ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠢᠯᠡ ᠵᠠᠰᠠᠭ   -   ᠲᠥᠷᠥ᠎ᠶᠢᠨ ᠪᠣᠳᠣᠯᠭ᠎ᠠ᠎ᠶᠢᠨ ᠲᠠᠶ᠋ᠢᠯᠤᠮᠵᠢ
ᠦᠨᠳᠤᠰᠤᠲᠠᠨ᠎ᠤ ᠪᠦᠯᠬᠦᠮᠲᠡᠯ ᠪᠤᠯ ᠡᠯ᠎ᠡ ᠲᠦᠷᠦᠯ᠎ᠤᠨ ᠵᠢᠯ ᠦᠢ᠍ᠯᠡᠰ᠎ᠤᠨ ᠠᠮᠵᠢᠯᠲᠡ ᠤᠯᠬᠤ ᠵᠢᠨ ᠪᠠᠳᠤᠯᠠᠭ᠎ᠠ ᠶᠤᠮ
ᠨᠡᠶᠢᠲᠡᠯᠡᠭᠰᠡᠨ ᠴᠠᠭ᠄ 2021-06-25

ᠦᠨᠳᠤᠰᠤᠲᠠᠨ᠎ᠤ ᠪᠦᠯᠬᠦᠮᠲᠡᠯ ᠪᠤᠯ ᠡᠯ᠎ᠡ ᠲᠦᠷᠦᠯ᠎ᠤᠨ ᠵᠢᠯ ᠦᠢ᠍ᠯᠡᠰ᠎ᠤᠨ ᠠᠮᠵᠢᠯᠲᠡ ᠤᠯᠬᠤ ᠵᠢᠨ ᠪᠠᠳᠤᠯᠠᠭ᠎ᠠ ᠶᠤᠮ
      ᠴᠸᠨ ᠪᠤᠤ ᠽᠸ ᠲᠤᠭᠤᠷᠪᠢᠵᠤ᠂   ᠱᠠ᠊ · ᠮᠡᠷᠭᠡᠨ ᠤᠷᠴᠢᠭᠤᠯᠪᠠ

  ᠰᠤᠷᠤᠯᠴᠠᠯᠭ᠎ᠠ ᠪᠤᠯ ᠲᠠᠨᠢᠯᠲᠡ ᠵᠢᠨ ᠶᠠᠪᠤᠴᠨ ᠶᠤᠮ᠃ ᠮᠥᠨ ᠴᠤ᠌ ᠲᠠᠪᠰᠢᠯᠲᠡ ᠵᠢᠨ ᠶᠠᠪᠤᠴᠨ ᠶᠤᠮ᠃ 《ᠲᠤᠮᠲᠠᠳᠤ ᠵᠢᠨ ᠦᠨᠳᠤᠰᠤᠲᠠᠨ᠎ᠤ ᠬᠠᠮᠳᠤ ᠵᠢᠨ ᠴᠤᠭᠴᠨ ᠵᠢᠨ ᠤᠬᠠᠮᠰᠡᠷ᠎ᠢ ᠪᠠᠳᠣᠳᠬᠠᠬᠤ》 ᠰᠤᠷᠤᠯᠴᠠᠯᠭ᠎ᠠ᠎ᠪᠠᠷ ᠲᠠᠮᠵᠢᠨ᠂ ᠮᠢᠨᠤ ᠦᠵᠡᠯᠲᠡ ᠲᠠᠨᠢᠯᠲᠡ ᠤᠯᠠᠮ ᠬᠦᠨᠵᠡᠭᠡᠢ᠌ᠷᠡᠭᠰᠡᠨ ᠶᠤᠮ᠃
  ᠲᠨ ᠪᠢᠲᠡ ᠪᠤᠯ ᠤᠰᠤ ᠠᠭ᠋ᠠᠷ ᠮᠡᠳᠤ ᠮᠦᠩᠭᠡ ᠵᠢᠨ ᠬᠤᠯᠪᠤᠭ᠎ᠠ᠎ᠲᠠᠢ᠂ ᠡᠬᠦᠷᠢᠲᠡ ᠰᠠᠯᠵᠤ ᠪᠤᠯᠤᠰᠢ ᠦᠭᠡᠢ
ᠬᠠᠮᠳᠤ ᠵᠢᠨ ᠴᠤᠭᠴᠨ ᠶᠤᠮ᠃ ᠠᠲᠠᠯᠢᠬᠠᠨ ᠲᠡᠤᠭᠡᠨ ᠪᠠᠢ᠌ᠲᠠᠯ᠎ᠳᠤ   ᠪᠠᠢ᠌ᠭᠤᠯᠤᠭᠲᠠᠵᠤ᠂ ᠬᠠᠮᠳᠤ ᠵᠢᠨ ᠦᠷᠲᠡᠭ᠎ᠤᠨ ᠬᠦᠭᠡᠭᠡᠴᠡᠯᠳᠤᠯ᠎ᠲᠠᠢ ᠪᠠᠢ᠌ᠵᠤ᠂ ᠬᠠᠮᠳᠤ ᠵᠢᠨ ᠪᠤᠲᠠᠰ ᠰᠠᠭᠤᠷᠢ᠎ᠲᠠᠢ᠂ ᠬᠠᠮᠳᠤ ᠵᠢᠨ ᠨᠠᠷ᠎ᠠ ᠲᠦᠷᠦ᠎ᠪᠠᠨ ᠮᠠᠲᠠᠷᠠᠵᠤ᠂ ᠬᠠᠮᠳᠤ ᠵᠢᠨ ᠦᠵᠡᠯ ᠰᠠᠨᠠᠭ᠋ᠠᠨ᠎ᠤ ᠰᠠᠭᠤᠷᠢᠨ ᠲᠡᠭᠡᠷᠡᠬᠢ ᠲᠡᠤᠭᠡᠳᠤ ᠬᠠᠮᠳᠤ ᠵᠢᠨ ᠴᠤᠭᠴᠨ ᠶᠤᠮ᠂ ᠮᠥᠨ ᠴᠦ᠍ ᠤᠯᠤᠰ ᠲᠦᠷᠦ ᠵᠢᠨ ᠬᠠᠮᠳᠤ ᠵᠢᠨ ᠴᠤᠭᠴᠨ ᠶᠤᠮ᠃ ᠬᠤᠪᠢ ᠵᠠᠶᠠᠭ᠋ᠠᠨ᠎ᠤ ᠬᠠᠮᠳᠤ ᠵᠢᠨ ᠴᠤᠭᠴᠨ᠂ ᠪᠦᠲᠦᠭᠡᠨ ᠪᠠᠢ᠌ᠭᠤᠯᠤᠯᠲᠡ ᠵᠢᠨ ᠬᠠᠮᠳᠤ ᠵᠢᠨ ᠴᠤᠭᠴᠨ᠂ ᠠᠰᠢᠭ ᠲᠤᠰᠨ ᠵᠢᠨ ᠬᠠᠮᠳᠤ ᠵᠢᠨ ᠴᠤᠭᠴᠨ ᠪᠤᠯᠬᠤ ᠶᠤᠮ᠃
    ᠲᠤᠮᠲᠠᠳᠤ ᠵᠢᠨ ᠦᠨᠳᠤᠰᠤᠲᠠᠨ᠎ᠤ ᠬᠠᠮᠳᠤ ᠵᠢᠨ ᠴᠤᠭᠴᠨ ᠵᠢᠨ ᠤᠬᠠᠮᠰᠡᠷ ᠪᠤᠯ   ᠮᠠᠨ᠎ᠤ ᠤᠯᠤᠰ᠎ᠤᠨ ᠡᠯ᠎ᠡ ᠦᠨᠳᠤᠰᠤᠲᠠᠨ᠎ᠤ ᠠᠷᠠᠳ ᠲᠦᠮᠡᠨ᠎ᠨᠢ ᠲᠤᠮᠲᠠᠳᠤ ᠵᠢᠨ ᠦᠨᠳᠤᠰᠤᠲᠠᠨ᠎ᠤ ᠶᠡᠭᠡ ᠭᠡᠷ ᠪᠦᠯᠢ ᠵᠢᠨ ᠲᠤᠮᠲᠡ᠂ ᠲᠡᠤᠭᠡᠨ ᠬᠦᠭᠵᠢᠯᠲᠡ ᠵᠢᠨ ᠤᠷᠳᠤ ᠤᠲᠠᠭ᠋ᠠᠨ ᠶᠠᠪᠤᠴᠨ᠎ᠳᠤ ᠪᠦᠷᠢᠯᠳᠤᠨ ᠲᠤᠭᠲᠠᠭᠰᠠᠨ ᠶᠤᠮ᠂ ᠮᠠᠨ᠎ᠤ ᠤᠯᠤᠰ᠎ᠤᠨ ᠡᠯ᠎ᠡ ᠦᠨᠳᠤᠰᠤᠲᠠᠨ᠎ᠤ ᠠᠷᠠᠳ ᠲᠦᠮᠡᠨ᠎ᠨᠢ ᠲᠤᠮᠲᠠᠳᠤ ᠵᠢᠨ ᠦᠨᠳᠤᠰᠤᠲᠠᠨ ᠪᠠ ᠡᠯ᠎ᠡ ᠦᠨᠳᠤᠰᠤᠲᠠᠨ᠎ᠤ ᠠᠷᠠᠳ ᠲᠦᠮᠡᠨ᠎ᠤ ᠬᠠᠷᠢᠴᠠᠭ᠎ᠠ ᠵᠢ ᠮᠡᠲᠡᠷᠡᠬᠦ᠎ᠪᠠᠷ ᠢᠯᠡᠷᠡᠵᠤ ᠪᠠᠢ᠌ᠲᠠᠭ᠃ ᠪᠠᠰᠨ ᠡᠯ᠎ᠡ ᠦᠨᠳᠤᠰᠤᠲᠠᠨ᠎ᠤ ᠬᠤᠭᠤᠷᠤᠨᠳᠤᠬᠢ ᠬᠠᠷᠢᠴᠠᠭ᠎ᠠ ᠵᠢ ᠲᠠᠨᠢᠵᠤ ᠮᠡᠲᠡᠷᠡᠬᠦ᠎ᠪᠠᠷ ᠢᠯᠡᠷᠡᠵᠤ ᠪᠠᠢ᠌ᠲᠠᠭ᠃ ᠤᠯᠤᠰ ᠲᠦᠷᠦ ᠵᠢᠨ ᠲᠡᠯ᠎ᠡ᠎ᠪᠠᠷ ᠪᠦᠯᠬᠦᠮᠲᠡᠨ ᠨᠢᠭᠡᠳᠤᠯᠲᠡᠢ ᠪᠠᠢ᠌ᠬᠤ᠂ ᠰᠤᠶᠤᠯ᠎ᠤᠨ ᠲᠡᠯ᠎ᠡ᠎ᠪᠠᠷ ᠪᠦᠬᠦᠨ᠎ᠢ ᠠᠪᠴᠤ ᠪᠠᠢ᠌ᠲᠠᠭ᠎ᠢ ᠬᠠᠲᠠᠭ᠋ᠠᠯᠠᠨ᠂ ᠠᠵᠤ ᠠᠬᠤᠢ ᠵᠢᠨ ᠲᠡᠯ᠎ᠡ᠎ᠪᠠᠷ ᠬᠠᠷᠢᠯᠴᠠᠨ ᠲᠦᠰᠢᠯᠴᠡᠨ   ᠤᠷᠤᠰᠢᠵᠤ᠂ ᠬᠠᠢ᠌ᠷ᠎ᠡ ᠰᠡᠳᠬᠢᠯᠭᠡ ᠵᠢᠨ ᠲᠡᠯ᠎ᠡ᠎ᠪᠠᠷ ᠬᠠᠷᠢᠯᠴᠠᠨ ᠲᠤᠳᠤᠨᠤ ᠪᠠᠢ᠌ᠬᠤ ᠵᠢ ᠬᠡᠯᠡᠵᠤ ᠪᠤᠢ᠃ ᠲᠤᠮᠲᠠᠳᠤ ᠵᠢᠨ ᠦᠨᠳᠤᠰᠤᠲᠠᠨ᠎ᠤ ᠬᠠᠮᠳᠤ ᠵᠢᠨ ᠴᠤᠭᠴᠨ ᠵᠢᠨ ᠤᠬᠠᠮᠰᠡᠷ ᠪᠤᠯ ᠤᠯᠤᠰ ᠤᠷᠤᠨ᠎ᠤ ᠨᠢᠭᠡᠳᠤᠯ᠎ᠤᠨ ᠰᠠᠭᠤᠷᠢ᠎ᠨᠢ ᠶᠤᠮ᠃ ᠦᠨᠳᠤᠰᠤᠲᠠᠨ᠎ᠤ ᠪᠦᠯᠬᠦᠮᠲᠡᠯ᠎ᠤᠨ   ᠦᠨᠳᠤᠰᠤ ᠶᠤᠮ᠃ ᠵᠤᠷᠢᠭ ᠰᠠᠨᠠᠭ᠎ᠠ ᠬᠦᠴᠦᠨ ᠴᠢᠲᠡᠯ᠎ᠤᠨ ᠰᠦᠭ ᠰᠦᠨᠡᠰᠤ᠎ᠨᠢ ᠶᠤᠮ᠃ ᠮᠠᠨ᠎ᠤ ᠦᠢ᠍ᠯᠡᠰ᠎ᠤᠨ ᠢᠯᠡᠯᠲᠡ ᠤᠯᠬᠤ ᠵᠢᠨ ᠦᠨᠳᠤᠰᠤᠨ ᠪᠠᠳᠤᠯᠠᠭ᠎ᠠ ᠶᠤᠮ᠃
    ᠮᠠᠤ ᠽᠸ ᠳ᠋ᠦᠩ   ᠲᠡᠷᠢᠬᠦᠯᠡᠭᠴᠢ᠄ 《ᠤᠯᠤᠰ᠎ᠤᠨ ᠨᠢᠭᠡᠳᠤᠯ᠂ ᠠᠷᠠᠳ ᠲᠦᠮᠡᠨ᠎ᠤ ᠪᠦᠯᠬᠦᠮᠲᠡᠯ᠂ ᠤᠯᠤᠰ᠎ᠤᠨ ᠲᠤᠳᠤᠷᠠᠬᠢ ᠡᠯ᠎ᠡ ᠦᠨᠳᠤᠰᠤᠲᠠᠨ᠎ᠤ ᠠᠷᠠᠳ ᠲᠦᠮᠡᠨ᠎ᠤ ᠪᠦᠯᠬᠦᠮᠲᠡᠯ   ᠵᠡᠷᠭᠡ ᠪᠤᠯ ᠮᠠᠨ᠎ᠤ ᠠᠵᠢᠯ ᠦᠢ᠍ᠯᠡᠰ᠎ᠤᠨ ᠵᠠᠪᠠᠯ ᠢᠯᠡᠯᠲᠡ ᠤᠯᠬᠤ ᠵᠢᠨ ᠦᠨᠳᠤᠰᠤᠨ ᠪᠠᠳᠤᠯᠠᠭ᠎ᠠ ᠶᠤᠮ》 ᠭᠡᠵᠤ ᠵᠢᠭ᠋ᠠᠪᠤᠷᠢᠯᠠᠵᠤ ᠦᠩᠭᠡᠷᠡᠭᠰᠡᠨ ᠶᠤᠮ᠃ ᠶᠠᠭ ᠡᠢ᠌ᠮᠦᠷᠬᠦᠤ ᠤᠯᠤᠰ᠎ᠤᠨ ᠲᠤᠳᠤᠷᠠᠬᠢ ᠡᠯ᠎ᠡ ᠦᠨᠳᠤᠰᠤᠲᠠᠨ᠎ᠤ ᠠᠷᠠᠳ ᠲᠦᠮᠡᠨ᠎ᠤ ᠶᠡᠭᠡ ᠪᠦᠯᠬᠦᠮᠲᠡᠯ᠂ ᠶᠡᠭᠡ ᠨᠢᠭᠡᠳᠤᠯ᠂ ᠶᠡᠭᠡ ᠨᠢᠭᠲᠠᠷᠠᠯ ᠪᠠᠢ᠌ᠭᠰᠠᠨ᠎ᠠᠴᠠ᠂ ᠡᠯ᠎ᠡ ᠦᠨᠳᠤᠰᠤᠲᠠᠨ᠎ᠤ ᠤᠯᠠᠨ ᠲᠦᠮᠡᠨ᠎ᠨᠢ ᠲᠤᠮᠲᠠᠳᠤ ᠵᠢᠨ ᠦᠨᠳᠤᠰᠤᠲᠠᠨ᠎ᠤ ᠬᠠᠮᠳᠤ ᠵᠢᠨ ᠴᠤᠭᠴᠨ ᠵᠢᠨ ᠤᠬᠠᠮᠰᠡᠷ ᠎ᠤᠨ ᠲᠠᠨᠢᠯᠲᠡ᠎ᠲᠠᠢ ᠪᠠᠢ᠌ᠵᠤ᠂ ᠲᠤᠮᠲᠠᠳᠤ ᠤᠯᠤᠰ᠎ᠤᠨ ᠬᠤᠪᠢᠰᠬᠠᠯ᠎ᠤᠨ ᠦᠢ᠍ᠯᠡᠰ᠂ ᠲᠤᠮᠲᠠᠳᠤ ᠤᠯᠤᠰ᠎ᠤᠨ ᠦᠭᠡᠷᠡᠴᠢᠯᠠᠯᠲᠡ ᠨᠡᠭᠡᠭᠡᠯᠲᠡ᠂ ᠲᠤᠮᠳᠠᠳᠤ ᠤᠯᠤᠰ᠎ᠤᠨ ᠴᠢᠨᠡᠭᠡᠯᠢᠭ ᠨᠡᠢ᠌ᠭᠡᠮ᠎ᠢ ᠪᠠᠢ᠌ᠭᠤᠯᠬᠤ ᠵᠡᠷᠭᠡ᠎ᠨᠢ ᠰᠠᠶᠢ ᠦᠨᠦᠳᠤᠷ᠎ᠤᠨ ᠲᠡᠯᠡᠭᠡᠢ ᠳ᠋ᠡᠬᠢᠨ᠎ᠢ ᠲᠤᠩᠰᠤᠯᠭ᠋ᠠᠮ᠎ᠠ   ᠠᠭᠤᠤ ᠶᠡᠭᠡ ᠠᠮᠵᠢᠯᠲᠡ ᠵᠢ ᠲᠡᠮᠡᠴᠡᠨ ᠤᠯᠤᠭᠰᠠᠨ ᠶᠤᠮ᠃
    ᠲᠤᠮᠲᠠᠳᠤ ᠵᠢᠨ ᠦᠨᠳᠤᠰᠤᠲᠠᠨ᠎ᠤ ᠲᠤᠬᠠᠢ ᠲᠠᠨᠢᠯᠲᠠ   ᠪᠠ ᠲᠤᠮᠳᠠᠳᠤ ᠵᠢᠨ ᠦᠨᠳᠤᠰᠤᠲᠠᠨ᠎ᠤ ᠬᠠᠮᠳᠤ ᠵᠢᠨ ᠴᠤᠭᠴᠨ ᠵᠢᠨ ᠲᠠᠨᠢᠯᠲᠡ᠂   ᠭᠤᠤᠯ   ᠵᠠᠩᠬᠢᠯᠠᠭ᠎ᠠ᠎ᠨᠢ ᠪᠤᠯ ᠡᠯ᠎ᠡ ᠦᠨᠳᠤᠰᠤᠲᠠᠨ᠎ᠤ ᠠᠷᠠᠳ ᠲᠦᠮᠡᠨ᠎ᠤ ᠬᠠᠷᠢᠯᠴᠠᠨ ᠤᠢ᠌ᠯᠠᠭ᠋ᠠᠯᠴᠠᠨ᠂ ᠬᠠᠷᠢᠯᠴᠠᠨ   ᠬᠦᠨᠳᠤᠯᠠᠵᠤ᠂ ᠬᠠᠷᠢᠯᠴᠠᠨ   ᠪᠠᠭᠲᠠᠭ᠋ᠠᠨ᠂ ᠬᠠᠷᠢᠯᠴᠠᠨ   ᠰᠤᠷᠤᠯᠴᠠᠵᠤ᠂ ᠬᠠᠷᠢᠯᠴᠠᠨ   ᠪᠠᠬᠠᠷᠬᠠᠨ᠂ ᠬᠠᠷᠢᠯᠴᠠᠨ ᠪᠠᠬᠠᠷᠬᠠᠵᠤ᠂ ᠠᠨᠠᠷ᠎ᠤᠨ ᠦᠷ᠎ᠡ ᠮᠡᠳᠤ   ᠪᠦᠯᠬᠦᠮᠲᠡᠨ᠂ ᠬᠠᠮᠳᠤ᠎ᠪᠠᠷ ᠲᠡᠮᠡᠴᠡᠵᠤ᠂ ᠬᠠᠮᠳᠤ᠎ᠪᠠᠷ ᠪᠠᠲᠠᠷᠠᠨ ᠬᠦᠭᠵᠢᠭᠰᠡᠨ ᠶᠤᠮ᠃ ᠤᠷᠳᠤ ᠬᠤᠭᠤᠴᠠᠭ᠋ᠠᠨ᠎ᠤ ᠦᠢ᠍ᠯᠡᠳᠪᠤᠷᠢᠯᠠᠯ ᠠᠮᠢᠳᠤᠷᠠᠯ᠎ᠤᠨ ᠲᠤᠮᠲᠡ᠂ ᠠᠭᠤᠤ ᠶᠡᠭᠡ ᠡᠭᠡ ᠤᠯᠤᠰ ᠵᠶ᠋ᠡᠨ ᠪᠦᠲᠦᠭᠡᠨ ᠪᠠᠢ᠌ᠭᠤᠯᠬᠤ ᠶᠠᠪᠤᠴᠨ᠎ᠳᠤ᠂ ᠭᠠᠲᠠᠭ᠋ᠠᠳᠤ ᠵᠢᠨ ᠡᠵᠡᠷᠭᠡᠭ ᠲᠦᠷᠢᠮᠡᠭᠡᠢ᠌ᠯᠡᠭᠴᠢᠳ᠎ᠢ ᠬᠠᠮᠳᠤᠪᠡᠷ ᠡᠰᠡᠷᠬᠦᠴᠡᠵᠤ᠂ ᠡᠭᠡ ᠤᠯᠤᠰ᠎ᠤᠨ ᠡᠪ ᠨᠢᠭᠡᠳᠤᠯ᠎ᠢ ᠡᠪᠲᠡᠭᠰᠡᠨ ᠭᠠᠲᠠᠭ᠋ᠠᠳᠤ ᠬᠦᠴᠦᠨ ᠪᠦᠬᠦᠨ᠎ᠢ ᠬᠠᠮᠳᠤ᠎ᠪᠠᠷ ᠡᠰᠡᠷᠬᠦᠴᠡᠬᠦ ᠲᠡᠮᠡᠴᠡᠯ᠎ᠤᠨ ᠲᠤᠮᠲᠠ᠂ ᠡᠯ᠎ᠡ ᠦᠨᠳᠤᠰᠤᠲᠠᠨ᠎ᠤ ᠠᠬᠠᠨ ᠲᠡᠬᠦᠤᠰ᠎ᠨᠢ ᠨᠢᠭᠡ ᠭᠡᠷ᠎ᠤᠨ ᠬᠦᠮᠦᠨ ᠮᠡᠳᠤ ᠨᠢᠭᠲᠠᠷᠠᠨ ᠪᠦᠯᠬᠦᠮᠲᠡᠵᠤ᠂ ᠬᠡᠨ᠎ᠨᠢ ᠭᠡᠨ᠎ᠠᠴᠠ᠎ᠪᠠᠨ ᠰᠠᠯᠵᠤ ᠦᠯᠦ ᠪᠤᠯᠬᠤ ᠲᠤᠮᠳᠠᠳᠤ ᠵᠢᠨ ᠦᠨᠳᠤᠰᠤᠲᠠᠨ᠎ᠤ ᠬᠠᠮᠳᠤ ᠵᠢᠨ ᠴᠤᠭᠴᠨ ᠵᠢ ᠪᠤᠢ ᠪᠤᠯᠭ᠋ᠠᠭᠰᠠᠨ ᠶᠤᠮ᠃ ᠲᠤᠮᠲᠠᠳᠤ ᠵᠢᠨ ᠦᠨᠳᠤᠰᠤᠲᠠᠨ᠎ᠨᠢ ᠭᠠᠷ ᠭᠠᠷ ᠵᠶ᠋ᠡᠨ ᠬᠤᠯᠪᠤᠨ᠂ ᠬᠤᠪᠢ ᠵᠠᠶᠠᠭ᠎ᠠ᠎ᠪᠠᠨ ᠨᠢᠭᠡᠳᠬᠡᠨ᠂ ᠬᠠᠮᠳᠤᠪᠡᠷ ᠪᠦᠯᠬᠦᠮᠲᠡᠨ ᠲᠡᠮᠡᠴᠡᠵᠤ᠂ ᠲᠤᠮᠲᠠᠳᠤ ᠤᠯᠤᠰ᠎ᠤᠨ   ᠡᠪ ᠬᠠᠮᠳᠤ ᠨᠠᠮ᠎ᠤᠨ ᠤᠳᠤᠷᠢᠳᠤᠯᠭ᠎ᠠ ᠲᠤᠤᠷ᠎ᠠ᠂ ᠨᠢᠭᠡ ᠰᠡᠳᠬᠢᠯ ᠵᠶ᠋ᠡᠷ ᠨᠢᠭᠡᠳᠴᠤ᠂ ᠤᠷᠤᠭᠰᠢᠯᠠᠨ ᠲᠠᠪᠰᠢᠵᠤ᠂ ᠦᠭᠡᠷᠡᠴᠢᠯᠡᠯᠲᠡ ᠬᠦᠭᠵᠢᠯᠲᠡ ᠵᠢ ᠠᠬᠢᠭᠤᠯᠤᠨ᠂ ᠬᠤᠶᠠᠷ 《ᠨᠢᠭᠡ ᠵᠠᠭᠤᠨ ᠵᠢᠯ》᠎ᠤᠨ ᠲᠡᠮᠡᠴᠡᠬᠦ ᠬᠠᠷᠠᠯᠲᠡ ᠵᠢ ᠪᠠᠶᠡᠯᠡᠬᠦᠯᠬᠦ ᠵᠢᠨ ᠲᠦᠯᠦᠭᠡ᠂ ᠲᠤᠮᠲᠠᠳᠤ ᠵᠢᠨ ᠦᠨᠳᠤᠰᠤᠲᠠᠨ᠎ᠤ ᠰᠡᠷᠬᠦᠨ ᠮᠠᠨᠳᠤᠯᠲᠡ ᠵᠢᠨ ᠬᠦᠰᠡᠯ ᠵᠡᠬᠦᠳᠤ ᠵᠢ ᠲᠡᠷᠭᠡᠯᠰᠢᠬᠦᠯᠬᠦ ᠵᠢᠨ ᠲᠦᠯᠦᠭᠡ ᠬᠠᠮᠳᠤᠪᠡᠷ ᠲᠡᠮᠡᠴᠡᠬᠦ ᠭᠡᠷᠡᠭᠲᠡᠢ᠃
  ᠲᠤᠮᠲᠠᠳᠤ ᠵᠢᠨ ᠦᠨᠳᠤᠰᠤᠲᠠᠨ᠎ᠤ ᠬᠠᠮᠳᠤ ᠵᠢᠨ ᠴᠤᠭᠴᠨ ᠵᠢᠨ ᠤᠬᠠᠮᠰᠡᠷ ᠎ᠢ ᠴᠤᠭᠴᠠᠯᠠᠬᠤ᠎ᠳᠤ᠂ ᠶᠠᠭᠤᠨ᠎ᠤ ᠡᠮᠦᠨ᠎ᠡ ᠦᠨᠳᠤᠰᠤᠲᠠᠨ᠎ᠤ ᠪᠦᠯᠬᠦᠮᠲᠡᠯ᠎ᠤᠨ ᠠᠵᠢᠯ᠎ᠢ ᠰᠠᠢ᠌ᠳᠤᠷ ᠬᠢᠬᠦ   ᠭᠡᠷᠡᠭᠲᠡᠢ᠃ ᠡᠯ᠎ᠡ ᠦᠨᠳᠤᠰᠤᠲᠠᠨ᠎ᠤ ᠠᠷᠠᠳ ᠲᠦᠮᠡᠨ᠎ᠨᠢ   ᠰᠡᠳᠬᠢᠯ ᠵᠶ᠋ᠡᠨ ᠤᠯᠤᠯᠴᠠᠨ  ᠂ ᠰᠡᠳᠬᠢᠯ ᠵᠶ᠋ᠡᠨ   ᠮᠡᠲᠡᠯᠴᠠᠵᠤ᠂ ᠰᠡᠳᠬᠢᠯ ᠵᠶ᠋ᠡᠨ ᠰᠤᠯᠢᠯᠴᠠᠬᠤ ᠭᠡᠷᠡᠭᠲᠡᠢ᠃ ᠠᠬ᠎ᠠ ᠲᠡᠬᠦᠤᠰ ᠮᠡᠳᠤ᠎ᠪᠠᠷ ᠬᠠᠢ᠌ᠷᠠᠯᠠᠯᠴᠠᠨ᠂ ᠰᠡᠬᠢᠨ ᠪᠠᠷᠠᠯᠠᠵᠤ ᠬᠠᠷᠢᠯᠴᠠᠨ ᠬᠠᠪᠰᠤᠷᠤᠯᠴᠠᠨ᠂ ᠦᠨᠳᠤᠰᠤᠲᠠᠨ᠎ᠤ ᠪᠦᠯᠬᠦᠮᠲᠡᠯ ᠪᠠ ᠡᠭᠡ ᠤᠯᠤᠰ᠎ᠤᠨ ᠨᠢᠭᠡᠳᠤᠯ᠎ᠢ ᠬᠠᠮᠠᠭ᠋ᠠᠯᠠᠬᠤ ᠭᠡᠷᠡᠭᠲᠡᠢ᠃ ᠡᠭᠡ ᠤᠯᠤᠰ ᠵᠶ᠋ᠡᠨ ᠬᠠᠢ᠌ᠷᠠᠯᠠᠬᠤ ᠵᠦᠪ ᠦᠵᠡᠯᠲᠡ᠂ ᠦᠨᠳᠤᠰᠤᠲᠠᠨ ᠵᠶ᠋ᠡᠨ ᠬᠠᠢ᠌ᠷᠠᠯᠠᠬᠤ   ᠵᠦᠪ ᠦᠵᠡᠯᠲᠡ᠂ ᠰᠤᠶᠤᠯ᠎ᠤᠨ ᠲᠤᠬᠠᠢ ᠵᠦᠪ ᠦᠵᠡᠯᠲᠡ᠂ ᠲᠡᠤᠭᠡ ᠵᠢᠨ ᠲᠤᠬᠠᠢ ᠵᠦᠪ ᠦᠵᠡᠯᠲᠡ ᠵᠢ ᠪᠤᠢ ᠪᠤᠯᠭ᠋ᠠᠬᠤ ᠭᠡᠷᠡᠭᠲᠡᠢ᠃ ᠡᠯ᠎ᠡ ᠦᠨᠳᠤᠰᠤᠲᠠᠨ᠎ᠤ ᠤᠯᠠᠨ ᠲᠦᠮᠡᠨ᠎ᠢ ᠤᠳᠤᠷᠢᠳᠤᠨ ᠲᠠᠭ᠋ᠠᠭᠤᠯᠵᠤ᠂ ᠠᠭᠤᠤ ᠶᠡᠭᠡ ᠡᠭᠡ ᠤᠯᠤᠰ᠂ ᠲᠤᠮᠳᠠᠳᠤ ᠵᠢᠨ ᠦᠨᠳᠤᠰᠤᠲᠠᠨ᠂ ᠲᠤᠮᠲᠠᠳᠤ ᠵᠢᠨ ᠰᠤᠶᠤᠯ᠂ ᠲᠤᠮᠲᠠᠳᠤ ᠤᠯᠤᠰ᠎ᠤᠨ ᠡᠪ ᠬᠠᠮᠳᠤ ᠨᠠᠮ᠂ ᠲᠤᠮᠲᠠᠳᠤ ᠤᠯᠤᠰ᠎ᠤᠨ ᠤᠨᠴᠠᠯᠢᠭ ᠪᠦᠬᠦᠢ ᠨᠡᠢ᠌ᠭᠡᠮ ᠵᠢᠷᠤᠮ᠎ᠤᠨ ᠬᠠᠮᠳᠤ ᠵᠢᠨ ᠲᠠᠨᠢᠯᠲᠠ ᠵᠢ ᠪᠤᠢ ᠪᠤᠯᠭ᠋ᠠᠬᠤ ᠭᠡᠷᠡᠭᠲᠡᠢ᠃ ᠨᠢᠳᠤᠨ ᠴᠡᠴᠡᠭᠡᠢ᠎ᠪᠠᠨ ᠬᠠᠢ᠌ᠷᠠᠯᠠᠬᠤ ᠮᠡᠳᠤ᠎ᠪᠠᠷ ᠦᠨᠳᠤᠰᠤᠲᠠᠨ᠎ᠤ ᠪᠦᠯᠬᠦᠮᠲᠡᠯ᠎ᠢ ᠬᠠᠢ᠌ᠷᠠᠯᠠᠨ᠂ ᠠᠮᠢ ᠨᠠᠰᠤ᠎ᠪᠠᠨ ᠬᠠᠢ᠌ᠷᠠᠯᠠᠬᠤ ᠮᠡᠳᠤ᠎ᠪᠠᠷ ᠦᠨᠳᠤᠰᠤᠲᠠᠨ ᠪᠦᠯᠬᠦᠮᠲᠡᠯ᠎ᠢ ᠨᠠᠨᠳᠢᠩᠨᠠᠨ᠂ ᠠᠨᠠᠷ᠎ᠤᠨ ᠦᠷ᠎ᠡ   ᠮᠡᠳᠤ ᠨᠢᠭᠲᠠᠷᠠᠨ ᠪᠦᠯᠬᠦᠮᠲᠡᠬᠦ ᠭᠡᠷᠡᠭᠲᠡᠢ᠃
    ᠦᠪᠤᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠨᠢ ᠮᠠᠨ᠎ᠤ ᠤᠯᠤᠰ᠎ᠤᠨ ᠬᠠᠮᠤᠭ᠎ᠤᠨ ᠠᠩᠬ᠎ᠠ ᠪᠠᠢ᠌ᠭᠤᠯᠤᠭᠲᠠᠭᠰᠠᠨ ᠦᠪᠡᠷᠲᠡᠭᠡᠨ ᠵᠠᠰᠠᠬᠤ ᠤᠷᠤᠨ ᠶᠤᠮ᠃ ᠦᠨᠳᠤᠰᠤᠲᠠᠨ᠎ᠤ ᠪᠦᠯᠬᠦᠮᠲᠡᠯ᠎ᠤᠨ ᠦᠩᠭᠡ ᠭᠡᠷᠡᠯᠳᠤ ᠤᠯᠠᠮᠵᠢᠯᠠᠯ᠎ᠲᠠᠢ ᠶᠤᠮ᠃ ᠲᠤᠬᠠᠢ ᠵᠢᠨ ᠤᠨ ᠵᠢᠯ᠎ᠤᠳ᠎ᠲᠤ᠂ ᠦᠪᠤᠷ ᠮᠤᠩᠭᠤᠯ᠎ᠤᠨ ᠠᠷᠠᠳ ᠲᠦᠮᠡᠨ᠎ᠨᠢ ᠬᠠᠯᠠᠭᠤᠨ ᠡᠯᠢᠭᠡᠨ᠎ᠳᠤ᠎ᠪᠠᠨ 3000 ᠦᠨᠦᠴᠢᠨ ᠬᠡᠤᠭᠡᠳ᠎ᠢ ᠲᠠᠪᠡᠷᠢᠨ ᠠᠪᠴᠤ᠂ ᠲᠠᠲᠠᠨ᠎ᠢ ᠦᠰᠭᠡᠨ ᠲᠤᠷᠨᠢᠭᠤᠯᠵᠤ᠂ ᠬᠠᠮᠳᠤᠪᠡᠷ ᠵᠶ᠋ᠡᠷ ᠵᠶ᠋ᠡᠨ ᠡᠭᠡ ᠤᠯᠤᠰ᠎ᠤᠨ ᠤᠮᠠᠷᠠᠳᠤ ᠬᠢᠯᠢ᠎ᠢ ᠴᠤᠭᠴᠠᠯᠠᠨ ᠪᠠᠢ᠌ᠭᠤᠯᠤᠭᠰᠠᠨ ᠶᠤᠮ᠃ ᠲᠡᠭᠡᠷ᠎ᠡ ᠵᠠᠭᠤᠨ᠎ᠤ ᠵᠢᠷᠨ ᠲᠠᠯᠠᠭ᠋ᠠᠳ ᠤᠨ᠎ᠤ ᠦᠶ᠎ᠡ᠎ᠪᠠᠷ᠂   ᠲᠢᠶᠠᠨᠵᠢᠨ᠂ ᠪᠡᠬᠡᠵᠢᠩ᠂ ᠱᠠᠩᠬᠠᠢ ᠵᠢᠨ ᠰᠡᠭᠡᠭᠡᠲᠡᠳ᠎ᠨᠢ ᠦᠪᠤᠷ ᠮᠤᠩᠭᠤᠯ᠎ᠳᠤ ᠬᠦᠷᠦᠯᠴᠠᠨ ᠢᠷᠡᠭᠰᠡᠨ ᠶᠤᠮ᠃ ᠲᠠᠲᠠᠨ᠎ᠤ ᠵᠤᠩᠬᠢᠯᠠᠬᠤ ᠲᠤᠭ᠋ᠠᠨ᠎ᠤ ᠬᠦᠮᠦᠰ᠎ᠨᠢ ᠲᠡᠯ᠎ᠡ ᠨᠤᠳᠤᠭ᠎ᠲᠤ ᠨᠤᠳᠤᠭᠰᠢᠨ ᠠᠮᠢᠳᠤᠷᠠᠵᠤ᠂   ᠡᠷᠦᠭᠡ ᠭᠡᠷ ᠵᠶ᠋ᠡᠨ ᠪᠤᠰᠬᠠᠨ᠂ ᠦᠷ᠎ᠡ ᠬᠡᠤᠭᠡᠳ ᠵᠶ᠋ᠡᠨ ᠦᠰᠭᠡᠭᠰᠡᠨ ᠪᠢᠯᠨ᠃ ᠲᠡᠲᠡ ᠲᠤᠮᠲᠠᠳᠤ ᠵᠢᠨ ᠦᠨᠳᠤᠰᠤᠲᠠᠨ᠎ᠤ ᠨᠢᠭᠡᠨ ᠬᠡᠰᠢᠬᠦᠨ᠎ᠤ ᠬᠤᠪᠢ᠎ᠪᠠᠷ᠂ ᠲᠡᠯ᠎ᠡ ᠨᠤᠳᠤᠭ᠎ᠤᠨ ᠦᠬᠢᠳ ᠬᠦᠪᠡᠬᠦᠳ᠎ᠲᠠᠢ ᠬᠠᠮᠳᠤᠪᠡᠷ ᠬᠢᠯᠢ ᠬᠢᠵᠠᠭ᠋ᠠᠷ ᠤᠷᠤᠨ᠎ᠢ ᠴᠤᠭᠴᠠᠯᠠᠨ ᠪᠠᠢ᠌ᠭᠤᠯᠭᠰᠠᠨ ᠪᠢᠯᠨ᠃ ᠡᠨ᠋ᠨ ᠪᠤᠯ ᠲᠠᠷᠤᠢ ᠰᠠᠬᠢᠨ ᠪᠠᠷᠠᠯᠠᠬᠤ ᠬᠠᠷᠢᠯᠴᠠᠨ ᠬᠠᠪᠰᠤᠷᠤᠯᠴᠠᠵᠤ ᠪᠠᠢ᠌ᠭ᠎ᠠ ᠶᠠᠪᠤᠲᠠᠯ ᠶᠤᠮ᠃ ᠰᠡᠳᠬᠢᠯ ᠵᠢᠷᠤᠭᠡ᠎ᠪᠠᠨ ᠬᠤᠯᠪᠤᠵᠤ᠂ ᠨᠠᠮ ᠵᠶ᠋ᠡᠨ᠎ᠲᠠᠭᠠᠨ ᠵᠢᠳᠬᠦᠭᠰᠡᠨ ᠦᠨᠳᠤᠰᠤᠲᠠᠨ᠎ᠤ ᠪᠦᠯᠬᠦᠮᠲᠡᠯ᠎ᠤᠨ ᠦᠯᠢᠭᠡᠷ ᠵᠢᠱ᠌ᠢᠶ᠎ᠡ ᠪᠤᠯᠬᠤ ᠶᠤᠮ᠃ ᠪᠢᠲᠡ   ᠰᠢᠯᠢᠲᠡᠭ ᠤᠯᠠᠮᠵᠢᠯᠠᠯ ᠵᠶ᠋ᠡᠨ ᠦᠷᠬᠦᠯᠵᠢᠯᠠᠨ ᠪᠠᠲᠠᠷᠠᠭᠤᠯᠤᠨ ᠬᠦᠭᠵᠢᠬᠦᠯᠬᠦ ᠭᠡᠷᠡᠭᠲᠡᠢ᠃
    ᠪᠦᠬᠦ ᠠᠷᠠᠳ ᠲᠦᠮᠡᠨ ᠬᠠᠮᠳᠤ᠎ᠪᠠᠷ ᠲᠤᠮᠲᠠᠳᠤ ᠵᠢᠨ ᠦᠨᠳᠤᠰᠤᠲᠠᠨ᠎ᠤ ᠬᠠᠮᠳᠤ ᠵᠢᠨ ᠴᠤᠭᠴᠨ ᠵᠢᠨ ᠤᠬᠠᠮᠰᠡᠷ ᠎ᠢ ᠴᠤᠭᠴᠠᠯᠠᠬᠤ᠎ᠪᠠᠷ ᠭᠤᠤᠯ ᠱᠤᠭᠤᠮ ᠪᠤᠯᠭ᠋ᠠᠵᠤ᠂ ᠡᠯ᠎ᠡ ᠦᠨᠳᠤᠰᠤᠲᠠᠨ᠎ᠤ ᠠᠷᠠᠳ ᠲᠦᠮᠡᠨ᠎ᠨᠢ ᠬᠠᠮᠳᠤᠪᠡᠷ ᠪᠦᠯᠬᠦᠮᠲᠡᠨ ᠲᠡᠮᠡᠴᠡᠵᠤ᠂ ᠬᠢᠲᠡᠳ ᠦᠨᠳᠤᠰᠤᠲᠠᠨ᠎ᠨᠢ ᠴᠦᠭᠡᠨ ᠲᠤᠭ᠋ᠠᠳᠤ ᠦᠨᠳᠤᠰᠤᠲᠠᠨ᠎ᠠᠴᠠ ᠰᠠᠯᠵᠤ ᠪᠤᠯᠤᠰᠢ ᠦᠭᠡᠢ᠂ ᠴᠦᠭᠡᠨ ᠲᠤᠭ᠋ᠠᠳᠤ ᠦᠨᠳᠤᠰᠤᠲᠠᠨ᠎ᠨᠢ ᠬᠢᠲᠡᠳ ᠦᠨᠳᠤᠰᠤᠲᠠᠨ᠎ᠠᠴᠠ ᠰᠠᠯᠵᠤ ᠪᠤᠯᠤᠰᠢ ᠦᠭᠡᠢ᠂ ᠴᠦᠭᠡᠨ ᠲᠤᠭ᠋ᠠᠳᠤ ᠦᠨᠳᠤᠰᠤᠲᠠᠨ᠎ᠨᠢ ᠬᠤᠭᠤᠷᠤᠨᠳᠤ᠎ᠪᠠᠨ ᠪᠠᠰᠨ ᠰᠠᠯᠵᠤ ᠪᠤᠯᠤᠰᠢ ᠦᠭᠡᠢ ᠭᠡᠬᠦ ᠲᠤᠮᠳᠠᠳᠤ ᠵᠢᠨ ᠦᠨᠳᠤᠰᠤᠲᠠᠨ᠎ᠤ ᠬᠠᠮᠳᠤ ᠵᠢᠨ ᠴᠤᠭᠴᠨ ᠵᠢᠨ ᠤᠬᠠᠮᠰᠡᠷ᠎ᠢ ᠪᠠᠳᠤᠳᠬᠠᠨ᠂ ᠦᠨᠳᠤᠰᠤᠲᠠᠨ᠎ᠤ ᠪᠦᠯᠬᠦᠮᠲᠡᠯ᠎ᠤᠨ ᠠᠵᠢᠯ᠎ᠢ ᠤᠯᠠᠮ ᠠᠬᠢᠭᠤᠯᠰᠤᠭ᠋ᠠᠢ᠃
 

ᠢᠷᠡᠯᠲᠡ᠄ ᠦᠪᠤᠷ ᠮᠤᠡᠭᠭᠤᠯ᠎ᠤᠨ ᠤᠯᠤᠰ ᠲᠦᠷᠤ ᠵᠢᠨ ᠵᠦᠪᠯᠡᠯᠬᠡᠨ᠎ᠤ 《ᠡᠯᠢᠬᠡ ᠨᠢᠬᠡᠳᠡᠨ》 ᠰᠡᠳᠬᠦᠯ
          
ᠬᠠᠮᠢᠶ᠎ᠡ ᠪᠦᠬᠦᠢ ᠰᠣᠨᠢᠨ
ᠨᠠᠮ᠎ᠤᠨ ᠲᠡᠤᠬᠡ᠎ᠠᠴᠠ ᠤᠶᠤᠨ ᠤᠬᠠᠭ᠋ᠠᠨ ᠰᠢᠡᠭᠭᠡᠬᠡᠵᠤ᠂ ᠰᠢᠨ᠎ᠡ ᠴᠠᠭ ᠦᠶ᠎ᠡ ᠎ᠤᠨ ᠠᠷᠠᠳ᠎ᠤᠨ ᠶᠠᠪᠤᠳᠠᠯ᠎ᠤᠨ ᠦᠢ᠍ᠯᠡᠰ᠎ᠤᠨ ᠬᠥᠭᠵᠢᠯᠲᠡ ᠵᠢᠨ ᠰᠢᠨ᠎ᠡ ᠬᠠᠭᠤᠳᠠᠰᠤ ᠵᠢ ᠪᠢᠴᠢᠭᠯᠡᠶ᠎ᠡ
(ᠨᠢᠬᠡ) ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠪᠠᠢ᠌ᠭᠤᠯᠤᠮᠵᠢ ᠬᠡᠯᠪᠡᠷᠢ᠎ᠪᠠᠨ ᠬᠤᠪᠢᠷᠠᠭᠤᠯᠤᠨ ᠲᠡᠰ ᠲᠡᠪᠰᠢᠬᠦ ᠵᠢ ᠬᠡᠷᠬᠢᠨ ᠪᠡᠶᠡᠯᠡᠬᠦᠯᠬᠦ ᠪᠤᠢ
(ᠬᠤᠶᠠᠷ) ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠪᠠᠢ᠌ᠭᠤᠯᠤᠮᠵᠢ ᠬᠡᠯᠪᠡᠷᠢ᠎ᠪᠠᠨ ᠬᠤᠪᠢᠷᠠᠭᠤᠯᠤᠨ ᠲᠡᠰ ᠲᠡᠪᠰᠢᠬᠦ ᠵᠢ ᠬᠡᠷᠬᠢᠨ ᠪᠡᠶᠡᠯᠡᠬᠦᠯᠬᠦ ᠪᠤᠢ
(ᠭᠤᠷᠪᠠ) ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠪᠠᠢ᠌ᠭᠤᠯᠤᠮᠵᠢ ᠬᠡᠯᠪᠡᠷᠢ᠎ᠪᠠᠨ ᠬᠤᠪᠢᠷᠠᠭᠤᠯᠤᠨ ᠲᠡᠰ ᠲᠡᠪᠰᠢᠬᠦ ᠵᠢ ᠬᠡᠷᠬᠢᠨ ᠪᠡᠶᠡᠯᠡᠬᠦᠯᠬᠦ ᠪᠤᠢ
(ᠲᠦᠷᠪᠡ) ᠨᠠᠰᠤᠨ᠎ᠳᠤ ᠦᠯᠤ ᠬᠦᠷᠦᠭᠰᠡᠳ᠎ᠢ ᠲᠤᠰᠠᠯᠠᠨ ᠬᠠᠮᠠᠭ᠋ᠠᠯᠠᠬᠤ ᠪᠠᠢ᠌ᠭᠤᠯᠤᠮᠵᠢ ᠬᠡᠯᠪᠡᠷᠢ᠎ᠪᠠᠨ ᠬᠤᠪᠢᠷᠠᠭᠤᠯᠤᠨ ᠲᠡᠰ ᠲᠡᠪᠰᠢᠬᠦ ᠵᠢ ᠬᠡᠷᠬᠢᠨ ᠪᠡᠶᠡᠯᠡᠬᠦᠯᠬᠦ ᠪᠤᠢ
 
            