ᠤᠷᠠᠨᠰᠡᠴᠡᠨ ᠰᠢᠯᠢ ᠵᠢᠨ ᠭᠣᠣᠯ᠎ᠤᠨ ᠲᠠᠯ᠎ᠠ ᠨᠤᠲᠤᠭ᠎ᠲᠤ ᠵᠠᠶᠠᠭ᠋ᠠᠵᠣ᠂ ᠣᠨᠠᠭ᠋ᠠᠨ ᠨᠠᠰᠣᠨ ᠠᠴᠠ᠎ᠪᠠᠨ ᠮᠠᠯᠴᠢᠨ ᠬᠦᠮᠦᠨ᠎ᠤ ᠠᠰᠪᠤᠷ ᠴᠠᠢ᠌ᠯᠭ᠋ᠠᠨ᠂ ᠡᠭᠡᠯ ᠪᠣᠷᠣᠭᠵᠢᠭᠣᠨ᠂ ᠠᠵᠢᠯᠴᠢ ᠬᠦᠳᠡᠯᠮᠦᠷᠢᠴᠢ᠂ ᠡᠨᠡᠷᠢᠭᠬᠦᠢ ᠵᠠᠩ ᠠᠷᠠᠨᠰᠢᠨ᠎ᠢ ᠦᠪᠯᠡᠭᠰᠡᠨ ᠶᠤᠮ᠃ ᠲᠡᠷᠡ᠎ᠪᠠᠷ 2005 ᠣᠨ᠎ᠠᠴᠠ ᠰᠢᠯᠢ ᠵᠢᠨ ᠭᠣᠣᠯ ᠠᠢ᠌ᠮᠠᠭ᠎ᠤᠨ ᠬᠡᠦᠭᠡᠳ᠎ᠤᠨ ᠠᠰᠠᠷᠠᠮᠵᠢ ᠵᠢᠨ ᠬᠦᠷᠢᠶᠡᠯᠡᠩ᠎ᠳᠤ ᠠᠵᠢᠯ᠎ᠤᠨ ᠭᠠᠷᠣᠭ᠎ᠠ᠎ᠪᠠᠨ ᠠᠪᠣᠭᠰᠠᠨ᠎ᠠᠴᠠ ᠨᠠᠭ᠋ᠠᠰᠢ᠂ ᠦᠨᠦᠴᠢᠨ ᠦᠷᠦᠭᠡᠰᠦᠨ ᠡᠷᠡᠮᠳᠡᠭ ᠵᠡᠷᠡᠮᠳᠡᠭ ᠬᠡᠦᠭᠡᠳ ᠪᠦᠬᠦᠨ᠎ᠢ ᠬᠠᠢ᠌ᠷ᠎ᠠ᠎ᠪᠠᠷ ᠵᠶ᠋ᠠᠨ ᠳᠣᠯᠠᠭ᠋ᠠᠯᠠᠵᠣ᠂ ᠴᠢᠩ ᠬᠠᠢ᠌ᠷ᠎ᠠ᠎ᠪᠠᠷ ᠵᠶ᠋ᠠᠨ ᠲᠡᠳᠡᠨ᠎ᠢ᠎ᠪᠠᠨ ᠬᠠᠯᠠᠮᠵᠢᠯᠠᠵᠣ ᠢᠷᠡᠵᠡᠢ᠃ ᠡᠢ᠌ᠨ ᠬᠦ᠌᠂ ᠡᠩ᠎ᠤᠨ ᠠᠷᠠᠳ᠎ᠤᠨ ᠶᠠᠪᠣᠳᠠᠯ᠎ᠤᠨ ᠠᠵᠢᠯᠲᠠᠨ᠎ᠠᠴᠠ᠎ᠪᠠᠨ ᠳᠡᠪᠰᠢᠭᠡᠳ᠂ ᠰᠢᠯᠢ ᠵᠢᠨ ᠭᠣᠣᠯ ᠠᠢ᠌ᠮᠠᠭ᠎ᠤᠨ ᠬᠡᠦᠭᠡᠳ᠎ᠤᠨ ᠠᠰᠠᠷᠠᠮᠵᠢ ᠵᠢᠨ ᠬᠦᠷᠢᠶᠡᠯᠡᠩ᠎ᠤᠨ ᠨᠠᠮ᠎ᠤᠨ ᠡᠭᠦᠷ᠎ᠤᠨ ᠳᠡᠳ᠋ ᠱᠦᠵᠢ᠂ ᠠᠯᠪᠠᠨ ᠭᠡᠷ᠎ᠤᠨ ᠡᠷᠬᠢᠯᠡᠭᠴᠢ ᠪᠣᠯᠪᠠ᠃ ᠣᠷᠠᠨᠰᠡᠴᠡᠨ ᠢᠮᠠᠭᠲᠠ ᠬᠦᠮᠦᠨ ᠵᠶ᠋ᠡᠷ ᠦᠨᠳᠦᠰᠦ ᠪᠣᠯᠭ᠋ᠠᠵᠣ᠂ ᠠᠷᠠᠳ᠎ᠤᠨ ᠬᠦᠴᠢᠷᠳᠡᠯ᠎ᠢ ᠰᠢᠢ᠍ᠳᠪᠦᠷᠢᠯᠡᠵᠦ᠂ ᠠᠷᠠᠳ᠎ᠲᠤ ᠦᠢ᠍ᠯᠡᠴᠢᠯᠡᠬᠦ ᠣᠬᠠᠪᠣᠷᠢ ᠵᠢ ᠪᠠᠷᠢᠮᠲᠠᠯᠠᠵᠣ᠂ ᠬᠡᠦᠭᠡᠳ᠎ᠤᠨ ᠠᠰᠠᠷᠠᠮᠵᠢ ᠵᠢᠨ ᠠᠵᠢᠯ ᠦᠢ᠍ᠯᠡᠰ ᠲᠤ᠎ᠪᠠᠨ《ᠠᠯᠢᠪᠠ ᠪᠦᠬᠦᠨ ᠬᠡᠦᠭᠡᠳ᠎ᠤᠨ ᠲᠦᠯᠦᠭᠡ᠂ ᠬᠡᠦᠭᠡᠳ᠎ᠤᠨ ᠠᠯᠢᠪᠠ ᠪᠦᠬᠦᠨ᠎ᠤ ᠲᠦᠯᠦᠭᠡ》 ᠭᠡᠮᠡᠬᠦ ᠵᠣᠷᠢᠯᠲᠠ᠎ᠪᠠᠨ ᠦᠢ᠍ᠯᠡᠳᠦᠯᠭᠡᠵᠢᠭᠦᠯᠦᠨ᠂ ᠡᠯ᠎ᠡ ᠲᠦᠷᠦᠯ᠎ᠤᠨ ᠠᠵᠢᠯ ᠵᠶ᠋ᠡᠨ ᠨᠠᠷᠢᠨ ᠨᠢᠮᠪᠠᠢ ᠭᠠᠷᠳᠠᠨ ᠬᠢᠵᠦ᠂ ᠬᠡᠦᠭᠡᠳ᠎ᠤᠨ ᠢᠳᠡᠵᠦ ᠡᠮᠦᠰᠬᠦ ᠶᠠᠪᠣᠵᠣ ᠰᠠᠭᠣᠬᠣ᠂ ᠬᠦᠷᠢᠶᠡᠯᠡᠩ᠎ᠤᠨ ᠠᠯᠪᠠᠨ ᠭᠡᠷ᠎ᠤᠨ ᠠᠵᠢᠯ᠂ ᠨᠠᠮ᠎ᠤᠨ ᠡᠭᠦᠷ᠎ᠤᠨ ᠵᠶ᠋ᠡᠨ ᠣᠠᠬᠠᠭᠣᠯᠭᠠ ᠪᠠ ᠵᠣᠬᠢᠶᠠᠨ ᠪᠠᠢ᠌ᠭᠣᠯᠬᠣ ᠠᠵᠢᠯ ᠭᠡᠰᠡᠨ ᠦᠬᠡᠢ ᠪᠦᠷ ᠯᠠᠪᠳᠠᠭᠣᠨ ᠬᠢᠨᠠᠭᠣᠷ ᠡᠷᠬᠢᠯᠡᠨ ᠭᠦᠢ᠍ᠴᠡᠳᠭᠡᠭᠰᠡᠭᠡᠷ ᠢᠷᠡᠪᠡ᠃
ᠰᠢᠯᠢ ᠵᠢᠨ ᠭᠣᠣᠯ ᠠᠢ᠌ᠮᠠᠭ᠎ᠤᠨ ᠬᠡᠦᠭᠡᠳ᠎ᠤᠨ ᠠᠰᠠᠷᠠᠮᠵᠢ ᠵᠢᠨ ᠬᠦᠷᠢᠶᠡᠯᠡᠩ ᠨᠢ2005 ᠣᠨ᠎ᠳᠤ ᠪᠠᠢ᠌ᠭᠣᠯᠣᠭᠳᠠᠵᠣ᠂ ᠡᠬᠢᠨ᠎ᠳᠤ᠎ᠪᠠᠨ ᠦᠨᠦᠴᠢᠨ ᠵᠡᠮᠳᠡᠭ ᠬᠡᠦᠭᠡᠳ ᠣᠯᠠᠨ ᠴᠦ᠍ ᠠᠵᠢᠯᠲᠠᠳ᠎ᠨᠢ ᠴᠦᠬᠡᠨ᠂ ᠳᠦᠷᠢᠮ ᠳᠣᠭᠲᠠᠭ᠋ᠠᠯ᠎ᠨᠢ ᠬᠠᠷᠠᠬᠠᠨ ᠲᠡᠭᠦᠯᠳᠡᠷᠵᠢᠭᠡ ᠦᠬᠡᠢ᠂ ᠠᠵᠢᠯ ᠶᠡᠬᠡᠳᠡᠢ ᠪᠠᠢ᠌ᠭᠰᠠᠨ ᠲᠤᠯᠠ᠂ ᠣᠷᠠᠨᠰᠠᠴᠡᠨ ᠬᠦᠷᠢᠶᠡᠯᠡᠩ᠎ᠤᠨ ᠵᠶ᠋ᠡᠨ ᠶᠡᠬᠡᠩᠬᠢ ᠠᠵᠢᠯ᠎ᠢ ᠭᠠᠭᠴᠠᠭ᠋ᠠᠷ ᠡᠭᠦᠷᠭᠡᠯᠡᠵᠦ᠂ ᠳᠦᠷᠢᠮ ᠲᠣᠭᠳᠠᠭ᠋ᠠᠯ ᠳᠣᠭᠲᠠᠭ᠋ᠠᠬᠣᠠᠴᠠ ᠠᠪᠣᠭ᠋ᠠᠳ ᠬᠡᠦᠭᠡᠳ᠎ᠤᠨ ᠢᠳᠡᠵᠦ ᠡᠮᠦᠰᠬᠦ ᠶᠠᠪᠣᠵᠣ ᠰᠠᠭᠣᠬᠣ ᠬᠦᠷᠳᠡᠯᠡᠬᠢ ᠠᠵᠢᠯ ᠪᠣᠯᠭ᠋ᠠᠨ᠎ᠳᠤ ᠮᠠᠬᠠᠷᠠᠨ ᠵᠢᠳᠭᠦᠭᠰᠡᠨ ᠠᠵᠢ᠃ ᠠᠵᠢᠯ᠎ᠤᠨ ᠡᠭᠦᠷᠭᠡ ᠳᠠᠷᠣᠭ᠋ᠠᠰᠣ ᠬᠦᠨᠳᠦ ᠪᠠᠢ᠌ᠭᠰᠠᠨ ᠴᠦ᠍ ᠲᠡᠷᠡ ᠠᠯᠳᠠᠭ᠎ᠠ ᠶᠡᠷᠦ ᠭᠠᠷᠭ᠋ᠠᠭᠠ ᠦᠬᠡᠢ ᠃ ᠲᠡᠷᠡ᠎ᠪᠠᠷ ᠮᠦᠨ ᠷᠢᠳᠢ ᠰᠢᠳᠢᠲᠡᠨ ᠴᠦ᠍ ᠪᠢᠰᠢ᠂ ᠬᠠᠷᠢᠨ ᠦᠪᠡᠷ᠎ᠤᠨ ᠠᠮᠣᠰᠬᠢᠬᠦ᠂ ᠠᠵᠢᠯ᠎ᠠᠴᠠ᠎ᠪᠠᠨ ᠪᠠᠭᠣᠬᠣ ᠴᠠᠭ ᠵᠶ᠋ᠠᠨ ᠠᠵᠢᠯ᠎ᠳᠤ᠎ᠪᠠᠨ ᠦᠷᠡᠭᠡᠵᠦ᠂ ᠦᠨᠡᠨ ᠰᠡᠳᠭᠢᠯ᠎ᠠᠴᠠ᠎ᠪᠠᠨ ᠬᠡᠦᠭᠡᠳᠲᠤᠪᠠᠨ ᠦᠢ᠍ᠯᠡᠴᠢᠯᠡᠵᠦ᠂ ᠨᠡᠩ ᠣᠯᠠᠨ ᠬᠦᠮᠦᠨ᠎ᠢ ᠳᠠᠢ᠌ᠴᠢᠯᠠᠨ ᠬᠡᠦᠭᠡᠳ᠎ᠤᠨ ᠠᠰᠠᠷᠠᠮᠵᠢ ᠵᠢᠨ ᠠᠵᠢᠯ ᠦᠢ᠍ᠯᠡᠰ ᠢ ᠬᠠᠯᠠᠮᠵᠢᠯᠠᠭᠣᠯᠣᠨ᠂ ᠢᠳᠡᠪᠬᠢᠯᠡᠨ ᠣᠷᠣᠯᠴᠠᠭᠣᠯᠭᠰᠠᠨ ᠪᠠᠢ᠌ᠨ᠎ᠠ᠃
ᠲᠡᠷᠡ ᠠᠷᠪᠠᠨ ᠲᠠᠪᠤᠨ ᠵᠢᠯ᠎ᠤᠨ ᠲᠣᠷᠰᠢᠳᠠ ᠶᠡᠭᠡ ᠪᠠᠭ᠎ᠠ ᠣᠯᠠᠨ ᠠᠵᠢᠯ᠎ᠳᠤ ᠵᠢᠳᠬᠦᠪᠡ ᠃ ᠰᠢᠯᠢ ᠵᠢᠨ ᠭᠣᠣᠯ ᠠᠢ᠌ᠮᠠᠭ᠎ᠤᠨ ᠬᠡᠦᠭᠡᠳ᠎ᠤᠨ ᠠᠰᠠᠷᠠᠮᠵᠢ ᠵᠢᠨ ᠬᠦᠷᠢᠶᠡᠯᠡᠩ ᠤᠨ ᠦᠷᠨᠢᠭᠦᠯᠦᠭᠰᠡᠨ ᠨᠠᠮ᠎ᠤᠨ ᠬᠡᠰᠢᠭᠦᠨ᠎ᠤ ᠬᠠᠪᠰᠣᠷᠣᠨ ᠲᠡᠳᠭᠦᠬᠦ ᠠᠵᠢᠯᠯᠠᠭ᠋ᠠᠨ ᠳᠣᠮᠳᠠ ᠲᠡᠭᠦᠨ᠎ᠤ ᠬᠠᠪᠰᠣᠷᠣᠨ ᠲᠡᠳᠭᠦᠬᠦ ᠬᠦᠮᠦᠨ᠎ᠨᠢ ᠨᠢᠭᠡᠨ ᠮᠣᠩᠭᠣᠯ ᠬᠡᠦᠭᠡᠳ ᠪᠠᠢ᠌ᠵᠣ᠂ ᠬᠡᠦᠭᠡᠳ᠎ᠤᠨ ᠠᠪᠤ᠎ᠨᠢ ᠵᠢᠯ ᠲᠣᠵᠢ ᠠᠷᠢᠬᠢᠨ᠎ᠳᠤ ᠣᠨᠠᠵᠣ᠂ ᠠᠷᠢᠬᠢ᠎ᠪᠠᠨ ᠣᠣᠭᠣᠪᠠᠯ ᠭᠡᠷ᠎ᠤᠨ ᠬᠦᠮᠦᠰ ᠵᠶ᠋ᠡᠨ ᠡᠯᠳᠡᠵᠦ ᠵᠣᠳᠣᠳᠠᠭ᠎ᠠᠴᠠ ᠬᠡᠦᠭᠡᠳ᠎ᠤᠨ ᠡᠵᠢ᠎ᠨᠢ ᠭᠡᠷ᠎ᠠᠴᠠ᠎ᠪᠠᠨ ᠵᠠᠢ᠌ᠯᠠᠵᠣ ᠶᠠᠪᠣᠭ᠋ᠠᠳ ᠪᠠᠷ᠎ᠠ ᠲᠠᠰᠣ ᠪᠣᠯᠵᠤ᠂ ᠠᠪᠤ ᠵᠢᠨ᠎ᠬᠢᠨ᠎ᠢ ᠦᠢ᠍ᠯᠡ ᠬᠢᠲᠡᠯ᠎ᠨᠢ ᠬᠡᠦᠭᠡᠳ᠎ᠤᠨ ᠵᠠᠩ ᠠᠷᠠᠨᠰᠢᠨ᠎ᠢ ᠴᠦ᠍ ᠬᠠᠷ᠎ᠠ᠎ᠲᠠᠢ ᠨᠦᠯᠦᠭᠡᠯᠡᠵᠦ᠂ ᠲᠡᠷᠡ ᠬᠡᠦᠭᠡᠳ ᠬᠡᠳᠡᠷ ᠲᠣᠭᠰᠢᠨ ᠠᠭ᠋ᠠᠰᠢ᠎ᠲᠠᠢ᠂ ᠠᠭᠣᠷᠯᠠᠬᠣ ᠳᠣᠷᠠᠳᠠᠢ᠂ ᠦᠷᠦᠭᠡᠯ᠎ᠢ ᠴᠣᠬᠢᠵᠣ ᠵᠣᠳᠣᠳᠠᠭ᠂ ᠰᠣᠷᠣᠯᠴᠠᠬᠣ ᠳᠤᠷ᠎ᠠ᠎ᠪᠠᠷ ᠠᠨᠠᠢ᠂ ᠬᠤᠳᠠᠯ ᠬᠡᠯᠡᠵᠦ ᠬᠣᠯᠣ ᠳᠡᠯᠡᠰᠳᠡᠭ ᠪᠠᠢ᠌ᠵᠣ᠂ ᠬᠦᠷᠢᠶᠡᠯᠡᠩ᠎ᠤᠨ ᠵᠶ᠋ᠡᠨ《ᠬᠦᠴᠢᠷ ᠨᠦᠮᠵᠦᠭ ᠠᠰᠠᠭᠣᠳᠠᠯ》 ᠪᠣᠯᠪᠠ᠃ ᠣᠷᠠᠨᠰᠠᠴᠡᠨ ᠣᠯᠠᠨᠲᠠ ᠲᠡᠭᠦᠨ᠎ᠢ ᠡᠷᠢᠵᠦ ᠰᠡᠳᠭᠢᠯ᠎ᠤᠨ ᠵᠣᠭᠣᠭ ᠳᠡᠯᠭᠡᠨ᠂ ᠡᠨᠡᠷᠢᠩᠭᠦᠢ ᠬᠠᠢ᠌ᠷ᠎ᠠ ᠪᠣᠯᠣᠨ ᠭᠦᠨ ᠲᠡᠪᠴᠢᠶᠡᠷᠢ᠎ᠪᠠᠷ ᠵᠶ᠋ᠡᠨ ᠲᠡᠭᠦᠨ᠎ᠢ ᠳᠣᠯᠠᠭ᠋ᠠᠯᠠᠵᠣ᠂ ᠠᠮᠢᠳᠣᠷᠠᠯ᠎ᠤᠨ ᠵᠢᠵᠢᠭ ᠰᠠᠵᠢᠭ ᠣᠴᠢᠷ᠎ᠠᠴᠠ ᠭᠠᠷᠳᠠᠨ ᠲᠡᠭᠦᠨ᠎ᠢ ᠬᠠᠯᠠᠮᠵᠢᠯᠠᠵᠣ᠂ ᠦᠷᠭᠦᠯᠵᠢᠲᠡ ᠰᠣᠷᠭ᠋ᠠᠭᠣᠯᠢ ᠵᠢᠨ ᠪᠠᠭᠰᠢ ᠨᠠᠷ᠎ᠲᠠᠢ ᠨᠢ ᠶᠠᠷᠢᠯᠴᠠᠨ᠂ ᠲᠡᠭᠦᠨ᠎ᠤ ᠰᠣᠷᠭ᠋ᠠᠭᠣᠯᠢ᠎ᠳᠤ᠎ᠬᠢ ᠢᠯᠡᠷᠡᠯ ᠪᠠ ᠰᠣᠷᠣᠯᠭ᠎ᠠ ᠵᠢᠨ ᠬᠢᠷᠢ ᠪᠦᠲᠦᠮᠵᠢ ᠵᠢ᠎ᠨᠢ ᠠᠩᠬᠠᠷᠣᠨ ᠯᠠᠪᠯᠠᠳᠠᠭ᠃ ᠬᠣᠶᠠᠷ ᠵᠢᠯ ᠭᠠᠷᠣᠢ ᠵᠢᠨ ᠴᠢᠷᠮᠠᠢ᠌ᠯᠭ᠎ᠠ᠎ᠪᠠᠷ ᠳᠠᠮᠵᠢᠨ᠂ ᠣᠯᠠᠨ ᠵᠶ᠋ᠠᠷ ᠵᠶ᠋ᠠᠨ ᠠᠭ᠋ᠠᠵᠢᠮᠳᠤᠪᠠᠨ᠂ ᠲᠡᠷᠡ ᠬᠡᠦᠭᠡᠳ ᠬᠦᠮᠦᠨ᠎ᠤ ᠥᠭᠡᠳᠡ ᠢᠨᠢᠶᠡᠪᠬᠢᠯᠡᠵᠦ᠂ ᠬᠦᠷᠢᠶᠡᠯᠡᠩ᠎ᠤᠨ ᠵᠶ᠋ᠡᠨ ᠪᠣᠰᠣᠳ ᠬᠡᠦᠭᠡᠳ᠎ᠢ ᠴᠦ᠍ ᠬᠠᠪᠰᠣᠷᠳᠠᠭ ᠂ ᠵᠠᠩ ᠠᠭ᠋ᠠᠰᠢ᠎ᠨᠢ ᠴᠦ᠍ ᠳᠠᠷᠣᠣ ᠵᠦᠭᠡᠯᠡᠨ ᠪᠣᠯᠵᠤ᠂ ᠬᠡᠦᠬᠡᠳ᠎ᠤᠳ ᠲᠡᠭᠦᠨ᠎ᠲᠠᠢ ᠨᠠᠭ᠋ᠠᠳᠬᠣ ᠳᠣᠷᠠᠲᠠᠢ ᠪᠣᠯᠣᠭᠰᠠᠨ᠎ᠢ ᠣᠯᠵᠣ ᠮᠡᠳᠡᠯ᠎ᠡ᠃ ᠡᠨᠡ ᠬᠡᠦᠭᠡᠳ᠎ᠤᠨ ᠬᠣᠪᠢᠷᠠᠯᠳᠠ ᠳᠠᠪᠰᠢᠯᠳᠠ᠎ᠨᠢ ᠣᠷᠠᠨᠰᠡᠴᠡᠨᠤ ᠰᠢᠷᠭ᠋ᠠᠭᠣ ᠴᠢᠷᠮᠠᠢ᠌ᠯᠭ᠎ᠠ ᠵᠢᠨ ᠦᠷ᠎ᠡ ᠪᠦᠳᠦᠭᠡᠯ ᠪᠣᠯᠬᠣ ᠪᠢᠯᠡ᠃ ᠣᠷᠠᠨᠰᠡᠴᠡᠨ ᠠᠷᠪᠠᠨ ᠬᠡᠳᠦᠨ ᠵᠢᠯ ᠠᠵᠢᠯ᠎ᠳᠤ᠎ᠪᠠᠨ ᠨᠠᠷᠢᠨ ᠨᠢᠮᠪᠠᠢ ᠬᠠᠨᠳᠣᠨ᠂ ᠡᠭᠦᠷᠭᠡ ᠬᠠᠷᠢᠭᠣᠴᠠᠯᠭ᠎ᠠ᠂ ᠡᠨᠡᠷᠢᠩᠭᠦᠢ ᠬᠠᠢ᠌ᠷ᠎ᠠ᠎ᠪᠠᠨ ᠦᠢ᠍ᠯᠡᠰ᠎ᠲᠤ᠎ᠪᠠᠨ ᠶᠡᠭᠦᠯᠡᠭᠰᠡᠨ ᠶᠤᠮ᠃
2020 ᠣᠨ᠎ᠤ ᠴᠠᠭ᠋ᠠᠨ ᠰᠠᠷ᠎ᠠ᠎ᠠᠴᠠ ᠭᠡᠨᠡᠳᠲᠡ᠎ᠪᠠᠷ ᠡᠭᠦᠰᠦᠭᠰᠡᠨ ᠰᠢᠨ᠎ᠡ ᠲᠢᠳᠢᠮᠯᠢᠭ ᠠᠭᠣᠰᠬᠢᠨ ᠥᠷᠪᠢᠰᠦᠯ᠎ᠤᠨ ᠬᠢᠵᠢᠭ ᠰᠠᠷ᠎ᠠ ᠰᠢᠨ᠎ᠡ ᠵᠢᠨ ᠪᠠᠶᠠᠷ ᠨᠠᠢ᠌ᠷ᠎ᠢ ᠰᠠᠨᠳᠠᠭ᠋ᠠᠵᠣ᠂ ᠴᠠᠭ᠋ᠠᠨ ᠰᠠᠷ᠎ᠠ ᠵᠢᠨ ᠰᠢᠨ᠎ᠡ ᠵᠢᠨ ᠬᠣᠶᠠᠷ᠎ᠠᠴᠠ ᠣᠷᠠᠨᠰᠡᠴᠡᠨ ᠳᠠᠷᠣᠢ ᠠᠵᠢᠯ᠎ᠳᠤ᠎ᠪᠠᠨ ᠭᠠᠷᠴᠣ᠂ ᠬᠦᠷᠢᠶᠡᠯᠡᠩ᠎ᠤᠨ ᠵᠶ᠋ᠡᠨ ᠦᠨᠦᠴᠢᠨ ᠵᠡᠮᠳᠡᠭ ᠬᠡᠦᠭᠡᠳ᠎ᠤᠨ ᠵᠶ᠋ᠡᠨ ᠲᠦᠯᠦᠭᠡ ᠰᠡᠳᠭᠢᠯ ᠠᠯᠭ᠋ᠠᠰᠠᠨ ᠪᠠᠢ᠌ᠵᠣ᠂《ᠰᠢᠯᠢ ᠵᠢᠨ ᠭᠣᠣᠯ ᠠᠢ᠌ᠮᠠᠭ᠎ᠤᠨ ᠬᠡᠦᠭᠡᠳ᠎ᠤᠨ ᠠᠰᠠᠷᠠᠮᠵᠢ ᠵᠢᠨ ᠬᠦᠷᠢᠶᠡᠯᠡᠩ᠎ᠤᠨ ᠰᠢᠨ᠎ᠡ ᠲᠢᠳᠢᠮᠯᠢᠭ ᠠᠭᠣᠰᠬᠢᠨ ᠥᠷᠪᠢᠰᠦᠯ᠎ᠤᠨ ᠬᠢᠵᠢᠭ ᠢ ᠰᠡᠷᠭᠡᠢ᠌ᠯᠡᠨ ᠡᠷᠬᠡᠰᠢᠶᠡᠬᠦ ᠠᠵᠢᠯ ᠵᠶ᠋ᠠᠨ ᠦᠷᠨᠢᠭᠦᠯᠦᠢ᠌ᠭᠰᠡᠨ ᠪᠠᠢ᠌ᠳᠠᠯ ᠵᠢᠴᠢ ᠪᠠᠴᠢᠮ ᠪᠠᠢ᠌ᠳᠠᠯ᠎ᠢ ᠠᠷᠭ᠋ᠠᠴᠠᠭ᠋ᠠᠬᠣ ᠲᠦᠰᠦᠪ》᠂《ᠰᠢᠯᠢ ᠵᠢᠨ ᠭᠣᠣᠯ ᠠᠢ᠌ᠮᠠᠭ᠎ᠤᠨ ᠬᠡᠦᠭᠡᠳ᠎ᠤᠨ ᠠᠰᠠᠷᠠᠮᠵᠢ ᠵᠢᠨ ᠬᠦᠷᠢᠶᠡᠯᠡᠩ᠎ᠤᠨ ᠰᠢᠨ᠎ᠡ ᠲᠢᠳᠢᠮᠯᠢᠭ ᠠᠭᠣᠰᠬᠢᠨ ᠥᠷᠪᠢᠰᠦᠯ᠎ᠤᠨ ᠬᠢᠵᠢᠭ ᠢ ᠰᠡᠷᠭᠡᠢ᠌ᠯᠡᠨ ᠡᠷᠬᠡᠰᠢᠶᠡᠬᠦ ᠠᠵᠢᠯ ᠤᠨ ᠳᠦᠷᠢᠮᠵᠢᠯ》᠎ᠢ ᠳᠠᠷᠣᠢ᠌ᠬᠠᠨ ᠳᠣᠭᠳᠠᠭ᠋ᠠᠵᠣ᠂ ᠬᠦᠷᠢᠶᠡᠯᠡᠩ᠎ᠤᠨ ᠦᠨᠦᠴᠢᠨ ᠵᠡᠮᠳᠡᠭ ᠬᠡᠦᠭᠡᠳ ᠪᠣᠯᠣᠨ ᠠᠵᠢᠯᠲᠠᠳ᠎ᠲᠤ᠎ᠪᠠᠨ ᠴᠠᠭ ᠲᠣᠬᠠᠢᠳᠤᠨᠢ ᠬᠢᠵᠢᠭ᠎ᠠᠴᠠ ᠰᠡᠷᠭᠡᠢ᠌ᠯᠡᠬᠦ ᠡᠳ᠋ ᠪᠣᠳᠠᠰ᠎ᠢ ᠬᠣᠳᠠᠯᠳᠣᠨ ᠠᠪᠴᠣ ᠦᠭᠭᠦᠭᠡᠳ᠂ ᠬᠦᠷᠢᠶᠡᠯᠡᠩ᠎ᠤᠨ ᠪᠦᠬᠦ ᠠᠵᠢᠯᠲᠠᠨ ᠪᠠ ᠬᠡᠦᠭᠡᠳ᠎ᠤᠳ᠎ᠤᠨ ᠵᠶ᠋ᠡᠨ ᠡᠷᠡᠭᠦᠯ ᠮᠡᠨᠳᠦ ᠵᠢᠨ ᠪᠠᠢ᠌ᠳᠠᠯ᠎ᠢ ᠡᠳᠦᠷ ᠪᠦᠷᠢ ᠪᠦᠷᠢᠳᠭᠡᠨ᠂ ᠲᠣᠰᠠᠭ᠋ᠠᠷᠯᠠᠭᠣᠯᠬᠣ ᠠᠵᠢᠯ ᠵᠶ᠋ᠠᠨ ᠡᠮᠬᠢ ᠴᠡᠭᠴᠡ᠎ᠲᠠᠢ ᠶᠠᠪᠣᠭᠳᠠᠭᠣᠯᠵᠣ᠂ ᠪᠠᠢ᠌ᠭᠣᠯᠭ᠎ᠠ ᠵᠢᠨ ᠳᠣᠲᠣᠨ᠎ᠠ ᠭᠠᠳᠠᠨ᠎ᠠ ᠭᠡᠰᠡᠨ ᠦᠬᠡᠢ ᠬᠢᠵᠢᠭ ᠢ ᠰᠡᠷᠭᠡᠢ᠌ᠯᠡᠨ ᠡᠷᠬᠡᠰᠢᠶᠡᠬᠦ ᠬᠦᠮᠦᠵᠢᠯ ᠬᠢᠬᠦ ᠪᠠ ᠣᠬᠠᠭᠣᠯᠭ᠎ᠠ ᠵᠢᠨ ᠠᠵᠢᠯ ᠵᠶ᠋ᠠᠨ ᠳᠦᠢ᠍ᠳᠡᠢ ᠰᠠᠢ᠌ᠬᠠᠨ ᠬᠢᠭᠰᠡᠨ ᠪᠠᠢ᠌ᠯ᠎ᠠ᠃ ᠮᠦᠨ ᠴᠦ᠍ ᠠᠢ᠌ᠮᠠᠭ᠎ᠤᠨ ᠠᠷᠠᠳ᠎ᠤᠨ ᠶᠠᠪᠣᠳᠠᠯ᠎ᠤᠨ ᠲᠣᠪᠴᠢᠶ᠎ᠠ᠎ᠠᠴᠠ ᠲᠣᠬᠢᠷᠠᠭᠣᠯᠣᠭᠰᠠᠨ ᠬᠠᠮᠲᠤᠷᠠᠨ ᠳᠠᠭ᠋ᠠᠭ᠋ᠠᠴᠢᠯᠠᠭᠰᠠᠨ ᠨᠡᠢ᠌ᠭᠡᠮ ᠲᠣᠭᠣᠷᠢᠭ᠎ᠲᠤ ᠵᠢᠵᠢᠭᠦᠷᠯᠡᠬᠦ ᠠᠵᠢᠯ ᠵᠶ᠋ᠠᠨ ᠬᠢᠯᠠᠯᠵᠠᠳᠠᠯ᠎ᠠ ᠪᠡᠶᠡᠯᠡᠭᠦᠯᠪᠡ᠃ ᠬᠢᠵᠢᠭ ᠢ ᠰᠡᠷᠭᠡᠢ᠌ᠯᠡᠨ ᠡᠷᠬᠡᠰᠢᠶᠡᠬᠦ ᠬᠣᠭᠣᠴᠠᠭ᠋ᠠᠨ᠎ᠳᠤ ᠲᠡᠷᠡ ᠣᠯᠠᠨ᠎ᠤ ᠲᠦᠯᠦᠭᠡ ᠭᠡᠷ ᠪᠦᠯᠢ᠎ᠪᠠᠨ ᠣᠮᠠᠷᠳᠠᠨ ᠠᠵᠢᠯᠯᠠᠵᠣ᠂ ᠬᠡᠦᠭᠡᠳ᠎ᠤᠨ ᠠᠰᠠᠷᠠᠮᠵᠢ ᠵᠢᠨ ᠬᠦᠷᠢᠶᠡᠯᠡᠩ᠎ᠤᠨ ᠡᠮᠦᠨ᠎ᠡ ᠹᠷᠣᠨᠲ᠎ᠲᠤ᠎ᠪᠠᠨ ᠵᠢᠭᠰᠠᠭ᠋ᠠᠯ ᠵᠶ᠋ᠠᠨ ᠪᠠᠲᠤ ᠰᠠᠬᠢᠵᠣ᠂ ᠰᠢᠨ᠎ᠡ ᠲᠢᠳᠢᠮᠯᠢᠭ ᠠᠭᠣᠰᠬᠢᠨ ᠥᠷᠪᠢᠰᠦᠯ᠎ᠤᠨ ᠬᠢᠵᠢᠭ ᠲᠠᠢ ᠲᠡᠮᠡᠴᠡᠬᠦ᠎ᠳᠤ ᠬᠦᠴᠦᠨ ᠴᠢᠳᠠᠯ ᠵᠶ᠋ᠠᠨ ᠬᠠᠷᠠᠮ ᠦᠬᠡᠢ ᠬᠠᠨᠳᠢᠪᠯᠠᠭᠰᠠᠨ ᠪᠢᠯᠡ᠃
ᠲᠡᠷᠡ ᠶᠡᠷᠦ ᠵᠢᠨ ᠴᠠᠭ᠎ᠲᠤ᠎ᠪᠠᠨ ᠰᠣᠷᠣᠯᠴᠠᠯᠭ᠎ᠠ᠎ᠪᠠᠨ ᠴᠢᠩᠭ᠎ᠠ ᠠᠳᠬᠣᠨ᠂ ᠲᠣᠬᠠᠢ᠌ᠯᠠᠭᠰᠠᠨ ᠠᠵᠢᠯ᠎ᠲᠠᠢ᠎ᠪᠠᠨ ᠣᠶᠠᠯᠳᠣᠭᠣᠯᠣᠨ ᠪᠦᠬᠦ ᠣᠯᠣᠰ᠎ᠤᠨ ᠨᠡᠢ᠌ᠭᠡᠮ᠎ᠤᠨ ᠠᠵᠢᠯᠲᠠᠨ᠎ᠤ ᠰᠢᠯᠭ᠋ᠠᠯᠲᠠ᠎ᠳᠤ ᠢᠳᠡᠪᠬᠢᠲᠡᠢ ᠣᠷᠣᠯᠴᠠᠵᠣ᠂ ᠠᠵᠢᠯ᠎ᠤᠨ ᠴᠢᠳᠠᠪᠣᠷᠢ ᠪᠣᠯᠣᠨ ᠲᠣᠰᠬᠠᠢ ᠮᠡᠷᠭᠡᠵᠢᠯ᠎ᠤᠨ ᠬᠢᠷᠢ ᠲᠦᠪᠰᠢᠨ ᠵᠶ᠋ᠡᠨ ᠪᠠᠲᠣᠳᠬᠠᠨ ᠳᠡᠭᠡᠭᠰᠢᠯᠡᠭᠦᠯᠵᠦ᠂ ᠥᠨᠦᠴᠢᠨ ᠵᠡᠮᠳᠡᠭ ᠬᠡᠦᠭᠡᠳ᠎ᠤᠳ᠎ᠤᠨ ᠡᠷᠡᠭᠦᠯ ᠮᠡᠨᠳᠦ ᠦᠰᠦᠨ ᠪᠣᠢ᠌ᠵᠢᠬᠣ ᠵᠢᠨ ᠲᠦᠯᠦᠭᠡᠨ᠎ᠡ ᠨᠡᠩ ᠰᠠᠢ᠌ᠬᠠᠨ ᠦᠢ᠍ᠯᠡᠴᠢᠯᠡᠭᠡ ᠬᠠᠩᠭ᠋ᠠᠬᠣ᠎ᠪᠠᠷ ᠴᠢᠷᠮᠠᠢ᠌ᠨ ᠵᠢᠳᠭᠦᠭᠰᠡᠨ ᠶᠤᠮ᠃ ᠬᠠᠮᠲᠣ ᠠᠵᠢᠯᠯᠠᠭᠴᠢ᠂ ᠨᠠᠢ᠌ᠵᠠ ᠨᠦᠬᠦᠳ᠂ ᠭᠡᠷ᠎ᠤᠨ ᠬᠦᠮᠦᠰ᠎ᠤᠨ ᠵᠶ᠋ᠡᠨ ᠭᠡᠭᠡᠨ ᠮᠡᠯᠮᠡᠢ᠎ᠳᠤ᠂ ᠣᠷᠠᠨᠰᠡᠴᠡᠨ ᠠᠵᠢᠯ ᠦᠢ᠍ᠯᠡᠰ ᠵᠶ᠋ᠡᠨ ᠳᠡᠭᠡᠳᠦᠯᠡᠵᠦ᠂ ᠦᠭᠬᠢᠶᠡᠮᠦᠷ ᠬᠠᠢ᠌ᠷ᠎ᠠ᠎ᠪᠠᠨ ᠵᠣᠷᠢᠭᠣᠯᠳᠠᠭ᠂ ᠬᠦᠮᠦᠰ᠎ᠤᠨ ᠰᠣᠷᠣᠯᠴᠠᠬᠣ ᠬᠡᠪ ᠳᠠᠭᠣᠷᠢᠶᠠᠯ ᠵᠶ᠋ᠠᠷ ᠳᠣᠳᠣᠷᠠᠵᠣ ᠪᠠᠢ᠌ᠳᠠᠭ᠃
ᠡᠳᠡᠭᠡᠷ ᠴᠢᠷᠮᠠᠢ᠌ᠯᠭ᠎ᠠ ᠵᠢᠳᠬᠦᠯ᠎ᠤᠨ ᠬᠠᠷᠢᠭᠣ᠎ᠳᠤ᠂ ᠣᠷᠠᠨᠰᠡᠴᠡᠨ ᠨᠦᠬᠦᠷ 2006 ᠣᠨ᠂ 2010 ᠣᠨ᠎ᠳᠤ ᠲᠣᠰ ᠲᠣᠰ ᠵᠢᠯ᠎ᠤᠨ ᠰᠢᠯᠢᠳᠡᠭ ᠠᠵᠢᠯᠲᠠᠨ᠎ᠤ ᠢᠷᠠᠭᠣ ᠠᠯᠳᠠᠷ᠎ᠤᠨ ᠴᠣᠯᠠ ᠵᠢ ᠬᠦᠷᠲᠡᠵᠦ᠂ 2017 ᠣᠨ᠎ᠳᠤ ᠰᠢᠯᠢ ᠵᠢᠨ ᠭᠣᠣᠯ ᠠᠢ᠌ᠮᠠᠭ᠎ᠤᠨ ᠬᠡᠦᠭᠡᠳ᠎ᠤᠨ ᠠᠰᠠᠷᠠᠮᠵᠢ ᠵᠢᠨ ᠬᠦᠷᠢᠶᠡᠯᠡᠩ᠎ᠤᠨ ᠲᠡᠷᠢᠭᠦᠨ᠎ᠤ ᠠᠵᠢᠯᠲᠠᠨ ᠵᠶ᠋ᠠᠷ ᠮᠢᠯᠢᠶᠠᠯᠭ᠋ᠠᠨ᠂ 2017 ᠣᠨ᠎ᠳᠤ《ᠠᠷᠢᠭᠣᠨ ᠴᠢᠭᠴᠢ ᠲᠥᠪ ᠰᠣᠷᠲᠠᠯᠢ ᠭᠡᠷ᠎ᠲᠤ᠎ᠪᠠᠨ ᠦᠪᠯᠡᠨ ᠣᠯᠠᠮᠵᠢᠯᠠᠬᠣ》 ᠠᠵᠢᠯᠯᠠᠭ᠋ᠠᠨ᠎ᠤ ᠬᠠᠮᠣᠭ ᠰᠠᠢ᠌ᠬᠠᠨ ᠭᠡᠷ ᠪᠦᠯᠢ ᠵᠢᠨ ᠴᠣᠯᠠ ᠵᠢ ᠬᠦᠷᠲᠡᠵᠦ᠂ 2018 ᠣᠨ᠎ᠳᠤ ᠠᠢ᠌ᠮᠠᠭ᠎ᠤᠨ ᠠᠷᠠᠳ᠎ᠤᠨ ᠶᠠᠪᠣᠳᠠᠯ᠎ᠤᠨ ᠲᠣᠪᠴᠢᠶ᠎ᠠ ᠵᠢᠨ ᠪᠠᠢ᠌ᠭᠣᠯᠭ᠎ᠠ ᠵᠢᠨ ᠨᠠᠮ᠎ᠤᠨ ᠬᠣᠷᠢᠶ᠎ᠠ ᠵᠢᠨ ᠰᠢᠯᠢᠳᠡᠭ ᠨᠠᠮ᠎ᠤᠨ ᠭᠡᠰᠢᠭᠦᠨ ᠵᠶ᠋ᠡᠷ ᠦᠨᠡᠯᠡᠭᠳᠡᠨ᠂ 2019 ᠣᠨ᠎ᠳᠤ ᠰᠢᠯᠢ ᠵᠢᠨ ᠭᠣᠣᠯ ᠠᠢ᠌ᠮᠠᠭ᠎ᠤᠨ ᠬᠡᠦᠭᠡᠳ᠎ᠤᠨ ᠠᠰᠠᠷᠠᠮᠵᠢ ᠵᠢᠨ ᠬᠦᠷᠢᠶᠡᠯᠡᠩ᠎ᠤᠨ ᠲᠡᠷᠢᠭᠦᠨ᠎ᠤ ᠠᠵᠢᠯᠲᠠᠨ ᠵᠶ᠋ᠠᠷ ᠮᠢᠯᠢᠶᠠᠯᠭ᠋ᠠᠵᠣ᠂ 2020 ᠣᠨ ᠳᠤ ᠪᠦᠬᠦ ᠠᠢ᠌ᠮᠠᠭ᠎ᠤᠨ《ᠲᠠᠪᠣᠨ ᠰᠠᠢ᠌ᠨᠲᠠᠢ ᠭᠡᠷ ᠪᠦᠯᠢ》 ᠵᠢᠨ ᠢᠷᠠᠭᠣ ᠠᠯᠳᠠᠷ᠎ᠤᠨ ᠴᠣᠯᠠ ᠵᠢ ᠬᠦᠷᠲᠡᠪᠡ᠃
ᠣᠷᠠᠨᠰᠡᠴᠡᠨ᠄《 ᠠᠷᠠᠳ᠎ᠤᠨ ᠶᠠᠪᠣᠳᠠᠯ᠎ᠤᠨ ᠠᠵᠢᠯᠳᠠᠨ᠎ᠤ ᠬᠤᠪᠢ ᠳᠤ᠂ ᠪᠢ ᠠᠷᠠᠳ᠎ᠤᠨ ᠶᠠᠪᠣᠳᠠᠯ᠎ᠤᠨ ᠠᠵᠢᠯ᠎ᠢ ᠭᠡᠷᠡᠯᠲᠦ ᠵᠤᠯᠠ᠎ᠪᠠᠷ ᠵᠦᠢ᠍ᠷᠯᠡᠳᠡᠭ᠂ ᠳᠠᠷᠣᠢ ᠬᠠᠷᠠᠩᠭᠣᠢ ᠰᠦᠨᠢ ᠵᠢᠨ ᠠᠯᠢᠪᠠ ᠦᠨᠦᠴᠢᠨ ᠰᠦᠭ ᠰᠦᠨᠡᠰᠦ ᠵᠢ ᠬᠡᠢ᠌ᠭᠦᠯᠳᠡᠭ ᠭᠡᠷᠡᠯᠳᠦ ᠵᠤᠯᠠ᠃ ᠪᠠ ᠵᠢᠨ ᠨᠠᠰᠣᠲᠠᠨᠤ ᠪᠢᠯᠢᠭ᠎ᠤᠨ ᠵᠤᠯᠠ᠎ᠨᠢ ᠡᠨᠡᠷᠢᠩᠭᠦᠢ ᠮᠦᠰᠢᠶᠡᠳᠦ ᠪᠠᠷ ᠠᠮᠢᠳᠣᠷᠠᠯ᠎ᠳᠤ ᠬᠠᠨᠳᠣᠬᠣ ᠵᠢ ᠬᠦᠮᠦᠨ᠎ᠳᠤ ᠳᠠᠮᠵᠢᠭᠣᠯᠳᠠᠭ ᠪᠣᠯ᠂ ᠮᠠᠨ᠎ᠤ ᠠᠷᠠᠳ᠎ᠤᠨ ᠶᠠᠪᠣᠳᠠᠯ᠎ᠤᠨ ᠡᠨᠡ ᠬᠦ᠌ ᠭᠡᠷᠡᠯᠳᠦ ᠵᠤᠯᠠ ᠨᠡᠩ ᠭᠡᠭᠡᠨ ᠨᠡᠩ ᠳᠣᠯᠠᠭ᠋ᠠᠨ ᠪᠠᠢ᠌ᠬᠣ ᠶᠣᠰᠣᠲᠠᠢ᠂ ᠪᠢ ᠡᠨᠡ ᠵᠤᠯᠠ ᠵᠢᠨ ᠨᠢᠭᠡᠨ ᠪᠠᠳᠮ᠎ᠠ᠎ᠨᠢ ᠪᠣᠯᠵᠤ᠂ ᠬᠦᠮᠦᠰ᠎ᠲᠤ ᠠᠷᠠᠳ᠎ᠤᠨ ᠶᠠᠪᠣᠳᠠᠯ᠎ᠤᠨ ᠠᠵᠢᠯᠳᠠᠨ᠎ᠤ ᠬᠦᠰᠡᠯ ᠵᠦᠩᠨᠡᠯᠢ ᠳᠠᠮᠵᠢᠭᠣᠯᠵᠣ᠂ ᠡᠨᠡ ᠬᠦ᠌ ᠪᠣᠶᠠᠨᠲᠦ ᠦᠢ᠍ᠯᠡᠰ᠎ᠲᠤ᠎ᠪᠠᠨ ᠵᠢᠳᠬᠦᠨᠡᠮ》 ᠭᠡᠵᠦ ᠰᠡᠳᠭᠢᠯ᠎ᠤᠨ ᠦᠭᠡ ᠪᠠᠨ ᠶᠠᠷᠢᠭᠰᠠᠨ ᠪᠢᠯᠡ᠃