ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠤᠭ᠎ᠠ ᠪᠠᠷᠢᠮᠲᠠ᠎ᠶᠢᠨ ᠨᠡᠶ᠋ᠢᠲᠡᠯᠡᠯ
ᠤᠯᠠᠮᠵᠢᠯᠠᠯ᠎ᠤᠨ ᠤᠯᠪᠠᠭ᠎ᠠ ᠬᠢᠭᠡᠳ ᠤᠯᠠᠭ᠋ᠠᠨ ᠢᠳᠡᠭᠡᠨ᠎ᠤ ᠰᠢᠨᠡᠴᠢᠯᠡᠯᠳᠡ
ᠨᠡᠶᠢᠲᠡᠯᠡᠭᠰᠡᠨ ᠴᠠᠭ᠄ 2023-06-07

                     ᠱ᠌ᠢᠷᠦᠨᠴᠢᠮᠡᠭ ᠵᠤᠬᠢᠶᠠᠪᠠ
     ᠤᠯᠠᠭ᠋ᠠᠨ ᠢᠳᠡᠭᠡᠨ᠎ᠨᠢ ᠮᠤᠡᠭᠭᠤᠯᠴᠤᠳ᠎ᠤᠨ ᠤᠯᠠᠮᠵᠢᠯᠠᠯᠳᠦ ᠢᠳᠡᠭᠡᠨ᠎ᠤ ᠴᠢᠬᠤᠯᠠ ᠳᠦᠷᠦᠯ ᠪᠢᠯᠡ᠃ ᠤᠯᠠᠮᠵᠢᠯᠠᠯᠳᠦ ᠤᠯᠠᠭ᠋ᠠᠨ ᠢᠳᠡᠭᠡᠨ᠎ᠨᠢ ᠤᠳᠤ ᠪᠤᠯᠳᠠᠯ᠎ᠠ ᠬᠦᠮᠦᠰ᠎ᠤᠨ ᠠᠡᠭᠬᠠᠷᠤᠯ ᠳᠠᠭ᠋ᠠᠰᠢᠶᠠᠯ᠎ᠳᠤ ᠬᠦᠷᠦᠭᠰᠡᠭᠡᠷ ᠪᠠᠢ᠌ᠭ᠎ᠠ᠎ᠨᠢ ᠴᠢᠨᠠᠷ᠎ᠨᠢ ᠪᠠᠳᠤᠯᠠᠭ᠎ᠠ᠎ᠲᠠᠢ ᠪᠤᠯᠬᠤᠷ ᠪᠠᠢ᠌ᠡᠭᠭᠤ ᠵᠢᠨ ᠬᠡᠷᠡᠭᠯᠡᠭᠴᠢ᠎ᠪᠠᠨ ᠠᠯᠳᠠᠬᠤ ᠦᠭᠡᠢ ᠳᠠᠪᠠᠭᠤᠯᠢᠭ᠎ᠲᠠᠢ ᠪᠠᠢ᠌ᠳᠠᠭ᠃ ᠡᠬᠦᠨ ᠵᠢᠡᠷ ᠪᠠᠷᠠᠬᠤ ᠦᠭᠡᠢ ᠰᠢᠨ᠎ᠡ ᠬᠡᠷᠡᠭᠯᠡᠭᠴᠢᠳ᠎ᠲᠤ ᠴᠦ᠍ ᠠᠮᠠᠷᠬᠠᠨ ᠳᠠᠭ᠋ᠠᠯᠠᠭᠳᠠᠳᠠᠭ᠎ᠨᠢ  ᠪᠠᠢ᠌ᠭ᠋ᠠᠯᠢᠯᠢᠭ ᠪᠤᠬᠢᠷᠳᠤᠯ ᠦᠭᠡᠢ ᠪᠠᠢ᠌ᠬᠤ ᠵᠢ ᠪᠠᠳᠤᠯᠠᠳᠠᠭ᠎ᠤᠨ᠎ᠬᠢ ᠶᠤᠮ᠃ ᠴᠢᠨᠠᠷ᠎ᠤᠨ ᠪᠠᠳᠤᠯᠠᠭ᠎ᠠ ᠬᠡᠳᠡᠭ ᠪᠤᠯ ᠬᠦᠭᠵᠢᠯᠳᠡ ᠵᠢᠨ ᠪᠠᠳᠤ ᠰᠠᠭᠤᠷᠢ ᠪᠤᠯᠬᠤ ᠤᠴᠢᠷᠳᠠᠢ᠃ ᠳᠡᠭᠡᠪᠡᠯ ᠡᠢ᠌ᠮᠦᠷᠬᠦᠦ ᠰᠠᠢ᠌ᠨ ᠰᠠᠭᠤᠷᠢ᠎ᠲᠠᠢ ᠪᠠᠢ᠌ᠬᠤ ᠵᠢᠨ ᠳᠡᠭᠡᠷ᠎ᠡ ᠤᠯᠠᠭ᠋ᠠᠨ ᠢᠳᠡᠭᠡᠨ᠎ᠤ ᠬᠦᠭᠵᠢᠯᠳᠡ᠎ᠳᠤ ᠴᠠᠭ ᠦᠶ᠎ᠡ᠎ᠲᠠᠢ᠎ᠪᠠᠨ ᠵᠤᠬᠢᠴᠠᠨ ᠬᠦᠭᠵᠢᠬᠦ ᠱᠠᠭ᠋ᠠᠷᠳᠠᠯᠭ᠎ᠠ ᠳᠤᠯᠭ᠋ᠠᠷᠠᠭᠰᠠᠨ᠎ᠢ ᠲᠠ ᠪᠢᠳᠡ ᠪᠦᠬᠦᠳᠡ ᠠᠡᠭᠵᠠᠭ᠋ᠠᠷᠠᠭᠰᠠᠨ ᠪᠢᠯᠡ᠃ ᠨᠢᠭᠡ ᠪᠦᠯᠦᠭ ᠵᠠᠯᠠᠭᠤ ᠮᠠᠯᠴᠢᠳ ᠪᠤᠯᠤᠨ ᠠᠵᠤ ᠠᠬᠤᠢ᠌ᠯᠠᠯᠳᠠᠳ ᠤᠯᠠᠭ᠋ᠠᠨ ᠢᠳᠡᠭᠡᠨ᠎ᠢ ᠰᠢᠨᠡᠴᠢᠯᠡᠨ ᠬᠦᠭᠵᠢᠬᠦᠯᠬᠦ ᠳᠠᠯ᠎ᠠ᠎ᠪᠠᠷ ᠢᠳᠡᠪᠬᠢᠳᠡᠢ ᠠᠵᠢᠯᠯᠠᠵᠠᠭ᠋ᠠᠵᠦ ᠪᠠᠢ᠌ᠭ᠎ᠠ ᠶᠤᠮ᠃ ᠰᠤᠷᠪᠤᠯᠵᠢᠯᠠᠭᠴᠢ ᠤᠷᠴᠢᠮᠬᠠᠨ ᠰᠢᠯᠢ ᠵᠢᠨ ᠬᠤᠳᠠ ᠵᠢᠨ ᠢ ᠺᠸᠦ ᠬᠤᠭᠤᠯᠠᠨ ᠭᠡᠷ ᠪᠤᠯᠤᠨ ᠪᠠᠷᠠᠭᠤᠨ ᠦᠵᠦᠮᠦᠴᠢᠨ ᠬᠤᠰᠢᠭᠤᠨ᠎ᠤ ᠬᠤᠪᠢᠳᠠᠢ ᠬᠤᠷᠰᠢᠶᠠᠵᠢᠯ᠂ ᠰᠦᠨᠢᠳ ᠵᠡᠬᠦᠨ ᠬᠤᠰᠢᠭᠤᠨ᠎ᠤ ᠬᠤᠡᠭᠳᠦ ᠮᠢᠬᠠᠨ᠎ᠤ ᠳᠡᠯᠭᠡᠬᠦᠷ᠎ᠤᠨ᠎ᠬᠢᠨ᠎ᠢ ᠰᠤᠷᠪᠤᠯᠵᠢᠯᠠᠵᠦ ᠪᠢᠯᠡ᠃
   ᠬᠤᠭᠤᠯᠠᠨ ᠭᠡᠷ᠎ᠤᠨ ᠡᠵᠡᠡᠭᠨᠡᠯᠳᠡ᠎ᠠᠴᠠ ᠤᠯᠠᠭ᠋ᠠᠨ ᠢᠳᠡᠭᠡᠨ᠎ᠤ ᠰᠢᠨᠡᠴᠢᠯᠡᠯᠳᠡ ᠵᠢ ᠬᠠᠷᠠᠬᠤᠢ
   ᠰᠢᠯᠢᠩᠬᠤᠲᠠ ᠵᠢᠨ ᠢ ᠺᠸᠦ ᠬᠤᠭᠤᠯᠠᠨ ᠬᠡᠷ᠎ᠤᠨ ᠬᠤᠭᠤᠯᠠ ᠮᠢᠬ᠎ᠠ᠎ᠪᠠᠷ ᠭᠤᠤᠯᠳᠠᠨ᠎ᠠ᠃ ᠳᠡᠳᠡ ᠮᠢᠬ᠎ᠠ᠎ᠪᠠᠨ ᠶᠠᠭ᠋ᠠᠬᠢᠵᠦ ᠪᠤᠰᠤᠳ ᠭᠡᠷ᠎ᠠᠴᠠ ᠢᠯᠭ᠋ᠠᠭᠳᠠᠬᠤ᠎ᠪᠠᠷ ᠡᠳ᠋ᠰᠢᠬᠦᠯᠵᠦ ᠪᠠᠢ᠌ᠭ᠎ᠠ ᠵᠢ ᠤᠢ᠌ᠯᠠᠭ᠋ᠠᠬᠤ᠎ᠪᠠᠷ ᠬᠤᠭᠤᠯᠠᠨ ᠭᠡᠷ᠎ᠤᠨ ᠡᠵᠡᠨᠳᠡᠨ ᠨᠠᠷᠠᠨᠳᠤᠶᠠᠭ᠎ᠠ ᠵᠢ ᠰᠤᠷᠪᠤᠯᠵᠢᠯᠠᠭᠰᠠᠨ ᠶᠤᠮ᠃ ᠮᠢᠬ᠎ᠠ ᠵᠢ ᠰᠢᠷᠠᠵᠦ ᠪᠤᠯᠭᠤᠬᠤ᠎ᠨᠢ ᠤᠯᠠᠮ ᠠᠮᠳᠠ ᠰᠢᠮᠳᠠ᠎ᠲᠠᠢ ᠪᠤᠯᠭ᠋ᠠᠳᠠᠭ ᠳᠠᠯ᠎ᠠ ᠪᠤᠢ᠃ ᠰᠢᠷᠡᠮᠡᠯ ᠢᠳᠡᠭᠡᠨ᠎ᠳᠤ ᠳᠤᠷ᠎ᠠ ᠦᠭᠡᠢ ᠬᠦᠮᠦᠨ ᠪᠠᠷᠤᠭ ᠪᠠᠢ᠌ᠳᠠᠭ ᠦᠭᠡᠢ᠃ ᠬᠦᠮᠦᠰ᠎ᠤᠨ ᠡᠢ᠌ᠮᠦ ᠳᠠᠭ᠋ᠠᠰᠢᠶᠠᠯ᠎ᠳᠤ ᠳᠤᠬᠢᠷᠠᠭᠤᠯᠤᠨ ᠨᠠᠷᠠᠨᠳᠤᠶᠠᠭ᠎ᠠ ᠮᠢᠬ᠎ᠠ ᠵᠢ ᠰᠢᠷᠠᠵᠦ ᠪᠤᠯᠭᠤᠬᠤ ᠳᠤᠬᠠᠢ ᠠᠡᠭᠬᠠᠨ᠎ᠤ ᠪᠤᠳᠤᠯ ᠤᠷᠤᠭᠰᠠᠨ ᠪᠠᠢ᠌ᠪᠠ᠃ ᠳᠡᠷᠡ ᠤᠭ᠎ᠨᠢ ᠪᠠᠰᠠ ᠬᠤᠭᠤᠯᠠᠨ ᠭᠡᠷ ᠡᠷᠬᠢᠯᠡᠵᠦ ᠪᠠᠢ᠌ᠭᠰᠠᠨ ᠳᠤᠷᠰᠢᠯᠭ᠎ᠠ᠎ᠲᠠᠢ ᠪᠤᠯᠬᠤᠷ ᠮᠠᠨ᠎ᠤ ᠤᠯᠠᠭ᠋ᠠᠨ ᠢᠳᠡᠭᠡᠨ᠎ᠤ ᠵᠠᠬ᠎ᠠ ᠳᠡᠯᠭᠡᠬᠦᠷ᠎ᠤᠨ ᠬᠦᠭᠵᠢᠯᠳᠡ᠎ᠳᠤ ᠴᠤᠬᠤᠮ ᠶᠠᠭᠤ ᠬᠡᠷᠡᠭᠳᠡᠢ ᠪᠠᠢ᠌ᠭ᠎ᠠ ᠵᠢᠨ ᠳᠤᠬᠠᠢ ᠳᠤᠵᠢ ᠰᠡᠳᠬᠢᠵᠦ ᠪᠤᠳᠤᠳᠠᠭ ᠠᠵᠢ᠃ ᠰᠢᠷᠡᠮᠡᠯ ᠢᠳᠡᠭᠡᠨ ᠬᠦᠮᠦᠰ᠎ᠤᠨ ᠳᠠᠭ᠋ᠠᠰᠢᠶᠠᠯ᠎ᠳᠤ ᠢᠯᠡᠬᠦᠦ ᠬᠦᠷᠳᠡᠭ᠎ᠢ ᠰᠡᠷᠡᠵᠦ ᠮᠡᠳᠡᠭᠰᠡᠨ᠎ᠨᠢ ᠳᠡᠬᠦᠨ᠎ᠤ ᠡᠨᠡ ᠬᠦ᠌ ᠬᠤᠭᠤᠯᠠᠨ ᠭᠡᠷ᠎ᠢ ᠡᠷᠬᠢᠯᠡᠭᠰᠡᠨ ᠦᠨᠳᠦᠰᠦ ᠰᠠᠭᠤᠷᠢ᠎ᠨᠢ ᠪᠠᠢ᠌ᠯ᠎ᠠ᠃ ᠰᠢᠷᠠᠮᠠᠯ ᠢᠳᠡᠭᠡᠨ ᠭᠡᠪᠡᠯ ᠮᠤᠡᠭᠭᠤᠯᠴᠤᠳ᠎ᠤᠨ ᠤᠯᠠᠮᠵᠢᠯᠠᠯᠳᠦ ᠢᠳᠡᠭᠡᠨ᠎ᠳᠤ ᠴᠦ᠍ ᠪᠠᠢ᠌ᠳᠠᠭ ᠵᠦᠢ᠍ᠯ᠃ ᠳᠡᠭᠡᠪᠡᠯ ᠨᠠᠷᠠᠨᠳᠤᠶᠠᠭ᠎ᠠ ᠶᠠᠭ᠋ᠠᠬᠢᠵᠦ ᠰᠢᠨᠡᠴᠢᠯᠡᠭᠰᠡᠨ ᠪᠤᠢ? ᠳᠡᠳᠡᠨ᠎ᠤ ᠬᠤᠭᠤᠯᠠᠨ ᠭᠡᠷ᠎ᠤᠨ ᠨᠤᠭᠤᠭ᠎ᠠ ᠵᠢ ᠬᠠᠷᠠᠭᠰᠠᠨ ᠪᠤᠯᠭ᠋ᠠᠨ ᠡᠸᠦᠢ᠍ᠷᠦᠫᠠᠴᠢᠯᠡᠭᠰᠡᠨ ᠤᠨᠴᠠᠯᠢᠭ᠎ᠢ ᠤᠯᠵᠦ ᠬᠠᠷᠠᠨ᠎ᠠ᠃ ᠳᠡᠳᠡᠨ᠎ᠤ᠎ᠳᠤ ᠰᠢᠷᠠᠭᠰᠠᠨ ᠮᠢᠬᠠᠨ᠎ᠤ ᠴᠤᠭᠯᠠᠭᠤᠯᠭ᠎ᠠ ᠬᠡᠮᠡᠬᠦ ᠨᠢᠭᠡᠨ ᠰᠠᠢ᠌ᠬᠠᠨ ᠰᠢᠷᠠᠮᠠᠯ ᠢᠳᠡᠭᠡᠨ ᠪᠤᠢ᠃ ᠡᠨᠡ᠎ᠨᠢ ᠦᠭᠡᠷ᠎ᠤᠨ ᠬᠠᠪᠢᠷᠭ᠎ᠠ᠂ ᠬᠤᠨᠢᠨ᠎ᠤ ᠬᠠᠪᠢᠷᠭ᠎ᠠ᠂ ᠬᠢᠮ᠎ᠠ᠂ ᠳᠦᠮᠦᠰᠦ᠂ ᠡᠷᠳᠡᠨᠢ ᠰᠢᠰᠢ᠂ ᠬᠠᠯᠠᠭᠤᠨ ᠨᠤᠭᠤᠭ᠎ᠠ᠂ ᠳᠦᠪᠡᠳ ᠬᠠᠰᠢ᠂  ᠴᠡᠴᠡᠭᠳᠤ ᠨᠤᠭᠤᠭ᠎ᠠ (西蓝花) ᠵᠡᠷᠭᠡ ᠵᠢᠨ ᠪᠦᠷᠢᠯᠳᠦᠬᠦᠨ᠎ᠲᠠᠢ ᠮᠠᠰᠢ ᠰᠠᠢ᠌ᠬᠠᠨ ᠢᠳᠡᠭᠡᠨ ᠪᠤᠯᠤᠨ᠎ᠠ᠃ ᠡᠨᠡ ᠬᠦ᠌ ᠢᠳᠡᠬᠡᠨ᠎ᠤ ᠮᠢᠬ᠎ᠠ ᠵᠢ ᠪᠦᠷ ᠰᠢᠷᠠᠵᠦ ᠪᠤᠯᠭᠤᠭᠰᠠᠨ ᠵᠢᠡᠷ ᠵᠢᠡᠨ ᠤᠨᠴᠠᠯᠩᠳᠠᠵᠦ ᠬᠠᠷᠠᠭᠰᠠᠨ ᠪᠦᠬᠦᠨ᠎ᠳᠤ ᠠᠮᠳᠠᠯᠠᠵᠦ ᠦᠵᠡᠬᠦ ᠬᠦᠰᠡᠯ ᠳᠦᠷᠦᠬᠦᠯᠦᠨ᠎ᠡ᠃ ᠡᠳᠡᠨ᠎ᠤ᠎ᠳᠤ ᠪᠠᠰᠠ ᠬᠡᠳᠦᠨ ᠵᠦᠢ᠍ᠯ᠎ᠤᠨ ᠬᠢᠮ᠎ᠡ ᠵᠢ ᠰᠢᠷᠠᠵᠦ ᠪᠤᠯᠭᠤᠭᠰᠠᠨ ᠨᠤᠭᠤᠭ᠎ᠠ ᠪᠠᠢ᠌ᠳᠠᠭ᠃ ᠬᠦᠮᠦᠰ ᠬᠢᠮ᠎ᠡ ᠢᠳᠡᠬᠦ ᠳᠤᠷᠠᠳᠠᠢ᠂ ᠨᠡᠡᠭ ᠴᠦ᠍ ᠰᠢᠷᠠᠵᠦ ᠪᠤᠯᠭᠤᠭᠰᠠᠨ ᠬᠢᠮ᠎ᠡ ᠵᠢ ᠢᠳᠡᠬᠦ ᠳᠤᠷᠠᠳᠠᠢ᠃ ᠨᠠᠷᠠᠨᠳᠤᠶᠠᠭ᠎ᠠ ᠬᠦᠮᠦᠰ᠎ᠤᠨ ᠶᠠᠮᠠᠷ ᠢᠳᠡᠭᠡᠨ᠎ᠳᠤ ᠢᠯᠡᠬᠦᠦ ᠳᠤᠷᠠᠳᠠᠢ ᠪᠠᠳᠢᠠᠭ᠎ᠢ ᠠᠡᠭᠵᠠᠭ᠋ᠠᠷᠠᠵᠦ᠂ ᠬᠡᠷᠡᠭᠯᠡᠭᠴᠢᠳ᠎ᠤᠨ ᠵᠢᠡᠨ ᠱᠠᠭ᠋ᠠᠷᠳᠠᠯᠭ᠎ᠠ᠎ᠳᠤ ᠵᠤᠬᠢᠴᠠᠭᠤᠯᠤᠨ ᠠᠵᠢᠯᠯᠠᠵᠦ᠂ ᠤᠯᠠᠭ᠋ᠠᠨ ᠢᠳᠡᠭᠡᠨ ᠵᠢᠡᠨ ᠰᠢᠨᠡᠴᠢᠯᠡᠬᠦ ᠳᠠᠯ᠎ᠠ᠎ᠪᠠᠷ ᠪᠤᠰᠤᠳ᠎ᠠᠴᠠ᠎ᠪᠠᠨ ᠦᠪᠡᠷᠮᠢᠴᠡ ᠤᠨᠴᠠᠯᠢᠭ᠎ᠲᠠᠢ ᠬᠢᠵᠦ ᠴᠢᠳᠠᠭᠰᠠᠨ ᠵᠢᠡᠷ ᠬᠤᠭᠤᠯᠠᠨ ᠭᠡᠷ᠎ᠲᠤ᠎ᠨᠢ ᠤᠴᠢᠬᠰᠠᠳ ᠤᠯᠠᠰᠢᠷᠠᠵᠦ ᠮᠦᠷᠯᠡᠵᠦ ᠬᠦᠯᠢᠶᠡᠬᠦ ᠪᠠᠢ᠌ᠳᠠᠯ ᠵᠦᠡᠭᠳᠡᠭᠡᠨ ᠳᠠᠭ᠋ᠠᠷᠠᠳᠠᠭ ᠶᠤᠮ ᠪᠠᠢ᠌ᠨ᠎ᠠ᠃ ᠨᠠᠷᠠᠨᠳᠤᠶᠠᠭ᠎ᠠ ᠪᠠᠰᠠ ᠦᠭᠡᠷ᠎ᠤᠨ ᠪᠤᠷᠴᠨ᠂ ᠦᠭᠡᠷ᠎ᠤᠨ ᠬᠠᠳᠠᠭ᠋ᠠᠭᠰᠠᠨ ᠬᠠᠪᠢᠷᠭ᠎ᠠ᠂  ᠬᠤᠨᠢᠨ᠎ᠤ ᠬᠠᠳᠠᠭ᠋ᠠᠭᠰᠠᠨ ᠬᠠᠪᠢᠷᠭ᠎ᠠ᠎ᠲᠠᠢ ᠨᠤᠭᠤᠭ᠎ᠠ ᠵᠠᠭᠤᠰᠢ ᠵᠢ ᠶᠠᠭ᠋ᠠᠭᠢᠵᠦ ᠬᠢᠬᠦ ᠳᠤᠬᠠᠢ ᠪᠡᠯᠡᠳᠭᠡᠵᠦ᠂ ᠤᠯᠠᠭ᠋ᠠᠨ ᠢᠳᠡᠭᠡᠨ᠎ᠢ ᠤᠯᠠᠮᠵᠢᠯᠠᠯ᠎ᠤᠨ ᠵᠢᠡᠨ ᠰᠠᠭᠤᠷᠢᠨ ᠳᠡᠭᠡᠷ᠎ᠡ ᠤᠯᠠᠮ ᠰᠢᠨᠡᠴᠢᠯᠡᠨ ᠬᠦᠭᠵᠢᠬᠦᠯᠬᠦ ᠳᠤᠬᠠᠢ ᠡᠳᠦᠷ ᠪᠦᠷᠢ ᠤᠠᠬᠠᠭ᠋ᠠᠨ ᠰᠡᠳᠦᠵᠦ ᠶᠠᠪᠤᠭ᠎ᠠ ᠠᠵᠢ᠃
     ᠬᠤᠷᠰᠢᠶᠡᠵᠢᠯ᠎ᠤᠨ ᠪᠦᠳᠦᠭᠡᠭᠳᠡᠬᠦᠨ᠎ᠠᠴᠠ ᠤᠯᠠᠭ᠋ᠠᠨ ᠢᠳᠡᠭᠡᠨ᠎ᠤ ᠰᠢᠨᠡᠴᠢᠯᠡᠯᠳᠡ ᠵᠢ ᠬᠠᠷᠠᠬᠤᠢ
     ᠪᠠᠷᠠᠭᠤᠨ ᠦᠵᠦᠮᠦᠴᠢᠨ ᠬᠤᠰᠢᠭᠤᠨ᠎ᠤ ᠬᠤᠪᠢᠳᠠᠢ ᠬᠤᠷᠰᠢᠶᠠᠵᠢᠯ᠎ᠤᠨ ᠬᠠᠯᠠᠭᠤᠨ ᠳᠤᠭᠤᠭ᠎ᠠ᠂ ᠱᠠᠯᠪᠢᠡᠭ᠂ ᠦᠭᠡᠷ᠎ᠤᠨ ᠮᠢᠬ᠎ᠠ᠎ᠲᠠᠢ ᠵᠢᠶᠠᠡᠭ ᠴᠠᠬᠢᠮ ᠰᠦᠯᠵᠢᠶ᠎ᠡ᠎ᠪᠠᠷ ᠬᠡᠷᠡᠭᠯᠡᠭᠴᠢᠳ᠎ᠲᠠᠢ ᠵᠤᠯᠭ᠋ᠠᠭ᠋ᠠᠳ ᠬᠡᠰᠡᠭ ᠬᠤᠭᠤᠴᠠᠭ᠎ᠠ ᠪᠤᠯᠵᠦ ᠪᠤᠢ᠃ ᠬᠠᠯᠠᠭᠤᠨ ᠳᠤᠭᠤᠭ᠎ᠠ ᠪᠤᠯ ᠮᠤᠡᠭᠭᠤᠯᠴᠤᠳ᠎ᠤᠨ ᠠᠯᠢ ᠤᠵᠤᠭᠤᠷ᠎ᠤᠨ ᠢᠳᠡᠭᠡᠨ᠃ ᠳᠡᠭᠡᠪᠡᠯ ᠰᠢᠨ᠎ᠡ ᠴᠠᠭ ᠦᠶ᠎ᠡ᠎ᠳᠤ ᠬᠦᠷᠴᠦ ᠢᠷᠡᠭᠡᠳ ᠵᠠᠯᠠᠭᠤᠴᠤᠳ ᠮᠠᠨᠢ ᠬᠠᠯᠠᠭᠤᠨ ᠳᠤᠭᠤᠭ᠎ᠠ ᠵᠢ ᠵᠤᠭ᠋ᠠᠴᠠᠯ᠎ᠳᠤ ᠵᠤᠷᠢᠭᠤᠯᠬᠤ᠂ ᠪᠡᠯᠡᠭ ᠳᠤᠷᠠᠰᠬᠠᠯ᠎ᠳᠤ ᠵᠤᠷᠢᠭᠤᠯᠬᠤ ᠵᠡᠷᠭᠡ ᠱᠠᠯ ᠦᠭᠡᠷ᠎ᠡ ᠳᠠᠯ᠎ᠠ ᠵᠢᠨ ᠠᠭᠤᠯᠭ᠎ᠠ᠎ᠪᠠᠷ ᠰᠢᠨᠡᠴᠢᠯᠡᠵᠦ ᠪᠠᠢ᠌ᠭ᠎ᠠ ᠶᠤᠮ ᠪᠠᠢ᠌ᠨ᠎ᠠ᠃ ᠬᠤᠪᠢᠳᠠᠢ ᠬᠠᠯᠠᠭᠤᠨ ᠳᠤᠭᠤᠭ᠎ᠠ᠎ᠨᠢ ᠦᠨᠤ ᠵᠢᠯ᠎ᠤᠨ ᠴᠠᠭ᠋ᠠᠨ ᠰᠠᠷ᠎ᠠ᠎ᠠᠴᠠ ᠡᠮᠦᠨ᠎ᠡ ᠪᠤᠭᠤᠳᠠᠯ ᠪᠠᠭᠯᠠᠭ᠎ᠠ᠎ᠲᠠᠢ ᠪᠤᠯᠤᠭᠰᠠᠨ ᠵᠢᠡᠷ ᠴᠠᠭ᠋ᠠᠨ ᠰᠠᠷ᠎ᠠ ᠵᠢᠨ ᠪᠡᠯᠡᠭ᠎ᠲᠤ ᠶᠡᠬᠡ ᠵᠠᠷᠤᠭᠳᠠᠭᠰᠠᠨ ᠪᠠᠢ᠌ᠵᠠᠢ᠃ ᠨᠢᠭᠡ ᠬᠠᠢ᠌ᠷᠴᠠᠭ  ᠎ᠲᠤ᠎ᠪᠠᠨ 188 ᠳᠦᠬᠦᠷᠢᠭ ᠪᠠᠢ᠌ᠳᠠᠭ ᠳᠤᠰ ᠪᠦᠳᠦᠭᠡᠭᠳᠡᠬᠦᠨ ᠦᠨ᠎ᠡ ᠬᠠᠡᠭᠰᠢ ᠵᠢᠨ ᠬᠤᠪᠢ᠎ᠳᠤ ᠴᠠᠭ᠋ᠠᠨ ᠰᠠᠷ᠎ᠠ ᠵᠢᠨ ᠪᠡᠯᠡᠭ ᠳᠤᠷᠠᠰᠬᠠᠯ᠎ᠤᠨ ᠪᠠᠷᠢᠮᠵᠢᠶᠠᠨ᠎ᠳᠤ ᠨᠡᠢ᠌ᠴᠡᠵᠦ ᠪᠠᠢ᠌ᠭ᠎ᠠ ᠪᠦᠭᠡᠳ ᠴᠤᠯ ᠪᠠᠢ᠌ᠭ᠋ᠠᠯᠢᠯᠢᠭ ᠢᠳᠡᠭᠡᠨ ᠪᠤᠯᠬᠤᠷ ᠪᠡᠯᠡᠭ  ᠬᠦᠷᠭᠡᠭᠴᠢ᠂ ᠪᠡᠯᠡᠭ ᠲᠤᠰᠤᠬ᠍ᠴᠢ ᠵᠢᠨ ᠲᠠᠭ᠋ᠠᠰᠢᠶᠠᠯ᠎ᠳᠤ ᠬᠦᠷᠴᠦ ᠴᠢᠳᠠᠭᠰᠠᠨ ᠠᠵᠢ᠃  ᠬᠠᠯᠠᠭᠤᠨ ᠳᠤᠭᠤᠭ᠋ᠠᠨ᠎ᠳᠤ᠎ᠪᠠᠨ ᠳᠡᠳᠡ ᠦᠭᠡᠷ᠎ᠤᠨ ᠮᠢᠬ᠎ᠠ᠂ ᠮᠢᠬᠠᠨ ᠪᠦᠮᠪᠦᠯᠢᠭ᠂ ᠬᠤᠨᠢᠨ᠎ᠤ ᠭᠤᠳᠤᠡᠭ᠂ ᠬᠤᠨᠢᠨ᠎ᠤ ᠬᠠᠪᠢᠷᠭ᠎ᠠ  ᠪᠤᠯᠤᠨ ᠡᠪᠴᠢᠬᠦᠨ᠎ᠤ ᠮᠢᠬ᠎ᠠ᠂ ᠬᠤᠨᠢᠨ᠎ᠤ ᠭᠤᠰ ᠵᠡᠷᠭᠡ ᠳᠠᠪᠤᠨ ᠵᠦᠢ᠍ᠯ᠎ᠤᠨ ᠮᠢᠬ᠎ᠠ ᠪᠤᠯᠤᠨ ᠬᠠᠷ᠎ᠠ ᠳᠠᠯᠳᠡᠤ᠂ ᠬᠠᠪᠳᠠᠭ᠋ᠠᠢ ᠹᠸᠡᠭᠲ᠋ᠢᠶᠤᠤᠷ᠂ ᠨᠢᠮᠭᠡᠨ ᠳ᠋ᠸᠤᠹᠦ᠋ ᠵᠡᠷᠭᠡ ᠭᠤᠷᠪᠠᠨ ᠵᠦᠢ᠍ᠯ᠎ᠤᠨ ᠨᠤᠭᠤᠭ᠎ᠠ ᠬᠢᠭᠰᠡᠨ ᠠᠵᠢ᠃ ᠮᠢᠬ᠎ᠠ ᠨᠤᠭᠤᠭ᠎ᠠ᠎ᠪᠠᠨ ᠪᠦᠷ ᠠᠰ ᠠᠰ ᠵᠢᠡᠷ᠎ᠨᠢ ᠤᠭᠤᠳᠠᠯᠠᠭᠰᠠᠨ᠎ᠨᠢ ᠶᠡᠬᠡ ᠴᠡᠪᠡᠷᠭᠡᠨ ᠰᠠᠨᠠᠭᠳᠠᠪᠠ᠃ ᠴᠢᠨᠠᠭᠰᠠᠨ ᠮᠢᠬᠠᠨ᠎ᠤ᠎ᠪᠠᠨ ᠱᠦᠯᠦ ᠵᠢ ᠤᠭᠤᠳᠠᠯᠠᠵᠦ᠂ ᠬᠠᠯᠠᠭᠤᠨ ᠳᠤᠭᠤᠭ᠋ᠠᠨ᠎ᠤ ᠱᠦᠯᠦ ᠪᠤᠯᠭ᠋ᠠᠬᠤ᠎ᠪᠠᠷ ᠪᠡᠯᠡᠳᠦᠭᠰᠡᠨ ᠪᠦᠬᠡᠳ ᠬᠠᠯᠠᠭᠤᠨ ᠳᠤᠭᠤᠭ᠎ᠠ ᠵᠢ ᠴᠦ᠍ ᠪᠡᠯᠡᠳᠭᠡᠵᠦ ᠦᠭᠬᠦᠭᠰᠡᠨ᠎ᠨᠢ ᠮᠠᠰᠢ ᠳᠦᠬᠦᠮ ᠰᠠᠨᠠᠭᠳᠠᠪᠠ᠃ ᠡᠨᠡ ᠬᠦ᠌ ᠬᠠᠯᠠᠭᠤᠨ ᠳᠤᠭᠤᠭ᠎ᠠ ᠵᠢ ᠠᠪᠤᠭᠰᠠᠨ ᠬᠦᠮᠦᠰ ᠪᠡᠯᠡᠨ ᠳᠤᠭᠤᠭ᠋ᠠᠨ᠎ᠳᠤ᠎ᠪᠠᠨ ᠱᠦᠯᠦ᠎ᠪᠠᠨ ᠭᠡᠰᠭᠡᠭᠡᠳ ᠴᠢᠨᠠᠵᠦ ᠪᠤᠯᠭᠤᠭᠰᠠᠨ ᠮᠢᠬ᠎ᠠ ᠨᠤᠭᠤᠭ᠎ᠠ᠎ᠪᠠᠨ  ᠬᠢᠪᠡᠯ ᠬᠡᠳᠦᠬᠡᠨ ᠮᠢᠨᠦ᠋ᠲ᠎ᠳᠤ ᠪᠤᠯᠴᠢᠬᠠᠳᠠᠭ᠃ ᠡᠨᠡ᠎ᠨᠢ ᠠᠵᠢᠯ᠎ᠤᠨ ᠳᠠᠷᠤᠭ᠋ᠠᠰᠤ ᠬᠦᠨᠳᠦ᠂ ᠠᠮᠢᠳᠤᠷᠠᠯ᠎ᠤᠨ ᠠᠢ᠌ᠵᠠᠮ ᠲᠦᠷᠬᠡᠨ ᠬᠤᠳᠠ ᠵᠢᠨ ᠠᠢ᠌ᠯ᠎ᠳᠤ ᠮᠠᠰᠢ ᠳᠤᠬᠢᠷᠠᠵᠦ᠂ ᠬᠤᠭᠤᠯᠠ ᠬᠢᠬᠦ ᠴᠠᠭ᠎ᠢ ᠪᠤᠭᠤᠨᠢᠰᠬᠠᠭᠰᠠᠨ ᠮᠦᠷᠳᠡᠭᠡᠨ ᠪᠠᠢ᠌ᠭ᠋ᠠᠯᠢᠯᠢᠭ ᠪᠡᠯᠴᠢᠭᠡᠷ᠎ᠲᠤ ᠮᠠᠯᠵᠢᠭᠰᠠᠨ ᠬᠤᠨᠢ ᠦᠭᠡᠷ᠎ᠤᠨ ᠵᠢᠡᠨ ᠮᠢᠬ᠎ᠠ ᠵᠢ ᠡᠳ᠋ᠰᠢᠬᠦᠯᠦᠭᠡᠳ ᠬᠢᠭᠰᠡᠨ ᠪᠤᠯᠬᠤᠷ ᠴᠢᠨᠠᠷ᠎ᠤᠨ ᠳᠠᠯ᠎ᠠ᠎ᠪᠠᠷ ᠰᠠᠨᠠᠭ᠎ᠠ ᠪᠤᠯᠬᠤ ᠴᠢᠬᠤᠯᠠ ᠦᠭᠡᠢ ᠶᠤᠮ᠃ ᠳᠠᠬᠢᠪᠡᠯ ᠪᠢᠳᠡᠬᠦᠦ ᠬᠠᠢ᠌ᠷᠴᠠᠭᠯᠠᠭ᠋ᠠᠳ ᠳᠤᠳᠤᠷ᠎ᠠ᠎ᠨᠢ ᠮᠦᠰᠦ ᠬᠢᠭᠰᠡᠨ ᠪᠤᠯᠬᠤᠷ ᠪᠠᠷᠤᠬᠳᠠᠢ᠎ᠳᠤ ᠬᠡᠰᠬᠦ ᠦᠭᠡᠢ᠂ ᠵᠤᠨ ᠠᠶᠠᠯᠠᠯ ᠵᠤᠭ᠋ᠠᠴᠠᠯ᠎ᠳᠤ ᠴᠦ᠍ ᠠᠪᠴᠦ ᠶᠠᠪᠤᠵᠦ ᠪᠤᠯᠬᠤ ᠰᠠᠢ᠌ᠬᠠᠨ ᠢᠳᠡᠭᠡᠨ ᠶᠤᠮ᠃ ᠬᠤᠪᠢᠳᠠᠢ ᠬᠠᠯᠠᠭᠤᠨ ᠳᠤᠭᠤᠭ᠎ᠠ᠎ᠨᠢ ᠪᠦᠬᠦ ᠵᠦᠢ᠍ᠯ ᠵᠢᠡᠨ ᠴᠢᠨᠠᠵᠦ ᠪᠤᠯᠭᠤᠭ᠋ᠠᠳ ᠪᠡᠯᠡᠨ ᠪᠤᠯᠭ᠋ᠠᠬᠰᠠᠨ᠎ᠨᠢ ᠨᠢᠬᠡ ᠶᠤᠰᠤᠨ᠎ᠤ  ᠰᠢᠨᠡᠴᠢᠯᠡᠯᠳᠡ ᠶᠤᠮ᠃ ᠤᠭ᠎ᠨᠢ ᠮᠠᠨ᠎ᠤ᠎ᠬᠢᠨ ᠮᠠᠢ᠌ᠮᠠᠢ᠌ᠴᠢᠨ ᠡᠬᠦᠳᠡᠨ᠎ᠳᠤ᠎ᠨᠢ ᠢᠷᠡᠬᠦ ᠵᠢ ᠬᠦᠯᠢᠶᠡᠵᠦ ᠬᠤᠨᠢ ᠮᠠᠯ ᠵᠢᠡᠨ ᠠᠮᠢᠳᠤ᠎ᠪᠠᠷ᠎ᠨᠢ ᠬᠤᠳᠠᠯᠳᠤᠳᠠᠭ ᠪᠠᠢ᠌ᠭᠰᠠᠨ᠃ ᠳᠤᠬᠠᠢ ᠵᠢᠨ ᠦᠶ᠎ᠡ᠎ᠳᠤ ᠪᠠᠷᠤᠭ ᠡᠳ᠋ᠰᠢᠬᠦᠯᠵᠦ ᠪᠤᠷᠤᠯᠠᠭᠤᠯᠬᠤ ᠵᠢ ᠮᠳᠡᠬᠦ ᠦᠭᠡᠢ ᠪᠠᠢ᠌ᠭᠰᠠᠨ ᠪᠤᠯ ᠳᠠᠷᠠᠭ᠋ᠠᠬᠠᠨ᠎ᠨᠢ ᠬᠦᠢ᠍ᠳᠡᠨ ᠬᠦᠮᠦᠷᠭᠡ᠎ᠳᠤ ᠬᠦᠷᠬᠡᠵᠤ ᠤᠴᠢᠳᠠᠭ ᠴᠦ᠍ ᠮᠢᠬ᠎ᠠ ᠵᠢ ᠨᠠᠷᠢᠯᠢᠭ ᠡᠳ᠋ᠰᠢᠬᠦᠯᠦᠨ ᠪᠤᠷᠤᠯᠠᠭᠤᠯᠬᠤ ᠵᠠᠮ ᠨᠡᠭᠡᠭᠡᠭᠳᠡᠭᠡ ᠦᠭᠡᠢ ᠪᠠᠢ᠌ᠭᠰᠠᠨ ᠪᠢᠯᠡ᠃ 
     ᠪᠤᠷᠤᠯᠠᠭᠤᠯᠭ᠎ᠠ ᠵᠢᠨ ᠳᠠᠯ᠎ᠠ ᠵᠢᠨ ᠰᠢᠨᠡᠴᠢᠯᠡᠯᠳᠡ ᠵᠢ ᠳᠤᠷᠠᠳᠪᠠᠯ ᠳᠡᠳᠡ ᠡᠬᠢᠨ᠎ᠳᠤ᠎ᠪᠠᠨ ᠬᠤᠪᠢᠳᠠᠢ ᠬᠤᠭᠤᠯᠠᠨ ᠭᠡᠷ᠎ᠲᠤ᠎ᠪᠠᠨ ᠬᠠᠯᠠᠭᠤᠨ ᠳᠤᠭᠤᠭ᠎ᠠ᠎ᠪᠠᠨ ᠬᠢᠳᠡᠭ ᠪᠠᠢ᠌ᠭᠰᠠᠨ ᠪᠤᠯ ᠤᠳᠤ ᠬᠠᠢ᠌ᠷᠴᠠᠭᠯᠠᠭ᠋ᠠᠳ ᠪᠦᠬᠦ ᠤᠯᠤᠰ᠎ᠤᠨ ᠡᠯ᠎ᠡ ᠭᠠᠵᠠᠷ ᠵᠢᠡᠷ ᠢᠯᠡᠭᠡᠬᠦ ᠪᠤᠯᠤᠮᠵᠢ᠎ᠲᠠᠢ ᠪᠤᠯᠭ᠋ᠠᠭᠰᠠᠨ ᠪᠠᠢ᠌ᠨ᠎ᠠ᠃ ᠡᠢ᠌ᠨ ᠬᠦ᠌ ᠦᠵᠦᠮᠦᠴᠢᠨ ᠬᠤᠨᠢ ᠦᠭᠡᠷ᠎ᠤᠨ ᠮᠢᠬ᠎ᠠ ᠵᠢ ᠳᠡᠳᠡ ᠪᠦᠬᠦ ᠤᠯᠤᠰ᠎ᠤᠨ ᠬᠡᠷᠡᠭᠯᠡᠭᠴᠢᠳ᠎ᠲᠤ ᠬᠦᠷᠭᠡᠬᠦ ᠪᠤᠯᠤᠮᠵᠢ᠎ᠲᠠᠢ ᠪᠤᠯᠵᠦ᠂ ᠤᠷᠴᠢᠮᠬᠠᠨ᠎ᠠᠴᠠ ᠳᠢᠺ ᠳᠤᠺ ᠵᠶ᠋ᠡᠷ ᠰᠢᠭᠤᠳ ᠨᠡᠪᠳᠡᠷᠡᠬᠦᠯᠵᠤ ᠲᠤᠷᠰᠢᠨ ᠪᠤᠷᠤᠯᠠᠭᠤᠯᠤᠬᠰᠠᠨ ᠵᠶ᠋ᠡᠷ ᠪᠤᠷᠤᠯᠠᠭᠤᠯᠭ᠎ᠠ᠎ᠨᠢ ᠤᠯᠠᠮ ᠰᠠᠢ᠌ᠵᠢᠷᠠᠵᠦ ᠡᠬᠢᠯᠡᠭᠰᠡᠨ ᠠᠵᠢ᠃ ᠡᠨᠡ ᠪᠤᠯ ᠪᠤᠷᠤᠯᠠᠭᠤᠯᠭ᠎ᠠ ᠵᠢᠨ ᠵᠠᠮ᠎ᠤᠨ ᠰᠢᠨᠡᠴᠢᠯᠡᠯᠳᠡ ᠶᠤᠮ᠃
     ᠬᠤᠪᠢ ᠵᠢᠨ ᠡᠵᠡᠡᠭᠨᠡᠯᠳᠡ ᠵᠢᠨ ᠳᠡᠯᠭᠡᠬᠦᠷ᠎ᠠᠴᠠ ᠤᠯᠠᠭ᠋ᠠᠨ ᠢᠳᠡᠭᠡᠨ᠎ᠤ ᠰᠢᠨᠡᠴᠢᠯᠡᠯᠳᠡ ᠵᠢ ᠰᠢᠨᠵᠢᠯᠡᠬᠦᠢ
     ᠰᠦᠨᠢᠳ ᠵᠡᠬᠦᠨ ᠬᠤᠰᠢᠭᠤᠨ᠎ᠤ ᠬᠤᠡᠭᠳᠦ᠋ ᠮᠢᠬᠠᠨ᠎ᠤ ᠳᠡᠯᠭᠡᠬᠦᠷ᠎ᠤᠨ ᠡᠵᠡᠨᠳᠡᠨ ᠬᠠᠳᠠᠳᠤᠶᠠᠭ᠎ᠠ ᠮᠢᠬᠠᠨ᠎ᠤ ᠪᠤᠷᠤᠯᠠᠭᠤᠯᠭ᠎ᠠ ᠵᠢᠨ ᠳᠠᠯ᠎ᠠ᠎ᠪᠠᠷ ᠪᠠᠢ᠌ᠡᠭᠭᠤ ᠰᠠᠨᠠᠭ᠎ᠠ ᠳᠠᠯᠪᠢᠳᠠᠭ᠃ ᠲᠡᠷᠨ᠎ᠪᠠᠷ ᠨᠢᠳᠦᠨᠦᠨ᠎ᠠᠴᠠ ᠳᠤᠯᠭ᠎ᠠ ᠴᠠᠢ ᠴᠢᠨᠠᠵᠤ ᠬᠤᠳᠠᠯᠳᠤᠬᠤ ᠪᠤᠯᠵᠤ᠂ ᠬᠦᠳᠡᠭᠡ ᠭᠡᠷ᠎ᠲᠤ᠎ᠪᠠᠨ ᠬᠠᠳᠠᠭ᠋ᠠᠭᠬᠰᠠᠨ ᠦᠭᠡᠷ᠎ᠤᠨ ᠪᠤᠷᠴᠨ᠎ᠪᠠᠨ ᠳᠤᠯᠭ᠎ᠠ ᠴᠠᠢ᠎ᠳᠤ᠎ᠪᠠᠨ ᠬᠢᠵᠤ ᠪᠤᠷᠤᠯᠠᠭᠤᠯᠤᠭᠰᠠᠨ ᠪᠠᠢ᠌ᠨ᠎ᠠ᠃ ᠪᠤᠷᠴᠨ ᠵᠢ ᠳᠠᠡᠭ ᠵᠢᠡᠷ᠎ᠨᠢ ᠬᠤᠳᠠᠯᠳᠤᠳᠠᠭ᠎ᠢ ᠪᠤᠳᠤᠪᠠᠯ ᠡᠨᠡ᠎ᠨᠢ ᠪᠠᠰᠠ ᠨᠢᠭᠡ ᠰᠢᠨᠡᠴᠢᠯᠡᠯᠳᠡ ᠶᠤᠮ᠃ ᠳᠡᠷᠡ ᠪᠦᠬᠦᠯᠢ ᠮᠢᠬ᠎ᠠ ᠪᠤᠯᠤᠨ ᠶᠠᠰᠤ᠎ᠲᠠᠢ ᠮᠢᠬ᠎ᠠ᠎ᠪᠠᠨ ᠨᠢᠭᠡ ᠡᠷᠢᠨ ᠢᠳᠡᠵᠦ ᠬᠦᠷᠬᠦ᠎ᠪᠠᠷ ᠬᠡᠰᠡᠭᠯᠡᠵᠦ ᠤᠭᠤᠳᠠᠯᠠᠭ᠋ᠠᠳ ᠬᠤᠳᠠᠯᠳᠤᠵᠦ ᠪᠠᠢ᠌ᠬᠤ᠎ᠨᠢ ᠴᠦ᠍ ᠤᠯᠠᠭ᠋ᠠᠨ ᠢᠳᠡᠭᠡᠨ᠎ᠤ ᠪᠤᠷᠤᠯᠠᠭᠤᠯᠭ᠎ᠠ ᠵᠢᠨ ᠨᠢᠭᠡᠨ ᠵᠠᠮ ᠪᠢᠯᠡ᠃ ᠡᠨᠡ ᠵᠢᠯ ᠬᠠᠳᠠᠳᠤᠶᠠᠭ᠎ᠠ ᠪᠤᠷᠴᠠ᠎ᠪᠠᠨ ᠬᠠᠭ᠋ᠠᠰ ᠵᠢᠡᠭ ᠪᠤᠶᠤ ᠬᠡᠳᠦᠨ ᠯᠠᠡᠭ ᠵᠢᠡᠷ ᠤᠭᠤᠳᠠᠯᠠᠭ᠋ᠠᠳ ᠬᠤᠳᠠᠯᠳᠤᠬᠤ᠎ᠪᠠᠷ ᠪᠡᠯᠡᠨ ᠪᠤᠯᠭ᠋ᠠᠵᠦ ᠪᠠᠢ᠌ᠭ᠎ᠠ ᠶᠤᠮ ᠪᠠᠢ᠌ᠨ᠎ᠠ᠃ ᠮᠤᠡᠭᠭᠤᠯ ᠢᠳᠡᠭᠡᠨ ᠤᠮᠳᠠᠭ᠋ᠠᠨ᠎ᠢ ᠵᠢᠵᠢᠭᠯᠡᠨ ᠪᠤᠷᠤᠯᠠᠭᠤᠯᠬᠤ ᠪᠤᠯ ᠪᠤᠷᠤᠯᠠᠭᠤᠯᠭ᠎ᠠ ᠵᠢᠨ ᠵᠠᠮ᠎ᠤᠨ ᠴᠢᠬᠤᠯᠠ ᠰᠢᠨᠡᠴᠢᠯᠡᠯᠳᠡ ᠪᠤᠯᠬᠤ ᠤᠴᠢᠷᠳᠠᠢ᠃ ᠤᠴᠢᠷ᠎ᠨᠢ ᠪᠤᠷᠴᠠ ᠵᠢᠡᠭ᠎ᠳᠤ᠎ᠪᠠᠨ 160 — 200  ᠳᠦᠬᠦᠷᠢᠭ ᠬᠦᠷᠳᠡᠭ᠃ ᠡᠨᠡ᠎ᠨᠢ ᠤᠯᠠᠡᠭᠬᠢ ᠬᠡᠷᠡᠭᠯᠡᠭᠴᠢᠳ᠎ᠤᠨ ᠬᠦᠯᠢᠶᠡᠨ ᠠᠪᠤᠯᠳᠠ᠎ᠠᠴᠠ ᠳᠠᠪᠠᠭᠰᠠᠨ ᠪᠠᠢ᠌ᠳᠠᠭ᠃ ᠬᠠᠷᠢᠨ ᠵᠢᠵᠢᠭᠯᠡᠵᠦ ᠪᠤᠷᠤᠯᠠᠭᠤᠯᠪᠠᠯ ᠦᠨ᠎ᠡ ᠬᠠᠡᠭᠰᠢ᠎ᠨᠢ ᠬᠤᠪᠢᠷᠠᠬᠤ ᠦᠭᠡᠢ ᠴᠦ᠍ ᠤᠯᠠᠨ ᠬᠦᠮᠦᠨ᠎ᠤ ᠬᠦᠯᠢᠶᠡᠨ ᠠᠪᠤᠯᠳᠠ ᠵᠢᠨ ᠬᠦᠷᠢᠶ᠎ᠡ ᠴᠠᠷᠠᠭ᠋ᠠᠨ᠎ᠳᠤ ᠤᠷᠤᠴᠢᠬᠠᠳᠠᠭ ᠪᠤᠯᠬᠤᠷ ᠪᠤᠷᠤᠯᠠᠭᠤᠯᠭ᠎ᠠ᠎ᠨᠢ ᠤᠯᠠᠮ ᠰᠠᠢ᠌ᠨ ᠪᠤᠯᠳᠠᠭ ᠶᠤᠮ ᠪᠠᠢ᠌ᠨ᠎ᠠ᠃ ᠬᠠᠳᠠᠳᠤᠶᠠᠭ᠎ᠠ ᠤᠭ᠎ᠨᠢ ᠴᠤᠯ ᠮᠢᠬ᠎ᠠ ᠪᠤᠶᠤ ᠶᠠᠰᠤ᠎ᠲᠠᠢ ᠮᠢᠬ᠎ᠠ᠎ᠪᠠᠨ ᠨᠢᠭᠡ ᠡᠷᠢᠨ ᠢᠳᠡᠵᠦ ᠬᠦᠷᠬᠦ᠎ᠪᠠᠷ ᠤᠭᠤᠳᠠᠯᠠᠭ᠋ᠠᠳ ᠪᠤᠷᠤᠯᠠᠭᠤᠯᠳᠠᠭ ᠪᠠᠢ᠌ᠭᠰᠠᠨ ᠪᠤᠯ ᠦᠨᠤ ᠵᠢᠯ᠎ᠠᠴᠠ ᠬᠦᠳᠡᠭᠡ ᠭᠡᠷ ᠎ᠲᠤ᠎ᠪᠠᠨ ᠬᠠᠳᠠᠭ᠋ᠠᠭᠰᠠᠨ ᠦᠭᠡᠷ ᠬᠤᠨᠢᠨ᠎ᠤ ᠪᠤᠷᠴᠨ ᠵᠢ ᠬᠡᠳᠦᠨ ᠯᠠᠡᠭ ᠪᠤᠶᠤ ᠬᠠᠭ᠋ᠠᠰ ᠵᠢᠡᠭ᠂ ᠨᠢᠭᠡ ᠵᠢᠡᠭ ᠵᠢᠡᠷ ᠤᠭᠤᠳᠠᠯᠠᠭ᠋ᠠᠳ ᠬᠦᠮᠦᠨ᠎ᠤ ᠬᠡᠷᠡᠭᠴᠡᠭᠡᠨ᠎ᠳᠤ ᠬᠠᠮᠤᠭ᠎ᠤᠨ ᠰᠠᠢ᠌ᠨ ᠵᠢᠡᠷ ᠵᠤᠬᠢᠴᠠᠭᠤᠯᠬᠤ ᠵᠢ ᠪᠤᠳᠤᠵᠦ ᠪᠠᠢ᠌ᠭ᠎ᠠ ᠶᠤᠮ ᠪᠠᠢ᠌ᠨ᠎ᠠ᠃
   ᠤᠯᠠᠭ᠋ᠠᠨ ᠢᠳᠡᠭᠡᠨ᠎ᠤ ᠰᠢᠨᠡᠴᠢᠯᠡᠯᠳᠡ ᠵᠢ ᠶᠠᠷᠢᠬᠤ᠎ᠳᠤ ᠡᠳᠦᠢ᠌ᠭᠡᠨ ᠵᠢᠡᠷ ᠵᠤᠭᠰᠤᠬᠤ ᠪᠢᠰᠢ᠂ ᠡᠨᠡ ᠬᠦ᠌ ᠠᠵᠢᠯ ᠦᠢ᠍ᠯᠡᠰ᠎ᠢ ᠡᠷᠬᠢᠯᠡᠵᠦ ᠪᠠᠢ᠌ᠭ᠎ᠠ ᠬᠦᠮᠦᠨ ᠪᠤᠯᠭ᠋ᠠᠨ ᠴᠠᠭ ᠦᠶ᠎ᠡ᠎ᠲᠠᠢ᠎ᠪᠠᠨ ᠵᠤᠬᠢᠴᠠᠭᠤᠯᠤᠨ ᠬᠦᠭᠵᠢᠬᠦᠯᠬᠦ ᠵᠢᠨ ᠳᠦᠯᠦᠭᠡ ᠠᠷᠭ᠎ᠠ ᠰᠦᠪᠡᠭᠴᠢᠯᠡᠵᠦ ᠪᠠᠢ᠌ᠭ᠎ᠠ ᠶᠤᠮ᠃ ᠴᠤᠯ ᠪᠠᠢ᠌ᠭ᠋ᠠᠯᠢᠯᠢᠭ ᠪᠤᠬᠢᠷᠳᠤᠯ ᠦᠭᠡᠢ ᠤᠯᠠᠭ᠋ᠠᠨ ᠢᠳᠡᠭᠡᠨ ᠮᠠᠨᠢ ᠡᠢ᠌ᠮᠦ ᠤᠯᠠᠨ ᠬᠦᠮᠦᠰ᠎ᠤᠨ ᠰᠢᠨᠡᠴᠢᠯᠡᠵᠦ ᠬᠦᠭᠵᠢᠬᠦᠯᠬᠦ ᠠᠷᠭ᠎ᠠ ᠪᠤᠳᠤᠯᠭ᠎ᠠ᠎ᠪᠠᠷ ᠤᠯᠠᠮ ᠰᠠᠢ᠌ᠨ ᠪᠤᠷᠤᠯᠠᠭᠤᠯᠤᠭᠳᠠᠵᠦ᠂ ᠮᠤᠡᠭᠭᠤᠯ ᠢᠳᠡᠭᠡᠨ ᠤᠮᠳᠠᠭ᠋ᠠᠨ᠎ᠤ ᠬᠦᠭᠵᠢᠯᠳᠡ ᠵᠢᠨ ᠳᠠᠷᠳᠠᠡᠭ ᠵᠠᠮ ᠵᠢᠡᠷ ᠠᠶᠠᠯᠠᠬᠤ᠎ᠨᠢ ᠳᠠᠮᠵᠢᠭ ᠦᠭᠡᠢ᠃


  ᠵᠤᠬᠢᠶᠠᠬ᠍ᠴᠢ ᠵᠢᠨ ᠬᠠᠶᠢᠭ᠄  ᠰᠢᠯᠢ ᠵᠢᠨ ᠭᠤᠤᠯ᠎ᠤᠨ ᠡᠳᠤᠷ᠎ᠤᠨ ᠰᠤᠨᠢᠨ᠎ᠤ ᠬᠤᠷᠢᠶᠠᠨ᠎ᠤ ᠮᠤᠡᠭᠭᠤᠯ ᠨᠠᠢ᠌ᠷᠠᠭᠤᠯᠬᠤ ᠬᠡᠯᠳᠡᠰ

 

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠪᠤᠷᠤ ᠢᠳᠡᠭᠡᠨ᠎ᠤ ᠰᠢᠨᠡᠴᠢᠯᠡᠯᠳᠡ
ᠴᠠᠭ ᠦᠶ᠎ᠠ ᠵᠢᠨ ᠭᠦᠭᠵᠢᠯᠳᠡ ᠵᠢᠨ ᠬᠠᠨᠳᠤᠰᠢ ᠪᠤᠯᠤᠨ ᠴᠠᠭ᠋ᠠᠨ ᠢᠳᠡᠭᠡᠨ᠎ᠤ ᠰᠢᠨᠡᠴᠢᠯᠡᠯᠳᠡ
ᠴᠠᠭ᠋ᠠᠨ ᠰᠠᠷ᠎ᠠ
ᠵᠢᠷᠦᠬᠡᠨ᠎ᠳᠤ ᠬᠡᠪᠯᠡᠭᠳᠡᠭᠰᠡᠨ 《ᠲᠣᠪᠴᠢᠶᠠᠨ》
ᠨᠤᠲᠤᠭ᠎ᠤᠨ ᠵᠠᠮ
 
            