ᠵᠢᠶᠠᠩᠨᠠᠨ ᠤᠷᠤᠨ᠎ᠤ ᠡᠪᠦᠯ᠎ᠤᠨ ᠦᠵᠡᠮᠵᠢ
ᠢᠦᠢ ᠳ᠋ᠠ ᠹᠦ᠋ ᠵᠤᠬᠢᠶᠠᠪᠠ
ᠡᠷᠳᠡᠨᠢᠬᠠᠳᠠ ᠣᠷᠴᠢᠭᠤᠯᠪᠠ
ᠤᠮᠠᠷᠠᠳᠤ ᠤᠷᠤᠨ᠎ᠳᠤ ᠡᠪᠦᠯᠵᠢᠵᠦ ᠦᠩᠭᠡᠷᠡᠭᠰᠡᠨ ᠬᠦᠮᠦᠰ ᠪᠦᠷ ᠴᠦ᠍ ᠵᠤᠤᠬ᠎ᠠ ᠳᠤᠭᠤᠷᠢᠨ ᠴᠠᠢ ᠤᠤᠭᠤᠵᠤ᠂ ᠬᠤᠨᠢᠨ ᠮᠢᠬ᠎ᠠ ᠬᠦᠰᠭᠦᠯᠡᠨ᠂ ᠯᠤᠬᠠᠱᠸᠩ ᠢᠳᠡᠵᠦ᠂ ᠳᠤᠭᠰᠢᠨ ᠬᠠᠷ᠎ᠠ ᠪᠠᠯᠭᠤᠭᠰᠠᠨ ᠳᠤᠷᠠᠰᠤᠮᠵᠢ᠎ᠲᠠᠢ ᠶᠤᠮ᠃ ᠭᠠᠵᠠᠷ᠎ᠤᠨ ᠵᠤᠤᠬ᠎ᠠ᠂ ᠬᠠᠯᠠᠭᠤᠨ ᠬᠠᠨᠵᠦ᠎ᠲᠠᠢ ᠭᠡᠷ ᠪᠦᠯᠢ ᠪᠤᠯ ᠦᠷᠦᠭᠡᠨ᠎ᠤ ᠭᠠᠳᠠᠨ᠎ᠠ ᠭᠡᠳᠦᠨ ᠲᠤᠬᠤᠢ ᠴᠠᠰᠦ ᠤᠷᠤᠵᠤ᠂ ᠠᠶᠤᠩᠭ᠎ᠠ ᠴᠠᠬᠢᠯᠭ᠋ᠠᠨ ᠬᠡᠮᠡᠷ ᠳᠤᠭᠰᠢᠨ ᠰᠢᠭᠤᠷᠭ᠎ᠠ ᠰᠢᠭᠤᠷᠠᠵᠤ ᠪᠠᠢ᠌ᠬᠤ ᠵᠢ ᠪᠦᠷ ᠳᠤᠭᠤᠬᠤ ᠦᠬᠡᠢ᠂ ᠢᠴᠡᠭᠡᠯᠡᠭᠰᠡᠨ ᠭᠡᠮᠡᠷ ᠦᠷᠦᠭᠡᠨ ᠳᠤ᠎ᠪᠠᠨ ᠬᠤᠶᠠᠷ ᠭᠤᠷᠪᠠᠨ ᠰᠠᠷ᠎ᠠ ᠬᠤᠷᠭᠤᠳᠠᠬᠤ᠎ᠨᠢ ᠬᠠᠷᠢᠨ ᠪᠦᠷ ᠬᠠᠪᠤᠳᠠᠢ᠃ ᠨᠠᠰᠤᠳᠠᠢ᠌ᠴᠤᠳ᠎ᠢ ᠪᠠᠢ᠌ᠴᠢᠬ᠎ᠠ᠂ ᠢᠰᠢᠭᠡ ᠬᠡᠮᠡᠷ ᠳᠤᠭᠯᠠᠵᠤ ᠨᠠᠭ᠋ᠠᠳᠬᠤ ᠳᠤᠷᠠᠳᠠᠢ ᠵᠢᠭ᠋ᠠᠯ ᠬᠡᠦᠬᠡᠳ ᠴᠦ᠍ ᠡᠪᠦᠯ ᠴᠠᠭ ᠵᠶ᠋ᠡᠨ ᠳᠤᠷᠠᠰᠤᠨ ᠦᠬᠡᠢ᠌ᠯᠡᠳᠡᠭ᠃ ᠣᠴᠢᠷ᠎ᠨᠢ ᠡᠨᠡ ᠳᠤᠮᠳᠠ ᠠᠯᠢᠮ᠎ᠠ ᠵᠢᠮᠢᠰ ᠪᠠᠭ᠎ᠠ ᠰᠠᠭ᠎ᠠ ᠤᠯᠵᠤ ᠠᠮᠳᠠᠯᠠᠬᠤ ᠪᠦᠭᠡᠳ ᠪᠢᠲᠡᠭᠦᠨ᠂ ᠰᠠᠷ᠎ᠠ ᠰᠢᠨ᠎ᠡ ᠭᠡᠬᠦ ᠨᠢᠵᠢᠭᠢᠷ ᠡᠳᠦᠷ᠎ᠤᠳ ᠪᠠᠢ᠌ᠳᠠᠭ ᠶᠤᠮᠰᠠᠨ᠃
ᠭᠡᠳᠡᠯ᠎ᠡ ᠵᠢᠶᠠᠩᠨᠠᠨ ᠭᠠᠵᠠᠷ ᠪᠤᠯ ᠤᠨᠳᠤᠤ ᠪᠠᠢ᠌ᠳᠠᠭ ᠶᠤᠮ᠃ ᠶᠢᠰᠦ ᠤᠷᠤᠴᠢᠬᠠᠭᠰᠠᠨ ᠪᠠᠢ᠌ᠳᠠᠯ᠎ᠠ ᠮᠤᠳᠤᠨ᠎ᠤ ᠨᠠᠪᠴᠢ ᠨᠡᠯᠦᠳᠤᠪᠠᠨ ᠬᠦᠬᠡ᠃ ᠠᠷᠦ ᠭᠠᠵᠠᠷ᠎ᠤᠨ ᠬᠦᠢ᠍ᠳᠡᠨ ᠰᠠᠯᠬᠢ ᠬᠠᠶᠠ ᠨᠢᠬᠡ ᠢᠷᠡᠳᠡᠭ ᠠᠪᠠᠴᠤ᠂ ᠨᠢᠬᠡ ᠬᠤᠶᠠᠷ ᠡᠳᠦᠷ᠎ᠤᠨ ᠯᠠ ᠤᠴᠢᠷ᠃ ᠵᠢᠪᠠᠷ ᠲᠤᠨᠵᠤ᠂ ᠡᠭᠦᠯᠡ ᠠᠷᠢᠯᠤᠭ᠋ᠠᠳ᠂ ᠵᠡᠬᠡᠯᠢ ᠳᠦᠭᠦᠷᠡᠩ ᠨᠠᠪᠴᠢ ᠪᠦᠷᠬᠦᠬᠦ ᠦᠶᠡᠰ᠂ ᠪᠤᠷᠤ ᠬᠡᠦᠬᠡᠨ᠎ᠤ ᠬᠠᠴᠠᠷ ᠲᠤ᠎ᠪᠠᠨ ᠳᠦᠷᠭᠢᠭᠰᠡᠨ ᠤᠸᠠ ᠮᠡᠳᠦ ᠦᠷᠯᠦᠭᠡ ᠵᠢᠨ ᠬᠢᠷᠠᠭᠤ᠎ᠨᠢ ᠮᠠᠨᠳᠤᠬᠤ ᠨᠠᠷᠠᠨ ᠪᠠ ᠰᠢᠪᠠᠭᠤᠳ᠎ᠤᠨ ᠡᠭᠡᠰᠢᠭᠯᠡᠭᠡᠨᠢ ᠳᠠᠭ᠋ᠠᠵᠤ᠂ ᠭᠠᠵᠠᠷ ᠳᠦᠭᠦᠷᠡᠩ ᠴᠢᠬᠢᠭ᠎ᠤᠨ ᠦᠨᠦᠷ ᠰᠡᠩᠬᠢᠨᠡᠭᠦᠯᠳᠡᠭ᠃ ᠭᠦᠭᠰᠢᠳ ᠨᠢᠯᠬᠠᠰ ᠡᠨᠡ ᠦᠶᠡᠰ ᠦᠷᠦᠭᠡᠨᠠᠴᠠᠪᠠᠨ ᠪᠤᠯᠳᠠᠢ᠌ᠵᠦ᠂ ᠴᠤᠩᠬᠤ ᠳᠤᠰᠢᠶᠠ ᠨᠢᠷᠤᠭᠤ᠎ᠪᠠᠨ ᠨᠠᠷᠠᠨ᠎ᠳᠤ ᠡᠬᠡᠬᠡᠵᠦ᠂ ᠦᠷᠦᠭᠡᠨ᠎ᠤ ᠭᠠᠳᠠᠨᠠᠬᠢ ᠬᠠᠪᠤ ᠴᠡᠩᠭᠡᠯ᠎ᠢ ᠡᠳ᠋ᠯᠡᠳᠡᠭ᠃ ᠵᠢᠶᠠᠩᠨᠠᠨ ᠤᠷᠤᠨ᠎ᠤ ᠡᠪᠦᠯ᠎ᠤᠨ ᠡᠨᠡ ᠬᠦ᠌ ᠦᠵᠡᠮᠵᠢ ᠰᠠᠢ᠌ᠬᠠᠨ ᠪᠢᠰᠢ ᠤᠤ?
ᠵᠢᠶᠠᠩᠨᠠᠨ ᠤᠷᠤᠨ᠎ᠳᠤ ᠳᠦᠷᠦᠵᠦ ᠦᠰᠦᠭᠰᠡᠨ ᠨᠠᠳᠠ᠎ᠳᠤ᠂ ᠬᠡᠦᠬᠡᠳ ᠦᠶ᠎ᠡ ᠵᠢᠨ ᠵᠢᠶᠠᠩᠨᠠᠨ ᠭᠠᠵᠠᠷ᠎ᠤᠨ ᠡᠪᠦᠯ᠎ᠤᠨ ᠰᠠᠭᠤᠭᠳᠠᠯ ᠶᠡᠬᠡ ᠭᠦᠨ ᠪᠠᠢ᠌ᠵᠦ᠂ ᠬᠡᠳᠦᠢ᠌ᠪᠡᠷ ᠠᠯᠭᠤᠷ ᠵᠶ᠋ᠡᠷ ᠢᠳᠡᠷ ᠨᠠᠰᠤᠨ᠎ᠳᠤ ᠤᠷᠤᠵᠤ᠂ ᠪᠢᠴᠢᠭ ᠤᠩᠰᠢᠵᠦ ᠨᠤᠮ ᠪᠢᠴᠢᠳᠡᠭ ᠬᠦᠮᠦᠨ᠎ᠤ ᠬᠡᠪ ᠨᠠᠮᠪᠠ ᠵᠤᠵᠠᠭ᠋ᠠᠷᠠᠨ᠂ ᠬᠦᠨ ᠨᠠᠮᠤᠷ᠎ᠤᠨ ᠦᠳᠭᠡᠨ ᠰᠢᠷᠭ᠋ᠠᠯ ᠦᠩᠭᠡᠨ᠎ᠳᠤ ᠬᠠᠢ᠌ᠷᠠᠳᠠᠢ ᠪᠤᠯᠤᠭᠰᠠᠨ ᠠᠪᠠᠴᠤ᠂ ᠵᠢᠶᠠᠩᠨᠠᠨ ᠭᠠᠵᠠᠷ᠎ᠤᠨ ᠡᠪᠦᠯ᠎ᠤᠨ ᠦᠩᠬᠡ ᠭᠡᠵᠦ ᠤᠮᠠᠷᠠᠳᠤ ᠤᠷᠤᠨ᠎ᠤ ᠵᠤᠨ᠎ᠤ ᠰᠦᠨᠢ ᠠᠴᠠ ᠳᠤᠯᠢᠳᠠᠮᠷ ᠦᠬᠡᠢ ᠷᠤᠮᠠᠨᠲ᠋ᠢᠭ ᠭᠡᠢ᠌ᠪᠦᠷ ᠰᠠᠨᠠᠭᠳᠠᠭ᠋ᠠᠳ ᠪᠠᠢ᠌ᠬᠤ ᠪᠤᠯᠤᠯ᠎ᠠ᠃
ᠪᠢ ᠪᠠᠰᠠ ᠹᠦᠵᠢᠶᠠᠨ᠂ ᠭᠤᠸᠠᠩᠳᠦ᠋ᠩ ᠵᠡᠷᠭᠡ ᠭᠠᠵᠠᠷ ᠬᠦᠷᠴᠦ ᠦᠩᠭᠡᠷᠡᠭᠰᠡᠨ᠃ ᠳᠡᠨᠳᠡᠬᠢ ᠵᠢᠨ ᠡᠪᠦᠯ ᠭᠡᠵᠦ ᠮᠠᠰᠢ ᠠᠴᠠ ᠮᠠᠰᠢ ᠳᠤᠯᠠᠭ᠋ᠠᠨ᠃ ᠪᠢᠯᠢᠭ᠎ᠤᠨ ᠤᠯᠠᠷᠢᠯ᠎ᠤᠨ ᠰᠠᠷ᠎ᠠ ᠰᠢᠨ᠎ᠡ ᠪᠤᠯᠤᠮᠠᠷ ᠪᠤᠯᠴᠢᠬᠠᠭᠰᠠᠨ ᠪᠠᠢ᠌ᠳᠠᠯ᠎ᠠ ᠨᠢᠮᠬᠡᠨ ᠱᠠ ᠡᠮᠦᠰᠴᠢᠭᠡᠭᠰᠡᠨ ᠬᠦᠮᠦᠰ ᠪᠠᠢ᠌ᠭ᠋ᠠᠳ ᠪᠠᠢ᠌ᠳᠠᠭ᠃ ᠭᠦᠳᠡᠭᠡ ᠭᠠᠳᠠᠭ᠎ᠠ ᠵᠠᠮᠪᠠᠭ᠎ᠠ ᠬᠤᠷᠤᠭ᠎ᠠ ᠳᠠᠭ᠋ᠠᠭ᠋ᠠᠳ ᠪᠠᠰᠠ ᠨᠠᠮᠤᠷ ᠴᠠᠭ᠎ᠤᠨ ᠴᠡᠴᠡᠭ ᠭᠤᠷᠤᠯᠵᠠᠴᠢᠬᠠᠭᠰᠠᠨ ᠬᠠᠷᠠᠭᠳᠠᠳᠠᠭ᠃ ᠠᠶᠤᠩᠭ᠎ᠠ ᠨᠢᠵᠢᠬᠢᠨᠡᠵᠦ᠂ ᠳᠤᠭᠰᠢᠨ ᠪᠤᠷᠤᠭ᠋ᠠᠨ ᠤᠷᠤᠭᠰᠠᠨ᠎ᠤ ᠳᠠᠷᠠᠭ᠎ᠠ ᠵᠢᠭ᠋ᠠᠬᠠᠨ ᠬᠦᠢ᠍ᠳᠡᠨ ᠪᠤᠯᠵᠤ ᠠᠪᠳᠠᠭ ᠠᠪᠠᠴᠤ ᠬᠦᠮᠦᠰ ᠵᠦᠪᠬᠡᠨ ᠨᠢᠬᠡ ᠵᠠᠬ᠎ᠠ ᠭᠠᠳᠠᠷ ᠳᠡᠪᠡᠯ ᠳᠠᠪᠬᠤᠷᠯᠠᠵᠤ ᠡᠮᠦᠰᠬᠦ ᠯᠠ ᠳᠡᠳᠦᠢ᠃ ᠹᠦᠵᠢᠶᠠᠨ᠂ ᠭᠤᠸᠠᠩᠳᠦ᠋ᠩ ᠵᠡᠷᠭᠡ ᠭᠠᠵᠠᠷ ᠠᠷᠠᠰᠤᠨ ᠳᠡᠪᠡᠯ ᠬᠦᠪᠦᠩ ᠤᠯᠤᠩᠳᠠᠢ ᠡᠮᠦᠰᠬᠦ ᠤᠴᠢᠷ ᠭᠡᠵᠦ ᠶᠡᠷᠦ ᠪᠠᠢ᠌ᠬᠤ ᠦᠬᠡᠢ᠃ ᠡᠢ᠌ᠮᠦᠷᠬᠦᠦ ᠮᠠᠰᠢ ᠡᠮᠦᠨᠡᠳᠦ ᠵᠢᠨ ᠠᠭᠤᠷ ᠠᠮᠢᠰᠬᠤᠯ ᠭᠡᠵᠦ ᠮᠢᠨᠦ ᠭᠡᠯᠡᠵᠦ ᠪᠠᠢ᠌ᠬᠤ ᠵᠢᠶᠠᠩᠨᠠᠨ ᠤᠷᠤᠨ᠎ᠤ ᠡᠪᠦᠯ᠎ᠤᠨ ᠪᠠᠢ᠌ᠳᠠᠯ ᠪᠢᠰᠢ᠂ ᠵᠦᠪᠬᠡᠨ ᠡᠮᠦᠨ᠎ᠡ ᠤᠷᠤᠨ᠎ᠤ ᠤᠷᠳᠤ ᠬᠠᠪᠤᠷ ᠳᠡᠳᠦᠢ᠂ ᠡᠰᠡᠭᠦᠯ᠎ᠡ ᠬᠠᠪᠤᠷ ᠪᠤᠶᠤ ᠨᠠᠮᠤᠷ᠎ᠤᠨ ᠦᠷᠬᠦᠯᠵᠢᠯᠡᠯ᠃
ᠵᠢᠶᠠᠩᠨᠠᠨ ᠭᠠᠵᠠᠷ᠎ᠤᠨ ᠬᠦᠷᠦᠰᠦ ᠰᠢᠷᠤᠢ ᠦᠶᠦᠭ ᠪᠠᠶᠠᠨ ᠪᠦᠭᠡᠳ ᠵᠦᠬᠡᠯᠡᠨ ᠴᠢᠭᠢᠭᠯᠡᠭ ᠪᠠᠢ᠌ᠳᠠᠭ ᠤᠴᠢᠷ᠎ᠠᠴᠠ ᠳᠤᠯᠠᠭ᠋ᠠᠨ ᠠᠭ᠋ᠠᠷ᠎ᠢ ᠬᠠᠳᠠᠭ᠋ᠠᠯᠠᠵᠤ᠂ ᠤᠷᠭᠤᠮᠠᠯ ᠪᠤᠳᠠᠰ᠎ᠢ ᠢᠳᠡᠰᠢᠭᠦᠯᠵᠤ ᠪᠠᠢ᠌ᠳᠠᠭ᠃ ᠡᠢ᠌ᠮᠦ᠎ᠠᠴᠠ ᠬᠤᠯᠤᠰᠤᠨ᠎ᠤ ᠤᠩᠭ᠋ᠠᠷᠢᠯ ᠶᠢᠰᠦ ᠤᠷᠤᠳᠠᠯ᠎ᠠ ᠬᠦᠬᠡ᠎ᠪᠠᠷ ᠵᠶ᠋ᠡᠨ ᠪᠠᠢ᠌ᠵᠤ᠂ ᠮᠤᠮᠢᠵᠢ ᠭᠤᠷᠪᠠᠨ ᠰᠠᠷ᠎ᠠ᠎ᠠᠴᠠ ᠳᠡᠭᠡᠭᠰᠢ ᠤᠯᠠᠭ᠋ᠠᠨ ᠵᠶ᠋ᠡᠷ ᠵᠶ᠋ᠡᠨ ᠪᠠᠢ᠌ᠳᠠᠭ᠃ ᠴᠢᠶᠠᠨ ᠳᠠᠩ ᠵᠢᠶᠠᠩ ᠮᠦᠷᠡᠨ᠎ᠤ ᠬᠤᠶᠠᠷ ᠡᠷᠭᠢ ᠳᠤ᠎ᠬᠢ ᠪᠠᠭᠳᠠᠷ ᠴᠠᠢ ᠵᠢᠨ ᠮᠤᠳᠤᠨᠤᠭᠤᠳ ᠨᠠᠪᠴᠢ᠎ᠨᠢ ᠵᠤᠯᠭ᠋ᠠᠷᠠᠭᠰᠠᠨ ᠪᠠᠢ᠌ᠳᠠᠯ᠎ᠠ ᠴᠠᠭ᠋ᠠᠨ ᠴᠦᠮᠦᠭᠡ᠎ᠨᠢ ᠮᠤᠳᠤᠨ ᠨᠠᠮᠠᠭ᠋ᠠᠨ ᠳᠤ᠎ᠪᠠᠨ ᠨᠠᠭ᠋ᠠᠯᠳᠤᠵᠤ᠂ ᠨᠠᠷᠠᠨ᠎ᠳᠤ ᠭᠢᠯᠳᠠᠭ᠋ᠠᠨᠠᠬᠤᠨᠢ ᠳᠡᠷᠢᠭᠦᠯᠡᠭᠴᠢ ᠴᠡᠴᠡᠭ᠎ᠤᠨ ᠪᠠᠭ ᠮᠡᠳᠦ ᠭᠤᠴᠤ ᠬᠠᠷᠠᠭᠳᠠᠳᠠᠭ᠃ ᠡᠪᠡᠰᠦᠨ᠎ᠤ ᠦᠩᠬᠡ ᠵᠢᠭ᠋ᠠᠬᠠᠨ ᠰᠢᠷᠭ᠋ᠠᠯᠳᠤᠭᠰᠠᠨ ᠠᠪᠠᠴᠤ᠂ ᠭᠠᠵᠠᠷ᠎ᠤᠨ ᠤᠭ ᠵᠶ᠋ᠡᠷ ᠨᠡᠯᠦᠳᠤᠪᠠᠨ ᠨᠤᠭᠤᠭ᠋ᠠᠨ ᠪᠠᠢ᠌ᠵᠤ᠂ ᠭᠡᠭᠡᠷ᠎ᠡ ᠵᠢᠨ ᠭᠠᠯᠳᠤ ᠰᠢᠳᠠᠭᠳᠠᠵᠤ ᠳᠠᠭᠤᠰᠬᠤ ᠦᠬᠡᠢ ᠮᠦᠷᠳᠡᠭᠡᠨ ᠭᠦᠢ᠍ᠳᠡᠨ ᠰᠠᠯᠬᠢᠨ᠎ᠳᠤ ᠴᠦ᠍ ᠬᠡᠢ᠌ᠰᠴᠦ ᠤᠨᠠᠬᠤ ᠦᠬᠡᠢ ᠪᠠᠢ᠌ᠳᠠᠭ ᠪᠢᠯᠠ᠃ ᠭᠡᠷᠪᠡ ᠰᠠᠯᠬᠢᠨ ᠡᠶᠡᠪᠡᠷᠭᠦᠦ᠂ ᠨᠠᠷᠠᠨ ᠳᠤᠩᠭ᠋ᠠᠯᠠᠭ ᠰᠠᠢ᠌ᠬᠠᠨ ᠡᠳᠦᠷ ᠳᠤᠬᠢᠶᠠᠯᠳᠤᠵᠤ᠂ ᠭᠠᠭᠴᠠᠭ᠋ᠠᠷ ᠳᠡᠭᠦᠷᠬᠡ ᠵᠢᠨ ᠭᠠᠳᠠᠨ᠎ᠠ ᠬᠡᠰᠦᠭᠦᠴᠢᠯᠡᠨ ᠵᠤᠭ᠋ᠠᠯᠠᠬᠤᠯᠠᠷ᠂ ᠴᠡᠯᠮᠡᠭ ᠳᠡᠭᠷᠢ᠂ ᠪᠢᠳᠤᠷᠶᠠᠨ ᠤᠭᠳᠠᠷᠭᠤᠢ ᠵᠢᠨ ᠳᠤᠤᠷ᠎ᠠ ᠡᠪᠦᠯ ᠴᠠᠭ᠎ᠤᠨ ᠭᠦᠢ᠍ᠳᠡᠨ ᠵᠢᠭᠡᠬᠦᠨ ᠤᠭᠳᠤ ᠰᠠᠨᠠᠭᠳᠠᠬᠤ ᠦᠬᠡᠢ᠂ ᠬᠠᠷᠢᠨ ᠡᠬᠡ ᠪᠠᠢ᠌ᠭ᠋ᠠᠯᠢ ᠳᠤ᠎ᠪᠠᠨ ᠵᠢᠷᠮᠤᠰᠤᠯᠠᠭ᠌ᠰᠡᠨ ᠰᠤᠷᠭᠤᠭ ᠬᠦᠭᠡᠷᠦᠬᠦᠨ ᠠᠮᠢ ᠨᠠᠰᠤᠨ᠎ᠤ ᠠᠭᠤᠷ ᠠᠮᠢᠰᠬᠤᠭ᠎ᠠ ᠵᠢ ᠤᠯᠵᠤ ᠦᠨᠦᠷᠳᠦᠳᠡᠭ ᠰᠠᠨ᠃ 《 ᠡᠪᠦᠯ ᠪᠤᠯᠴᠢᠬᠠᠯ᠎ᠠ᠂ ᠬᠠᠪᠤᠷ ᠪᠠᠰᠠ ᠬᠤᠯᠠ ᠭᠡᠵᠦ ᠤᠤ?》 ᠭᠡᠳᠡᠭ ᠢᠷᠠᠭᠤ ᠨᠠᠢ᠌ᠷᠠᠭ᠎ᠤᠨ ᠰᠠᠢ᠌ᠬᠠᠨ ᠢᠭᠳᠦᠯᠦᠯ ᠵᠢᠶᠠᠩᠨᠠᠨ ᠤᠷᠤᠨ᠎ᠤ ᠠᠭᠤᠯᠠ ᠤᠰᠤᠨ᠎ᠳᠤ ᠨᠡᠩ ᠳᠤᠬᠢᠷᠠᠬᠤ ᠶᠤᠮᠰᠠᠨ᠃
ᠡᠪᠦᠯ ᠴᠠᠭ᠎ᠤᠨ ᠭᠦᠳᠡᠭᠡ ᠵᠤᠭ᠋ᠠᠴᠠᠯ᠎ᠢ ᠶᠠᠷᠢᠬᠤᠯᠠᠷ᠂ ᠡᠨᠡ ᠭᠡᠵᠦ ᠶᠤᠰᠤᠳᠠᠢ ᠵᠢᠶᠠᠩᠨᠠᠨ ᠨᠤᠳᠤᠭ᠎ᠠᠴᠠ ᠡᠨᠳᠡ ᠤᠷᠤᠰᠢᠭᠴᠢᠳ ᠲᠤ᠎ᠪᠠᠨ ᠤᠯᠭᠤᠭᠰᠠᠨ ᠡᠨᠡᠷᠢ ᠤᠯᠭᠤᠮᠵᠢ ᠭᠡᠵᠦ ᠶᠠᠷᠢᠭᠤᠰᠢᠳᠠᠢ᠃ ᠴᠠᠰᠦ ᠮᠦᠰᠦᠨ᠎ᠤ ᠬᠤᠴᠢᠮᠠᠯ ᠪᠤᠯᠤᠭᠰᠠᠨ ᠤᠮᠠᠷᠠᠳᠤ ᠤᠷᠤᠨ᠎ᠤ ᠬᠦᠮᠦᠰ᠎ᠲᠤ ᠠᠪᠴᠦ ᠬᠡᠯᠡᠪᠡᠯ᠂ ᠡᠢ᠌ᠮᠦ ᠰᠠᠢ᠌ᠬᠠᠨ ᠪᠤᠶᠠᠨ ᠵᠠᠪᠰᠢᠶᠠᠨ᠎ᠢ ᠨᠠᠰᠤᠨ ᠲᠤᠷᠰᠢᠳᠠ ᠤᠯᠵᠤ ᠡᠳ᠋ᠯᠡᠬᠦ ᠦᠬᠡᠢ᠃ ᠭ᠋ᠸᠷᠮᠠᠨ᠎ᠤ ᠡᠪᠦᠯ ᠶᠠᠮᠠᠷ ᠪᠠᠢ᠌ᠳᠠᠭ᠎ᠢ ᠪᠢ ᠮᠡᠳᠡᠬᠦ ᠦᠬᠡᠢ᠂ ᠭᠡᠳᠡᠯ᠎ᠡ ᠤᠯᠠᠩᠬᠢ ᠵᠤᠬᠢᠶᠠᠯᠴᠢᠳ᠎ᠤᠨ 《ᠫᠠᠽᠢᠶᠸᠷᠭ᠋ᠠᠩ》 ᠭᠡᠳᠡᠭ ᠦᠬᠡ᠎ᠪᠠᠷ ᠰᠡᠳᠦᠪᠯᠡᠵᠦ ᠵᠤᠬᠢᠶᠠᠯ ᠪᠢᠴᠢᠳᠡᠭ ᠵᠠᠩᠰᠢᠯ᠎ᠠᠴᠠ ᠦᠵᠡᠪᠡᠯ᠂ ᠭ᠋ᠸᠷᠮᠠᠨ᠎ᠤ ᠡᠮᠦᠨ᠎ᠡ ᠪᠦᠰᠡ ᠨᠤᠳᠤᠭ᠎ᠤᠨ ᠳᠦᠷᠪᠡᠨ ᠤᠯᠠᠷᠢᠯ᠎ᠤᠨ ᠰᠤᠯᠢᠭᠳᠠᠯ ᠪᠠᠷᠤᠭ ᠮᠠᠨ᠎ᠤ ᠵᠢᠶᠠᠩᠨᠠᠨ ᠤᠷᠤᠨ᠎ᠲᠠᠢ ᠪᠠᠷᠤᠭᠴᠠᠭ᠋ᠠᠬᠤ ᠰᠢᠭ᠋ ᠳ᠋ᠡ᠃ ᠠᠷᠪᠠᠨ ᠶᠢᠰᠦᠳᠦᠭᠡᠷ ᠵᠠᠭᠤᠨ᠎ᠤ ᠲᠡᠷᠡ ᠬᠦ᠌ ᠨᠤᠳᠤᠭ ᠤᠰᠤᠨ᠎ᠤ ᠰᠢᠯᠦᠭᠴᠢ ᠬᠡᠮᠡᠭᠳᠡᠭᠰᠡᠨ ᠫᠸᠲᠸᠷᠷᠣᠰᠸᠭ᠌ᠭ᠌ᠸᠷ (1843——1918)᠎ᠪᠠᠷ 《 ᠵᠤᠭ᠋ᠠᠯᠠᠨ ᠭᠡᠰᠦᠭᠦᠢ》 ᠭᠡᠬᠦ ᠰᠡᠳᠤᠪ ᠵᠶ᠋ᠡᠷ ᠵᠤᠬᠢᠶᠠᠯ ᠪᠢᠴᠢᠭᠰᠡᠨ᠎ᠨᠢ ᠨᠡᠩ ᠠᠷᠪᠢᠨ ᠪᠠᠢ᠌ᠳᠠᠭ᠃ ᠭᠡᠬᠦ ᠳᠤ᠎ᠪᠠᠨ ᠳᠡᠭᠦᠨ᠎ᠤ ᠪᠢᠷ᠎ᠤᠨ ᠳᠤᠤᠷᠠᠬᠢ ᠦᠵᠡᠮᠵᠢ ᠪᠠᠢ᠌ᠳᠠᠯ ᠭᠡᠵᠦ ᠳᠤᠮᠳᠠᠳᠤ ᠤᠯᠤᠰ᠎ᠤᠨ ᠵᠢᠶᠠᠩᠰᠦ᠂ ᠵᠸᠵᠢᠶᠠᠩ᠎ᠤᠨ ᠠᠭᠤᠯᠠ ᠤᠰᠤᠨ᠎ᠤ ᠦᠩᠬᠡ ᠦᠵᠡᠮᠵᠢ᠎ᠲᠠᠢ ᠮᠠᠰᠢ ᠳᠦᠰᠦᠭᠡᠷᠭᠡᠭ ᠳ᠋ᠡ᠃
ᠵᠢᠶᠠᠩᠨᠠᠨ ᠤᠷᠤᠨ ᠤᠰᠤ ᠮᠦᠷᠡᠨ ᠦᠯᠡᠮᠵᠢ ᠪᠦᠭᠡᠳ ᠶᠠᠬᠡ ᠳᠠᠯᠠᠢ᠎ᠠᠴᠠ ᠤᠢ᠌ᠷᠠᠬᠠᠨ ᠤᠴᠢᠷ ᠨᠠᠭᠤᠷ ᠴᠦᠬᠦᠷᠤᠮ ᠠᠷᠪᠢᠨ᠂ ᠴᠢᠭᠢᠭ᠎ᠤᠨ ᠠᠮᠢᠰᠬᠤᠯ ᠳᠡᠭᠦᠯᠳᠡᠷ ᠪᠠᠢ᠌ᠳᠠᠭ ᠳᠤᠯᠠ ᠡᠪᠦᠯ ᠪᠤᠯᠬᠤᠯᠠᠷ ᠴᠦ᠍ ᠪᠠᠢ᠌ᠨ ᠪᠠᠢ᠌ᠨ ᠰᠡᠩᠰᠡᠨ ᠪᠤᠷᠤᠭ᠋ᠠᠨ ᠤᠷᠤᠭ᠋ᠠᠳ ᠪᠠᠢ᠌ᠳᠠᠭ᠃ ᠴᠢᠭᠢᠭ ᠮᠠᠨᠠᠨ ᠰᠡᠩᠰᠡᠨ ᠪᠤᠷᠤᠭ᠋ᠠᠨ ᠳᠤᠮᠳᠠᠬᠢ ᠳᠤᠰᠬᠤᠨ᠎ᠤ ᠦᠵᠡᠮᠵᠢ ᠭᠡᠵᠦ ᠮᠦᠨ ᠴᠦ᠍ ᠨᠢᠬᠡ ᠵᠤᠢ᠌ᠯ᠎ᠤᠨ ᠬᠡᠯᠡᠬᠦ ᠵᠢᠨ ᠠᠷᠭ᠎ᠠ ᠦᠬᠡᠢ ᠰᠤᠯᠠ ᠰᠡᠯᠡᠭᠦᠦ ᠠᠬᠤᠢ ᠰᠠᠨ᠃ ᠲᠠ ᠪᠤᠳᠤᠵᠤ ᠦᠵᠡ ᠳ᠋ᠡ᠂ ᠨᠠᠮᠤᠷ᠎ᠤᠨ ᠬᠤᠷᠢᠶᠡᠯᠳᠡ ᠵᠢᠨ ᠳᠠᠷᠠᠭ᠎ᠠ᠂ ᠭᠤᠤᠯ᠎ᠤᠨ ᠳᠡᠷᠭᠡᠳᠡᠬᠢ ᠭᠡᠳᠦᠨ ᠡᠷᠦᠬᠡ ᠠᠢ᠌ᠯ ᠭᠦᠭᠦᠷᠬᠡ ᠵᠢᠨ ᠨᠠᠭ᠋ᠠᠭᠤᠷ ᠵᠡᠷᠭᠡᠴᠡᠨ ᠪᠠᠢ᠌ᠷᠢᠯᠠᠵᠦ᠂ ᠭᠤᠤᠯ ᠭᠦᠳᠡᠭᠡᠰᠦᠨ ᠠᠯᠤᠰ᠎ᠢ ᠰᠢᠷᠳᠡᠬᠦ ᠪᠦᠭᠡᠳ ᠭᠤᠤᠯ᠎ᠤᠨ ᠨᠠᠭ᠋ᠠᠭᠤᠷ ᠴᠠᠭ᠋ᠠᠭᠤᠷ ᠡᠢ᠌ᠷᠡᠭ ᠰᠡᠢ᠌ᠷᠡᠭ ᠤᠢ ᠰᠢᠭᠤᠢ᠂ ᠵᠢᠴᠢ ᠡᠭᠦᠯᠡ ᠮᠠᠨᠠᠨ ᠭᠤᠭᠴᠤᠭ᠋ᠠᠯᠠᠵᠤ᠂ ᠡᠶᠡᠪᠡᠷ ᠬᠤᠷ᠎ᠠ ᠴᠠᠢ᠌ᠯᠵᠠᠬᠤ᠎ᠨᠢ ᠡᠪᠦᠯ ᠴᠠᠭ᠎ᠤᠨ ᠤᠰᠤᠨ ᠪᠤᠳᠤᠭ᠎ᠤᠨ ᠵᠢᠷᠤᠭ ᠪᠤᠰᠤ ᠤᠤ? ᠡᠳᠡᠭᠡᠷ ᠦᠵᠡᠮᠵᠢᠳᠤ ᠪᠠᠰᠠ ᠰᠡᠳᠭᠢᠯ ᠬᠠᠩᠬᠤ ᠦᠬᠡᠢ ᠪᠠᠢ᠌ᠪᠠᠯ᠂ ᠡᠭᠦᠳᠡᠨ ᠡᠮᠦᠨ᠎ᠡ᠎ᠪᠠᠨ ᠪᠡᠬᠡᠨ ᠥᠩᠭᠡ ᠵᠢᠨ ᠪᠦᠷᠢᠶᠡᠰᠦ᠎ᠳᠦ ᠵᠢᠵᠢᠭ ᠤᠩᠭᠤᠴᠠ ᠵᠤᠭᠰᠤᠭ᠋ᠠᠵᠤ᠂ ᠤᠯᠠᠯᠵᠢᠨ ᠪᠦᠷᠭᠡ ᠳᠤ᠎ᠪᠠᠨ ᠭᠡᠳᠦᠨ ᠵᠤᠴᠢᠨ ᠵᠠᠯᠠᠵᠤ᠂ ᠤᠷᠤᠢ ᠪᠤᠯᠳᠠᠯ᠎ᠠ ᠠᠷᠢᠭᠢᠳᠠᠭ᠋ᠠᠳ᠂ ᠮᠦᠨ ᠬᠦᠶᠦᠬᠡᠨ ᠭᠡᠢ᠌ᠪᠦᠷ ᠵᠤᠯᠠ ᠵᠢᠨ ᠭᠡᠷᠡᠯ᠎ᠢ ᠰᠠᠷᠠᠨ᠎ᠤ ᠳᠤᠶᠠᠭ᠎ᠠ᠎ᠲᠠᠢ ᠢᠵᠢᠯᠢᠰᠢᠭᠦᠯᠬᠦ ᠶᠤᠮ ᠪᠤᠯ ᠪᠦᠷ ᠴᠦ᠍ ᠰᠠᠢ᠌ᠬᠠᠨ ᠵᠤᠭᠤᠭ ᠪᠤᠯᠬᠤ ᠰᠠᠨ᠃ ᠡᠨᠡ ᠦᠶ᠎ᠡ᠎ᠳᠤ ᠬᠦᠮᠦᠨ᠎ᠤ ᠰᠡᠳᠭᠢᠯ ᠶᠠᠭ᠋ᠠᠬᠢᠨ ᠳᠠᠢ᠌ᠪᠦᠰᠢᠷᠡᠵᠦ᠂ ᠤᠯᠵᠤ ᠠᠯᠳᠠᠬᠤ ᠦᠬᠦᠬᠦ ᠰᠡᠭᠡᠬᠦ ᠶᠠᠭᠤ ᠭᠡᠳᠡᠭ᠎ᠢ ᠮᠠᠷᠳᠠᠮᠠᠷ ᠪᠤᠯᠬᠤ ᠦᠬᠡᠢ ᠤᠤ? ᠪᠢᠳᠡ ᠳᠠᠩ᠎ᠤᠨ ᠰᠢᠯᠦᠭ ᠲᠤᠬ᠎ᠢ 《 ᠦᠳᠡᠰᠢ ᠵᠢᠨ ᠪᠤᠷᠤᠭ᠎ᠠ ᠱᠤᠤᠭᠢᠬᠤ ᠠᠭᠱ᠌ᠠᠨ ᠮᠦᠷᠡᠨ ᠭᠤᠤᠯ᠎ᠤᠨ ᠮᠤᠳᠤᠨ》 ᠭᠡᠬᠦ ᠰᠠᠢ᠌ᠬᠠᠨ ᠦᠬᠦᠯᠡᠪᠦᠷᠢ ᠵᠢ ᠪᠤᠳᠤᠵᠤ ᠦᠵᠡᠶ᠎ᠡ᠃ ᠰᠢᠯᠦᠭᠴᠢᠨ ᠵᠢᠶᠠᠩᠨᠠᠨ ᠭᠠᠵᠠᠷ᠎ᠤᠨ ᠡᠪᠦᠯ᠎ᠤᠨ ᠦᠵᠡᠮᠵᠢᠳᠤ ᠰᠤᠭᠳᠤᠭᠤᠷᠬᠤ ᠳᠤ᠎ᠪᠠᠨ ᠮᠦᠷᠡᠨ ᠳᠠᠩᠬᠢᠰ᠎ᠤᠨ ᠰᠠᠢ᠌ᠨ ᠡᠷᠡᠰ᠎ᠲᠤ ᠴᠦ᠍ ᠡᠶᠡᠪᠡᠷᠬᠦᠦ ᠤᠪᠤᠷ᠎ᠲᠠᠢ ᠪᠤᠯᠴᠢᠬᠠᠵᠠᠢ᠃ ᠵᠢᠶᠠᠩᠨᠠᠨ ᠭᠠᠵᠠᠷ᠎ᠤᠨ ᠡᠪᠦᠯ᠎ᠤᠨ ᠦᠵᠡᠮᠵᠢ ᠢᠩᠬᠢᠵᠦ ᠬᠦᠮᠦᠨ᠎ᠢ ᠰᠤᠭᠳᠤᠷᠠᠭᠤᠯᠳᠠᠭ ᠪᠠᠢ᠌ᠵᠠᠢ᠃ ᠪᠤᠷᠤᠭ᠋ᠠᠨ ᠬᠡᠬᠦᠯᠡᠷ ᠴᠠᠰᠤ ᠵᠢ ᠶᠠᠷᠢᠬᠤ ᠦᠬᠡᠢ ᠪᠠᠢ᠌ᠬᠤ ᠵᠢᠨ ᠠᠷᠭ᠎ᠠ ᠦᠬᠡᠢ᠃ 《ᠦᠳᠡᠰᠢ ᠪᠤᠯᠬᠤᠷ ᠴᠠᠰᠤᠨ ᠤᠷᠤᠮᠠᠷ ᠪᠠᠢ᠌ᠨ᠎ᠠ᠂ ᠠᠮᠳᠠᠳᠤ ᠰᠠᠷᠬᠤᠳ ᠨᠢᠬᠡᠨ ᠬᠤᠨᠳᠠᠭ᠎ᠠ ᠪᠠᠯᠭᠤᠬᠤ ᠤᠤ?》 ᠭᠡᠰᠡᠨ᠎ᠨᠢ ᠵᠢᠶᠠᠩᠨᠠᠨ ᠭᠠᠵᠠᠷ᠎ᠤᠨ ᠦᠳᠡᠰᠢ ᠪᠦᠷᠦᠢ ᠵᠢᠨ ᠴᠠᠰᠤᠨ᠎ᠤ ᠦᠵᠡᠮᠵᠢ᠂ 《 ᠭᠦᠢ᠍ᠯᠡᠰᠦᠨᠤ ᠨᠠᠮᠠᠭ᠎ᠠ ᠰᠡᠭᠦᠳᠡᠬᠡᠨᠡᠭᠰᠡᠨ ᠨᠤᠳᠤᠭ᠎ᠤᠨ ᠰᠢᠷ᠎ᠠ ᠵᠠᠮ᠂ ᠬᠦᠶᠦᠬᠡᠨ ᠴᠠᠰᠤ ᠭᠢᠯᠪᠠᠰᠤᠷᠠᠭᠰᠠᠨ ᠰᠠᠷᠬᠤᠳ᠎ᠤᠨ ᠦᠨᠦᠷᠳᠦ ᠳᠤᠰᠬᠤ》 ᠭᠡᠰᠡᠨ᠎ᠨᠢ ᠴᠠᠰᠦ ᠰᠠᠷ᠎ᠠ ᠳᠡᠷᠢᠭᠦᠯᠡᠭᠴᠢ ᠴᠡᠴᠡᠭ ᠭᠡᠬᠦ ᠡᠪᠦᠯ ᠴᠠᠭ᠎ᠤᠨ ᠭᠤᠷᠪᠠᠨ ᠠᠷᠤᠤᠬᠠᠨ ᠠᠷᠢᠭᠢ ᠬᠡᠦᠬᠡᠨ᠎ᠲᠠᠢ ᠢᠨᠢᠶᠡᠯᠴᠡᠨ ᠨᠠᠭ᠋ᠠᠳᠴᠦ ᠪᠠᠢ᠌ᠭ᠎ᠠ ᠳᠦᠷᠰᠦ᠃ 《ᠡᠭᠦᠳᠡᠨ ᠭᠠᠳᠠᠭ᠎ᠠ ᠨᠤᠬᠠᠢ ᠪᠤᠷᠭᠢᠬᠤ ᠳᠠᠭᠤᠨ᠂ ᠰᠦᠨᠢ ᠵᠢᠨ ᠴᠠᠰᠤᠨ᠎ᠠ ᠪᠤᠴᠠᠨ ᠢᠷᠡᠭᠰᠡᠨ ᠬᠦᠮᠦᠨ》 ᠭᠡᠰᠡᠨ᠎ᠨᠢ ᠵᠢᠶᠠᠩᠨᠠᠨ᠎ᠤ ᠴᠠᠰᠣ᠎ᠳᠦ ᠦᠳᠡᠰᠢ ᠬᠦᠨ ᠰᠦᠨᠢ ᠵᠢᠨ ᠨᠠᠮ ᠵᠢᠮ ᠪᠠᠢ᠌ᠳᠠᠯ ᠳ᠋ᠡ᠃ 《 ᠤᠶᠠᠩᠭ᠋᠎ᠠ᠎ᠳᠤ ᠮᠤᠳᠤᠨ ᠬᠦᠨ ᠴᠠᠰᠤᠨ᠎ᠠ ᠠᠳᠠᠯ᠎ᠠ᠂ ᠦᠦᠷ ᠰᠦᠨᠢ ᠨᠠᠮᠠᠭ᠎ᠠ ᠰᠠᠯᠠᠭ᠎ᠠ ᠠᠨ᠎ᠤ ᠳᠡᠯᠭᠡᠵᠤᠬᠦᠢ》᠂ ᠰᠢᠨ᠎ᠡ ᠦᠷᠯᠦᠬᠡ ᠪᠤᠯᠬᠤᠶ᠎ᠠ ᠬᠡᠦᠬᠡᠳ ᠨᠤᠬᠠᠢ ᠵᠡᠷᠭᠡᠳᠡ᠎ᠪᠠᠨ ᠭᠦᠬᠡᠷᠴᠦ᠂ ᠴᠠᠰᠤ ᠴᠡᠴᠡᠭ᠎ᠤᠨ ᠰᠠᠢ᠌ᠬᠠᠨ ᠦᠵᠡᠮᠵᠢ ᠵᠢ ᠮᠡᠳᠡᠭᠦᠯᠬᠦ ᠭᠡᠳ ᠶᠠᠭ᠋ᠠᠷᠠᠨ᠎ᠠ᠃ ᠰᠢᠯᠦᠭᠴᠢᠳ᠎ᠤᠨ ᠰᠠᠢ᠌ᠬᠠᠨ ᠦᠬᠡᠰ ᠵᠦᠪᠬᠡᠨ ᠵᠢᠶᠠᠩᠨᠠᠨᠢ ᠯᠠ ᠪᠢᠴᠢᠭᠰᠡᠨ ᠠᠷᠠᠢ ᠪᠢᠰᠢ ᠴᠦ᠍ ᠮᠠᠭ᠋ᠠᠳ᠂ ᠡᠭᠦᠨ᠎ᠢ ᠪᠢᠴᠢᠭᠰᠡᠨ ᠰᠢᠯᠦᠭᠴᠢᠳᠢ ᠴᠦ᠍ ᠪᠦᠷ ᠵᠢᠶᠠᠩᠨᠠᠨ᠎ᠤ ᠬᠦᠮᠦᠨ ᠭᠡᠵᠦ ᠬᠡᠯᠡᠬᠦ ᠵᠢᠨ ᠠᠷᠭ᠎ᠠ ᠦᠬᠡᠢ᠃ ᠲᠡᠭᠡᠬᠦᠯᠡᠷ ᠡᠳᠡᠭᠡᠷ ᠭᠡᠳᠦᠨ ᠰᠠᠢ᠌ᠬᠠᠨ ᠦᠭᠦᠯᠡᠪᠦᠷᠢ᠎ᠪᠠᠷ ᠵᠢᠶᠠᠩᠨᠠᠨ ᠭᠠᠵᠠᠷ᠎ᠤᠨ ᠴᠠᠰᠤᠳᠦ ᠦᠵᠡᠮᠡᠵᠢ ᠵᠢ ᠬᠠᠷᠠᠭᠤᠯᠬᠤ᠎ᠨᠢ ᠮᠢᠨᠦ ᠪᠢᠳᠠᠭᠤ ᠦᠵᠦᠭ ᠵᠶ᠋ᠡᠷ ᠳᠦᠷᠰᠦᠯᠡᠨ ᠪᠢᠴᠢᠭᠰᠡᠨ᠎ᠠᠴᠠ ᠨᠡᠩ ᠰᠠᠢ᠌ᠬᠠᠨ ᠪᠢᠰᠢ ᠤᠤ?
ᠵᠠᠷᠢᠮ ᠭᠡᠳᠦᠨ ᠵᠢᠯ᠂ ᠵᠢᠶᠠᠩᠨᠠᠨ᠎ᠳᠤ ᠪᠤᠷᠤᠭ᠋ᠠᠨ ᠴᠦ᠍ ᠦᠬᠡᠢ᠂ ᠴᠠᠰᠤ ᠴᠦ᠍ ᠦᠬᠡᠢ ᠪᠠᠢ᠌ᠳᠠᠯ ᠴᠦ᠍ ᠭᠠᠷᠴᠦ ᠮᠠᠭ᠋ᠠᠳ᠃ ᠲᠡᠭᠡᠬᠦᠯᠡᠷ᠎ᠪᠠᠨ ᠪᠢᠯᠢᠭ᠎ᠤᠨ ᠴᠠᠭ᠋ᠠᠨ ᠰᠠᠷ᠎ᠠ ᠵᠢᠨ ᠰᠡᠭᠦᠯ᠂ ᠬᠤᠶᠠᠷ ᠰᠠᠷ᠎ᠠ ᠵᠢᠨ ᠡᠬᠢ ᠬᠡᠭᠦᠯᠡᠷ ᠪᠠᠬᠠᠨ ᠬᠦᠢ᠍ᠳᠡᠷᠡᠵᠦ ᠵᠢᠭ᠋ᠠᠬᠠᠨ ᠴᠠᠰᠤ ᠤᠷᠤᠳᠠᠭ᠃ ᠨᠢᠳᠤᠨᠤᠨ ᠡᠢ᠌ᠮᠦ᠂ ᠦᠨᠦ ᠵᠢᠯ ᠴᠦ᠍ ᠪᠠᠷᠤᠭ ᠡᠢ᠌ᠮᠦ ᠪᠠᠢ᠌ᠳᠠᠯ᠎ᠲᠠᠢ ᠪᠠᠢ᠌ᠨ᠎ᠠ᠃ ᠴᠠᠭ ᠠᠭᠤᠷ ᠵᠶ᠋ᠡᠷ ᠳᠦᠯᠬᠢᠨ ᠪᠤᠳᠤᠬᠤ ᠳᠤ᠂ ᠳᠠᠷᠠᠭ᠎ᠠ ᠤᠨ᠎ᠤ ᠬᠤᠶᠠᠷ ᠰᠠᠷ᠎ᠠ ᠵᠢᠨ ᠰᠡᠭᠦᠯᠴᠢ ᠡᠢ᠌ᠮᠦ ᠪᠠᠢ᠌ᠯ᠎ᠲᠠᠢ᠃ ᠲᠡᠭᠡᠬᠦᠯᠡᠷ ᠮᠦᠨ ᠳᠤᠯᠤᠭ᠎ᠠ ᠨᠠᠢ᠍ᠮᠠᠨ ᠡᠳᠦᠷ ᠯᠠ ᠡᠢ᠌ᠮᠦ ᠪᠠᠢ᠌ᠯ᠎ᠲᠠᠢ ᠳ᠋ᠠ᠃ ᠡᠢ᠌ᠮᠦᠷᠬᠦᠦ ᠡᠪᠦᠯ᠎ᠢ ᠭᠦᠳᠡᠭᠡ ᠨᠤᠳᠤᠭ᠎ᠤᠨ᠎ᠬᠢᠨ ᠭᠠᠩ ᠡᠪᠦᠯ ᠭᠡᠳᠡᠭ᠃ ᠡᠨᠡ᠎ᠨᠢ ᠪᠤᠭᠤᠳᠠᠢ ᠵᠢᠨ ᠤᠨᠠᠯᠳᠠᠳᠤ ᠰᠠᠢ᠌ᠨ᠂ ᠭᠡᠬᠦᠯᠡᠷ ᠬᠦᠮᠦᠨ ᠠᠮᠠ ᠬᠤᠬᠢᠷᠠᠯ ᠰᠤᠢ᠌ᠳᠤᠯᠳᠤ ᠤᠴᠠᠷᠠᠳᠠᠭ᠂ ᠭᠠᠩ ᠬᠠᠭᠰᠠᠷᠠᠭ᠎ᠠ ᠪᠤᠯᠪᠠᠯ᠂ ᠬᠤᠭᠤᠯᠠᠢ ᠵᠢᠨ ᠡᠪᠡᠳᠴᠢᠨ᠂ ᠬᠠᠯᠳᠠᠪᠤᠷᠢᠳᠦ ᠬᠢᠮᠤᠷᠠᠭ᠎ᠠ ᠠᠮᠠᠷᠠᠬᠠᠨ ᠳᠡᠯᠭᠡᠷᠡᠳᠡᠭ᠃ ᠭᠡᠪᠡᠴᠦ ᠵᠢᠶᠠᠩᠨᠠᠨ᠎ᠤ ᠡᠪᠦᠯ᠎ᠤᠨ ᠦᠵᠡᠮᠵᠢᠳᠤ ᠰᠤᠭᠳᠤᠭᠤᠷᠬᠤ ᠵᠢ ᠭᠦᠰᠡᠭᠴᠢᠳ ᠡᠢ᠌ᠮᠦᠷᠬᠦᠦ ᠡᠪᠦᠯ ᠪᠤᠯᠪᠠᠯ ᠨᠡᠩ ᠪᠠᠶᠠᠰᠳᠠᠭ᠂ ᠡᠳᠦᠷ ᠳᠤᠩᠭ᠋ᠠᠯᠠᠭ ᠤᠴᠢᠷ ᠭᠦᠳᠡᠭᠡ ᠭᠠᠳᠠᠭ᠎ᠠ ᠭᠠᠷᠬᠤ ᠳᠤᠬᠢᠶᠠᠯ ᠤᠯᠠᠨ ᠪᠤᠯᠳᠠᠭ ᠠᠵᠢ᠃ ᠨᠠᠭ᠋ᠠᠳᠤᠨ ᠨᠠᠷᠬᠢᠬᠤ ᠳᠤᠷᠠᠳᠠᠢ ᠬᠦᠮᠦᠰ ᠡᠢ᠌ᠮᠦ ᠡᠪᠤᠯ᠎ᠳᠤ ᠳᠤᠩ ᠳᠤᠷᠠᠳᠠᠢ᠃
ᠴᠤᠩᠬᠤᠨ ᠴᠠᠭ᠋ᠠᠨᠠᠬᠢ ᠳᠤᠩᠭ᠋ᠠᠯᠠᠭ ᠠᠭ᠋ᠠᠷ ᠶᠠᠭ ᠯᠠ ᠬᠦᠨ ᠨᠠᠮᠤᠷ ᠬᠡᠮᠡᠷ᠃ ᠦᠨᠳᠦᠷ ᠭᠦᠨ ᠤᠭᠳᠡᠷᠭᠤᠢ᠂ ᠡᠶᠡᠯᠰᠡᠭ ᠵᠦᠬᠡᠯᠡᠨ ᠨᠠᠷᠠᠨ ᠬᠦᠮᠦᠨ᠎ᠢ ᠭᠠᠳᠠᠭᠰᠢ ᠳᠠᠳᠠᠨ᠎ᠠ᠃ ᠬᠤᠭᠤᠰᠤᠨ ᠦᠬᠡ ᠬᠡᠯᠡᠬᠦ᠎ᠪᠠᠷ ᠵᠶ᠋ᠡᠨ ᠬᠤᠷᠳᠤᠨ ᠭᠠᠳᠠᠭᠰᠢ ᠭᠠᠷᠬᠤ ᠶᠤᠮᠰᠠᠨ᠃ ᠦᠨᠦᠷ ᠠᠮᠳᠠ ᠦᠬᠡᠢ ᠡᠨᠡ ᠡᠸᠰᠰᠸ ᠵᠢ ᠪᠢᠴᠢᠬᠦ᠎ᠪᠠᠨ ᠪᠤᠯᠢᠵᠦ᠂ ᠳᠠᠶᠠᠭ ᠵᠶ᠋ᠡᠨ ᠠᠪᠤᠨ ᠦᠵᠦᠭ ᠵᠶ᠋ᠡᠨ ᠳᠡᠯᠪᠢᠵᠦ᠂ ᠨᠠᠭᠤᠷ᠎ᠤᠨ ᠡᠷᠭᠢ᠎ᠳᠤ ᠵᠤᠰᠠᠬᠤ᠎ᠪᠠᠷ ᠤᠴᠢᠶ᠎ᠠ᠃
ᠣᠷᠴᠢᠭᠤᠯᠤᠭᠴᠢ ᠵᠢᠨ ᠬᠠᠶᠢᠭ᠄ ᠦᠪᠦᠷ ᠮᠣᠩᠭᠣᠯ᠎ᠤᠨ ᠶᠡᠬᠡ ᠰᠤᠷᠭ᠋ᠠᠭᠤᠯᠢ ᠵᠢᠨ ᠮᠣᠩᠭᠤᠯ ᠰᠤᠳᠤᠯᠤᠯ᠎ᠤᠨ ᠳᠡᠭᠡᠳᠦ ᠰᠤᠷᠭ᠋ᠠᠭᠤᠯᠢ