ᠪᠤᠣ ᠰᠠᠷᠠᠩᠭᠤᠸ᠎ᠠ ᠵᠣᠭᠢᠶᠠᠪᠠ
ᠣᠨ ᠵᠢᠯ᠎ᠤᠨ ᠤᠷᠤᠰᠬᠠᠯ᠎ᠳᠤ ᠣᠯᠠᠨ ᠣᠯᠠᠨ ᠤᠴᠢᠷ ᠶᠠᠪᠤᠳᠠᠯ ᠮᠠᠷᠲᠠᠭᠳᠠᠵᠤ᠂ ᠣᠯᠠᠨ ᠣᠯᠠᠨ ᠬᠡᠷᠡᠭ ᠪᠣᠳᠠᠰ ᠬᠠᠭᠤᠴᠢᠷᠠᠳᠠᠭ ᠴᠤ᠌ ᠳᠤᠷᠠᠰᠤᠯ ᠮᠥᠷᠥᠭᠡᠳᠦᠯ᠎ᠨᠢ ᠶᠢᠷᠲᠢᠨᠴᠦ ᠵᠢᠨ ᠮᠦᠩᠭᠡ ᠪᠣᠰᠤ ᠵᠢ ᠦᠵᠡᠭᠦᠯᠦᠭᠰᠡᠨ ᠬᠦᠮᠦᠰ᠎ᠢ ᠡᠷᠢᠨ ᠰᠠᠨᠠᠭ᠋ᠠᠯᠵᠠᠵᠤ᠂ ᠡᠷᠭᠢᠭᠦᠯᠵᠦ ᠠᠪᠴᠢᠷᠠᠳᠠᠭ ᠳᠠᠯᠳᠠ ᠴᠢᠳᠠᠪᠬᠢ᠎ᠲᠠᠢ ᠪᠠᠢ᠌ᠳᠠᠭ᠎ᠠᠴᠠ ᠶᠡᠷᠦ᠎ᠨᠢ ᠪᠠᠯᠠᠷᠠᠳᠠᠭ ᠦᠭᠡᠢ᠂ ᠬᠠᠷᠢᠨ ᠶᠠᠷᠢᠬᠤ ᠳᠤᠲᠤᠮ ᠶᠠᠰᠤᠯᠢᠭ᠂ ᠬᠡᠯᠡᠬᠦ ᠳᠤᠲᠤᠮ ᠬᠦᠴᠦᠯᠢᠭ ᠣᠢ ᠤᠬᠠᠭ᠋ᠠᠨ᠎ᠤ ᠱᠦᠯᠲᠦ ᠪᠣᠯᠳᠠᠭ ᠰᠠᠨ᠃
ᠶᠠᠭ ᠲᠡᠢ᠌ᠮᠦ᠎ᠠᠴᠠ ᠪᠢ ᠠᠪᠤ᠎ᠪᠠᠨ ᠦᠷᠭᠦᠯᠵᠢ ᠳᠤᠷᠠᠰᠳᠠᠭ᠃ ᠠᠪᠤ ᠵᠢᠨ ᠵᠶ᠋ᠡᠨ ᠲᠣᠬᠠᠢ ᠬᠡᠯᠡᠬᠦ ᠬᠠᠮᠤᠭ᠎ᠤᠨ ᠳᠤᠷᠠᠲᠠᠢ ᠪᠠᠢ᠌ᠳᠠᠭ᠃ ᠪᠣᠰᠣᠳ ᠬᠥᠮᠥᠨ ᠬᠡᠷᠪᠡ ᠮᠢᠨᠤ ᠠᠪᠤ ᠪᠠᠶᠠᠨ᠂ ᠪᠠᠩᠬᠢ᠎ᠳᠤ ᠬᠠᠳᠠᠭ᠋ᠠᠯᠠᠮᠵᠢ᠎ᠲᠠᠢ ᠭᠡᠵᠦ ᠪᠠᠷᠳᠠᠮ ᠶᠠᠷᠢᠳᠠᠭ ᠪᠠᠢ᠌ᠭᠰᠠᠨ ᠪᠣᠯ 《ᠮᠢᠨᠤ ᠠᠪᠤ ᠮᠡᠷᠭᠡᠨ ᠬᠥᠮᠥᠨ᠂ ᠮᠦᠩᠬᠡ ᠦᠯᠡᠳᠡᠬᠦ ᠴᠠᠳᠢᠭ᠎ᠲᠠᠢ ᠬᠥᠮᠥᠨ》 ᠭᠡᠵᠦ ᠪᠢ ᠮᠠᠰᠢ ᠵᠣᠷᠢᠭᠲᠠᠢ ᠮᠠᠭᠲᠠᠵᠤ ᠳᠡᠢ᠌ᠯᠬᠦ ᠶᠤᠮ᠃ ᠠᠪᠤ ᠮᠢᠨᠢ ᠬᠡᠳᠦᠢ᠌ᠪᠡᠷ ᠳᠠᠷᠤᠭ᠎ᠠ ᠬᠡᠷᠬᠡᠮᠲᠡᠨ ᠶᠠᠪᠤᠭᠰᠠᠨ ᠦᠭᠡᠢ᠂ ᠳᠠᠭ᠋ᠠᠭ᠋ᠠᠮᠠᠯ ᠨᠣᠶᠠᠨ ᠪᠣᠯᠣᠭᠰᠠᠨ ᠦᠭᠡᠢ ᠴᠤ᠌ ᠵᠢᠷᠭᠤᠭ᠋ᠠᠨ ᠬᠡᠥᠬᠡᠳ ᠵᠶ᠋ᠡᠨ ᠵᠠᠪᠠᠯ ᠪᠢᠴᠢᠭ ᠦᠵᠡᠭᠦᠯᠵᠦ ᠰᠣᠶᠣᠯᠵᠢᠭᠤᠯᠬᠤ᠎ᠪᠠᠷ ᠴᠢᠷᠮᠠᠢ᠌ᠭᠰᠠᠨ ᠵᠢᠳᠬᠦᠯᠲᠡᠨ᠃ ᠲᠡᠷᠡ ᠦᠶ᠎ᠡ᠎ᠳᠤ ᠬᠣᠷᠢ ᠬᠦᠷᠭᠡᠭᠡᠳ ᠬᠣᠶᠠᠷ ᠬᠥᠪᠡᠭᠦᠨ ᠵᠶ᠋ᠡᠨ ᠴᠢᠳᠠᠯ ᠬᠦᠴᠦᠨ᠎ᠲᠠᠢ ᠪᠣᠯᠣᠯ᠎ᠠ ᠭᠡᠳ ᠰᠤᠷᠭ᠋ᠠᠭᠤᠯᠢ᠎ᠠᠴᠠ ᠭᠠᠷᠭ᠋ᠠᠵᠤ ᠬᠦᠳᠡᠯᠮᠦᠷᠢ ᠬᠢᠯᠭᠡᠵᠦ ᠪᠣᠯᠬᠣ ᠪᠠᠢ᠌ᠭᠰᠠᠨ᠂ ᠬᠦᠷᠭᠡᠨ᠎ᠳᠤ ᠥᠭᠬᠦ ᠨᠠᠰᠤ ᠲᠤᠯᠭ᠋ᠠᠭ᠋ᠠᠳ ᠳᠦᠷᠪᠡᠨ ᠥᠬᠢᠨ ᠵᠶ᠋ᠡᠨ ᠬᠠᠷᠢ᠎ᠳᠤ ᠮᠣᠷᠳᠠᠭᠤᠯᠤᠨ ᠶᠡᠬᠡᠬᠡᠨ ᠬᠡᠮᠵᠢᠶᠡᠨ᠎ᠤ ᠪᠡᠯᠡᠭ ᠰᠡᠯᠲᠡ ᠠᠪᠴᠤ ᠴᠤ᠌ ᠪᠣᠯᠬᠤ ᠪᠠᠢ᠌ᠭᠰᠠᠨ᠃ ᠶᠡᠷᠦ᠎ᠨᠢ ᠲᠡᠭᠡᠭᠡ ᠦᠭᠡᠢ ᠳ᠋ᠠ᠂ ᠮᠢᠨᠤ ᠠᠪᠤ᠃ ᠪᠦᠭᠦᠳᠡ ᠵᠢ ᠪᠢᠴᠢᠭ ᠰᠣᠶᠣᠯ᠎ᠤᠨ ᠮᠦᠷ ᠬᠦᠭᠡᠯᠭᠡᠵᠦ᠂ ᠡᠪᠦᠯ᠎ᠤᠨ ᠬᠦᠢ᠍ᠲᠡᠨ᠂ ᠵᠤᠨ᠎ᠤ ᠬᠠᠯᠠᠭᠤᠨ᠎ᠳᠤ ᠴᠤ᠌ ᠬᠦᠨᠡᠰᠦ ᠵᠣᠭᠣᠰ ᠬᠦᠷᠭᠡᠨ᠎ᠡ ᠭᠡᠵᠦ ᠯᠠ ᠵᠠᠮᠨᠠᠳᠠᠭ ᠪᠠᠢ᠌ᠭᠰᠠᠨ ᠡ᠃
ᠬᠥᠭᠡᠷᠦᠬᠦᠢ ᠳ᠋ᠠ᠂ ᠮᠢᠨᠤ ᠠᠪᠤ᠃ ᠬᠡᠥᠬᠡᠳ᠎ᠤᠨ ᠵᠶ᠋ᠡᠨ ᠨᠡᠷ᠎ᠡ ᠨᠢᠭᠤᠷ᠎ᠲᠤ ᠪᠦᠦ ᠯᠠ ᠨᠦᠯᠦᠭᠡ ᠪᠣᠯᠣᠶ᠎ᠠ ᠭᠡᠵᠦ ᠪᠣᠳᠣᠳᠠᠭ ᠴᠦ᠍ ᠪᠢᠯᠡ ᠦᠦ᠂ ᠰᠤᠷᠭ᠋ᠠᠭᠤᠯᠢ ᠵᠢᠨ ᠡᠭᠦᠳᠡᠨ ᠭᠡᠷ᠎ᠤᠨ ᠠᠵᠢᠯᠲᠠᠨ ᠠᠪᠤ᠎ᠪᠠᠷ ᠨᠠᠮ᠎ᠠ ᠵᠢ ᠳᠠᠭᠤᠳᠠᠭᠤᠯᠵᠤ ᠬᠦᠨᠡᠰᠦ ᠵᠣᠭᠣᠰ ᠥᠭᠳᠡᠭ ᠪᠠᠢ᠌ᠭᠰᠠᠨ ᠃ ᠪᠢ ᠠᠪᠤ᠎ᠪᠠᠨ ᠦᠵᠡᠭᠡᠳ ᠪᠠᠶᠠᠷᠯᠠᠨ᠎ᠠ ᠭᠡᠵᠢ᠂ ᠶᠡᠬᠡ ᠯᠠ ᠬᠣᠯᠠ ᠶᠠᠪᠤᠭᠰᠠᠨ ᠬᠥᠮᠥᠨ ᠰᠢᠭ ᠡᠵᠢ ᠳᠡᠭᠦᠦ ᠨᠠᠷ ᠵᠶ᠋ᠠᠨ ᠠᠰᠠᠭᠤᠳᠠᠭ᠂ ᠲᠡᠭᠡᠭᠡᠳ ᠪᠠᠢ᠌ᠷᠢ ᠵᠢᠨ ᠭᠡᠷ᠎ᠲᠤ᠎ᠪᠠᠨ ᠶᠠᠪᠤᠬᠤ ᠦᠶ᠎ᠡ᠎ᠳᠤ ᠰᠠᠯᠵᠤ ᠶᠠᠳᠠᠨ ᠬᠡᠯᠡᠵᠦ ᠭᠠᠷᠤᠰᠢ ᠦᠭᠡᠢ ᠰᠡᠳᠬᠢᠯᠭᠡ ᠤᠷᠭᠤᠨ ᠣᠬᠢᠯᠠᠮᠠᠷ ᠰᠠᠨᠠᠭᠳᠠᠳᠠᠭ᠃ ᠬᠡᠳᠦᠨ ᠬᠠᠮᠲᠤ ᠰᠤᠷᠤᠭᠴᠢ ᠢᠪᠢᠷ ᠰᠢᠪᠢᠷ ᠶᠠᠷᠢᠯᠳᠤᠨ᠂ ᠨᠠᠮ᠎ᠠ ᠵᠢ ᠬᠠᠷᠠᠭ᠋ᠠᠳ ᠨᠠᠮ ᠵᠢᠮ ᠪᠣᠯᠣᠨ᠎ᠠ᠃ ᠠᠪᠤ ᠵᠢ ᠮᠢᠨᠢ ᠳᠣᠭᠣᠬᠢᠯᠠᠵᠤ ᠪᠠᠢ᠌ᠭ᠎ᠠ ᠵᠢ ᠪᠢ ᠮᠡᠳᠡᠨ᠎ᠡ᠂ ᠬᠡᠥᠬᠡᠳ ᠪᠣᠯᠬᠣᠷ ᠪᠢ ᠲᠡᠳᠡ ᠨᠠᠷ᠎ᠲᠤ ᠲᠤᠡᠭ ᠭᠣᠮᠣᠳᠠᠨ᠎ᠠ᠃ ᠠᠪᠤ ᠮᠢᠨᠢ ᠠᠯᠵᠠᠭᠤ ᠬᠣᠢ᠌ᠷᠭᠤ ᠪᠠᠢ᠌ᠵᠤ ᠤᠯᠤᠰ ᠵᠶ᠋ᠠᠷ ᠲᠡᠳᠬᠦᠭᠦᠯᠵᠦ ᠠᠮᠢᠳᠤᠷᠠᠭ᠎ᠠ ᠦᠭᠡᠢ᠂ ᠵᠢᠷᠠᠨ ᠭ᠋ᠷᠠᠳᠦ᠋ᠰ᠎ᠤᠨ ᠰᠫᠢᠷᠲ᠎ᠲᠠᠢ ᠤᠰᠤᠨ᠎ᠳᠤ ᠳᠡᠪᠲᠦᠵᠦ ᠲᠦᠰᠢᠭᠦᠯᠵᠦ ᠶᠠᠪᠤᠭ᠎ᠠ ᠴᠤ᠌ ᠦᠭᠡᠢ᠂ ᠠᠵᠢᠯ᠎ᠤᠨ ᠬᠦᠨᠳᠦᠳᠤ ᠵᠦᠳᠡᠷᠡᠨ᠂ ᠴᠢᠭᠢᠭ ᠨᠣᠢ᠌ᠲᠠᠨ᠎ᠳᠤ ᠬᠣᠨᠣᠵᠤ ᠬᠡᠪᠲᠡᠭᠰᠡᠨ ᠵᠶ᠋ᠡᠷ ᠵᠶ᠋ᠠᠨ ᠨᠢᠷᠤᠭᠤ᠎ᠨᠢ ᠪᠥᠭᠲᠥᠷ ᠪᠣᠯᠣᠭᠰᠠᠨ ᠬᠥᠮᠥᠨ ᠳ᠋ᠠ᠃ ᠮᠢᠨᠤ ᠠᠪᠤ ᠦᠷ᠎ᠡ᠎ᠳᠤ᠎ᠪᠠᠨ ᠨᠥᠮᠥᠷᠢ ᠪᠣᠯᠳᠠᠭ ᠵᠶ᠋ᠠᠷ ᠪᠠᠷᠠᠬᠤ ᠦᠭᠡᠢ ᠡᠬᠡᠨᠡᠷᠲᠤᠪᠠᠨ ᠴᠤ᠌ ᠦᠮᠦᠭ ᠲᠦᠰᠢᠭ ᠪᠣᠯᠵᠤ ᠶᠠᠪᠤᠭᠰᠠᠨ᠃ ᠡᠵᠢ ᠮᠢᠨᠢ ᠣᠯᠠᠨ ᠡᠪᠡᠳᠳᠡᠭ ᠪᠠᠢ᠌ᠵᠠᠢ᠂ ᠠᠪ᠊ ᠮᠢᠨᠢ ᠡᠵᠢ ᠵᠢ ᠠᠪᠤᠭ᠋ᠠᠳ ᠴᠢᠪᠠᠭ᠎ᠠ ᠪᠠᠯᠭ᠋ᠠᠰᠤ᠂ ᠯᠢᠨᠳᠦ᠋ᠡᠭ᠂ ᠺᠠᠢ᠌ᠯᠤ ᠭᠡᠳ ᠰᠠᠢ᠌ᠨ ᠡᠮᠴᠢ ᠬᠠᠮᠢᠭ᠎ᠠ ᠰᠣᠨᠣᠰᠳᠠᠪᠠᠯ ᠲᠡᠨᠳᠡ ᠡᠯᠵᠢᠭᠡᠨ ᠲᠡᠷᠭᠡ᠎ᠪᠠᠷ ᠵᠶ᠋ᠡᠨ ᠲᠠᠯᠪᠢᠭ᠋ᠠᠳ ᠬᠦᠷᠳᠡᠭ ᠪᠠᠢ᠌ᠭᠰᠠᠨ᠃ 《ᠠᠪᠤ ᠴᠢᠨᠢ ᠪᠠᠢ᠌ᠭᠰᠠᠨᠳᠤᠪᠠᠨ ᠪᠢ ᠳᠠᠯ᠎ᠠ ᠬᠦᠷᠴᠦ ᠪᠠᠢ᠌ᠭ᠎ᠠ ᠰᠢᠦ》 ᠭᠡᠵᠦ ᠡᠵᠢ ᠮᠢᠨᠢ ᠪᠠᠶᠠᠷᠯᠠᠵᠤ ᠲᠠᠯᠠᠷᠬᠠᠨ ᠶᠠᠷᠢᠳᠠᠭ ᠰᠠᠨ᠃
《ᠰᠡᠳᠬᠢᠯ᠎ᠤᠨ ᠭᠡᠭᠡ᠎ᠲᠠᠢ ᠬᠥᠮᠥᠨ ᠣᠷᠴᠢᠨ ᠲᠣᠭᠣᠷᠢᠨ ᠵᠶ᠋ᠠᠨ ᠭᠡᠢ᠌ᠭᠦᠯᠳᠡᠭ ᠶᠤᠮ》 ᠪᠠᠢ᠌ᠵᠠᠢ᠃ ᠠᠪᠤ ᠮᠢᠨᠢ ᠠᠢ᠌ᠯ᠎ᠤᠨ ᠭᠡᠷᠯᠡᠭᠡ ᠦᠭᠡᠢ ᠵᠠᠯᠠᠭᠤᠴᠤᠳ᠎ᠲᠤ ᠤᠷᠤᠭ ᠬᠡᠯᠡᠯᠴᠡᠵᠦ ᠦᠭᠭᠦᠨ᠎ᠡ ᠭᠡᠳ ᠥᠪᠡᠷ ᠵᠶ᠋ᠡᠨ ᠠᠷᠢᠬᠢ ᠭᠤᠸᠠᠨᠲᠸᠦ ᠳᠡᠭᠦᠵᠢᠯᠡᠭᠡᠳ ᠶᠠᠪᠤᠳᠠᠭ᠂ ᠶᠠᠪᠤᠳᠠᠯ ᠤᠴᠢᠷ᠎ᠨᠢ ᠪᠦᠲᠦᠴᠢᠬᠡᠪᠡᠯ ᠪᠠᠶᠠᠷᠯᠠᠵᠤ᠂ ᠬᠥᠬᠡ ᠡᠷᠢᠶᠡᠨ ᠬᠤᠸᠠᠷ᠎ᠲᠠᠢ ᠬᠣᠪᠢᠩ ᠵᠶ᠋ᠠᠷ ᠨᠢᠭᠡ ᠵᠢ ᠪᠠᠯᠭᠤᠴᠢᠬᠠᠳᠠᠭ᠃
— ᠲᠡᠳᠡᠨ᠎ᠤ᠎ᠳᠤ ᠶᠠᠭ᠋ᠠᠬᠢᠭ᠋ᠠᠳ ᠪᠤᠳᠠᠭ᠎ᠠ ᠢᠳᠡᠭᠰᠡᠨ ᠦᠭᠡᠢ ᠪᠣᠢ ᠭᠡᠬᠦᠯᠡᠷ 《ᠬᠥᠮᠥᠨ᠎ᠳᠤ ᠲᠤᠰᠠ ᠬᠢᠪᠡᠯ ᠬᠠᠷᠢᠭᠤ ᠪᠦᠦ ᠬᠦᠰᠡ᠂ ᠰᠠᠢ᠌ᠨ ᠦᠢ᠍ᠯᠡ᠎ᠳᠤ ᠰᠠᠢ᠌ᠨ ᠯᠠᠪ ᠢᠷᠡᠴᠢᠬᠡᠬᠦ ᠶᠤᠮ》 ᠭᠡᠨ᠎ᠡ᠃ ᠬᠠᠪᠢ ᠲᠥᠰᠥᠷ᠎ᠤᠨ ᠤᠯᠠᠭ᠋ᠠᠨ ᠴᠠᠭ᠋ᠠᠨ᠎ᠤ ᠶᠠᠪᠤᠳᠠᠯ᠎ᠳᠤ ᠪᠦᠷ ᠯᠠ ᠭᠦᠶᠦᠳᠡᠭ᠃ ᠲᠡᠢ᠌ᠮᠦᠳᠤᠪᠠᠨ ᠪᠢᠵᠡ᠂ ᠪᠠᠷᠤᠭ ᠦᠶᠡᠴᠦᠦᠯ᠎ᠨᠢ ᠬᠦᠷᠲᠡᠯ᠎ᠡ 《ᠪᠦᠦ ᠠᠪᠤ》 ᠭᠡᠵᠦ ᠬᠦᠨᠳᠦᠳᠬᠡᠨ ᠳᠠᠭᠤᠳᠠᠳᠠᠭ ᠪᠠᠢ᠌ᠯ᠎ᠠ᠃
ᠬᠥᠮᠥᠨ ᠬᠡᠷᠪᠡ ᠬᠥᠮᠥᠨ᠎ᠤ ᠨᠢᠯᠪᠤᠰᠤ ᠵᠢ ᠭᠠᠷ ᠵᠶ᠋ᠠᠷ ᠠᠷᠴᠢᠳᠠᠭ ᠪᠠᠢ᠌ᠭᠰᠠᠨ ᠪᠣᠯ ᠮᠢᠨᠤ ᠠᠪᠤ ᠦᠭᠡ᠎ᠪᠠᠷ ᠬᠠᠲᠠᠭ᠋ᠠᠳᠠᠭ᠃ ᠨᠢᠭᠡ ᠤᠳᠠᠭ᠎ᠠ ᠠᠪᠤ ᠠᠮᠤ ᠪᠤᠳᠠᠭ᠋ᠠᠨ᠎ᠤ ᠦᠷᠲᠡᠭᠡᠨ᠎ᠳᠤ ᠶᠠᠪᠤᠭ᠋ᠠᠳ ᠢᠷᠡᠬᠦ᠎ᠳᠤ ᠭᠡᠵᠢᠭᠡ ᠤᠶᠠᠬᠤ ᠲᠣᠷᠭ᠎ᠠ ᠡᠰᠡᠭᠥᠯᠡ ᠪᠣᠷᠣ ᠴᠠᠭ᠋ᠠᠰᠤᠨ ᠪᠠᠭᠯᠠᠭ᠎ᠠ᠎ᠲᠠᠢ ᠪᠣᠣᠪᠣ ᠠᠪᠴᠢᠷᠠᠵᠤ ᠥᠭᠭᠦᠨ᠎ᠡ ᠭᠡᠳ ᠰᠠᠨᠠᠳᠠᠭᠤᠨᠬᠢ ᠴᠤ᠌ ᠶᠤᠮ ᠤᠤ᠂ ᠥᠭᠡᠳᠡ᠎ᠠᠴᠠ᠎ᠨᠢ ᠭᠦᠶᠦᠭᠡᠳ ᠬᠥᠯ᠎ᠤᠨ ᠬᠤᠷᠤᠭᠤ᠎ᠪᠠᠨ ᠰᠢᠷᠬᠠᠲᠤᠭᠤᠯᠵᠤ ᠡᠭᠡᠭ ᠳᠠᠭᠤ ᠲᠠᠯᠪᠢᠵᠠᠢ᠃ ᠠᠪᠤ ᠨᠠᠮ᠎ᠠ ᠵᠢ ᠲᠡᠪᠡᠷᠢᠵᠦ ᠠᠪᠤᠭᠰᠠᠨ ᠦᠭᠡᠢ ᠵᠦᠭᠡᠷ ᠯᠠ ᠢᠨᠢᠶᠡᠮᠰᠦᠭᠯᠡᠵᠦ 《ᠤᠬᠠᠭ᠋ᠠᠨ᠎ᠲᠠᠢ ᠬᠡᠥᠬᠡᠳ ᠣᠬᠢᠯᠠᠳᠠᠭ ᠦᠭᠡᠢ》 ᠭᠡᠰᠡᠨ᠃ ᠪᠢ ᠦᠨᠡᠨ ᠤᠬᠠᠭ᠋ᠠᠨ᠎ᠲᠠᠢ ᠬᠥᠮᠥᠨ ᠪᠣᠯᠣᠶ᠎ᠠ ᠭᠡᠰᠡᠨ ᠪᠢᠵᠡ᠂ ᠣᠬᠢᠯᠠᠬᠤ᠎ᠪᠠᠨ ᠪᠣᠯᠢᠪᠠ᠃ ᠲᠡᠷᠡ ᠨᠢᠭᠡ ᠤᠳᠠᠭ᠎ᠠ ᠵᠢᠨ ᠠᠪᠤ ᠵᠢᠨ ᠦᠭᠡ ᠨᠠᠳᠠ᠎ᠳᠤ ᠨᠠᠰᠤᠨ ᠲᠤᠷᠰᠢ ᠮᠠᠷᠲᠠᠭᠳᠠᠰᠢ ᠦᠭᠡᠢ ᠬᠢᠴᠢᠶᠡᠯ ᠪᠣᠯᠵᠠᠢ᠃ ᠠᠢ᠌ᠯ᠎ᠤᠨ ᠡᠵᠡᠭᠳᠡᠢ ᠪᠣᠯᠵᠤ ᠠᠮᠢᠳᠤᠷᠠᠯ᠎ᠤᠨ ᠨᠤᠭᠤᠴᠠᠭ᠋ᠠᠨᠢ ᠦᠩᠭᠡᠷᠡᠭᠦᠯᠬᠦᠳᠤᠪᠠᠨ ᠨᠡᠭᠡᠷᠡᠨ ᠣᠬᠢᠯᠠᠭᠰᠠᠨ ᠦᠭᠡᠢ᠂ ᠳᠣᠭᠳᠣᠯᠬᠣᠳᠤᠪᠠᠨ ᠬᠠᠷᠢᠨ ᠶᠡᠬᠡ ᠣᠬᠢᠯᠠᠭᠰᠠᠨ ᠂ ᠲᠡᠷᠡ᠎ᠨᠢ ᠪᠠᠰᠠ ᠯᠡ ᠠᠪᠤ᠎ᠳᠤ᠎ᠪᠠᠨ ᠡᠷᠬᠡᠯᠡᠵᠦ ᠣᠬᠢᠯᠠᠵᠤ ᠥᠭᠭᠦᠭᠰᠡᠨ ᠬᠡᠷᠡᠭ ᠶᠤᠮ᠃ ᠪᠢ ᠬᠣᠶᠠᠳᠤᠭ᠋ᠠᠷ ᠬᠦᠪᠡᠭᠦᠨ ᠵᠶ᠋ᠡᠨ ᠬᠦᠩᠭᠡᠵᠢᠭᠡᠳ ᠰᠠᠷ᠎ᠠ᠎ᠳᠤ ᠪᠠᠢ᠌ᠭᠰᠠᠨ ᠦᠶ᠎ᠡ ᠳᠤ ᠪᠢᠯᠡ᠃ ᠲᠡᠷᠡ ᠡᠪᠦᠯ᠎ᠤᠨ ᠬᠦᠢ᠍ᠲᠡᠨ ᠭᠡᠳᠡᠭ᠎ᠨᠢ᠃ ᠠᠪᠤ ᠮᠢᠨᠢ ᠡᠵᠢ ᠵᠢᠨ ᠣᠶᠣᠭᠰᠠᠨ ᠬᠡᠥᠬᠡᠳ᠎ᠤᠨ ᠬᠦᠪᠦᠩ ᠣᠯᠣᠩᠳᠠᠢ ᠦᠮᠦᠳᠦ᠂ ᠨᠠᠳᠠ᠎ᠳᠤ ᠪᠠᠰᠠ ᠬᠥᠪᠥᠩ ᠱᠠᠬᠠᠢ ᠡᠭᠦᠷᠴᠦ ᠳᠡᠭᠦᠷᠦᠭᠡᠳ ᠢᠷᠡᠵᠡᠢ᠃ ᠪᠢ ᠠᠪᠤ᠎ᠪᠠᠨ ᠦᠵᠡᠭᠡᠳ ᠥᠪᠡᠷ᠎ᠤᠨ ᠡᠷᠬᠡ ᠦᠭᠡᠢ ᠨᠢᠯᠪᠤᠰᠤ ᠤᠷᠤᠰᠬᠠᠯ᠎ᠠ᠃ ᠪᠣᠰᠣᠭ᠎ᠠ ᠪᠦᠳᠦᠭᠦᠨ ᠬᠥᠮᠥᠨ ᠪᠣᠯᠴᠢᠬᠠᠭᠰᠠᠨ ᠪᠠᠢ᠌ᠲᠠᠯ᠎ᠠ ᠪᠣᠰᠣᠳ᠎ᠤᠨ ᠭᠡᠷ᠎ᠤᠨ ᠠᠵᠢᠯ ᠮᠣᠳᠣ ᠵᠢ ᠬᠢᠵᠦ ᠪᠠᠢ᠌ᠭᠰᠠᠨ ᠵᠶ᠋ᠠᠨ ᠬᠠᠶᠠᠭ᠋ᠠᠳ ᠡᠨᠡ ᠬᠦᠢ᠍ᠲᠡᠨ᠎ᠳᠤ ᠡᠷᠭᠢᠵᠦ ᠪᠣᠯᠭᠤᠭ᠋ᠠᠵᠤ ᠦᠵᠡᠳᠡᠭ᠎ᠨᠢ᠃
— ᠪᠢᠲᠡᠬᠡᠢ ᠣᠬᠢᠯᠠ᠂ ᠰᠠᠷ᠎ᠠ᠎ᠳᠤ ᠰᠠᠭᠤᠭ᠎ᠠ ᠬᠥᠮᠥᠨ ᠣᠬᠢᠯᠠᠳᠠᠭ ᠦᠭᠡᠢ ᠭᠡᠨ᠎ᠡ᠃
ᠰᠠᠷ᠎ᠠ ᠵᠢᠯ ᠵᠶ᠋ᠡᠷ ᠣᠬᠢᠯᠠᠭ᠋ᠠᠳ ᠴᠤ᠌ ᠠᠪᠤ ᠵᠢᠨ ᠵᠶ᠋ᠡᠨ ᠰᠠᠬᠠᠯ᠎ᠨᠢ ᠬᠦᠷᠲᠡᠯ᠎ᠡ ᠴᠠᠩᠲᠤᠭ᠋ᠠᠳ ᠢᠷᠡᠭᠰᠡᠨ ᠰᠡᠳᠬᠢᠯ᠎ᠢ ᠬᠡᠷᠬᠢᠨ ᠬᠠᠷᠢᠭᠤᠯᠵᠤ ᠴᠢᠳᠠᠬᠤ ᠠᠵᠢ᠃ ᠠᠪᠤ ᠵᠢᠨ ᠵᠶ᠋ᠡᠨ ᠠᠴᠢ ᠵᠢ ᠵᠠᠪᠠᠯ ᠬᠠᠷᠢᠭᠤᠯᠠᠬᠤ ᠶᠤᠮᠰᠠᠨ᠂ ᠬᠠᠷᠢᠭ᠋ᠠᠳ ᠬᠠᠷᠢᠭ᠋ᠠᠳ ᠣᠴᠢᠶ᠎ᠠ᠂ ᠬᠣᠭᠣᠯᠠᠨ᠎ᠤ ᠳᠡᠭᠡᠵᠢ᠎ᠪᠠᠨ ᠪᠠᠷᠢᠶ᠎ᠠ᠂ ᠡᠷᠭᠢᠭᠡᠳ ᠡᠷᠭᠢᠭᠡᠳ ᠬᠦᠷᠦᠶ᠎ᠡ᠂ ᠦᠩᠰᠢᠭᠰᠡᠨ ᠬᠤᠪᠴᠠᠰᠤ ᠵᠢ᠎ᠨᠢ ᠤᠭᠢᠶᠠᠶᠠ ᠭᠡᠵᠦ ᠰᠡᠮ ᠪᠣᠳᠣᠭᠰᠠᠨ᠃ ᠭᠡᠲᠡᠯ᠎ᠡ ᠪᠢ 《ᠰᠠᠢ᠌ᠨ ᠶᠠᠭᠤᠮ᠎ᠠ ᠰᠠᠨᠠᠭ᠎ᠠ᠎ᠪᠠᠷ ᠦᠭᠡᠢ 》 ᠭᠡᠳᠡᠭᠴᠢᠯᠡᠨ ᠠᠮᠢᠳᠤᠷᠠᠯ ᠰᠠᠢ᠌ᠵᠢᠷᠠᠭ᠋ᠠᠳ᠂ ᠠᠵᠤ ᠠᠬᠤᠢ ᠵᠦᠭᠡᠷ ᠪᠣᠯᠬᠤ ᠦᠶ᠎ᠡ᠎ᠳᠤ ᠲᠦᠷᠬᠦᠮᠯᠡᠬᠦ ᠴᠢᠮᠡᠭᠡᠨ᠎ᠤ ᠵᠠᠬᠢᠳᠠᠯ᠎ᠢ ᠣᠯᠣᠮᠠᠭᠴᠠ ᠠᠪᠤ ᠮᠢᠨᠢ ᠬᠥᠯ᠎ᠨᠢ ᠭᠠᠵᠠᠷ ᠬᠦᠷᠬᠦ ᠦᠭᠡᠢ ᠪᠠᠶᠠᠷᠯᠠᠵᠤ᠂ ᠡᠵᠢ᠎ᠪᠠᠷ ᠮᠢᠨᠤ ᠳᠤᠷᠠᠲᠠᠢ ᠭᠤᠯᠢᠷ ᠪᠤᠳᠠᠭ᠎ᠠ ᠵᠢ ᠪᠠᠵᠠᠭ᠋ᠠᠯᠭ᠋ᠠᠵᠤ᠂ ᠶᠡᠬᠡ ᠬᠠᠭ᠋ᠠᠯᠭ᠎ᠠ ᠵᠢᠨ ᠵᠡᠭᠦᠨ ᠲᠠᠯ᠎ᠠ᠎ᠳᠤ ᠪᠠᠷᠠᠭᠤᠨᠰᠢ᠎ᠪᠠᠨ ᠬᠠᠷᠠᠵᠤ ᠰᠠᠭᠤᠭᠰᠠᠨ ᠶᠠᠩᠵᠤ᠎ᠪᠠᠷ ᠵᠶ᠋ᠠᠨ ᠦᠨᠢᠳᠡ ᠵᠢᠨ ᠠᠮᠠᠷᠠᠯᠲᠠ᠎ᠪᠠᠨ ᠠᠪᠴᠢᠬᠠᠯ᠎ᠠ᠃
《ᠠᠪᠤ ᠡ》 ᠭᠡᠵᠦ ᠳᠡᠭᠡᠭᠰᠢ ᠬᠠᠷᠠᠭ᠋ᠠᠳ ᠬᠠᠰᠬᠢᠷᠤᠭᠰᠠᠨ᠎ᠳᠤ ᠲᠡᠭᠷᠢ ᠳᠤᠪ ᠳᠤᠭᠤᠢ᠂ ᠳᠤᠰᠤᠯᠠᠨ ᠰᠢᠩᠭᠡᠬᠦ ᠨᠢᠯᠪᠤᠰᠤᠨ᠎ᠳᠤ ᠭᠠᠵᠠᠷ ᠳᠤᠪ ᠳᠤᠭᠤᠢ ᠡ᠃ ᠮᠠᠰᠢᠨ ᠲᠸᠭᠨᠢᠭ ᠬᠦᠭᠵᠢᠭᠡ ᠦᠭᠡᠢ ᠲᠡᠷᠡ ᠦᠶ᠎ᠡ᠎ᠳᠤ ᠮᠠᠯ ᠲᠠᠷᠢᠶᠠᠨ᠎ᠳᠤ᠎ᠪᠠᠨ ᠶᠠᠭ᠋ᠠᠷᠠᠵᠤ ᠵᠦᠳᠡᠷᠡᠭᠰᠡᠨ ᠨᠠᠷᠠᠨ᠎ᠤ ᠬᠦᠯᠦᠰᠦ᠎ᠲᠠᠢ ᠠᠤᠭ᠎ᠠ ᠬᠥᠮᠥᠨ᠃ ᠠᠪᠤ᠎ᠲᠠᠢ᠎ᠪᠠᠨ ᠪᠠᠢ᠌ᠬᠤ᠎ᠳᠤ ᠨᠠᠷᠠ᠎ᠪᠠᠷ ᠳᠤᠲᠠᠬᠤ ᠦᠭᠡᠢ᠂ ᠬᠤᠷ᠎ᠠ᠎ᠪᠠᠷ ᠬᠤᠮᠰᠠᠳᠠᠬᠤ ᠦᠭᠡᠢ ᠵᠤᠨ᠎ᠤ ᠦᠵᠡᠰᠭᠦᠯᠡᠩ ᠪᠠᠢ᠌ᠵᠤ ᠰᠢᠦ᠃ ᠲᠡᠷᠡ ᠬᠦ᠌ ᠰᠢᠵᠢᠷ ᠠᠯᠲᠠ᠎ᠠᠴᠠ ᠦᠨᠡᠲᠡᠢ ᠨᠠᠨᠳᠢᠨ ᠰᠠᠢ᠌ᠬᠠᠨ ᠴᠠᠭ ᠮᠦᠴᠡ ᠵᠢ ᠨᠠᠷᠢᠯᠢᠭ ᠵᠢᠷᠤᠬᠤ᠎ᠳᠤ ᠪᠣᠳᠣᠭ ᠳᠤᠲᠠᠨ᠎ᠠ᠂ ᠨᠢᠮᠪᠠᠢ ᠪᠢᠴᠢᠬᠦ᠎ᠳᠤ ᠴᠠᠭ᠋ᠠᠰᠤ ᠳᠤᠲᠠᠨ᠎ᠠ᠃ ᠬᠤᠷᠤᠭᠤ ᠬᠢᠷᠢᠲᠡᠢ ᠭᠡᠵᠦ ᠡᠮᠵᠢᠯ ᠦᠭᠡᠢ ᠬᠠᠭᠤᠳᠠᠰᠤ ᠠᠷᠪᠢᠨ ᠬᠤᠭᠤᠴᠠᠭ᠎ᠠ ᠭᠡᠵᠦ ᠲᠣᠭᠲᠠᠭ᠋ᠠᠯ ᠦᠭᠡᠢ ᠦᠷᠬᠦᠯᠵᠢᠯᠡᠯ᠂ ᠮᠢᠨᠤ ᠵᠢᠷᠦᠬᠡᠨ᠎ᠤ ᠲᠣᠪᠴᠢᠶᠠᠨ— ᠠᠪᠤ ᠮᠢᠨᠢ!