ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠶ᠋ᠢᠮᠠᠭ ᠬᠤᠲᠠ᠎ᠶᠢᠨ ᠮᠡᠳᠡᠭᠡ ᠵᠠᠩᠭᠢ
ᠬᠢᠩᠭ᠋ᠠᠨ ᠠᠢ᠌ᠮᠠᠭ᠎ᠤᠨ ᠨᠠᠰᠤᠨ᠎ᠳᠤ ᠦᠯᠤ ᠬᠦᠷᠤᠭ᠌ᠰᠡᠳ᠎ᠢ ᠬᠠᠮᠠᠭ᠋ᠠᠯᠠᠬᠤ ᠲᠦᠪ ᠬᠦᠴᠢᠷᠳᠡᠯ᠎ᠲᠠᠢ ᠬᠡᠤᠬᠡᠳ᠎ᠤᠨ ᠳᠤᠬᠠᠢ ᠰᠣᠷᠪᠣᠯᠵᠢᠯᠠᠭ᠎ᠠ ᠬᠢᠵᠠᠢ
ᠨᠡᠶᠢᠲᠡᠯᠡᠭᠰᠡᠨ ᠴᠠᠭ᠄ 2020-07-03

     5 ᠳ᠋ᠤᠭ᠋ᠠᠷ ᠰᠠᠷ᠎ᠠ ᠵᠢᠨ 20᠎ᠤ ᠡᠳᠦᠷ ᠬᠢᠩᠭ᠋ᠠᠨ ᠠᠶ᠋ᠢᠮᠠᠭ᠎ᠤᠨ ᠨᠡᠢ᠌ᠬᠡᠮ᠎ᠤᠨ ᠳᠤᠰᠠᠯᠠᠮᠵᠢ ᠵᠢᠨ ᠬᠠᠮᠢᠶᠠᠷᠤᠯᠲᠠ ᠵᠢᠨ ᠥᠷᠲᠡᠭᠡᠨ᠎ᠤ ᠸᠠᠩ ᠳᠠᠷᠤᠭ᠎ᠠ ᠨᠠᠰᠤᠨ᠎ᠳᠤ ᠦᠯᠦ ᠬᠦᠷᠦᠭᠰᠡᠳ᠎ᠢ ᠬᠠᠮᠠᠭ᠋ᠠᠯᠠᠬᠤ ᠲᠥᠪ ᠵᠢᠴᠢ ᠨᠡᠶ᠋ᠢᠭᠡᠮ᠎ᠤᠨ ᠠᠵᠢᠯ᠎ᠤᠨ ᠥᠷᠲᠡᠭᠡᠨ᠎ᠤ ᠠᠵᠢᠯᠲᠠᠨ᠎ᠢ ᠳᠠᠭ᠋ᠠᠭᠤᠯᠤᠨ ᠵᠠᠯᠠᠶ᠋ᠢᠳ ᠬᠣᠰᠢᠭᠤᠨ᠎ᠳᠤ ᠬᠦᠷᠴᠦ᠂ ᠢᠨᠳᠡᠷ ᠪᠠᠯᠭ᠋ᠠᠰᠤᠨ᠎ᠤ ᠨᠡᠶ᠋ᠢᠭᠡᠮ ᠲᠣᠭᠣᠷᠢᠭ᠎ᠤᠨ ᠨᠠᠮ᠎ᠤᠨ ᠠᠵᠢᠯᠯᠠᠬᠤ ᠬᠣᠷᠢᠶ᠎ᠠ ᠵᠢᠨ 11 ᠨᠡᠶ᠋ᠢᠭᠡᠮ ᠲᠣᠭᠣᠷᠢᠭ᠎ᠲᠤ᠎ᠬᠢ ᠬᠦᠴᠢᠷᠳᠡᠯ᠎ᠳᠤ ᠲᠤᠯᠭ᠋ᠠᠷᠠᠭᠰᠠᠨ ᠬᠡᠦᠬᠡᠳ᠎ᠤᠨ ᠳᠤᠬᠠᠢ ᠭᠤᠷᠪᠠᠨ ᠠᠰᠠᠭᠤᠳᠠᠯ᠎ᠳᠤ ᠴᠢᠭᠯᠡᠭᠦᠯᠤᠨ ᠰᠣᠷᠪᠣᠯᠵᠢᠯᠠᠭ᠎ᠠ ᠬᠢᠵᠠᠢ᠄ ᠨᠢᠭᠡ᠎ᠳᠤ᠂ ᠬᠦᠴᠢᠷᠳᠡᠯ᠎ᠲᠠᠢ   ᠬᠡᠤᠬᠡᠳ᠎ᠤᠨ ᠮᠡᠳᠡᠭᠡ ᠵᠠᠩᠭᠢ ᠵᠢᠨ ᠳᠡᠩᠰᠡᠯᠡᠯᠲᠡ ᠪᠦᠷᠢᠨ ᠪᠦᠲᠤᠨ ᠪᠠᠢ᠌ᠬᠤ ᠡᠰᠡᠬᠦ; ᠬᠣᠶᠠᠷ᠎ᠲᠤ᠂ ᠬᠦᠴᠢᠷᠳᠡᠯ᠎ᠳᠤ ᠲᠤᠯᠭ᠋ᠠᠷᠠᠭᠰᠠᠨ ᠬᠡᠤᠬᠡᠳ᠎ᠤᠨ ᠬᠡᠷ ᠪᠦᠯᠢ ᠵᠢᠨ ᠠᠮᠢᠳᠤᠷᠠᠯ᠂ ᠬᠢᠨᠠᠨ ᠬᠠᠮᠠᠭ᠋ᠠᠯᠠᠯᠲᠠ᠂ ᠡᠷᠡᠭᠦᠯ ᠮᠡᠨᠳᠦ ᠂ ᠰᠤᠷᠤᠯᠭ᠎ᠠ᠂ ᠡᠴᠢᠭᠡ ᠡᠬᠡ᠎ᠯᠦᠭᠡ ᠵᠢᠨ ᠬᠠᠷᠢᠴᠠᠭ᠎ᠠ ᠵᠡᠷᠭᠡ ᠦᠨᠳᠦᠰᠦᠨ ᠪᠠᠶ᠋ᠢᠳᠠᠯ᠎ᠢ ᠡᠵᠡᠮᠰᠢᠵᠠᠢ; ᠭᠤᠷᠪᠠ᠎ᠳᠤ᠂ ᠨᠡᠶ᠋ᠢᠲᠡᠯᠢᠭ ᠴᠢᠨᠠᠷᠲᠠᠶ ᠠᠰᠠᠭᠤᠳᠠᠯ ᠪᠠ ᠬᠡᠷᠡᠭᠴᠡᠭᠡ ᠱᠠᠭ᠋ᠠᠷᠳᠠᠯᠭ᠎ᠠ ᠵᠢ ᠢᠯᠡᠷᠡᠭᠦᠯᠵᠤ᠂ ᠲᠠᠷᠠᠭ᠋ᠠᠴᠢ᠎ᠪᠠᠷ ᠬᠦᠴᠢᠷᠳᠡᠯ᠎ᠳᠤ ᠲᠤᠯᠭ᠋ᠠᠷᠠᠭᠰᠠᠨ ᠬᠡᠤᠬᠡᠳ᠎ᠢ ᠬᠠᠯᠠᠮᠵᠢᠯᠠᠨ ᠬᠠᠶ᠋ᠢᠷᠠᠯᠠᠵᠤ ᠬᠠᠮᠠᠭ᠋ᠠᠯᠠᠬᠤ ᠠᠵᠢᠯ᠎ᠢ ᠥᠷᠨᠢᠭᠦᠯᠬᠦ᠎ᠳᠤ ᠴᠢᠭᠯᠡᠯ ᠰᠠᠭᠤᠷᠢ ᠲᠠᠯᠪᠢᠵᠤ ᠥᠭᠴᠠᠢ᠃
    ᠲᠡᠳᠡ 4 ᠡᠳᠦᠷ᠎ᠤᠨ ᠴᠠᠭ ᠵᠠᠷᠤᠴᠠᠭᠤᠯᠵᠤ ᠪᠠᠶ᠋ᠢᠭ᠋ᠠᠳ 393 ᠬᠦᠴᠢᠷᠳᠡᠯ᠎ᠲᠠᠢ ᠬᠡᠦᠬᠡᠳ᠎ᠢ ᠳᠠᠭ᠋ᠠᠵᠤ ᠰᠤᠷᠪᠤᠯᠵᠢᠯᠠᠪᠠ᠃   ᠡᠳᠡᠭᠡᠷ ᠬᠦᠴᠢᠷᠳᠡᠯ᠎ᠲᠠᠢ ᠬᠡᠦᠬᠡᠳ᠎ᠤᠨ ᠳᠣᠲᠣᠷ᠎ᠠ ᠭᠠᠭᠴᠠ ᠡᠴᠢᠭᠡ ᠪᠤᠶᠤ ᠡᠬᠡ᠎ᠲᠠᠢ᠎ᠪᠠᠨ ᠠᠮᠢᠳᠤᠷᠠᠳᠠᠭ᠎ᠨᠢ ᠭᠤᠷᠪᠠᠨ᠎ᠤ ᠨᠢᠭᠡ ᠬᠤᠪᠢ ᠣᠷᠴᠢᠮ ᠪᠠᠶ᠋ᠢᠬᠤ ᠵᠢ ᠮᠡᠳᠡᠵᠡᠢ᠂ ᠳᠠᠬᠢᠪᠠᠯ ᠵᠡᠮᠳᠡᠭ ᠬᠡᠤᠬᠡᠳ 40᠂ ᠭᠡᠷ ᠪᠦᠯᠢ ᠵᠢᠨ ᠠᠮᠢᠳᠤᠷᠠᠯ᠎ᠨᠢ ᠣᠨᠴᠠ ᠬᠦᠴᠢᠷᠳᠡᠯᠲᠡᠶ ᠬᠡᠤᠬᠡᠳ 20  ᠂ ᠲᠥᠷᠥᠯ ᠰᠠᠳᠤᠨ᠎ᠨᠢ ᠣᠷᠣᠯᠠᠨ ᠬᠠᠷᠠᠭ᠋ᠠᠯᠵᠠᠨ ᠬᠠᠮᠠᠭ᠋ᠠᠯᠠᠵᠤ ᠪᠠᠢ᠌ᠭ᠎ᠠ ᠬᠡᠤᠬᠡᠳ 17 ᠪᠠᠢ᠌ᠪᠠ᠃ ᠡᠳᠡᠭᠡᠷ ᠬᠡᠦᠬᠡᠳ᠎ᠤᠨ ᠬᠢᠨᠠᠨ ᠬᠠᠮᠠᠭ᠋ᠠᠯᠠᠭᠴᠢ ᠵᠢᠨ ᠣᠯᠠᠩᠬᠢ᠎ᠨᠢ ᠨᠠᠰᠤᠲᠠᠶ᠋ᠢᠴᠤᠳ ᠪᠦᠭᠡᠳ ᠠᠵᠤ ᠠᠬᠤᠶ ᠪᠠ ᠡᠷᠡᠭᠦᠯ ᠮᠡᠨᠳᠦ ᠵᠢᠨ ᠪᠠᠶ᠋ᠢᠳᠠᠯ᠎ᠨᠢ ᠴᠥᠮ ᠨᠡᠯᠢᠶᠡᠳ ᠠᠨᠠᠶ ᠪᠣᠯᠬᠣᠷ ᠬᠠᠷᠠᠭ᠋ᠠᠯᠵᠠᠨ ᠬᠠᠮᠠᠭ᠋ᠠᠯᠠᠬᠤ ᠴᠢᠳᠠᠯ᠎ᠨᠢ ᠬᠦᠷᠦᠯᠴᠡᠬᠦ ᠦᠭᠡᠢ ᠪᠠ ᠲᠣᠰ ᠭᠠᠵᠠᠷ᠎ᠲᠤ᠎ᠪᠠᠨ ᠠᠮᠢᠳᠤᠷᠠᠵᠤ ᠥᠬᠡᠶ ᠬᠦᠴᠢᠷᠳᠡᠯ᠎ᠲᠠᠢ ᠬᠡᠤᠬᠡᠳ ᠪᠠᠰᠠ 3 ᠪᠠᠢ᠌ᠯ᠎ᠠ᠃
    ᠰᠤᠷᠪᠤᠯᠵᠢᠯᠠᠬᠤ ᠠᠵᠢᠯ ᠳᠠᠭᠤᠰᠤᠭᠰᠠᠨ᠎ᠤ ᠳᠠᠷᠠᠭ᠎ᠠ᠂ ᠣᠳᠣᠬᠠᠨ᠎ᠤ ᠳᠠᠩᠰᠠ ᠡᠪᠬᠡᠮᠡᠯ᠎ᠤᠨ ᠠᠵᠢᠯ ᠳᠤᠮᠳᠠ ᠣᠷᠣᠰᠢᠵᠤ   ᠪᠠᠢ᠌ᠭ᠎ᠠ ᠠᠰᠠᠭᠤᠳᠠᠯ᠂ ᠬᠡᠤᠬᠡᠳ᠎ᠤᠨ ᠡᠷᠬᠢᠯᠡᠭᠴᠢ ᠵᠢᠨ ᠠᠵᠢᠯ᠎ᠢ ᠥᠷᠨᠢᠭᠦᠯᠬᠦ ᠶᠠᠪᠤᠴᠠ᠎ᠳᠤ ᠣᠷᠣᠰᠢᠵᠤ ᠪᠠᠢ᠌ᠭ᠎ᠠ ᠠᠰᠠᠭᠤᠳᠠᠯ   ᠵᠢᠴᠢ   ᠡᠯ᠎ᠡ ᠨᠡᠶ᠋ᠢᠭᠡᠮ ᠲᠣᠭᠣᠷᠢᠭ᠎ᠤᠨ ᠬᠢᠨᠠᠨ ᠬᠠᠮᠠᠭ᠋ᠠᠯᠠᠯᠲᠠ ᠬᠦᠴᠦᠨ ᠦᠭᠡᠢ᠂ ᠬᠡᠤᠬᠡᠳ᠎ᠤᠨ ᠡᠪᠡᠳᠴᠢᠨ ᠣᠯᠤᠭᠰᠠᠨ᠂ ᠵᠡᠮᠳᠡᠭ ᠪᠣᠯᠤᠭᠰᠠᠨ᠂ ᠡᠴᠢᠭᠡ ᠡᠬᠡ᠎ᠯᠦᠭᠡ ᠵᠢᠨ ᠬᠠᠷᠢᠴᠠᠭ᠎ᠠ ᠮᠠᠭᠤ ᠵᠡᠷᠭᠡ ᠭᠣᠤᠯᠳᠠᠯᠭ᠎ᠠ᠎ᠲᠠᠢ ᠠᠩᠬᠠᠷᠬᠤ ᠴᠢᠬᠤᠯᠠᠲᠠᠶ ᠠᠰᠠᠭᠤᠳᠠᠯ᠎ᠤᠳ᠎ᠢ ᠬᠡᠤᠬᠡᠳ᠎ᠤᠨ ᠡᠷᠬᠢᠯᠡᠭᠴᠢ᠂ ᠬᠡᠤᠬᠡᠳ᠎ᠤᠨ ᠬᠢᠨᠠᠨ ᠵᠢᠯᠣᠭᠣᠳᠤᠭᠴᠢ ᠵᠢᠴᠢ ᠬᠣᠰᠢᠭᠤ ᠰᠢᠶᠠᠨ᠎ᠤ ᠠᠷᠠᠳ᠎ᠤᠨ ᠶᠠᠪᠤᠳᠠᠯ᠎ᠤᠨ ᠰᠠᠯᠠᠭ᠎ᠠ ᠮᠥᠴᠢᠷ᠎ᠲᠤ ᠬᠠᠷᠢᠭᠤ ᠲᠤᠰᠬᠠᠭᠰᠠᠨ ᠪᠠᠢ᠌ᠨ᠎ᠠ᠃  v

ᠢᠷᠡᠯᠲᠡ᠄ ᠠᠷᠠᠳ᠎ᠤᠨ ᠶᠠᠪᠤᠳᠠᠯ᠎ᠤᠨ ᠲᠢᠩᠬᠢᠮ᠎ᠤᠨ ᠬᠢᠲᠠᠳ ᠬᠡᠯᠡᠨ᠎ᠤ ᠰᠦᠯᠵᠢᠶ᠎ᠡ
          
ᠬᠠᠮᠢᠶ᠎ᠡ ᠪᠦᠬᠦᠢ ᠰᠣᠨᠢᠨ
ᠠᠷᠠᠳ᠎ᠤᠨ ᠶᠠᠪᠤᠳᠠᠯ᠎ᠤᠨ ᠲᠢᠩᠬᠢᠮ 《ᠳᠤᠮᠳᠠᠳᠤ ᠤᠯᠤᠰ᠎ᠤᠨ ᠭᠠᠵᠠᠷ᠎ᠤᠨ ᠨᠡᠷ᠎ᠡ ᠵᠢᠨ ᠶᠡᠬᠡ ᠬᠤᠷᠠᠯ》 (ᠬᠣᠶᠠᠳᠤᠭ᠋ᠠᠷ ᠤᠯᠠᠷᠢᠯ)᠎ᠤᠨ ᠫᠷᠤᠭ᠌ᠷᠠᠮ᠎ᠤᠨ ᠰᠢᠯᠭ᠋ᠠᠯᠲᠠ ᠵᠢᠨ ᠰᠡᠳᠦᠪ᠎ᠢ ᠨᠠᠶ᠋ᠢᠷᠠᠭᠤᠯᠤᠨ ᠰᠣᠩᠭᠣᠪᠠ
ᠪᠠᠶᠠᠨᠨᠠᠭᠤᠷ ᠬᠣᠲᠠ ᠵᠢᠨ ᠤᠷᠠᠳ᠎ᠤᠨ ᠡᠮᠦᠨᠡᠲᠦ ᠬᠣᠰᠢᠭᠤᠨ᠎ᠤ ᠠᠷᠠᠳ᠎ᠲᠤ ᠠᠰᠢᠭ ᠬᠦᠷᠲᠡᠭᠡᠬᠦ ᠨᠡᠢ᠌ᠬᠡᠮ ᠎ᠤᠨ ᠠᠵᠢᠯᠲᠠᠳ᠎ᠤᠨ ᠦᠢ᠍ᠯᠡᠴᠢᠯᠡᠭᠡᠨ᠎ᠤ ᠲᠥᠪ ᠬᠦᠴᠢᠷᠳᠡᠯ᠎ᠲᠠᠢ ᠬᠡᠤᠬᠡᠳ᠎ᠲᠠᠢ ᠬᠠᠮᠲᠤ 《6 · 1》 ᠎ᠢ ᠪᠠᠶᠠᠷᠯᠠᠨ ᠤᠭᠲᠤᠵᠠᠢ
ᠬᠥᠬᠡᠬᠣᠲᠠ ᠬᠦᠴᠢᠷᠳᠡᠯ᠎ᠲᠠᠢ ᠬᠡᠤᠬᠡᠳ᠎ᠢ ᠬᠠᠯᠠᠮᠵᠢᠯᠠᠨ ᠬᠠᠶ᠋ᠢᠷᠠᠯᠠᠬᠤ ᠨᠡᠶ᠋ᠢᠭᠡᠮ᠎ᠤᠨ ᠠᠵᠢᠯ᠎ᠤᠨ ᠭᠣᠤᠯ ᠰᠡᠳᠦᠪᠲᠦ ᠠᠵᠢᠯᠯᠠᠭ᠎ᠠ ᠥᠷᠨᠢᠭᠦᠯᠪᠡ
ᠰᠢᠯᠢ ᠵᠢᠨ ᠭᠣᠣᠯ ᠠᠶ᠋ᠢᠮᠠᠭ᠎ᠤᠨ ᠠᠴᠢᠯᠠᠯᠲᠤ ᠰᠠᠢ᠍ᠢ᠍ᠨ ᠳᠤᠷᠠᠴᠤᠤᠯ ᠎ᠤᠨ ᠨᠡᠶ᠋ᠢᠭᠡᠮᠯᠢᠭ ᠰᠤᠷᠤᠯᠭ᠎ᠠ ᠵᠢ ᠲᠡᠳᠬᠦᠬᠦ ᠠᠵᠢᠯᠯᠠᠭ᠎ᠠ ᠦᠷᠨᠢᠭᠦᠯᠪᠡ
ᠬᠦᠯᠤᠨ ᠪᠦᠢ᠍ᠷ ᠬᠣᠲᠠ ᠵᠢᠨ ᠬᠡᠤᠬᠡᠳ᠎ᠤᠨ ᠠᠰᠠᠷᠠᠮᠵᠢ ᠵᠢᠨ ᠬᠦᠷᠢᠶᠡᠯᠡᠩ ᠵᠢᠷᠭᠤᠭ᠋ᠠᠨ ᠰᠠᠷ᠎ᠠ ᠵᠢᠨ ᠨᠢᠭᠡᠨ᠎ᠢ ᠤᠭᠲᠤᠬᠤ ᠰᠢᠷᠢᠰ ᠠᠵᠢᠯᠯᠠᠭ᠎ᠠ ᠦᠷᠨᠢᠭᠦᠯᠪᠡ
 
            