ᠯᠢ ᠺᠧ ᠴᠢᠶᠠᠩ 3 ᠳ᠋ᠤᠭ᠋ᠠᠷ ᠰᠠᠷ᠎ᠠ ᠵᠢᠨ 6᠎ᠤ ᠦᠳᠡ ᠵᠢᠨ ᠠ᠋ᠮᠤᠨ᠎ᠡ ᠠᠷᠪᠠᠨ ᠭᠤᠷᠪᠠᠳᠤᠭ᠋ᠠᠷ ᠬᠤᠭᠤᠴᠠᠭ᠋ᠠᠨ᠎ᠤ ᠪᠦᠬᠦ ᠤᠯᠤᠰ᠎ᠤᠨ ᠠᠷᠠᠳ᠎ᠤᠨ ᠲᠦᠯᠣᠭᠡᠯᠡᠭᠴᠢᠳ᠎ᠤᠨ ᠶᠡᠬᠡ ᠬᠤᠷᠠᠯ᠎ᠤᠨ ᠬᠣᠶᠠᠳᠤᠭ᠋ᠠᠷ ᠬᠤᠷᠠᠯ᠎ᠤᠨ ᠭᠤᠸᠠᠩᠰᠢ ᠵᠢᠨ ᠲᠦᠯᠣᠭᠡᠯᠡᠭᠴᠢᠳ᠎ᠤᠨ ᠪᠦᠯᠬᠦᠮ᠎ᠤᠨ ᠬᠢᠨᠠᠨ ᠵᠦᠪᠯᠡᠬᠦ᠎ᠳᠤ ᠣᠷᠣᠯᠴᠠᠪᠠ᠃ ᠬᠡᠳᠤᠨ ᠲᠦᠯᠣᠭᠡᠯᠡᠭᠴᠢ᠎ᠠᠴᠠ ᠬᠢᠯᠢ ᠵᠢᠨ ᠠᠷᠠᠯᠵᠢᠶᠠᠨ᠎ᠤ ᠲᠦᠷᠤ ᠵᠢᠨ ᠪᠣᠳᠣᠯᠭ᠎ᠠ ᠵᠢ ᠰᠢᠨᠡᠴᠢᠯᠡᠬᠦ᠂ ᠬᠢᠯᠢ ᠵᠢᠨ ᠠᠷᠠᠳ᠎ᠤᠨ ᠬᠠᠷᠢᠯᠴᠠᠨ ᠮᠠᠢ᠌ᠮᠠᠢ᠌ᠯᠠᠬᠤ ᠲᠠᠸᠠᠷ᠎ᠤᠨ ᠲᠦᠷᠣᠯ ᠵᠦᠢ᠍ᠯ᠎ᠤᠨ ᠠ᠋ᠰᠡᠷᠭᠦ ᠲᠠᠯ᠎ᠠ ᠵᠢᠨ ᠨᠠᠷᠢᠨ ᠳᠠᠩᠰᠠ ᠵᠢ ᠪᠠᠢ᠌ᠭᠤᠯᠤᠨ ᠬᠠᠮᠢᠶᠠᠷᠬᠤ᠂ ᠵᠡᠭᠦᠨ ᠣᠷᠣᠨ᠎ᠤ ᠠᠵᠤ ᠦᠢ᠍ᠯᠡᠰ᠎ᠤᠨ ᠰᠢᠯᠵᠢᠵᠤ ᠢᠷᠡᠭᠰᠡᠨ ᠨᠠᠷᠢᠯᠢᠭ ᠪᠣᠯᠪᠠᠰᠤᠷᠠᠭᠤᠯᠬᠤ ᠦᠢ᠍ᠯᠡᠳᠭᠦᠨ᠎ᠤ ᠬᠦᠷᠢᠶᠡᠯᠡᠩ᠎ᠢ ᠳᠠᠭ᠋ᠠᠭ᠋ᠠᠨ ᠠᠪᠴᠤ ᠪᠠᠢ᠌ᠭᠤᠯᠬᠤ᠂ ᠬᠤᠳᠠᠯᠳᠤᠭ᠋ᠠᠴᠢᠨ ᠤᠷᠢᠵᠤ ᠪᠡᠯᠡ ᠣᠷᠣᠭᠤᠯᠬᠤ ᠳᠣᠭᠲᠠᠴᠠ ᠵᠢ ᠦᠭᠡᠷᠡᠴᠢᠯᠡᠨ ᠲᠡᠭᠦᠯᠳᠡᠷᠵᠢᠭᠦᠯᠬᠦ ᠵᠡᠷᠭᠡ ᠠᠰᠠᠭᠤᠳᠠᠯ᠎ᠤᠨ ᠲᠣᠭᠣᠷᠢᠨ᠎ᠳᠤ ᠰᠠᠨᠠᠭᠤᠯᠠᠭᠠ ᠭᠠᠷᠭ᠋ᠠᠭᠰᠠᠨ᠎ᠤ ᠳᠠᠷᠠᠭ᠎ᠠ ᠯᠢ ᠺᠸ ᠴᠢᠶᠠᠩ᠂ ᠭᠤᠸᠠᠩᠰᠢ ᠳᠠᠯᠠᠢ ᠳᠠᠭ᠋ᠠᠤ ᠪᠠᠢ᠌ᠬᠤ ᠮᠦᠷᠳᠡᠭᠡᠨ ᠪᠠᠰᠠ ᠬᠢᠯᠢ ᠳᠠᠭ᠋ᠠᠤ ᠰᠠᠭᠤᠷᠢᠰᠢᠵᠤ ᠪᠠᠢ᠌ᠬᠤ ᠪᠣᠯᠬᠣᠷ 〈〈ᠭᠠᠳᠠᠭ᠋ᠠᠳᠤ ᠭᠦᠴᠤᠨ〉〉᠎ᠢ ᠠᠰᠢᠭᠯᠠᠨ᠂ ᠭᠤᠸᠠᠩᠰᠢ᠎ᠪᠠᠨ 〈〈ᠪᠠᠷᠰᠲᠤ ᠵᠢᠭᠦᠷ ᠤᠷᠭᠤᠭᠰᠠᠨ〉〉 ᠮᠡᠲᠤ ᠬᠦᠭᠵᠢᠭᠦᠯᠵᠤ᠂ ᠲᠣᠲᠣᠭ᠋ᠠᠳᠤ ᠭᠠᠳᠠᠭ᠋ᠠᠳᠤ᠂ ᠠ᠋ᠬᠡ ᠬᠠᠭᠤᠷᠠᠢ ᠪᠠ ᠳᠠᠯᠠᠢ ᠵᠢ ᠨᠡᠭᠡᠭᠡᠬᠦ ᠠ᠋ᠨᠡᠬᠦ 〈〈ᠶᠡᠬᠡ ᠠᠷᠭ᠎ᠠ ᠤᠬᠠᠭ᠋ᠠᠨ〉〉᠎ᠢ ᠰᠠᠢ᠌ᠲᠤᠷ ᠬᠢᠬᠦ ᠬᠡᠷᠡᠭᠲᠠᠢ᠃ ᠭᠤᠸᠠᠩᠰᠢ ᠠ᠋ᠷᠬᠡᠪᠰᠢ 〈〈ᠲᠠᠯᠪᠢᠬᠤ ᠬᠠᠮᠢᠶᠠᠷᠬᠤ ᠦᠢ᠍ᠯᠡᠴᠢᠯᠡᠬᠦ〉〉 ᠦᠭᠡᠷᠡᠴᠢᠯᠡᠯᠲᠡ᠎ᠪᠠᠨ ᠭᠦᠨᠵᠡᠭᠡᠢ᠌ᠷᠡᠭᠦᠯᠵᠤ᠂ ᠬᠤᠳᠠᠯᠳᠤᠭ᠎ᠠ ᠡᠵᠡᠩᠨᠡᠬᠦ ᠣᠷᠴᠢᠨ ᠲᠣᠭᠣᠷᠢᠨ ᠵᠶ᠋ᠠᠨ ᠳᠠᠰᠤᠷᠠᠯ ᠦᠭᠡᠢ ᠰᠢᠯᠢᠳᠡᠭᠵᠢᠭᠦᠯᠤᠨ᠂ ᠵᠠᠬ᠎ᠠ ᠳᠡᠯᠭᠡᠭᠦᠷ᠎ᠲᠤ ᠣᠷᠣᠬᠤ ᠵᠢ ᠵᠦᠪᠰᠢᠶᠡᠷᠡᠬᠦ ᠪᠣᠱ᠌ᠣᠭᠠᠪᠠᠨ ᠪᠣᠭᠣᠨᠢ ᠪᠣᠯᠭ᠋ᠠᠵᠤ᠂ ᠠ᠋ᠷᠬᠡ ᠳᠡᠭᠰᠢ᠎ᠪᠠᠷ ᠦᠷᠢᠰᠤᠯᠳᠤᠬᠦ ᠵᠡᠷᠭᠡ ᠲᠠᠯ᠎ᠠ᠎ᠪᠠᠷ ᠨᠡᠩ ᠳᠠᠪᠰᠢᠬᠤ ᠵᠢ ᠪᠠᠲᠤᠯᠠᠬᠤ ᠬᠡᠷᠡᠭᠲᠠᠢ ᠭᠡᠵᠡᠢ᠃
