᠯᠴᠢᠨ ᠡᠪᠡᠳᠴᠢᠯᠡᠭᠰᠡᠨ᠎ᠳᠤ ᠡᠪᠡᠳᠴᠢᠨ ᠵᠶ᠋ᠡᠨ ᠦᠵᠡᠬᠦᠯᠬᠦ ᠵᠤᠭᠤᠰ ᠦᠬᠡᠢ ᠵᠢ ᠪᠤᠤ ᠬᠡᠯᠨ᠂ ᠴᠠᠭ᠎ᠤᠨ ᠬᠤᠭᠤᠯᠠᠨ᠎ᠳᠤ᠎ᠪᠠᠨ ᠴᠦ᠍ ᠵᠦᠪ ᠦᠬᠡᠢ ᠪᠤᠯᠤᠬᠰᠠᠨ ᠤᠴᠢᠷ᠎ᠠᠴᠠ ᠪᠠᠭ᠋ᠠᠷᠲᠸᠤᠠᠴᠠᠪᠠᠨ ᠵᠤᠭᠤᠰ ᠵᠢᠬᠡᠯᠡᠬᠦ ᠬᠡᠰᠡᠨ᠎ᠳᠤ ᠦᠭᠭᠦᠭᠰᠡᠨ ᠦᠬᠡᠢ ᠮᠦᠷᠳᠡᠬᠡᠨ ᠨᠢᠬᠡ ᠲᠦᠬᠦᠰᠢᠯᠡᠵᠡᠢ᠃ ᠶᠠᠡᠭ ᠵᠢᠡᠭ ᠢᠤᠢ ᠮᠡᠳᠡᠭᠰᠡᠨ᠎ᠤ ᠲᠠᠷᠠᠭ᠎ᠠ ᠲᠡᠷᠨ ᠲᠤᠤᠷ᠎ᠠ᠎ᠨᠢ ᠡᠪᠦᠬᠡᠨ ᠠᠵᠢᠯᠴᠢᠨ᠎ᠤ ᠬᠡᠷ᠎ᠲᠤ᠎ᠨᠢ ᠬᠦᠷᠴᠤ ᠪᠡᠶ᠎ᠡ᠎ᠳᠤᠨᠢ ᠪᠠᠢ᠌ᠬᠰᠠᠨ ᠬᠤᠶᠠᠷᠬᠠᠨ ᠮᠦᠡᠭᠭᠦᠨ ᠵᠤᠭᠤᠰ ᠵᠶ᠋ᠡᠨ ᠡᠪᠦᠬᠡᠨ ᠠᠵᠢᠯᠴᠢᠨ᠎ᠳᠤ ᠭᠠᠷᠭ᠋ᠠᠵᠤ ᠦᠭᠭᠦᠬᠡᠳ 《ᠡᠪᠡᠳᠴᠢᠨ ᠵᠶ᠋ᠡᠨ ᠦᠵᠡᠬᠦᠯᠵᠤ ᠠᠮᠤ ᠪᠤᠳᠠᠭ᠎ᠠ ᠠᠪᠤᠭ᠋ᠠᠷᠠᠢ》 ᠬᠡᠵᠡᠢ᠃
ᠡᠪᠦᠬᠡᠨ ᠠᠵᠢᠯᠴᠢᠨ ᠰᠡᠳᠬᠢᠯ ᠬᠦᠳᠡᠯᠬᠦᠳᠤᠪᠠᠨ ᠬᠠᠯᠠᠭᠤᠨ ᠨᠢᠯᠪᠤᠰᠤ ᠪᠦᠮᠪᠦᠷᠢᠬᠦᠯᠵᠤ ᠶᠠᠡᠭ ᠵᠢᠡᠭ ᠢᠤᠢ ᠵᠢᠨ ᠭᠠᠷ᠎ᠢ ᠠᠳᠬᠤᠭ᠋ᠠᠳ᠄ 《ᠲᠠᠨ᠎ᠢ ᠡᠨᠳᠡ ᠢᠷᠡᠭᠰᠡᠨ᠎ᠠᠴᠠ ᠴᠢᠨᠢ ᠬᠤᠢ᠌ᠨ᠎ᠠ ᠪᠤᠰᠤᠳ ᠬᠦᠮᠦᠨ᠎ᠲᠠᠢ ᠠᠳᠠᠯᠢ ᠦᠬᠡᠢ ᠬᠡᠳᠡᠭ᠎ᠢ ᠪᠢ ᠦᠵᠡᠵᠤ ᠭᠠᠷᠤᠬᠰᠠᠨ》 ᠬᠡᠰᠡᠨ᠎ᠳᠤ ᠶᠠᠡᠭ ᠵᠢᠡᠭ ᠢᠤᠢ᠄ 《ᠪᠢ ᠲᠠᠨᠤᠰ᠎ᠲᠠᠢ ᠡᠬᠡᠬᠡ ᠠᠳᠠᠯᠢᠬᠠᠨ᠂ ᠦᠢ᠍ᠯᠨ ᠲᠠᠮᠤ᠎ᠪᠠᠨ ᠦᠵᠡᠵᠤ ᠪᠤᠰᠤᠳ᠎ᠤᠨ ᠲᠤᠷᠤᠮᠵᠢᠯᠠᠯ᠎ᠢ ᠠᠮᠰᠠᠵᠤ ᠪᠠᠢ᠌ᠭ᠎ᠠ 〈ᠨᠡᠬᠦᠷᠡᠰᠤᠨ ᠬᠠᠷ᠎ᠠ〉》 ᠬᠡᠪᠡ᠃ ᠡᠪᠦᠬᠡᠨ ᠠᠵᠢᠯᠴᠢᠨ ᠲᠡᠬᠦᠨ᠎ᠳᠤ ᠰᠡᠳᠬᠢᠯ ᠵᠶ᠋ᠡᠨ ᠠᠭᠤᠳᠠᠯᠠᠬᠰᠠᠨ ᠪᠦᠬᠡᠳ ᠰᠡᠬᠦᠯᠡᠷ᠎ᠨᠢ ᠠᠭᠤᠯᠵᠠᠬᠰᠠᠨ ᠪᠤᠯᠭ᠋ᠠᠨ᠎ᠳᠤ᠎ᠪᠠᠨ ᠶᠠᠡᠭ ᠵᠢᠡᠭ ᠢᠤᠢ ᠵᠢᠨ ᠠᠴᠢ ᠵᠢ ᠶᠠᠷᠢᠳᠠᠭ ᠪᠤᠯᠵᠠᠢ᠃
ᠡᠳᠤᠷᠵᠢᠨ ᠤᠯᠠᠨ᠎ᠲᠠᠢ ᠬᠠᠮᠳᠤ ᠬᠠᠯᠨ᠎ᠲᠠᠢ ᠠᠵᠢᠯ᠎ᠢ ᠬᠢᠵᠤ᠂ ᠪᠦᠳᠦᠬᠦᠯᠢᠭ ᠬᠤᠭᠤᠯᠨ ᠢᠳᠡᠬᠦ 《ᠵᠠᠡᠭ ᠦᠨᠳᠤᠷ》 ᠲᠦᠪ ᠭᠤᠤᠯᠴᠢ᠂ ᠠᠵᠢᠯᠴᠢᠨ ᠨᠦᠬᠦᠳ᠎ᠲᠤ ᠲᠦᠷᠦᠭᠰᠡᠨ ᠠᠬᠠᠨ ᠲᠡᠬᠦᠤᠰ ᠰᠢᠭ ᠬᠠᠯᠠᠭᠤᠨ ᠲᠤᠳᠤᠨᠤ ᠵᠢ ᠠᠵᠢᠯᠴᠢᠳ ᠦᠵᠡᠵᠤ ᠭᠠᠷᠤᠭ᠋ᠠᠳ ᠶᠠᠪᠤᠬᠤ ᠲᠤᠳᠤᠮ ᠲᠡᠬᠦᠨ᠎ᠲᠠᠢ ᠤᠢ᠌ᠷᠠᠳᠬᠤ ᠲᠤᠷᠠᠲᠠᠢ ᠪᠤᠯᠵᠤ 《ᠱᠠᠨᠳᠦ᠋ᠡᠭ ᠵᠠᠡᠭ》 ᠭᠡᠵᠤ ᠲᠤᠳᠤᠨᠤᠴᠢᠯᠠᠨ ᠲᠠᠭᠤᠳᠠᠬᠤ ᠪᠤᠯᠤᠯ᠎ᠠ᠃ ᠵᠠᠷᠢᠮ ᠵᠠᠯᠠᠭᠤ ᠠᠵᠢᠯᠴᠢᠳ ᠲᠡᠬᠦᠨ᠎ᠤ ᠪᠡᠶ᠎ᠡ ᠪᠠᠷ᠎ᠠ᠎ᠲᠠᠢ᠂ ᠬᠦᠳᠡᠷ ᠪᠢᠷᠠᠯᠢᠭᠢ ᠦᠵᠡᠬᠡᠳ 《ᠵᠠᠡᠭ ᠦᠨᠳᠤᠷ》 ᠭᠡᠵᠤ ᠲᠤᠳᠤᠨᠤᠴᠢᠯᠠᠨ ᠲᠠᠭᠤᠳᠠᠳᠠᠭ᠃ ᠠᠵᠢᠯᠴᠢᠳ ᠲᠡᠬᠦᠨ᠎ᠢ ᠨᠢᠬᠡ ᠬᠡᠷ᠎ᠤᠨ ᠬᠦᠮᠦᠨ ᠵᠶ᠋ᠡᠷ ᠦᠵᠡᠵᠤ᠂ ᠠᠢ᠌ᠯ ᠪᠦᠯᠢ ᠵᠢᠨ ᠬᠦᠴᠢᠷ ᠵᠤᠪᠠᠯᠠᠡᠭ ᠵᠶ᠋ᠡᠨ ᠲᠡᠬᠦᠨ᠎ᠳᠤ ᠲᠤᠭ᠋ᠠᠴᠢᠨ᠂ ᠶᠠᠮᠠᠷ ᠬᠦᠴᠢᠷ ᠲᠤᠯᠭ᠋ᠠᠷᠠᠪᠠᠯ ᠠᠷᠭ᠎ᠠ ᠤᠬᠠᠭ᠋ᠠᠨ ᠠᠰᠠᠭᠤᠵᠤ ᠰᠤᠷᠠᠳᠠᠭ ᠪᠤᠯᠪᠠ᠃
ᠨᠢᠳᠤᠨᠤᠨ ᠠᠭᠤᠯᠠᠨ᠎ᠤ ᠠᠭᠤᠷᠬᠠᠢ ᠵᠢᠨ ᠬᠤᠳᠳᠤᠭ ᠤᠰᠤᠨ᠎ᠳᠤ ᠠᠪᠳᠠᠵᠤ ᠬᠡᠳᠤᠨ ᠵᠠᠭᠤᠨ ᠠᠵᠢᠯᠴᠢᠨ ᠴᠠᠴᠠᠵᠤ ᠦᠬᠦᠭᠰᠡᠨ ᠴᠢᠮᠡᠬᠡ ᠵᠢ ᠶᠠᠡᠭ ᠵᠢᠡᠭ ᠢᠤᠢ ᠡᠪᠦᠬᠡᠨ ᠠᠵᠢᠯᠴᠢᠨ᠎ᠠᠴᠠ ᠤᠯᠵᠤ ᠰᠤᠨᠤᠰᠴᠠᠢ᠃ ᠶᠠᠫᠤᠨ ᠵᠤᠯᠢᠭᠤᠳᠤᠨ ᠬᠦᠷᠤᠡᠭᠭᠡᠳᠡᠳ ᠬᠠᠷᠢᠨ ᠠᠭᠤᠷᠬᠠᠢ ᠵᠢᠨ ᠠᠵᠢᠯᠴᠢᠳ᠎ᠲᠤ ᠤᠯᠠᠮ ᠬᠡᠷᠴᠡᠬᠡᠢ ᠬᠠᠨᠳᠤᠵᠤ᠂ ᠬᠠᠷᠢᠶᠠᠵᠤ ᠴᠤᠬᠢᠬᠤ᠎ᠪᠠᠷ ᠪᠠᠷᠠᠬᠤ ᠦᠬᠡᠢ ᠠᠵᠢᠯᠯᠠᠬᠤ ᠴᠠᠭ᠎ᠢ᠎ᠨᠢ ᠤᠷᠳᠤᠳᠬᠠᠵᠤ ᠲᠤᠮᠳᠠᠳᠤ ᠵᠢᠨ ᠠᠵᠢᠯᠴᠢᠳ᠎ᠢ ᠬᠦᠮᠦᠨ ᠵᠶ᠋ᠡᠷ ᠦᠵᠡᠬᠦ ᠦᠬᠡᠢ ᠪᠠᠢ᠌ᠯ᠎ᠠ᠃ ᠶᠠᠡᠭ ᠵᠢᠡᠭ ᠢᠤᠢ ᠹᠦᠱ᠌ᠦ᠋ᠨ᠎ᠤ ᠨᠢᠭᠤᠴᠨ ᠨᠠᠮ᠎ᠤᠨ ᠡᠬᠦᠷ᠎ᠲᠠᠢ ᠬᠤᠯᠪᠤᠭ᠎ᠠ ᠪᠠᠷᠢᠵᠤ᠂ ᠠᠵᠢᠯᠴᠢᠳ᠎ᠢ ᠵᠤᠬᠢᠶᠠᠨ ᠪᠠᠢ᠌ᠭᠤᠯᠤᠨ ᠠᠵᠢᠯ ᠬᠠᠶᠠᠬᠤ᠎ᠪᠠᠷ ᠲᠤᠬᠳᠠᠪᠠ᠃
1929 ᠤᠨ᠎ᠤ 5 ᠳ᠋ᠤᠭ᠋ᠠᠷ ᠰᠠᠷ᠎ᠠ ᠵᠢᠨ 1᠎ᠤ ᠡᠳᠤᠷ ᠶᠠᠡᠭ ᠵᠢᠡᠭ ᠢᠤᠢ ᠵᠢᠨ ᠤᠳᠤᠷᠢᠳᠤᠯᠭ᠎ᠠ ᠲᠤᠤᠷ᠎ᠠ 3000 ᠢᠯᠡᠬᠦᠤ ᠠᠵᠢᠯᠴᠢᠳ ᠴᠠᠷᠢᠯ᠂ ᠮᠤᠨᠠ᠂ ᠭᠤᠤᠲᠸᠤ ᠡᠷᠬᠦᠯᠴᠡᠨ ᠲᠦᠷᠪᠡᠨ ᠵᠦᠭ ᠨᠠᠢ᠍ᠮᠠᠨ ᠵᠤᠪᠬᠢᠰ᠎ᠠᠴᠠ ᠶᠠᠫᠤᠨ ᠬᠦᠷᠤᠡᠭᠭᠡᠳᠡᠨᠤ 《ᠠᠭᠤᠷᠬᠠᠢ ᠮᠠᠯᠳᠠᠬᠤ ᠭᠠᠵᠠᠷ》 ᠤᠷᠤᠭᠤ ᠲᠠᠭ᠋ᠠᠷᠢᠵᠤ᠂ ᠦᠨᠳᠤᠷ ᠲᠠᠭᠤᠨ ᠵᠶ᠋ᠡᠷ ᠤᠷᠢᠶ᠎ᠠ ᠬᠠᠰᠬᠢᠷᠴᠤ᠂ ᠵᠦᠢ ᠶᠤᠰᠤᠨ᠎ᠤ ᠱᠠᠭ᠋ᠠᠷᠳᠠᠯᠭ᠎ᠠ ᠲᠤᠷᠠᠳᠴᠠᠢ᠃
ᠠᠵᠢᠯ ᠬᠠᠶᠠᠯᠳᠠ ᠭᠤᠷᠪᠠᠨ ᠡᠳᠤᠷ ᠦᠷᠬᠦᠯᠵᠢᠯᠡᠭᠰᠡᠨ᠎ᠳᠤ ᠶᠠᠫᠤᠨ᠎ᠤ ᠠᠭᠤᠷᠬᠠᠢ ᠵᠢᠨ ᠡᠵᠡᠨᠳᠡᠨ ᠡᠪᠯᠡᠷᠡᠬᠦ ᠯᠨ ᠬᠡᠷᠡᠭ ᠪᠤᠯᠵᠤ ᠠᠭᠤᠷᠬᠠᠢ ᠵᠢᠨ ᠠᠵᠢᠯᠴᠢᠳ᠎ᠤᠨ ᠱᠠᠭ᠋ᠠᠷᠳᠠᠯᠭ᠎ᠠ ᠵᠢ ᠵᠦᠪᠰᠢᠶᠡᠷᠡᠪᠡ᠃ ᠶᠠᠡᠭ ᠵᠢᠡᠭ ᠢᠤᠢ ᠵᠢᠨ ᠤᠳᠤᠷᠢᠳᠤᠯᠭ᠎ᠠ ᠲᠤᠤᠷ᠎ᠠ ᠠᠵᠢᠯᠴᠢᠳ᠎ᠤᠨ ᠵᠦᠢ ᠶᠤᠰᠤᠨ᠎ᠤ ᠡᠷᠬᠡ ᠠᠰᠢᠭ ᠵᠶ᠋ᠡᠨ ᠤᠯᠬᠤ ᠵᠢᠨ ᠲᠦᠯᠦᠬᠡᠨᠤ ᠲᠡᠮᠡᠴᠡᠯ ᠢᠯᠠᠯᠳᠠ ᠤᠯᠵᠤ ᠶᠠᠫᠤᠨ᠎ᠤ ᠬᠦᠷᠤᠡᠭᠭᠡᠳᠡᠨᠤ ᠭᠠᠯᠵᠠᠭᠤ ᠤᠮᠤᠭᠢ ᠲᠠᠷᠤᠵᠤ ᠠᠵᠢᠯᠴᠢᠨ᠎ᠤ ᠬᠦᠳᠡᠯᠬᠡᠬᠡᠨ᠎ᠳᠤ ᠨᠢᠬᠡ ᠪᠦᠯᠦᠭ ᠭᠤᠤᠯᠯᠠᠬᠤ ᠬᠦᠴᠤᠨ᠎ᠢ ᠬᠦᠮᠦᠵᠢᠬᠦᠯᠵᠤ᠂ ᠡᠨᠳᠡ ᠠᠵᠢᠯᠴᠢᠨ᠎ᠤ ᠲᠡᠮᠡᠴᠡᠯ᠎ᠢ ᠰᠢᠨ᠎ᠡ ᠬᠦᠭᠵᠢᠯᠳᠡ᠎ᠲᠠᠢ ᠪᠤᠯᠭ᠋ᠠᠵᠠᠢ᠃
7 ᠳ᠋ᠤᠭ᠋ᠠᠷ ᠰᠠᠷ᠎ᠠ ᠵᠢᠨ 14᠎ᠤ ᠡᠳᠤᠷ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠮᠠᠨᠵᠤ ᠮᠤᠵᠢ ᠵᠢᠨ ᠬᠤᠷᠢᠶ᠎ᠠ ᠵᠢᠨ ᠱᠦᠵᠢ᠎ᠪᠠᠷ ᠰᠠᠶᠢᠬᠠᠨ ᠲᠤᠮᠢᠯᠠᠬᠳᠠᠵᠤ ᠢᠷᠡᠭᠰᠡᠨ ᠯᠢᠤ ᠱᠤᠤ ᠴᠢ ᠮᠦᠭᠳᠡᠨ᠎ᠳᠤ ᠬᠦᠷᠦᠭᠰᠡᠨ᠎ᠤ ᠲᠠᠷᠠᠭ᠎ᠠ ᠮᠤᠵᠢ ᠵᠢᠨ ᠨᠠᠮ᠎ᠤᠨ ᠬᠤᠷᠢᠶᠠᠨ᠎ᠤ ᠺᠠᠳ᠋ᠷᠴᠤᠳ᠎ᠲᠠᠢ ᠠᠭᠤᠯᠵᠠᠬᠤ ᠬᠤᠷᠠᠯ ᠬᠢᠵᠡᠢ᠃ ᠬᠤᠷᠠᠯ ᠲᠡᠬᠡᠷ᠎ᠡ ᠶᠠᠡᠭ ᠵᠢᠡᠭ ᠢᠤᠢ᠎ᠲᠠᠢ ᠤᠳᠠᠭ᠋ᠠᠨ ᠶᠠᠷᠢᠯᠴᠠᠬᠰᠠᠨ ᠪᠦᠬᠡᠳ ᠲᠡᠬᠦᠨ᠎ᠠᠴᠠ ᠱᠠᠡᠭᠬᠠᠢᠳᠤ ᠪᠤᠴᠠᠬᠤ ᠤᠤ᠂ ᠡᠰᠡᠪᠡᠯ ᠮᠠᠨᠵᠤ ᠮᠤᠵᠢ᠎ᠳᠤ ᠦᠷᠬᠦᠯᠵᠢᠯᠡᠨ ᠠᠵᠢᠯᠯᠠᠬᠤ ᠠᠰᠠᠭᠤᠳᠠᠯ᠎ᠤᠨ ᠲᠤᠬᠠᠢ ᠰᠠᠨᠠᠯ᠎ᠢ ᠠᠰᠠᠭᠤᠬᠰᠠᠨ᠎ᠳᠤ ᠶᠠᠡᠭ ᠵᠢᠡᠭ ᠢᠤᠢ ᠮᠠᠨᠵᠤ ᠮᠤᠵᠢ᠎ᠳᠤ ᠦᠯᠡᠳᠡᠵᠤ ᠠᠵᠢᠯᠯᠠᠬᠤ ᠲᠤᠷᠠᠳᠠᠢ ᠭᠡᠵᠡᠢ᠃ ᠯᠢᠤ ᠱᠤᠤ ᠴᠢ᠄ 《ᠰᠢᠨ᠎ᠡ ᠠᠵᠢᠯ᠎ᠳᠤ ᠮᠠᠰᠢ ᠤᠯᠠᠨ ᠬᠦᠴᠢᠷ ᠪᠡᠷᠬᠡ ᠲᠤᠯᠭ᠋ᠠᠷᠠᠬᠤ᠎ᠨᠢ ᠯᠠᠪᠳᠠᠢ᠂ ᠡᠪ ᠬᠠᠮᠳᠤ ᠨᠠᠮ᠎ᠤᠨ ᠬᠡᠰᠢᠬᠦᠨ ᠪᠤᠯᠤᠬᠰᠠᠨ᠎ᠤ ᠬᠤᠪᠢ᠎ᠳᠤ ᠵᠠᠪᠠᠯ ᠠᠷᠭ᠎ᠠ ᠪᠦᠬᠦᠨ᠎ᠢ ᠰᠦᠪᠡᠭᠴᠢᠯᠡᠨ ᠡᠳᠡᠬᠡᠷ ᠬᠦᠴᠢᠷ ᠪᠡᠷᠬᠡ ᠵᠢ ᠲᠡᠰᠪᠤᠷᠢᠯᠡᠬᠦ ᠬᠡᠷᠡᠭᠳᠡᠢ ᠪᠦᠬᠡᠳ ᠢᠯᠠᠨ ᠲᠠᠪᠠᠬᠤ ᠬᠡᠷᠡᠭᠳᠡᠢ》 ᠭᠡᠵᠤ ᠴᠢᠡᠭ ᠰᠡᠳᠬᠢᠯ᠎ᠠᠴᠠ᠎ᠪᠠᠨ ᠰᠠᠨᠠᠭᠤᠯᠪᠠ᠃ ᠤᠬᠤᠷᠬᠠᠨ ᠬᠡᠳᠤᠨ ᠦᠬᠡᠨ᠎ᠳᠤ ᠢᠳᠡᠬᠡᠯ ᠬᠦᠰᠡᠯ ᠲᠦᠬᠦᠷᠡᠡᠭ ᠠᠵᠢ᠃ ᠤᠳᠠᠯ ᠦᠬᠡᠢ᠂ ᠮᠤᠵᠢ ᠵᠢᠨ ᠨᠠᠮ᠎ᠤᠨ ᠬᠤᠷᠢᠶ᠎ᠠ᠎ᠠᠴᠠ ᠶᠠᠡᠭ ᠵᠢᠡᠭ ᠢᠤᠢ ᠵᠢ ᠹᠦᠱ᠌ᠦ᠋ᠨ᠎ᠤ ᠤᠨᠴᠠᠭ᠋ᠠᠢ ᠡᠬᠦᠷ᠎ᠤᠨ ᠱᠦᠵᠢ ᠪᠤᠯᠭ᠋ᠠᠵᠠᠢ᠃ ᠡᠬᠦᠨ᠎ᠤ ᠬᠠᠮᠳᠤ ᠡᠪ ᠬᠠᠮᠳᠤ ᠵᠠᠯᠠᠭᠤᠴᠤᠳ᠎ᠤᠨ ᠡᠪᠯᠡᠯ᠎ᠤᠨ ᠮᠤᠵᠢ ᠵᠢᠨ ᠬᠤᠷᠢᠶ᠎ᠠ ᠮᠠ ᠱᠤ᠌ ᠢᠤᠢ (ᠨᠢᠭᠤᠴᠨ ᠨᠡᠷ᠎ᠡ᠎ᠨᠢ ᠸᠠᠡᠭ ᠵᠸᠨ ᠰᠢᠶᠠᠡᠭ) ᠵᠢ ᠹᠦᠱ᠌ᠦ᠋ᠨ᠎ᠤ ᠡᠪ ᠬᠠᠮᠳᠤ ᠵᠠᠯᠠᠭᠤᠴᠤᠳ᠎ᠤᠨ ᠡᠪᠯᠡᠯ᠎ᠤᠨ ᠡᠬᠦᠷ᠎ᠤᠨ ᠱᠦᠵᠢ᠎ᠪᠠᠷ ᠲᠤᠮᠢᠯᠠᠪᠠ᠃
8 ᠳ᠋ᠤᠭ᠋ᠠᠷ ᠰᠠᠷ᠎ᠠ ᠵᠢᠨ 30᠎ᠤ ᠰᠦᠨᠢ ᠨᠢᠭᠤᠴᠨ ᠬᠤᠯᠪᠤᠭ᠎ᠠ ᠠᠪᠬᠤ ᠦᠷᠳᠡᠬᠡ᠎ᠠᠴᠠ ᠮᠤᠵᠢ ᠵᠢᠨ ᠨᠠᠮ᠎ᠤᠨ ᠬᠤᠷᠢᠶᠠᠨ᠎ᠤ ᠮᠠᠲᠸᠷᠢᠶᠠᠯ᠎ᠢ ᠰᠠᠶᠢᠬᠠᠨ ᠲᠤᠰᠤᠬᠰᠠᠨ ᠶᠠᠡᠭ ᠵᠢᠡᠭ ᠢᠤᠢ ᠹᠦ᠋ ᠾᠸ ᠵᠤᠴᠢᠳ᠎ᠤᠨ ᠪᠠᠭᠤᠳᠠᠯ᠎ᠳᠤ ᠪᠤᠢ ᠦᠷᠤᠬᠡᠨᠳᠤᠪᠠᠨ ᠢᠷᠡᠳᠡᠯ᠎ᠡ ᠫᠤᠤ ᠪᠠᠷᠢᠬᠰᠠᠨ ᠬᠤᠶᠠᠷ ᠶᠠᠫᠤᠨ᠎ᠤ ᠴᠠᠬᠳᠠᠭ᠎ᠠ ᠬᠠᠭ᠋ᠠᠯᠭ᠎ᠠ ᠵᠢ᠎ᠨᠢ ᠪᠦᠯ᠎ᠳᠤ ᠲᠦᠯᠬᠢᠨ ᠤᠷᠤᠵᠤ ᠢᠷᠡᠬᠡᠳ ᠬᠡᠯᠡᠵᠤ ᠪᠠᠷᠢᠬᠤ ᠵᠢ ᠬᠦᠯᠢᠶᠡᠭᠰᠡᠨ ᠴᠦ᠍ ᠦᠬᠡᠢ᠎ᠪᠠᠷ ᠶᠠᠡᠭ ᠵᠢᠡᠭ ᠢᠤᠢ ᠵᠢ ᠪᠠᠷᠢᠵᠤ ᠠᠪᠠᠴᠢᠭ᠋ᠠᠳ ᠹᠦᠱ᠌ᠦ᠋ᠨ᠎ᠤ ᠰᠢᠨ᠎ᠡ ᠦᠷᠳᠡᠬᠡᠨ᠎ᠤ ᠴᠢ ᠲᠢᠶᠤᠤ ᠲᠤᠡᠭ ᠬᠤᠷᠢᠭᠤᠯ᠎ᠤᠨ ᠭᠠᠵᠠᠷ᠎ᠤᠨ ᠭᠠᠬ᠍ᠴᠨ ᠬᠦᠮᠦᠨ᠎ᠤ ᠬᠢᠨᠳᠡᠨ᠎ᠳᠤ ᠬᠤᠷᠢᠵᠠᠢ᠃
ᠮᠥᠨ ᠰᠦᠨᠢ᠎ᠨᠢ ᠶᠠᠫᠤᠨ᠎ᠤ ᠴᠠᠬᠳᠠᠭ᠎ᠠ ᠵᠢᠨ ᠭᠠᠵᠠᠷ᠎ᠤᠨ ᠡᠷᠡᠬᠦᠤ ᠵᠢᠨ ᠬᠡᠷᠡᠭ᠎ᠤᠨ ᠴᠠᠬᠳᠠᠭ᠎ᠠ ᠶᠦᠺᠤᠺᠢᠨᠤᠷᠢ ᠲᠠᠺᠢᠶᠤᠰᠢ ᠶᠠᠡᠭ ᠵᠢᠡᠭ ᠢᠤᠢ ᠵᠢ ᠰᠢᠬᠦᠵᠡᠢ᠃ ᠲᠡᠷᠨ ᠶᠠᠡᠭ ᠵᠢᠡᠭ ᠢᠤᠢ ᠵᠢ ᠲᠡᠨᠳᠡ 《ᠤᠷᠢᠵᠤ》 ᠰᠠᠭᠤᠯᠭ᠎ᠠ ᠭᠡᠵᠤ ᠬᠠᠭᠤᠷᠮᠠᠬ᠍ᠴᠢ ᠵᠠᠡᠭ ᠵᠶ᠋ᠡᠷ ᠤᠷᠴᠢᠭᠤᠯᠤᠬ᠍ᠴᠢ ᠦᠬᠡᠳᠡ᠎ᠪᠠᠨ ᠰᠠᠨᠳᠠᠯᠢ ᠤᠷᠤᠭᠤ ᠵᠢᠭ᠋ᠠᠪᠠ᠃
《ᠤᠭ ᠨᠤᠳᠤᠭ ᠴᠢᠨᠢ ᠬᠠᠮᠢᠭ᠎ᠠ?》
《ᠱᠠᠨᠳᠦ᠋ᠡᠭ ᠮᠤᠵᠢ ᠵᠢᠨ ᠽᠤᠤᠵᠸᠤ ᠹᠦ᠋᠃》
《ᠬᠡᠵᠢᠶ᠎ᠡ ᠨᠠᠮ᠎ᠳᠤ ᠤᠷᠤᠬᠰᠠᠨ ᠪᠤᠢ?》
《ᠪᠢ ᠴᠢᠶᠠᠨ ᠵᠢᠨ ᠴᠠᠢ᠌ᠵᠠ᠎ᠳᠤ ᠡᠯᠳᠡᠪ ᠪᠠᠷᠠᠭ᠋ᠠᠨ ᠲᠡᠯᠬᠡᠬᠦᠷ ᠰᠡᠬᠦᠬᠦ ᠰᠠᠨᠠᠭ᠎ᠠ᠎ᠲᠠᠢ ᠢᠷᠡᠪᠡ᠃》
ᠠᠰᠠᠭᠤᠬᠰᠠᠨᠢᠨᠢ ᠬᠠᠷᠢᠭᠤᠯᠤᠬᠰᠠᠨ ᠦᠬᠡᠢ᠎ᠳᠤ ᠶᠠᠭᠤ ᠴᠦ᠍ ᠤᠯᠵᠤ ᠰᠤᠨᠤᠰᠤᠬᠰᠠᠨ ᠦᠬᠡᠢ ᠶᠦᠺᠤᠺᠢᠨᠤᠷᠢ ᠰᠢᠭᠤᠳ᠄ 《ᠠᠭᠤᠷᠬᠠᠢ ᠵᠢᠨ ᠠᠵᠢᠯ ᠬᠠᠶᠠᠬᠰᠠᠨ ᠶᠠᠪᠤᠳᠠᠯ᠂ ᠬᠤᠸᠨ ᠬᠦᠡᠭ ᠵᠡᠬᠡᠯᠢ᠂ ᠯᠤᠤ ᠬᠤ᠌ᠲᠠᠢ ᠵᠢᠨ ᠤᠬᠠᠭᠤᠯᠭ᠎ᠠ ᠵᠢᠨ ᠬᠠᠭᠤᠳᠠᠰᠤ ᠵᠢ ᠴᠢ ᠮᠡᠳᠡᠬᠦ ᠤᠤ?》 ᠭᠡᠵᠤ ᠲᠤᠯᠭ᠋ᠠᠨ ᠠᠰᠠᠭᠤᠯ᠎ᠠ᠃
ᠶᠠᠡᠭ ᠵᠢᠡᠭ ᠢᠤᠢ᠄ 《ᠪᠢ ᠠᠯᠢᠨ᠎ᠢ᠎ᠨᠢ ᠴᠦ᠍ ᠮᠡᠳᠡᠬᠦ ᠦᠬᠡᠢ᠂ ᠤᠬᠳᠤ ᠰᠤᠨᠤᠰᠤᠭ᠎ᠠ ᠦᠬᠡᠢ ᠶᠠᠪᠤᠳᠠᠯ᠎ᠤᠳ》 ᠭᠡᠵᠤ ᠬᠠᠷᠢᠭᠤᠯᠪᠠ᠃
ᠶᠠᠡᠭ ᠵᠢᠡᠭ ᠢᠤᠢ ᠦᠴᠢᠭ ᠦᠭᠭᠦ ᠦᠬᠡᠢ᠎ᠳᠤ ᠶᠦᠺᠤᠺᠢᠨᠤᠷᠢ ᠶᠠᠡᠭ ᠵᠢᠡᠭ ᠢᠤᠢ ᠵᠢ ᠵᠠᠭ᠋ᠠᠮᠠᠳᠠᠨ᠄ 《ᠴᠢ ᠪᠤᠯ ᠡᠪ ᠬᠠᠮᠳᠤ ᠨᠠᠮ᠎ᠤᠨ ᠬᠡᠰᠢᠬᠦᠨ᠂ ᠮᠡᠳᠡᠬᠦ ᠶᠠᠭᠤᠮ᠎ᠠ᠎ᠪᠠᠨ ᠪᠦᠬᠦᠳᠡ ᠵᠢ ᠦᠴᠢᠭᠯᠨ》 ᠭᠡᠵᠤ ᠵᠠᠡᠭᠳᠤᠷᠴᠠᠢ᠃
ᠶᠠᠡᠭ ᠵᠢᠡᠭ ᠢᠤᠢ᠄ 《ᠡᠪ ᠬᠠᠮᠳᠤ ᠨᠠᠮ ᠬᠡᠳᠡᠭ᠎ᠨᠢ ᠶᠠᠭᠤ ᠶᠤᠮ? ᠪᠢ ᠮᠡᠳᠡᠬᠦ ᠦᠬᠡᠢ》 ᠬᠡᠪᠡ᠃
ᠬᠡᠳᠤᠨ ᠴᠠᠭ ᠦᠡᠭᠭᠡᠷᠡᠭᠰᠡᠨ ᠪᠤᠯᠪᠠᠴᠤ ᠲᠠᠢ᠌ᠰᠤᠨ ᠶᠠᠭᠤ ᠵᠢᠨ ᠤᠯᠵᠤ ᠰᠤᠨᠤᠰᠤᠬᠰᠠᠨ ᠦᠬᠡᠢ ᠲᠤᠯᠨ᠄ 《ᠴᠠᠬᠳᠠᠭ᠋ᠠᠨᠤ ᠭᠠᠵᠠᠷ᠎ᠲᠤ ᠪᠤᠳᠠᠰ᠎ᠤᠨ ᠬᠡᠷᠡᠴᠢ ᠪᠤᠢ᠂ ᠬᠡᠷᠡᠴᠢᠯᠡᠬᠦ ᠬᠦᠮᠦᠨ ᠴᠦ᠍ ᠪᠤᠢ᠂ ᠴᠢ ᠰᠠᠢ᠌ᠬᠠᠨ ᠪᠤᠳᠤᠵᠤ ᠦᠵᠡ》 ᠭᠡᠵᠤ ᠰᠦᠷᠳᠡᠬᠦᠯᠵᠡᠢ᠃
ᠲᠠᠢ᠌ᠰᠤᠨ ᠦᠨᠡᠬᠡᠷ ᠴᠦ᠍ ᠶᠠᠡᠭ ᠵᠢᠡᠭ ᠢᠤᠢ ᠵᠢᠨ ᠰᠠᠭᠤᠵᠤ ᠪᠠᠢ᠌ᠬᠰᠠᠨ ᠬᠡᠷ᠎ᠠᠴᠠ ᠮᠠᠲᠸᠷᠢᠶᠠᠯ ᠵᠡᠷᠬᠡ ᠲᠠᠷᠤᠮᠠᠯᠯᠠᠬᠰᠠᠨ ᠶᠠᠭᠤᠮᠠᠰ᠎ᠢ ᠨᠡᠡᠭ᠎ᠵᠢᠨ ᠭᠠᠷᠭ᠋ᠠᠵᠠᠢ᠃ ᠶᠠᠡᠭ ᠵᠢᠡᠭ ᠢᠤᠢ ᠡᠳᠡᠬᠡᠷ 《ᠪᠤᠳᠠᠰ᠎ᠤᠨ ᠬᠡᠷᠡᠴᠢ》 ᠵᠢᠨ ᠡᠮᠦᠨ᠎ᠡ᠄ 《ᠲᠠᠷᠤᠮᠠᠯᠯᠠᠬᠰᠠᠨ ᠶᠠᠭᠤᠮ᠎ᠠ ᠮᠢᠨᠤᠬᠢ᠂ ᠬᠡᠪᠡᠴᠤ ᠪᠤᠰᠤᠳ ᠬᠦᠮᠦᠨ ᠨᠠᠳᠠ᠎ᠳᠤ ᠡᠮ ᠬᠦᠷᠬᠡᠵᠤ ᠢᠷᠡᠬᠦ᠎ᠳᠤ᠎ᠪᠠᠨ ᠦᠭᠪᠡ᠂ ᠪᠢ ᠮᠠᠲᠸᠷᠢᠶᠠᠯ ᠭᠡᠵᠤ ᠮᠡᠳᠡᠬᠦ ᠦᠬᠡᠢ᠂ ᠪᠢ ᠬᠡᠷᠪᠡ ᠡᠪ ᠬᠠᠮᠳᠤ ᠨᠠᠮ᠎ᠤᠨ ᠬᠡᠰᠢᠬᠦᠨ ᠪᠤᠯ ᠬᠤᠷᠢᠭ᠎ᠠ᠎ᠲᠠᠢ ᠶᠠᠭᠤᠮ᠎ᠠ ᠵᠢ ᠶᠠᠭᠤᠨ᠎ᠳᠤ ᠢᠯᠨ ᠲᠠᠯᠪᠢᠨ᠎ᠠ ᠳ᠋ᠠ?》 ᠭᠡᠵᠤ ᠲᠠᠢ᠌ᠪᠤᠭᠤᠬᠠᠨ ᠬᠠᠷᠢᠭᠤᠯᠵᠠᠢ᠃
ᠤᠤᠯ ᠨᠢ ᠰᠠᠷ᠎ᠠ ᠵᠢᠨ ᠡᠮᠦᠨ᠎ᠡ ᠸᠠᠡᠭ ᠵᠸᠨ ᠰᠢᠶᠠᠡᠭ ᠪᠤᠯᠤᠨ ᠪᠤᠰᠤᠳ ᠭᠠᠷ ᠲᠤᠤᠷᠠᠬᠢ ᠬᠦᠮᠦᠰ᠎ᠨᠢ ᠯᠤᠤ ᠬᠤ᠌ᠲᠠᠢ ᠨᠡᠬᠦᠷᠡᠰᠤᠨ᠎ᠤ ᠠᠭᠤᠷᠬᠠᠢ ᠵᠢᠨ ᠤᠢ᠌ᠷ᠎ᠠ ᠬᠠᠪᠢ᠎ᠪᠠᠷ ᠤᠬᠠᠭᠤᠯᠭ᠎ᠠ ᠵᠢᠨ ᠬᠠᠭᠤᠳᠠᠰᠤ ᠲᠠᠷᠬᠠᠭ᠋ᠠᠵᠤ ᠪᠠᠢ᠌ᠬᠰᠠᠭ᠋ᠠᠷ ᠪᠠᠷᠢᠬᠳᠠᠵᠤ᠂ ᠡᠷᠡᠬᠦᠳᠡᠬᠦ ᠵᠢ ᠲᠠᠭ᠋ᠠᠬᠰᠠᠨ ᠦᠬᠡᠢ ᠤᠷᠪᠠᠵᠤ ᠶᠠᠡᠭ ᠵᠢᠡᠭ ᠢᠤᠢ ᠪᠠ ᠪᠤᠰᠤᠳ 11 ᠨᠠᠮ᠎ᠤᠨ ᠬᠡᠰᠢᠬᠦᠨ᠎ᠤ ᠨᠡᠷ᠎ᠡ ᠵᠢ ᠲᠤᠰᠢᠶᠠᠬᠰᠠᠨ ᠪᠠᠢ᠌ᠯ᠎ᠠ᠃
ᠲᠠᠢ᠌ᠰᠤᠨ ᠶᠠᠡᠭ ᠵᠢᠡᠭ ᠢᠤᠢ ᠵᠢ ᠡᠬᠡᠯᠵᠢ᠎ᠪᠠᠷ ᠰᠢᠬᠦᠨ ᠠᠰᠠᠭᠤᠬᠰᠠᠨ ᠪᠦᠬᠡᠳ ᠡᠷᠡᠬᠦᠳᠡᠵᠤ᠂ ᠬᠠᠮᠠᠷ ᠵᠶ᠋ᠡᠷ᠎ᠨᠢ ᠨᠡᠬᠦᠷᠡᠰᠤᠨ᠎ᠤ ᠲᠤᠰᠤ ᠪᠠ ᠬᠠᠯᠠᠭᠤᠨ ᠨᠤᠭᠤᠭ᠎ᠠ᠎ᠲᠠᠢ ᠤᠰᠤ ᠴᠢᠣᠬᠣᠬᠣ ᠡᠷᠡᠭᠦᠦ᠂ ᠰᠠᠨᠳᠠᠯᠢ ᠵᠢᠨ ᠡᠷᠡᠭᠦᠦ᠂ ᠰᠢᠳᠠᠮ ᠵᠶ᠋ᠠᠷ ᠬᠥᠯ ᠳᠠᠷᠣᠬᠣ ᠡᠷᠡᠭᠦᠦ᠂ ᠭᠠᠷ ᠬᠥᠯ᠎ᠳᠤᠨᠢ ᠭᠠᠪᠠ ᠲᠦᠩᠭᠡ ᠵᠡᠭᠦᠯᠭᠡᠵᠦ ᠬᠡᠷᠡᠮ ᠳᠡᠭᠡᠷ᠎ᠡ ᠠᠯᠳᠠᠯᠠᠨ ᠡᠯᠭᠦᠬᠦ ᠡᠷᠡᠭᠦᠦ ᠵᠡᠷᠬᠡ᠎ᠪᠠᠷ ᠲᠠᠪᠤᠨ ᠵᠢᠷᠭᠤᠭ᠋ᠠᠨ ᠰᠦᠨᠢ ᠲᠠᠮᠤᠯᠠᠵᠠᠢ᠃ ᠬᠡᠰᠡᠨ ᠪᠤᠯᠪᠠᠴᠤ ᠲᠡᠷᠨ ᠨᠠᠮ᠎ᠤᠨ ᠵᠤᠬᠢᠶᠠᠨ ᠪᠠᠢ᠌ᠭᠤᠯᠤᠯᠳᠠ ᠵᠢᠨ ᠨᠢᠭᠤᠴᠨ ᠵᠢ ᠵᠠᠳᠠᠷᠠᠭᠤᠯᠤᠬᠰᠠᠨ ᠦᠬᠡᠢ᠂ ᠲᠠᠢ᠌ᠰᠤᠨᠢ ᠨᠠᠮᠵᠢᠭᠤᠨ ᠲᠠᠢ᠌ᠪᠤᠭᠤᠪᠠᠷ ᠠᠷᠭ᠋ᠠᠴᠠᠭ᠋ᠠᠪᠠ᠃
ᠶᠠᠡᠭ ᠵᠢᠡᠭ ᠢᠤᠢ ᠬᠡᠳᠤᠢ᠎ᠪᠠᠷ ᠶᠠᠭᠤ ᠴᠦ᠍ ᠲᠤᠰᠢᠶᠠᠬᠰᠠᠨ ᠦᠬᠡᠢ ᠪᠤᠯᠪᠠᠴᠤ ᠶᠠᠫᠥᠨᠤ ᠴᠠᠬᠳᠠᠭ᠎ᠠ 《ᠹᠦᠱ᠌ᠦ᠋ᠨ᠎ᠤ ᠡᠮᠬᠢ ᠲᠢᠭᠯᠢᠮ᠎ᠢ ᠰᠠᠮᠠᠭᠤᠷᠠᠭᠤᠯᠵᠤ᠂ ᠡᠪ ᠬᠠᠮᠳᠤ ᠵᠢᠨ ᠦᠵᠡᠯ᠎ᠢ ᠤᠬᠠᠭᠤᠯᠤᠨ᠂ ᠲᠤᠮᠳᠠᠳᠤ ᠤᠯᠤᠰ᠎ᠤᠨ ᠶᠡᠬᠡ ᠬᠤᠪᠢᠰᠤᠯ᠎ᠢ ᠬᠦᠬᠡᠬᠡᠴᠡᠯᠳᠤᠪᠡ》 ᠬᠡᠰᠡᠨ ᠶᠠᠯ᠎ᠠ ᠵᠡᠬᠦᠯᠬᠡᠵᠤ᠂ 1929 ᠤᠨ᠎ᠤ 9 ᠳ᠋ᠤᠬᠡᠷ ᠰᠠᠷ᠎ᠠ ᠵᠢᠨ 28᠎ᠤ ᠡᠳᠤᠷ ᠶᠠᠡᠭ ᠵᠢᠡᠭ ᠢᠤᠢ ᠵᠢ ᠭᠤᠮᠢᠨᠳᠠᠡᠭᠤᠨ ᠵᠠᠰᠠᠭ᠎ᠤᠨ ᠤᠷᠳᠤᠨ᠎ᠤ ᠹᠦᠱ᠌ᠦ᠋ᠨ ᠰᠢᠶᠠᠨ᠎ᠤ ᠠᠮᠤᠷ᠎ᠢ ᠬᠠᠮᠠᠭ᠋ᠠᠯᠠᠬᠤ ᠲᠤᠪᠴᠢᠶᠠᠨ᠎ᠳᠤ ᠲᠤᠰᠢᠶᠠᠨ ᠦᠭᠴᠡᠢ᠃
ᠬᠢᠨᠳᠠᠨ᠎ᠳᠤ ᠶᠠᠡᠭ ᠵᠢᠡᠭ ᠢᠤᠢ ᠢᠳᠡᠪᠬᠢᠳᠡᠢ᠎ᠪᠠᠷ ᠠᠵᠢᠯᠯᠠᠭ᠋ᠠᠨ ᠬᠢᠵᠤ᠂ ᠬᠢᠨᠳᠠᠨ᠎ᠤ ᠬᠠᠷᠠᠭᠤᠯᠢ ᠤᠬᠠᠭᠤᠯᠵᠤ ᠪᠠᠢ᠌ᠭ᠋ᠠᠳ ᠤᠳᠠᠬᠰᠠᠨ ᠦᠬᠡᠢ ᠲᠤᠭᠤᠭ᠋ᠠᠨ ᠬᠡᠷ᠂ ᠤᠶᠤᠳᠠᠯ᠎ᠤᠨ ᠭᠠᠵᠠᠷ᠂ ᠡᠮᠴᠢᠯᠡᠬᠡᠨ᠎ᠤ ᠭᠠᠵᠠᠷ ᠵᠶ᠋ᠡᠷ ᠤᠷᠤᠵᠤ ᠭᠠᠷᠴᠤ ᠪᠤᠯᠬᠤ ᠰᠤᠯᠨ ᠠᠵᠢᠯ᠎ᠤᠨ ᠲᠦᠷᠤᠬᠦᠤ ᠪᠤᠯᠵᠠᠢ᠃ ᠲᠡᠷᠨ ᠡᠨᠡ ᠬᠦ᠌ ᠲᠦᠬᠦᠮ ᠨᠦᠬᠦᠴᠡᠯ᠎ᠢ ᠠᠰᠢᠬᠯᠠᠨ ᠡᠵᠡᠷᠭᠡᠭ ᠲᠦᠷᠢᠮᠡᠬᠡᠢ᠌ᠳᠡᠨᠢ ᠡᠰᠡᠷᠬᠦᠴᠡᠵᠤ ᠤᠯᠤᠰ ᠵᠶ᠋ᠡᠨ ᠬᠠᠢ᠌ᠷᠠᠯᠠᠬᠤ ᠦᠵᠡᠯ᠎ᠢ ᠤᠬᠠᠭᠤᠯᠤᠨ᠂ ᠬᠢᠨᠳᠡᠨ᠎ᠳᠤ ᠬᠠᠮᠳᠤ ᠪᠠᠢ᠌ᠬᠰᠠᠳ ᠵᠶ᠋ᠡᠨ ᠪᠦᠯᠬᠦᠮᠳᠡᠨ ᠲᠡᠮᠡᠴᠡᠬᠦ ᠵᠢ ᠲᠠᠢ᠌ᠴᠢᠯᠠᠪᠠ᠃
ᠬᠢᠨᠳᠡᠨ ᠳᠤ ᠵᠤᠤ ᠰᠢᠶᠤᠤ ᠯᠢᠤ ᠬᠡᠳᠡᠭ 《ᠶᠠᠯᠠᠳᠠᠨ》 ᠪᠠᠢ᠌ᠳᠠᠭ᠂ ᠸᠠᠡᠭ ᠤᠪᠤᠬᠳᠤ ᠡᠪᠦᠬᠡᠨ ᠪᠠᠶᠠᠨ᠎ᠳᠤ ᠬᠦᠳᠬᠡᠭᠳᠡᠵᠤ 《ᠭᠠᠯ ᠲᠠᠯᠪᠢᠬᠰᠠᠨ ᠶᠠᠯ᠎ᠠ》᠎ᠪᠠᠷ ᠪᠠᠷᠢᠬᠳᠠᠵᠤ ᠬᠢᠨᠳᠡᠨ ᠵᠢ ᠬᠤᠷᠢᠬᠳᠠᠵᠠᠢ᠃ ᠵᠤᠤ ᠰᠢᠶᠤᠤ ᠯᠢᠤ᠂ ᠸᠠᠡᠭ ᠤᠪᠤᠬᠳᠤ ᠡᠪᠤᠬᠡᠨ ᠪᠠᠶᠠᠨ᠎ᠤ ᠲᠡᠬᠡᠷᠡᠮ᠎ᠳᠤ ᠶᠠᠪᠤᠭᠤᠯᠤᠬᠰᠠᠨ ᠵᠠᠬᠢᠳᠠᠯ᠎ᠢ ᠬᠦᠷᠬᠡᠵᠤ ᠦᠡᠭᠭᠡᠷᠡᠭᠰᠡᠨ ᠶᠤᠮ᠂ ᠬᠡᠳᠡᠯ᠎ᠡ ᠸᠠᠡᠭ ᠤᠪᠤᠬᠳᠤ ᠡᠪᠦᠬᠡᠨ ᠪᠠᠶᠠᠨ᠎ᠤ ᠦᠰᠢᠶᠡᠳᠡᠨ ᠪᠠ ᠶᠸ ᠲᠡᠬᠡᠷᠡᠮᠳᠡᠭᠳᠡᠭᠰᠡᠨᠳᠤ ᠵᠣᠣ ᠰᠢᠶᠤᠤ ᠯᠢᠤ ᠬᠢᠯᠢᠰ ᠵᠶ᠋ᠡᠷ ᠬᠢᠨᠳᠡᠨ᠎ᠳᠤ ᠤᠷᠤᠬᠰᠠᠨᠢ ᠶᠠᠡᠭ ᠵᠢᠡᠭ ᠢᠤᠢ ᠮᠡᠳᠡᠵᠡᠢ᠃ ᠡᠢ᠌ᠨ ᠬᠦ᠌ ᠶᠠᠡᠭ ᠵᠢᠡᠭ ᠢᠤᠢ ᠵᠤᠤ ᠰᠢᠶᠤᠤ ᠯᠢᠤ ᠵᠢ ᠲᠦᠯᠦᠬᠡᠯᠡᠨ ᠪᠠ ᠶᠸᠳᠤ ᠵᠠᠬᠢᠳᠠᠯ ᠪᠢᠴᠢᠵᠤ᠄ 《ᠦᠴᠤᠬᠡᠨ ᠠᠴᠢ ᠬᠦᠪᠡᠬᠦᠨ ᠴᠢᠨᠢ ᠲᠤᠰ ᠲᠤᠰᠬᠤᠨ᠎ᠤ ᠸᠠᠡᠭ ᠤᠪᠤᠬᠳᠤ ᠡᠪᠦᠬᠡᠨ ᠪᠠᠶᠠᠨ᠎ᠳᠤ ᠬᠦᠳᠬᠡᠭᠳᠡᠭᠡᠳ ᠤᠳᠤ ᠶᠠᠭ ᠹᠸᠡᠭᠲ᠋ᠢᠶᠠᠨᠤ ᠬᠢᠨᠳᠠᠨ᠎ᠳᠤ ᠰᠠᠭᠤᠵᠤ ᠪᠠᠢ᠌ᠨ᠎ᠠ᠃ ᠲᠠ ᠬᠡᠷᠪᠡ ᠮᠢᠨᠤ ᠡᠮᠦᠨ᠎ᠡ᠎ᠠᠴᠠ ᠵᠠᠷᠭᠤᠯᠳᠤᠪᠠᠯ ᠲᠡᠬᠡᠷᠡᠮ᠎ᠳᠤ ᠴᠢᠮᠡᠬᠡ ᠦᠭᠭᠦᠭᠰᠡᠨ ᠬᠦᠮᠦᠨ᠎ᠢ ᠪᠢ ᠴᠢᠮ᠎ᠠ᠎ᠳᠤ ᠬᠡᠯᠡᠵᠤ ᠦᠭᠭᠦᠶ᠎ᠡ》 ᠬᠡᠵᠡᠢ᠃ ᠡᠨᠡ ᠵᠠᠬᠢᠳᠠᠯ᠎ᠢ ᠤᠯᠤᠭ᠋ᠠᠳ ᠪᠠ ᠶᠸ᠂ ᠵᠤᠤ ᠰᠢᠶᠤᠤ ᠯᠢᠤ᠎ᠲᠠᠢ ᠲᠡᠷᠨ ᠲᠠᠷᠤᠢ ᠢᠷᠠᠵᠤ ᠠᠭᠤᠯᠵᠠᠯ᠎ᠠ᠃ ᠵᠤᠤ ᠰᠢᠶᠤᠤ ᠯᠢᠤ ᠪᠠᠢ᠌ᠳᠠᠯ᠎ᠢ ᠬᠡᠯᠡᠵᠤ ᠦᠭᠭᠦᠭᠰᠡᠨ᠎ᠤ ᠬᠤᠢ᠌ᠨ᠎ᠠ ᠪᠠ ᠶᠸ ᠴᠠᠬᠳᠠᠭ᠋ᠠᠨᠤ ᠲᠤᠪᠴᠢᠶᠠᠨ᠎ᠳᠤ ᠲᠠᠷᠤᠢ᠌ᠬᠠᠨ ᠬᠦᠷᠴᠤ ᠸᠠᠡᠭ ᠤᠪᠤᠬᠳᠤ ᠡᠪᠦᠬᠡᠨ ᠪᠠᠶᠠᠨ᠎ᠤ ᠲᠡᠬᠡᠷᠡᠮ᠎ᠲᠠᠢ ᠰᠦᠯᠪᠡᠬᠡᠯᠳᠤᠵᠤ ᠵᠤᠤ ᠰᠢᠶᠤᠤ ᠯᠢᠤ ᠵᠢ ᠬᠦᠳᠭᠡᠭᠰᠡᠨ ᠦᠨᠡᠨ ᠪᠠᠢ᠌ᠳᠠᠯ᠎ᠢ ᠵᠠᠭ᠋ᠠᠯᠳᠤᠵᠠᠢ᠃ ᠸᠠᠡᠭ ᠤᠪᠤᠬᠳᠤ ᠡᠪᠦᠬᠡᠨ ᠪᠠᠶᠠᠨ ᠤᠳᠠᠬᠰᠠᠨ ᠦᠬᠡᠢ ᠬᠤᠷᠢᠬᠳᠠᠵᠤ ᠪᠠᠢ᠌ᠴᠠᠭ᠋ᠠᠭᠳᠠᠭ᠋ᠠᠳ᠂ ᠵᠤᠤ ᠰᠢᠶᠤᠤ ᠯᠢᠤ ᠶᠠᠯ᠎ᠠ ᠦᠬᠡᠢ᠎ᠪᠠᠷ ᠰᠤᠯᠠᠯᠠᠬᠳᠠᠬᠰᠠᠨ ᠮᠦᠷᠳᠡᠬᠡᠨ ᠸᠠᠡᠭ ᠤᠪᠤᠬᠳᠤ ᠡᠪᠦᠬᠡᠨ ᠪᠠᠶᠠᠨ 3 ᠮᠤ᠌ ᠲᠠᠷᠢᠶᠠᠨ ᠭᠠᠵᠠᠷ᠎ᠢ᠎ᠨᠢ ᠪᠤᠴᠠᠭ᠋ᠠᠨ ᠦᠭᠭᠦᠭᠰᠡᠨ ᠪᠦᠬᠡᠳ ᠬᠢᠨᠳᠠᠨ᠎ᠳᠤ ᠰᠠᠭᠤᠬᠰᠠᠨ ᠲᠦᠯᠦᠪᠤᠷᠢ ᠭᠡᠵᠤ ᠵᠤᠤ ᠰᠢᠶᠤᠤ ᠯᠢᠤ᠎ᠳᠤ 300 ᠲᠦᠬᠦᠷᠢᠭ ᠦᠭᠴᠡᠢ᠃ ᠵᠤᠤ ᠰᠢᠶᠤᠤ ᠯᠢᠤ ᠰᠤᠯᠠᠯᠠᠬᠳᠠᠬᠰᠠᠨ ᠲᠡᠷᠨ ᠡᠳᠤᠷ ᠶᠠᠡᠭ ᠵᠢᠡᠭ ᠢᠤᠢ᠎ᠳᠤ ᠭᠤᠷᠪᠠ ᠮᠦᠷᠬᠦᠬᠡᠳ᠄ 《ᠲᠠᠨ᠎ᠤ ᠠᠴᠢ ᠡᠨᠡᠷᠢᠯ᠎ᠢ ᠪᠢᠳᠡᠨ᠎ᠤ ᠪᠦᠬᠦ ᠬᠡᠷ ᠵᠶ᠋ᠡᠷ ᠵᠶ᠋ᠡᠨ ᠦᠶ᠎ᠡ ᠵᠢᠨ ᠦᠶ᠎ᠡ᠎ᠳᠤ ᠮᠠᠷᠳᠠᠬᠤ ᠦᠬᠡᠢ》 ᠬᠡᠵᠡᠢ᠃ ᠡᠨᠡ ᠶᠠᠪᠤᠳᠠᠯ᠎ᠤᠨ ᠲᠠᠷᠠᠭ᠎ᠠ ᠤᠯᠠᠨ ᠵᠶ᠋ᠡᠷ ᠵᠶ᠋ᠡᠨ 《ᠦᠨᠳᠤᠷ ᠵᠠᠡᠭ》᠎ᠢ ᠲᠠᠭᠤ ᠠᠯᠳᠠᠨ ᠪᠢᠰᠢᠷᠡᠬᠦ ᠪᠤᠯᠪᠠ᠃
ᠬᠢᠨᠳᠡᠨᠤ ᠬᠠᠮᠢᠶᠠᠷᠤᠬ᠍ᠴᠢᠳ ᠬᠤᠭᠤᠯᠨ ᠪᠤᠳᠠᠭ᠋ᠠᠨ᠎ᠤ ᠨᠦᠬᠦᠪᠤᠷᠢ ᠵᠢ ᠲᠡᠰ ᠲᠡᠰ ᠵᠶ᠋ᠡᠷ ᠱᠤᠯᠤᠨ ᠮᠦᠯᠵᠢᠵᠤ 《ᠶᠠᠯᠠᠳᠠᠳ》᠎ᠤᠨ ᠠᠮᠠᠨ᠎ᠳᠤ ᠤᠷᠤᠬᠤ ᠳᠤ ᠰᠢᠡᠭᠭᠡᠨ ᠱᠤᠡᠭᠭ᠋ᠠᠨ ᠶᠠᠭᠤᠮ᠎ᠠ ᠪᠤᠯᠳᠠᠭ᠃ ᠠᠮᠢᠳᠤᠷᠠᠯ᠎ᠤᠨ ᠨᠦᠬᠦᠴᠡᠯ᠎ᠢ ᠰᠠᠢ᠌ᠵᠢᠷᠠᠭᠤᠯᠬᠤ ᠵᠢᠨ ᠲᠦᠯᠦᠬᠡ ᠶᠠᠡᠭ ᠵᠢᠡᠭ ᠢᠤᠢ ᠪᠠᠢ᠌ᠡᠭᠭᠤ 《ᠶᠠᠯᠠᠳᠠᠳ》᠎ᠢ ᠵᠤᠬᠢᠶᠠᠨ ᠪᠠᠢ᠌ᠭᠤᠯᠤᠨ ᠬᠢᠨᠳᠡᠨ ᠬᠠᠮᠢᠶᠠᠷᠤᠬ᠍ᠴᠢᠳᠲᠠᠢ ᠲᠡᠮᠡᠴᠡᠳᠡᠭ᠃ 1931 ᠤᠨ᠎ᠤ ᠴᠠᠭ᠋ᠠᠨ ᠰᠠᠷ᠎ᠠ ᠬᠢᠨᠳᠡᠨ᠎ᠠᠴᠠ 《ᠡᠨᠡᠷᠢᠯ᠎ᠳᠤ ᠵᠠᠰᠠᠭ》 ᠬᠡᠳᠡᠭ ᠵᠶ᠋ᠡᠨ ᠢᠯᠡᠳᠬᠡᠬᠦ ᠵᠢᠨ ᠲᠦᠯᠦᠬᠡ ᠴᠠᠭ᠋ᠠᠨ ᠰᠠᠷ᠎ᠠ ᠵᠢᠨ ᠰᠢᠨ᠎ᠡ ᠵᠢᠨ ᠨᠢᠬᠡᠨ᠎ᠳᠤ 《ᠶᠠᠯᠠᠳᠠᠳ》᠎ᠲᠤ ᠨᠢᠬᠡ ᠴᠠᠭ ᠴᠠᠭ᠋ᠠᠨ ᠭᠤᠯᠢᠷ᠎ᠤᠨ ᠮᠠᠨᠳᠠᠤ᠂ ᠭᠠᠬᠠᠢ ᠵᠢᠨ ᠮᠢᠬ᠎ᠠ᠂ ᠭᠤᠯᠭᠤᠷᠠᠰᠢᠲᠠᠢ ᠵᠠᠭᠤᠰᠢ ᠢᠳᠡᠬᠦᠯᠬᠦ᠎ᠪᠠᠷ ᠪᠤᠯᠵᠠᠢ᠃ ᠬᠡᠳᠡᠯ᠎ᠡ ᠴᠠᠭ᠋ᠠᠨ ᠭᠤᠯᠢᠷ᠎ᠤᠨ ᠮᠠᠨᠳᠠᠤᠳᠤᠪᠠᠨ 1\3 ᠡᠷᠳᠡᠨᠢ ᠰᠢᠰᠢ ᠵᠢᠨ ᠭᠤᠯᠢᠷ ᠬᠤᠯᠢᠵᠤ ᠨᠤᠭᠤᠭ᠎ᠠ᠎ᠳᠤᠨᠢ ᠲᠡᠮᠡᠢ ᠬᠡᠳᠤᠨ ᠬᠡᠰᠡᠭ ᠮᠢᠬ᠎ᠠ ᠦᠬᠡᠢ ᠵᠢ ᠶᠠᠡᠭ ᠵᠢᠡᠭ ᠲᠤᠭᠤᠭ᠋ᠠᠨ ᠬᠡᠷ᠎ᠠᠴᠠ ᠤᠯᠵᠤ ᠮᠡᠳᠡᠵᠡᠢ᠃ ᠶᠠᠡᠭ ᠵᠢᠡᠭ ᠢᠤᠢ ᠡᠨᠡ ᠲᠤᠬᠢᠶᠠᠯ᠎ᠢ ᠠᠰᠢᠬᠯᠠᠨ ᠬᠢᠨᠳᠡᠨ᠎ᠳᠤ ᠪᠠᠢ᠌ᠬᠰᠠᠳᠢ ᠵᠤᠬᠢᠶᠠᠨ ᠪᠠᠢ᠌ᠭᠤᠯᠵᠤ ᠨᠢᠬᠡ ᠤᠳᠠᠭ᠋ᠠᠨ᠎ᠤ ᠲᠡᠮᠡᠴᠡᠯ ᠦᠷᠨᠢᠬᠦᠯᠬᠦ᠎ᠪᠠᠷ ᠪᠤᠯᠪᠠ᠃
ᠴᠠᠭ᠋ᠠᠨ ᠰᠠᠷ᠎ᠠ ᠵᠢᠨ ᠰᠢᠨ᠎ᠡ ᠵᠢᠨ ᠨᠢᠬᠡᠨᠤ ᠦᠷᠯᠦᠬᠡ ᠬᠢᠨᠳᠡᠨᠤ ᠰᠤᠯᠨ ᠠᠯᠪᠠ ᠬᠠᠭ᠋ᠠᠴᠢᠳ ᠪᠤᠳᠠᠭ᠎ᠠ ᠨᠤᠭᠤᠭ᠎ᠠ ᠵᠢ ᠴᠢᠨᠠᠵᠤ ᠪᠤᠯᠭᠤᠭ᠋ᠠᠬᠰᠠᠨᠤ ᠲᠠᠷᠠᠭ᠎ᠠ 《ᠶᠠᠯᠠᠳᠠᠳ》 ᠬᠤᠭᠤᠯᠨ ᠠᠪᠬᠤ᠎ᠪᠠᠷ ᠤᠴᠢᠬᠰᠠᠨ ᠬᠦᠮᠦᠨ ᠦᠬᠡᠢ᠃ ᠬᠢᠨᠳᠡᠨᠤ ᠬᠠᠷᠠᠭᠤᠯ ᠡᠨᠡ ᠪᠠᠢ᠌ᠳᠠᠯ᠎ᠢ ᠦᠵᠡᠬᠡᠳ ᠲᠠᠷᠤᠢ ᠬᠢᠨᠳᠡᠨᠤ ᠲᠠᠷᠤᠭᠠᠳᠤᠪᠠᠨ ᠮᠡᠳᠡᠬᠦᠯᠪᠡ᠃ ᠬᠢᠨᠳᠡᠨᠤ ᠬᠠᠮᠢᠶᠠᠷᠤᠯᠳᠠ ᠵᠢᠨ ᠭᠠᠵᠠᠷ᠎ᠠᠴᠠ ᠨᠢᠬᠡ ᠰᠠᠯᠠᠭ᠋ᠠᠨ ᠲᠠᠷᠤᠭ᠎ᠠ ᠲᠤᠮᠢᠯᠠᠵᠤ 《ᠶᠠᠯᠠᠳᠠᠳ》᠎ᠤᠨ ᠱᠠᠭ᠋ᠠᠷᠳᠠᠯᠭ᠎ᠠ ᠵᠢ ᠰᠤᠨᠤᠰᠴᠠᠢ᠂ ᠶᠠᠡᠭ ᠵᠢᠡᠭ ᠢᠤᠢ 《ᠶᠠᠯᠠᠳᠠᠳ》᠎ᠢ ᠲᠦᠯᠦᠬᠡᠯᠡᠨ ᠬᠤᠭᠤᠯᠨ ᠪᠤᠳᠠᠭ᠋ᠠᠨ᠎ᠤ ᠴᠢᠨᠠᠷ᠎ᠲᠤ ᠰᠡᠵᠢᠭ᠎ᠲᠠᠢ ᠪᠠᠢ᠌ᠭ᠎ᠠ᠎ᠪᠠᠨ ᠬᠡᠯᠡᠵᠡᠢ᠃ ᠴᠢᠤᠢ ᠤᠪᠤᠬᠳᠤ ᠬᠢᠨᠳᠡᠨᠤ ᠲᠠᠷᠤᠭ᠎ᠠ 《ᠶᠠᠯᠠᠳᠠᠳ》 ᠬᠡᠷᠡᠭ ᠡᠳᠦᠬᠦ᠎ᠠᠴᠠ ᠠᠶᠤᠵᠤ ᠤᠯᠠᠨ᠎ᠤ ᠱᠠᠭ᠋ᠠᠷᠳᠠᠯᠭ᠎ᠠ ᠵᠢ ᠠᠷᠭ᠎ᠠ ᠪᠤᠰᠤ ᠬᠦᠯᠢᠶᠡᠨ ᠠᠪᠴᠤ᠂ ᠤᠷᠢᠳ ᠵᠶ᠋ᠡᠷ ᠬᠤᠭᠤᠯᠨ᠎ᠪᠠᠨ ᠢᠳᠡᠴᠢᠬᠡ᠂ ᠰᠢᠨ᠎ᠡ ᠵᠢ ᠬᠤᠶᠠᠷ᠎ᠲᠤ ᠴᠠᠭ᠋ᠠᠨ ᠭᠤᠯᠢᠷ᠎ᠤᠨ ᠮᠠᠨᠳᠠᠤ ᠬᠢᠵᠤ ᠢᠳᠡᠬᠦᠯᠬᠦ᠎ᠪᠠᠷ ᠪᠤᠯᠤᠬᠰᠠᠨ᠎ᠤ ᠬᠠᠮᠳᠤ ᠨᠤᠭᠤᠭ᠎ᠠ ᠵᠠᠭᠤᠰᠢᠳᠤᠪᠠᠨ ᠭᠠᠬᠠᠢ ᠵᠢᠨ ᠮᠢᠬ᠎ᠠ ᠰᠠᠢ᠌ᠨ ᠬᠢᠬᠦ᠎ᠪᠠᠷ ᠢᠯᠡᠳᠬᠡᠵᠤ᠂ ᠪᠠᠰᠨ ᠰᠡᠬᠦᠯᠡᠷ ᠬᠤᠭᠤᠯᠨ ᠪᠤᠳᠠᠭ᠎ᠠ ᠵᠢ ᠬᠡᠮᠵᠢᠶ᠎ᠡ ᠶᠤᠰᠤᠭ᠋ᠠᠷ᠎ᠨᠢ ᠬᠢᠵᠤ ᠢᠳᠡᠬᠦᠯᠤᠨᠡ ᠭᠡᠵᠤ ᠠᠮᠠᠯᠠᠵᠠᠢ᠃ ᠡᠨᠡ ᠤᠳᠠᠭ᠋ᠠᠨ᠎ᠤ ᠲᠡᠮᠡᠴᠡᠯ ᠮᠥᠨ ᠢᠯᠠᠯᠳᠠ ᠤᠯᠤᠯ᠎ᠠ᠃
1931 ᠤᠨ᠎ᠤ 4 ᠳ᠋ᠤᠬᠡᠷ ᠰᠠᠷ᠎ᠠ ᠵᠢᠨ ᠰᠡᠬᠦᠯᠴᠢ᠎ᠪᠠᠷ ᠶᠠᠡᠭ ᠵᠢᠡᠭ ᠢᠤᠢ ᠰᠤᠯᠠᠯᠠᠬᠳᠠᠪᠠ᠃ ᠬᠢᠨᠳᠡᠨ᠎ᠠᠴᠠ ᠭᠠᠷᠤᠬᠰᠠᠨᠤ ᠭᠤᠷᠪᠠᠳᠠᠬᠢ ᠡᠳᠤᠷ ᠬᠠᠷᠢᠯᠴᠠᠨ ᠲᠤᠰᠠᠯᠠᠬᠤ ᠬᠤᠷᠠᠯ᠎ᠤᠨ ᠨᠢᠬᠡ ᠨᠦᠬᠦᠷ ᠪᠠᠷᠢᠪᠴᠢᠯᠠᠬᠳᠠᠬᠰᠠᠨᠳᠤ ᠲᠠᠢ᠌ᠰᠤᠨ ᠡᠨᠡ ᠨᠦᠬᠦᠷ᠎ᠤᠨ ᠡᠳᠤᠷ᠎ᠤᠨ ᠲᠡᠮᠳᠡᠭᠯᠡᠯ ᠲᠡᠬᠡᠷ᠎ᠡ᠎ᠠᠴᠠ ᠭᠤᠸᠠᠨ ᠢ ᠬᠡᠳᠡᠭ ᠨᠡᠷ᠎ᠡ ᠪᠠ ᠬᠠᠶᠢᠭ᠎ᠢ ᠤᠯᠵᠤ ᠮᠡᠳᠡᠪᠡ᠃ ᠶᠠᠡᠭ ᠵᠢᠡᠭ ᠢᠤᠢ ᠲᠠᠬᠢᠭ᠋ᠠᠳ ᠯᠨ ᠪᠠᠷᠢᠬᠳᠠᠵᠤ ᠬᠢᠨᠳᠡᠨ᠎ᠳᠤ ᠤᠷᠤᠯ᠎ᠠ᠃ ᠶᠠᠡᠭ ᠵᠢᠡᠭ ᠢᠤᠢ ᠲᠠᠪᠤᠳᠡᠬᠢ ᠤᠳᠠᠭ᠎ᠠ ᠬᠢᠨᠳᠡᠨ᠎ᠳᠤ ᠤᠷᠤᠵᠤ ᠪᠤᠢ᠎ᠨᠢ ᠡᠨᠡ᠃
《9 ·18》᠎ᠤ ᠬᠡᠷᠡᠭ ᠬᠤᠪᠢᠰᠤᠯ᠎ᠤᠨ ᠲᠠᠷᠠᠭ᠎ᠠ ᠲᠤᠮᠳᠠᠳᠤ ᠤᠯᠤᠰ᠎ᠤᠨ ᠡᠪ ᠬᠠᠮᠳᠤ ᠨᠠᠮ᠎ᠤᠨ ᠮᠠᠨᠵᠤ ᠮᠤᠵᠢ ᠵᠢᠨ ᠬᠤᠷᠢᠶ᠎ᠠ ᠲᠤᠬᠠᠢ ᠵᠢᠨ ᠪᠠᠢ᠌ᠳᠠᠯ᠎ᠤᠨ ᠦᠢ᠍ᠮᠡᠬᠡᠨ ᠰᠠᠮᠠᠭᠤᠨᠤ ᠠᠰᠢᠬᠳᠠᠢ ᠪᠠᠢ᠌ᠳᠠᠯ᠎ᠢ ᠠᠰᠢᠬᠯᠠᠨ ᠨᠠᠮ᠎ᠤᠨ ᠲᠦᠪ ᠬᠤᠷᠢᠶᠠᠨ᠎ᠳᠤ ᠨᠢᠭᠡ ᠪᠦᠯᠦᠭ ᠵᠠᠷᠤᠳᠠᠯ ᠮᠦᠡᠭᠭᠦ ᠪᠠᠭᠤᠯᠭ᠋ᠠᠵᠤ 《ᠬᠠᠷᠢᠴᠠᠭ᠎ᠠ》 ᠵᠢ ᠨᠡᠪᠳᠡᠷᠡᠬᠦᠯᠬᠦ᠎ᠪᠠᠷ ᠭᠤᠶᠤᠴᠢᠯᠠᠵᠤ ᠶᠠᠡᠭ ᠵᠢᠡᠭ ᠢᠤᠢ ᠵᠡᠷᠬᠡ ᠨᠢᠬᠡ ᠪᠦᠯᠦᠭ ᠡᠪ ᠬᠠᠮᠳᠤ ᠨᠠᠮ᠎ᠤᠨ ᠬᠡᠰᠢᠬᠦᠨ᠎ᠢ ᠬᠢᠨᠳᠡᠨ᠎ᠠᠴᠠ ᠠᠪᠤᠷᠠᠵᠤ ᠠᠪᠴᠠᠢ᠃ ᠶᠠᠡᠭ ᠵᠢᠡᠭ ᠢᠤᠢ ᠬᠤᠶᠠᠷ ᠵᠢᠯ᠎ᠤᠨ ᠭᠠᠳᠠᠨ᠎ᠠ ᠭᠤᠷᠪᠠᠨ ᠰᠠᠷ᠎ᠠ ᠵᠢᠨ ᠬᠢᠨᠳᠡᠨᠤ ᠠᠮᠢᠳᠤᠷᠠᠯ᠎ᠠᠴᠠ ᠰᠠᠯᠤᠬᠰᠠᠨ ᠪᠤᠯᠪᠠᠴᠤ ᠲᠠᠬᠢᠭ᠋ᠠᠳ ᠯᠨ ᠰᠢᠨ᠎ᠠ ᠪᠠᠢ᠌ᠯᠳᠤᠭ᠋ᠠᠨ᠎ᠳᠤ ᠭᠠᠪᠰᠢᠭ᠋ᠠᠢ᠌ᠯᠠᠯᠠ᠃
ᠲᠡᠷᠨ ᠪᠤᠯ ᠪᠦᠬᠡᠮ ᠭᠠᠯ ᠰᠢᠭ᠋ ᠶᠤᠮ᠂ ᠬᠠᠮᠢᠭ᠎ᠠ ᠤᠴᠢᠪᠠᠯ ᠲᠡᠨᠳᠡ ᠨᠠᠮ᠎ᠤᠨ ᠬᠠᠯᠠᠭᠤᠨ ᠲᠤᠯᠠᠭ᠋ᠠᠨ᠎ᠢ ᠬᠦᠷᠭᠡᠵᠤ᠂ ᠲᠡᠷᠨ ᠬᠠᠮᠢᠭ᠎ᠠ ᠪᠠᠢ᠌ᠪᠠᠯ ᠲᠡᠨᠳᠡᠬᠢ ᠪᠤᠳᠠᠷᠠᠬᠰᠠᠨ ᠡᠯᠡᠰᠤ ᠰᠢᠭ ᠪᠠᠢ᠌ᠳᠠᠯ ᠬᠣᠪᠢᠷᠠᠨ ᠪᠠᠳᠤ ᠪᠡᠬᠢ ᠴᠢᠯᠠᠭᠤ ᠪᠤᠯᠳᠠᠭ ᠪᠠᠢ᠌ᠯ᠎ᠠ᠃ ᠲᠡᠷᠨ ᠤᠯᠤᠰ ᠵᠶ᠋ᠡᠨ ᠬᠠᠢ᠌ᠷᠠᠯᠠᠬᠤ ᠤᠢ᠌ᠯᠠᠭ᠋ᠠᠬᠳᠠᠬᠤᠨ᠎ᠢ ᠬᠠᠮᠳᠤ ᠠᠵᠢᠯᠯᠠᠬ᠍ᠴᠢ ᠪᠤᠯᠭ᠋ᠠᠨ᠎ᠤ᠎ᠪᠠᠨ ᠤᠭᠤᠷᠠᠭ ᠲᠠᠷᠢᠬᠢᠨ᠎ᠳᠤ ᠰᠠᠴᠤᠵᠤ᠂ ᠨᠢᠳᠤᠨ᠎ᠳᠤ ᠦᠵᠡᠭᠳᠡᠵᠤ ᠭᠠᠷ᠎ᠲᠤ ᠪᠠᠷᠢᠬᠳᠠᠮ᠎ᠠ ᠪᠤᠳᠠᠳᠠᠢ ᠶᠤᠰᠤ ᠤᠴᠢᠷ ᠵᠶ᠋ᠡᠷ ᠬᠦᠮᠦᠨ ᠪᠤᠯᠭ᠋ᠠᠨ᠎ᠤ ᠪᠡᠶ᠎ᠡ ᠲᠡᠬᠡᠷᠡᠬᠢ ᠲᠡᠮᠡᠴᠡᠯ᠎ᠤᠨ ᠡᠰᠢ ᠠᠮᠢᠯᠠᠭᠤᠯᠵᠤ ᠴᠢᠳᠠᠬᠰᠠᠨ ᠶᠤᠮ᠃