ᠯᠤᠤ ᠱᠧ ᠵᠤᠬᠢᠶᠠᠪᠠ
ᠪᠣᠯᠣᠷᠮ᠎ᠠ ᠣᠷᠴᠢᠭᠤᠯᠪᠠ
ᠬᠠᠮᠤᠭ᠎ᠠᠴᠠ ᠳᠤᠷᠠᠰᠤᠭᠳᠠᠳᠠᠭ᠎ᠨᠢ ᠬᠠᠰᠢ ᠯᠡ ᠪᠠᠭ᠎ᠠ ᠵᠢᠨ ᠦᠶ᠎ᠡ ᠵᠢᠨ ᠴᠠᠭ᠋ᠠᠨ ᠰᠠᠷ᠎ᠠ ᠪᠢᠯᠡ᠃
ᠥᠷᠯᠥᠭᠡ ᠪᠣᠰᠤᠭ᠋ᠠᠳ ᠴᠣᠩᠬᠣᠨ ᠬᠥᠰᠢᠭᠡ ᠪᠠᠨ ᠲᠠᠲᠠᠬᠤ᠎ᠳᠤ᠂ ᠨᠢᠭᠡ ᠯᠡ ᠰᠥᠨᠢ ᠵᠢᠨ ᠬᠣᠭᠣᠷᠣᠨᠳᠣ ᠭᠠᠳᠠᠨ᠎ᠠ ᠨᠢᠭᠡᠨᠲᠡ ᠮᠥᠩᠭᠥᠨ ᠬᠤᠶᠠᠭ ᠬᠡᠳᠠᠷᠦᠭᠰᠡᠨ ᠶᠢᠷᠲᠢᠨᠴᠦ ᠪᠣᠯᠵᠠᠢ᠃ ᠦᠨᠦ ᠡᠪᠦᠯ ᠴᠠᠰᠤ ᠪᠠᠭ᠎ᠠ ᠲᠤᠯᠠ ᠶᠠᠭ ᠯᠡ ᠵᠢᠭ᠋ᠠᠬᠠᠨ ᠬᠡᠮᠨᠡᠯ ᠳᠤᠲᠠᠭᠤᠳᠠᠭᠰᠠᠨ ᠬᠡᠮᠡᠷ᠃ ᠠ᠋ᠨᠡ ᠬᠦ᠌ ᠴᠠᠰᠤ᠎ᠨᠢ ᠬᠥᠮᠦᠰ᠎ᠲᠤ ᠰᠢᠨᠡᠯᠡᠬᠦ ᠤᠢ᠍ᠢ᠍ᠷᠠᠳᠤᠯᠠ ᠭᠡᠳᠡᠭ᠎ᠢ ᠰᠠᠨᠠᠭᠤᠯᠤᠯ᠎ᠠ᠃ ᠲᠡᠢ᠍ᠢ᠍ᠮᠦ ᠠ᠋᠂ ᠪᠠᠰᠠ ᠴᠤ᠌ ᠰᠢᠨᠡᠯᠡᠬᠦ ᠤᠢ᠍ᠢ᠍ᠷᠠᠳᠤᠯᠠ᠂ ᠴᠠᠰᠤᠨ᠎ᠳᠤ ᠳᠠᠷᠤᠭᠳᠠᠨ ᠮᠡᠬᠦᠢ᠌ᠭᠰᠡᠨ ᠮᠣᠳᠣᠨ ᠮᠦᠴᠢᠷ᠎ᠤᠳ ᠴᠤ᠌ ᠬᠠᠪᠤᠷ᠎ᠤᠨ ᠪᠠᠶᠠᠰᠤᠯ ᠵᠶ᠋ᠠᠷ ᠰᠠᠨᠵᠢᠬᠢᠨᠠᠵᠤ ᠪᠠᠢ᠍ᠢ᠍ᠭ᠎ᠠ ᠬᠡᠮᠡᠷ᠃
ᠰᠢᠨᠡᠯᠡᠬᠦ ᠭᠡᠭᠴᠢ᠎ᠨᠢ ᠤᠢ ᠲᠤᠢ᠍ᠢ᠍ᠨ ᠠᠴᠠ ᠮᠢᠨᠢ ᠶᠡᠬᠡᠬᠡᠨ ᠬᠣᠯᠠᠳᠠᠵᠤ᠂ ᠳᠡᠮᠡᠢ ᠤᠯᠠᠨ ᠬᠦᠰᠡᠯ ᠮᠦᠷᠦᠭᠡᠳᠦᠯ ᠠᠯᠠᠭ᠎ᠠ ᠪᠤᠯᠤᠭᠰᠠᠨ᠃ ᠬᠦᠭᠵᠢᠶᠡᠨᠲᠦ ᠬᠤᠲᠠ᠎ᠳᠤ᠂ ᠶᠠᠭ᠋ᠠᠷᠠᠯᠲᠠᠢ ᠳᠠᠪᠬᠢᠭ᠎ᠠ ᠬᠥᠮᠥᠰ᠎ᠤᠨ ᠳᠤᠮᠳᠠ᠂ ᠴᠠᠭ᠋ᠠᠨ ᠰᠠᠷ᠎ᠠ ᠵᠢᠨ ᠦᠨᠦᠷ ᠠᠮᠳᠠ ᠤᠯᠠᠮ ᠵᠢᠡᠷ ᠳᠤᠲᠠᠭᠤᠳᠠᠵᠤ᠂ ᠵᠠᠷᠢᠮ᠎ᠳᠤ᠎ᠪᠠᠨ ᠪᠢᠳᠡᠭᠦᠯᠡᠬᠦ ᠤᠢ᠍ᠢ᠍ᠷᠠᠳᠬᠤᠪᠠᠷ ᠰᠠᠶᠢ ᠪᠤᠳᠤᠵᠤ ᠤᠯᠳᠠᠭ ᠴᠤ᠌ ᠪᠤᠢ᠃ ᠦᠪᠡᠷ᠎ᠲᠤ ᠮᠢᠨᠢ ᠬᠠᠮᠤᠭ᠎ᠠᠴᠠ ᠲᠤᠷᠠᠰᠤᠭᠳᠠᠳᠠᠭᠨᠢ ᠬᠠᠰᠢ ᠯᠡ ᠪᠠᠭ᠎ᠠ ᠵᠢᠨ ᠦᠶ᠎ᠡ᠎ᠳᠤ ᠦᠩᠭᠡᠷᠡᠭᠦᠯᠦᠭᠰᠡᠨ ᠴᠠᠭ᠋ᠠᠨ ᠰᠠᠷ᠎ᠠ ᠪᠢᠯᠡ᠂ ᠬᠡᠳᠦᠢ᠍ᠢ᠍ᠪᠡᠷ ᠦᠨᠢ ᠠ᠋ᠷᠲᠡ ᠵᠢᠨ ᠲᠤᠷᠠᠰᠤᠮᠵᠢ ᠪᠤᠯᠪᠠᠴᠤ ᠪᠦᠷ ᠴᠤ᠌ ᠲᠡᠢ᠍ᠢ᠍ᠮᠦ ᠲᠤᠳᠤᠬᠠᠨ ᠰᠠᠨ᠃
ᠮᠢᠨᠦ ᠨᠤᠳᠤᠭ ᠬᠦᠳᠡᠭᠡ᠎ᠳᠤ ᠪᠠᠢ᠍ᠢ᠍ᠳᠠᠭ᠂ ᠯᠠ ᠰᠠᠷ᠎ᠠ ᠪᠤᠯᠤᠭᠰᠠᠭ᠋ᠠᠷ ᠰᠢᠨᠡᠯᠡᠬᠦ ᠬᠡᠮᠡᠨ ᠲᠡᠪᠵᠢᠶᠡᠷᠡᠵᠦ ᠠ᠋ᠬᠢᠯᠡᠳᠡᠭ᠂ ᠲᠤᠰᠬᠤᠨ᠎ᠤ ᠬᠤᠷᠰᠢᠶ᠎ᠠ᠎ᠳᠤ ᠰᠢᠨ᠎ᠡ ᠵᠢᠨ ᠪᠠᠷᠠᠭ᠎ᠠ ᠬᠤᠳᠠᠯᠳᠤᠨ ᠠᠪᠤᠭᠴᠢᠳ ᠬᠤᠢ᠍ᠢ᠍ᠨ᠎ᠠ ᠬᠤᠢ᠍ᠢ᠍ᠨ᠎ᠠ᠎ᠪᠠᠨ ᠴᠤᠪᠤᠷᠠᠯᠳᠤᠳᠠᠭ᠃ ᠲᠡᠳᠡᠭᠡᠷ ᠤᠯᠠᠮᠵᠢᠯᠠᠯᠳᠤ ᠰᠢᠨ᠎ᠡ ᠵᠢᠯ᠎ᠤᠨ ᠵᠢᠷᠤᠭ᠎ᠤᠳ ᠨᠠᠳᠠ᠎ᠳᠤ ᠬᠦᠨ ᠰᠠᠭᠤᠭᠳᠠᠯ ᠦᠯᠡᠳᠡᠭᠡᠵᠤ᠂ ᠤᠳᠤ ᠴᠤ᠌ ᠭᠡᠰᠡᠨ ᠠ᠋ᠷᠭᠢᠴᠡᠭᠦᠯᠦᠨ ᠪᠤᠳᠤᠬᠤᠯᠠᠷ ᠮᠦᠨ ᠭᠤᠶᠤᠬᠠᠨ ᠰᠠᠨᠠᠭᠳᠠᠳᠠᠭ᠂ ᠵᠤᠪ ᠵᠤᠵᠠᠭ᠋ᠠᠨ ᠴᠠᠭ᠋ᠠᠰᠤᠨ᠎ᠠᠴᠠ ᠲᠤᠰ᠎ᠤᠨ ᠪᠤᠳᠤᠭ᠎ᠤᠨ ᠦᠨᠦᠷ ᠰᠡᠩᠬᠢᠨᠡᠨ᠂ ᠤᠨᠠᠭ᠋ᠠᠨ ᠪᠠᠭ᠎ᠠ ᠵᠢᠨ ᠤᠢ ᠲᠤᠢ᠍ᠢ᠍ᠨᠳᠤ ᠮᠢᠨᠢ ᠲᠡᠷᠡ ᠨᠢ ᠳᠠᠷᠤᠢ ᠰᠢᠨ᠎ᠡ ᠵᠢᠯ᠎ᠤᠨ ᠪᠡᠯᠭᠡ ᠲᠡᠮᠳᠡᠭ ᠪᠠᠢ᠍ᠢ᠍ᠭᠰᠠᠨ᠃
ᠤᠮᠠᠷᠠᠳᠤ ᠤᠷᠤᠨ᠎ᠤ ᠯᠠ ᠰᠠᠷ᠎ᠠ ᠵᠢᠨ ᠨᠠᠢ᠍ᠮᠠᠨ ᠪᠤᠯ ᠨᠢᠭᠡ ᠵᠢᠯ᠎ᠤᠨ ᠬᠠᠮᠤᠭ ᠤᠨ ᠬᠦᠢ᠍ᠳᠡᠨ ᠦᠶ᠎ᠡ᠂ ᠲᠡᠷᠡ᠎ᠨᠢ ᠰᠢᠨᠡᠯᠡᠬᠦ ᠤᠢ᠍ᠢ᠍ᠷᠠᠳᠤᠭᠰᠡᠨ ᠤ ᠲᠤᠬᠢᠶ᠎ᠠ ᠪᠤᠯᠬᠤᠢ᠍ᠢ᠍ᠴᠠ ᠤᠨᠴᠠᠭ᠋ᠠᠢ ᠤᠳᠬ᠎ᠠ ᠠᠭᠤᠯᠭ᠎ᠠ᠎ᠲᠠᠢ ᠠ᠋ᠳᠦᠷ ᠰᠠᠨ᠃ ᠥᠷᠯᠦᠭᠡ ᠪᠤᠯᠭ᠋ᠠᠨ ᠨᠠᠷᠠᠨ᠎ᠠᠴᠠ ᠠ᠋ᠷᠳᠡᠯᠡᠨ ᠪᠤᠰᠴᠤ᠂ ᠰᠢᠨ᠎ᠡ ᠵᠢᠯ ᠪᠤᠯᠤᠯ᠎ᠡ ᠬᠡᠮᠡᠨ ᠪᠤᠳᠤᠬᠤᠯᠠᠷ᠂ ᠬᠦᠭᠰᠡᠨ ᠪᠠᠶᠠᠷᠯᠠᠭ᠋ᠠᠳ ᠤᠨᠳᠠᠵᠤ ᠤᠷᠤᠬᠤ᠎ᠪᠠᠨ ᠪᠤᠯᠢᠳᠠᠭ᠃
ᠨᠤᠳᠤᠭ᠎ᠤᠨ ᠪᠤᠭᠤᠷᠤᠯᠴᠤᠳ ᠬᠡᠦᠬᠡᠳ᠎ᠤᠳ᠎ᠲᠤ᠄ 《ᠬᠡᠦᠬᠡᠳ ᠡ᠂ ᠬᠡᠦᠬᠡᠳ ᠡ᠂ ᠪᠢᠳᠡᠭᠡᠢ ᠬᠤᠪᠳᠤᠭᠯᠠ᠂ ᠯᠠ ᠰᠠᠷ᠎ᠠ ᠵᠢᠨ ᠨᠠᠢ᠍ᠮᠠᠨ ᠦᠩᠭᠡᠷᠡᠭᠰᠡᠭᠡᠷ ᠰᠢᠨ᠎ᠡ ᠵᠢᠯ ᠰᠢᠦ᠃ ᠬᠡᠦᠬᠡᠳ ᠡ᠂ ᠬᠡᠦᠬᠡᠳ ᠡ ᠂ ᠪᠢᠳᠡᠭᠡᠢ ᠤᠬᠢᠯᠠ᠂ ᠯᠠ ᠰᠠᠷ᠎ᠠ ᠵᠢᠨ ᠨᠠᠢ᠍ᠮᠠᠨ ᠦᠩᠭᠡᠷᠡᠭᠰᠡᠭᠡᠷ ᠭᠠᠬᠠᠢ᠎ᠪᠠᠨ ᠠᠯᠠᠶ᠎ᠠ》 ᠬᠡᠮᠡᠨ ᠶᠠᠷᠢᠳᠠᠭ᠃ ᠲᠡᠭᠡᠬᠦ᠎ᠳᠤ ᠬᠡᠦᠬᠡᠳ᠎ᠤᠳ ᠬᠦᠭᠡᠷᠦᠯᠳᠦᠨ ᠪᠠᠶᠠᠰᠤᠭᠰᠠᠭ᠋ᠠᠷ ᠬᠦᠶᠦᠨ ᠣᠳᠳᠠᠭ᠃ ᠲᠡᠷᠡ ᠦᠶ᠎ᠡ᠎ᠳᠤ ᠠᠢ᠍ᠢ᠍ᠯ ᠪᠤᠯᠭ᠋ᠠᠨ ᠰᠢᠨ᠎ᠡ ᠵᠢᠨ ᠭᠠᠬᠠᠢ ᠭᠠᠷᠭ᠋ᠠᠵᠤ ᠳᠡᠢ᠌ᠯᠳᠡᠭ ᠪᠢᠰᠢ᠂ ᠭᠠᠬᠠᠢ ᠭᠠᠷᠭ᠋ᠠᠭᠰᠠᠨ ᠠᠢ᠍ᠢ᠍ᠯ ᠰᠢᠷᠡᠭᠡ ᠵᠠᠰᠠᠵᠤ᠂ ᠠᠢ᠍ᠢ᠍ᠯ ᠠᠢ᠍ᠢ᠍ᠮᠠᠭ ᠰᠠᠳᠤᠨ ᠲᠦᠷᠦᠯ ᠵᠢᠡᠨ ᠵᠤᠴᠢᠯᠠᠳᠠᠭ᠃ ᠪᠢᠳᠡ ᠰᠢᠭ ᠬᠡᠦᠬᠡᠳ ᠮᠢᠬ᠎ᠠ ᠬᠡᠳᠦᠢ ᠢᠳᠡᠬᠦ ᠪᠤᠢ᠂ ᠦᠢ᠍ᠮᠡᠭᠡᠨ ᠳᠡᠪᠵᠢᠶᠡᠨ᠎ᠳᠤᠨᠢ ᠲᠤᠷᠠᠯᠠᠵᠤ᠂ ᠭᠠᠳᠠᠨ᠎ᠠ ᠲᠤᠳᠤᠨ᠎ᠠ ᠬᠦᠶᠦᠯᠳᠦᠨ ᠲᠤᠭᠯᠠᠵᠠᠭ᠋ᠠᠳᠠᠭ᠃
ᠲᠡᠳᠡᠭᠡᠷ ᠤᠨ ᠵᠢᠯ᠎ᠤᠳ ᠬᠤᠭᠤᠯᠠ ᠵᠠᠭᠤᠰᠢ ᠠᠨᠠᠢ᠍ᠢ᠍ᠬᠠᠨ᠂ ᠶᠡᠷᠦ᠎ᠳᠤ᠎ᠪᠠᠨ ᠰᠢᠰᠢ ᠵᠢᠨ ᠪᠤᠤᠪᠤ᠂ ᠨᠠᠷᠢᠮᠤ ᠪᠤᠳᠠᠭ᠎ᠠ᠎ᠪᠠᠷ ᠭᠤᠤᠯᠳᠠᠵᠤ᠂ ᠴᠠᠭ᠋ᠠᠨ ᠭᠤᠯᠢᠷᠢ ᠴᠤ᠌ ᠣᠯᠵᠣ ᠢᠳᠡᠳᠡᠭ ᠦᠬᠡᠢ᠃ ᠲᠡᠢ᠍ᠢ᠍ᠮᠦ᠎ᠠᠴᠠ ᠰᠢᠨᠡᠯᠡᠬᠦ᠎ᠨᠢ ᠬᠡᠦᠬᠡᠳ ᠪᠢᠳᠡ ᠨᠠᠷ᠎ᠲᠤ ᠠᠪᠴᠤ ᠬᠡᠯᠡᠪᠡᠯ ᠬᠤᠪᠳᠤᠭ ᠵᠶ᠋ᠠᠨ ᠲᠠᠢ᠍ᠢ᠍ᠯᠬᠤ ᠰᠠᠢ᠍ᠢ᠍ᠬᠠᠨ ᠴᠠᠭ ᠪᠢᠯᠡ᠃ ᠪᠢᠲᠡᠭᠦᠨ᠎ᠠᠴᠠ ᠠ᠋ᠮᠦᠨ᠎ᠡ ᠬᠡᠳᠦᠨ ᠠ᠋ᠳᠦᠷ᠂ ᠡᠵᠢ ᠠ᠋ᠬᠢᠯᠡᠨ ᠴᠠᠭ᠋ᠠᠨ ᠰᠠᠷ᠎ᠠ ᠵᠢᠨ ᠨᠠᠩᠭᠢ ᠪᠤᠤᠪᠤ᠂ ᠮᠠᠨᠳᠠᠤ ᠵᠢᠩᠨᠡᠭᠡᠳ ᠶᠠᠭ᠋ᠠᠷᠠᠵᠤ᠂ ᠪᠢᠳᠡᠭᠦᠨᠤ ᠲᠦᠷᠦᠭᠦᠦ ᠠ᠋ᠳᠦᠷ ᠰᠠᠶᠢ ᠳᠤᠮᠤ ᠲᠤᠭᠤᠭ᠋ᠠᠨᠳᠤᠪᠠᠨ ᠮᠢᠬ᠎ᠠ ᠴᠢᠨᠠᠳᠠᠭ᠃ ᠮᠢᠨᠦ ᠵᠤᠤᠬᠠᠨ᠎ᠤ ᠬᠠᠵᠠᠭᠤ᠎ᠳᠤ ᠲᠤᠭᠤᠭ᠎ᠠ᠎ᠲᠠᠢ ᠮᠢᠬᠠᠨ᠎ᠤ ᠰᠠᠢ᠍ᠢ᠍ᠬᠠᠨ ᠦᠨᠦᠷ᠎ᠲᠤ ᠰᠢᠯᠦᠰᠦ ᠭᠤᠭᠤᠵᠢᠭᠤᠯᠤᠨ ᠵᠤᠭᠰᠤᠬᠤ ᠵᠢ ᠬᠠᠷᠠᠭ᠋ᠠᠳ ᠡᠵᠢ ᠲᠤᠭᠤᠭ᠋ᠠᠨ ᠪᠦᠷᠬᠦᠭᠡᠰᠦ᠎ᠪᠠᠨ ᠠ᠋ᠷᠭᠦᠨ ᠰᠠᠪᠬ᠎ᠠ᠎ᠪᠠᠷ ᠨᠢᠭᠡᠨ ᠬᠡᠰᠡᠭ ᠮᠢᠬ᠎ᠠ ᠴᠢᠴᠢᠵᠦ ᠠᠪᠤᠨ ᠠᠶᠠᠭ᠋ᠠᠨ᠎ᠳᠤ ᠬᠢᠵᠤ ᠦᠭᠭᠦ᠎ᠳᠤ᠂ ᠠᠮᠠ᠎ᠪᠠᠨ ᠬᠠᠯᠠᠭ᠋ᠠᠬᠤ᠎ᠠᠴᠠ ᠴᠤ᠌ ᠠ᠋ᠮᠢᠶᠡᠯ ᠦᠭᠡᠢ ᠰᠢᠭᠤᠳ ᠠ᠋ᠮᠬᠦᠳᠡᠭ᠃
ᠪᠢ ᠬᠦᠯᠳᠡᠭᠦᠦ ᠠᠯᠢᠮ᠎ᠠ ᠢᠳᠡᠬᠦ ᠲᠤᠷᠠᠲᠠᠢ᠂ ᠬᠦᠯᠳᠡᠬᠦᠦ ᠠᠯᠢᠮ᠎ᠠ ᠵᠢ ᠬᠠᠵᠠᠬᠤ᠎ᠳᠤ 《ᠱᠠᠷ ᠱᠠᠷ》 ᠭᠡᠬᠦ ᠳᠠᠭᠤᠨ ᠬᠢᠭᠡᠳ ᠴᠠᠭ᠋ᠠᠨ ᠠᠯᠢᠮᠠᠨᠤ ᠢᠰᠭᠦᠯᠡᠩ ᠰᠢᠬᠢᠷᠯᠢᠭ ᠠᠮᠳᠠ᠎ᠨᠢ ᠨᠠᠳᠠ᠎ᠳᠤ ᠶᠡᠬᠡᠳᠡ ᠲᠠᠭ᠋ᠠᠰᠢᠶᠠᠭᠳᠠᠳᠠᠭ᠃ ᠶᠡᠷᠢᠶᠠᠨ ᠦᠭᠡᠢ ᠰᠢᠨᠡᠯᠡᠬᠦ ᠦᠶ᠎ᠡ᠎ᠳᠤ ᠯᠡ ᠰᠠᠶᠢ ᠠᠯᠢᠮ᠎ᠠ ᠬᠤᠳᠠᠯᠳᠤᠨ ᠠᠪᠴᠤ ᠦᠭᠳᠡᠭ ᠪᠠᠢ᠍ᠢ᠍ᠭᠰᠠᠨ᠃
ᠨᠢᠭᠡᠨ ᠵᠢᠭ᠋ᠠᠬᠠᠨ ᠶᠠᠪᠤᠳᠠᠯ ᠨᠠᠳᠠ᠎ᠳᠤ ᠮᠠᠷᠲᠠᠭᠳᠠᠰᠢ ᠦᠭᠡᠢ ᠭᠦᠨ ᠰᠠᠭᠤᠭᠳᠠᠯ᠎ᠲᠠᠢ ᠪᠢᠯᠡ᠄ ᠲᠡᠷᠡ ᠤᠳᠠᠭ᠎ᠠ ᠡᠵᠢ ᠬᠦᠯᠳᠡᠭᠦᠦ ᠠᠯᠢᠮ᠎ᠠ ᠬᠤᠳᠠᠯᠳᠤᠨ ᠠᠪᠤᠭ᠋ᠠᠳ ᠠᠷᠰᠠᠷ ᠶᠠᠭᠤᠮ᠎ᠠ᠎ᠪᠠᠨ ᠬᠤᠷᠢᠶᠠᠳᠠᠭ ᠵᠢᠵᠢᠭ ᠬᠦᠮᠦᠷᠭᠡ᠎ᠳᠤ᠎ᠪᠠᠨ ᠬᠢᠪᠡ᠂ ᠲᠡᠭᠦᠨ᠎ᠢ ᠬᠠᠷᠠᠭ᠋ᠠᠳ ᠪᠢ ᠡᠵᠢ᠎ᠪᠠᠨ ᠮᠠᠨᠠᠵᠤ᠂ ᠡᠵᠢ ᠭᠡᠷ᠎ᠲᠤ ᠤᠷᠤᠬᠤᠯᠠᠷ ᠱᠠᠯᠠᠪᠬᠠᠨ ᠬᠦᠮᠦᠷᠭᠡ᠎ᠳᠤ ᠤᠷᠤᠵᠤ ᠠ᠋ᠭᠦᠳᠡ ᠵᠢ᠎ᠨᠢ ᠬᠠᠭ᠋ᠠᠨ ᠠᠯᠢᠮ᠎ᠠ ᠵᠢ ᠠᠪᠤᠭ᠋ᠠᠳ ᠭᠡᠮᠡᠯᠢᠪᠡ ᠃ ᠤᠳᠠᠯ ᠦᠭᠡᠢ ᠡᠵᠢ ᠬᠦᠮᠦᠷᠭᠡ᠎ᠠᠴᠠ ᠶᠠᠭᠤᠮ᠎ᠠ ᠠᠪᠬᠤ᠎ᠪᠠᠷ ᠤᠷᠤᠵᠤ ᠢᠷᠡᠭᠡᠳ ᠨᠠᠮ᠎ᠠ ᠵᠢ ᠤᠯᠵᠤ ᠬᠠᠷᠠᠯ᠎ᠠ᠂ ᠪᠢ ᠵᠢᠭ᠋ᠠᠬᠠᠨ ᠡᠪ ᠦᠭᠡᠢ᠍ᠢ᠍ᠷᠡᠭᠦᠳᠤ ᠡᠵᠢ ᠬᠠᠷᠢᠨ ᠢᠨᠢᠶᠡᠭᠡᠳ ᠮᠢᠨᠦ ᠲᠤᠯᠤᠭ᠋ᠠᠢ ᠵᠢ ᠢᠯᠢᠭᠡᠳ ᠶᠠᠭᠤ ᠴᠤ᠌ ᠶᠠᠷᠢᠭ᠎ᠠ ᠦᠭᠡᠢ ᠦᠩᠭᠡᠷᠡᠭᠰᠡᠨ ᠪᠢᠯᠡ᠃ ᠤᠷᠤᠢ ᠵᠢᠨ ᠬᠤᠭᠤᠯᠠ ᠢᠳᠡᠬᠦ᠎ᠳᠤ ᠲᠡᠭᠦᠦ ᠡᠵᠢ᠎ᠠᠴᠠ᠄ 《ᠬᠦᠯᠳᠡᠭᠦᠦ ᠠᠯᠢᠮ᠎ᠠ ᠬᠡᠵᠢᠶ᠎ᠡ ᠬᠤᠳᠠᠯᠳᠤᠵᠤ ᠠᠪᠬᠤ ᠶᠤᠮ ᠪᠤᠢ?》 ᠭᠡᠵᠦ ᠠᠰᠠᠭᠤᠬᠤ᠎ᠳᠤ ᠪᠢ 《 ᠳᠡᠭᠡᠵᠢ ᠵᠢ᠎ᠨᠢ ᠠᠮᠲᠠᠯᠠᠴᠢᠬᠠᠭᠰᠠᠨ》 ᠭᠡᠵᠦ ᠰᠡᠮ ᠪᠠᠶᠠᠷᠯᠠᠭᠰᠠᠨ ᠳ᠋ᠠᠭ᠃
ᠬᠤᠤᠰ ᠤᠶᠠᠩᠭ᠎ᠠ ᠴᠤ᠌ ᠲᠤᠳᠠᠭᠳᠠᠵᠤ ᠪᠤᠯᠤᠰᠢ ᠦᠭᠡᠢ ᠪᠢᠯᠡ᠃ ᠲᠡᠷᠡ ᠦᠶᠡᠰ᠎ᠤᠨ ᠬᠤᠤᠰ ᠤᠶᠠᠩᠭ᠎ᠠ ᠤᠳᠤᠬᠢ᠎ᠲᠠᠢ ᠠᠳᠠᠯᠢ ᠦᠭᠡᠢ᠂ ᠪᠦᠷ ᠯᠡ ᠲᠤᠮᠤ ᠵᠦᠰᠦᠮ᠎ᠤᠨ ᠤᠯᠠᠭ᠋ᠠᠨ ᠴᠠᠭ᠋ᠠᠰᠤ ᠬᠤᠳᠠᠯᠳᠤᠨ ᠠᠪᠴᠤ ᠪᠤᠰᠤᠳ᠎ᠢ ᠭᠤᠶᠤᠨ ᠪᠢᠴᠢᠭᠦᠯᠳᠡᠭ ᠃ ᠠᠪᠤ ᠵᠢᠨ ᠤᠷᠠᠨ ᠪᠢᠴᠢᠯᠬᠡ ᠭᠤᠶᠤ ᠂ ᠮᠦᠨ ᠬᠠᠪᠢ ᠲᠥᠰᠦᠷᠲᠤᠪᠠᠨ ᠠᠯᠳᠠᠷᠳᠠᠢ ᠪᠠᠭᠰᠢ᠂ ᠲᠡᠢ᠍ᠢ᠍ᠮᠦ᠎ᠠᠴᠠ ᠠᠪᠤ ᠵᠢ ᠭᠤᠶᠤᠨ ᠬᠤᠤᠰ ᠤᠶᠠᠩᠭ᠎ᠠ ᠪᠢᠴᠢᠭᠦᠯᠬᠦ ᠬᠡᠮᠡᠨ ᠬᠥᠮᠥᠰ ᠪᠦᠷ ᠮᠦᠷᠯᠡᠭᠡᠳ ᠢᠷᠡᠳᠡᠭ ᠪᠠᠢ᠍ᠢ᠍ᠭᠰᠠᠨ᠂ ᠰᠢᠨᠡᠯᠡᠬᠦ᠎ᠠᠴᠠ ᠠ᠋ᠮᠦᠨᠡᠬᠢ ᠬᠡᠳᠦᠨ ᠠ᠋ᠳᠦᠷ᠎ᠲᠤ ᠠᠪᠤ ᠬᠠᠮᠤᠭ ᠤᠨ ᠶᠠᠭ᠋ᠠᠷᠠᠤ ᠪᠠᠢ᠌ᠳᠠᠭ᠃ ᠪᠢ ᠬᠠᠵᠠᠭᠤ᠎ᠠᠴᠠ᠎ᠨᠢ ᠬᠠᠪ ᠬᠠᠷ᠎ᠠ ᠭᠢᠯᠲᠠᠭ᠋ᠠᠨᠠᠭᠰᠠᠨ ᠦᠰᠦᠨ ᠪᠢᠷ᠎ᠤᠨ ᠦᠰᠦᠭ ᠤᠯᠠᠭ᠋ᠠᠨ ᠴᠠᠭ᠋ᠠᠰᠤᠨ ᠳᠡᠭᠡᠷ᠎ᠡ ᠲᠤᠷᠠᠢ᠍ᠢ᠍ᠨ ᠲᠣᠳᠤᠷᠠᠬᠤ ᠵᠢ ᠬᠠᠷᠠᠭ᠋ᠠᠳ ᠶᠡᠬᠡᠳᠡ ᠪᠠᠬᠠᠷᠬᠠᠳᠠᠭ ᠪᠢᠯᠡ᠃ ᠤᠪ ᠤᠯᠠᠭ᠋ᠠᠨ ᠬᠤᠤᠰ ᠤᠶᠠᠩᠭ᠎ᠠ᠎ᠪᠠᠨ ᠬᠡᠷᠡᠮ ᠪᠣᠯᠣᠨ ᠠ᠋ᠭᠦᠳᠡᠨ ᠳᠡᠭᠡᠷ᠎ᠡ᠎ᠪᠠᠨ ᠨᠠᠭ᠋ᠠᠬᠤᠯᠠᠷ ᠪᠠᠶᠠᠷ ᠵᠢᠷᠭ᠋ᠠᠯ᠂ ᠰᠢᠨ᠎ᠡ ᠵᠢᠯ᠎ᠤᠨ ᠠᠭᠤᠷ ᠠᠮᠢᠰᠬᠤᠯ ᠵᠶ᠋ᠠᠷ ᠪᠢᠯᠬᠠᠳᠠᠭ᠃
ᠪᠢ ᠪᠠᠭ᠎ᠠ᠎ᠳᠤ᠎ᠪᠠᠨ ᠰᠢᠨ᠎ᠡ ᠬᠤᠪᠴᠠᠰᠤ ᠠ᠋ᠮᠦᠰᠬᠦ ᠲᠤᠷᠠᠲᠠᠢ᠃ ᠪᠢᠲᠡᠭᠦᠨ᠎ᠤ ᠠ᠋ᠮᠦᠨ᠎ᠡ ᠤᠷᠤᠢ ᠪᠢ ᠰᠢᠨ᠎ᠡ ᠬᠤᠪᠴᠠᠰᠤ᠎ᠪᠠᠨ ᠠᠪᠴᠤ ᠭᠠᠷᠭ᠋ᠠᠨ ᠠ᠋ᠷᠭᠢᠬᠦᠯᠦᠨ ᠤᠷᠪᠠᠭᠤᠯᠤᠨ ᠰᠢᠨᠵᠢᠵᠦ᠂ ᠮᠠᠷᠭ᠋ᠠᠰᠢ ᠰᠢᠨ᠎ᠡ ᠬᠤᠪᠴᠠᠰᠤ᠎ᠪᠠᠨ ᠠ᠋ᠮᠦᠰᠤᠨᠡ ᠬᠡᠮᠡᠨ ᠪᠤᠳᠤᠬᠤᠯᠠᠷ ᠲᠡᠷᠡ ᠶᠡᠬᠡ ᠪᠠᠶᠠᠷᠯᠠᠬᠤ ᠭᠡᠵᠦ ᠳ᠋ᠠ᠃ ᠨᠢᠭᠡ ᠵᠢᠯ᠎ᠳᠤ᠎ᠪᠠᠨ ᠰᠢᠨ᠎ᠡ ᠬᠤᠪᠴᠠᠰᠤ ᠤᠯᠵᠤ ᠠ᠋ᠮᠦᠰᠬᠦ ᠲᠤᠬᠢᠶᠠᠯ ᠲᠤᠩ ᠪᠠᠭ᠎ᠠ᠂ ᠶᠡᠷᠦ᠎ᠳᠤ᠎ᠪᠠᠨ ᠰᠢᠨᠡᠯᠡᠬᠦ᠎ᠳᠤ ᠯᠡ ᠰᠠᠶᠢ ᠰᠢᠨ᠎ᠡ ᠬᠤᠪᠴᠠᠰᠤ ᠠᠪᠴᠤ ᠦᠭᠳᠡᠭ᠃ ᠤᠨᠳᠠᠬᠤᠠᠴᠠᠪᠠᠨ ᠠ᠋ᠮᠦᠨ᠎ᠡ ᠬᠦᠯ ᠵᠶ᠋ᠠᠨ ᠤᠬᠢᠶᠠᠨ᠂ ᠰᠢᠨ᠎ᠡ ᠤᠢ᠍ᠢ᠍ᠮᠤᠰᠦ ᠭᠤᠳᠤᠯ᠎ᠪᠠᠨ ᠲᠤᠯᠤᠭ᠋ᠠᠢ ᠵᠢᠨ ᠦᠵᠦᠬᠦᠷ ᠲᠤ᠎ᠪᠠᠨ ᠳᠠᠯᠪᠢᠨ ᠰᠢᠨᠵᠢᠵᠤ ᠪᠠᠢ᠍ᠢ᠍ᠭᠰᠠᠭ᠋ᠠᠷ ᠤᠨᠳᠠᠴᠢᠬᠠᠳᠠᠭ᠂ ᠵᠠᠷᠢᠮ᠎ᠳᠤ᠎ᠪᠠᠨ ᠵᠡᠭᠦᠳᠦᠯᠡᠳᠡᠭ ᠴᠤ᠌ ᠪᠠᠢ᠍ᠢ᠍ᠭᠰᠠᠨ᠂ ᠬᠡᠳᠦᠢ᠍ᠢ᠍ᠪᠡᠷ ᠲᠤᠬᠠᠢ ᠵᠢᠨ ᠴᠢᠷᠠᠢ ᠵᠢᠰᠦ᠎ᠪᠠᠨ ᠤᠯᠵᠤ ᠬᠠᠷᠠᠭ᠎ᠠ ᠦᠭᠡᠢ ᠴᠤ᠌ ᠬᠥᠭᠡᠷᠦᠭᠦᠨ ᠴᠢᠷᠠᠢ᠎ᠳᠤ ᠯᠠᠪ ᠮᠦᠰᠢᠶᠡᠳᠦ ᠪᠢᠯᠬᠠᠭᠰᠠᠨ ᠪᠠᠢ᠍ᠢ᠍ᠬᠤ ᠡ᠃
ᠪᠢᠲᠡᠭᠦᠨᠢ ᠪᠠᠰᠠ ᠯᠠ ᠰᠠᠷ᠎ᠠ ᠵᠢᠨ ᠭᠤᠴᠢᠨ ᠭᠡᠳᠡᠭ᠂ ᠠ᠋ᠷᠦᠭᠡ ᠪᠤᠯᠭ᠋ᠠᠨ ᠭᠡᠷᠡᠯᠲᠦ ᠳ᠋ᠧᠩᠯᠦ ᠦᠩᠭᠡᠲᠦ ᠴᠠᠴᠤᠭ ᠵᠢᠡᠷ ᠴᠢᠮᠡᠭᠯᠡᠨ᠂ ᠬᠥᠮᠥᠰ᠎ᠤᠨ ᠴᠢᠷᠠᠢ᠎ᠳᠤ ᠪᠠᠶᠠᠷ᠎ᠤᠨ ᠮᠦᠰᠢᠶᠡᠳᠦ ᠳᠦᠭᠦᠷᠡᠩ᠃ ᠲᠡᠷᠡ ᠴᠠᠭ ᠦᠶ᠎ᠡ᠎ᠳᠤ ᠪᠠᠷᠤᠭ ᠯᠡ ᠰᠢᠨᠡᠯᠡᠬᠦ᠎ᠪᠠᠷ ᠰᠠᠶᠢ ᠤᠯᠠᠨ᠎ᠤ ᠴᠢᠷᠠᠢ᠎ᠳᠤ ᠢᠨᠢᠶᠡᠳᠦ ᠲᠤᠳᠤᠷᠠᠬᠤ ᠵᠢ ᠤᠯᠵᠤ ᠬᠠᠷᠠᠳᠠᠭ ᠪᠠᠢ᠍ᠢ᠍ᠬᠤ ᠡ᠂ ᠪᠢᠲᠡᠭᠦᠨ᠎ᠤ ᠦᠷᠯᠦᠭᠡ ᠠ᠋ᠷᠳᠡ᠂ ᠫᠤᠤᠵᠢᠩ᠎ᠤᠨ ᠲᠠᠭᠤᠨ ᠵᠢᠡᠷ ᠪᠢ ᠵᠡᠭᠦᠳᠦ ᠨᠤᠢ᠍ᠢ᠍ᠷᠠᠴᠠᠪᠠᠨ ᠰᠤᠴᠢᠨ ᠰᠡᠷᠡᠳᠡᠭ᠃ ᠠᠪᠤ ᠴᠤ᠌ ᠠ᠋ᠷᠲᠡᠯᠡᠨ ᠪᠢᠳᠡᠨ᠎ᠤ ᠴᠢᠬᠢᠨ᠎ᠳᠤ᠄ 《 ᠠ᠋ᠷᠳᠡ ᠪᠤᠰᠤᠭ᠋ᠠᠷᠠᠢ᠂ ᠰᠢᠨᠡᠯᠡᠨ᠎ᠡ ᠰᠢᠦ᠂ ᠠ᠋ᠷᠳᠡ ᠰᠢᠭ ᠫᠤᠤᠵᠢᠩ ᠵᠢᠡᠨ ᠲᠠᠯᠪᠢᠶ᠎ᠠ》 ᠭᠡᠵᠦ ᠬᠡᠯᠡᠳᠡᠭ ᠪᠢᠯᠡ᠂ ᠲᠡᠭᠡᠬᠦᠯᠡᠷ ᠪᠢᠳᠡ ᠰᠠᠨᠳᠤᠷᠤᠨ ᠪᠤᠰᠴᠠᠭ᠋ᠠᠨ ᠰᠢᠨ᠎ᠡ ᠬᠤᠪᠴᠠᠰᠤ ᠭᠤᠳᠤᠯ ᠵᠶ᠋ᠠᠨ ᠠ᠋ᠮᠦᠰᠦᠭᠡᠳ᠂ ᠭᠠᠳᠠᠭ᠎ᠠ ᠬᠦᠶᠦᠨ ᠭᠠᠷᠴᠤ ᠫᠤᠤᠵᠢᠩ ᠲᠠᠯᠪᠢᠳᠠᠭ᠃ ᠲᠡᠭᠡᠭᠡᠳ ᠬᠤᠭᠤᠯᠠᠨ ᠰᠢᠷᠡᠭᠡᠨ᠎ᠳᠤ᠎ᠪᠠᠨ ᠰᠠᠭᠤᠵᠠᠭ᠋ᠠᠨ ᠠᠮᠲᠠᠳᠦ ᠪᠠᠩᠰᠢ᠎ᠪᠠᠨ ᠵᠤᠭᠤᠭᠯᠠᠳᠠᠭ ᠃
ᠮᠠᠨ᠎ᠤ ᠤᠮᠠᠷᠠᠲᠤ ᠣᠷᠣᠨ᠎ᠤ ᠰᠢᠨᠡᠯᠡᠬᠦ ᠦᠶ᠎ᠡ ᠵᠢᠨ ᠬᠠᠮᠤᠭ᠎ᠠᠴᠠ ᠬᠦᠷ ᠨᠠᠷᠬᠢᠶᠠᠨᠲᠠᠢᠨᠢ ᠪᠢᠲᠡᠭᠦᠨ᠎ᠤ ᠰᠥᠨᠢ ᠪᠣᠯᠤᠨ᠎ᠠ᠂ ᠬᠠᠮᠤᠭ᠎ᠤᠨ ᠴᠢᠬᠤᠯᠠ ᠠᠵᠢᠯᠯᠠᠭ᠎ᠠ ᠪᠤᠯ ᠰᠠᠬᠢᠭᠤᠯᠰᠤᠨ ᠵᠠᠯᠠᠬᠤ ᠠᠵᠢᠯᠯᠠᠭ᠎ᠠ ᠪᠤᠯᠤᠨ᠎ᠠ᠂ ᠶᠡᠷᠦ᠎ᠳᠤ᠎ᠪᠠᠨ ᠪᠦᠷ ᠬᠤᠯᠤᠭ᠋ᠠᠨ᠎ᠠ ᠴᠠᠭ᠂ ᠳᠠᠷᠤᠢ ᠤᠷᠤᠢ ᠵᠢᠨ ᠠᠷᠪᠠᠨ ᠨᠢᠭᠡᠨ ᠴᠠᠭ᠎ᠠᠴᠠ ᠴᠠᠭ᠎ᠠᠴᠠ ᠰᠦᠨᠢ ᠵᠢᠨ ᠨᠢᠭᠡ ᠴᠠᠭ᠎ᠤᠨ ᠬᠤᠭᠤᠷᠤᠨᠳᠤ ᠪᠣᠯᠤᠨ᠎ᠠ᠃ ᠳᠣᠮᠣᠭ ᠶᠠᠷᠢᠶᠠᠨ᠋ᠳᠤ ᠲᠡᠷᠡ ᠦᠶ᠎ᠡ᠎ᠳᠤ ᠬᠤᠷᠮᠤᠰᠲᠠ ᠲᠡᠭᠷᠢ ᠠ᠋ᠮᠦᠨ᠎ᠡ ᠶᠡᠬᠡ ᠬᠠᠭ᠋ᠠᠯᠭ᠎ᠠ᠎ᠪᠠᠨ ᠨᠡᠬᠡᠭᠡᠨ᠂ ᠬᠤᠷᠮᠤᠰᠲᠠ ᠵᠢᠨ ᠪᠤᠷᠬᠠᠨ ᠰᠠᠬᠢᠭᠤᠯᠰᠤᠨ ᠪᠦᠷ ᠳᠤᠤᠷᠠᠲᠤ ᠶᠢᠷᠲᠢᠨᠴᠦ᠎ᠲᠤ ᠪᠠᠭᠤᠵᠤ ᠢᠷᠡᠳᠡᠭ ᠪᠤᠯᠬᠤᠷ ᠰᠠᠬᠢᠭᠤᠯᠰᠤᠨ ᠰᠢᠲᠦᠭᠡᠨ ᠲᠠᠬᠢᠳᠠᠭ ᠠᠢ᠍ᠢ᠍ᠯ᠎ᠤᠳ ᠪᠦᠷ ᠰᠠᠬᠢᠭᠤᠯᠰᠤᠨ 《 ᠵᠠᠯᠠᠬᠤ》᠎ᠪᠠᠷ ᠭᠠᠷᠳᠠᠭ ᠭᠡᠨ᠎ᠡ᠃ ᠵᠠᠷᠢᠮ ᠬᠥᠮᠦᠨ᠎ᠤ ᠬᠡᠯᠡᠬᠦ᠎ᠪᠠᠷ ᠬᠡᠢ᠍ᠢ᠍ᠮᠦᠷᠢᠨᠢ ᠮᠠᠨᠳᠤᠭᠰᠡᠨ ᠬᠥᠮᠦᠨ ᠬᠤᠷᠮᠤᠰᠲᠠ ᠲᠡᠭᠷᠢ ᠵᠢᠨ ᠬᠠᠭ᠋ᠠᠯᠭ᠎ᠠ ᠨᠡᠭᠡᠭᠡᠭᠳᠡᠬᠦ ᠵᠢ ᠣᠯᠵᠤ ᠬᠠᠷᠠᠳᠠᠭ ᠭᠡᠨ᠎ᠡ᠃ ᠲᠡᠢ᠍ᠢ᠍ᠮᠦ ᠬᠥᠮᠦᠨ ᠬᠣᠵᠢᠮ ᠯᠠᠪᠲᠠᠶ᠎ᠠ ᠪᠠᠶᠠᠨ ᠠ᠋ᠷᠬᠢᠮᠢ ᠤᠯᠵᠤ ᠠ᠋ᠳ᠋ᠯᠡᠨᠡ ᠭᠡᠳᠡᠭ᠂ ᠵᠥᠪᠬᠡᠨ ᠬᠡᠨ ᠨᠢᠭᠡᠨ ᠴᠤ᠌ ᠭᠡᠷᠡᠴᠢᠯᠡᠵᠦ ᠴᠢᠳᠠᠬᠤ ᠦᠭᠡᠢ᠎ᠠᠴᠠ ᠪᠢᠰᠢ᠃
ᠠ᠋ᠳᠦᠷ ᠪᠠᠶᠠᠷ ᠬᠦᠷᠤᠨ ᠳᠤᠮᠳᠠ ᠲᠦᠳᠡᠯ ᠦᠭᠡᠢ ᠦᠩᠭᠡᠷᠡᠯ᠎ᠡ᠃ ᠰᠥᠨᠢ ᠵᠢᠨ ᠬᠦᠨ ᠠᠭ᠋ᠠᠵᠢᠮ ᠵᠶ᠋ᠠᠷ ᠣᠢ᠌ᠷᠠᠳᠴᠤ᠂ ᠠᠢ᠍ᠢ᠍ᠯ ᠠ᠋ᠷᠦᠬᠡ ᠵᠢᠨ ᠳ᠋ᠧᠩ᠎ᠤᠳ ᠰᠦᠨᠢ ᠵᠢᠨ ᠭᠦᠨᠳᠤ ᠬᠦᠪᠦᠯᠵᠡᠨ᠂ ᠴᠠᠭ᠋ᠠᠨ ᠴᠠᠰᠤ ᠭᠢᠯᠳᠠᠭ᠋ᠠᠨᠠᠨ᠂ ᠬᠥᠳᠡᠭᠡ ᠲᠣᠰᠬᠣᠨ᠎ᠤ ᠬᠠᠮᠤᠭ᠎ᠤᠨ ᠭᠣᠶᠣ ᠰᠥᠨᠢ ᠵᠢ ᠵᠢᠷᠤᠭᠯᠠᠯ᠎ᠠ᠃ ᠪᠢᠲᠡᠭᠦᠨ᠎ᠤ ᠰᠥᠨᠢ ᠥᠯᠵᠡᠢ ᠪᠡᠯᠭᠡ᠂ ᠤᠴᠢᠷ ᠨᠠᠴᠢᠷ ᠵᠶ᠋ᠡᠷ ᠲᠦᠭᠦᠷᠡᠩ ᠪᠠᠢ᠍ᠢ᠍ᠵᠤ᠂ ᠬᠥᠮᠦᠰ ᠠ᠋ᠨᠳᠡ᠎ᠠᠴᠠ ᠰᠠᠢ᠍ᠢ᠍ᠨ ᠰᠠᠢ᠍ᠢ᠍ᠬᠠᠨ ᠢᠷᠡᠭᠡᠳᠦᠢ᠎ᠪᠠᠨ ᠣᠯᠵᠤ ᠬᠠᠷᠠᠬᠤ ᠰᠢᠭ᠋᠃
《ᠰᠠᠬᠢᠭᠤᠯᠰᠤᠨ ᠵᠠᠯᠠᠬᠤ》᠎ᠠᠴᠠ᠎ᠪᠠᠨ ᠠ᠋ᠮᠦᠨ᠎ᠡ ᠠᠪᠤ ᠫᠤᠤᠵᠢᠩ ᠵᠢᠡᠨ ᠤᠷᠳᠤ ᠮᠤᠳᠤᠨ᠎ᠤ ᠠ᠋ᠰᠢ᠎ᠠᠴᠠ ᠤᠶᠠᠵᠤ ᠬᠡᠷᠡᠮ᠎ᠤᠨ ᠪᠤᠯᠤᠩ᠎ᠳᠤ ᠪᠤᠰᠬᠠᠨ ᠂ ᠳᠠᠯᠪᠢᠬᠤ᠎ᠳᠤ ᠪᠡᠯᠡᠬᠡᠨ ᠪᠤᠯᠭ᠋ᠠᠳᠠᠭ᠃ ᠠᠷᠪᠠᠨ ᠴᠠᠭ᠎ᠤᠨ ᠪᠠᠷᠤᠭ ᠵᠢᠡᠷ ᠤᠢ᠍ᠢ᠍ᠷ᠎ᠠ ᠤᠷᠴᠢᠮ᠎ᠤᠨ ᠠᠢ᠍ᠢ᠍ᠯ ᠤᠳ 《ᠰᠠᠬᠢᠭᠤᠯᠰᠤᠨ ᠵᠠᠯᠠᠵᠤ》 ᠠ᠋ᠬᠢᠯᠡᠳᠡᠭ᠂ ᠫᠤᠤᠵᠢᠩ᠎ᠤᠨ ᠳᠠᠭᠤᠨ ᠵᠤᠭᠰᠤᠯ ᠦᠭᠡᠢ ᠫᠠᠴᠢᠭᠢᠨᠠᠵᠤ᠂ ᠫᠤᠤᠵᠢᠩ᠎ᠤᠨ ᠭᠡᠷᠡᠯ ᠲᠡᠭᠷᠢ ᠵᠢᠨ ᠬᠠᠶᠠᠭ᠎ᠠ ᠵᠢ ᠬᠦᠷᠲᠡᠯ᠎ᠡ ᠭᠡᠷᠡᠯᠳᠦᠭᠦᠯᠳᠡᠭ᠃ ᠠᠷᠪᠠᠨ ᠨᠢᠭᠡᠨ ᠴᠠᠭ ᠬᠠᠭ᠋ᠠᠰ ᠪᠣᠯᠬᠤ᠎ᠳᠤ᠂ ᠠᠪᠤ ᠪᠢᠳᠡᠨ᠎ᠢ ᠳᠠᠭᠤᠳᠠᠨ ᠭᠠᠷᠭ᠋ᠠᠵᠤ᠂ ᠮᠠᠨᠤᠰ ᠠ᠋ᠬᠢᠯᠡᠨ ᠶᠠᠭ᠋ᠠᠷᠠᠯᠳᠤᠳᠠᠭ᠂ ᠵᠠᠷᠢᠮ᠎ᠨᠢ ᠫᠤᠤᠵᠢᠩ ᠵᠢᠡᠨ ᠲᠠᠯᠪᠢᠵᠤ᠂ ᠵᠠᠷᠢᠮ᠎ᠨᠢ ᠲᠦᠳᠡᠭ ᠵᠢᠡᠨ ᠠᠰᠠᠭ᠋ᠠᠨ᠂ ᠡᠵᠢ ᠭᠡᠷ᠎ᠲᠤ᠎ᠪᠠᠨ ᠬᠤᠭᠤᠯᠠ ᠬᠢᠵᠦ ᠮᠣᠩᠭᠢᠨᠠᠳᠠᠭ᠃ ᠲᠦᠳᠡᠭ ᠭᠠᠯ ᠠᠰᠠᠭᠰᠠᠭ᠋ᠠᠷ ᠫᠤᠤᠵᠢᠩ᠎ᠤᠨ ᠳᠠᠭᠤᠨ ᠴᠤ᠌ ᠠ᠋ᠬᠢᠯᠡᠨ ᠨᠢᠵᠢᠭᠢᠨᠡᠵᠦ᠂ ᠫᠤᠤᠵᠢᠩ᠎ᠤᠨ ᠭᠡᠷᠡᠯᠳᠤ ᠤᠯᠠᠢ᠍ᠢ᠍ᠭᠰᠠᠨ ᠢᠨᠢᠶᠡᠮᠰᠦᠭᠯᠡᠭᠰᠡᠨ ᠴᠢᠷᠠᠢ ᠬᠠᠷᠠᠭᠳᠠᠨ᠂ ᠪᠢᠳᠡ ᠲᠦᠳᠡᠭ ᠭᠠᠯ᠎ᠢ ᠲᠤᠭᠤᠷᠢᠨ ᠪᠦᠵᠢᠭᠯᠡᠨ ᠬᠠᠰᠬᠢᠷᠤᠨ ᠬᠦᠶᠦᠯᠳᠦᠵᠤ᠂ ᠲᠡᠷᠡ ᠨᠢᠭᠡᠨ ᠮᠦᠴᠡ᠎ᠳᠤ ᠪᠢ ᠦᠪᠡᠷ᠎ᠢ᠎ᠪᠠᠨ ᠠ᠋ᠨᠡ ᠳᠡᠯᠡᠬᠡᠢ ᠵᠢᠨ ᠬᠠᠮᠤᠭ᠎ᠠᠴᠠ ᠵᠢᠷᠭ᠋ᠠᠯ᠎ᠲᠠᠢ ᠬᠥᠮᠥᠨ ᠬᠡᠮᠡᠨ ᠦᠵᠡᠳᠡᠭ᠃
ᠭᠤᠴᠢᠨ᠎ᠤ ᠰᠦᠨᠢ ᠪᠢᠲᠡᠭᠦᠨ᠎ᠤ ᠬᠣᠭᠣᠯᠠ᠎ᠪᠠᠨ ᠢᠳᠡᠳᠡᠭ᠃ ᠪᠦᠬᠦ ᠭᠡᠷ ᠵᠶ᠋ᠡᠷ ᠵᠶ᠋ᠡᠨ ᠴᠤᠭᠯᠠᠷᠠᠨ ᠰᠠᠭᠤᠵᠤ᠂ ᠬᠤᠭᠤᠯᠠ᠎ᠪᠠᠨ ᠢᠳᠡᠵᠦ ᠵᠤᠭᠤᠭᠳᠠᠨ᠂ ᠬᠦᠷ ᠨᠠᠷᠭᠢᠶᠠᠨ᠎ᠲᠠᠢ ᠪᠠᠢ᠍ᠢ᠍ᠳᠠᠭ᠃ ᠠ᠋ᠨᠡ ᠠ᠋ᠳᠦᠷ᠎ᠤᠨ ᠪᠠᠩᠰᠢ ᠪᠦᠷ ᠮᠢᠬᠠᠨ ᠪᠠᠩᠰᠢ᠂ ᠳᠣᠲᠣᠷ᠎ᠠ᠎ᠨᠢ ᠪᠠᠰᠠ ᠨᠢᠭᠡ ᠲᠡᠮᠦᠷᠯᠢᠭ ᠵᠣᠭᠣᠰ ᠬᠢᠨ᠎ᠡ᠂ ᠬᠡᠨ ᠬᠡᠷᠪᠡ ᠣᠯᠵᠤ ᠢᠳᠡᠪᠡᠯ ᠨᠢᠭᠡ ᠵᠢᠯ ᠰᠠᠢ᠍ᠢ᠍ᠨ ᠬᠤᠪᠢ ᠢᠷᠦᠭᠡᠯ᠎ᠲᠠᠢ ᠪᠤᠯᠤᠨ᠎ᠠ ᠬᠡᠮᠡᠨ ᠪᠡᠯᠭᠡᠰᠢᠶᠡᠳᠡᠭ᠃ ᠪᠠᠭ᠎ᠠ ᠵᠢᠨ ᠦᠶ᠎ᠡ᠎ᠳᠤ᠂ ᠨᠢᠭᠡ ᠤᠳᠠᠭ᠎ᠠ ᠠᠬ᠎ᠠ ᠨᠠᠳᠠ᠎ᠳᠤ ᠪᠠᠩᠰᠢ ᠬᠢᠵᠦ ᠥᠭᠴᠡᠢ᠂ ᠪᠢ ᠢᠳᠡᠬᠦ ᠵᠢᠨ ᠳᠠᠭᠤ ᠨᠠᠭ᠋ᠠᠳᠴᠤ᠂ ᠣᠯᠠᠨ ᠵᠶ᠋ᠠᠷ ᠵᠶ᠋ᠠᠨ ᠪᠠᠰᠠ ᠶᠡᠬᠡ ᠯᠡ ᠪᠠᠶᠠᠷᠲᠠᠢ᠍ᠢ᠍ᠬᠠᠨ ᠵᠤᠭᠤᠭᠯᠠᠵᠤ ᠪᠠᠢ᠍ᠢ᠍ᠭᠰᠠᠨ᠂ ᠭᠡᠲᠡᠯ᠎ᠡ ᠫᠢᠯᠠ᠎ᠨᠢ ᠪᠦᠷ ᠳᠠᠭᠤᠰᠤᠭᠰᠠᠨ ᠴᠦ᠍ ᠲᠡᠮᠦᠷᠯᠢᠭ ᠵᠣᠭᠣᠰ ᠣᠯᠵᠤ ᠢᠳᠡᠭᠡ ᠦᠭᠡᠢ᠂ ᠬᠠᠮᠤᠭ ᠰᠡᠭᠦᠯ᠎ᠳᠤ ᠮᠢᠨᠦ ᠪᠥᠭᠰᠡᠨ ᠳᠣᠣᠷ᠎ᠠ᠎ᠠᠴᠠ ᠲᠡᠭᠦᠨ᠎ᠢ ᠨᠢ ᠤᠯᠵᠤ ᠠᠪᠤᠭᠰᠠᠨ ᠪᠢᠯᠡ᠃
ᠪᠢᠲᠡᠭᠦᠨ᠎ᠤ ᠰᠥᠨᠢ ᠵᠢᠨ ᠬᠣᠭᠣᠯᠠᠨ᠎ᠤ ᠳᠠᠷᠠᠭ᠎ᠠ᠂ 《ᠨᠠᠰᠤ ᠰᠠᠬᠢᠬᠤ》 ᠭᠡᠬᠦ ᠬᠡᠯᠡᠯᠭᠡ᠎ᠲᠠᠢ ᠪᠥᠭᠡᠳ 《ᠨᠢᠭᠡ ᠰᠦᠨᠢ ᠬᠤᠶᠠᠷ ᠨᠠᠰᠤ ᠵᠠᠯᠭ᠋ᠠᠵᠤ᠂ ᠲᠠᠪᠤᠨ ᠵᠢᠩ᠎ᠤᠨ ᠬᠤᠭᠤᠰ᠎ᠲᠤ ᠬᠤᠶᠠᠷ ᠵᠢᠯ ᠪᠤᠯᠵᠤ ᠪᠠᠢ᠍ᠢ᠍ᠨ᠎ᠠ》 ᠭᠡᠳᠡᠭ᠃ ᠬᠡᠷᠪᠡ ᠨᠢᠭᠡ ᠰᠦᠨᠢ ᠤᠨᠳᠠᠬᠤ ᠦᠭᠡᠢ ᠪᠤᠯ ᠢᠷᠡᠬᠦ ᠵᠢᠯ᠎ᠳᠤ᠎ᠪᠠᠨ ᠰᠡᠴᠡᠨ ᠰᠡᠷᠭᠦᠯᠡᠩ ᠪᠤᠯᠤᠨ᠎ᠠ ᠬᠡᠮᠡᠳᠡᠭ᠃ ᠮᠠᠨ᠎ᠤ ᠬᠡᠳᠦᠨ ᠪᠢᠴᠢᠬᠠᠨ ᠨᠠᠢ᠍ᠢ᠍ᠵᠠ ᠳ᠋ᠧᠩᠯᠦ ᠪᠠᠷᠢᠭ᠋ᠠᠳ ᠭᠠᠳᠠᠨ᠎ᠠ ᠭᠠᠷᠴᠤ ᠨᠠᠭ᠋ᠠᠳᠴᠤ ᠪᠤᠰᠤᠳ᠎ᠤᠨ ᠬᠦᠷᠢᠶᠡᠨ᠎ᠠᠴᠠ ᠭᠠᠵᠠᠷ ᠤᠨᠠᠭᠰᠠᠨ ᠫᠤᠤᠵᠢᠩ ᠲᠡᠭᠦᠵᠦ᠂ ᠵᠠᠷᠢᠮ᠎ᠢ᠎ᠨᠢ ᠪᠠᠰᠠ ᠲᠠᠯᠪᠢᠵᠤ ᠪᠣᠯᠤᠨ᠎ᠠ᠃ ᠬᠡᠯᠡᠯᠭᠡᠨ ᠦᠭᠡᠢ᠂ ᠨᠠᠭ᠋ᠠᠳᠤᠭ᠋ᠠᠳ ᠶᠠᠳᠠᠷᠠᠪᠠᠯ᠂ ᠠᠯᠢ ᠭᠡᠷ᠎ᠲᠤ ᠣᠴᠢᠭᠰᠠᠨ ᠴᠤ᠌ ᠪᠦᠷ ᠰᠠᠢ᠍ᠢ᠍ᠨ᠎ᠢ ᠢᠳᠡᠭᠦᠯᠦᠨ ᠰᠠᠢ᠍ᠢ᠍ᠨ᠎ᠢ ᠤᠤᠭᠤᠯᠭ᠋ᠠᠵᠤ ᠪᠢᠳᠡᠨ᠎ᠢ ᠵᠣᠴᠢᠯᠠᠨ᠎ᠠ᠃
ᠮᠠᠷᠲᠠᠭᠳᠠᠰᠢ ᠦᠭᠡᠢ ᠪᠢᠲᠡᠭᠦᠨ᠎ᠤ ᠰᠥᠨᠢ ᠦᠷᠭᠦᠯᠵᠢ ᠲᠣᠩ ᠲᠦᠷᠭᠡᠨ ᠥᠩᠭᠡᠷᠡᠨ᠎ᠡ᠃ ᠦᠦᠷ ᠭᠡᠭᠡᠷᠡᠮᠡᠭᠴᠠ ᠲᠣᠰᠬᠣᠨ᠎ᠤ ᠵᠠᠬ᠎ᠠ᠎ᠳᠤ ᠬᠠᠷᠠᠩᠭ᠎ᠠ ᠬᠡᠩᠭᠡᠷᠭᠡ ᠨᠢᠵᠢᠭᠢᠨᠡᠵᠦ᠂ ᠶᠡᠬᠡ ᠶᠠᠩᠭ᠋ᠠᠷᠤᠨ ᠳᠠᠭᠤᠨ ᠵᠶ᠋ᠡᠷ ᠰᠢᠨ᠎ᠡ ᠵᠢᠯ᠎ᠤᠨ ᠵᠤᠯᠭ᠋ᠠᠯᠲᠠ ᠠ᠋ᠬᠢᠯᠡᠯ᠎ᠡ᠃ ᠬᠥᠮᠦᠰ ᠠᠢ᠍ᠢ᠍ᠯ ᠲᠤᠭᠤᠷᠢᠨ ᠴᠠᠭ᠋ᠠᠨ ᠰᠠᠷ᠎ᠠ ᠵᠢᠨ ᠵᠤᠯᠭ᠋ᠠᠯᠲᠠ ᠬᠢᠵᠤ᠂ ᠪᠦᠬᠦ ᠲᠣᠰᠬᠣᠨ ᠵᠶ᠋ᠠᠷ ᠵᠶ᠋ᠠᠨ ᠰᠢᠨ᠎ᠡ ᠵᠢᠯ᠎ᠤᠨ ᠠᠭᠤᠷ ᠠᠮᠢᠰᠬᠤᠯ ᠵᠶ᠋ᠠᠷ ᠦᠳᠭᠡᠨ᠃
ᠣᠯᠠᠨ ᠵᠢᠯ᠎ᠤᠨ ᠳᠠᠷᠠᠭ᠎ᠠ ᠥᠩᠭᠡᠷᠡᠭᠰᠡᠨ᠎ᠤ ᠵᠠᠷᠢᠮ ᠶᠠᠪᠤᠳᠠᠯ᠎ᠤᠳ ᠮᠠᠷᠲᠠᠭᠳᠠᠭᠰᠠᠨ ᠴᠤ᠌ ᠪᠠᠭ᠎ᠠ ᠵᠢᠨ ᠦᠶ᠎ᠡ ᠵᠢᠨ ᠰᠢᠨᠡᠯᠡᠬᠦ ᠬᠣᠷᠤᠮ᠎ᠤᠳ ᠰᠡᠳᠬᠢᠯ᠎ᠳᠤ ᠠ᠋ᠭᠦᠷᠢᠳᠡ ᠬᠠᠳᠠᠩᠰᠢᠵᠠᠢ᠃
ᠣᠷᠴᠢᠭᠤᠯᠤᠭᠴᠢ ᠵᠢᠨ ᠬᠠᠶᠢᠭ᠄《ᠳᠡᠯᠡᠬᠡᠢ ᠵᠢᠨ ᠤᠳᠬ᠎ᠠ ᠵᠣᠬᠢᠶᠠᠯ》 ᠰᠡᠳᠭᠦᠯ᠎ᠤᠨ ᠨᠠᠢ᠌ᠷᠠᠭᠤᠯᠬᠤ ᠬᠡᠯᠲᠡᠰ