2 ᠳ᠋ᠤᠭ᠋ᠠᠷ ᠰᠠᠷᠠ ᠵᠢᠨ 14 — 15ᠤ ᠠ᠋ᠳᠦᠷ ᠨᠠᠮᠤᠨ ᠲᠦᠪ ᠬᠤᠷᠢᠶᠠᠨᠤ ᠤᠯᠤᠰ ᠲᠦᠷᠦ ᠵᠢᠨ ᠲᠤᠪᠴᠢᠶᠠᠨᠤ ᠭᠡᠰᠢᠭᠦᠨ᠂ ᠲᠦᠷᠦ ᠵᠢᠨ ᠶᠡᠪᠤᠳᠠᠯᠤᠨ ᠬᠤᠷᠢᠶᠠᠨᠤ ᠳᠡᠳ᠋ ᠶᠡᠷᠦᠩᠬᠡᠢ ᠰᠠᠢ᠌ᠳ᠂ ᠳᠤᠮᠳᠠᠳᠦ ᠠᠮᠸᠷᠢᠺᠠ ᠵᠢᠨ ᠪᠦᠬᠦ ᠲᠠᠯᠠ ᠵᠢᠨ ᠠᠵᠦ ᠠᠬᠤᠢ ᠵᠢᠨ ᠶᠠᠷᠢᠯᠴᠠᠭ᠋ᠠᠨᠤ ᠳᠤᠮᠳᠠᠳᠦ ᠤᠯᠤᠰᠤᠨ ᠲᠦᠯᠣᠭᠡᠯᠡᠭᠴᠢ ᠯᠢᠦ ᠾᠸ ᠠᠮᠸᠷᠢᠺᠠ ᠵᠢᠨ ᠠᠷᠠᠯᠵᠢᠶᠠᠨᠤ ᠲᠦᠯᠦᠭᠡᠯᠡᠭᠴᠢ ᠯᠠᠢ᠌ᠲᠸᠰᠢᠽᠸ᠂ ᠠ᠋ᠳ᠋ᠤᠨ ᠵᠠᠰᠠᠭᠤᠨ ᠶᠠᠮᠤᠨᠤ ᠰᠠᠢ᠌ᠳ ᠮᠦᠨᠦᠢ᠍ᠴᠢᠨᠲᠠᠢ ᠪᠡᠭᠡᠵᠢᠩᠳᠤ ᠵᠢᠷᠭᠤᠳᠤᠭ᠋ᠠᠷ ᠠ᠋ᠭᠡᠯᠵᠢ ᠵᠢᠨ ᠳᠤᠮᠳᠠᠳᠦ ᠠᠮᠸᠷᠢᠺᠠ ᠵᠢᠨ ᠠᠵᠦ ᠠᠬᠤᠢ ᠠᠷᠠᠯᠵᠢᠶᠠ ᠵᠢᠨ ᠦᠨᠳᠦᠷ ᠲᠡᠰᠤᠨ ᠵᠦᠪᠳᠡᠯᠴᠡᠭᠡ ᠬᠢᠵᠠᠢ᠃ ᠬᠤᠶᠠᠷ ᠠ᠋ᠲᠡᠭᠡᠳ ᠬᠤᠶᠠᠷ ᠤᠯᠤᠰᠤᠨ ᠲᠡᠷᠢᠭᠦᠨᠤ ᠠᠷᠭ᠌ᠸᠨ᠋ᠲ᠋ᠢᠨᠳᠠᠬᠢ ᠠᠭᠤᠯᠵᠠᠯᠲᠠ ᠵᠢᠨ ᠬᠠᠮᠲᠦ ᠵᠢᠨ ᠲᠠᠨᠢᠯᠲᠠ ᠵᠢ ᠰᠠᠢ᠌ᠲᠤᠷ ᠨᠠᠢ᠌ᠳᠠᠪᠤᠷᠢᠵᠢᠭᠤᠯᠤᠨ᠂ ᠮᠡᠷᠭᠡᠵᠢᠯ ᠰᠢᠯᠵᠢᠭᠦᠯᠦᠨ ᠦᠭᠬᠦ᠂ ᠮᠡᠳᠡᠯᠭᠡ ᠵᠢᠨ ᠦᠮᠴᠢᠯᠡᠯᠤᠨ ᠠ᠋ᠷᠬᠡ ᠵᠢᠨ ᠬᠠᠮᠠᠭ᠋ᠠᠯᠠᠯᠲᠠ᠂ ᠪᠤᠭᠤᠮᠲᠠ ᠵᠢᠨ ᠭᠠᠢ᠌ᠯᠢ ᠵᠢᠨ ᠪᠤᠰᠤ ᠬᠤᠷᠢᠭᠠ᠂ ᠦᠢ᠍ᠯᠡᠴᠢᠯᠡᠭᠡ ᠵᠢᠨ ᠦᠢ᠍ᠯᠡᠰ᠂ ᠬᠥᠳᠡᠭᠡ ᠠᠵᠦ ᠠᠬᠤᠢ᠂ ᠠᠷᠠᠯᠵᠢᠶᠠᠨᠤ ᠲᠡᠩᠴᠡᠭᠦᠷᠢ᠂ ᠲᠤᠭᠲᠠᠴᠠ ᠬᠡᠷᠡᠭᠵᠢᠭᠦᠯᠬᠦ ᠵᠡᠷᠭᠡ ᠬᠠᠮᠲᠦᠪᠡᠷ ᠰᠡᠳᠭᠢᠯ ᠲᠠᠯᠪᠢᠵᠦ ᠪᠠᠢ᠌ᠬᠤ ᠵᠦᠢ᠍ᠯᠡᠰ ᠪᠤᠯᠤᠨ ᠲᠤᠮᠳᠠᠳᠦ ᠤᠯᠤᠰᠤᠨ ᠲᠠᠯᠠ ᠵᠢᠨ ᠠᠩᠬᠠᠷᠴᠤ ᠪᠠᠢ᠌ᠬᠤ ᠠᠰᠠᠭᠤᠳᠠᠯᠤᠨ ᠲᠤᠬᠠᠢ ᠰᠠᠨᠠᠯ ᠵᠢᠡᠨ ᠭᠦᠨᠵᠡᠭᠡᠢ ᠰᠤᠯᠢᠯᠴᠠᠵᠠᠢ᠃ ᠬᠤᠶᠠᠷ ᠠ᠋ᠲᠡᠭᠡᠳ ᠵᠶ᠋ᠠᠷ ᠵᠶ᠋ᠠᠨ ᠭᠤᠤᠯ ᠵᠠᠷᠴᠢᠮᠤᠨ ᠴᠢᠨᠠᠷᠲᠠᠢ ᠠᠰᠠᠭᠤᠳᠠᠯᠳᠤ ᠲᠠᠨᠢᠯᠲᠠ ᠨᠢᠭᠡᠲᠠᠢ ᠪᠤᠯᠤᠭᠰᠠᠨ ᠪᠦᠭᠡᠳ ᠬᠤᠶᠠᠷ ᠲᠠᠯᠠ ᠵᠢᠨ ᠠᠵᠦ ᠠᠬᠤᠢ ᠠᠷᠠᠯᠵᠢᠶᠠᠨᠤ ᠠᠰᠠᠭᠤᠳᠠᠯᠤᠨ ᠤᠢ᠌ᠯᠠᠭ᠋ᠠᠯᠴᠠᠭᠠ ᠰᠠᠨᠠᠭᠤᠯᠤᠮᠵᠢ ᠵᠢᠨ ᠲᠤᠬᠠᠢ ᠪᠤᠳᠠᠲᠠᠢ ᠵᠦᠪᠳᠡᠯᠴᠡᠵᠠᠢ᠃ ᠬᠤᠶᠠᠷ ᠠ᠋ᠲᠡᠭᠡᠳ ᠬᠤᠶᠠᠷ ᠤᠯᠤᠰᠤᠨ ᠲᠡᠷᠢᠭᠦᠨᠤ ᠲᠤᠭᠲᠠᠭ᠋ᠠᠭᠰᠠᠨ ᠵᠦᠪᠳᠡᠯᠴᠡᠭᠡ ᠬᠢᠬᠦ ᠴᠠᠭ ᠬᠤᠭᠤᠴᠠᠭᠠ ᠵᠢ ᠦᠨᠳᠦᠰᠦᠯᠡᠨ ᠰᠢᠮᠳᠠᠨ ᠠᠵᠢᠯᠯᠠᠵᠦ᠂ ᠰᠠᠨᠠᠯ ᠨᠢᠭᠡᠲᠠᠢ ᠪᠤᠯᠬᠤᠪᠠᠷ ᠴᠢᠷᠮᠠᠢ᠌ᠨᠠ ᠭᠡᠵᠦ ᠢᠯᠡᠳᠭᠡᠵᠠᠢ᠃
ᠳᠠᠷᠠᠭᠠ ᠭᠠᠷᠠᠭᠲᠤ ᠸᠠᠰᠢᠩᠲ᠋ᠤᠨᠳᠤ ᠦᠷᠭᠦᠯᠵᠢᠯᠡᠨ ᠵᠦᠪᠳᠡᠯᠴᠡᠭᠡ ᠬᠢᠬᠦᠪᠠᠷ ᠬᠤᠶᠠᠷ ᠠ᠋ᠲᠡᠭᠡᠳ ᠵᠦᠪᠯᠡᠨ ᠲᠤᠭᠳᠠᠪᠠ᠃

