11 ᠳ᠋ᠤᠭᠡᠷ ᠰᠠᠷ᠎ᠡ ᠵᠢᠨ 30᠎ᠤ ᠠ᠋ᠳᠤᠷ᠂ ᠶᠡᠷᠦᠩᠭᠡᠢ ᠰᠠᠢ᠌ᠳ ᠯᠢ ᠺᠸ ᠴᠢᠶᠠᠩ ᠨᠠᠨᠵᠢᠩ᠎ᠳᠠᠬᠢ ᠰᠤ᠌ ᠨᠢᠩ ᠬᠤᠪᠢ ᠡᠵᠡᠮᠳᠡᠭᠰᠡᠨ ᠪᠦᠯᠦᠭᠯᠡᠯ᠎ᠳᠤ ᠬᠦᠷᠴᠤ ᠰᠢᠨᠵᠢᠯᠠᠨ ᠪᠠᠢ᠌ᠴᠠᠭ᠋ᠠᠵᠠᠢ᠃ ᠳᠤᠰ ᠠᠵᠤ ᠠᠬᠤᠢ᠌ᠯᠠᠯ᠎ᠨᠢ ᠤᠯᠠᠮᠵᠢᠯᠠᠯᠳᠤ ᠭᠡᠷ᠎ᠤᠨ ᠴᠠᠬᠢᠯᠭ᠋ᠠᠨ ᠭᠡᠷᠡᠭᠰᠡᠯ᠎ᠢ ᠵᠢᠵᠢᠭᠯᠡᠨ ᠪᠤᠷᠤᠯᠠᠭᠤᠯᠬᠤ᠎ᠳᠤ ᠳᠦᠰᠢᠭᠯᠡᠨ ᠠᠳᠠᠯ ᠦᠢ᠍ᠯᠡᠰ ᠪᠤᠰᠬᠠᠭᠰᠠᠨ ᠪᠤᠯᠪᠠᠴᠤ ᠤᠢ᠌ᠷ᠎ᠠ ᠵᠢᠨ ᠵᠢᠯ᠎ᠠᠴᠠ 《ᠢᠨᠲᠸᠷ ᠰᠦᠯᠵᠢᠶ᠎ᠡ +》 ᠪᠤᠯᠤᠨ ᠰᠦᠯᠵᠢᠶᠡᠨ᠎ᠤ ᠮᠡᠷᠭᠡᠵᠢᠯ᠎ᠢ ᠠᠰᠢᠭᠯᠠᠨ᠂ ᠪᠤᠳᠠᠳᠤ ᠳᠡᠯᠭᠡᠬᠦᠷ ᠪᠤᠯᠤᠨ ᠰᠦᠯᠵᠢᠶᠠᠨ᠎ᠤ ᠳᠠᠪᠴᠠᠩ᠎ᠢ ᠠᠭᠤᠰᠤᠯᠴᠠᠭᠤᠯᠬᠤ᠎ᠪᠠᠷ ᠳᠠᠮᠵᠢᠭᠤᠯᠤᠨ ᠭᠡᠯᠪᠡᠷᠢ᠎ᠪᠠᠨ ᠪᠦᠳᠦᠮᠵᠢᠳᠡᠢ ᠬᠤᠪᠢᠷᠠᠭᠤᠯᠤᠭᠰᠠᠨ ᠵᠶ᠋ᠡᠷ᠂ ᠠ᠋ᠨᠡ ᠵᠢᠯ᠎ᠠᠴᠠ ᠪᠤᠷᠤᠯᠠᠭᠤᠯᠤᠯᠳᠠ ᠵᠢᠨ ᠭᠡᠮᠵᠢᠶ᠎ᠡ᠎ᠨᠢ ᠳᠡᠭᠡᠳᠤ ᠵᠢᠯ᠎ᠤᠨ ᠠᠳᠠᠯᠢ ᠬᠤᠭᠤᠴᠠᠭ᠋ᠠᠨ᠎ᠤ᠎ᠬᠢ᠎ᠠᠴᠠ 38%᠎ᠪᠠᠷ ᠨᠡᠮᠡᠭᠳᠡᠨ᠂ ᠠ᠋ᠬᠦᠨ᠎ᠳᠤ ᠰᠦᠯᠵᠢᠶᠡᠨ ᠳᠡᠭᠡᠷᠡᠬᠢ ᠪᠤᠷᠤᠯᠠᠭᠤᠯᠤᠯᠳᠠ᠎ᠨᠢ 68%᠎ᠪᠠᠷ ᠨᠡᠮᠡᠭᠳᠡᠵᠡᠢ᠃ ᠶᠡᠷᠦᠩᠭᠡᠢ ᠰᠠᠢ᠌ᠳ᠂ ᠳᠦᠷᠦᠬᠦᠤ ᠭᠡᠳᠤᠨ ᠵᠢᠯ ᠵᠠᠷᠢᠮ ᠬᠦᠮᠤᠨ ᠰᠦᠯᠵᠢᠶ᠎ᠡ᠎ᠪᠠᠷ ᠪᠤᠷᠤᠯᠠᠭᠤᠯᠬᠤ ᠶᠠᠪᠤᠳᠠᠯ᠎ᠳᠤ ᠰᠠᠨᠠᠭ᠎ᠠ ᠵᠣᠪᠠᠬᠤ ᠪᠠ ᠴᠢᠨᠠᠭᠰᠢᠯᠠᠨ ᠰᠡᠵᠢᠭᠯᠡᠵᠤ᠂ ᠰᠦᠯᠵᠢᠶ᠎ᠡ᠎ᠪᠠᠷ ᠪᠤᠷᠤᠯᠠᠭᠤᠬᠤᠨᠢ ᠦᠨᠡᠨ ᠪᠣᠳᠠᠲᠠᠢ ᠳᠡᠯᠭᠡᠬᠦᠷ ᠵᠶ᠋ᠠᠷ ᠪᠣᠷᠣᠯᠠᠭᠤᠯᠬᠤ ᠵᠢ ᠨᠦᠯᠦᠭᠡᠯᠡᠵᠤ ᠮᠡᠳᠡᠨ᠎ᠡ ᠭᠡᠵᠤ ᠪᠠᠢ᠌ᠪᠠ᠃ ᠭᠡᠬᠦ᠎ᠳᠤ ᠰᠦᠯᠵᠢᠶ᠎ᠡ᠎ᠪᠠᠷ ᠪᠤᠷᠤᠯᠠᠭᠤᠯᠬᠤ᠎ᠨᠢ ᠪᠣᠳᠠᠲᠠᠢ ᠳᠡᠯᠭᠡᠬᠦᠷ᠎ᠢ ᠨᠦᠯᠦᠭᠡᠯᠡᠬᠦ ᠦᠭᠡᠢ ᠮᠦᠷᠳᠡᠭᠡᠨ ᠬᠠᠷᠢᠯᠴᠠᠨ ᠳᠠᠢ᠌ᠴᠢᠯᠠᠵᠤ ᠬᠠᠷᠢᠯᠴᠠᠨ ᠳᠦᠰᠢᠭ ᠪᠤᠯᠬᠤ ᠵᠢ ᠰᠤ᠌ ᠨᠢᠩ ᠪᠦᠯᠦᠭᠯᠡᠯ᠎ᠤᠨ ᠭᠡᠯᠪᠡᠷᠢ᠎ᠪᠠᠨ ᠬᠤᠪᠢᠷᠠᠭᠤᠯᠤᠭᠰᠠᠨ ᠪᠤᠳᠠᠳᠤ ᠦᠢ᠍ᠯᠡᠳᠦᠯᠭᠡ ᠭᠡᠷᠡᠴᠢᠯᠡᠪᠡ᠃ ᠰᠤ᠌ ᠨᠢᠩ ᠤᠳᠤᠬᠠᠨ᠎ᠳᠤ ᠨᠢᠭᠡᠨᠳᠡ 《ᠠ᠋ᠬᠦᠯᠡ》 ᠬᠦᠯᠭᠡᠯᠡᠭᠰᠡᠨ ᠪᠤᠯᠪᠠᠴᠤ ᠯᠠᠪᠳᠠᠭᠤᠨ ᠳᠤᠭᠳᠠᠭᠤᠨ ᠵᠶ᠋ᠡᠷ ᠤᠷᠤᠭᠰᠢᠯᠠᠵᠤ ᠪᠠᠢ᠌ᠨ᠎ᠠ᠃ ᠳᠠᠨᠠᠷ ᠠ᠋ᠨᠡᠬᠦ ᠳᠠᠪᠴᠠᠩ ᠵᠶ᠋ᠡᠨ ᠰᠠᠢ᠌ᠳᠤᠷ ᠠᠰᠢᠭᠯᠠᠨ᠂ ᠦᠢ᠍ᠯᠡᠳᠪᠤᠷᠢᠯᠡᠯ᠂ ᠪᠤᠷᠤᠯᠠᠭᠤᠯᠤᠯᠳᠠ ᠪᠤᠯᠤᠨ ᠪᠤᠳᠠᠰ᠎ᠤᠨ ᠬᠦᠢ᠍ᠯᠭᠡᠭᠡᠨ᠎ᠤ ᠭᠤᠭᠴᠤᠭ᠎ᠠ ᠵᠢ ᠪᠦᠷᠢᠮᠦᠰᠦᠨ ᠨᠡᠪᠳᠡᠷᠡᠬᠦᠯᠵᠤ᠂ ᠪᠢᠴᠢᠨ ᠪᠠᠭᠰᠢ ᠮᠠᠳᠤ ᠠ᠋ᠬᠦᠯᠡ ᠮᠠᠨᠠᠨ᠎ᠢ ᠬᠦᠯᠭᠡᠯᠡᠬᠦ ᠮᠦᠷᠳᠡᠭᠡᠨ ᠭᠡᠷᠡᠭᠯᠡᠭᠴᠢᠳ᠎ᠤᠨ ᠰᠡᠳᠬᠢᠯ᠎ᠳᠤ ᠨᠡᠢ᠌ᠴᠡᠬᠦᠯᠬᠦ ᠵᠢ ᠬᠦᠰᠡᠵᠤ ᠪᠠᠢ᠌ᠨ᠎ᠠ ᠭᠡᠵᠤ ᠭᠡᠯᠡᠪᠡ᠃
ᠶᠡᠷᠦᠩᠭᠡᠢ ᠰᠠᠢ᠌ᠳ ᠯᠢ ᠺᠸ ᠴᠢᠶᠠᠩ᠂ ᠠᠨᠾᠤᠢ᠍ᠢ ᠵᠢᠨ ᠹᠸᠨᠭ ᠶᠠᠩ᠎ᠳᠠᠬᠢ ᠰᠤ᠌ ᠨᠢᠩ ᠭᠡᠷ᠎ᠤᠨ ᠴᠠᠬᠢᠯᠭ᠋ᠠᠨ ᠭᠡᠷᠡᠭᠰᠡᠯ᠎ᠢ ᠰᠦᠯᠵᠢᠶ᠎ᠡ᠎ᠪᠠᠷ ᠪᠤᠷᠤᠯᠠᠭᠤᠯᠬᠤ ᠳᠡᠯᠭᠡᠬᠦᠷ᠎ᠤᠨ ᠡᠵᠡᠨ᠎ᠲᠠᠢ ᠰᠦᠯᠵᠢᠶ᠎ᠠ᠎ᠪᠠᠷ ᠶᠠᠷᠢᠯᠴᠠᠪᠠ᠃ ᠳᠡᠯᠭᠡᠬᠦᠷ᠎ᠤᠨ ᠡᠵᠡᠨ ᠶᠡᠷᠦᠩᠭᠡᠢ ᠰᠠᠢ᠌ᠳ ᠯᠢ ᠺᠸ ᠴᠢᠶᠠᠩ᠎ᠳᠤ᠄ ᠪᠢ ᠰᠢᠶᠤᠤ ᠭᠠᠩ ᠳᠤᠰᠬᠤᠨ᠎ᠤ ᠬᠦᠮᠦᠨ᠂ ᠦᠩᠭᠡᠷᠡᠭᠰᠡᠨ᠎ᠳᠤ ᠪᠠᠯᠭ᠋ᠠᠰᠤᠨ ᠳᠡᠭᠡᠷ᠎ᠠ ᠵᠢᠵᠢᠭ ᠳᠡᠯᠭᠡᠬᠦᠷ ᠠ᠋ᠷᠬᠢᠯᠡᠵᠤ᠂ ᠵᠢᠯ᠎ᠳᠤ᠎ᠪᠠᠨ ᠳᠠᠪᠤ ᠵᠢᠷᠭᠤᠭ᠋ᠠᠨ ᠳᠦᠮᠡᠨ ᠳᠦᠬᠦᠷᠢᠭ᠎ᠤᠨ ᠤᠷᠤᠯᠭ᠎ᠠ ᠤᠯᠳᠠᠭ ᠪᠠᠢ᠌ᠯ᠎ᠠ᠃ ᠠ᠋ᠨᠡ ᠵᠢᠯ᠎ᠠᠴᠠ ᠰᠤ᠌ ᠨᠢᠩ ᠭᠡᠷ᠎ᠤᠨ ᠴᠠᠬᠢᠯᠭ᠋ᠠᠨ ᠭᠡᠷᠡᠭᠰᠡᠯ ᠪᠤᠷᠤᠯᠠᠭᠤᠯᠬᠤ ᠬᠤᠯᠪᠤᠭ᠋ᠠᠨ᠎ᠳᠤ ᠤᠷᠤᠵᠤ᠂ ᠳᠡᠯᠭᠡᠬᠦᠷ᠎ᠲᠤ᠎ᠪᠠᠨ ᠳᠡᠯᠭᠡᠨ ᠪᠤᠷᠤᠯᠠᠭᠤᠯᠬᠤ ᠪᠠ ᠰᠦᠯᠵᠢᠶ᠎ᠠ᠎ᠪᠠᠷ ᠪᠤᠷᠤᠯᠠᠭᠤᠯᠬᠤ ᠵᠢ ᠤᠶᠠᠯᠳᠤᠭᠤᠯᠪᠠ᠃ ᠪᠠᠷᠤᠭᠯᠠᠪᠠᠯ ᠠ᠋ᠨᠡ ᠵᠢᠯ᠎ᠤᠨ ᠠᠰᠢᠭ ᠬᠤᠨᠵᠢᠪᠤᠷᠢ 30 ᠳᠦᠮᠡᠨ ᠳᠦᠬᠦᠷᠢᠭ᠎ᠲᠤ ᠬᠦᠷᠤᠨ᠎ᠠ ᠭᠡᠵᠤ ᠭᠡᠯᠡᠪᠡ᠃ ᠣᠢ᠌ᠷ᠎ᠡ ᠵᠢᠨ ᠬᠤᠶᠠᠷ ᠵᠢᠯ᠎ᠳᠤ ᠪᠦᠬᠦ ᠤᠯᠤᠰ᠎ᠲᠠᠬᠢ ᠰᠤ᠌ ᠨᠢᠩ᠎ᠤᠨ ᠠ᠋ᠢ᠌ᠮᠦᠷᠬᠦ ᠳᠡᠯᠭᠡᠬᠦᠷ 4000 ᠭᠠᠷᠤᠢ ᠪᠤᠯᠵᠤ᠂ ᠬᠤᠶᠠᠷ ᠳᠦᠮᠡ ᠭᠠᠷᠤᠢ ᠬᠦᠮᠦᠨ᠎ᠳᠤ ᠠᠵᠢᠯ᠎ᠤᠨ ᠪᠠᠢ᠌ᠷᠢ ᠬᠠᠩᠭ᠋ᠠᠵᠠᠢ᠃ ᠶᠡᠷᠦᠩᠭᠡᠢ ᠰᠠᠢ᠌ᠳ ᠯᠢ ᠺᠸ ᠴᠢᠶᠠᠩ᠂ ᠠ᠋ᠨᠡᠬᠦ ᠤᠶᠤᠨᠴᠢ ᠵᠢᠵᠢᠭᠯᠡᠨ ᠪᠤᠷᠤᠯᠠᠭᠤᠯᠬᠤ ᠭᠡᠪ ᠵᠠᠭᠪᠤᠷ᠎ᠨᠢ ᠬᠤᠪᠢ ᠬᠦᠮᠦᠨ᠎ᠤ ᠠᠳᠠᠯ ᠦᠢ᠍ᠯᠡᠰ ᠪᠤᠰᠬᠠᠬᠤ ᠬᠦᠰᠡᠯ ᠱᠠᠭ᠋ᠠᠷᠳᠠᠯᠭ᠎ᠠ ᠵᠢ ᠬᠠᠩᠭ᠋ᠠᠭᠰᠠᠨ ᠵᠶ᠋ᠡᠷ ᠪᠠᠷᠠᠬᠤ ᠦᠭᠡᠢ ᠠᠰᠢᠭ ᠤᠷᠤᠯᠭ᠎ᠠ ᠵᠢ᠎ᠨᠢ ᠴᠤ᠌ ᠨᠡᠮᠡᠭᠳᠡᠬᠦᠯᠵᠡᠢ ᠭᠡᠵᠤ ᠪᠠᠶᠠᠷᠯᠠᠨ ᠭᠡᠯᠡᠪᠡ᠃ ᠯᠢ ᠺᠸ ᠴᠢᠶᠠᠩ ᠳᠡᠷᠡᠬᠦ ᠳᠡᠯᠭᠡᠬᠦᠷ᠎ᠤᠨ ᠡᠵᠡᠨ᠎ᠳᠤ᠂ ᠠ᠋ᠨᠡ ᠵᠢᠯ ᠠᠩᠬᠠᠨ᠎ᠤ ᠠᠮᠵᠢᠯᠳᠠ ᠤᠯᠵᠤ᠂ ᠳᠠᠷᠠᠭ᠎ᠠ ᠵᠢᠯ ᠨᠡᠩ ᠶᠡᠭᠡ ᠠᠰᠢᠭ ᠤᠯᠵᠠ ᠤᠯᠬᠤ ᠵᠢ ᠵᠦᠩᠨᠡᠵᠡᠢ᠃



