ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠤᠭ᠎ᠠ ᠪᠠᠷᠢᠮᠲᠠ᠎ᠶᠢᠨ ᠨᠡᠶ᠋ᠢᠲᠡᠯᠡᠯ
ᠨᠤᠲᠤᠭ᠎ᠤᠨ ᠵᠠᠮ
ᠨᠡᠶᠢᠲᠡᠯᠡᠭᠰᠡᠨ ᠴᠠᠭ᠄ 2023-08-21

               ᠲᠣ᠋ · ᠨᠠᠰᠦᠨᠵᠢᠷᠭ᠋ᠠᠯ   ᠵᠤᠬᠢᠶᠠᠪᠠ     
   ᠵᠠᠮ ᠪᠣᠯᠭ᠋ᠠᠨ᠎ᠤ ᠳᠣᠮᠳᠠ᠎ᠠᠴᠠ  ᠨᠤᠲᠤᠭ᠎ᠤᠨ ᠵᠠᠮ ᠪᠣᠯ ᠬᠠᠮᠤᠭ᠎ᠤᠨ ᠣᠢ᠌ᠷ᠎ᠠ  ᠪᠠᠢ᠌ᠵᠤ᠂ ᠬᠠᠮᠤᠭ ᠎ᠤᠨ ᠳᠤᠲᠤᠨᠣ ᠰᠠᠨᠠᠭᠳᠠᠳᠠᠭ᠃ ᠳᠣᠷᠠᠰᠣᠯ ᠮᠦᠷᠦᠭᠡᠳᠦᠯ ᠪᠦᠬᠦᠨ᠎ᠳᠤ ᠨᠣᠲᠣᠭ ᠵᠶ᠋ᠠᠨ ᠰᠠᠨᠠᠬᠤ ᠰᠡᠳᠭᠢᠯᠭᠡ ᠪᠣᠯ ᠬᠠᠮᠤᠭ ᠎ᠠᠴᠠ  ᠭᠦᠨ ᠪᠠᠢ᠌ᠳᠠᠭ᠃  ᠠᠶᠠᠨ᠎ᠤ ᠬᠤᠯᠠ᠎ᠠᠴᠠ ᠬᠠᠷᠠᠭᠳᠠᠬᠤ ᠎ᠨᠢ ᠣᠨᠠᠭᠰᠠᠨ ᠰᠢᠷᠣᠢ ᠣᠣᠭᠣᠭᠰᠠᠨ ᠣᠰᠣ ᠪᠠᠢ᠌ᠯ ᠦᠭᠡᠢ᠂ ᠠᠯᠤᠰ ᠳᠠᠯᠠᠢ ᠵᠢᠨ ᠬᠢᠵᠠᠭ᠋ᠠᠷ᠎ᠲᠤ ᠨᠣᠲᠣᠭ  ᠨᠢᠭᠡᠲᠡᠨ ᠨᠢᠭᠡ ᠳᠣᠣᠷ᠎ᠠ ᠠᠭᠣᠯᠵᠠᠵᠤ ᠤᠴᠠᠷᠠᠬᠤ᠎ᠳᠤ ᠣᠶᠠᠷᠠᠯ᠎ᠤᠨ ᠨᠢᠯᠪᠣᠰᠣ ᠬᠠᠮᠠᠷ ᠬᠠᠪᠴᠢᠨ ᠪᠦᠮᠪᠦᠷᠢᠬᠦᠢ! ᠭᠡᠬᠦ᠎ᠳᠤ᠎ᠪᠠᠨ ᠬᠡᠨ ᠨᠢᠭᠡᠨ ᠬᠦᠮᠦᠨ᠎ᠳᠤ ᠨᠣᠲᠣᠭ ᠵᠶ᠋ᠡᠨ ᠵᠦᠭᠯᠡᠵᠤ ᠭᠡᠷ᠎ᠲᠤ᠎ᠪᠠᠨ ᠬᠠᠷᠢᠬᠤ ᠰᠡᠳᠭᠢᠯᠭᠡ ᠶᠠᠭᠣᠨ᠎ᠠᠴᠠ ᠴᠤ᠌ ᠬᠦᠨᠳᠦᠬᠡᠨ ᠪᠠᠢ᠌ᠵᠤ ᠲᠠᠭ᠋ᠠᠷᠠᠨ᠎ᠠ!   
   ᠬᠦᠮᠦᠰ ᠡᠨᠡ ᠶᠢᠷᠲᠢᠨᠴᠣ᠎ᠳᠤ ᠠᠩᠬ᠎ᠠ ᠮᠡᠨᠳᠦᠯᠡᠬᠦ᠎ᠳᠤ᠎ᠪᠠᠨ ᠡᠩ ᠳᠡᠯᠡᠬᠡᠢ ᠵᠢᠨ ᠡᠷᠢᠶᠡᠨ ᠪᠠᠷᠠᠭ᠋ᠠᠨ᠂ ᠬᠠᠯᠠᠭᠤᠨ ᠬᠦᠢ᠍ᠲᠡᠨ᠎ᠢ ᠢᠯᠭ᠋ᠠᠨ ᠲᠠᠨᠢᠬᠤ ᠎ᠠᠴᠠ ᠡᠬᠢᠯᠡᠵᠤ ᠬᠦᠯ᠎ᠳᠤ ᠤᠷᠤᠭᠤᠯᠳᠠᠭ᠎ᠨᠢ ᠲᠡᠭᠦᠨ ᠎ᠤ ᠡᠯᠢᠭᠡᠲᠡᠵᠤ ᠣᠨᠠᠭᠰᠠᠨ ᠰᠢᠷᠣᠢ᠂ ᠦᠰᠭᠡᠵᠤ ᠲᠣᠷᠨᠢᠭᠣᠯᠣᠭᠰᠠᠨ ᠦᠯᠦᠭᠡᠢ ᠨᠣᠲᠣᠭ᠎ᠨᠢ ᠪᠠᠢ᠌ᠵᠤ ᠲᠠᠭ᠋ᠠᠷᠠᠨ᠎ᠠ᠃ 《ᠪᠦᠭᠡᠷᠡᠦᠯᠡᠢ! ᠪᠣᠣ ᠣᠬᠢᠯᠠ᠂ ᠂᠂᠂》 ᠭᠡᠵᠤ ᠡᠵᠢ ᠮᠢᠨᠢ ᠨᠠᠮ᠎ᠠ ᠵᠢ ᠠᠷᠭ᠋ᠠᠳᠠᠵᠤ ᠪᠠᠢ᠌ᠭᠰᠠᠨ ᠲᠡᠷᠡ ᠮᠠᠬᠠᠷᠠ᠎ᠲᠠᠢ ᠦᠯᠦᠭᠡᠢ ᠵᠢ ᠣᠳᠣ ᠬᠠᠷᠠᠬᠣ᠎ᠳᠤ ᠭᠡᠷ᠂ ᠦᠯᠦᠭᠡᠢ ᠬᠣᠶᠠᠷ᠎ᠨᠢ  ᠨᠠᠳᠠ᠎ᠳᠤ ᠠᠪᠤ᠂ ᠡᠵᠢ ᠬᠣᠶᠡᠷ ᠰᠢᠭ᠋ ᠬᠠᠯᠠᠭᠤᠨ ᠳᠤᠯᠠᠭ᠋ᠠᠨ ᠰᠠᠨᠠᠭᠳᠠᠳᠠᠭ᠃ ᠬᠡᠷᠪᠡ ᠲᠡᠷᠡ ᠦᠯᠦᠭᠡᠢ   ᠨᠠᠮ᠎ᠠ ᠵᠢ ᠪᠠᠭᠳᠠᠭ᠋ᠠᠳᠠᠭ ᠶᠣᠮ ᠪᠣᠯ ᠦᠯᠦᠭᠡᠢ ᠎ᠳᠤ᠎ᠪᠠᠨ  ᠪᠢ ᠳᠠᠬᠢᠨ ᠣᠷᠣᠵᠣ  ᠬᠡᠪᠲᠡᠮᠡᠷ ᠰᠠᠨᠠᠭᠳᠠᠬᠤ ᠶᠤᠮ !   ᠨᠤᠲᠤᠭ᠎ᠤᠨ ᠰᠢᠷᠤᠢ ᠠᠯᠲᠠ᠎ᠠᠴᠠ ᠦᠨᠡᠲᠡᠢ! ᠬᠦᠮᠦᠰ ᠬᠠᠷᠢ ᠭᠠᠵᠠᠷ ᠠᠮᠢᠳᠣᠷᠠᠵᠤ ᠲᠡᠮᠡᠤᠯᠬᠦ ᠎ᠳᠤ᠎ᠪᠠᠨ  ᠨᠤᠲᠤᠭ᠎ᠤᠨ ᠵᠶ᠋ᠠᠨ ᠠᠳᠬᠣ ᠰᠢᠷᠣᠢ ᠵᠢ᠎ᠨᠢ ᠠᠪᠴᠣ ᠶᠠᠪᠤᠳᠠᠭ!  ᠠᠷᠣ ᠭᠡᠷ ᠵᠶ᠋ᠠᠨ ᠰᠠᠨᠠᠬᠤ ᠎ᠳᠤ᠎ᠪᠠᠨ  ᠠᠯᠠᠭ᠋ᠠᠨ ᠎ᠳᠤ᠎ᠪᠠᠨ  ᠪᠢᠲᠡᠭᠦᠯᠡᠵᠦ  ᠦᠨᠦᠰᠳᠡᠭ᠂᠂᠂᠂᠂
   ᠬᠦᠮᠦᠨ ᠭᠡᠵᠤ  ᠭᠡᠷ ᠣᠷᠣᠨ᠎ᠠᠴᠠ᠎ᠪᠠᠨ  ᠵᠠᠢ᠌ᠳᠠᠬᠤ  ᠲᠣᠰᠤᠮ ᠵᠶ᠋ᠠᠨ ᠨᠣᠲᠣᠭ ᠵᠶ᠋ᠠᠨ ᠰᠠᠨᠠᠬᠤ ᠰᠡᠳᠭᠢᠯᠭᠡ ᠎ᠨᠢ ᠭᠦᠨ ᠪᠣᠯᠳᠠᠭ᠂  ᠲᠡᠢ᠌ᠮᠦ ᠮᠦᠷᠲᠡᠭᠡᠨ ᠨᠠᠰᠦ ᠨᠡᠮᠡᠭᠳᠡᠬᠦ ᠵᠢ ᠳᠠᠭ᠋ᠠᠯᠳᠦᠨ ᠪᠠᠭ᠎ᠠ ᠵᠢᠨ ᠥᠶ᠎ᠡ᠎ᠪᠠᠨ ᠳᠤᠷᠠᠰᠣᠨ  ᠰᠠᠨᠠᠭ᠋ᠠᠯᠵᠠᠬᠤ᠎ᠨᠢ ᠨᠡᠩ ᠬᠡᠴᠡᠭᠦᠦ ᠪᠣᠯᠳᠠᠭ᠂ ᠬᠣᠷᠣᠭᠣ᠎ᠪᠠᠨ ᠪᠠᠯ᠎ᠲᠠᠢ ᠭᠡᠮᠡᠷ ᠰᠢᠮᠡᠵᠤ  ᠪᠠᠢ᠌ᠭᠰᠠᠨ ᠦᠶ᠎ᠡ᠎ᠪᠠᠨ ᠡᠷᠭᠢᠴᠡᠭᠦᠯᠬᠦ᠎ᠳᠤ ᠨᠠᠢ᠍ᠮᠠᠲᠠᠢ ᠲᠡᠷᠡ ᠵᠢᠯ᠎ᠠᠴᠠ ᠠᠢ᠌ᠯ᠎ᠤᠨ ᠰᠣᠷᠭ᠋ᠠᠭᠣᠯᠢ ᠎ᠳᠤ᠎ᠪᠠᠨ  ᠪᠢ ᠠᠯᠢᠶᠠᠷᠬᠠᠵᠤ ᠨᠠᠭ᠋ᠠᠳᠬᠣ᠎ᠪᠠᠨ ᠪᠣᠳᠣᠭ᠋ᠠᠳ ᠠᠯᠪᠠ᠎ᠪᠠᠷ ᠶᠠᠪᠣᠵᠣ ᠪᠠᠢ᠌ᠭᠰᠠᠨ ᠮᠢᠨᠢ ᠪᠣᠳᠣᠭᠳᠠᠨ᠎ᠠ᠂ ᠠᠷᠣ ᠵᠢᠨ ᠠᠭᠣᠯᠠᠨ ᠎ᠤ ᠠᠯᠠᠭ ᠬᠠᠳᠠᠨ᠎ᠤ ᠵᠠᠪᠰᠠᠷ ᠎ᠠᠴᠠ  ᠠᠯᠠᠭᠳᠠᠭ᠎ᠠ ᠵᠢᠨ ᠡᠭᠦᠷ  ᠎ᠢ ᠤᠬᠤᠵᠤ᠂ 《  ᠠᠯᠠᠭᠳᠠᠭ᠎ᠠ ᠠ ᠭᠡᠳ᠂ ᠠᠪᠣ ᠨᠠᠮ᠎ᠠ ᠵᠢ ᠢᠷᠡᠭᠡ ᠭᠡᠳ᠂᠂᠂》 ᠭᠡᠮᠡᠨ ᠲᠣᠭᠯᠠᠵᠣ ᠪᠠᠢ᠌ᠭᠰᠠᠨ ᠮᠢᠨᠢ ᠡᠷᠢᠭᠳᠡᠨ᠎ᠡ᠃ ᠵᠡᠭᠦᠨ ᠭᠣᠣᠯ ᠎ᠤᠨ ᠴᠡᠭᠡᠯ ᠎ᠤᠨ ᠣᠰᠣᠨ᠎ᠳᠤ ᠣᠮᠪᠠᠨ᠂ ᠰᠢᠷᠭ᠋ᠠᠯ ᠡᠯᠡᠰᠦᠨ ᠎ᠳᠤ  ᠨᠠᠷᠠᠨ᠎ᠳᠤ   ᠡᠭᠡᠭᠡᠨ ᠬᠡᠪᠲᠡᠵᠦ ᠦᠳᠡ ᠵᠢᠨ ᠬᠣᠢ᠌ᠨᠠᠬᠢ ᠬᠢᠴᠢᠶᠡᠯ ᠎ᠠᠴᠠ᠎ᠪᠠᠨ ᠬᠣᠴᠣᠷᠴᠢᠬᠠᠵᠤ ᠪᠠᠭᠰᠢ ᠎ᠳᠤ᠎ᠪᠠᠨ  ᠵᠢᠮᠡᠯᠡᠭᠳᠡᠵᠣ ᠪᠠᠢ᠌ᠭᠰᠠᠨ ᠵᠶ᠋ᠠᠨ ᠰᠠᠨᠠᠭ᠋ᠠᠯᠵᠠᠨ᠎ᠠ᠃ ᠲᠡᠷᠡ ᠦᠶ᠎ᠡ ᠵᠢᠨ ᠨᠢᠯᠬ᠎ᠠ ᠪᠠᠭ᠎ᠠ ᠵᠢᠨ ᠣᠶᠣᠨ᠎ᠳᠤ ᠭᠡᠷ᠎ᠠᠴᠠ᠎ᠪᠠᠨ ᠭᠠᠷᠴᠣ ᠠᠢ᠌ᠯ ᠨᠤᠲᠣᠭ ᠎ᠤᠨ ᠵᠶ᠋ᠠᠨ ᠠᠭᠣᠯᠠ ᠣᠰᠣᠨ᠎ᠳᠤ᠎ᠪᠠᠨ ᠠᠭᠣᠰᠣᠯᠴᠠᠵᠣ ᠨᠠᠭ᠋ᠠᠳᠣᠨ ᠲᠣᠭᠯᠠᠬᠣ᠎ᠪᠠᠨ ᠯᠡ ᠪᠣᠳᠣᠳᠠᠭ᠂ ᠬᠠᠷᠢᠨ ᠰᠣᠷᠭ᠋ᠠᠭᠣᠯᠢ ᠵᠢᠨ ᠬᠦᠷᠢᠶᠠᠨ᠎ᠳᠤ ᠢᠷᠡᠪᠡᠯ ᠬᠢᠴᠢᠶᠡᠯ ᠪᠠᠭᠣᠬᠣ ᠵᠢ ᠬᠡᠴᠢᠨᠡᠨ ᠶᠠᠭ᠋ᠠᠷᠠᠬᠣ ᠵᠢ ᠪᠣᠣ ᠮᠡᠳᠡ! ᠮᠢᠨᠤ ᠴᠡᠭᠡᠵᠢᠯᠡᠵᠤ ᠪᠠᠢ᠌ᠬᠣ ᠎ᠪᠠᠷ ᠨᠢᠭᠡ ᠦᠳᠡ ᠎ᠳᠤ ᠪᠢ ᠭᠣᠷᠪᠠᠳᠣᠭ᠋ᠠᠷ ᠬᠢᠴᠢᠶᠡᠯ ᠪᠠᠭᠣᠮᠠᠭᠴᠠ᠎ᠪᠠᠨ ᠰᠠᠨᠳᠠᠯᠢ ᠎ᠠᠴᠠ᠎ᠪᠠᠨ  ᠬᠣᠪᠬᠣ ᠦᠰᠦᠷᠦᠨ ᠴᠢᠨᠡᠭᠡ ᠮᠡᠳᠡᠨ ᠵᠢᠭᠢᠲᠡᠯ᠎ᠡ ᠭᠦᠶᠦᠵᠤ ᠭᠡᠷ᠎ᠲᠤ᠎ᠪᠠᠨ ᠣᠷᠣᠵᠣ ᠢᠷᠡᠪᠡᠯ᠂ ᠡᠵᠢ ᠄ 《ᠡᠨᠡ ᠬᠦᠣ ᠬᠡᠳᠦᠢ ᠡᠷᠳᠡ ᠢᠷᠡᠴᠢᠭᠡᠭᠰᠡᠨ ᠶᠣᠮ? ᠲᠡᠭᠡᠭᠡᠳ ᠠᠬ᠎ᠠ ᠴᠢᠨᠢ?》 ᠭᠡᠵᠣ ᠠᠰᠠᠭᠣᠵᠣ ᠭᠠᠷᠣᠯ᠎ᠠ᠃ 《ᠰᠣᠷᠭ᠋ᠠᠭᠣᠯᠢ ᠲᠠᠷᠬᠠᠪᠠᠯ ᠡᠳᠦᠷ ᠡᠳᠦᠷ ᠶᠠᠭ᠋ᠠᠬᠢᠵᠣ ᠭᠦᠶᠦᠭᠰᠡᠨ ᠴᠣ᠌ ᠠᠬ᠎ᠠ᠎ᠠᠴᠠ ᠬᠣᠴᠣᠷᠳᠠᠭ᠂ ᠭᠡᠶ᠎ᠡ ᠡᠨᠡ ᠡᠳᠦᠷ ᠣᠷᠢᠳᠠᠵᠠᠢ ᠭᠡᠰᠡᠨ ᠴᠢᠨᠢ᠂ ᠪᠠᠷᠠᠵᠠᠢ! ᠰᠠᠶᠢ ᠭᠣᠷᠪᠠᠳᠣᠭ᠋ᠠᠷ ᠬᠢᠴᠢᠶᠡᠯ ᠪᠠᠭᠤᠵᠤ ᠪᠠᠢ᠌ᠭᠰᠠᠨ᠂  ᠶᠠᠭᠤᠨ᠎ᠤ᠎ᠬᠢ᠎ᠨᠢ ᠳᠦᠷᠪᠡᠳᠦᠭᠡᠷ ᠬᠢᠴᠢᠶᠡᠯ ᠭᠡᠳ  ᠡᠨᠳᠡᠭᠦᠷᠡᠴᠢᠬᠡᠵᠡᠢ》 ᠭᠡᠵᠤ ᠪᠢ ᠡᠵᠢ ᠎ᠳᠤ᠎ᠪᠠᠨ ᠲᠠᠢ᠌ᠯᠪᠣᠷᠢᠯᠠᠨ᠎ᠠ᠃ ᠣᠣᠯ᠎ᠨᠢ᠂ ᠦᠳᠡ᠎ᠳᠤ ᠰᠣᠷᠭ᠋ᠠᠭᠣᠯᠢ ᠲᠠᠷᠬᠠᠬᠣ ᠪᠣᠯᠭ᠋ᠠᠨ ᠪᠠᠭᠰᠢ ᠎ᠠᠴᠠ ᠭᠡᠷ᠎ᠲᠤ᠎ᠪᠠᠨ ᠣᠴᠢᠪᠠᠯ ᠠᠪᠣ ᠡᠵᠢ᠎ᠪᠠᠨ ᠬᠠᠪᠰᠣᠷᠴᠣ ᠠᠷᠭ᠋ᠠᠯ ᠲᠦᠯᠡᠭᠡ  ᠬᠤᠮᠢᠬᠤ ᠂ ᠠᠳᠣᠭᠣ ᠮᠠᠯ ᠡᠷᠭᠢᠭᠦᠯᠬᠦ᠎ᠳᠤ᠎ᠨᠢ ᠬᠠᠪᠰᠣᠷᠴᠣ ᠠᠵᠢᠯ ᠬᠢᠬᠦ᠂ ᠳᠠᠰᠬᠠᠯ ᠳᠠᠭ᠋ᠠᠯᠭ᠋ᠠᠪᠤᠷᠢ᠎ᠪᠠᠨ ᠴᠠᠭ ᠲᠣᠬᠠᠢ᠎ᠳᠤ᠎ᠨᠢ ᠪᠡᠶᠡᠯᠡᠭᠦᠯᠬᠦ᠂᠂᠂ ᠵᠡᠷᠭᠡ ᠰᠣᠷᠭ᠋ᠠᠯ ᠦᠭᠡ ᠶᠠᠷᠢᠳᠠᠭ᠃ ᠲᠡᠷᠡ ᠡᠳᠦᠷ᠂ ᠡᠨᠡ ᠪᠠᠭᠰᠢ ᠶᠠᠭ᠋ᠠᠬᠢᠭ᠋ᠠᠳ ᠯᠡ ᠭᠣᠷᠪᠠᠳᠣᠭ᠋ᠠᠷ ᠬᠢᠴᠢᠶᠡᠯ ᠪᠠᠭᠣᠬᠣ ᠦᠶ᠎ᠡ᠎ᠳᠤ ᠣᠯᠠᠨ ᠰᠣᠷᠭ᠋ᠠᠯ ᠵᠶ᠋ᠠᠨ ᠶᠠᠷᠢᠴᠢᠬᠠᠭᠰᠨ ᠶᠤᠮ ᠳ᠋ᠠ ᠭᠡᠵᠣ ᠬᠠᠷᠢᠭᠣᠯᠳᠠ ᠦᠭᠡᠢ ᠭᠠᠢ᠌ᠬᠠᠨ᠎ᠠ᠂᠂᠂᠂ ᠣᠳᠣ ᠪᠣᠳᠣᠬᠣ᠎ᠳᠤ ᠲᠣᠭᠣᠯ ᠎ᠤᠨ ᠪᠡᠯᠴᠢᠭᠡᠷ ᠎ᠤᠨ ᠢᠨᠠᠲᠣ᠎ᠠᠴᠠ ᠬᠣᠷᠭ᠎ᠠ ᠢᠰᠢᠭᠡ ᠵᠢᠨ ᠮᠠᠢ᠌ᠯᠠᠯᠳᠤᠭ᠋ᠠᠨ᠎ᠲᠠᠢ ᠬᠠᠰᠢᠶ᠎ᠠ ᠵᠦᠭ ᠵᠶ᠋ᠠᠨ  ᠭᠦᠶᠦᠯᠳᠦᠨ ᠶᠠᠭ᠋ᠠᠷᠠᠵᠣ ᠪᠠᠢ᠌ᠭᠰᠠᠨ ᠮᠠᠨᠢ ᠨᠡᠩ ᠴᠤ᠌ ᠣᠴᠢᠷᠲᠠᠢ!       
  ᠠᠪᠣ ᠡᠵᠢ ᠵᠢᠨ ᠬᠣᠷᠮᠣᠢ ᠵᠢ᠎ᠨᠢ ᠳᠠᠭ᠋ᠠᠵᠣ ᠳᠡᠷᠪᠡᠯᠵᠡᠭᠰᠡᠨ  ᠪᠠᠯᠴᠢᠷ ᠨᠠᠰᠣ ᠮᠢᠨᠢ ᠠᠯᠣᠰ᠎ᠤᠨ ᠴᠠᠭ᠋ᠠᠨᠠᠬᠢ ᠠᠭᠣᠯᠠᠰ᠎ᠤᠨ ᠵᠠᠮᠬᠠᠷᠠᠨ ᠣᠳᠬᠣ ᠡᠭᠦᠯᠡᠰ ᠰᠢᠭ ᠵᠠᠢ᠌ᠳᠠᠬᠤ ᠴᠠᠭ ᠮᠦᠴᠡ ᠬᠡᠨ ᠬᠦᠮᠦᠨ᠎ᠳᠤ ᠪᠦᠷ ᠪᠠᠢ᠌ᠭ᠎ᠠ ᠶᠣᠮ᠂  ᠨᠠᠳᠠ᠎ᠳᠤ ᠴᠣ᠌ ᠪᠠᠢ᠌ᠭᠰᠠᠨ ᠳ᠋ᠠ᠂ ᠠᠷᠣ ᠵᠢᠨ ᠳᠠᠪᠠᠭ᠎ᠠ᠎ᠪᠠᠨ ᠳᠠᠪᠠᠵᠣ ᠰᠣᠮᠣ ᠵᠢᠨ ᠰᠣᠷᠭ᠋ᠠᠭᠣᠯᠢ᠎ᠳᠤ ᠳᠠᠪᠰᠢᠨ ᠣᠷᠣᠭᠰᠠᠨ ᠲᠠᠷᠡ ᠦᠶ᠎ᠡ᠎ᠨᠢ  ᠨᠠᠳᠠ᠎ᠳᠤ  ᠠᠢ᠌ᠯ ᠭᠡᠷ  ᠵᠶ᠋ᠠᠨ ᠰᠠᠨᠠᠬᠣ ᠰᠡᠳᠭᠢᠯᠭᠡ ᠵᠢ ᠵᠢᠷᠣᠬᠡᠨ᠎ᠳᠤ  ᠣᠭᠤᠰᠤᠷᠯᠠᠵᠤ ᠲᠠᠯᠪᠢᠭᠰᠠᠨ  ᠰᠢᠭ᠋ ᠶᠣᠮ᠃  ᠪᠢ ᠰᠤᠷᠭ᠋ᠠᠭᠤᠯᠢ ᠵᠢᠨ ᠪᠠᠢ᠌ᠷᠢ᠎ᠳᠤ  ᠠᠩᠬ᠎ᠠ ᠰᠠᠭᠣᠵᠣ ᠪᠠᠢ᠌ᠭᠰᠠᠨ ᠦᠶ᠎ᠡ᠎ᠳᠤ᠎ᠪᠠᠨ ᠭᠡᠷ ᠵᠶ᠋ᠡᠨ ᠰᠠᠨᠠᠬᠤ  ᠮᠢᠨᠢ ᠬᠡᠴᠡᠭᠦᠦ᠂ ᠰᠣᠷᠭ᠋ᠠᠭᠣᠯᠢ ᠎ᠳᠤ᠎ᠪᠠᠨ  ᠣᠴᠢᠬᠤ ᠳᠣᠷ᠎ᠠ ᠦᠭᠡᠢ ᠵᠢ ᠶᠠᠭ᠋ᠠᠬᠢᠶ᠎ᠠ᠂  ᠲᠡᠭᠡᠭᠡᠳ  ᠡᠵᠢ᠎ᠳᠤ᠎ᠪᠠᠨ ᠡᠷᠬᠡᠯᠡᠵᠤ᠂ ᠠᠪᠣ᠎ᠳᠤ᠎ᠪᠠᠨ ᠵᠠᠩᠨᠠᠭᠣᠯᠵᠣ ᠪᠠᠢ᠌ᠭᠰᠠᠨ! ᠪᠣᠳᠣᠭ᠋ᠠᠳ ᠦᠵᠡᠪᠡᠯ ᠬᠦᠭᠡᠷᠦᠬᠦᠢ  ᠳ᠋ᠠ᠂ ᠮᠢᠨᠤ ᠨᠢᠭᠡ ᠬᠠᠮᠳᠣ ᠰᠣᠷᠣᠯᠭ᠋ᠠᠳᠠᠨ  ᠪᠠᠢ᠌ᠷᠢ᠎ᠳᠤ  ᠰᠠᠭᠤᠭ᠋ᠠᠳ ᠨᠢᠭᠡ ᠭᠠᠷᠠᠭ᠎ᠢ  ᠳᠠᠭ᠋ᠠᠭ᠋ᠠᠭᠰᠠᠨ ᠦᠭᠡᠢ ᠭᠡᠷ᠎ᠪᠠᠨ ᠰᠠᠨᠠᠬᠣ ᠎ᠳᠤ᠎ᠪᠠᠨ ᠄ 《ᠪᠢ ᠲᠡᠰᠬᠦ ᠦᠭᠡᠢ᠂ ᠲᠡᠰᠬᠦ ᠦᠭᠡᠢ!》 ᠭᠡᠳ ᠣᠬᠢᠯᠠᠵᠤ ᠪᠠᠢ᠌ᠭᠰᠠᠨ᠂ ᠲᠡᠭᠡᠭᠡᠳ ᠯᠡ ᠭᠣᠷᠪᠠᠳᠣᠭ᠋ᠠᠷ ᠡᠳᠦᠷ᠎ᠲᠤ᠎ᠨᠢ ᠣᠷᠣ᠎ᠪᠠᠨ ᠡᠭᠦᠷᠦᠭᠡᠳ ᠭᠡᠷ᠎ᠲᠤ᠎ᠪᠠᠨ ᠬᠠᠷᠢᠴᠢᠬᠠᠭᠰᠠᠨ ᠪᠢᠯᠡ᠃ ᠪᠠᠭᠰᠢ᠂ ᠭᠡᠷ᠎ᠤᠨ ᠠᠬᠠᠮᠠᠳ ᠎ᠤᠨ᠎ᠬᠢ᠎ᠨᠢ  ᠭᠣᠶᠣᠳᠠᠯ ᠢᠳᠬᠠᠯ ᠴᠣ᠌  ᠶᠠᠮᠠᠷ ᠴᠦ᠍ ᠲᠣᠰᠠ ᠪᠣᠯᠣᠭᠰᠠᠨ ᠦᠭᠡᠢ ᠰᠣᠷᠣᠯᠭ᠎ᠠ ᠵᠤᠭᠰᠤᠭᠰᠠᠨ ᠪᠠᠢ᠌ᠵᠠᠢ᠃  ᠠᠢ᠌ᠯ ᠭᠡᠷ᠎ᠠᠴᠠ᠎ᠪᠠᠨ ᠰᠠᠶᠢ ᠡᠬᠢᠯᠡᠵᠤ ᠰᠠᠯᠵᠣ ᠪᠠᠢ᠌ᠭ᠎ᠠ ᠬᠡᠣᠬᠡᠳ ᠭᠡᠷ ᠵᠶ᠋ᠠᠨ ᠰᠠᠨᠠᠬᠣ ᠎ᠨᠢ ᠵᠠᠢ᠌ᠯᠠᠰᠢ ᠦᠭᠡᠢ  ᠃ ᠶᠡᠬᠡ ᠬᠦᠮᠦᠨ ᠴᠤ᠌  ᠭᠡᠷ ᠨᠤᠲᠤᠭ᠎ᠠᠴᠠ᠎ᠪᠠᠨ ᠰᠠᠯᠵᠤ ᠂ ᠬᠠᠷᠢ ᠭᠠᠵᠠᠷ  ᠬᠦᠨᠳᠡᠯᠡᠨ ᠨᠣᠲᠣᠭ᠎ᠲᠤ ᠠᠵᠢᠯᠯᠠᠵᠤ ᠠᠮᠢᠳᠤᠷᠠᠬᠤ ᠦᠶ᠎ᠡ᠎ᠳᠤ  ᠭᠡᠷ ᠵᠶ᠋ᠠᠨ ᠰᠠᠨᠠᠬᠣ ᠵᠢᠨ ᠦᠨᠦᠷ ᠠᠮᠳᠠ ᠠᠮᠲᠠᠯᠠᠭᠳᠠᠳᠠᠭ᠎ᠨᠢ ᠯᠠᠪᠲᠠᠢ ᠃ ᠬᠡᠣᠬᠡᠳ ᠵᠶ᠋ᠠᠨ ᠬᠠᠷᠠᠬᠠᠨ ᠪᠠᠭ᠎ᠠ ᠎ᠠᠴᠠ᠎ᠨᠢ ᠬᠣᠰᠢᠭᠣ ᠠᠢ᠌ᠮᠠᠭ᠎ᠤᠨ ᠰᠣᠷᠭ᠋ᠠᠭᠣᠯᠢ᠎ᠳᠤ ᠬᠦᠷᠭᠡᠵᠤ ᠰᠣᠷᠣᠯᠴᠠᠭᠣᠯᠬᠣ᠎ᠳᠤ᠂ ᠡᠵᠢ ᠠᠪᠣ ᠪᠣᠶᠣ  ᠡᠮᠡᠭᠡ ᠡᠪᠦᠭᠡ᠎ᠨᠢ ᠳᠠᠭ᠋ᠠᠵᠣ ᠰᠠᠭᠣᠵᠤ ᠪᠠᠢ᠌ᠯ᠎ᠠ ᠴᠣ᠌ ᠲᠡᠳᠡᠨ ᠎ᠢ ᠭᠡᠷ  ᠨᠤᠲᠤᠭ ᠵᠶ᠋ᠠᠨ ᠰᠠᠨᠠᠵᠣ ᠦᠭᠡᠢ ᠭᠡᠵᠣ ᠪᠣᠣ ᠪᠤᠳᠤ᠂ ᠬᠡᠣᠬᠡᠳ ᠳᠠᠯᠳᠠ ᠤᠬᠠᠮᠰᠠᠷ ᠵᠶ᠋ᠠᠷ ᠭᠡᠷ  ᠨᠤᠲᠤᠭ ᠵᠶ᠋ᠠᠨ ᠰᠠᠨᠠᠵᠣ ᠪᠠᠢ᠌ᠬᠣ ᠵᠢ ᠣᠮᠳᠣᠭ᠋ᠠᠢ᠌ᠯᠠᠵᠤ ᠪᠣᠯᠳᠠᠭ ᠦᠭᠡᠢ ᠳ᠋ᠠ! ᠲᠡᠷᠡ ᠦᠶ᠎ᠡ᠎ᠳᠤ᠂ ᠪᠢᠳᠡ ᠭᠠᠷᠠᠭ ᠎ᠤᠨ ᠰᠡᠭᠦᠯᠴᠢ ᠪᠣᠯᠪᠠᠯ ᠰᠠᠨᠠᠭ᠎ᠠ ᠰᠡᠷᠭᠦᠵᠤ ᠳᠠᠭᠣ ᠦᠨᠳᠤᠷᠳᠡᠳᠡᠭ᠃ ᠶᠠᠭᠣ ᠭᠡᠪᠡᠯ 〈〈᠂᠂᠂ ᠬᠣᠨᠣᠭ  ᠲᠤᠭᠤᠯᠤᠭ᠋ᠠᠳ ᠭᠡᠷ ᠎ᠲᠤ᠎ᠪᠠᠨ ᠢᠷᠡᠯ᠎ᠡ〉〉 ᠭᠡᠬᠦ ᠳᠠᠭᠣᠣ ᠰᠢᠭ᠋  ᠨᠤᠲᠤᠭ᠎ᠤᠨ ᠵᠠᠮ ᠵᠶ᠋ᠠᠨ ᠡᠯᠭᠦᠵᠤ ᠂ ᠭᠡᠷ ᠎ᠲᠤ᠎ᠪᠠᠨ ᠬᠠᠷᠢᠵᠤ  ᠪᠠᠢ᠌ᠭᠰᠠᠨ ᠳ᠋ᠠ!      
    《ᠬᠠᠪᠣᠷ  ᠴᠠᠭ᠎ᠨᠢ ᠪᠣᠯᠣᠭ᠋ᠠᠳ ᠢᠷᠡᠪᠡᠯ ᠬᠠᠭᠳᠠ ᠨᠣᠭᠤᠭ᠎ᠠ᠎ᠨᠢ ᠬᠦᠬᠡᠷᠡᠭᠡᠳ᠂ ᠬᠠᠪᠣᠷᠵᠢᠶᠠᠨ ᠎ᠳᠤ᠎ᠪᠠᠨ  ᠰᠠᠭᠤᠶ᠎ᠠ ᠭᠡᠯᠠᠢ ᠭᠠᠵᠠᠷ ᠮᠢᠨᠢ ᠬᠤᠯᠠ᠂ ᠨᠤᠲᠤᠭ ᠮᠢᠨᠢ ᠲᠠᠷᠠᠤ ᠪᠠᠢ᠌ᠨ᠎ᠠ᠂ ᠭᠠᠯᠭᠢᠭᠤᠯᠵᠠᠭ᠋ᠠᠶ᠎ᠠ ᠪᠢᠳᠡ ᠁》 ᠲᠡᠢ᠌ᠮᠦ ᠡ᠂  ᠬᠦᠳᠡᠭᠡ ᠭᠡᠷ᠎ᠠᠴᠠ᠎ᠪᠠᠨ ᠰᠠᠯᠣᠭ᠋ᠠᠳ ᠬᠠᠮᠢᠭ᠎ᠠ ᠶᠠᠮᠠᠷ ᠭᠠᠵᠠᠷ  ᠠᠵᠢᠯᠯᠠᠵᠤ᠂ ᠠᠮᠢᠳᠤᠷᠠᠵᠤ᠂  ᠰᠤᠷᠤᠯᠴᠠᠭᠰᠠᠨ ᠴᠦ᠍ ᠪᠣᠷᠣ ᠭᠡᠷ᠂ ᠪᠣᠭᠣᠨᠢ ᠰᠠᠷᠠᠪᠴᠢ ᠮᠢᠨᠢ ᠪᠣᠳᠣᠯ ᠰᠠᠨᠠᠯ ᠎ᠢ ᠡᠵᠡᠮᠳᠡᠭᠡᠳ   ᠪᠠᠢ᠌ᠳᠠᠭ!   ᠲᠡᠢ᠌ᠮᠦ ᠎ᠠᠴᠠ ᠬᠦᠮᠦᠰ ᠦᠰᠴᠦ ᠲᠦᠷᠦᠭᠰᠡᠨ ᠨᠤᠲᠤᠭ ᠵᠶ᠋ᠠᠨ ᠦᠯᠦᠭᠡᠢ᠎ᠲᠠᠢ ᠵᠦᠢ᠍ᠷᠯᠡᠳᠡᠭ᠎ᠨᠢ ᠴᠠᠭ᠋ᠠᠨ᠎ᠠ᠎ᠪᠠᠨ ᠤᠴᠢᠷᠲᠠᠢ ᠠᠵᠢ ᠁
  ᠵᠤᠨ᠎ᠤ ᠰᠠᠢ᠌ᠬᠠᠨ ᠳᠤᠷᠠᠰᠤᠮᠵᠢ᠎ᠳᠤ᠂  ᠵᠣᠢ᠌ᠯ᠎ᠤᠨ ᠴᠡᠴᠡᠭ᠎ᠨᠢ ᠳᠡᠯᠭᠡᠷᠡᠭᠡᠳ ᠵᠢᠷᠣᠭ ᠰᠢᠭ᠋  ᠪᠣᠯᠣᠭ᠋ᠠᠳ ᠪᠠᠢ᠌ᠬᠤ ᠎ᠳᠤ  ᠭᠡᠷ ᠎ᠲᠤ᠎ᠪᠠᠨ ᠬᠠᠷᠢᠬᠤ ᠵᠢᠨ  ᠬᠠᠮᠤᠭ ᠰᠠᠢ᠌ᠬᠠᠨ  ᠳᠤᠷᠠᠰᠤᠯ  ᠬᠦᠪᠦᠷᠢᠳᠡᠭ ! ᠲᠡᠷᠡ ᠥᠶ᠎ᠡ᠎ᠳᠤ᠂ ᠨᠣᠲᠣᠭ᠎ᠤᠨ ᠮᠢᠨᠢ ᠬᠥᠬᠡ ᠲᠡᠭᠷᠢ ᠎ᠳᠤ ᠴᠠᠭ᠋ᠠᠨ ᠡᠭᠦᠯᠡ  ᠰᠣᠪᠤᠷᠠᠵᠤ᠂ ᠬᠦᠳᠡᠭᠡ ᠲᠠᠯ᠎ᠠ᠎ᠳᠤ ᠬᠦᠯᠦᠭ  ᠮᠣᠷᠢ ᠳᠠᠪᠬᠢᠨ᠎ᠠ ᠳ᠋ᠠ!  ᠬᠠᠷᠢᠨ ᠲᠡᠭᠡᠬᠦ ᠎ᠪᠠᠷ᠂ ᠲᠤᠨᠤᠷᠡᠮ᠎ᠠ ᠰᠠᠢ᠌ᠬᠠᠨ ᠡᠲᠦᠷ ᠲᠤᠬᠢᠶᠠᠪᠠᠯ 《ᠬᠠᠷᠢ᠎ᠳᠤ ᠮᠣᠷᠳᠠᠭᠰᠠᠨ ᠬᠡᠣᠬᠡᠨ ᠲᠥᠷᠬᠦᠮ ᠵᠶ᠋ᠡᠨ ᠰᠠᠨᠠᠮᠠᠷ ᠡᠳᠦᠷ ᠡ》 ᠭᠡᠵᠤ ᠭᠡᠷ ᠨᠣᠲᠣᠭ ᠵᠶ᠋ᠠᠨ ᠰᠠᠨᠠᠵᠣ ᠮᠥᠷᠦᠭᠡᠳᠦᠭᠰᠡᠨ ᠰᠡᠳᠭᠢᠯᠭᠡ ᠎ᠪᠠᠨ ᠪᠠᠢ᠌ᠭ᠋ᠠᠯᠢ ᠤᠷᠴᠢᠨ᠎ᠤ ᠰᠠᠢ᠌ᠨ ᠰᠠᠢ᠌ᠬᠠᠨ᠎ᠲᠠᠢ ᠦᠯᠢᠳᠭᠡᠵᠦ ᠬᠡᠯᠡᠳᠡᠭ᠃
  ᠨᠠᠮᠣᠷ᠎ᠨᠢ ᠬᠡᠨ ᠨᠢᠭᠡᠨ᠎ᠳᠤ ᠳᠣᠷᠠᠰᠣᠯ ᠮᠦᠷᠦᠭᠡᠳᠦᠯ᠎ᠢ ᠵᠤᠵᠠᠭ᠋ᠠᠷᠠᠭᠤᠯᠳᠠᠭ᠂   ᠳᠡᠭᠡᠷ᠎ᠡ ᠵᠠᠭᠤᠨ᠎ᠤ ᠨᠠᠶᠠᠭ᠋ᠠᠳ ᠣᠨ ᠎ᠤ ᠳᠤᠮᠳᠠᠴᠢ ᠵᠢᠨ ᠲᠡᠷᠡ ᠨᠠᠮᠣᠷ ᠪᠢ ᠠᠢ᠌ᠮᠠᠭ ᠠᠯᠣᠰ ᠎ᠤᠨ ᠶᠡᠬᠡ ᠰᠣᠷᠭ᠋ᠠᠭᠣᠯᠢ᠎ᠳᠤ ᠰᠢᠯᠭ᠋ᠠᠨ ᠣᠷᠣᠵᠣ ᠭᠡᠷ ᠨᠣᠳᠣᠭ ᠎ᠠᠴᠠ᠎ᠪᠠᠨ ᠣᠯᠠᠮ ᠵᠠᠢ᠌ᠳᠠᠭᠣ ᠪᠣᠯᠬᠣ᠎ᠳᠤ᠂  ᠠᠢ᠌ᠯ ᠭᠡᠷ  ᠮᠢᠨᠢ  ᠨᠠᠳᠠ᠎ᠳᠤ ᠠᠮᠢᠳᠣᠷᠠᠯ ᠎ᠤᠨ ᠲᠦᠰᠢᠭ  ᠣᠶᠣᠨ ᠎ᠤ  ᠬᠦᠨᠡᠰᠦ  ᠪᠣᠯᠵᠤ ᠪᠠᠢ᠌ᠭᠰᠠᠨ ᠶᠣᠮ᠃ ᠢᠯᠠᠩᠭᠣᠶ᠎ᠠ᠂ ᠠᠮᠠᠷᠠᠯᠳᠠ ᠲᠠᠯᠪᠢᠵᠤ ᠭᠡᠷ ᠎ᠲᠤ᠎ᠪᠠᠨ ᠬᠠᠷᠢᠬᠣ ᠦᠶ᠎ᠡ᠎ᠳᠤ ᠠᠷᠣ ᠭᠡᠷ ᠎ᠤᠨ ᠬᠣᠯᠠᠩ ᠎ᠤᠨ ᠣᠲᠣᠭ᠎ᠠ ᠠᠭᠣᠯᠠᠰ ᠎ᠤᠨ ᠴᠠᠭ᠋ᠠᠨᠠᠬᠢ ᠣᠨᠢᠶᠠᠷ ᠵᠶ᠋ᠠᠷ ᠳᠠᠮᠵᠢᠨ ᠦᠨᠦᠰᠦᠭᠳᠡᠨ ᠮᠡᠳᠡᠷᠡᠭᠳᠡᠵᠤ ᠪᠠᠢ᠌ᠮᠠᠷᠬᠠᠨ  ᠰᠠᠨᠠᠭᠳᠠᠳᠠᠭ᠃ ᠡᠩ ᠳᠡᠯᠡᠬᠡᠢ᠎ᠳᠤ ᠠᠭᠣᠯᠠ ᠲᠠᠯ᠎ᠠ ᠣᠯᠠᠨ ᠣᠯᠠᠨ ᠬᠠᠷᠠᠭᠳᠠᠳᠠᠭ  ᠴᠤ᠌ ᠠᠪᠣ ᠵᠢᠨ ᠮᠢᠨᠢ ᠪᠠᠷ᠎ᠠ ᠰᠢᠭ᠋ ᠬᠠᠨᠠᠢ᠌ᠭᠰᠠᠨ  ᠨᠤᠲᠤᠭ᠎ᠤᠨ ᠠᠭᠣᠯᠠᠰ᠎ᠨᠢ  ᠬᠣᠯᠠ ᠵᠢᠨ ᠬᠣᠯᠠ ᠎ᠳᠤ᠎ᠪᠠᠨ  ᠲᠡᠷᠭᠡᠯ  ᠬᠠᠷᠠᠭᠳᠠᠯ᠎ᠲᠠᠢ ᠵᠢ ᠶᠠᠭ᠋ᠠᠬᠢᠶ᠎ᠠ!  ᠥᠩ  ᠶᠢᠷᠲᠢᠨᠴᠣ᠎ᠳᠤ ᠭᠣᠣᠯ ᠮᠦᠷᠡᠨ ᠰᠠᠶ᠎ᠠ ᠵᠢᠸ᠎ᠠ ᠣᠷᠣᠰᠳᠠᠭ᠂ ᠭᠡᠶ᠎ᠡ ᠡᠵᠢ ᠵᠢᠨ ᠮᠢᠨᠢ ᠰᠠᠷᠠᠪᠴᠢᠯᠠᠭ᠎ᠠ᠎ᠳᠤ ᠬᠣᠴᠣᠷᠣᠭᠰᠠᠨ ᠲᠡᠷᠡ ᠭᠣᠣᠯ ᠰᠢᠭ᠋ ᠴᠡᠩᠬᠡᠷ  ᠬᠠᠷᠠᠭᠳᠠᠮᠠᠷ ᠦᠭᠡᠢ ᠵᠢ ᠡᠢ᠌ᠶ᠎ᠡ!
  ᠲᠡᠷᠡ ᠨᠢᠭᠡ ᠠᠮᠠᠷᠠᠯᠳᠠ ᠵᠢᠨ ᠣᠴᠢᠷ᠎ᠨᠢ  ᠨᠠᠳᠠ᠎ᠳᠤ  ᠶᠡᠷᠦ᠎ᠨᠢ ᠮᠠᠷᠳᠠᠭᠳᠠᠰᠢ ᠦᠭᠡᠢ ᠭᠦᠨ ᠰᠠᠭᠣᠭᠳᠠᠯ ᠦᠯᠡᠳᠡᠵᠠᠢ᠃ ᠪᠢ᠂ ᠮᠠᠰᠢᠨ ᠲᠡᠷᠭᠡᠨ ᠎ᠠᠴᠠ ᠪᠠᠭᠣᠵᠣ ᠨᠣᠳᠣᠭ ᠎ᠤᠨ ᠰᠢᠷ᠎ᠠ ᠵᠠᠮ ᠵᠶ᠋ᠠᠨ ᠡᠯᠭᠦᠵᠤ᠂ ᠭᠡᠷ ᠵᠦᠭ ᠵᠶ᠋ᠠᠨ ᠴᠢᠨᠡᠭᠡ ᠮᠡᠳᠡᠨ ᠠᠯᠬᠣᠵᠣ ᠪᠠᠢ᠌ᠬᠣ᠎ᠳᠤ ᠲᠡᠷᠳᠡᠭᠡ ᠡᠷᠭᠢ ᠎ᠠᠴᠠ ᠵᠢᠭᠢᠳᠡᠯ᠎ᠡ ᠰᠣᠨᠣᠯᠵᠠᠭ᠋ᠠᠳ ᠢᠷᠡᠬᠦ 《ᠰᠢᠷᠭ᠋ᠠᠯ ᠠᠷᠰᠯᠠᠨ》 ᠮᠢᠨᠢ ᠬᠠᠮᠣᠭ᠎ᠠᠴᠠ ᠡᠮᠦᠨ᠎ᠡ ᠨᠠᠮ᠎ᠠ ᠵᠢ ᠣᠭᠳᠣᠨ ᠠᠪᠴᠣ᠂  ᠬᠣᠶᠠᠷ ᠬᠠ᠎ᠪᠠᠨ ᠡᠷᠭᠦᠰᠭᠢᠨ ᠭᠠᠷ ᠬᠦᠯ᠂ ᠬᠠᠴᠠᠷ ᠨᠢᠭᠣᠷ ᠎ᠢ ᠦᠨᠦᠰᠦᠨ ᠳᠣᠯᠢᠶᠠᠵᠣ《ᠬᠠᠯᠠᠭᠣᠨ ᠵᠶ᠋ᠠᠷ ᠣᠭᠳᠣᠵᠣ ᠪᠠᠢ᠌ᠬᠣ》 ᠰᠡᠳᠭᠢᠯᠭᠡ᠎ᠪᠠᠨ ᠢᠯᠡᠳᠭᠡᠵᠤ ᠯᠡ  ᠪᠠᠢ᠌ᠭᠰᠠᠨ᠃ ᠭᠡᠬᠦ ᠎ᠳᠤ᠎ᠪᠠᠨ  ᠬᠣᠢ᠌ᠭᠣᠷ ᠣᠷᠳᠣᠭᠣᠷ ᠡᠷᠭᠢᠴᠡᠵᠤ  ᠠᠢ᠌ᠯ ᠵᠦᠭ ᠭᠦᠶᠦᠨ᠎ᠡ᠂ ᠳᠠᠬᠢᠭ᠋ᠠᠳ ᠮᠢᠨᠣ ᠵᠦᠭ ᠭᠦᠶᠦᠨ᠎ᠡ᠂ ᠳᠠᠬᠢᠭ᠋ᠠᠳ ᠯᠡ ᠭᠡᠷ ᠵᠦᠭ ᠭᠦᠶᠦᠨ᠎ᠡ ᠂  ᠬᠦᠭᠡᠷᠦᠬᠦᠢ᠂  ᠨᠠᠮ᠎ᠠ ᠵᠢ ᠢᠷᠡᠵᠠᠢ ᠭᠡᠵᠣ ᠭᠡᠷ ᠎ᠤᠨ ᠬᠦᠮᠦᠰ᠎ᠲᠤ ᠴᠢᠮᠡᠭᠡ ᠳᠠᠮᠵᠢᠭᠤᠯᠵᠤ ᠪᠠᠢ᠌ᠭᠰᠠᠨ ᠪᠣᠯᠣᠯᠲᠠᠢ! ᠶᠣᠰᠣᠲᠠᠢ ᠭᠡᠷ ᠎ᠲᠤ᠎ᠪᠠᠨ ᠪᠤᠴᠠᠬᠤ ᠰᠡᠳᠭᠢᠯᠭᠡ ᠂ ᠡᠯᠢᠭᠡᠨ ᠰᠠᠲᠦᠨ ᠂ ᠨᠣᠲᠣᠭ᠎ᠤᠨ  ᠪᠦᠬᠦᠢ ᠶᠠᠭᠤᠮ᠎ᠠ᠎ᠨᠢ   ᠢᠵᠢᠯᠢᠳᠦᠨ ᠠᠭᠣᠰᠤᠯᠴᠠᠭᠰᠠᠨ ᠪᠠᠢ᠌ᠳᠠᠭ!       
  ᠡᠪᠦᠯ᠎ᠨᠢ ᠬᠦᠮᠦᠨ᠎ᠳᠤ  ᠳᠤᠯᠠᠭ᠋ᠠᠬᠠᠨ ᠪᠠᠭᠣᠴᠠ ᠵᠢ ᠡᠷᠢᠭᠳᠡᠭᠦᠯᠦᠨ᠎ᠡ᠃  ᠰᠦᠨᠢ ᠵᠢᠨ ᠲᠡᠭᠷᠢ᠎ᠳᠤ ᠠᠯᠣᠰ᠎ᠤᠨ ᠣᠳᠣᠳ  ᠭᠢᠯᠠᠯᠵᠠᠬᠤ᠎ᠨᠢ ᠶᠠᠭ  ᠨᠤᠲᠤᠭ ᠎ᠢ ᠴᠢᠨᠢ ᠮᠠᠨᠠᠵᠤ ᠦᠭᠴᠦ ᠪᠠᠢ᠌ᠨ᠎ᠠ  ᠰᠢᠭ᠋ ᠶᠤᠮ᠃ ᠠᠷᠣ ᠭᠡᠷ᠎ᠠᠴᠠ᠎ᠪᠠᠨ  ᠲᠤᠰᠠᠭ᠋ᠠᠷᠯᠠᠵᠤ᠂ ᠠᠵᠢᠯ ᠠᠮᠢᠳᠣᠷᠠᠯ ᠵᠶ᠋ᠠᠨ ᠠᠰᠲᠠᠭ᠋ᠠᠨ ᠲᠣᠳᠣᠮᠳᠠᠬᠣ ᠪᠣᠯᠣᠭᠰᠠᠨ  ᠨᠠᠳᠠ ᠎ᠳᠤ  ᠡᠵᠢ ᠵᠢᠨ ᠮᠢᠨᠢ ᠴᠢᠨᠠᠭᠰᠠᠨ ᠬᠠᠯᠠᠭᠣᠨ ᠴᠠᠢ ᠨᠡᠩ ᠠᠮᠲᠠᠲᠠᠢ  ᠰᠠᠨᠠᠭᠳᠠᠬᠤᠢ᠂ ᠠᠪᠣ ᠵᠢᠨ ᠮᠢᠨᠢ  ᠬᠤᠪᠢᠩ᠎ᠲᠠᠢ  ᠠᠷᠢᠬᠢᠨ᠎ᠳᠤ ᠣᠯᠠᠮ ᠰᠢᠮᠡᠲᠡᠢ ᠰᠣᠭᠲᠣᠭᠣᠷᠬᠣᠢ !
  《ᠠᠪᠦ ᠵᠢᠨ ᠳᠠᠭᠣᠣ ᠵᠢ ᠡᠭᠡᠰᠢᠭᠯᠡᠵᠦ
    ᠭᠡᠷ ᠎ᠲᠤ᠎ᠪᠠᠨ ᠬᠠᠷᠢᠮᠠᠷ ᠰᠠᠨᠠᠭᠳᠠᠭ᠋ᠠᠳ ᠪᠠᠢ᠌ᠨ᠎ᠠ
    ᠠᠯᠣᠰ᠎ᠤᠨ ᠴᠡᠩᠬᠡᠷ ᠬᠠᠶᠠᠭ᠎ᠠ ᠵᠢ ᠴᠢᠭᠯᠡᠭᠡᠳ
    ᠭᠡᠷ᠎ᠲᠤ᠎ᠪᠠᠨ ᠬᠠᠷᠢᠮᠠᠷ ᠪᠣᠳᠤᠭᠳᠠᠭ᠋ᠠᠳ ᠪᠠᠢ᠌ᠨ᠎ᠠ
     ᠠᠢ ᠳ᠋ᠠ    ᠨᠤᠲᠣᠭ ᠮᠢᠨᠢ  ᠁  》 ᠭᠡᠬᠦ ᠳᠠᠭᠣᠣ ᠵᠢ ᠠᠶᠠᠯᠭᠤᠯᠠᠮᠠᠷ ᠳ᠋ᠠ!
     ᠨᠢᠳᠤᠨᠤᠨ ᠵᠢᠯ᠎ᠳᠤ  ᠪᠢ ᠵᠣᠷᠰᠢᠯ ᠶᠣᠰᠤᠭ᠋ᠠᠷ  ᠭᠡᠷ ᠪᠦᠯᠢ᠎ᠪᠠᠨ ᠠᠪᠴᠤ ᠨᠣᠳᠣᠭ ᠎ᠲᠤ᠎ᠪᠠᠨ ᠬᠠᠷᠢᠵᠤ ᠭᠡᠷ ᠎ᠲᠤ᠎ᠪᠠᠨ ᠰᠢᠨᠡᠯᠡᠬᠦ᠎ᠪᠠᠷ ᠢᠷᠡᠵᠣ ᠪᠢᠯᠡ᠃  ᠨᠠᠮ᠎ᠤᠨ ᠬᠤᠷᠢᠳᠤᠭ᠋ᠠᠷ ᠶᠡᠬᠡ ᠬᠤᠷᠠᠯ᠎ᠤᠨ ᠵᠣᠷᠢᠭ ᠰᠠᠨᠠᠭ᠎ᠠ ᠵᠢᠨ ᠲᠤᠶᠠᠭ᠋ᠠᠯᠠᠯ ᠵᠶ᠋ᠠᠷ᠂  ᠨᠤᠲᠤᠭ ᠮᠠᠨᠢ  ᠬᠦᠭᠵᠢᠨ ᠰᠢᠨᠡᠲᠦᠵᠦ᠂  ᠨᠤᠲᠤᠭ᠎ᠤᠨ ᠬᠦᠮᠦᠰ᠎ᠤᠨ  ᠠᠮᠢᠳᠤᠷᠠᠯ ᠵᠣᠯ ᠵᠢᠷᠭ᠋ᠠᠯ ᠵᠶ᠋ᠠᠷ ᠪᠢᠯᠬᠠᠨ᠎ᠠ᠃   ᠮᠠᠨ᠎ᠤ᠎ᠬᠢᠨ  ᠴᠦ᠍  ᠦᠩᠰᠢᠭ ᠠᠮᠢᠳᠤᠷᠠᠯ᠎ᠢ ᠡᠳ᠋ᠯᠡᠵᠦ᠂  ᠬᠦᠭᠵᠢᠯ᠎ᠤᠨ ᠰᠠᠢ᠌ᠨ ᠰᠠᠢ᠌ᠬᠠᠨ᠎ᠢ ᠬᠦᠷᠲᠡᠭᠰᠡᠨ ᠪᠠᠢ᠌ᠯ᠎ᠠ᠃ ᠭᠠᠳᠠᠨ᠎ᠠ ᠠᠴᠢ ᠵᠢᠭᠡ ᠬᠡᠣᠬᠡᠳ ᠫᠣᠣᠵᠢᠩ ᠲᠠᠯᠪᠢᠵᠣ ᠣᠢ᠌ᠮᠠᠯᠳᠣᠨ᠎ᠠ᠂ ᠠᠪᠣ ᠮᠢᠨᠢ ᠵᠣᠬᠠᠨ ᠲᠣᠭᠣᠭ᠋ᠠᠨ ᠎ᠳᠤ᠎ᠪᠠᠨ  ᠬᠣᠨᠢᠨ ᠮᠢᠬ᠎ᠠ᠎ᠪᠠᠨ ᠪᠣᠴᠠᠯᠭ᠋ᠠᠨ᠎ᠠ᠂ ᠡᠵᠢ ᠮᠢᠨᠢ ᠵᠣᠴᠢᠳ ᠎ᠤᠨ ᠦᠷᠦᠭᠡᠨ ᠎ᠳᠤ᠎ᠪᠠᠨ  ᠴᠠᠭ᠋ᠠᠨ ᠢᠳᠡᠭᠡ᠎ᠪᠠᠨ ᠦᠷᠦᠨ᠎ᠡ᠃ ᠠᠨᠢᠶ᠎ᠠ ᠮᠢᠨᠢ ᠭᠡᠷ᠎ᠲᠤ   ᠵᠣᠴᠢᠨ ᠵᠶ᠋ᠠᠷ ᠰᠠᠭ᠋ᠠᠲᠠᠭ᠎ᠠ ᠨᠣᠳᠣᠭ ᠎ᠤᠨ ᠬᠡᠳᠦᠨ ᠪᠣᠭᠣᠷᠣᠯ᠎ᠳᠤ   ᠬᠦᠬᠦᠦᠷ ᠭᠠᠩᠰᠠ  ᠣᠢ᠌ᠷᠠᠲᠤᠭᠤᠯᠤᠨ ᠬᠠᠭᠣᠴᠢ  ᠬᠦᠭᠡᠷᠬᠦ᠎ᠳᠤ᠎ᠨᠢ ᠬᠦᠭ ᠨᠡᠮᠡᠨ᠎ᠡ᠃ ᠰᠢᠨ᠎ᠡ ᠵᠢᠯ ᠴᠠᠭ᠋ᠠᠨ ᠰᠠᠷ᠎ᠠ᠎ᠪᠠᠨ ᠣᠭᠳᠣᠬᠣ ᠎ᠳᠤ᠎ᠪᠠᠨ ᠪᠦᠬᠦ ᠭᠡᠷ ᠵᠶ᠋ᠠᠷ ᠵᠶ᠋ᠠᠨ ᠬᠠᠮᠳᠣ ᠵᠢᠨ ᠪᠣᠳᠠᠭ᠎ᠠ ᠢᠳᠡᠬᠦ᠎ᠨᠢ ᠨᠢᠭᠡ ᠭᠡᠷ ᠪᠦᠯᠢ ᠵᠢᠨ ᠬᠠᠯᠠᠭᠣᠨ ᠳᠣᠯᠠᠭ᠋ᠠᠨ᠂ ᠬᠠᠮᠣᠭ ᠵᠣᠢ᠌ᠯ ᠪᠦᠷᠢᠨ ᠪᠦᠳᠣᠨ ᠵᠣᠯ ᠵᠢᠷᠭ᠋ᠠᠯ᠎ᠲᠠᠢ ᠪᠠᠢ᠌ᠬᠣ ᠵᠢ ᠬᠠᠷᠠᠭᠣᠯᠵᠣ  ᠪᠦᠬᠦᠢ᠌ᠯᠡ ᠴᠠᠭ ᠦᠶ᠎ᠡ ᠵᠢᠨ ᠪᠣᠯᠪᠠᠰᠣᠨ ᠪᠠᠢ᠌ᠯᠲᠠᠢ !
   ᠲᠡᠢ᠌ᠮᠦ ᠎ᠠᠴᠠ᠂  ᠰᠢᠨᠡᠯᠡᠬᠦ ᠣᠢ᠌ᠷᠠᠲᠣᠭᠰᠠᠭ᠋ᠠᠷ ᠯᠡ ᠨᠣᠲᠣᠭ ᠨᠣᠳᠣᠭ᠎ᠤᠨ ᠰᠢᠷ᠎ᠠ ᠵᠠᠮ᠎ᠨᠢ ᠲᠡᠳᠡᠭᠡᠷ ᠰᠠᠶ᠎ᠠ ᠵᠢᠸ᠎ᠠ ᠬᠦᠴᠦᠨ᠎ᠤ ᠠᠵᠢᠯᠳᠡᠳ᠂ ᠰᠠᠷ᠎ᠠ ᠵᠢᠯ ᠵᠶ᠋ᠠᠷ ᠭᠠᠳᠠᠭᠰᠢ ᠶᠠᠪᠣᠬᠣ ᠠᠯᠪᠠᠳᠠᠨ ᠪᠠ  ᠠᠶᠠᠨᠴᠢᠳ ᠵᠶ᠋ᠠᠨ 〈〈ᠭᠡᠷ ᠎ᠲᠤ᠎ᠪᠠᠨ ᠬᠠᠷᠢᠵᠣ ᠢᠷᠡᠬᠦ ᠵᠢ ᠴᠢᠨᠢ ᠣᠭᠳᠣᠵᠣ ᠪᠠᠢ᠌ᠨ᠎ᠠ!〉〉 ᠭᠡᠵᠤ ᠦᠭᠡᠳᠡ᠎ᠠᠴᠠ᠎ᠨᠢ  ᠦᠰᠦᠭ ᠳᠣᠷᠠᠢ᠌ᠵᠣ ᠦᠭᠭᠦᠨ᠎ᠡ᠂ ᠲᠡᠭᠡᠭᠡᠳ ᠯᠠ ᠦᠶᠡᠷ ᠎ᠤᠨ ᠣᠷᠣᠰᠬᠠᠯ ᠮᠡᠳᠣ ᠵᠠᠮ ᠪᠠᠭᠳᠠᠮ᠎ᠠ ᠦᠭᠡᠢ ᠭᠡᠷ ᠨᠣᠳᠣᠭ ᠎ᠲᠤ᠎ᠪᠠᠨ ᠪᠣᠴᠠᠬᠣ 《ᠬᠦᠮᠦᠨ ᠎ᠤ ᠳᠠᠪᠠᠯᠭ᠋ᠠᠨ》 ᠨᠤᠲᠤᠭ᠎ᠤᠨ ᠵᠶ᠋ᠠᠨ ᠵᠠᠮ ᠵᠶ᠋ᠠᠷ   ᠢᠪᠡᠷᠡᠨ᠎ᠡ  ᠳ᠋ᠠ!
   ᠢᠢ᠍ᠮᠦ ᠎ᠠᠴᠠ ᠂ ᠬᠦᠮᠦᠨ ᠪᠣᠯᠭ᠋ᠠᠨ ᠭᠡᠷ ᠨᠣᠲᠣᠭ ᠵᠶ᠋ᠡᠨ ᠰᠠᠨᠠᠬᠣ ᠵᠢᠨ ᠰᠡᠳᠭᠢᠯᠭᠡ  ᠎ᠨᠢ ᠨᠡᠢ᠌ᠯᠡᠬᠦ᠎ᠠᠴᠠ   ᠶᠡᠷᠦ᠎ᠨᠢ ᠨᠠᠢ᠌ᠷ᠎ᠤᠨ ᠰᠢᠷᠡᠭᠡ᠎ᠠᠴᠠ ᠄
《ᠠᠳᠤᠭᠤ  ᠮᠠᠯ᠎ᠲᠠᠢ ᠬᠦᠳᠡᠭᠡ  ᠎ᠳᠤ᠎ᠪᠠᠨ ᠬᠠᠷᠢᠶ᠎ᠠ
  ᠠᠢ᠌ᠷᠠᠭ ᠰᠦ᠎ᠲᠠᠢ ᠭᠡᠷ᠎ᠲᠤ᠎ᠪᠠᠨ ᠬᠠᠷᠢᠶ᠎ᠠ
  ᠠᠮᠢ ᠨᠢᠭᠡᠲᠠᠢ ᠠᠢ᠌ᠮᠠᠭ ᠰᠠᠲᠣᠨ ᠵᠶ᠋ᠠᠷ ᠵᠶ᠋ᠠᠨ
  ᠠᠶᠠᠯᠠᠵᠤ ᠲᠤᠭᠤᠷᠢᠵᠤ ᠶᠠᠪᠣᠶ᠎ᠠ ᠳ᠋ᠤᠤ
        ᠭᠡᠷ᠎ᠲᠤ᠎ᠪᠠᠨ ᠬᠠᠷᠢᠶ᠎ᠠ
        ᠭᠡᠷ᠎ᠲᠤ᠎ᠪᠠᠨ ᠬᠠᠷᠢᠶ᠎ᠠ ᠁ 》
  ᠭᠡᠵᠦ ᠳᠠᠭᠤᠯᠠᠵᠠᠭ᠋ᠠᠬᠤ᠎ᠨᠢ ᠰᠣᠨᠣᠷᠲᠠᠨ᠎ᠠ ᠳ᠋ᠠ!
  ᠵᠠᠮ ᠪᠣᠯᠭ᠋ᠠᠨ᠎ᠤ ᠳᠣᠮᠳᠠ᠎ᠠᠴᠠ ᠨᠤᠲᠤᠭ᠎ᠤᠨ ᠵᠠᠮ ᠵᠠᠮ ᠪᠣᠯ ᠬᠠᠮᠤᠭ ᠎ᠤᠨ ᠣᠢ᠌ᠷ᠎ᠠ ᠪᠠᠢ᠌ᠳᠠᠭ᠂ ᠳᠣᠷᠠᠰᠣᠯ ᠮᠦᠷᠦᠭᠡᠳᠦᠯ ᠪᠦᠬᠦᠨ᠎ᠳᠤ ᠨᠣᠲᠣᠭ ᠵᠶ᠋ᠠᠨ ᠰᠠᠨᠠᠬᠤ ᠰᠡᠳᠭᠢᠯᠭᠡ ᠪᠣᠯ ᠬᠠᠮᠤᠭ ᠎ᠠᠴᠠ ᠭᠦᠨ ᠪᠠᠢ᠌ᠳᠠᠭ ᠰᠠᠨ!            

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠳᠤᠮᠳᠠᠳᠤ ᠵᠢᠨ ᠰᠢᠯᠢᠳᠡᠭ ᠤᠯᠠᠮᠵᠢᠯᠠᠯᠲᠤ ᠰᠣᠶᠤᠯ᠎ᠤᠨ ᠦᠯᠢᠭᠡᠷ ᠎ᠤᠨ ᠰᠢᠨ᠎ᠡ ᠣᠷᠴᠢᠭᠤᠯᠭ᠎ᠠ᠄ ᠯᠤᠤ ᠬᠤᠪᠢᠯᠤᠭᠰᠠᠨ ᠮᠦᠷᠬᠦ ᠵᠢᠭ᠋ᠠᠰᠤ
ᠪᠠᠭᠰᠢ ᠬᠦᠮᠦᠨ ᠰᠠᠢ᠌ᠬᠠᠨ
ᠨᠠᠢ᠌ᠷᠠᠭᠤᠯᠬᠤ ᠬᠡᠯᠲᠡᠰ ᠪᠤᠶᠤ ᠲᠡᠭᠦᠨ᠎ᠤ ᠲᠣᠭᠣᠷᠢᠨ᠎ᠳᠤ᠎ᠬᠢ ᠥᠯᠢᠭᠡᠷ
ᠣᠬᠠᠭ᠋ᠠᠨ ᠴᠤᠭᠤᠷᠠᠭᠤᠯᠤᠭᠰᠠᠨ ᠬᠠᠢ᠌ᠷ᠎ᠠ
ᠨᠠᠢ᠌ᠷᠠᠭᠤᠯᠬᠤ ᠬᠡᠯᠲᠡᠰ ᠪᠤᠶᠤ ᠲᠡᠭᠦᠨ᠎ᠤ ᠲᠣᠭᠣᠷᠢᠨ᠎ᠳᠤ᠎ᠬᠢ ᠥᠯᠢᠭᠡᠷ
 
            