ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠰᠣᠨᠢᠨ ᠮᠡᠳᠡᠭᠡ   -   ᠠᠯᠪᠠᠨ ᠨᠡᠶ᠋ᠢᠲᠡᠯᠡᠯ
ᠯᠢ ᠺᠸ ᠴᠢᠶᠠᠩ ᠰᠤᠷᠪᠤᠯᠵᠢᠯᠠᠭᠴᠢᠳ᠎ᠤᠨ ᠬᠤᠷᠠᠯ ᠲᠡᠭᠡᠷ᠎ᠡ ᠶᠠᠮᠠᠷ ᠠᠵᠦ ᠠᠬᠤᠢ ᠵᠢᠨ ᠲᠤᠬᠢᠶ᠎ᠠ ᠲᠠᠯᠪᠢᠭᠰᠠᠨ ᠪᠤᠢ?
ᠨᠡᠶᠢᠲᠡᠯᠡᠭᠰᠡᠨ ᠴᠠᠭ᠄ 2019-03-21

           
      ᠠ᠋ᠨᠡ ᠵᠢᠯ᠎ᠤᠨ ᠬᠤᠶᠠᠷ ᠬᠤᠷᠠᠯ᠎ᠤᠨ ᠰᠤᠷᠪᠤᠯᠵᠢᠯᠠᠭᠴᠢᠳ᠎ᠤᠨ ᠬᠤᠷᠠᠯ ᠳᠡᠭᠡᠷ᠎ᠡ᠂ ᠶᠡᠷᠦᠩᠬᠡᠢ ᠰᠠᠢ᠌ᠳ ᠯᠢ ᠺᠸ ᠴᠢᠶᠠᠩ᠎ᠤᠨ ᠲᠠᠯᠪᠢᠬᠰᠠᠨ ᠬᠠᠮᠤᠭ᠎ᠤᠨ ᠲᠤᠲᠤᠷᠬᠠᠢ ᠠᠵᠦ ᠠᠬᠤᠢ ᠵᠢᠨ ᠲᠤᠬᠢᠶ᠎ᠠ᠎ᠨᠢ ᠶᠠᠭᠤ ᠪᠤᠢ? ᠵᠠᠷᠢᠮ ᠰᠢᠭᠦᠮᠵᠢᠯᠡᠭᠴᠢ ᠠ᠋ᠢ᠌ᠨ ᠬᠦ᠌ ᠬᠤᠷᠢᠶᠠᠩᠭᠤᠢ᠌ᠯᠠᠵᠠᠢ᠄ 《ᠨᠢᠭᠡ ᠯᠡ ᠦᠭᠡ᠎ᠪᠠᠷ ᠬᠡᠯᠡᠪᠡᠯ᠂ ᠠ᠋ᠬᠢ ᠪᠠᠶᠠᠯᠢᠭ᠎ᠢ ᠲᠤᠬᠢᠷᠠᠭᠤᠯᠬᠤ ᠶᠠᠪᠤᠴᠠ᠎ᠳᠠᠬᠢ ᠵᠠᠬ᠎ᠠ ᠲᠡᠯᠭᠡᠭᠦᠷ᠎ᠤᠨ ᠰᠢᠢ᠍ᠳᠪᠤᠷᠢᠯᠡᠭᠴᠢ ᠴᠢᠨᠠᠷᠲᠠᠢ ᠦᠢ᠍ᠯᠡᠳᠦᠯ᠎ᠢ ᠤᠯᠠᠮ ᠰᠠᠢ᠌ᠨ ᠪᠠᠳᠠᠷᠠᠭᠤᠯᠤᠨ᠎ᠠ᠃》
      ᠬᠤᠶᠠᠷ ᠴᠠᠭ ᠬᠠᠭ᠋ᠠᠰ ᠶᠠᠪᠤᠭᠳᠠᠭᠰᠠᠨ ᠰᠤᠷᠪᠤᠯᠵᠢᠯᠠᠭᠴᠢᠳ᠎ᠤᠨ ᠬᠤᠷᠠᠯ ᠳᠡᠭᠡᠷ᠎ᠡ᠂ ᠨᠡᠢ᠌ᠲᠡ 18 ᠠᠰᠠᠭᠤᠳᠠᠯ ᠲᠤᠷᠠᠳᠴᠠᠢ᠂ ᠠ᠋ᠭᠦᠨ᠎ᠳᠤ ᠶᠡᠷᠦᠩᠬᠡᠢ ᠰᠠᠢ᠌ᠳ 《ᠵᠠᠬ᠎ᠠ ᠳᠡᠯᠭᠡᠭᠦᠷ》 ᠭᠡᠬᠦ ᠦᠭᠡ ᠵᠢ 29 ᠤᠳᠠᠭ᠎ᠠ ᠲᠤᠷᠠᠳᠤᠭᠰᠠᠨ ᠪᠠᠢ᠌ᠯ᠎ᠠ᠃ ᠰᠤᠷᠪᠤᠯᠵᠢᠯᠠᠬ᠍ᠴᠢᠳ᠎ᠤᠨ ᠬᠤᠷᠠᠯ᠎ᠤᠨ ᠪᠦᠬᠦᠢ᠌ᠯᠡ ᠶᠠᠪᠤᠴᠠ᠎ᠳᠤ ᠬᠦᠮᠦᠰ᠎ᠲᠤ ᠬᠠᠮᠤᠭ᠎ᠤᠨ ᠭᠦᠨ ᠰᠠᠭᠤᠭᠳᠠᠯ ᠦᠭᠭᠦᠭᠰᠡᠨ᠎ᠨᠢ 《ᠵᠠᠰᠠᠭ᠎ᠤᠨ ᠤᠷᠳᠤᠨ᠎ᠤ ᠦᠭᠡᠷᠡᠴᠢᠯᠡᠯᠲᠡ᠎ᠨᠢ ᠵᠠᠬ᠎ᠠ ᠳᠡᠯᠭᠡᠭᠦᠷ ᠵᠢᠡᠷ ᠭᠤᠤᠯᠯᠠᠭᠤᠯᠤᠨ ᠠᠷᠭ᠎ᠠ ᠰᠦᠪᠡᠭᠴᠢᠯᠡᠵᠦ ᠤᠬᠠᠭ᠋ᠠᠨ ᠭᠠᠷᠭ᠋ᠠᠨ᠎ᠠ᠂ ᠲᠠᠩᠳᠠ ᠵᠠᠬ᠎ᠠ ᠲᠡᠯᠭᠡᠭᠦᠷ᠎ᠲᠤ ᠵᠠᠷᠯᠢᠭ ᠪᠠᠭᠤᠯᠭ᠋ᠠᠵᠦ᠂ ᠵᠠᠬ᠎ᠠ ᠲᠡᠯᠭᠡᠭᠦᠷ ᠵᠢᠡᠷ ᠶᠠᠭᠤ ᠨᠢᠭᠡ ᠵᠢ ᠬᠢᠯᠭᠡᠬᠦ ᠪᠢᠰᠢ᠂ ᠬᠠᠷᠢᠨ ᠵᠠᠬ᠎ᠠ ᠲᠡᠯᠭᠡᠭᠦᠷ᠎ᠤᠨ ᠠᠮᠢᠳᠤᠯᠢᠭ ᠬᠦᠴᠦᠨ᠎ᠢ ᠬᠥᠭᠵᠢᠭᠡᠨ᠎ᠡ》 ᠭᠡᠰᠡᠨ ᠦᠭᠡ ᠪᠤᠯᠤᠨ᠎ᠠ᠃

      ᠵᠠᠬ᠎ᠠ ᠳᠡᠯᠭᠡᠭᠦᠷ᠎ᠤᠨ ᠬᠦᠯᠢᠶᠡᠰᠤ ᠵᠢ ᠰᠤᠯᠠᠷᠠᠭᠤᠯᠤᠨ᠂ ᠠᠵᠤ ᠠᠬᠤᠢ᠌ᠯᠠᠯ᠎ᠳᠤ ᠣᠷᠣᠨ ᠵᠠᠢ ᠭᠠᠷᠭ᠋ᠠᠵᠤ᠂ ᠠᠷᠠᠳ ᠢᠷᠭᠡᠳ᠎ᠤᠨ ᠵᠣᠪᠠᠨᠢᠯ᠎ᠢ ᠠᠷᠢᠯᠭ᠋ᠠᠨ᠎ᠠ
     《ᠳᠤᠮᠳᠠᠳᠦ ᠤᠯᠤᠰ᠎ᠤᠨ ᠠᠵᠦ ᠠᠬᠤᠢ᠎ᠳᠤ ᠲᠤᠯᠭ᠋ᠠᠷᠠᠭᠰᠠᠨ ᠠᠰᠠᠭᠤᠳᠠᠯ᠎ᠨᠢ ᠤᠤᠯ᠎ᠤᠨ ᠵᠢᠱ᠌ᠢᠭᠰᠡᠨ᠎ᠠᠴᠠ ᠤᠯᠠᠮ ᠬᠦᠨᠳᠦ ᠨᠤᠴᠢᠲᠠᠢ ᠪᠤᠯᠤᠭᠰᠠᠨ ᠤᠤ? ᠠᠵᠦ ᠠᠬᠤᠢ ᠵᠢᠨ ᠬᠦᠭᠵᠢᠯᠲᠡ ᠵᠢᠨ ᠤᠳᠠᠭ᠋ᠠᠰᠢᠷᠠᠯ ᠦᠷᠭᠦᠯᠵᠢᠯᠡᠬᠦ᠎ᠳᠤ ᠬᠦᠷᠪᠡᠯ ᠳᠤᠮᠳᠠᠳᠦ ᠤᠯᠤᠰ ᠨᠡᠩ ᠬᠦᠴᠦᠲᠠᠢ ᠠᠷᠭ᠎ᠠ ᠬᠡᠮᠵᠢᠶ᠎ᠡ ᠠᠪᠬᠤ ᠵᠢ ᠪᠤᠳᠤᠯᠬᠢᠯᠠᠨ᠎ᠠ ᠤᠤ?》 ᠭᠡᠵᠦ ᠠᠩᠭ᠍ᠯᠢ ᠵᠢᠨ ᠷᠦᠲᠸᠷ ᠬᠤᠷᠢᠶᠠᠨ᠎ᠤ ᠰᠤᠷᠪᠤᠯᠵᠢᠯᠠᠬ᠍ᠴᠢ ᠠᠰᠠᠭᠤᠯ᠎ᠠ᠃
     《ᠳᠤᠮᠳᠠᠳᠦ ᠤᠯᠤᠰ᠎ᠤᠨ ᠠᠵᠦ ᠠᠬᠤᠢ᠎ᠳᠤ ᠦᠨᠡᠬᠡᠷ ᠤᠷᠤᠭᠤᠳᠠᠬᠤ ᠰᠢᠨ᠎ᠡ ᠲᠠᠷᠤᠯᠲᠠ ᠲᠤᠯᠭ᠋ᠠᠷᠠᠭᠰᠠᠨ᠃》 《ᠤᠳᠤ ᠲᠡᠯᠡᠬᠡᠢ ᠵᠢᠨ ᠠᠵᠦ ᠠᠬᠤᠢ ᠵᠢᠨ ᠬᠦᠭᠵᠢᠯᠲᠡ ᠪᠦᠷ ᠤᠳᠠᠭ᠋ᠠᠰᠢᠷᠠᠭᠰᠠᠨ᠂ ᠳᠤᠮᠳᠠᠳᠦ ᠤᠯᠤᠰ ᠠᠵᠦ ᠠᠬᠤᠢ ᠵᠢᠨ ᠨᠡᠮᠡᠭᠳᠡᠯ᠎ᠤᠨ ᠵᠢᠱ᠌ᠢᠭᠰᠡᠨ ᠬᠠᠷᠠᠯᠲᠠ᠎ᠪᠠᠨ ᠵᠤᠬᠢᠰᠲᠠᠢ ᠲᠠᠲᠠᠭᠤ ᠪᠤᠯᠭ᠋ᠠᠭᠰᠠᠨ᠎ᠨᠢ ᠵᠤᠬᠢᠬᠤ ᠬᠡᠪᠴᠢᠶᠡᠨ ᠲᠤᠲᠤᠷ᠎ᠠ ᠡᠵᠡᠮᠰᠢᠨ ᠲᠤᠬᠢᠷᠠᠭᠤᠯᠬᠤ ᠠᠷᠭ᠎ᠠ ᠵᠢ ᠬᠡᠷᠡᠭᠯᠡᠪᠡ᠃ ᠨᠢᠳᠤᠨᠤᠨ᠎ᠤ ᠠᠵᠦ ᠠᠬᠤᠢ ᠵᠢᠨ ᠨᠡᠮᠡᠭᠳᠡᠯ᠎ᠤᠨ ᠬᠤᠷᠳᠤᠴᠠ᠎ᠲᠠᠢ ᠵᠤᠯᠭ᠋ᠠᠭᠤᠯᠤᠭᠰᠠᠨ ᠮᠦᠷᠳᠡᠭᠡᠨ ᠪᠢᠳᠡ ᠠᠵᠦ ᠠᠬᠤᠢ ᠵᠢᠨ ᠠᠵᠢᠯᠯᠠᠭ᠎ᠠ᠎ᠪᠠᠨ ᠵᠤᠬᠢᠰᠲᠠᠢ ᠬᠡᠪᠴᠢᠶᠡᠨ᠎ᠠᠴᠠ ᠭᠠᠷᠭ᠋ᠠᠬᠤ ᠦᠭᠡᠢ ᠭᠡᠳᠡᠭ᠎ᠢ ᠴᠤ᠌ ᠢᠯᠡᠷᠬᠡᠢ᠌ᠯᠡᠪᠡ᠂ ᠵᠠᠬ᠎ᠠ ᠲᠡᠯᠭᠡᠭᠦᠷ᠎ᠲᠤ ᠲᠤᠭᠲᠠᠭᠤᠨ ᠪᠠᠢ᠌ᠯᠭ᠋ᠠᠬᠤ ᠲᠤᠬᠢᠶ᠎ᠠ ᠦᠭᠭᠦᠭᠰᠡᠨ ᠭᠡᠵᠦ ᠪᠤᠯᠤᠨ᠎ᠠ》 ᠭᠡᠵᠦ ᠯᠢ ᠺᠸ ᠴᠢᠶᠠᠩ 3 ᠳ᠋ᠤᠭ᠋ᠠᠷ ᠰᠠᠷ᠎ᠠ ᠵᠢᠨ 15᠎ᠤ ᠠ᠋ᠳᠦᠷ᠎ᠤᠨ ᠰᠤᠷᠪᠤᠯᠵᠢᠯᠠᠬ᠍ᠴᠢᠳ᠎ᠤᠨ ᠬᠤᠷᠠᠯ ᠳᠡᠭᠡᠷ᠎ᠡ ᠠᠰᠪᠤᠷᠢ ᠰᠢᠯᠤᠭᠤᠨ ᠵᠢᠡᠷ ᠬᠠᠷᠢᠭᠤᠯᠵᠠᠢ᠃
     《ᠪᠢᠳᠡ ᠬᠠᠰᠢᠯᠠ ᠵᠠᠬ᠎ᠠ ᠲᠡᠯᠭᠡᠭᠦᠷ᠎ᠤᠨ ᠠᠮᠢᠳᠤᠯᠢᠭ ᠬᠦᠴᠦᠨ᠎ᠢ ᠬᠦᠭᠵᠢᠭᠡᠬᠦ᠎ᠪᠠᠷ ᠲᠠᠮᠵᠢᠭᠤᠯᠤᠨ ᠤᠷᠤᠭᠤᠳᠠᠵᠦ ᠪᠠᠢ᠌ᠬᠤ ᠲᠠᠷᠤᠯᠲᠠ ᠵᠢ ᠲᠤᠯᠵᠦ ᠠᠪᠤᠨ᠎ᠠ᠃》 《ᠤᠳᠤ ᠳᠤᠮᠳᠠᠳᠦ ᠤᠯᠤᠰ᠎ᠤᠨ ᠵᠠᠬ᠎ᠠ ᠲᠡᠯᠭᠡᠭᠦᠷ᠎ᠤᠨ ᠭᠤᠤᠯ ᠴᠤᠭᠴᠠ ᠳ᠋ᠦᠩᠰᠢᠭᠤᠷ ᠠ᠋ᠷᠦᠬᠡ ᠵᠢ ᠲᠠᠪᠠᠪᠠ᠂ ᠲᠡᠲᠡᠨ᠎ᠤ ᠠᠮᠢᠳᠤᠯᠢᠭ ᠬᠦᠴᠦᠨ᠎ᠢ ᠬᠦᠭᠵᠢᠭᠡᠪᠡᠯ ᠠ᠋ᠨᠡ ᠬᠦᠴᠦᠨ᠎ᠨᠢ ᠬᠡᠮᠵᠢᠶᠡᠯᠡᠰᠢ ᠦᠭᠡᠢ ᠶᠤᠮ᠃》 ᠭᠡᠵᠦ ᠶᠡᠷᠦᠩᠬᠡᠢ ᠰᠠᠢ᠌ᠳ ᠬᠡᠯᠡᠪᠡ᠃
      ᠬᠡᠷᠬᠢᠨ 《ᠵᠠᠬ᠎ᠠ ᠲᠡᠯᠭᠡᠭᠦᠷ᠎ᠤᠨ ᠠᠮᠢᠳᠤᠯᠢᠭ ᠬᠦᠴᠦᠨ᠎ᠢ ᠬᠦᠭᠵᠢᠭᠡᠬᠦ ᠪᠤᠢ》? ᠯᠢ ᠺᠸ ᠴᠢᠶᠠᠩ 《ᠵᠠᠰᠠᠭ ᠶᠠᠪᠤᠭᠤᠯᠬᠤᠢ᠎ᠳᠤᠷ ᠲᠠᠭ᠋ᠠᠭ᠋ᠠᠮᠠᠭ᠋ᠠᠢ ᠪᠠᠢ᠌ᠬᠤ ᠠᠨᠤ ᠠ᠋ᠷᠬᠢᠮ ᠪᠤᠯᠠᠢ》᠂ ᠭᠠᠢ᠌ᠯᠢ ᠵᠢ ᠬᠥᠩᠭᠡᠷᠡᠭᠦᠯᠵᠦ ᠵᠠᠷᠤᠳᠠᠯ᠎ᠢ ᠪᠠᠭ᠋ᠠᠰᠬᠠᠬᠤ᠂ ᠵᠠᠰᠠᠭ᠎ᠢ ᠴᠤᠮᠬᠠᠳᠬᠠᠬᠤ᠂ ᠰᠢᠨ᠎ᠡ ᠬᠦᠳᠡᠯᠭᠡᠬᠦ ᠬᠦᠴᠦᠨ᠎ᠢ ᠪᠤᠢ᠌ᠵᠢᠭᠤᠯᠬᠤ᠂ ᠵᠠᠬ᠎ᠠ ᠲᠡᠯᠭᠡᠭᠦᠷ᠎ᠲᠤ ᠤᠷᠤᠭᠤᠯᠬᠤ ᠵᠢ ᠵᠦᠪᠰᠢᠶᠡᠷᠡᠬᠦ ᠵᠢ ᠠᠭᠤᠳᠠᠮ ᠪᠤᠯᠭ᠋ᠠᠬᠤ᠂ ᠲᠦᠪ ᠭᠤᠤᠯᠴᠢ᠎ᠪᠠᠷ ᠦᠷᠢᠰᠦᠯᠳᠦᠬᠦ ᠤᠷᠴᠢᠨ ᠠᠬᠤᠢ ᠵᠢ ᠪᠤᠢ ᠪᠤᠯᠭ᠋ᠠᠬᠤ ᠵᠡᠷᠭᠡ ᠠᠯᠢ ᠤᠯᠠᠨ ᠠᠷᠭ᠎ᠠ ᠬᠡᠮᠵᠢᠶ᠎ᠡ ᠵᠢ ᠦᠷᠭᠦᠯᠵᠢᠯᠡᠨ ᠠᠬᠢᠭᠤᠯᠵᠦ᠂ ᠵᠠᠬ᠎ᠠ ᠲᠡᠯᠭᠡᠭᠦᠷ᠎ᠤᠨ ᠬᠦᠯᠢᠶᠡᠰᠦ ᠵᠢ ᠰᠤᠯᠠᠷᠠᠭᠤᠯᠵᠦ᠂ ᠠᠵᠦ ᠠᠬᠤᠢ᠌ᠯᠠᠯ᠎ᠳᠤ ᠤᠷᠤᠨ ᠵᠠᠢ ᠭᠠᠷᠭ᠋ᠠᠵᠦ ᠦᠭᠭᠦᠨ᠂ ᠠᠷᠠᠳ ᠢᠷᠭᠡᠳ᠎ᠤᠨ ᠵᠤᠪᠠᠨᠢᠯ᠎ᠢ ᠠᠷᠢᠯᠭ᠋ᠠᠨ᠎ᠠ ᠭᠡᠪᠡ᠃

      ᠲᠦᠷᠦ ᠵᠢᠨ ᠪᠤᠳᠤᠯᠭ᠎ᠠ ᠵᠢᠨ ᠨᠡᠷ᠎ᠡ᠎ᠪᠠᠷ ᠰᠤᠯᠨ ᠪᠠᠷᠢᠮᠲᠠ ᠭᠠᠷᠭ᠋ᠠᠬᠤ ᠪᠠ ᠠ᠋ᠯᠳᠡᠪ ᠶᠠᠩᠵᠦ ᠵᠢᠨ ᠠᠷᠭ᠎ᠠ ᠪᠠᠰᠢᠷ᠎ᠢ ᠬᠡᠷᠡᠭᠯᠡᠨ ᠳᠤᠷ᠎ᠠ᠎ᠪᠠᠷ ᠵᠢᠡᠨ ᠰᠦᠢ᠍ᠳᠭᠡᠯ ᠬᠤᠷᠢᠶᠠᠵᠦ ᠭᠠᠢ᠌ᠯᠢ ᠵᠢ ᠬᠥᠩᠭᠡᠷᠡᠭᠦᠯᠵᠦ ᠵᠠᠷᠤᠳᠠᠯ᠎ᠢ ᠪᠠᠭ᠋ᠠᠰᠬᠠᠬᠤ ᠠᠵᠢᠯ᠎ᠤᠨ ᠦᠷ᠎ᠡ ᠪᠦᠲᠦᠮᠵᠢ ᠵᠢ ᠨᠦᠯᠦᠭᠡᠯᠡᠵᠦ ᠨᠡᠩ ᠪᠤᠯᠬᠤ ᠦᠭᠡᠢ

      ᠯᠢ ᠺᠸ ᠴᠢᠶᠠᠩ 3 ᠳ᠋ᠤᠭ᠋ᠠᠷ ᠰᠠᠷ᠎ᠠ ᠵᠢᠨ 15᠎ᠤ ᠠ᠋ᠳᠦᠷ ᠠ᠋ᠳ᠋᠎ᠤᠨ ᠵᠠᠰᠠᠭ᠎ᠤᠨ ᠰᠤᠨᠢᠨ ᠮᠡᠳᠡᠭᠡ ᠭᠠᠷᠠᠭ᠎ᠤᠨ ᠰᠡᠳᠭᠦᠯ᠎ᠤᠨ ᠰᠤᠷᠪᠤᠯᠵᠢᠯᠠᠬ᠍ᠴᠢ ᠵᠢᠨ ᠠᠰᠠᠭᠤᠯᠲᠠ ᠵᠢ ᠬᠠᠷᠢᠭᠤᠯᠬᠤ᠎ᠳᠠᠭᠠᠨ᠂ ᠤᠢ᠌ᠷ᠎ᠠ ᠵᠢᠨ ᠬᠡᠳᠦᠨ ᠵᠢᠯ᠎ᠳᠤ ᠳᠤᠮᠳᠠᠳᠦ ᠤᠯᠤᠰ᠎ᠤᠨ ᠵᠠᠰᠠᠭ᠎ᠤᠨ ᠤᠷᠳᠤᠨ ᠡᠵᠡᠩᠨᠡᠯᠲᠡ ᠵᠢᠨ ᠭᠠᠢ᠌ᠯᠢ ᠵᠢ ᠦᠷᠲᠡᠭ ᠨᠡᠮᠡᠭᠳᠡᠯ᠎ᠤᠨ ᠭᠠᠢ᠌ᠯᠢ ᠪᠤᠯᠭ᠋ᠠᠬᠤ ᠵᠡᠷᠭᠡ ᠵᠢ ᠠᠰᠢᠬᠯᠠᠨ ᠲᠤᠮᠳᠠᠴᠢ᠎ᠪᠠᠷ ᠵᠢᠯ ᠪᠦᠷᠢ ᠠᠵᠦ ᠠᠬᠤᠢ᠌ᠯᠠᠯ᠎ᠳᠤ ᠭᠠᠢ᠌ᠯᠢ ᠵᠢ ᠬᠥᠩᠭᠡᠷᠡᠭᠦᠯᠵᠦ ᠵᠠᠷᠤᠳᠠᠯ᠎ᠢ ᠪᠠᠭ᠋ᠠᠰᠬᠠᠭ᠋ᠠᠳ ᠲᠦᠮᠡᠨ ᠳ᠋ᠦᠩᠰᠢᠭᠤᠷ ᠲᠦᠭᠦᠷᠢᠭ᠎ᠤᠨ ᠲᠠᠷᠤᠭ᠋ᠠᠰᠦ ᠵᠢ ᠬᠦᠩᠭᠡᠷᠡᠭᠦᠯᠪᠡ᠃ ᠠ᠋ᠨᠡ ᠵᠢᠯ ᠵᠤᠷᠢᠭ ᠰᠢᠭᠤᠳᠴᠤ ᠪᠠᠢ᠌ᠭ᠋ᠠᠳ ᠨᠡᠩ ᠶᠡᠬᠡ ᠬᠡᠪᠴᠢᠶ᠎ᠡ᠎ᠪᠠᠷ ᠭᠠᠢ᠌ᠯᠢ ᠵᠢ ᠬᠥᠩᠭᠡᠷᠡᠭᠦᠯᠵᠦ ᠵᠠᠷᠤᠳᠠᠯ᠎ᠢ ᠪᠠᠭ᠋ᠠᠰᠬᠠᠨ᠎ᠠ᠃ 《ᠠ᠋ᠨᠡ ᠪᠤᠯ ᠤᠳᠤᠬᠠᠨ᠎ᠤ ᠠᠵᠦ ᠠᠬᠤᠢ ᠤᠷᠤᠭᠤᠳᠠᠵᠦ ᠪᠠᠢ᠌ᠬᠤ ᠲᠠᠷᠤᠯᠲᠠ ᠵᠢ ᠠᠷᠭ᠋ᠠᠴᠠᠭ᠋ᠠᠬᠤ ᠲᠤᠩ ᠴᠢᠬᠤᠯᠠ ᠵᠠᠠᠩᠭᠢᠯᠠᠭ᠎ᠠ ᠵᠢᠨ ᠴᠢᠨᠠᠷᠲᠠᠢ ᠠᠷᠭ᠎ᠠ ᠬᠡᠮᠵᠢᠶ᠎ᠡ ᠮᠦᠨ》 ᠭᠡᠵᠦ ᠬᠡᠯᠡᠪᠡ᠃
      ᠳᠦᠷᠢᠮ ᠲᠤᠭᠲᠠᠭ᠋ᠠᠯ᠎ᠳᠤ ᠦᠨᠳᠤᠰᠤᠯᠡᠪᠡᠯ᠂ ᠡᠯ᠎ᠡ ᠲᠦᠷᠦᠯ᠎ᠤᠨ ᠦᠮᠴᠢᠯᠡᠯ᠎ᠤᠨ ᠠᠵᠦ ᠠᠬᠤᠢ᠌ᠯᠠᠯ ᠨᠡᠢ᠌ᠲᠡᠮ᠎ᠳᠡᠭᠡᠨ ᠠ᠋ᠨᠡ ᠠ᠋ᠭᠡᠯᠵᠢ ᠵᠢᠨ ᠭᠠᠢ᠌ᠯᠢ ᠵᠢ ᠬᠥᠩᠭᠡᠷᠡᠭᠦᠯᠵᠦ ᠵᠠᠷᠤᠳᠠᠯ᠎ᠢ ᠪᠠᠭ᠋ᠠᠠᠰᠬᠠᠬᠤ ᠶᠠᠪᠤᠳᠠᠯ᠎ᠠᠴᠠ ᠠᠰᠢᠭ ᠬᠦᠷᠲᠡᠬᠦ ᠪᠦᠭᠡᠳ ᠲᠦᠷᠦ ᠵᠢᠨ ᠪᠤᠳᠤᠯᠭ᠎ᠠ ᠵᠢᠨ ᠦᠷ᠎ᠡ ᠪᠦᠲᠦᠮᠵᠢ᠎ᠨᠢ ᠲᠤᠩ ᠶᠡᠬᠡ ᠪᠣᠯᠬᠣᠷ ᠵᠠᠬ᠎ᠠ ᠲᠡᠯᠭᠡᠭᠦᠷ᠎ᠤᠨ ᠭᠤᠤᠯ ᠴᠤᠭᠴᠠ ᠬᠦᠷᠲᠡᠯ᠎ᠡ ᠲᠤᠢ᠌ᠯᠪᠤᠷᠢᠲᠠᠢ ᠬᠡᠷᠡᠭᠵᠢᠭᠦᠯᠦᠨ᠎ᠡ᠃ 《ᠪᠢᠳᠡ ᠲᠠᠬᠢᠨ ᠲᠠᠪᠲᠠᠨ ᠵᠢᠱ᠌ᠢᠵᠦ ᠪᠤᠳᠤᠭᠰᠠᠨ ᠪᠦᠭᠡᠳ ᠨᠢᠮᠪᠠᠢ ᠪᠡᠯᠡᠳᠭᠡᠯ ᠬᠢᠭᠰᠡᠨ᠂ ᠪᠤᠢ ᠪᠦᠬᠦᠢ ᠠᠵᠢᠯ ᠲᠦᠷᠦᠯ᠎ᠤᠨ ᠭᠠᠢ᠌ᠯᠢ ᠵᠢᠨ ᠲᠠᠷᠤᠭ᠋ᠠᠰᠦ ᠵᠢ ᠬᠦᠩᠭᠡᠷᠡᠭᠦᠯᠬᠦ᠎ᠠᠴᠠ ᠪᠢᠰᠢ ᠨᠡᠮᠡᠭᠳᠡᠭᠦᠯᠬᠦ ᠦᠭᠡᠢ ᠪᠠᠢ᠌ᠬᠤ ᠵᠢ ᠪᠠᠲᠤᠯᠠᠨ᠎ᠠ!》 ᠭᠡᠵᠦ ᠶᠡᠷᠦᠩᠬᠡᠢ ᠰᠠᠢ᠌ᠳ ᠬᠡᠯᠡᠪᠡ᠃
     《ᠭᠠᠢ᠌ᠯᠢ ᠵᠢ ᠬᠥᠩᠭᠡᠷᠡᠭᠦᠯᠵᠦ ᠵᠠᠷᠤᠳᠠᠯ᠎ᠢ ᠪᠠᠭ᠋ᠠᠠᠰᠬᠠᠬᠤ ᠶᠠᠪᠤᠳᠠᠯ᠎ᠢ ᠠ᠋ᠳ᠋᠎ᠤᠨ ᠵᠠᠰᠠᠭ ᠦᠷᠭᠦᠯᠵᠢᠯᠡᠨ ᠪᠠᠲᠤᠯᠠᠵᠦ ᠴᠢᠳᠠᠨ᠎ᠠ ᠤᠤ?》 ᠬᠡᠬᠦ ᠰᠣᠷᠪᠣᠯᠵᠢᠯᠠᠭᠴᠢ ᠵᠢᠨ ᠠᠰᠠᠭᠤᠯᠲᠠ᠎ᠳᠤ ᠴᠢᠭᠯᠡᠭᠦᠯᠦᠨ᠂ ᠯᠢ ᠺᠸ ᠴᠢᠶᠠᠩ ᠦᠢ᠍ᠯᠡᠳᠬᠦ ᠦᠢ᠍ᠯᠡᠰ ᠵᠡᠷᠭᠡ ᠰᠠᠭᠤᠷᠢ ᠠᠵᠢᠯ ᠲᠦᠷᠦᠯ᠂ ᠠᠵᠢᠯ ᠤᠯᠭᠤᠯᠲᠠ ᠵᠢ ᠲᠠᠢ᠌ᠴᠢᠯᠠᠬᠤ ᠬᠡᠪᠴᠢᠶ᠎ᠡ᠎ᠪᠠᠷ ᠬᠠᠮᠤᠭ᠎ᠤᠨ ᠶᠡᠬᠡ ᠳᠤᠮᠳᠠ ᠪᠠᠭ᠎ᠠ ᠠᠵᠦ ᠠᠬᠤᠢ᠌ᠯᠠᠯ᠎ᠤᠨ ᠭᠠᠢ᠌ᠯᠢ ᠵᠢ ᠢᠯᠡᠷᠬᠡᠢ ᠬᠥᠩᠭᠡᠷᠡᠭᠦᠯᠬᠦ ᠵᠢᠨ ᠬᠠᠮᠲᠦ ᠪᠠᠰᠠ ᠠᠷᠠᠳ᠎ᠤᠨ ᠠᠮᠢᠳᠤᠷᠠᠯ᠎ᠤᠨ ᠭᠤᠤᠯᠳᠠᠯᠭ᠎ᠠ ᠪᠤᠯᠬᠤ ᠬᠦᠷᠢᠶ᠎ᠡ᠂ ᠭᠤᠷᠪᠠᠨ ᠶᠡᠬᠡ ᠰᠢᠪᠲᠤᠯᠤᠯᠲᠠ ᠵᠢᠨ ᠵᠠᠷᠤᠯᠭ᠎ᠠ ᠵᠢ ᠨᠡᠮᠡᠭᠳᠡᠭᠦᠯᠬᠦ᠎ᠠᠴᠠ ᠪᠢᠰᠢ ᠬᠠᠰᠤᠬᠤ ᠦᠭᠡᠢ ᠵᠢ ᠪᠠᠲᠤᠯᠠᠨ᠎ᠠ᠂ ᠲᠡᠭᠡᠪᠡᠯ ᠵᠤᠭᠤᠰ᠎ᠢ᠎ᠨᠢ ᠬᠠᠮᠢᠭ᠎ᠠ᠎ᠠᠴᠠ ᠭᠠᠷᠭ᠋ᠠᠬᠤ ᠪᠤᠢ? ᠪᠢᠳᠡᠨ᠎ᠤ ᠠᠷᠭ᠎ᠠ ᠪᠤᠯ᠄ ᠵᠠᠰᠠᠭ᠎ᠤᠨ ᠤᠷᠳᠤᠨ ᠠ᠋ᠷᠬᠡᠪᠰᠢ ᠠᠷᠪᠢᠲᠠᠢ ᠭᠠᠮᠲᠠᠢ᠎ᠪᠠᠷ ᠠᠵᠦ ᠲᠦᠷᠦᠬᠦ ᠬᠡᠷᠡᠭᠲᠠᠢ᠂ ᠵᠠᠰᠠᠭ᠎ᠤᠨ ᠤᠷᠳᠤᠨ ᠠ᠋ᠩ᠎ᠤᠨ ᠵᠠᠷᠤᠯᠭ᠎ᠠ᠎ᠪᠠᠨ ᠪᠠᠭ᠋ᠠᠰᠬᠠᠬᠤ᠎ᠪᠠᠷ ᠪᠠᠷᠠᠬᠤ ᠦᠭᠡᠢ᠂ ᠤᠨᠴᠠᠭ᠋ᠠᠢ ᠲᠤᠭᠲᠠᠭ᠋ᠠᠭᠰᠠᠨ ᠤᠯᠤᠰ᠎ᠤᠨ ᠥᠮᠴᠢᠯᠡᠯ᠎ᠤᠨ ᠮᠥᠩᠭᠦᠨ ᠭᠦᠢ᠍ᠯᠭᠡᠭᠡᠨ᠎ᠤ ᠪᠠᠢ᠌ᠭᠤᠯᠤᠮᠵᠢ ᠪᠤᠯᠤᠨ ᠲᠦᠪ᠎ᠤᠨ ᠠᠵᠦ ᠠᠬᠤᠢ᠌ᠯᠠᠯ᠎ᠤᠨ ᠲᠡᠭᠡᠭᠰᠢ ᠲᠤᠰᠢᠶᠠᠬᠤ ᠠᠰᠢᠭ ᠤᠯᠵᠠᠪᠤᠷᠢ᠂ ᠤᠯᠤᠰ᠎ᠤᠨ ᠰᠠᠩ᠎ᠳᠤ ᠤᠷᠤᠭᠤᠯᠬᠤ ᠬᠡᠮᠵᠢᠶ᠎ᠡ ᠵᠢ ᠨᠡᠮᠡᠭᠳᠡᠭᠦᠯᠬᠦ ᠪᠦᠭᠡᠳ ᠤᠷᠲᠦ ᠬᠤᠭᠤᠴᠠᠭ᠋ᠠᠨ᠎ᠠ ᠬᠤᠷᠠᠵᠦ ᠲᠤᠨᠤᠭᠰᠠᠨ ᠠ᠋ᠳ᠋᠎ᠤᠨ ᠵᠠᠰᠠᠭ᠎ᠤᠨ ᠪᠡᠯᠡ ᠮᠥᠩᠭᠦ ᠵᠢ ᠬᠤᠷᠢᠶᠠᠵᠦ ᠠᠪᠴᠢᠷᠠᠨ᠎ᠠ᠃ ᠤᠷᠤᠨ ᠨᠤᠲᠤᠭ᠎ᠤᠨ ᠵᠠᠰᠠᠭ᠎ᠤᠨ ᠤᠷᠳᠤᠨ ᠴᠤ᠌ ᠨᠥᠭᠡᠴᠡ᠎ᠪᠠᠨ ᠠᠭᠤᠳᠠᠯᠵᠦ᠂ ᠬᠢᠬᠦ ᠵᠦᠢ᠍ᠯ ᠵᠶ᠋ᠠᠨ ᠪᠦᠷᠢᠨ ᠭᠦᠢ᠍ᠴᠡᠳ ᠬᠢᠬᠦ ᠬᠡᠷᠡᠭᠲᠠᠢ ᠭᠡᠪᠡ᠃
     《ᠶᠡᠬᠡ ᠬᠡᠪᠴᠢᠶ᠎ᠡ᠎ᠪᠠᠷ ᠭᠠᠢ᠌ᠯᠢ ᠵᠢ ᠬᠥᠩᠭᠡᠷᠡᠭᠦᠯᠵᠦ ᠵᠠᠷᠤᠳᠠᠯ᠎ᠢ ᠪᠠᠭ᠋ᠠᠰᠬᠠᠬᠤ᠎ᠳᠤ᠂ ᠵᠠᠰᠠᠭ᠎ᠤᠨ ᠤᠷᠳᠤᠨ᠎ᠤ ᠨᠥᠭᠡᠴᠡᠯᠡᠭᠰᠡᠨ ᠠᠰᠢᠭ ᠲᠤᠰᠠ ᠵᠢ ᠬᠥᠳᠡᠯᠭᠡᠵᠦ᠂ ᠮᠢᠬ᠎ᠠ᠎ᠪᠠᠨ ᠱᠤᠯᠤᠨ᠎ᠠ᠃ ᠪᠤᠰᠤᠳ᠎ᠢ ᠭᠤᠮᠤᠳᠠᠭ᠋ᠠᠭᠰᠠᠨ ᠴᠤ᠌ ᠬᠦᠳᠡᠯᠭᠡᠵᠦ᠂ ᠠᠵᠦ ᠠᠬᠤᠢ᠌ᠯᠠᠯ᠂ ᠠᠷᠠᠳ ᠤᠯᠠᠨ᠎ᠳᠤ ᠠᠰᠢᠭ ᠤᠯᠭᠤᠬᠤ ᠭᠡᠷᠡᠭᠲᠠᠢ᠃》 《ᠬᠤᠯᠪᠤᠭᠳᠠᠯ ᠪᠦᠬᠦᠢ ᠰᠠᠯᠠᠭ᠎ᠠ ᠮᠥᠴᠢᠷ ᠪᠤᠯᠤᠨ ᠡᠯ᠎ᠡ ᠱᠠᠲᠤᠨ᠎ᠤ ᠵᠠᠰᠠᠭ᠎ᠤᠨ ᠤᠷᠳᠤᠨ ᠴᠥᠮ ᠨᠠᠢ᠌ᠳᠠᠪᠤᠷᠢᠵᠢᠭᠤᠯᠬᠤ ᠬᠡᠷᠡᠭᠲᠠᠢ᠂ ᠲᠦᠷᠦ ᠵᠢᠨ ᠪᠤᠳᠤᠯᠭ᠎ᠠ ᠵᠢᠨ ᠨᠡᠷ᠎ᠡ᠎ᠪᠠᠷ ᠰᠤᠯᠨ ᠪᠠᠷᠢᠮᠲᠠ ᠭᠠᠷᠭ᠋ᠠᠵᠤ ᠶᠠᠭ᠋ᠠᠬᠢᠭᠰᠠᠨ ᠴᠤ᠌ ᠪᠤᠯᠬᠤ ᠦᠭᠡᠢ᠂ ᠠ᠋ᠯᠳᠡᠪ ᠶᠠᠩᠵᠦ ᠵᠢᠨ ᠠᠷᠭ᠎ᠠ ᠪᠠᠰᠢᠷ᠎ᠢ ᠬᠡᠷᠡᠭᠯᠡᠨ ᠲᠤᠷ᠎ᠠ᠎ᠪᠠᠷ ᠵᠢᠡᠨ ᠰᠦᠢ᠍ᠳᠭᠡᠯ ᠬᠤᠷᠢᠶᠠᠵᠦ ᠭᠠᠢ᠌ᠯᠢ ᠵᠢ ᠬᠥᠩᠭᠡᠷᠡᠭᠦᠯᠵᠦ ᠵᠠᠷᠤᠳᠠᠯ᠎ᠢ ᠪᠠᠭ᠋ᠠᠰᠬᠠᠬᠤ ᠠᠵᠢᠯ᠎ᠤᠨ ᠦᠷ᠎ᠡ ᠪᠦᠲᠦᠮᠵᠢ ᠵᠢ ᠨᠦᠯᠦᠭᠡᠯᠡᠵᠦ ᠨᠡᠩ ᠴᠤ᠌ ᠪᠤᠯᠬᠤ ᠦᠭᠡᠢ᠂ ᠠᠵᠦ ᠠᠬᠤᠢ᠌ᠯᠠᠯ᠂ ᠵᠠᠬ᠎ᠠ ᠲᠡᠯᠭᠡᠭᠦᠷ᠎ᠤᠨ ᠭᠤᠤᠯ ᠴᠤᠭᠴᠠ᠎ᠳᠤ ᠨᠡᠩ ᠶᠡᠬᠡ ᠬᠡᠪᠴᠢᠶ᠎ᠡ᠎ᠪᠠᠷ ᠭᠠᠢ᠌ᠯᠢ ᠵᠢ ᠬᠥᠩᠭᠡᠷᠡᠭᠦᠯᠵᠦ ᠵᠠᠷᠤᠳᠠᠯ᠎ᠢ ᠪᠠᠭ᠋ᠠᠰᠬᠠᠬᠰᠠᠨ ᠪᠤᠳᠠᠲᠠᠢ ᠦᠷ᠎ᠡ ᠪᠦᠲᠦᠮᠵᠢ ᠵᠢ ᠦᠨᠡᠨᠬᠦ ᠮᠡᠳᠡᠷᠡᠭᠦᠯᠬᠦ ᠬᠡᠷᠡᠭᠲᠠᠢ᠃》 ᠭᠡᠪᠡ᠃

      ᠠᠵᠤ ᠠᠬᠤᠢ᠌ᠯᠠᠯ᠎ᠳᠤ ᠲᠦᠪ ᠭᠣᠣᠯᠴᠢ ᠰᠠᠢ᠌ᠨ ᠣᠷᠴᠢᠨ ᠠᠬᠤᠢ ᠵᠢ ᠪᠣᠢ ᠪᠣᠯᠭ᠋ᠠᠪᠠᠯ ᠵᠠᠬ᠎ᠠ ᠳᠡᠯᠭᠡᠭᠦᠷ ᠳᠠᠷᠤᠢ ᠦᠪᠡᠷ᠎ᠤᠨ ᠭᠦᠴᠤᠨ ᠵᠶ᠋ᠠᠨ ᠪᠠᠳᠠᠷᠠᠭᠤᠯᠵᠤ ᠴᠢᠳᠠᠨ᠎ᠠ
      ᠰᠢᠨᠬᠤᠸᠠ ᠬᠤᠷᠢᠶᠠᠨ᠎ᠤ ᠰᠤᠷᠪᠤᠯᠵᠢᠯᠠᠬ᠍ᠴᠢ ᠵᠢᠨ 《ᠬᠡᠷᠬᠢᠨ ᠦᠭᠡᠷᠡᠴᠢᠯᠡᠯᠲᠡ ᠵᠢ ᠲᠦᠷᠭᠡᠳᠭᠡᠵᠦ᠂ ᠬᠤᠳᠠᠯᠳᠤᠭ᠎ᠠ ᠡᠵᠡᠩᠨᠡᠬᠦ ᠤᠷᠴᠢᠨ ᠠᠬᠤᠢ ᠵᠢ ᠰᠠᠢ᠌ᠵᠢᠷᠠᠭᠤᠯᠬᠤ》 ᠲᠤᠬᠠᠢ ᠠᠰᠠᠭᠤᠯᠲᠠ ᠵᠢ ᠯᠢ ᠺᠸ ᠴᠢᠶᠠᠩ ᠬᠠᠷᠢᠭᠤᠯᠬᠤ᠎ᠳᠠᠭᠠᠨ᠂ ᠵᠠᠰᠠᠭ᠎ᠤᠨ ᠤᠷᠳᠤᠨ ᠵᠠᠬ᠎ᠠ ᠳᠡᠯᠭᠡᠭᠦᠷᠵᠢᠯᠳᠡ᠂ ᠬᠠᠤᠯᠢ ᠵᠠᠰᠠᠯᠲᠠ ᠵᠢᠨ ᠦᠭᠡᠷᠡᠴᠢᠯᠡᠯᠲᠡ ᠵᠢ ᠠᠬᠢᠭᠤᠯᠬᠤ ᠵᠢ ᠪᠠᠷᠢᠮᠲᠠᠯᠠᠨ᠂ ᠪᠤᠳᠠᠲᠠᠢ ᠦᠢ᠍ᠯᠡ ᠠᠵᠢᠯᠯᠠᠭ᠎ᠠ᠂ ᠪᠤᠳᠠᠲᠠᠢ ᠠᠷᠭ᠎ᠠ ᠬᠡᠮᠵᠢᠶ᠎ᠡ᠎ᠪᠠᠷ ᠥᠭᠡᠷᠡᠴᠢᠯᠡᠯᠲᠡ ᠵᠢᠨ ᠦᠷ᠎ᠡ ᠪᠦᠲᠦᠭᠡᠯ᠎ᠢ ᠲᠠᠰᠤᠷᠠᠯᠲᠠ ᠦᠭᠡᠢ ᠢᠯᠡᠷᠡᠭᠦᠯᠬᠦ ᠬᠡᠷᠡᠭᠲᠠᠢ᠃ 《ᠠᠵᠦ ᠠᠬᠤᠢ᠌ᠯᠠᠯ᠎ᠳᠤ ᠬᠤᠳᠠᠯᠳᠤᠭ᠎ᠠ ᠡᠵᠡᠩᠨᠡᠬᠦ ᠲᠦᠪ ᠭᠤᠤᠯᠴᠢ ᠰᠠᠢ᠌ᠨ ᠤᠷᠴᠢᠨ ᠠᠬᠤᠢ ᠵᠢ ᠪᠦᠷᠢᠯᠳᠦᠭᠦᠯᠵᠦ ᠦᠭᠪᠡᠯ ᠵᠠᠬ᠎ᠠ ᠲᠡᠯᠭᠡᠭᠦᠷ ᠳᠠᠷᠤᠢ ᠦᠪᠡᠷ᠎ᠤᠨ ᠬᠦᠴᠦ᠎ᠪᠠᠨ ᠪᠠᠳᠠᠷᠠᠭᠤᠯᠵᠤ᠂ ᠦᠪᠡᠷ᠎ᠤᠨ ᠠᠮᠢᠵᠢᠷᠠᠯ᠎ᠤᠨ ᠬᠦᠴᠦᠨ ᠪᠤᠯᠤᠨ ᠠ᠋ᠭᠦᠳᠦᠨ ᠪᠦᠲᠦᠭᠡᠬᠦ ᠴᠢᠳᠠᠪᠤᠷᠢ᠎ᠪᠠᠨ ᠨᠡᠩ ᠶᠡᠬᠡ ᠬᠦᠭᠵᠢᠭᠡᠵᠤ ᠳᠡᠢ᠌ᠯᠤᠨ᠎ᠡ》 ᠭᠡᠵᠦ ᠬᠡᠯᠡᠪᠡ᠃
      ᠬᠤᠳᠠᠯᠳᠤᠭ᠎ᠠ ᠡᠵᠡᠩᠨᠡᠬᠦ ᠤᠷᠴᠢᠨ ᠠᠬᠤᠢ ᠵᠢ ᠶᠠᠭ᠋ᠠᠬᠢᠵᠦ ᠰᠠᠢ᠌ᠵᠢᠷᠠᠭᠤᠯᠬᠤ ᠪᠤᠢ? ᠯᠢ ᠺᠸ ᠴᠢᠶᠠᠩ ᠲᠠᠯᠪᠢᠬᠤ ᠬᠠᠮᠢᠶᠠᠷᠬᠤ ᠵᠢ ᠤᠶᠠᠯᠳᠤᠭᠤᠯᠵᠦ᠂ ᠲᠠᠯᠪᠢᠬᠤ ᠬᠠᠮᠢᠶᠠᠷᠬᠤ ᠵᠢ ᠵᠡᠷᠭᠡᠪᠡᠷ ᠴᠢᠬᠤᠯᠠᠴᠢᠯᠠᠨ᠎ᠠ᠄ 《〈ᠲᠠᠯᠪᠢᠬᠤ〉 ᠭᠡᠳᠡᠭ᠎ᠨᠢ ᠠ᠋ᠷᠭᠡ ᠲᠡᠭᠰᠢ 〈ᠲᠠᠯᠪᠢᠬᠤ〉 ᠵᠢ ᠵᠢᠭ᠋ᠠᠵᠦ ᠪᠤᠢ᠂ ᠤᠯᠠᠨ ᠲᠦᠷᠦᠯ ᠲᠡᠰ ᠬᠤᠪᠢᠶᠠᠵᠦ ᠪᠤᠯᠬᠤ ᠦᠭᠡᠢ᠃ ᠠᠵᠦ ᠠᠬᠤᠢ᠌ᠯᠠᠯ ᠠ᠋ᠷᠬᠢᠯᠡᠬᠦ ᠡᠵᠡᠩᠨᠡᠯᠲᠡ ᠵᠢᠨ ᠦᠨᠡᠮᠯᠡᠯ ᠠᠪᠬᠤ ᠴᠠᠭ᠎ᠢ ᠬᠡᠳᠦᠨ ᠵᠢᠯ᠎ᠤᠨ ᠴᠢᠷᠮᠠᠢ᠌ᠯᠭ᠎ᠠ᠎ᠪᠠᠷ ᠲᠠᠮᠵᠢᠭ᠋ᠠᠳ 22 ᠠ᠋ᠳᠦᠷ ᠪᠠᠢ᠌ᠬᠰᠠᠨ᠎ᠠᠴᠠ᠎ᠪᠠᠨ ᠤᠳᠤ 8.5 ᠠ᠋ᠳᠦᠷ ᠪᠣᠯᠭ᠋ᠠᠪᠠ᠂ ᠠ᠋ᠨᠡ ᠵᠢᠯ 5 ᠠ᠋ᠳᠦᠷ ᠪᠤᠯᠭ᠋ᠠᠬᠤ᠎ᠪᠠᠷ ᠴᠢᠷᠮᠠᠢ᠌ᠨ᠎ᠠ᠂ ᠵᠠᠷᠢᠮ ᠭᠠᠵᠠᠷ 3 ᠠ᠋ᠳᠦᠷ ᠪᠤᠯᠭ᠋ᠠᠵᠦ ᠪᠤᠯᠤᠨ᠎ᠠ; ᠤᠯᠠᠨ ᠨᠡᠢ᠌ᠲᠡ ᠵᠢᠨ ᠠᠮᠤᠷ ᠲᠦᠪᠰᠢᠨ᠂ ᠤᠨᠴᠠᠭ᠋ᠠᠢ ᠠᠵᠢᠯ ᠲᠦᠷᠦᠯ ᠬᠤᠯᠪᠤᠭᠳᠠᠬᠤ ᠵᠢ ᠭᠠᠷᠭ᠋ᠠᠪᠠᠯ᠂ ᠡᠵᠡᠩᠨᠡᠯᠲᠡ ᠵᠢᠨ ᠦᠨᠡᠮᠯᠡᠯ ᠵᠢᠡᠨ ᠠᠪᠴᠢᠬᠠᠪᠠᠯ ᠪᠦᠷ ᠬᠡᠪ᠎ᠤᠨ ᠶᠤᠰᠤᠭ᠋ᠠᠷ ᠡᠵᠡᠩᠨᠡᠯᠲᠡ ᠬᠢᠵᠦ ᠪᠤᠯᠤᠨ᠎ᠠ᠃ ᠲᠡᠷᠡ ᠮᠦᠷᠲᠡᠭᠡᠨ ᠡᠯ᠎ᠡ ᠲᠦᠷᠦᠯ᠎ᠤᠨ ᠥᠮᠴᠢᠯᠡᠯ᠎ᠤᠨ ᠠᠵᠦ ᠠᠬᠤᠢ᠌ᠯᠠᠯ᠎ᠳᠤ ᠪᠦᠷ ᠠ᠋ᠭᠡᠭᠡ ᠠᠳᠠᠯᠢᠬᠠᠨ ᠵᠢᠡᠷ ᠬᠠᠨᠳᠤᠪᠠᠯ ᠵᠤᠬᠢᠨ᠎ᠠ》 ᠭᠡᠵᠦ ᠬᠡᠯᠡᠵᠠᠢ᠃
     《ᠭᠠᠢ᠌ᠯᠢ ᠵᠢ ᠬᠥᠩᠭᠡᠷᠡᠭᠦᠯᠵᠦ ᠵᠠᠷᠤᠳᠠᠯ᠎ᠢ ᠪᠠᠭ᠋ᠠᠰᠬᠠᠬᠤ ᠪᠠ ᠵᠠᠰᠠᠭ᠎ᠢ ᠴᠤᠮᠬᠠᠳᠬᠠᠬᠤ᠂ ᠠ᠋ᠷᠬᠡ ᠳᠡᠭᠰᠢ ᠪᠠᠢ᠌ᠬᠤ ᠠ᠋ᠰᠡᠬᠦ ᠵᠢ ᠬᠢᠨᠠᠨ ᠬᠠᠮᠢᠶᠠᠷᠬᠤ ᠪᠤᠯ ᠪᠢᠳᠡᠨ᠎ᠤ ᠠᠵᠦ ᠠᠬᠤᠢ ᠵᠢᠨ ᠤᠷᠤᠭᠤᠳᠠᠯ᠎ᠤᠨ ᠲᠠᠷᠤᠯᠲᠠ ᠵᠢ ᠠᠷᠭ᠋ᠠᠴᠠᠭ᠋ᠠᠬᠤ᠂ ᠵᠠᠬ᠎ᠠ ᠲᠡᠯᠭᠡᠭᠦᠷ᠎ᠤᠨ ᠠᠮᠢᠵᠢᠷᠠᠯ᠎ᠤᠨ ᠬᠦᠴᠦᠨ᠎ᠢ ᠬᠦᠭᠵᠢᠭᠡᠬᠦ ᠬᠤᠶᠠᠷ ᠴᠢᠬᠤᠯᠠ ᠵᠠᠩᠭᠢᠯᠠᠭ᠎ᠠ ᠵᠢᠨ ᠠᠷᠭ᠎ᠠ ᠬᠡᠮᠵᠢᠶ᠎ᠡ ᠮᠦᠨ᠃ ᠠ᠋ᠭᠦᠨ᠎ᠤ ᠵᠤᠷᠢᠯᠭ᠎ᠠ᠎ᠨᠢ ᠳᠤᠮᠳᠠᠳᠦ ᠤᠯᠤᠰ᠎ᠤᠨ ᠠᠵᠦ ᠠᠬᠤᠢ ᠵᠢ ᠤᠷᠲᠦ ᠬᠤᠭᠤᠴᠠᠭ᠎ᠠ ᠯᠠᠪᠳᠠᠭᠤᠨ ᠵᠢᠡᠷ ᠬᠦᠭᠵᠢᠭᠦᠯᠬᠦ ᠪᠦᠭᠡᠳ ᠠᠮᠢᠵᠢᠷᠠᠯ᠎ᠤᠨ ᠬᠦᠴᠦᠨ᠎ᠢ᠎ᠨᠢ ᠶᠡᠬᠡᠪᠡᠷ ᠪᠠᠳᠠᠷᠠᠭᠤᠯᠬᠤ᠎ᠳᠤ ᠤᠷᠤᠰᠢᠨ᠎ᠠ》 ᠭᠡᠵᠦ ᠯᠢ ᠺᠸ ᠴᠢᠶᠠᠩ ᠬᠡᠯᠡᠪᠡ᠃

      ᠪᠢᠴᠢᠯ ᠪᠠᠭ᠎ᠠ ᠠᠵᠤ ᠠᠬᠤᠢ᠌ᠯᠠᠯ᠎ᠤᠨ ᠪᠡᠯᠨ ᠳᠣᠬᠢᠷᠠᠭᠤᠯᠬᠤ ᠦᠷᠲᠡᠭ᠎ᠢ᠎ᠨᠢ ᠨᠢᠳᠣᠨᠣᠨ᠎ᠤ ᠰᠠᠭᠤᠷᠢᠨ ᠳᠡᠭᠡᠷ᠎ᠡ ᠳᠠᠬᠢᠨ ᠵᠠᠭᠤᠨ᠎ᠤ ᠬᠠᠷᠢᠴᠠᠯ ᠵᠶ᠋ᠠᠷ 1 ᠬᠤᠪᠢ ᠳᠣᠷᠣᠭᠰᠢᠯᠠᠭᠤᠯᠬᠤ ᠬᠡᠷᠡᠭᠲᠠᠢ

      ᠭᠤᠸᠠᠩ ᠮᠢᠩ ᠠ᠋ᠳᠦᠷ᠎ᠤᠨ ᠰᠤᠨᠢᠨ᠎ᠤ ᠰᠤᠷᠪᠤᠯᠵᠢᠯᠠᠭᠴᠢ ᠵᠢᠨ 《ᠮᠦᠩᠭᠦᠨ ᠭᠦᠢ᠍ᠯᠭᠡᠭᠡᠨ᠎ᠤ ᠦᠢ᠍ᠯᠡᠴᠢᠯᠡᠭᠡ ᠵᠢᠨ ᠪᠤᠳᠠᠲᠦ ᠴᠤᠭᠴᠠᠲᠦ ᠠᠵᠦ ᠠᠬᠤᠢ ᠵᠢ ᠶᠠᠭ᠋ᠠᠬᠢᠵᠦ ᠬᠦᠭᠵᠢᠭᠦᠯᠬᠦ》 ᠲᠤᠬᠠᠢ ᠠᠰᠠᠭᠤᠯᠲᠠ ᠵᠢ ᠯᠢ ᠺᠸ ᠴᠢᠶᠠᠩ ᠬᠠᠷᠢᠭᠤᠯᠬᠤ᠎ᠳᠠᠭᠠᠨ᠂ ᠠᠵᠦ ᠠᠬᠤᠢ ᠵᠢᠨ ᠬᠦᠭᠵᠢᠯᠲᠡ᠂ ᠵᠠᠬ᠎ᠠ ᠲᠡᠯᠭᠡᠭᠦᠷ᠎ᠤᠨ ᠠᠮᠢᠵᠢᠷᠠᠯ᠎ᠤᠨ ᠬᠦᠴᠦᠨ᠎ᠢ ᠬᠢᠵᠠᠭ᠋ᠠᠷᠯᠠᠵᠦ ᠪᠠᠢ᠌ᠬᠤ ᠪᠡᠯᠡ ᠲᠤᠬᠢᠷᠠᠭᠤᠯᠬᠤ᠎ᠳᠤ ᠬᠦᠴᠢᠷᠲᠠᠢ᠂ ᠦᠨᠡᠲᠠᠢ ᠪᠠᠢ᠌ᠬᠤ ᠠ᠋ᠨᠡᠬᠦ 《ᠪᠤᠭᠤᠮᠢ》 ᠵᠢᠨ ᠠᠰᠠᠭᠤᠳᠠᠯ᠎ᠢ ᠠᠳᠬᠤᠵᠦ᠂ ᠤᠯᠠᠨ ᠵᠦᠢ᠍ᠯ᠎ᠤᠨ ᠠᠷᠭ᠎ᠠ ᠪᠠᠷᠢᠯ᠎ᠢ ᠵᠡᠷᠭᠡᠪᠡᠷ ᠬᠡᠷᠡᠭᠯᠡᠨ᠂ ᠪᠢᠴᠢᠯ ᠪᠠᠭ᠎ᠠ ᠠᠵᠦ ᠠᠬᠤᠢ᠌ᠯᠠᠯ᠎ᠤᠨ ᠪᠡᠯᠡ ᠲᠤᠬᠢᠷᠠᠭᠤᠯᠬᠤ ᠥᠪᠡᠷ᠎ᠤᠨ ᠥᠷᠲᠡᠭ᠎ᠢ ᠨᠢᠳᠤᠨᠤᠨ᠎ᠤ ᠰᠠᠭᠤᠷᠢᠨ ᠳᠡᠭᠡᠷ᠎ᠡ ᠲᠠᠬᠢᠨ ᠵᠠᠭᠤᠨ᠎ᠤ ᠬᠠᠷᠢᠴᠠᠯ ᠵᠢᠡᠷ 1 ᠬᠤᠪᠢ ᠪᠠᠭᠤᠷᠠᠭᠤᠯᠬᠤ ᠬᠡᠷᠡᠭᠲᠠᠢ ᠭᠡᠵᠦ ᠴᠢᠬᠤᠯᠠᠴᠢᠯᠠᠵᠠᠢ᠃
      ᠳᠤᠮᠳᠠᠳᠦ ᠤᠯᠤᠰ᠎ᠤᠨ ᠠ᠋ᠳᠦᠷ᠎ᠤᠨ ᠰᠤᠨᠢᠨ᠎ᠤ ᠰᠤᠷᠪᠤᠯᠵᠢᠯᠠᠭᠴᠢ ᠵᠢᠨ 《ᠤᠯᠤᠰ᠎ᠤᠨ ᠲᠤᠲᠤᠭ᠋ᠠᠳᠦ ᠵᠢᠨ ᠬᠡᠷᠡᠭᠯᠡᠭᠡ ᠵᠢ ᠶᠠᠭ᠋ᠠᠬᠢᠵᠦ ᠨᠡᠮᠡᠭᠳᠡᠭᠦᠯᠬᠦ》 ᠲᠤᠬᠠᠢ ᠠᠰᠠᠭᠤᠯᠲᠠ ᠵᠢ ᠯᠢ ᠺᠸ ᠴᠢᠶᠠᠩ ᠬᠠᠷᠢᠭᠤᠯᠬᠤ᠎ᠳᠠᠭᠠᠨ᠂ ᠬᠤᠯᠪᠤᠭᠳᠠᠯ ᠪᠦᠬᠦᠢ ᠲᠠᠯ᠎ᠠ ᠵᠢᠨ᠎ᠬᠢᠨ ᠠᠵᠢᠯᠴᠢ ᠬᠢᠷᠠᠬᠠᠢ᠂ ᠠᠷᠭ᠎ᠠ ᠰᠠᠮᠪᠠᠭ᠎ᠠ᠎ᠲᠠᠢ ᠬᠦᠮᠦᠨ ᠪᠤᠯᠵᠦ᠂ ᠠᠷᠠᠳ᠎ᠲᠤ ᠲᠤᠰᠠᠲᠠᠢ ᠠᠵᠢᠯ ᠬᠢᠬᠦ ᠬᠡᠷᠡᠭᠲᠠᠢ ᠭᠡᠵᠦ ᠱᠠᠭ᠋ᠠᠷᠳᠠᠪᠠ᠃ ᠶᠡᠷᠦᠩᠬᠡᠢ ᠰᠠᠢ᠌ᠳ ᠮᠤᠵᠢ ᠵᠢᠨ ᠵᠠᠭ᠋ᠠᠭ ᠱᠤᠭᠤᠮ᠎ᠤᠨ ᠲᠦᠷᠭᠡᠨ᠎ᠤ ᠵᠠᠰᠠᠮᠠᠯ ᠵᠠᠮ᠎ᠤᠨ ᠰᠦᠢ᠍ᠳᠭᠡᠯ ᠬᠤᠷᠢᠶᠠᠬᠤ ᠦᠷᠲᠡᠭᠡ ᠵᠢ ᠦᠭᠡᠢ᠌ᠰᠬᠡᠬᠦ ᠶᠠᠪᠤᠳᠠᠯ᠎ᠢ ᠲᠦᠷᠭᠡᠳᠭᠡᠬᠦ᠂ ᠰᠦᠯᠵᠢᠶᠡᠨ᠎ᠤ ᠬᠤᠷᠲᠤᠴᠠ ᠵᠢ ᠲᠦᠷᠭᠡᠨ ᠪᠤᠯᠭ᠋ᠠᠵᠦ ᠰᠦᠢ᠍ᠳᠭᠡᠯ᠎ᠢ ᠪᠠᠭᠤᠷᠠᠭᠤᠯᠬᠤ ᠵᠡᠷᠭᠡ᠎ᠪᠠᠷ ᠵᠢᠱ᠌ᠢᠶᠡᠯᠡᠵᠦ᠂ ᠬᠡᠷᠡᠭᠯᠡᠭᠡ ᠵᠢᠨ ᠶᠠᠪᠤᠴᠠ᠎ᠳᠠᠬᠢ ᠲᠦᠷᠢᠮ᠎ᠤᠨ ᠴᠢᠨᠠᠷᠲᠠᠢ ᠲᠦᠭᠵᠢᠭᠡᠰᠦ ᠵᠢ ᠤᠯᠠᠮ ᠴᠢᠨᠠᠭᠰᠢᠳᠠ ᠠᠷᠢᠯᠭ᠋ᠠᠵᠦ᠂ ᠬᠡᠷᠡᠭᠯᠡᠭᠡ ᠵᠢᠨ ᠲᠠᠯᠳᠠ ᠬᠦᠴᠦᠨ᠂ ᠵᠠᠬ᠎ᠠ ᠲᠡᠯᠭᠡᠭᠦᠷ᠎ᠤᠨ ᠠᠮᠢᠵᠢᠷᠠᠯ᠎ᠤᠨ ᠬᠦᠴᠦᠨ᠂ ᠨᠡᠢ᠌ᠭᠡᠮ᠎ᠤᠨ ᠠ᠋ᠭᠦᠳᠦᠨ ᠪᠦᠲᠦᠭᠡᠬᠦ ᠴᠢᠳᠠᠪᠤᠷᠢ ᠵᠢ ᠨᠡᠩ ᠶᠡᠬᠡᠪᠡᠷ ᠬᠦᠭᠵᠢᠭᠡᠬᠦ ᠬᠡᠷᠡᠭᠲᠠᠢ ᠭᠡᠵᠠᠢ᠃
     《ᠵᠠᠬ᠎ᠠ ᠲᠡᠯᠭᠡᠭᠦᠷ᠎ᠤᠨ ᠠᠮᠢᠵᠢᠷᠠᠯ᠎ᠤᠨ ᠬᠦᠴᠦᠨ᠂ ᠨᠡᠢ᠌ᠭᠡᠮ᠎ᠤᠨ ᠠ᠋ᠭᠦᠳᠦᠨ ᠪᠦᠲᠦᠭᠡᠬᠦ ᠴᠢᠳᠠᠪᠤᠷᠢ ᠵᠢ ᠬᠦᠭᠵᠢᠭᠡᠴᠢᠭᠡᠪᠡᠯ ᠪᠢᠳᠡ ᠠᠵᠦ ᠠᠬᠤᠢ ᠵᠢᠨ ᠠᠵᠢᠯᠯᠠᠭ᠎ᠠ ᠵᠢ ᠵᠦᠢ ᠵᠤᠬᠢᠰᠲᠠᠢ ᠬᠡᠪᠴᠢᠶᠡᠨ᠎ᠳᠤ ᠪᠠᠢ᠌ᠯᠭ᠋ᠠᠵᠦ᠂ ᠴᠢᠨᠠᠷ ᠰᠠᠢ᠌ᠲᠠᠢ ᠬᠦᠭᠵᠢᠯᠲᠡ ᠵᠢ ᠠᠬᠢᠭᠤᠯᠵᠦ ᠴᠢᠳᠠᠬᠤ᠎ᠨᠢ ᠯᠠᠪᠲᠠᠢ ᠶᠤᠮ》 ᠭᠡᠵᠤ ᠯᠢ ᠺᠸ ᠴᠢᠶᠠᠩ ᠬᠡᠯᠡᠭᠰᠡᠨ ᠵᠶ᠋ᠠᠨ ᠵᠠᠯᠭ᠋ᠠᠭ᠋ᠠᠳ᠄ 《ᠶᠠᠮᠠᠷ ᠰᠢᠨ᠎ᠡ ᠪᠠᠢ᠌ᠳᠠᠯ ᠭᠠᠷᠤᠭᠰᠠᠨ ᠴᠤ᠌ ᠲᠡᠷᠡ᠂ ᠪᠢᠳᠡ ᠪᠦᠷ ᠤᠳᠤᠬᠠᠨ᠎ᠤ ᠪᠠᠢ᠌ᠳᠠᠯ᠎ᠳᠠᠭᠠᠨ ᠰᠠᠭᠤᠷᠢᠯᠠᠵᠦ᠂ ᠠᠯᠤᠰ ᠬᠤᠯᠠ ᠵᠢ ᠪᠤᠳᠤᠯᠬᠢᠯᠠᠨ᠂ ᠳᠤᠮᠳᠠᠳᠦ ᠤᠯᠤᠰ᠎ᠤᠨ ᠠᠵᠦ ᠠᠬᠤᠢ᠎ᠪᠠᠨ ᠲᠤᠭᠲᠠᠭᠤᠨ ᠪᠠᠢ᠌ᠯᠭ᠋ᠠᠵᠦ᠂ ᠳᠤᠮᠳᠠᠳᠦ ᠤᠯᠤᠰ᠎ᠤᠨ ᠠᠵᠦ ᠠᠬᠤᠢ᠎ᠪᠠᠨ ᠤᠷᠲᠦ ᠬᠤᠭᠤᠴᠠᠭ᠎ᠠ ᠰᠠᠢ᠌ᠨ ᠬᠠᠨᠳᠤᠰᠢ᠎ᠲᠠᠢ᠎ᠪᠠᠷ ᠬᠦᠭᠵᠢᠭᠦᠯᠵᠦ ᠴᠢᠳᠠᠨ᠎ᠠ᠃ ᠳᠤᠮᠳᠠᠳᠦ ᠤᠯᠤᠰ᠎ᠤᠨ ᠠᠵᠦ ᠠᠬᠤᠢ ᠢᠮᠠᠭᠲᠠ ᠲᠡᠯᠡᠬᠡᠢ ᠵᠢᠨ ᠠᠵᠦ ᠠᠬᠤᠢ ᠵᠢ ᠲᠤᠭᠲᠠᠭᠤᠨ ᠪᠠᠢ᠌ᠯᠭ᠋ᠠᠬᠤ ᠨᠢᠭᠡ ᠴᠢᠬᠤᠯᠠ ᠬᠦᠴᠦᠨ ᠵᠦᠢ᠍ᠯ ᠪᠤᠯᠬᠤ ᠶᠤᠮ᠃》 ᠭᠡᠪᠠ᠃


ᠢᠷᠡᠯᠲᠡ᠄ ᠠᠷᠠᠳ᠎ᠤᠨ ᠶᠠᠪᠤᠳᠠᠯ᠎ᠤᠨ ᠲᠢᠡᠭᠬᠢᠮ᠎ᠤᠨ ᠬᠢᠳᠡᠳ ᠬᠡᠯᠡᠨ᠎ᠤ ᠰᠦᠯᠵᠢᠶ᠎ᠡ
          
ᠬᠠᠮᠢᠶ᠎ᠡ ᠪᠦᠬᠦᠢ ᠰᠣᠨᠢᠨ
ᠳᠤᠮᠳᠠᠳᠦ ᠠᠮᠸᠷᠢᠺᠠ ᠵᠢᠨ ᠰᠢᠨ᠎ᠡ ᠨᠢᠭᠡ ᠠ᠋ᠭᠡᠯᠵᠢ ᠵᠢᠨ ᠠᠵᠦ ᠠᠬᠤᠢ ᠠᠷᠠᠯᠵᠢᠶᠠᠨ᠎ᠤ ᠦᠨᠳᠦᠷ ᠲᠡᠰ᠎ᠤᠨ ᠵᠦᠪᠳᠡᠯᠴᠡᠭᠡ ᠪᠡᠭᠡᠵᠢᠩ᠎ᠳᠤ ᠠ᠋ᠬᠢᠯᠡᠪᠡ
ᠸᠠᠩ ᠢ᠎ᠲᠠᠢ ᠤᠯᠤᠰ᠎ᠤᠨ ᠭᠠᠳᠠᠭ᠋ᠠᠳᠦ ᠶᠠᠪᠤᠳᠠᠯ᠎ᠤᠨ ᠶᠠᠮᠤᠨ᠎ᠤ ᠰᠠᠢ᠌ᠳ ᠳ᠋ᠦᠨ᠎ᠯᠦᠭᠡ ᠪᠠᠢ᠌ᠯᠳᠤᠬᠤ ᠪᠤᠳᠤᠯᠭ᠎ᠠ ᠵᠢᠨ ᠵᠦᠪᠳᠡᠯᠴᠡᠭᠡ ᠬᠢᠵᠤ᠄ ᠠ᠋ᠮᠦᠨᠡᠲᠦ ᠲᠠᠯᠠᠢ ᠵᠢᠨ ᠠᠶᠠᠯᠠᠯ ᠪᠤᠯᠤᠨ ᠨᠢᠰᠦᠨ ᠭᠠᠷᠬᠤ ᠠ᠋ᠷᠬᠡ ᠴᠢᠯᠦᠭᠡ ᠵᠢ ᠬᠠᠮᠲᠦᠪᠡᠷ ᠬᠠᠮᠠᠭ᠋ᠠᠯᠠᠨ᠎ᠠ ᠭᠡᠵᠠᠢ
ᠳᠤᠮᠳᠠᠳᠦ ᠠᠮᠸᠷᠢᠺᠠ ᠵᠢᠨ ᠠᠵᠦ ᠠᠬᠤᠢ ᠠᠷᠠᠯᠵᠢᠶᠠᠨ᠎ᠤ ᠦᠨᠳᠦᠷ ᠲᠡᠰ᠎ᠤᠨ ᠵᠦᠪᠳᠡᠯᠴᠡᠭᠡ ᠲᠠᠭᠤᠰᠪᠠ
ᠸᠠᠩ ᠢ ᠢᠷᠠᠨ ᠤᠯᠤᠰ᠎ᠤᠨ ᠭᠠᠳᠠᠭ᠋ᠠᠳᠤ ᠶᠠᠪᠤᠳᠠᠯ᠎ᠤᠨ ᠰᠠᠢ᠌ᠳ ᠽᠠᠷᠢᠹ᠎ᠲᠠᠢ ᠠᠭᠤᠯᠵᠠᠪᠠ
ᠸᠠᠩ ᠢ ᠱᠠᠩᠬᠠᠢ ᠵᠢᠨ ᠬᠠᠮᠲᠤᠷᠠᠯᠴᠠᠭ᠋ᠠᠨ᠎ᠤ ᠵᠣᠬᠢᠶᠠᠨ ᠪᠠᠢ᠌ᠭᠤᠯᠤᠯᠲᠠ ᠵᠢᠨ ᠰᠢᠨ᠎ᠡ ᠨᠠᠷᠢᠨ ᠪᠢᠴᠢᠭ᠎ᠤᠨ ᠳᠠᠷᠤᠭ᠎ᠠ ᠨᠦᠸᠸ ᠯᠦᠸᠸ ᠹᠦ᠋᠎ᠲᠠᠢ ᠠᠭᠤᠯᠵᠠᠪᠠ
 
            