ᠤᠮᠨᠠᠷᠤᠨ · ᠭᠡᠷᠡᠯᠲᠦ ᠵᠤᠬᠢᠶᠠᠪᠠ
〈〈 ᠶᠠᠭᠤᠮᠠᠨ〉〉 ᠳᠤ ᠳᠠᠰᠬᠤ ᠵᠢᠨ ᠵᠤᠪᠠᠯᠠᠡᠭᠢ ᠮᠡᠳᠡᠭᠰᠡᠨ ᠮᠢᠨᠢ ᠰᠠᠶᠢᠬᠠᠨ᠃ ᠶᠠᠪᠤᠵᠤ ᠮᠤᠬᠤᠬᠤ ᠵᠢᠨ ᠳᠠᠪᠠᠭ᠋ᠠᠨ ᠳᠡᠭᠡᠷᠡ ᠯᠡ ᠡᠨᠡ ᠳᠠᠰᠤᠨᠠ ᠭᠡᠳᠡᠭ ᠠᠶᠠᠯᠳᠤᠨ ᠬᠠᠭᠤᠴᠢᠷᠠᠬᠤ᠂ ᠬᠦᠯᠢᠶᠡᠨ ᠴᠦᠬᠦᠬᠦ ᠵᠢᠨ ᠨᠡᠷᠡ ᠴᠦ᠍ ᠪᠢᠯᠡ ᠦᠦ ᠭᠡᠵᠦ ᠪᠤᠳᠤᠪᠠ; ᠤᠢ ᠰᠠᠨᠠᠮᠵᠢ ᠂ ᠡᠷᠴᠢ ᠵᠤᠷᠢᠭ ᠂ ᠠᠮᠢᠳᠤᠷᠠᠯ ᠰᠡᠳᠬᠢᠯ ᠂ ᠬᠠᠢ᠌ᠷᠠ ᠳᠤᠷᠠᠯᠠᠯ ᠁ ᠶᠠᠳᠠᠵᠤ ᠬᠦᠳᠡᠯᠭᠡᠭᠡᠨ ᠬᠦᠷᠲᠡᠯᠡ ᠲᠢᠭ ᠵᠶ᠋ᠠᠨ ᠠᠯᠳᠠᠵᠤ ᠬᠦᠴᠦ ᠦᠭᠡᠢ ᠪᠤᠯᠳᠠᠭ ᠠᠵᠢ᠃ ᠶᠠᠭ ᠯᠠ ᠦᠯᠦᠭᠡᠢᠳᠤ ᠰᠠᠵᠢᠯᠠᠭᠤᠯᠤᠨ ᠪᠤᠢ ᠨᠢᠯᠬᠠ ᠭᠡᠦᠭᠡᠳ ᠰᠢᠭ ᠨᠢᠭᠡᠨ ᠵᠢᠭᠳᠡ ᠠᠢ᠌ᠵᠠᠮ ᠳᠡᠭᠡᠷᠡ ᠠᠮᠳᠠᠷᠬᠠᠨ ᠤᠨᠲᠠᠲᠠᠭᠯᠤᠭᠠ ᠠᠳᠠᠯᠢ᠃ ᠢᠷᠡᠬᠦ ᠪᠤᠯᠬᠤ ᠪᠦᠬᠦ ᠵᠤᠢ᠌ᠯᠢ ᠦᠭᠡᠷᠡᠴᠢᠯᠡᠬᠦ ᠦᠭᠡᠢ ᠪᠠᠢ᠌ᠬᠤ ᠵᠢᠨ ᠳᠤᠯᠠᠳᠠ ᠡᠨᠡ ᠳᠠᠰᠬᠠᠯ ᠤᠰᠤᠯ ᠦᠭᠡᠢ ᠤᠬᠠᠭ᠋ᠠᠯᠢᠭ ᠂ ᠵᠤᠪᠠᠯ ᠦᠭᠡᠢ ᠵᠤᠷᠢᠭᠤᠳᠠ ᠬᠢᠭᠳᠡᠳᠡᠭ ᠶᠤᠮ ᠪᠠᠢ᠌ᠨᠠ᠃ ᠮᠡᠳᠡᠲᠡᠯᠡ ᠮᠤᠬᠤᠵᠤ ᠰᠡᠭᠡᠲᠡᠯᠡ ᠰᠦᠨᠦᠭᠰᠡᠨ ᠭᠠᠰᠢᠭᠤᠨ ᠦᠨᠡᠨᠢ ᠪᠢ ᠢᠡᠭᠬᠢᠵᠦ ᠯᠠ ᠳᠠᠷᠠᠰᠤ ᠰᠢᠭ᠋ ᠬᠦᠨᠲᠦᠷᠴᠦ ᠳᠠᠭᠤᠤ ᠰᠢᠭ᠋ ᠡᠭᠡᠰᠢᠭᠯᠡᠵᠡᠢ᠃ ᠡᠨᠡ ᠲᠠᠯᠠᠪᠠᠷ ᠵᠶ᠋ᠠᠨ ᠳᠠᠰᠤᠯᠲᠠ ᠳᠠᠰᠬᠠᠯᠲᠠ ᠬᠤᠶᠠᠷ ᠠᠳᠠᠯᠢᠬᠠᠨ ᠵᠢᠮᠡᠲᠠᠢ᠃
ᠪᠠᠭᠠ ᠰᠤᠷᠭ᠋ᠠᠭᠤᠯᠢᠳᠤ ᠪᠠᠢ᠌ᠬᠤᠳᠤ ᠳᠠᠭᠤᠨ ᠵᠢᠭ᠋ᠠᠳᠠᠭ ᠪᠠᠭᠰᠢ 〈〈 ᠬᠠᠢ᠌ᠷᠠ ᠬᠤᠷᠤᠰᠤᠯ ᠲᠤᠳᠤ ᠤᠭ ᠵᠶ᠋ᠠᠨ ᠮᠠᠷᠲᠠᠯ ᠦᠭᠡᠢ ᠂ ᠬᠠᠳᠠᠨ ᠵᠤᠷᠢᠭ ᠪᠠᠲᠤ ᠵᠤᠭᠰᠤᠯᠲᠠᠲᠠᠢ ᠁〉〉 ᠭᠡᠰᠡᠨ ᠳᠠᠭᠤᠤ ᠵᠢᠭ᠋ᠠᠭᠰᠠᠨ ᠪᠦᠭᠡᠳ ᠡᠷᠬᠡᠪᠰᠢ ᠰᠤᠷᠬᠤ ᠳᠠᠰᠬᠠᠯ ᠪᠤᠯᠭ᠋ᠠᠨ ᠦᠯᠡᠳᠡᠭᠡᠭᠰᠡᠨ ᠶᠤᠮ᠃ ᠪᠢ ᠰᠤᠯᠤᠭ᠋ᠠᠢ ᠬᠤᠭᠤᠯᠠᠢᠲᠠᠢ ᠪᠠᠢ᠌ᠭᠰᠠᠨ ᠲᠡᠷᠡ ᠳᠠᠭᠤᠤ ᠵᠢ ᠴᠦ᠍ ᠬᠢᠴᠢᠶᠡᠡᠭᠭᠦᠢ᠌ᠯᠡᠨ ᠰᠤᠷᠴᠦ ᠠᠪᠤᠭ᠋ᠠᠳ ᠤᠳᠤ ᠪᠤᠯᠲᠠᠯᠠ ᠴᠡᠭᠡᠵᠢᠯᠡᠭᠰᠡᠭᠡᠷ ᠪᠠᠢ᠌ᠭᠠ ᠮᠢᠨᠢ ᠪᠠᠭᠠ ᠵᠢᠨ ᠠᠷᠬᠠᠭ ᠨᠢᠭᠡᠨᠲᠡ ᠪᠡᠶᠡᠳᠤ ᠰᠢᠡᠭᠭᠡᠭᠰᠡᠨᠤ ᠬᠤᠤᠷ ᠪᠤᠶᠠ᠃ ᠳᠠᠭ᠋ᠠᠭ᠋ᠠᠮᠠᠭ᠋ᠠᠢ ᠰᠠᠢ᠌ᠨ᠂ ᠲᠡᠪᠴᠢᠶᠡᠷᠢᠲᠠᠢ ᠰᠠᠢ᠌ᠨ ᠭᠡᠵᠦ ᠤᠳᠠᠭ᠋ᠠᠨ ᠵᠢᠯ ᠵᠶ᠋ᠠᠷ ᠬᠠᠨᠢᠯᠠᠨ ᠶᠠᠪᠤᠭᠰᠠᠨ ᠡᠨᠡ ᠳᠠᠰᠬᠠᠯᠳᠤ ᠬᠠᠭᠤᠯᠤᠭᠰᠠᠨᠨᠢ ᠪᠠᠭᠠ᠂ ᠬᠠᠭᠤᠯᠤᠭᠳᠠᠭᠰᠠᠨᠨᠢ ᠤᠯᠠᠨ ᠪᠦᠭᠡᠳ ᠭᠦᠢ᠍ᠴᠡᠭᠰᠡᠨᠨᠢ ᠴᠦᠬᠡᠨ᠂ ᠬᠦᠢ᠍ᠴᠡᠭᠳᠡᠭᠰᠡᠨᠨᠢ ᠦᠯᠡᠮᠵᠢ᠃ ᠬᠤᠭᠤᠰᠤᠷᠠᠯᠢ ᠭᠠᠭᠴᠠᠭ᠋ᠠᠷᠳᠠᠯ ᠰᠢᠭ᠋ ᠭᠡᠵᠦ ᠬᠡᠯᠡᠭᠡᠳ ᠬᠤᠶᠠᠭᠤᠯᠠ ᠬᠤᠶᠠᠭᠤᠯᠠᠪᠠᠨ ᠡᠭᠡᠨᠡᠭᠰᠢᠨ ᠬᠤᠨᠳᠠᠭᠠ ᠮᠦᠷᠭᠦᠭᠦᠯᠦᠨ ᠪᠠᠶᠠᠷᠯᠠᠭ᠋ᠠᠳ ᠁ ᠠᠶᠠ ᠂ ᠶᠠᠭᠤᠲᠠᠢ ᠰᠠᠢ᠌ᠬᠠᠨ ᠡ ᠃
ᠬᠠᠶᠠ ᠴᠠᠭᠤᠨ ᠲᠤᠬᠠᠢ ᠪᠤᠳᠤᠭ᠋ᠠᠳ ᠬᠠᠴᠢᠨ ᠶᠡᠬᠡ ᠭᠠᠭᠴᠠᠭ᠋ᠠᠷᠳᠠᠳᠠᠭ᠃ ᠴᠠᠭ᠂ ᠰᠡᠳᠬᠢᠯ ᠠᠬᠤᠢ ᠬᠤᠶᠠᠷᠤᠨ ᠪᠦᠯᠢᠶᠡᠨ ᠲᠤᠭᠲᠠᠯᠴᠠᠭᠠ ᠳᠡᠭᠡᠷᠡ ᠯᠠ ᠬᠦᠴᠦ ᠵᠢ ᠤᠯᠵᠤ ᠬᠦᠪᠦᠷᠡᠨ ᠦᠷᠭᠦᠯᠵᠢᠯᠡᠳᠡᠭ ᠭᠡᠵᠦ ᠯᠠᠪ ᠢᠲᠡᠭᠡᠳᠡᠭ ᠴᠦ᠍ ᠦᠡᠭᠭᠡᠷᠡᠭᠡᠳ ᠶᠠᠪᠤᠵᠤ ᠪᠠᠢ᠌ᠬᠤᠳᠤᠨᠢ ᠦᠪᠡᠷᠤᠨ ᠡᠷᠬᠡ ᠦᠭᠡᠢ ᠭᠤᠨᠢᠭᠯᠠᠳᠠᠭ ᠰᠠᠨ᠃ ᠬᠠᠷᠢᠨ ᠢᠷᠡᠭᠡ ᠦᠭᠡᠢ ᠴᠠᠭᠢᠨᠢ ᠬᠠᠯᠠᠭᠤᠨ ᠵᠡᠭᠦᠳᠦ ᠴᠦ᠍ ᠬᠡᠮᠡᠨ ᠰᠠᠨᠠᠳᠠᠭ᠃ ᠮᠢᠨᠤ ᠴᠠᠭ ᠪᠤᠯ ᠵᠡᠭᠦᠳᠦᠨᠳᠤ ᠯᠡ ᠬᠠᠮᠤᠭᠤᠨ ᠦᠨᠡᠲᠠᠢ ᠪᠦᠭᠡᠳ ᠡᠷᠬᠡᠲᠠᠢ ᠶᠤᠮ ᠪᠢᠯᠡ᠃ ᠬᠡᠬᠦᠳᠤᠪᠠᠨ ᠲᠡᠨᠳᠡ ᠪᠠᠢ᠌ᠭᠠ ᠪᠦᠬᠦ ᠵᠤᠢ᠌ᠯᠢ ᠭᠦᠢ᠍ᠴᠡᠨᠡ ᠭᠡᠵᠦ ᠪᠠᠢ᠌ᠬᠤ ᠦᠭᠡᠢ᠃ ᠰᠡᠷᠡᠬᠦ ᠮᠡᠳᠡᠬᠦ ᠮᠢᠨᠢ ᠳᠠᠡᠭᠳᠠ ᠬᠤᠴᠤᠷᠤᠨᠠ᠃ ᠰᠡᠷᠢᠵᠦ ᠲᠠᠰᠤᠷᠠᠨᠠ᠃ ᠨᠢᠭᠡᠨᠳᠡ ᠲᠠᠰᠤᠷᠬᠠᠢ ᠪᠤᠯᠬᠤᠪᠠᠷ ᠵᠶ᠋ᠠᠨ ᠦᠯᠡᠳᠡᠨᠡ ᠭᠡᠰᠡᠨ ᠶᠠᠭᠤᠮᠠ ᠪᠠᠢ᠌ᠬᠤ ᠦᠭᠡᠢ᠃ ᠶᠠᠭ ᠢᠷᠡᠭᠡ ᠦᠭᠡᠢᠲᠠᠢᠪᠠᠨ ᠠᠳᠠᠯᠢᠬᠠᠨ᠃
ᠶᠠᠮᠠᠷ ᠴᠦ᠍ ᠰᠢᠨᠡ ᠰᠡᠪᠡᠭᠦᠨ ᠵᠤᠢ᠌ᠯ ᠦᠯᠦ ᠤᠷᠤᠯᠴᠠᠭᠰᠠᠨᠢ ᠡᠪᠯᠡᠭᠦᠯᠭᠡ ᠭᠡᠳᠡᠭ ᠪᠦᠭᠡᠳ ᠴᠢᠳᠠᠨ ᠶᠠᠳᠠᠨ 〈〈 ᠪᠦᠲᠦᠭᠡᠭᠰᠡᠨ 〉〉 ᠵᠤᠢ᠌ᠯ ᠴᠠᠭᠤᠨ ᠤᠷᠲᠤᠳᠤ ᠠᠶᠠᠨᠳᠠᠭ᠋ᠠᠨ ᠰᠠᠷᠨᠢᠬᠤ ᠦᠵᠡᠭᠳᠡᠯᠢ ᠬᠡᠯᠡᠳᠡᠭ ᠴᠦ᠍ ᠪᠤᠯ ᠦᠦ᠃ ᠬᠠᠷᠢᠨ ᠡᠪᠢᠨᠢ ᠤᠯᠤᠨᠠ ᠭᠡᠵᠦ ᠤᠷᠢᠳᠤ ᠵᠢᠨ ᠡᠪᠦᠭᠡᠳᠤᠨ ᠬᠡᠯᠡᠳᠡᠭ ᠦᠭᠡ ᠠᠶᠤᠮᠰᠢᠭᠲᠠᠢ ᠪᠦᠭᠡᠳ ᠭᠠᠢ᠌ᠬᠠᠮᠰᠢᠭᠲᠠᠢ᠃ ᠭᠡᠪᠡᠴᠦ ᠡᠪᠯᠡᠭᠦᠯᠭᠡᠲᠠᠢ ᠡᠷᠡᠰ ᠤᠨᠳᠤᠤ᠃ ᠠᠶᠤᠮᠰᠢᠭᠨᠢ ᠭᠡᠪᠡᠯ᠂ ᠦᠭᠡ ᠵᠢᠨ ᠴᠠᠭ᠋ᠠᠨᠠ ᠦᠢ᠍ᠯᠡ ᠨᠢᠭᠤᠭᠳᠠᠵᠤ ᠪᠠᠢ᠌ᠨᠠ᠃ ᠭᠠᠢ᠌ᠬᠠᠮᠰᠢᠭᠨᠢ ᠭᠡᠪᠡᠯ ᠤᠬᠠᠭ᠋ᠠᠨᠤ ᠴᠠᠭ᠋ᠠᠨᠠ ᠤᠷᠠᠨ ᠴᠤᠬᠤᠯᠵᠠᠵᠤ ᠪᠤᠢ᠃ ᠬᠦᠨᠳᠦ ᠴᠠᠭᠲᠤ ᠬᠦᠯᠦᠭ ᠮᠡᠲᠦ ᠡᠨᠡ ᠦᠭᠡ ᠡᠡᠭᠬᠡ ᠴᠠᠭᠲᠤ ᠡᠷᠴᠢᠮ ᠪᠤᠯᠵᠤ ᠴᠢᠡᠭᠭ᠋ᠠᠷᠠᠨᠠ᠃ ᠡᠪᠢᠨᠢ ᠤᠯᠤᠭᠰᠠᠨ ᠶᠠᠭᠤᠮᠠ ᠠᠮᠠᠷᠬᠠᠨ᠃ ᠦᠪᠡᠷᠢᠪᠠᠨ ᠦᠪᠡᠷ ᠵᠶ᠋ᠠᠨ ᠴᠢᠯᠦᠭᠡᠯᠡᠬᠦ ᠰᠢᠭ᠋ ᠬᠢᠯᠪᠠᠷᠬᠠᠨ᠃
ᠳᠤᠲᠠᠭᠤ ᠪᠢᠴᠢᠭᠰᠡᠨ ᠰᠢᠯᠦᠭ ᠵᠶ᠋ᠠᠨ ᠤᠷᠬᠢᠬᠤ ᠂ ᠶᠡᠬᠡ ᠰᠠᠨᠠᠭᠰᠠᠨ ᠬᠦᠮᠦᠨ ᠵᠶ᠋ᠠᠨ ᠦᠭᠡᠢ᠌ᠯᠡᠬᠦᠠᠴᠠ ᠯᠠ ᠠᠮᠢᠳᠤᠷᠠᠯᠤᠨ ᠠᠶᠠ ᠡᠭᠡᠰᠢᠭ ᠳᠤᠷᠭᠢᠨ ᠡᠬᠢᠯᠡᠵᠦ ᠲᠡᠭᠦᠨᠠᠴᠠ ᠦᠷᠭᠦᠯᠵᠢᠯᠡᠨ ᠤᠷᠲᠤᠰᠬᠤ ᠴᠠᠭᠨᠢ ᠦᠪᠡᠷᠢᠪᠠᠨ ᠦᠪᠡᠷ ᠵᠶ᠋ᠠᠨ ᠬᠦᠭᠵᠢᠮᠳᠡᠨ ᠠᠷᠭ᠋ᠠᠳᠠᠳᠠᠭ ᠶᠤᠮ ᠪᠠᠢ᠌ᠨᠠ᠃ ᠬᠠᠶᠠ ᠰᠤᠯᠤᠭ᠋ᠠᠢ᠌ᠷᠠᠬᠤᠨᠢ ᠬᠠᠷᠢᠨ ᠡᠷᠡᠭᠦᠯ ᠪᠠᠢ᠌ᠭᠠ ᠬᠡᠳᠦᠢ ᠴᠦ᠍ ᠳᠠᠡᠭᠳᠠ ᠰᠤᠯᠤᠭ᠋ᠠᠢ ᠪᠠᠢ᠌ᠬᠤᠠᠴᠠᠪᠠᠨ ᠦᠪᠡᠷ ᠵᠶ᠋ᠠᠨ ᠬᠦᠷᠲᠡᠯᠡ ᠠᠶᠤᠨᠠ ᠃ ᠨᠢᠭᠡ ᠳᠦᠷᠰᠦᠨᠳᠤ ᠤᠳᠠᠭ᠋ᠠᠨ ᠪᠠᠢ᠌ᠬᠤ ᠵᠢᠨ ᠭᠠᠴᠢᠯᠠᠡᠭ ᠪᠤᠯᠤᠭ᠋ᠠᠳ ᠪᠠᠶᠠᠰᠬᠤᠯᠠᠡᠭᠢ ᠬᠦᠮᠦᠨ ᠪᠦᠬᠦᠨ ᠦᠯᠦ ᠭᠦᠢ᠍ᠴᠡᠬᠦ ᠵᠢᠨ ᠰᠢᠯᠲᠠᠭ᠋ᠠᠨ ᠡᠨᠡ ᠴᠦ᠍ ᠶᠤᠮ ᠪᠤᠯᠪᠠ ᠦᠦ᠃ ᠪᠤᠳᠤᠭ ᠪᠤᠳᠤᠯᠤᠨ ᠠᠯᠢᠨ ᠴᠦ᠍ ᠦᠭᠡᠢ ᠪᠤᠯᠲᠠᠯᠠᠪᠠᠨ ᠱᠤᠭᠤᠪᠲᠤᠷᠯᠠᠭᠤᠯᠵᠤ ᠪᠠᠢ᠌ᠬᠤᠳᠤᠪᠠᠨ ᠦᠵᠡᠭᠳᠡᠬᠦ ᠦᠭᠡᠢ ᠦᠬᠦᠯᠤᠨ ᠲᠤᠬᠠᠢ ᠯᠠ ᠬᠠᠮᠤᠭᠤᠨ ᠲᠤᠳᠤ ᠰᠠᠨᠠᠳᠠᠭ ᠪᠠᠢ᠌ᠭᠰᠠᠨ ᠮᠢᠨᠢ ᠬᠠᠷᠠᠭᠠ ᠦᠭᠡᠢ ᠨᠢᠳᠤᠨᠤ ᠤᠴᠢᠷ ᠪᠢᠰᠢ ᠭᠡᠰᠡᠨᠢ ᠢᠲᠡᠭᠡᠭᠰᠡᠨ ᠶᠤᠮ᠃ ᠦᠡᠭᠭᠡ ᠭᠡᠳᠡᠭ ᠠᠷᠠᠨᠰᠢᠨᠳᠤ ᠰᠠᠭᠤᠭᠳᠠᠳᠠᠭ ᠴᠦ᠍ ᠠᠮᠢᠳᠤᠳᠤ ᠮᠡᠳᠡᠷᠡᠭᠳᠡᠳᠡᠭ ᠦᠭᠡᠢ 〈〈 ᠴᠢᠨᠠᠷ 〉〉 ᠶᠤᠮ ᠪᠠᠢ᠌ᠨᠠ᠃
ᠰᠠᠨᠠᠬᠤ᠂ ᠬᠠᠭ᠋ᠠᠴᠠᠬᠤ᠂ ᠢᠲᠡᠭᠡᠬᠦ ᠁ᠳᠤ ᠬᠦᠷᠲᠡᠯᠡ ᠳᠠᠰᠬᠤ ᠵᠢᠨ ᠰᠢᠯᠲᠠᠭ᠋ᠠᠨ ᠪᠤᠢ ᠠᠭ᠋ᠠᠳ ᠲᠡᠷᠡ 〈〈 ᠦᠷᠲᠡᠭᠡᠨ〉〉 ᠠᠴᠠ ᠨᠢᠭᠡᠨᠲᠠᠢ᠌ᠶᠠ ᠭᠠᠷ ᠡᠷᠭᠦᠨ ᠰᠠᠯᠵᠤ ᠴᠢᠳᠠᠪᠠᠯ ᠬᠦᠮᠦᠨ ᠪᠠᠢ᠌ᠲᠤᠭ᠋ᠠᠢ ᠠᠮᠢᠲᠠᠨ ᠠᠷᠢᠶᠠᠲᠠᠨ ᠴᠦ᠍ ᠡᠷᠬᠡ ᠴᠢᠯᠦᠭᠡᠨᠤ ᠭᠡᠷᠡᠯ ᠭᠡᠭᠡᠨᠳᠤ ᠦᠪᠡᠷᠤᠨ ᠲᠠᠪᠠᠪᠠᠷ ᠵᠶ᠋ᠠᠨ ᠤᠷᠤᠰᠢᠨ ᠲᠤᠭᠲᠠᠨᠢᠵᠦ ᠴᠢᠳᠠᠬᠤ ᠮᠦᠷᠳᠡᠭᠡᠨ ᠬᠦᠯᠢᠶᠡᠰᠦ ᠠᠯᠳᠠᠷᠠᠭᠰᠠᠨ ᠮᠡᠲᠦ ᠬᠦᠡᠭᠭᠡᠨ ᠭᠠᠪᠰᠢᠭ᠋ᠠᠢ ᠪᠠᠢ᠌ᠵᠦ ᠪᠤᠯᠬᠤ ᠵᠢ ᠠᠯᠢ ᠵᠢᠨᠢ ᠲᠡᠷᠡ ᠬᠡᠬᠦ ᠶᠤᠮ ᠪᠢᠯᠡ᠃ ᠡᠨᠡ ᠢᠨᠠᠭᠯᠠᠨ ᠬᠤᠤᠷᠯᠠᠬᠤ ᠮᠡᠲᠦ ᠨᠢᠯᠤᠭᠤᠨ ᠪᠤᠯᠤᠭ᠋ᠠᠳ ᠤᠶᠠᠨ ᠬᠠᠳᠠᠨ ᠴᠢᠨᠠᠷᠲᠤ ᠭᠠᠬ᠍ᠴᠠ ᠦᠭᠡ ᠵᠢᠨ ᠲᠤᠬᠠᠢ ᠬᠡᠳᠦᠢ ᠪᠤᠳᠤᠭ᠋ᠠᠳ ᠴᠦ᠍ ᠡᠪᠲᠠᠢ ᠵᠤᠢ᠌ᠷᠯᠠᠯ ᠡᠰᠡ ᠤᠯᠳᠠᠭᠰᠠᠨ ᠴᠦ᠍ ᠶᠡᠬᠡ ᠵᠢ ᠪᠠᠭᠠ ᠪᠤᠯᠭ᠋ᠠᠬᠤ᠂ ᠪᠠᠭᠠ ᠵᠢ ᠠᠯᠠᠭᠠ ᠪᠤᠯᠭ᠋ᠠᠬᠤ ᠪᠠᠲᠤᠶᠤᠰᠤ ᠵᠢᠨ ᠤᠬᠠᠭ᠋ᠠᠨᠢ ᠪᠠᠭᠠᠠᠴᠠ ᠰᠤᠷᠤᠭᠰᠠᠨ ᠵᠶ᠋ᠠᠨ ᠡᠷᠭᠡ ᠦᠭᠡᠢ ᠰᠠᠨᠠᠪᠠ᠃
ᠵᠣᠬᠢᠶᠠᠬ᠍ᠴᠢ` ᠵᠢᠨ ᠬᠠᠶᠢᠭ᠄ ᠠᠷᠤ ᠬᠤᠷᠴᠢᠨ ᠬᠤᠰᠢᠭᠤᠨᠤ ᠰᠠᠢ᠌ᠬᠠᠨᠲᠠᠯᠠ ᠰᠤᠮᠤ ᠵᠢᠨ ᠶᠠᠮᠤᠨ ᠭᠠᠴᠠᠭᠠ