1 ᠳ᠋ᠤᠭᠡᠷ ᠰᠠᠷ᠎ᠠ ᠵᠢᠨ 24᠎ᠤ ᠠ᠋ᠳᠤᠷ᠂ ᠳᠦᠷᠦ ᠵᠢᠨ ᠶᠠᠪᠤᠳᠠᠯ᠎ᠤᠨ ᠭᠡᠰᠢᠬᠦᠨ ᠪᠦᠭᠡᠳ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ ᠸᠠᠩ ᠢ ᠫᠠᠷᠢᠰ᠎ᠲᠤ ᠹᠷᠡᠨᠼᠢ ᠵᠢᠨ ᠶᠡᠷᠦᠩᠭᠡᠢ᠌ᠯᠡᠭᠴᠢ ᠵᠢᠨ ᠭᠠᠳᠠᠭ᠋ᠠᠳᠤ ᠶᠠᠪᠤᠳᠠᠯ᠎ᠤᠨ ᠵᠦᠪᠯᠡᠭᠴᠢ ᠠ᠋ᠸᠳᠢᠠᠠᠨᠲᠠᠢ ᠠᠷᠪᠠᠨ ᠨᠠᠢ᠍ᠮᠠᠳᠤᠭ᠋ᠠᠷ ᠤᠳᠠᠭ᠋ᠠᠨ᠎ᠤ ᠳᠤᠮᠳᠠᠳᠤ ᠹᠷᠡᠨᠼᠢ ᠵᠢᠨ ᠪᠠᠢ᠌ᠯᠳᠤᠬᠤ ᠪᠤᠳᠤᠯᠭ᠎ᠠ ᠵᠢᠨ ᠬᠠᠮᠳᠤᠷᠠᠯᠴᠠᠭ᠋ᠠᠨ᠎ᠤ ᠳᠤᠬᠠᠢ ᠵᠦᠪᠳᠡᠨ ᠶᠠᠷᠢᠯᠴᠠᠵᠠᠢ᠃
ᠸᠠᠩ ᠢ᠂ 2019 ᠤᠨ ᠪᠤᠯ ᠳᠤᠮᠳᠠᠳᠤ ᠹᠷᠡᠨᠼᠢ ᠵᠢᠨ ᠬᠠᠷᠢᠴᠠᠭ᠎ᠠ ᠪᠠᠢ᠌ᠭᠤᠯᠤᠭᠰᠠᠨ 55 ᠵᠢᠯ᠎ᠤᠨ ᠤᠢ ᠪᠤᠯᠤᠨ᠎ᠠ᠂ ᠬᠤᠶᠠᠷ ᠳᠠᠯ᠎ᠠ᠎ᠪᠠᠷ ᠵᠶ᠋ᠡᠨ ᠠ᠋ᠨᠡ ᠬᠦ᠌ ᠠᠵᠠ ᠳᠤᠬᠢᠶᠠᠯ ᠵᠶ᠋ᠡᠷ ᠬᠤᠶᠠᠷ ᠤᠯᠤᠰ᠎ᠤᠨ ᠬᠠᠷᠢᠴᠠᠭ᠎ᠠ᠎ᠪᠠᠨ ᠤᠯᠠᠮ ᠬᠦᠨᠵᠡᠭᠡᠢ᠌ᠷᠡᠬᠦᠯᠬᠦ ᠵᠢ ᠬᠦᠰᠡᠵᠤ ᠪᠠᠢ᠌ᠨ᠎ᠠ᠃ ᠳᠤᠮᠳᠠᠳᠤ ᠹᠷᠡᠨᠼᠢ ᠵᠢᠨ ᠪᠠᠢ᠌ᠯᠳᠤᠬᠤ ᠪᠤᠳᠤᠯᠭ᠎ᠠ ᠵᠢᠨ ᠶᠡᠷᠢᠯᠴᠠᠭ᠋ᠠᠨᠤ ᠦᠢ᠍ᠯᠡᠳᠤᠯ᠎ᠢ ᠬᠦᠢ᠍ᠴᠡᠳ ᠪᠠᠳᠠᠷᠠᠭᠤᠯᠤᠨ᠂ ᠬᠤᠶᠠᠷ ᠤᠯᠤᠰ᠎ᠤᠨ ᠳᠡᠭᠡᠳᠤ ᠳᠠᠪᠬᠤᠷᠭ᠋ᠠᠨ᠎ᠤ ᠬᠠᠷᠢᠯᠴᠠᠭ᠎ᠠ ᠶᠠᠪᠤᠯᠴᠠᠭ᠎ᠠ ᠵᠢ ᠨᠢᠭᠡᠳᠤᠯᠳᠠᠢ ᠳᠦᠯᠦᠪᠵᠢᠬᠦᠯᠵᠤ᠂ ᠳᠤᠮᠳᠠᠳᠤ ᠹᠷᠡᠨᠼᠢ ᠵᠢᠨ ᠪᠦᠬᠦ ᠳᠠᠯ᠎ᠠ ᠵᠢᠨ ᠪᠠᠢ᠌ᠯᠳᠤᠬᠤ ᠪᠤᠳᠤᠯᠭ᠎ᠠ ᠵᠢᠨ ᠬᠠᠨᠢᠳᠠᠨ᠎ᠤ ᠬᠠᠷᠢᠴᠠᠭ᠎ᠠ ᠵᠢ ᠦᠷᠬᠦᠯᠵᠢᠯᠡᠨ ᠳᠤᠭᠳᠠᠭᠤᠨ ᠵᠶ᠋ᠡᠷ ᠠᠬᠢᠭᠤᠯᠤᠨ᠎ᠠ ᠭᠡᠵᠤ ᠢᠯᠡᠷᠭᠡᠢ᠌ᠯᠡᠪᠡ᠃
ᠸᠠᠩ ᠢ᠂ ᠳᠤᠮᠳᠠᠳᠤ ᠹᠷᠡᠨᠼᠢ ᠵᠢᠨ ᠪᠤᠳᠠᠳᠠᠢ ᠵᠢ ᠠ᠋ᠷᠬᠢᠮᠯᠡᠭᠰᠡᠨ ᠬᠠᠮᠳᠤᠷᠠᠯᠴᠠᠭ᠎ᠠ᠎ᠨᠢ ᠬᠤᠶᠠᠷ ᠤᠯᠤᠰ᠎ᠤᠨ ᠠᠵᠤ ᠠᠬᠤᠢ ᠨᠡᠢ᠌ᠭᠡᠮ᠎ᠤᠨ ᠬᠦᠭᠵᠢᠯᠳᠡ ᠪᠤᠯᠤᠨ ᠪᠦᠬᠦ ᠪᠦᠮᠪᠦᠷᠴᠡᠭ᠎ᠤᠨ ᠬᠦᠭᠵᠢᠯ ᠪᠠᠳᠠᠷᠠᠯᠳᠤ ᠢᠳᠡᠪᠬᠢᠳᠡᠢ ᠦᠢ᠍ᠯᠡᠳᠤᠯ ᠦᠵᠡᠬᠦᠯᠦᠭᠰᠡᠭᠡᠷ ᠢᠷᠡᠪᠡ᠃ ᠬᠤᠶᠠᠷ ᠳᠠᠯ᠎ᠠ᠎ᠪᠠᠷ ᠵᠶ᠋ᠡᠨ ᠪᠤᠳᠠᠳᠠᠢ ᠵᠢ ᠠ᠋ᠷᠬᠢᠮᠯᠡᠭᠰᠡᠨ ᠬᠠᠮᠳᠤᠷᠠᠯᠴᠠᠭ᠋ᠠᠨ᠎ᠤ ᠭᠡᠯᠪᠡᠷᠢ ᠵᠢ ᠬᠤᠪᠢᠷᠠᠭᠤᠯᠤᠨ ᠳᠡᠰ ᠳᠡᠪᠰᠢᠬᠦᠯᠬᠦ ᠵᠢ ᠠᠬᠢᠭᠤᠯᠤᠨ᠂ ᠠ᠋ᠷᠭᠡ ᠳᠡᠭᠰᠢ ᠨᠡᠭᠡᠭᠡᠯᠳᠡ᠎ᠲᠠᠢ ᠪᠦᠭᠡᠳ ᠬᠠᠷᠢᠯᠴᠠᠨ ᠠᠰᠢᠭᠲᠠᠢ ᠬᠠᠮᠳᠤ᠎ᠪᠠᠷ ᠠᠰᠢᠭ ᠤᠯᠬᠤ ᠵᠠᠷᠴᠢᠮ᠎ᠢ ᠦᠷᠬᠦᠯᠵᠢᠯᠡᠨ ᠪᠠᠷᠢᠮᠳᠠᠯᠠᠨ᠎ᠠ᠃ ᠬᠤᠶᠠᠷ ᠴᠢᠭᠯᠡᠯ᠎ᠤᠨ ᠠᠷᠠᠯᠵᠢᠶ᠎ᠠ ᠪᠤᠯᠤᠨ ᠪᠡᠯᠡ ᠤᠷᠤᠭᠤᠯᠤᠯᠳᠠ ᠵᠢ ᠤᠯᠠᠮ ᠵᠶ᠋ᠡᠷ ᠦᠷᠭᠡᠳᠭᠡᠨ᠂ ᠹᠷᠡᠨᠼᠢ ᠵᠢᠨ᠎ᠬᠢᠨ᠎ᠤ ᠳᠤᠮᠳᠠᠳᠤ ᠤᠯᠤᠰ᠎ᠤᠨ ᠤᠯᠠᠨ ᠤᠯᠤᠰ᠎ᠤᠨ ᠭᠠᠳᠠᠭ᠋ᠠᠳᠤ᠎ᠠᠴᠠ ᠤᠷᠤᠭᠤᠯᠬᠤ ᠳᠠᠸᠠᠷ᠎ᠤᠨ ᠦᠵᠡᠰᠬᠦᠯᠡᠩ᠎ᠳᠤ ᠦᠷᠬᠦᠯᠵᠢᠯᠡᠨ ᠤᠷᠤᠯᠴᠠᠬᠤ ᠵᠢ ᠪᠠᠶᠠᠷᠯᠠᠨ ᠤᠭᠳᠤᠵᠤ᠂ ᠵᠠᠬ᠎ᠠ ᠳᠡᠯᠭᠡᠬᠦᠷ᠎ᠤᠨ ᠭᠡᠷᠡᠭᠴᠡᠭᠡ᠎ᠳᠤ ᠳᠤᠬᠢᠷᠠᠬᠤᠢ᠌ᠴᠠ ᠭᠠᠳᠠᠭ᠋ᠠᠳᠤ ᠵᠢᠨ ᠨᠡᠩ ᠠᠷᠪᠢᠨ ᠴᠢᠨᠠᠷ ᠰᠠᠢ᠌ᠳᠠᠢ ᠳᠠᠸᠠᠷ᠎ᠢ ᠤᠷᠤᠭᠤᠯᠤᠨ ᠪᠤᠷᠤᠯᠠᠭᠤᠯᠤᠨ᠎ᠠ᠃ ᠳᠤᠮᠳᠠᠳᠤ ᠤᠯᠤᠰ ᠶᠠᠭ ᠰᠠᠢ᠌ᠬᠠᠨ ᠮᠦᠩᠬᠦᠨ ᠬᠦᠢ᠍ᠯᠭᠡᠭᠡᠨ᠎ᠤ ᠬᠦᠷᠢᠶ᠎ᠡ ᠴᠠᠷᠠᠭ᠎ᠠ ᠵᠢᠨ ᠨᠡᠭᠡᠭᠡᠯᠳᠡ᠎ᠪᠠᠨ ᠳᠦᠷᠭᠡᠳᠭᠡᠵᠤ ᠪᠤᠢ᠂ ᠹᠷᠡᠨᠼᠢ ᠵᠢᠨ᠎ᠬᠢᠨ᠎ᠤ ᠳᠤᠮᠳᠠᠳᠤ ᠤᠯᠤᠰ᠎ᠤᠨ ᠠ᠋ᠨᠡ ᠬᠦ᠌ ᠠᠵᠠ ᠳᠤᠬᠢᠶᠠᠯ᠎ᠢ ᠵᠠᠪᠳᠤᠨ ᠠᠰᠢᠭᠯᠠᠬᠤ ᠵᠢ ᠬᠦᠰᠡᠵᠤ ᠪᠠᠢ᠌ᠨ᠎ᠠ᠃ ᠴᠦᠮ᠎ᠠ ᠵᠢᠨ ᠠ᠋ᠨ᠋ᠸᠷᠬᠢ᠂ ᠰᠠᠨᠰᠠᠷ᠎ᠤᠨ ᠠᠶᠠᠯᠠᠯ᠂ ᠠᠭ᠋ᠠᠷ᠎ᠤᠨ ᠠᠶᠠᠯᠠᠯ ᠵᠡᠷᠭᠡ ᠭᠤᠤᠯᠳᠠᠯᠭ᠎ᠠ᠎ᠲᠠᠢ ᠬᠦᠷᠢᠶ᠎ᠠ ᠴᠠᠷᠠᠭ᠎ᠠ ᠵᠢᠨ ᠬᠠᠮᠳᠤᠷᠠᠯᠴᠠᠭ᠎ᠠ᠎ᠪᠠᠨ ᠴᠢᠩᠭ᠋ᠠᠳᠬᠠᠨ᠎ᠠ᠃ ᠳᠤᠮᠳᠠᠳᠤ ᠤᠯᠤᠰ ᠹᠷᠡᠨᠼᠢ ᠵᠢᠨ᠎ᠬᠢᠨ᠎ᠤ 《ᠨᠢᠭᠡ ᠪᠦᠰᠡ ᠨᠢᠭᠡ ᠵᠠᠮ》᠎ᠤᠨ ᠰᠠᠨᠠᠭ᠋ᠠᠴᠢᠯᠠᠭ᠎ᠠ ᠵᠢ ᠬᠠᠮᠳᠤ᠎ᠪᠠᠷ ᠪᠦᠳᠦᠭᠡᠨ ᠪᠠᠢ᠌ᠭᠤᠯᠤᠨ᠂ ᠬᠠᠮᠳᠤ᠎ᠪᠠᠷ ᠠᠰᠢᠭ ᠬᠦᠷᠳᠡᠬᠦ ᠤᠯᠠᠨ ᠤᠯᠤᠰ᠎ᠤᠨ ᠬᠠᠮᠳᠤᠷᠠᠯᠴᠠᠭ᠋ᠠᠨ᠎ᠤ ᠴᠢᠬᠤᠯᠠ ᠬᠠᠨᠢᠳᠠᠨ ᠪᠤᠯᠬᠤ ᠵᠢ ᠬᠦᠰᠡᠵᠤ ᠪᠠᠢ᠌ᠭ᠎ᠠ ᠪᠦᠭᠡᠳ ᠳᠤᠷᠠᠳᠠᠶ᠎ᠠ ᠹᠷᠡᠨᠼᠢ ᠵᠢᠨ᠎ᠬᠢᠨ᠎ᠲᠠᠢ ᠳᠦᠷᠦ ᠵᠢᠨ ᠪᠤᠳᠤᠯᠭ᠎ᠠ ᠪᠤᠯᠤᠨ ᠬᠦᠭᠵᠢᠯᠳᠡ ᠵᠢᠨ ᠪᠠᠢ᠌ᠯᠳᠤᠬᠤ ᠪᠤᠳᠤᠯᠭ᠎ᠠ᠎ᠪᠠᠨ ᠠᠪᠴᠠᠯᠳᠤᠭᠤᠯᠬᠤ ᠵᠢ ᠴᠢᠩᠭ᠋ᠠᠳᠬᠠᠨ᠂ ᠭᠤᠷᠪᠠᠳᠤᠭ᠋ᠠᠷ ᠳᠠᠯ᠎ᠠ ᠵᠢᠨ ᠵᠠᠬ᠎ᠠ ᠳᠡᠯᠭᠡᠬᠦᠷ᠎ᠤᠨ ᠬᠠᠮᠳᠤᠷᠠᠯᠴᠠᠭ᠎ᠠ᠎ᠪᠠᠨ ᠠᠬᠢᠭᠤᠯᠤᠨ᠎ᠠ᠃ ᠳᠤᠮᠳᠠᠳᠤ ᠵᠢᠨ᠎ᠬᠢᠨ ᠳᠤᠷᠠᠳᠠᠶ᠎ᠠ ᠠ᠋ᠸᠦᠢ᠍ᠷᠦᠫᠠ ᠵᠢᠨ ᠬᠤᠯᠪᠤᠭ᠎ᠠ᠎ᠲᠠᠢ ᠬᠠᠮᠳᠤ᠎ᠪᠠᠷ 《ᠨᠢᠭᠡ ᠪᠦᠰᠡ ᠨᠢᠭᠡ ᠵᠠᠮ》᠎ᠤᠨ ᠰᠠᠨᠠᠭ᠋ᠠᠴᠢᠯᠠᠭ᠎ᠠ ᠵᠢ ᠠ᠋ᠸᠦᠢ᠍ᠷᠦᠫᠠ ᠵᠢᠨ ᠬᠤᠯᠪᠤᠭ᠎ᠠ ᠵᠢᠨ ᠬᠠᠷᠢᠯᠴᠠᠨ ᠨᠡᠪᠳᠡᠷᠡᠯᠴᠠᠬᠦ ᠪᠠᠢ᠌ᠯᠳᠤᠬᠤ ᠪᠤᠳᠤᠯᠭ᠎ᠠ᠎ᠲᠠᠢ ᠠᠪᠴᠠᠯᠳᠤᠭᠤᠯᠵᠤ᠂ ᠨᠡᠭᠡᠭᠡᠯᠳᠡ᠎ᠲᠠᠢ᠂ ᠪᠠᠭᠳᠠᠭ᠋ᠠᠮᠠᠵᠢᠲᠠᠢ᠂ ᠢᠯᠡ ᠳᠤᠳᠤᠷᠬᠠᠢ 《ᠨᠢᠭᠡ ᠪᠦᠰᠡ ᠨᠢᠭᠡ ᠵᠠᠮ》᠎ᠤᠨ ᠬᠠᠮᠳᠤᠷᠠᠯᠴᠠᠭ᠎ᠠ ᠵᠢ ᠠᠬᠢᠭᠤᠯᠤᠨ᠎ᠠ ᠭᠡᠵᠤ ᠢᠯᠡᠷᠭᠡᠢ᠌ᠯᠡᠪᠡ᠃
ᠸᠠᠩ ᠢ᠂ ᠬᠦᠮᠦᠨ ᠨᠡᠢ᠌ᠭᠡᠮ᠎ᠤᠨ ᠰᠤᠯᠢᠯᠴᠠᠭ᠎ᠠ ᠶᠠᠪᠤᠯᠴᠠᠭ᠎ᠠ ᠪᠤᠯ ᠳᠤᠮᠳᠠᠳᠤ ᠹᠷᠡᠨᠼᠢ ᠵᠢᠨ ᠬᠠᠷᠢᠴᠠᠭ᠎ᠠ ᠵᠢ ᠬᠦᠭᠵᠢᠬᠦᠯᠬᠦ ᠴᠢᠬᠤᠯᠠ ᠬᠦᠳᠡᠯᠭᠡᠬᠦ ᠬᠦᠴᠦᠨ ᠪᠤᠯᠤᠨ᠎ᠠ᠂ ᠬᠤᠶᠠᠷ ᠳᠠᠯ᠎ᠠ᠎ᠪᠠᠷ ᠵᠶ᠋ᠡᠨ ᠬᠠᠷᠢᠴᠠᠭ᠎ᠠ ᠪᠠᠢ᠌ᠭᠤᠯᠤᠭᠰᠠᠨ 55 ᠵᠢᠯ᠎ᠤᠨ ᠤᠢ ᠵᠢ ᠪᠡᠯᠭᠡᠯᠡᠬᠦ ᠠᠵᠠ ᠳᠤᠬᠢᠶᠠᠯ᠎ᠢ ᠠᠰᠢᠭᠯᠠᠨ᠂ ᠳᠤᠮᠳᠠᠳᠤ ᠤᠯᠤᠰ᠎ᠤᠨ ᠹᠷᠡᠨᠼᠢ᠎ᠲᠤ ᠰᠤᠷᠤᠯᠴᠠᠭᠰᠠᠳ᠎ᠤᠨ ᠠᠵᠢᠯᠴᠢ ᠠᠷᠪᠢᠴᠢ᠎ᠪᠠᠷ ᠰᠤᠷᠤᠯᠴᠠᠬᠤ ᠬᠦᠳᠡᠯᠭᠡᠭᠡᠨ᠎ᠤ 100 ᠵᠢᠯ᠎ᠤᠨ ᠤᠢ ᠵᠢ ᠳᠤᠷᠠᠰᠬᠠᠵᠤ᠂ ᠬᠤᠶᠠᠷ ᠤᠯᠤᠰ᠎ᠤᠨ ᠰᠤᠶᠤᠯ᠂ ᠤᠷᠠᠯᠢᠭ᠂ ᠰᠤᠷᠭ᠋ᠠᠨ ᠬᠦᠮᠦᠵᠢᠯ᠂ ᠤᠷᠤᠨ ᠨᠤᠳᠤᠭ᠂ ᠵᠤᠭ᠋ᠠᠴᠠᠯ᠎ᠤᠨ ᠬᠠᠮᠳᠤᠷᠠᠯᠴᠠᠭ᠎ᠠ᠎ᠪᠠᠨ ᠬᠦᠨᠵᠡᠭᠡᠢ᠌ᠷᠡᠬᠦᠯᠵᠤ᠂ ᠳᠤᠮᠳᠠᠳᠤ ᠹᠷᠡᠨᠼᠢ ᠵᠢᠨ ᠠᠷᠠᠳ᠎ᠤᠨ ᠨᠦᠬᠦᠷᠯᠡᠯ ᠵᠶ᠋ᠡᠨ ᠤᠯᠠᠮ ᠪᠠᠳᠤᠳᠬᠠᠨ᠎ᠠ᠃ ᠹᠷᠡᠨᠼᠢ ᠪᠤᠯ ᠬᠠᠮᠤᠭ ᠠ᠋ᠷᠳᠡ ᠳᠤᠮᠳᠠᠳᠤ ᠤᠯᠤᠰ᠎ᠲᠠᠢ ᠴᠡᠷᠢᠭ᠎ᠤᠨ ᠶᠠᠪᠤᠳᠠᠯ᠎ᠤᠨ ᠶᠠᠪᠤᠯᠴᠠᠭ᠎ᠠ ᠬᠢᠭᠰᠡᠨ ᠤᠯᠤᠰ ᠪᠠᠢ᠌ᠵᠤ᠂ ᠬᠤᠶᠠᠷ ᠤᠯᠤᠰ᠎ᠤᠨ ᠴᠡᠷᠢᠭ᠎ᠤᠨ ᠬᠠᠷᠢᠴᠠᠭ᠎ᠠ᠎ᠨᠢ ᠳᠤᠮᠳᠠᠳᠤ ᠹᠷᠡᠨᠼᠢ ᠵᠢᠨ ᠪᠦᠬᠦ ᠳᠠᠯ᠎ᠠ ᠵᠢᠨ ᠪᠠᠢ᠌ᠯᠳᠤᠬᠤ ᠪᠤᠳᠤᠯᠭ᠎ᠠ ᠵᠢᠨ ᠬᠠᠨᠢᠳᠠᠨ᠎ᠤ ᠬᠠᠷᠢᠴᠠᠭ᠋ᠠᠨ᠎ᠤ ᠳᠤᠳᠠᠭᠳᠠᠵᠤ ᠪᠤᠯᠤᠰᠢ ᠦᠭᠡᠢ ᠪᠦᠷᠢᠯᠳᠦᠬᠦᠨ ᠭᠡᠰᠡᠭ ᠪᠤᠯᠤᠭᠰᠠᠨ ᠶᠤᠮ᠃ ᠳᠤᠮᠳᠠᠳᠤ ᠹᠷᠡᠨᠼᠢ ᠬᠤᠶᠠᠷ ᠤᠯᠤᠰ᠎ᠤᠨ ᠴᠡᠷᠢᠭ᠎ᠤᠨ ᠶᠠᠪᠤᠳᠠᠯ᠎ᠤᠨ ᠶᠠᠪᠤᠯᠴᠠᠭ᠎ᠠ ᠬᠠᠮᠳᠤᠷᠠᠯᠴᠠᠭ᠎ᠠ᠎ᠪᠠᠨ ᠤᠯᠠᠮ ᠬᠦᠨᠵᠡᠭᠡᠢ᠌ᠷᠡᠬᠦᠯᠬᠦ ᠵᠢ ᠬᠦᠰᠡᠨ᠎ᠠ ᠭᠡᠵᠤ ᠢᠯᠡᠷᠭᠡᠢ᠌ᠯᠡᠪᠡ᠃
ᠸᠠᠩ ᠢ᠂ ᠳᠤᠮᠳᠠᠳᠤ ᠵᠢᠨ᠎ᠬᠢᠨ ᠳᠤᠷᠠᠳᠠᠶ᠎ᠠ ᠹᠷᠡᠨᠼᠢ᠎ᠲᠠᠢ ᠬᠠᠮᠳᠤ᠎ᠪᠠᠷ ᠤᠯᠠᠨ ᠤᠯᠤᠰ᠎ᠤᠨ ᠬᠤᠯᠪᠤᠭ᠋ᠠᠳᠤ ᠪᠠᠢ᠌ᠭᠤᠯᠭ᠎ᠠ᠂ ᠬᠤᠷᠢᠨ ᠤᠯᠤᠰ᠎ᠤᠨ ᠪᠦᠯᠦᠭᠯᠡᠯ᠂ ᠳᠡᠯᠡᠭᠡᠢ ᠵᠢᠨ ᠠᠷᠠᠯᠵᠢᠶ᠎ᠠ ᠵᠢᠨ ᠵᠤᠬᠢᠶᠠᠨ ᠪᠠᠢ᠌ᠭᠤᠯᠤᠯᠳᠠᠯᠤᠭᠠ ᠵᠢᠨ ᠬᠠᠮᠳᠤᠷᠠᠯᠴᠠᠭ᠎ᠠ᠎ᠪᠠᠨ ᠦᠷᠬᠦᠯᠵᠢᠯᠡᠨ ᠴᠢᠩᠭ᠋ᠠᠳᠬᠠᠵᠤ᠂ ᠤᠯᠠᠨ ᠳᠠᠯᠠᠳᠤ ᠦᠵᠡᠯ᠂ ᠤᠯᠠᠨ ᠳᠡᠯᠡᠳᠤ ᠠᠷᠠᠯᠵᠢᠶ᠎ᠠ ᠵᠢᠨ ᠳᠦᠷᠢᠮ᠎ᠢ ᠬᠠᠮᠠᠭ᠋ᠠᠯᠠᠨ᠂ ᠳᠡᠯᠡᠭᠡᠢ ᠨᠡᠢ᠌ᠳᠡ ᠵᠢᠨ ᠳᠠᠩᠴᠡᠬᠦᠷᠢᠲᠠᠢ᠂ ᠪᠠᠭᠳᠠᠭ᠋ᠠᠮᠵᠢ᠎ᠲᠠᠢ ᠬᠦᠭᠵᠢᠯᠳᠡ ᠵᠢ ᠠᠬᠢᠭᠤᠯᠤᠨ᠎ᠠ ᠭᠡᠵᠤ ᠴᠢᠬᠤᠯᠠᠴᠢᠯᠠᠪᠠ᠃
ᠠ᠋ᠸᠳᠢᠠᠠᠨ᠂ ᠠ᠋ᠨᠡ ᠤᠳᠠᠭ᠋ᠠᠨ᠎ᠤ ᠶᠠᠷᠢᠯᠴᠠᠭ᠋ᠠᠨ᠎ᠤ ᠬᠤᠭᠤᠴᠠᠭ᠋ᠠᠨ᠎ᠳᠤ ᠪᠢ ᠳᠤᠮᠳᠠᠳᠤ ᠤᠯᠤᠰ᠎ᠤᠨ ᠳᠦᠷᠦ ᠵᠢᠨ ᠶᠠᠪᠤᠳᠠᠯ᠎ᠤᠨ ᠭᠡᠰᠢᠬᠦᠨ ᠪᠦᠭᠡᠳ ᠭᠠᠳᠠᠭ᠋ᠠᠳᠤ ᠶᠠᠪᠤᠳᠠᠯ᠎ᠤᠨ ᠶᠠᠮᠤᠨ᠎ᠤ ᠰᠠᠢ᠌ᠳ ᠸᠠᠩ ᠢ᠎ᠲᠠᠢ ᠹᠷᠡᠨᠼᠢ ᠳᠤᠮᠳᠠᠳᠤ ᠵᠢᠨ ᠬᠠᠷᠢᠴᠠᠭ᠎ᠠ ᠪᠤᠯᠤᠨ ᠬᠠᠮᠳᠤ᠎ᠪᠠᠷ ᠠᠩᠬᠠᠷᠴᠤ ᠪᠠᠢ᠌ᠭ᠎ᠠ ᠠᠰᠠᠭᠤᠳᠠᠯ᠎ᠤᠨ ᠳᠤᠬᠠᠢ ᠪᠦᠳᠦᠮᠵᠢᠳᠡᠢ ᠶᠠᠷᠢᠯᠴᠠᠨ ᠵᠦᠪᠳᠡᠪᠡ᠃ ᠹᠷᠡᠨᠼᠢ ᠵᠢᠨ᠎ᠬᠢᠨ ᠳᠤᠷᠠᠳᠠᠶ᠎ᠠ ᠳᠤᠮᠳᠠᠳᠤ᠎ᠲᠠᠢ ᠪᠠᠢ᠌ᠯᠳᠤᠬᠤ ᠪᠤᠳᠤᠯᠭ᠎ᠠ ᠵᠢᠨ ᠶᠠᠷᠢᠯᠴᠠᠭ᠋ᠠᠨ᠎ᠤ ᠳᠠᠪᠴᠠᠩ ᠵᠡᠷᠭᠡ ᠳᠤᠭᠳᠠᠴᠠ᠎ᠪᠠᠷ ᠳᠠᠮᠵᠢᠭᠤᠯᠤᠨ ᠬᠤᠶᠠᠷ ᠤᠯᠤᠰ᠎ᠤᠨ ᠪᠦᠬᠦ ᠳᠠᠯ᠎ᠠ ᠵᠢᠨ ᠪᠠᠢ᠌ᠯᠳᠤᠬᠤ ᠪᠤᠳᠤᠯᠭ᠎ᠠ ᠵᠢᠨ ᠬᠠᠨᠢᠳᠠᠨ᠎ᠤ ᠬᠠᠷᠢᠴᠠᠭ᠎ᠠ᠎ᠪᠠᠨ ᠤᠯᠠᠮ ᠵᠶ᠋ᠡᠷ ᠠᠬᠢᠭᠤᠯᠤᠨ᠎ᠠ᠃ ᠹᠷᠡᠨᠼᠢ ᠵᠢᠨ᠎ᠬᠢᠨ ᠳᠤᠮᠳᠠᠳᠤ ᠤᠯᠤᠰ᠎ᠲᠠᠢ ᠰᠠᠨᠰᠠᠷ᠎ᠤᠨ ᠠᠶᠠᠯᠠᠯ᠂ ᠠᠭ᠋ᠠᠷ᠎ᠤᠨ ᠠᠶᠠᠯᠠᠯ᠂ ᠴᠦᠮ᠎ᠠ ᠵᠢᠨ ᠠ᠋ᠨ᠋ᠸᠷᠬᠢ ᠵᠡᠷᠭᠡ ᠭᠤᠤᠯᠳᠠᠯᠭ᠎ᠠ᠎ᠲᠠᠢ ᠬᠦᠷᠢᠶ᠎ᠡ ᠴᠠᠷᠠᠭ᠎ᠠ ᠵᠢᠨ ᠬᠠᠮᠳᠤᠷᠠᠯᠴᠠᠭ᠎ᠠ᠎ᠪᠠᠨ ᠬᠦᠨᠵᠡᠭᠡᠢ᠌ᠷᠡᠬᠦᠯᠵᠤ᠂ ᠠᠵᠤ ᠠᠬᠤᠢ ᠠᠷᠠᠯᠵᠢᠶ᠎ᠠ᠂ ᠪᠡᠯᠡ ᠤᠷᠤᠭᠤᠯᠤᠯᠳᠠ ᠵᠢᠨ ᠬᠠᠮᠳᠤᠷᠠᠯᠴᠠᠭ᠎ᠠ᠎ᠪᠠᠨ ᠳᠡᠰ ᠳᠡᠪᠰᠢᠬᠦᠯᠦᠨ᠂ ᠳᠤᠮᠳᠠᠳᠤ ᠤᠯᠤᠰ᠎ᠤᠨ ᠤᠯᠠᠨ ᠤᠯᠤᠰ᠎ᠤᠨ ᠭᠠᠳᠠᠭ᠋ᠠᠳᠤ᠎ᠠᠴᠠ ᠤᠷᠤᠭᠤᠯᠬᠤ ᠳᠠᠸᠠᠷ᠎ᠤᠨ ᠦᠵᠡᠰᠬᠦᠯᠡᠩ᠎ᠳᠤ ᠢᠳᠡᠪᠬᠢᠳᠡᠢ ᠤᠷᠤᠯᠴᠠᠨ᠎ᠠ᠃ ᠹᠷᠡᠨᠼᠢ ᠵᠢᠨ᠎ᠬᠢᠨ ᠳᠤᠮᠳᠠᠳᠤ ᠤᠯᠤᠰ᠎ᠲᠠᠢ ᠬᠠᠮᠳᠤ᠎ᠪᠠᠷ ᠬᠤᠶᠠᠷ ᠤᠯᠤᠰ᠎ᠤᠨ ᠴᠡᠷᠢᠭ᠎ᠤᠨ ᠬᠠᠷᠢᠴᠠᠭ᠎ᠠ ᠵᠢ ᠬᠦᠨᠵᠡᠭᠡᠢ᠌ᠷᠡᠬᠦᠯᠵᠤ᠂ ᠬᠤᠶᠠᠷ ᠤᠯᠤᠰ᠎ᠤᠨ ᠬᠠᠮᠳᠤᠷᠠᠯᠴᠠᠭ᠋ᠠᠨ᠎ᠤ ᠪᠠᠢ᠌ᠯᠳᠤᠬᠤ ᠪᠤᠳᠤᠯᠭ᠎ᠠ ᠵᠢᠨ ᠳᠦᠪᠰᠢᠨ᠎ᠢ ᠤᠯᠠᠮ ᠵᠶ᠋ᠡᠷ ᠳᠡᠭᠡᠭᠰᠢᠯᠡᠬᠦᠯᠦᠨ᠎ᠡ᠃ ᠪᠢ ᠳᠦᠷᠦ ᠵᠢᠨ ᠶᠠᠪᠤᠳᠠᠯ᠎ᠤᠨ ᠭᠡᠰᠢᠬᠦᠨ ᠸᠠᠩ ᠢ ᠵᠢᠨ ᠬᠤᠶᠠᠷ ᠤᠯᠤᠰ᠎ᠤᠨ ᠬᠦᠮᠦᠨ ᠨᠡᠢ᠌ᠭᠡᠮ᠎ᠤᠨ ᠶᠠᠪᠤᠯᠴᠠᠭ᠎ᠠ ᠰᠤᠯᠢᠯᠴᠠᠭ᠋ᠠᠨ᠎ᠤ ᠳᠤᠬᠠᠢ ᠦᠵᠡᠯᠳᠡ ᠵᠢ ᠵᠦᠪᠰᠢᠶᠡᠷᠡᠵᠤ ᠪᠠᠢ᠌ᠨ᠎ᠠ᠃ ᠹᠷᠡᠨᠼᠢ ᠵᠢᠨ᠎ᠬᠢᠨ ᠳᠤᠮᠳᠠᠳᠤ ᠤᠯᠤᠰ᠎ᠤᠨ ᠹᠷᠡᠨᠼᠢ᠎ᠳᠤ ᠰᠤᠷᠤᠯᠴᠠᠭᠰᠠᠳ᠎ᠤᠨ ᠠᠵᠢᠯᠴᠢ ᠠᠷᠪᠢᠴᠢ᠎ᠪᠠᠷ ᠰᠤᠷᠤᠯᠴᠠᠬᠤ ᠬᠦᠳᠡᠯᠭᠡᠭᠡᠨ᠎ᠤ 100 ᠵᠢᠯ᠎ᠤᠨ ᠤᠢ ᠵᠢ ᠳᠤᠷᠠᠰᠬᠠᠬᠤ ᠵᠢ ᠴᠢᠬᠤᠯᠠᠴᠢᠯᠠᠨ ᠦᠵᠡᠵᠤ᠂ ᠳᠤᠷᠠᠳᠠᠶ᠎ᠠ ᠹᠷᠡᠨᠼᠢ ᠳᠤᠮᠳᠠᠳᠤ ᠵᠢᠨ ᠵᠠᠯᠠᠭᠤᠴᠤᠳ᠂ ᠰᠤᠷᠭ᠋ᠠᠨ ᠬᠦᠮᠦᠵᠢᠯ᠂ ᠰᠤᠶᠤᠯ᠂ ᠤᠷᠠᠯᠢᠭ᠂ ᠳᠡᠤᠭᠡ ᠵᠢᠨ ᠳᠤᠷᠠᠰᠬᠠᠯᠳᠤ ᠵᠦᠢ᠍ᠯ᠂ ᠰᠢᠨᠵᠢᠯᠡᠬᠦ ᠤᠬᠠᠭ᠋ᠠᠨ ᠮᠡᠷᠭᠡᠵᠢᠯ᠂ ᠵᠤᠭ᠋ᠠᠴᠠᠯ᠎ᠤᠨ ᠬᠠᠮᠳᠤᠷᠠᠯᠴᠠᠭ᠎ᠠ᠎ᠪᠠᠨ ᠠᠬᠢᠭᠤᠯᠤᠨ᠎ᠠ ᠭᠡᠵᠤ ᠢᠯᠡᠷᠭᠡᠢ᠌ᠯᠡᠪᠡ᠃
ᠠ᠋ᠸᠳᠢᠠᠠᠨ᠂ ᠹᠷᠡᠨᠼᠢ ᠳᠤᠮᠳᠠᠳᠤ ᠪᠦᠷ ᠤᠯᠠᠨ ᠳᠡᠯᠡᠳᠤ ᠦᠵᠡᠯ᠎ᠢ ᠪᠠᠷᠢᠮᠳᠠᠯᠠᠳᠠᠭ ᠪᠦᠭᠡᠳ ᠯᠤᠳᠤ ᠶᠡᠭᠡ ᠬᠠᠮᠳᠤᠷᠠᠯᠴᠠᠬᠤ ᠳᠠᠯᠳᠠ ᠬᠦᠴᠦᠨ᠎ᠲᠠᠢ ᠶᠤᠮ᠃ ᠹᠷᠡᠨᠼᠢ ᠵᠢᠨ᠎ᠬᠢᠨ ᠳᠤᠷᠠᠳᠠᠶ᠎ᠠ ᠳᠤᠮᠳᠠᠳᠤ ᠤᠯᠤᠰ᠎ᠲᠠᠢ ᠬᠠᠮᠳᠤ᠎ᠪᠠᠷ ᠭᠠᠭᠴᠠ ᠳᠠᠯᠠᠳᠤ ᠦᠵᠡᠯ᠎ᠢ ᠠ᠋ᠰᠡᠷᠬᠦᠴᠡᠵᠤ᠂ ᠠᠭᠤᠷ ᠠᠮᠢᠰᠬᠤᠯ᠎ᠤᠨ ᠬᠤᠪᠢᠷᠠᠯᠳᠠ ᠵᠢ ᠠᠷᠭ᠋ᠠᠴᠠᠬᠤ 《ᠫᠠᠷᠢᠰ᠎ᠤᠨ ᠭᠡᠯᠡᠯᠴᠡᠭᠡᠷ》᠎ᠢ ᠨᠡᠢ᠌ᠳᠡᠪᠤᠷᠢᠵᠢᠭᠤᠯᠤᠨ᠂ ᠤᠷᠴᠢᠨ ᠳᠤᠭᠤᠷᠢᠨ᠎ᠢ ᠬᠠᠮᠠᠭ᠋ᠠᠯᠠᠬᠤ ᠪᠠ ᠠᠮᠢᠳᠤ ᠪᠤᠳᠠᠰ᠎ᠤᠨ ᠤᠯᠠᠨ ᠶᠠᠩᠵᠤᠳᠤ ᠴᠢᠨᠠᠷ᠎ᠢ ᠬᠠᠮᠠᠭ᠋ᠠᠯᠠᠬᠤ ᠵᠢ ᠠᠬᠢᠭᠤᠯᠵᠤ᠂ ᠤᠯᠠᠨ ᠤᠯᠤᠰ᠎ᠤᠨ ᠬᠤᠯᠪᠤᠭ᠋ᠠᠳᠤ ᠪᠠᠢ᠌ᠭᠤᠯᠭ᠎ᠠ ᠵᠢᠨ ᠠ᠋ᠩᠭᠡ ᠳᠠᠢ᠌ᠪᠤᠩᠢ ᠬᠠᠮᠠᠭ᠋ᠠᠯᠠᠬᠤ ᠠᠵᠢᠯᠯᠠᠭ᠎ᠠ ᠵᠡᠷᠭᠡ ᠳᠡᠯ᠎ᠡ ᠵᠢᠨ ᠬᠠᠮᠳᠤᠷᠠᠯᠴᠠᠭ᠎ᠠ᠎ᠪᠠᠨ ᠴᠢᠩᠭ᠋ᠠᠳᠬᠠᠨ᠂ ᠳᠡᠯᠡᠭᠡᠢ ᠵᠢᠨ ᠠᠷᠠᠯᠵᠢᠶ᠎ᠠ ᠵᠢᠨ ᠵᠤᠬᠢᠶᠠᠨ ᠪᠠᠢ᠌ᠭᠤᠯᠤᠯᠳᠠ ᠵᠢᠨ ᠦᠭᠡᠷᠡᠴᠢᠯᠡᠯᠳᠡ ᠵᠡᠷᠭᠡ ᠳᠤᠮᠤ ᠠᠰᠠᠭᠤᠳᠠᠯ᠎ᠢ ᠶᠠᠷᠢᠯᠴᠠᠵᠤ ᠵᠦᠪᠳᠡᠯᠴᠡᠬᠦ ᠵᠢ ᠪᠠᠷᠢᠮᠳᠠᠯᠠᠵᠤ᠂ ᠳᠡᠯᠡᠭᠡᠢ ᠵᠢᠨ ᠠᠷᠠᠯᠵᠢᠶ᠎ᠠ ᠵᠢᠨ ᠵᠤᠬᠢᠶᠠᠨ ᠪᠠᠢ᠌ᠭᠤᠯᠤᠯᠳᠠ᠎ᠪᠠᠷ ᠭᠤᠤᠯ ᠪᠤᠯᠭ᠋ᠠᠭᠰᠠᠨ ᠤᠯᠠᠨ ᠳᠡᠯᠡᠳᠤ ᠠᠷᠠᠯᠵᠢᠶ᠎ᠠ ᠵᠢᠨ ᠳᠦᠷᠢᠮ᠎ᠢ ᠬᠠᠮᠳᠤ᠎ᠪᠠᠷ ᠬᠠᠮᠠᠭ᠋ᠠᠯᠠᠨ᠎ᠠ ᠭᠡᠵᠤ ᠢᠯᠡᠷᠭᠡᠢ᠌ᠯᠡᠪᠡ᠃