ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠲᠤᠭ᠎ᠠ ᠪᠠᠷᠢᠮᠲᠠ᠎ᠶᠢᠨ ᠨᠡᠶ᠋ᠢᠲᠡᠯᠡᠯ
ᠨᠢᠩᠵᠢᠨ ᠰᠡᠳᠬᠢᠯ᠎ᠤᠨ ᠲᠡᠮᠡᠦᠯᠦᠯ — ᠵᠤᠬᠢᠶᠠᠯᠴᠢ ᠪᠦᠷᠢᠨᠪᠠᠶᠠᠷ᠎ᠤᠨ ᠤᠷᠠᠨ ᠵᠤᠬᠢᠶᠠᠯ ᠵᠤᠬᠢᠶᠠᠨ ᠪᠦᠳᠦᠭᠡᠭᠰᠡᠨ ᠲᠠᠪᠢᠨ ᠵᠢᠯ᠎ᠤᠨ ᠤᠢ᠎ᠳᠤ ᠵᠤᠷᠢᠭᠤᠯᠪᠠ
ᠨᠡᠶᠢᠲᠡᠯᠡᠭᠰᠡᠨ ᠴᠠᠭ᠄ 2023-05-25

ᠨᠢᠩᠵᠢᠨ ᠰᠡᠳᠬᠢᠯ᠎ᠤᠨ ᠲᠡᠮᠡᠦᠯᠦᠯ
           —  ᠵᠤᠬᠢᠶᠠᠯᠴᠢ ᠪᠦᠷᠢᠨᠪᠠᠶᠠᠷ᠎ᠤᠨ ᠤᠷᠠᠨ ᠵᠤᠬᠢᠶᠠᠯ ᠵᠤᠬᠢᠶᠠᠨ ᠪᠦᠳᠦᠭᠡᠭᠰᠡᠨ ᠲᠠᠪᠢᠨ ᠵᠢᠯ᠎ᠤᠨ ᠤᠢ᠎ᠳᠤ ᠵᠤᠷᠢᠭᠤᠯᠪᠠ
                                                 ᠨᠠ᠊ · ᠬᠦᠬᠡᠰᠢᠭᠤᠢ ᠵᠤᠬᠢᠶᠠᠪᠠ

                               ᠨᠢᠭᠡ
    2022 ᠤᠨ ᠪᠤᠯ ᠨᠤᠳᠤᠭ᠎ᠤᠨ ᠠᠬ᠎ᠠ᠂ ᠵᠤᠬᠢᠶᠠᠯᠴᠢ ᠪᠦᠷᠢᠨᠪᠠᠶᠠᠷ᠎ᠤᠨ ᠤᠷᠠᠨ ᠵᠤᠬᠢᠶᠠᠯ ᠲᠤᠭᠤᠷᠪᠢᠭᠰᠠᠨ ᠲᠠᠪᠢᠨ ᠵᠢᠯ᠎ᠤᠨ ᠤᠢ ᠪᠤᠯᠤᠨ᠎ᠠ᠃ ᠨᠤᠳᠤᠭ᠎ᠤᠨ ᠠᠬ᠎ᠠ ᠴᠦ᠍ ᠲᠡᠷᠡ᠂ ᠨᠠᠢ᠌ᠷᠠᠭ᠎ᠤᠨ ᠪᠠᠭᠰᠢ ᠴᠦ᠍ ᠲᠡᠷᠡ᠂ ᠤᠯᠤᠰ ᠤᠷᠤᠨ᠎ᠳᠤ ᠠᠯᠲᠠᠷ᠎ᠲᠠᠢ ᠵᠤᠬᠢᠶᠠᠯᠴᠢ ᠵᠢᠨ ᠵᠤᠬᠢᠶᠠᠨ ᠪᠦᠲᠦᠭᠡᠯᠭᠡ ᠵᠢᠨ ᠲᠠᠪᠢᠨ ᠵᠢᠯ᠎ᠤᠨ ᠤᠢ ᠵᠢ ᠲᠤᠬᠢᠶᠠᠯᠳᠤᠭᠤᠯᠤᠨ ᠪᠢ ᠨᠢᠭᠡ ᠶᠠᠭᠤᠮ᠎ᠠ ᠪᠢᠴᠢᠮᠡᠷ  ᠪᠠᠢ᠌ᠨ᠎ᠠ᠃  ᠨᠡᠢ᠌ᠲᠡ ᠤᠩᠰᠢᠭᠴᠢ᠎ᠳᠤ ᠮᠡᠳᠡᠷᠡᠭᠳᠡᠭᠰᠡᠨ ᠪᠦᠷᠢᠨᠪᠠᠶᠠᠷ ᠪᠠᠭᠰᠢ ᠵᠢᠨ ᠤᠷᠠᠨ ᠵᠤᠬᠢᠶᠠᠯ᠎ᠤᠨ ᠵᠠᠮ ᠪᠤᠯ ᠬᠠᠢ᠌ᠷ᠎ᠠ ᠬᠠᠷᠢᠭᠤᠴᠠᠯᠭ᠎ᠠ᠎ᠲᠠᠢ ᠵᠤᠬᠢᠶᠠᠯᠴᠢ ᠵᠢᠨ ᠨᠢᠩᠵᠢᠨ ᠰᠡᠳᠬᠢᠯ᠎ᠤᠨ ᠲᠡᠮᠡᠦᠯᠦᠯ ᠬᠡᠯᠲᠡᠢ!
                            
                              ᠬᠤᠶᠠᠷ
            
    ᠪᠦᠷᠢᠨᠪᠠᠶᠠᠷ ᠪᠠᠭᠰᠢ 1972 ᠤᠨ᠎ᠳᠤ 《ᠲᠡᠦᠬᠡ ᠵᠢ ᠪᠦᠳᠦᠭᠡᠭᠴᠢ ᠬᠦᠲᠡᠯᠮᠦᠷᠢᠴᠢᠨ》 ᠬᠡᠰᠡᠨ ᠤᠤᠭ᠋ᠠᠨ ᠪᠦᠳᠦᠭᠡᠯ ᠵᠶ᠋ᠠᠨ 《ᠵᠢᠷᠢᠮ᠎ᠤᠨ ᠰᠤᠨᠢᠨ》᠎ᠤ 《ᠠᠭᠤᠯᠠᠨ ᠴᠡᠴᠡᠭ ᠪᠠᠲᠠᠷᠠᠨ ᠲᠡᠯᠭᠡᠷᠡᠨᠡᠮ》 ᠭᠡᠰᠡᠨ ᠤᠷᠠᠨ ᠵᠤᠬᠢᠶᠠᠯ᠎ᠤᠨ ᠲᠤᠰᠬᠠᠢ ᠪᠤᠯᠤᠩ᠎ᠳᠤ ᠨᠡᠢ᠌ᠲᠡᠯᠡᠭᠰᠡᠨ᠎ᠠᠴᠠ ᠤᠳᠤ ᠪᠤᠯᠲᠠᠯ᠎ᠠ ᠲᠠᠪᠢᠨ ᠵᠢᠯ᠎ᠤᠨ ᠤᠢ ᠵᠢ ᠤᠭᠳᠤᠵᠤ ᠪᠠᠢ᠌ᠨ᠎ᠠ᠃ ᠲᠠᠪᠢᠨ ᠵᠢᠯ ᠬᠡᠳᠡᠭ ᠬᠠᠭ᠋ᠠᠰ ᠵᠠᠭᠤᠨ᠃ ᠲᠡᠦᠬᠡ ᠵᠢᠨ ᠤᠷᠤᠰᠬᠠᠯ᠎ᠳᠤ ᠬᠤᠷᠤᠮ ᠵᠠᠭᠤᠷ᠎ᠠ ᠵᠢᠨ  ᠮᠦᠴᠡ ᠪᠤᠯᠪᠠᠴᠤ ᠬᠦᠮᠦᠨ᠎ᠤ ᠠᠮᠢᠳᠤᠷᠠᠯ᠎ᠤᠨ ᠬᠤᠪᠢ᠎ᠳᠤ ᠤᠷᠳᠤᠬᠠᠨ  ᠬᠦᠪᠦᠷᠡᠭᠰᠡᠨ ᠤᠨ ᠵᠢᠯ᠎ᠤᠳ ᠰᠠᠨ᠃ ᠨᠢᠭᠡ ᠦᠢ᠍ᠯᠡᠰ᠎ᠤᠨ ᠲᠦᠯᠦᠭᠡ ᠨᠢᠭᠡ ᠯᠡ ᠰᠡᠳᠬᠢᠯ ᠵᠶ᠋ᠠᠷ ᠲᠠᠪᠢᠨ ᠵᠢᠯ ᠭᠤᠶᠠᠴᠢ ᠦᠭᠡᠢ ᠵᠢᠳᠬᠦᠨ᠎ᠡ ᠭᠡᠳᠡᠭ ᠨᠡᠭᠡᠷᠡᠨ ᠵᠤᠬᠢᠶᠠᠯᠴᠢ ᠲ᠊ · ᠭᠤᠮᠪᠤᠵᠠᠪ ᠠᠬ᠎ᠠ ᠵᠢᠨ ᠬᠡᠯᠡᠭᠰᠡᠨ ᠰᠢᠭ 《ᠰᠠᠷᠠᠪᠴᠢᠨ᠎ᠤ ᠤᠰᠤ ᠶᠡᠨᠲᠡᠷ᠎ᠤᠨ ᠴᠢᠯᠠᠭᠤ ᠵᠢ ᠴᠤᠭᠤᠯᠬᠤ ᠤᠴᠢᠷ》᠂ ᠶᠠᠰᠤ ᠬᠠᠳᠠᠭᠤ ᠪᠠᠷᠢᠮᠲᠠᠯᠠᠯ᠂ ᠶᠤᠰᠤ ᠬᠠᠳᠠᠭᠤ ᠴᠢᠷᠮᠠᠢ᠌ᠯᠭ᠎ᠠ ᠠᠵᠤᠭᠤ᠃  ᠶᠠᠮᠠᠷ ᠶᠡᠬᠡ ᠬᠠᠢ᠌ᠷ᠎ᠠ ᠲᠠᠪᠢᠨ ᠵᠢᠯ ᠵᠶ᠋ᠠᠷ ᠰᠡᠳᠬᠢᠯ ᠬᠤᠪᠢᠷᠠᠬᠤ ᠦᠭᠡᠢ ᠲᠠᠪᠠᠯᠭ᠋ᠠᠯᠠᠵᠤ᠂ ᠶᠠᠮᠠᠷ ᠶᠡᠬᠡ ᠬᠠᠷᠢᠭᠤᠴᠠᠯᠭ᠎ᠠ ᠲᠠᠪᠢᠨ ᠵᠢᠯ ᠵᠶ᠋ᠠᠷ ᠪᠢᠷ ᠬᠠᠶᠠᠬᠤ ᠦᠭᠡᠢ  ᠵᠢᠳᠬᠦᠯᠡᠭᠰᠡᠨ᠎ᠢ ᠪᠤᠳᠤᠬᠤᠶ᠎ᠠ ᠨᠠᠳᠠ᠎ᠳᠤ ᠪᠢᠰᠢᠷᠡᠯ ᠬᠦᠨᠳᠦᠳᠭᠡᠯ ᠲᠦᠷᠦᠭᠲᠡᠨ᠎ᠡ᠃ ᠡᠬᠡ ᠤᠷᠤᠨ ᠠᠷᠠᠳ ᠲᠦᠮᠡᠨ᠎ᠳᠤ᠎ᠪᠠᠨ ᠡᠩ ᠦᠭᠡᠢ ᠶᠡᠬᠡ ᠬᠠᠢ᠌ᠷ᠎ᠠ᠎ᠲᠠᠢ ᠪᠤᠯᠬᠤᠷ᠂ ᠤᠯᠤᠰ ᠦᠨᠳᠤᠰᠦᠲᠡᠨ᠎ᠤ ᠦᠪ ᠰᠤᠶᠤᠯ᠎ᠳᠤ᠎ᠪᠠᠨ ᠦᠵᠦᠭᠦᠷ ᠦᠭᠡᠢ ᠦᠷᠢ᠎ᠲᠠᠢ ᠪᠤᠯᠬᠤᠷ᠂ ᠤᠷᠤᠰᠢᠨ ᠠᠮᠢᠳᠤᠷᠠᠵᠤ ᠪᠠᠢ᠌ᠭ᠎ᠠ ᠡᠨᠡ ᠰᠠᠢ᠌ᠬᠠᠨ ᠵᠢᠷᠭ᠋ᠠᠯᠳᠤ ᠨᠡᠢ᠌ᠭᠡᠮ᠎ᠳᠤ᠎ᠪᠠᠨ ᠬᠢᠵᠠᠭ᠋ᠠᠯᠠᠰᠢ ᠦᠭᠡᠢ ᠪᠠᠶᠠᠰᠤᠯ᠎ᠲᠠᠢ ᠪᠤᠯᠬᠤᠷ ᠯᠡ ᠡᠪᠤᠭᠡᠨ ᠠᠬ᠎ᠠ ᠮᠢᠨᠢ ᠦᠢ᠍ᠯᠡ᠎ᠲᠠᠢ ᠮᠦᠷᠲᠡᠭᠡᠨ ᠵᠢᠷᠭ᠋ᠠᠯ᠎ᠲᠠᠢ᠂ ᠬᠠᠯᠠ᠎ᠲᠠᠢ ᠮᠦᠷᠲᠡᠭᠡᠨ ᠠᠵᠠ᠎ᠲᠠᠢ ᠤᠷᠠᠨ ᠵᠤᠬᠢᠶᠠᠯ᠎ᠤᠨ ᠪᠠᠷᠲᠠᠭ᠋ᠠᠳᠤ ᠵᠦᠷᠢᠭ ᠵᠶ᠋ᠠᠷ ᠲᠤᠶᠠᠭ᠋ᠠᠳᠤ ᠤᠷᠬᠢᠯ ᠵᠦᠭ᠎ᠲᠤ᠎ᠨᠢ ᠬᠠᠭ᠋ᠠᠰ ᠵᠠᠭᠤᠨ ᠵᠶ᠋ᠠᠷ  ᠲᠡᠮᠡᠦᠯᠦᠭᠰᠡᠭᠡᠷ ᠢᠷᠡᠭᠰᠡᠨ ᠠᠵᠢ᠃

                      ᠭᠤᠷᠪᠠ

      ᠪᠦᠷᠢᠨᠪᠠᠶᠠᠷ ᠪᠠᠭᠰᠢ ᠡᠬᠢᠯᠡᠭᠡᠳ ᠰᠢᠯᠦᠭ  ᠨᠠᠢ᠌ᠷᠠᠭᠤᠯᠤᠯ ᠪᠢᠴᠢᠵᠤ ᠪᠠᠢ᠌ᠭᠰᠠᠨ ᠵᠶ᠋ᠡᠨ ᠤᠳᠠᠬᠰᠠᠨ ᠦᠬᠡᠢ ᠮᠡᠳᠡᠭᠡᠯᠡᠯ᠎ᠤᠨ ᠤᠷᠠᠨ ᠵᠤᠬᠢᠶᠠᠯ  ᠪᠢᠴᠢᠬᠦ ᠪᠤᠯᠵᠤ᠂ ᠤᠯᠠᠨ ᠰᠢᠯᠢᠲᠡᠭ ᠪᠦᠲᠦᠬᠡᠯ  ᠲᠤᠭᠤᠷᠪᠢᠵᠠᠢ᠃ ᠵᠤᠬᠢᠬᠤ ᠤᠳᠬ᠎ᠠ᠎ᠠᠴᠠ ᠬᠡᠯᠡᠪᠡᠯ ᠪᠦᠷᠢᠨᠪᠠᠶᠠᠷ ᠪᠠᠭᠰᠢ ᠦᠪᠦᠷ ᠮᠤᠩᠭᠤᠯ᠎ᠤᠨ ᠮᠤᠩᠭᠤᠯ ᠮᠡᠳᠡᠬᠡᠯᠡᠯ᠎ᠤᠨ ᠤᠷᠠᠨ ᠵᠤᠬᠢᠶᠠᠯ᠎ᠤᠨ ᠡᠷᠦᠬᠡ ᠵᠢ ᠰᠡᠭᠦᠭᠰᠡᠨ ᠬᠦᠮᠦᠨ᠎ᠤ ᠨᠢᠭᠡ ᠮᠦᠷᠳᠡᠬᠡᠨ ᠲᠤᠯᠭ᠎ᠠ ᠵᠢᠨ ᠭᠠᠯ᠎ᠢ ᠪᠠᠳᠠᠷᠠᠭ᠋ᠠᠵᠤ ᠠᠮᠵᠢᠯᠲᠠ ᠵᠢᠨ ᠦᠨᠳᠦᠷ᠎ᠲᠤ ᠬᠦᠷᠦᠭᠰᠡᠨ ᠬᠦᠮᠦᠨ ᠪᠢᠯᠠ᠃ ᠡᠬᠡ ᠤᠯᠤᠰ᠎ᠤᠨ ᠵᠶ᠋ᠠᠨ  ᠡᠰᠡᠨᠢᠨ ᠮᠡᠨᠳᠦᠯᠡᠭᠰᠡᠨ ᠲᠠᠯᠠᠨ ᠵᠢᠯ᠎ᠤᠨ ᠤᠢ᠎ᠳᠤ ᠪᠡᠯᠡᠭ ᠪᠤᠯᠭ᠋ᠠᠨ ᠲᠡᠭᠡᠵᠢᠯᠡᠭᠰᠡᠨ  《ᠪᠦᠷᠢᠨᠪᠠᠶᠠᠷ᠎ᠤᠨ ᠵᠤᠬᠢᠶᠠᠯ ᠪᠦᠳᠦᠬᠡᠯ᠎ᠤᠨ ᠬᠤᠷᠢᠶᠠᠩᠭᠤᠢ》 ᠭᠡᠬᠦ ᠠᠷᠪᠠᠨ ᠪᠤᠳᠢ ᠨᠤᠮ᠎ᠨᠢ  ᠮᠢᠨᠤ ᠨᠤᠮ᠎ᠤᠨ ᠬᠤᠷᠭᠤ ᠵᠢ ᠴᠢᠮᠡᠭᠯᠡᠵᠤ ᠪᠠᠢ᠌ᠨ᠎ᠠ᠃  ᠡᠨᠡ᠎ᠨᠢ ᠪᠠᠭᠰᠢᠲᠠᠨ᠎ᠤ ᠲᠠᠪᠢᠨ ᠵᠢᠯ᠎ᠤᠨ ᠬᠦᠴᠦ ᠬᠦᠯᠦᠰᠦ᠂ ᠲᠠᠪᠢᠨ ᠵᠢᠯ᠎ᠤᠨ ᠦᠷ᠎ᠡ ᠵᠢᠮᠢᠰ᠂ ᠲᠠᠪᠢᠨ ᠵᠢᠯ᠎ᠤᠨ ᠠᠮᠵᠢᠯᠲᠠ ᠪᠦᠳᠦᠭᠡᠯ᠎ᠢ ᠭᠡᠷᠡᠴᠢᠯᠡᠬᠦ ᠵᠢᠨ ᠲᠠᠭ᠋ᠠᠤ ᠦᠨᠳᠦᠰᠦᠲᠡᠨ᠎ᠤ ᠰᠤᠶᠤᠯ᠎ᠤᠨ ᠠᠯᠲᠠᠨ ᠬᠦᠮᠦᠷᠬᠡ᠎ᠳᠤ ᠨᠡᠮᠡᠷᠢᠯᠡᠭᠰᠡᠨ ᠦᠨᠡᠯᠡᠰᠢ ᠦᠭᠡᠢ ᠡᠳ᠋ ᠡᠷᠳᠡᠨᠢᠰ ᠪᠤᠯᠬᠤ ᠶᠤᠮ᠃ ᠦᠰᠦᠨ᠎ᠠᠴᠠ ᠤᠯᠠᠨ ᠠᠯᠪᠠᠨ ᠠᠵᠢᠯ᠎ᠳᠤ ᠡᠭᠦᠷᠲᠡᠵᠤ ᠵᠦᠳᠡᠷᠡᠵᠤ ᠶᠠᠪᠤᠬᠤ᠎ᠳᠤ᠎ᠪᠠᠨ ᠡᠢ᠌ᠮᠤ ᠤᠯᠠᠨ ᠵᠤᠬᠢᠶᠠᠯ ᠪᠦᠳᠦᠬᠡᠯ᠎ᠢ ᠶᠠᠮᠠᠷ ᠴᠢᠯᠦᠭᠡ᠎ᠪᠠᠷ ᠲᠤᠭᠤᠷᠪᠢᠭᠰᠠᠨ᠎ᠢ ᠪᠢᠰᠢᠷᠡᠬᠦ ᠦᠭᠡᠢ ᠪᠠᠢ᠌ᠬᠤ ᠵᠢᠨ ᠠᠷᠭ᠎ᠠ ᠦᠭᠡᠢ᠃ ᠡᠨᠡ ᠦᠨᠡᠭᠡᠷ ᠶᠡᠬᠡ ᠵᠤᠬᠢᠶᠠᠯᠴᠢ ᠢᠨᠵᠠᠨᠨᠠᠰᠢ ᠵᠢᠨ 《ᠴᠢᠷᠠᠢ ᠡᠴᠡᠵᠤ᠂ ᠮᠢᠬ᠎ᠠ ᠲᠤᠷᠠᠵᠤ᠂ ᠰᠢᠷᠪᠤᠰᠤ ᠰᠤᠩᠬᠤ》᠎ᠳᠤ ᠡᠰᠡ ᠬᠦᠷᠪᠡᠴᠤ ᠰᠦᠷ ᠶᠡᠬᠡ ᠪᠠᠷᠢᠮᠲᠠᠯᠠᠯ᠂ ᠨᠦᠷᠢ ᠶᠡᠬᠡ ᠬᠦᠲᠡᠯᠮᠤᠷᠢ᠂ ᠰᠡᠳᠬᠢᠯ᠎ᠤᠨ ᠶᠡᠬᠡ ᠲᠡᠩᠭᠡᠭᠡ᠂ ᠪᠤᠳᠤᠯ᠎ᠤᠨ ᠬᠠᠳᠠᠭᠤ ᠵᠠᠭᠤᠳᠠᠯ ᠬᠡᠷᠡᠭᠰᠡᠨ᠎ᠡ᠃ ᠵᠤᠬᠢᠶᠠᠯᠴᠢ ᠬᠦᠮᠦᠨ᠎ᠳᠤ ᠢᠯᠡᠭᠦᠴᠡ ᠭᠠᠷᠤᠭᠰᠠᠨ ᠴᠠᠭ ᠭᠡᠵᠤ ᠪᠠᠢ᠌ᠳᠠᠭ ᠦᠭᠡᠢ᠃ ᠪᠤᠰᠤᠳ ᠬᠦᠮᠦᠨ᠎ᠤ ᠠᠮᠠᠷᠠᠬᠤ ᠴᠠᠭ᠂ ᠦᠭᠡᠷ᠎ᠡ ᠬᠦᠮᠦᠨ᠎ᠤ ᠰᠡᠯᠡᠬᠦᠦ ᠦᠶ᠎ᠡ ᠵᠢ ᠪᠦᠷ ᠠᠵᠢᠯ᠎ᠳᠤ᠎ᠪᠠᠨ ᠵᠠᠷᠤᠴᠠᠭᠤᠯᠵᠤ᠂ ᠨᠤᠢ᠌ᠷ ᠬᠤᠭᠤᠯᠠ᠎ᠪᠠᠨ ᠬᠠᠰᠤᠵᠤ᠂ ᠤᠨᠳᠠᠵᠤ ᠬᠡᠪᠳᠡᠬᠦ᠎ᠪᠠᠨ ᠮᠠᠷᠲᠠᠨ ᠪᠠᠢ᠌ᠵᠤ ᠰᠠᠶᠢ  ᠵᠤᠬᠢᠶᠠᠯ ᠪᠦᠳᠦᠭᠡᠯ ᠵᠶ᠋ᠠᠨ ᠲᠤᠭᠤᠷᠪᠢᠵᠤ ᠲᠡᠢ᠌ᠯᠤᠨ᠎ᠠ᠃ ᠪᠦᠷᠢᠨᠪᠠᠶᠠᠷ ᠪᠠᠭᠰᠢ ᠰᠢᠭ᠋ ᠠᠢ᠌ᠮᠠᠭ ᠬᠤᠲᠠ ᠵᠢᠨ ᠤᠷᠠᠨ ᠵᠤᠬᠢᠶᠠᠯ᠎ᠤᠨ ᠰᠡᠳᠬᠦᠯ᠎ᠤᠨ ᠶᠡᠷᠦᠩᠭᠡᠢ ᠨᠠᠢ᠌ᠷᠠᠭᠤᠯᠤᠭᠴᠢ᠂ ᠠᠢ᠌ᠮᠠᠭ᠂ ᠬᠤᠲᠠ ᠵᠢᠨ ᠤᠳᠬ᠎ᠠ ᠤᠷᠠᠯᠢᠭ᠎ᠤᠨ᠎ᠬᠢᠨ᠎ᠤ ᠬᠤᠯᠪᠤᠭ᠎ᠠ ᠵᠢᠨ ᠪᠠᠢ᠌ᠩᠭᠤ ᠵᠢᠨ ᠲᠡᠳ᠋ ᠲᠡᠷᠢᠭᠦᠯᠡᠭᠴᠢ᠂ ᠤᠷᠤᠨ᠎ᠤ ᠵᠤᠬᠢᠶᠠᠯᠴᠢᠳ᠎ᠤᠨ ᠡᠪᠯᠡᠯ᠎ᠤᠨ ᠪᠠᠢ᠌ᠩᠭᠤ ᠵᠢᠨ ᠲᠡᠳ᠋ ᠲᠡᠷᠢᠬᠦᠯᠡᠭᠴᠢ᠎ᠪᠠᠷ ᠭᠢᠯᠠᠷᠠᠭᠤᠯᠵᠤ ᠶᠠᠪᠤᠭᠰᠠᠨ ᠬᠦᠮᠦᠨ᠎ᠳᠤ ᠠᠵᠢᠯ᠎ᠤᠨ ᠡᠭᠦᠷᠭᠡ ᠲᠠᠷᠤᠭ᠋ᠠᠰᠤ ᠬᠡᠴᠢᠨᠡᠬᠡᠨ ᠬᠦᠨᠳᠤ᠂  ᠠᠯᠲᠠᠩᠬᠠᠨ ᠴᠠᠭ ᠮᠦᠴᠡ ᠬᠡᠴᠢᠨᠡᠬᠡᠨ ᠬᠤᠪᠤᠷ ᠪᠠᠢ᠌ᠭᠰᠠᠨ᠎ᠢ ᠬᠦᠮᠦᠰ ᠲᠠᠷᠢᠬᠢ ᠬᠦᠲᠡᠯᠬᠡᠭᠦ ᠦᠭᠡᠢ᠎ᠪᠠᠷ ᠮᠡᠳᠡᠵᠤ ᠪᠤᠯᠤᠨ᠎ᠠ᠃  《ᠮᠡᠳᠡᠭᠡᠯᠡᠯ᠎ᠤᠨ ᠤᠷᠠᠨ ᠵᠤᠬᠢᠶᠠᠯ᠎ᠤᠨ ᠵᠤᠬᠢᠶᠠᠯᠴᠢ ᠲᠤᠭᠤᠵᠢᠰ᠎ᠤᠨ ᠵᠤᠬᠢᠶᠠᠯᠴᠢ ᠰᠢᠭ᠋ ᠠᠵᠢᠯᠯᠠᠬᠤ ᠭᠡᠷ᠎ᠲᠤ᠎ᠪᠠᠨ ᠰᠠᠭᠤᠵᠤ ᠬᠡᠢ᠌ᠰᠪᠤᠷᠢ ᠰᠡᠳᠬᠢᠬᠦᠢ ᠵᠢᠨ ᠵᠢᠭᠦᠷ ᠤᠷᠭᠤᠭᠤᠯᠤᠨ ᠲᠡᠯᠭᠡᠵᠤ ᠦᠯᠦ ᠪᠤᠯᠳᠠᠭ᠃ ᠡᠢ᠌ᠨ ᠬᠦ᠌ ᠮᠡᠳᠡᠭᠡᠯᠡᠯ᠎ᠤᠨ ᠤᠷᠠᠨ ᠵᠤᠬᠢᠶᠠᠯ᠎ᠢ 〈ᠵᠢᠷᠭᠤᠭ᠋ᠠᠨ ᠬᠤᠪᠢ ᠵᠢᠨ ᠰᠤᠷᠪᠤᠯᠵᠢᠯᠠᠭ᠎ᠠ᠂ ᠭᠤᠷᠪᠠᠨ ᠬᠤᠪᠢ ᠵᠢᠨ ᠰᠡᠳᠬᠢᠮᠵᠢ᠂ ᠨᠢᠭᠡ ᠬᠤᠪᠢ ᠵᠢᠨ ᠪᠢᠴᠢᠯᠭᠡ〉 ᠬᠡᠷᠡᠭᠰᠡᠨ᠎ᠡ᠃ ᠮᠡᠳᠡᠭᠡᠯᠡᠯ᠎ᠤᠨ ᠤᠷᠠᠨ ᠵᠤᠬᠢᠶᠠᠯ ᠪᠤᠯ ᠦᠨᠡᠨ᠎ᠳᠤ᠎ᠪᠠᠨ ᠶᠠᠪᠤᠵᠤ ᠪᠠᠢ᠌ᠭ᠋ᠠᠳ ᠪᠢᠴᠢᠲᠡᠭ ᠤᠷᠠᠨ ᠵᠤᠬᠢᠶᠠᠯ》 ᠭᠡᠵᠤ ᠪᠦᠷᠢᠨᠪᠠᠶᠠᠷ ᠪᠠᠭᠰᠢ ᠬᠡᠯᠡᠳᠡᠭ᠃ ᠮᠡᠳᠡᠭᠡᠯᠡᠯ᠎ᠤᠨ ᠤᠷᠠᠨ ᠵᠤᠬᠢᠶᠠᠯ ᠭᠡᠳᠡᠭ ᠪᠤᠳᠠᠳᠤ ᠠᠮᠢᠳᠤᠷᠠᠯ᠎ᠢ ᠲᠤᠰᠬᠠᠵᠤ᠂ ᠴᠠᠭ ᠡᠷᠢᠨ᠎ᠤ ᠬᠦᠭ ᠠᠶᠠᠰ᠎ᠢ ᠴᠢᠪᠬᠠᠲᠠᠨ᠂ ᠤᠯᠤᠰ ᠦᠨᠳᠦᠰᠦᠲᠡᠨ᠎ᠤ ᠰᠢᠳᠤᠷᠭᠤ ᠶᠤᠰᠤᠨ᠎ᠤ ᠲᠠᠭᠤᠨ᠎ᠢ ᠡᠭᠡᠰᠢᠭᠯᠡᠵᠤ᠂ ᠠᠷᠠᠳ ᠲᠦᠮᠡᠨ᠎ᠤ ᠰᠡᠳᠬᠢᠯ᠎ᠤᠨ ᠦᠭᠡ ᠵᠢ ᠢᠯᠡᠳᠬᠡᠳᠡᠭ ᠪᠤᠯᠬᠤᠷ ᠮᠡᠳᠡᠭᠡᠯᠡᠯ᠎ᠤᠨ ᠤᠷᠠᠨ ᠵᠤᠬᠢᠶᠠᠯ ᠪᠢᠴᠢᠬᠦ᠎ᠳᠤ ᠮᠠᠰᠢ ᠤᠯᠠᠨ ᠦᠨᠡᠨ ᠪᠤᠳᠠᠳᠠᠢ ᠦᠯᠢᠭᠡᠷ ᠵᠢᠱ᠌ᠢᠶ᠎ᠡ᠂ ᠰᠡᠳᠬᠢᠯ ᠬᠦᠲᠡᠯᠭᠡᠮ᠎ᠡ ᠡᠰᠢ ᠪᠠᠷᠢᠮᠳᠠ᠂ ᠬᠦᠮᠦᠰ᠎ᠢ ᠢᠲᠡᠭᠡᠭᠦᠯᠬᠦ ᠲᠤᠭ᠎ᠠ ᠨᠤᠷᠮ᠎ᠠ ᠱᠠᠭ᠋ᠠᠷᠲᠠᠭᠳᠠᠨ᠎ᠠ᠃ ᠲᠤᠬᠠᠢ ᠵᠢᠨ ᠭᠠᠵᠠᠷ᠂ ᠲᠤᠬᠠᠢ ᠵᠢᠨ ᠬᠦᠮᠦᠨ᠂ ᠲᠤᠬᠠᠢ ᠵᠢᠨ ᠦᠢ᠍ᠯᠡ ᠶᠠᠪᠤᠲᠠᠯ᠎ᠢ ᠦᠪᠡᠷᠲᠡᠭᠡᠨ ᠤᠴᠢᠵᠤ ᠰᠤᠷᠪᠤᠯᠵᠠᠯᠠᠬᠤ ᠦᠭᠡᠢ᠎ᠪᠠᠷ ᠬᠤᠭᠤᠰᠤᠨ ᠰᠡᠳᠬᠢᠵᠤ᠂ ᠬᠡᠢ ᠤᠷᠭᠤᠭᠤᠯᠤᠭ᠋ᠠᠳ ᠪᠤᠯᠬᠤ ᠶᠠᠭᠤᠮ᠎ᠠ ᠪᠢᠰᠢ᠃ ᠦᠨᠡᠨ᠎ᠢ ᠬᠡᠯᠡᠪᠡᠯ᠂ ᠮᠡᠳᠡᠭᠡᠯᠡᠯ᠎ᠤᠨ ᠤᠷᠠᠨ ᠵᠤᠬᠢᠶᠠᠯ ᠪᠢᠴᠢᠨ᠎ᠠ ᠭᠡᠳᠡᠭ ᠪᠤᠰᠤᠳ ᠲᠦᠷᠦᠯ᠎ᠤᠨ ᠤᠷᠠᠨ ᠵᠤᠬᠢᠶᠠᠯ᠎ᠠᠴᠠ ᠬᠤᠪᠢ ᠲᠠᠬᠢᠨ ᠴᠠᠭ ᠮᠦᠴᠡ᠂ ᠬᠦᠴᠦ ᠬᠦᠯᠦᠰᠦ᠂ ᠤᠶᠤᠨ ᠤᠬᠠᠭ᠋ᠠᠨ ᠵᠠᠷᠤᠴᠠᠭᠤᠯᠳᠠᠭ᠃ ᠨᠢᠭᠡ ᠵᠤᠬᠢᠶᠠᠯ᠎ᠤᠨ ᠪᠠᠭ᠋ᠠᠳᠤᠷ᠎ᠲᠠᠢ᠎ᠪᠠᠨ ᠠᠭᠤᠯᠵᠠᠬᠤ ᠵᠢᠨ ᠲᠦᠯᠦᠭᠡ ᠠᠯᠪᠠᠨ ᠭᠡᠷ᠎ᠤᠨ᠎ᠬᠢ᠎ᠨᠢ ᠡᠭᠦᠲᠡᠨ᠎ᠳᠤ ᠬᠡᠳᠦᠨ ᠴᠠᠭ ᠵᠶ᠋ᠠᠷ ᠬᠦᠯᠢᠶᠡᠬᠦ ᠴᠢᠨᠢ ᠡᠩ᠎ᠤᠨ ᠤᠴᠢᠷ᠃  ᠲᠡᠰᠪᠦᠷᠢ ᠬᠠᠲᠠᠭᠤᠵᠢᠯ ᠦᠭᠡᠢ ᠬᠦᠮᠦᠨ ᠪᠤᠯ ᠮᠡᠳᠡᠭᠡᠯᠡᠯ᠎ᠤᠨ ᠤᠷᠠᠨ ᠵᠤᠬᠢᠶᠠᠯ ᠪᠢᠴᠢᠨ᠎ᠠ ᠭᠡᠳᠡᠭ ᠭᠤᠨᠵᠢ ᠵᠢᠨ ᠵᠤᠭᠤᠭ᠃ ᠦᠭᠡ ᠬᠠᠮᠠᠷ᠎ᠲᠤ᠎ᠪᠠᠨ ᠰᠠᠢ᠌ᠨ᠂ ᠢᠯᠡᠳᠬᠡᠬᠦ ᠴᠢᠲᠠᠪᠤᠷᠢ᠎ᠨᠢ ᠵᠦᠭᠡᠷ ᠬᠦᠮᠦᠨ ᠪᠤᠯ ᠰᠤᠷᠪᠤᠯᠵᠢᠯᠠᠭ᠎ᠠ ᠰᠢᠯᠦᠭᠤᠨ ᠶᠠᠪᠤᠭᠳᠠᠴᠢᠬᠠᠨ᠎ᠠ᠂ ᠬᠢᠭᠰᠡᠨ ᠵᠶ᠋ᠠᠨ ᠬᠡᠯᠡᠵᠤ ᠴᠢᠲᠠᠬᠤ ᠦᠭᠡᠢ ᠬᠦᠮᠦᠨ᠎ᠲᠠᠢ ᠤᠴᠠᠷᠠᠪᠠᠯ ᠰᠤᠷᠪᠤᠯᠵᠢᠯᠠᠭ᠎ᠠ  ᠪᠡᠷᠬᠡᠳᠡᠵᠤ ᠬᠡᠨ ᠠᠯᠢᠨ᠎ᠨᠢ ᠡᠪ ᠦᠭᠡᠢ᠌ᠷᠡᠨ᠎ᠡ᠃ ᠶᠠᠩᠵᠤ ᠪᠦᠷᠢ ᠵᠢᠨ ᠵᠤᠬᠢᠶᠠᠯ᠎ᠤᠨ ᠪᠠᠭ᠋ᠠᠳᠤᠷ᠎ᠲᠠᠢ ᠶᠠᠩᠵᠤ ᠪᠦᠷᠢ ᠵᠢᠨ ᠠᠷᠭ᠎ᠠ᠎ᠪᠠᠷ ᠬᠡᠯᠡᠯᠴᠡᠵᠤ᠂ ᠦᠯᠢᠭᠡᠷ᠎ᠤᠨ ᠤᠭᠤᠲᠠ ᠵᠢ᠎ᠨᠢ  ᠨᠡᠬᠡᠬᠡᠨ᠎ᠡ ᠬᠡᠳᠡᠭ ᠬᠢᠯᠪᠠᠷ ᠪᠢᠰᠢ᠃ ᠲᠠᠪᠢᠨ ᠵᠢᠯ᠎ᠤᠨ ᠲᠤᠷᠰᠢ ᠪᠦᠷᠢᠨᠪᠠᠶᠠᠷ ᠪᠠᠭᠰᠢ ᠰᠤᠷᠪᠤᠯᠵᠢᠯᠠᠭ᠎ᠠ ᠬᠢᠭᠰᠡᠭᠡᠷ ᠪᠠᠷᠤᠭ ᠰᠡᠳᠬᠢᠴᠡ ᠵᠢᠨ ᠤᠬᠠᠭ᠋ᠠᠨᠲᠠᠨ ᠪᠤᠯᠴᠢᠬᠠᠭᠰᠠᠨ ᠬᠡᠮᠡᠷ᠃ 《ᠲᠡᠯᠡᠬᠡᠢ ᠵᠢ ᠲᠤᠩᠰᠤᠯᠭ᠋ᠠᠭᠰᠠᠨ ᠰᠤᠳᠤᠯᠭ᠋ᠠᠨ》 ᠲᠤᠳᠤᠷᠠᠬᠢ ᠡᠷᠲᠡᠮᠳᠡᠨ ᠰᠢᠭᠤᠷᠭ᠋ᠠᠨ᠂ 《ᠲᠡᠭ᠎ᠠᠴᠠ ᠡᠬᠢᠯᠡᠭᠰᠡᠨ ᠰᠤᠳᠤᠯᠤᠯ》 ᠲᠤᠳᠤᠷᠠᠬᠢ ᠡᠷᠲᠡᠮᠳᠡᠨ ᠦᠯᠵᠠᠢ᠂ 《ᠦᠵᠦᠭᠦᠷ ᠰᠡᠳᠬᠢᠯ᠎ᠤᠨ ᠲᠡᠮᠡᠦᠯᠦᠯ》 ᠲᠤᠳᠤᠷᠠᠬᠢ ᠡᠷᠲᠡᠮᠳᠡᠨ ᠨᠦᠩᠨᠠᠢ᠌ᠵᠠᠪ᠂ 《ᠨᠢᠩᠵᠢᠨ ᠰᠡᠳᠬᠢᠯ》 ᠲᠤᠳᠤᠷᠠᠬᠢ ᠤᠶᠤᠨ ᠪᠠᠭᠰᠢ᠂ 《ᠬᠢᠮᠢ ᠵᠢᠨ ᠶᠢᠷᠲᠢᠨᠴᠤ》 ᠲᠤᠳᠤᠷᠠᠬᠢ ᠡᠷᠲᠡᠮᠳᠡᠨ ᠪᠠᠭ᠋ᠠᠳᠤᠷ᠂ 《ᠵᠢᠷᠦᠬᠡᠨ  ᠰᠢᠭᠢᠳᠭᠡᠭᠡᠷᠢ᠎ᠲᠠᠢ ᠡᠮᠡᠭᠡᠯ》 ᠲᠤᠳᠤᠷᠠᠬᠢ ᠨᠢᠩᠪᠦ ᠡᠪᠦᠭᠡᠨ᠂ 《ᠬᠤᠭᠤᠷ᠎ᠤᠨ ᠰᠠᠬᠢᠭᠤᠯᠰᠤᠨ》 ᠲᠤᠳᠤᠷᠠᠬᠢ ᠲᠦᠷᠪᠡᠨ ᠤᠳᠠᠰᠤᠳᠤ ᠬᠤᠭᠤᠷᠴᠢ ᠡᠤ ᠶᠦᠨ ᠯᠦᠩ᠂ 《ᠲᠡᠭᠷᠢᠯᠢᠭ ᠲᠤᠳᠤᠷ᠎ᠲᠠᠢ ᠲᠠᠭ᠋ᠠᠭ᠋ᠠᠮᠠᠯ》 ᠲᠤᠳᠤᠷᠠᠬᠢ ᠠᠵᠤ ᠠᠬᠤᠢ᠌ᠯᠠᠯᠲᠠᠨ ᠪᠤᠤ ᠲᠡᠮᠤᠷ᠂ 《ᠠᠯᠲᠠ ᠲᠤᠩᠭ᠋ᠠᠭᠰᠠᠨ ᠵᠠᠮ》  ᠲᠤᠳᠤᠷᠠᠬᠢ ᠠᠷᠠᠳ᠎ᠤᠨ ᠤᠷᠠᠯᠢᠭᠴᠢᠨ ᠪᠤᠤ ᠱ᠌ᠢ ᠵᠤ᠌᠂ 《ᠮᠠᠯᠴᠢᠨ ᠠᠢ᠌ᠯ᠎ᠤᠨ ᠵᠠᠮ》 ᠲᠤᠳᠤᠷᠠᠬᠢ ᠭᠠᠴᠠᠭ᠋ᠠᠨ᠎ᠤ ᠱᠦᠵᠢ ᠡᠤ ᠶᠦᠨ ᠪᠦᠧᠧ᠂ 《ᠳ᠋ᠢᠩ ᠰᠢᠨ ᠮᠢᠨ ᠬᠢᠭᠡᠳ ᠲᠡᠭᠦᠨ᠎ᠤ ᠠᠵᠢᠯᠴᠢᠨ ᠠᠬ᠎ᠠ ᠲᠠᠭᠦᠦ》 《ᠡᠷᠲᠡᠨᠢ ᠵᠢᠨ ᠤᠯᠠ ᠮᠦᠷ》  《ᠨᠠᠷᠠ ᠡᠷᠭᠦᠭᠰᠡᠨ ᠨᠤᠳᠤᠭ》  ᠦᠪᠦᠷ ᠮᠤᠩᠭᠤᠯ᠎ᠤᠨ 《ᠭᠤᠷᠪᠠᠨ ᠠ᠊》 ᠭᠡᠵᠤ ᠠᠯᠲᠠᠷᠰᠢᠭᠰᠠᠨ ᠰᠢᠷᠢᠰ ᠪᠠᠷᠢᠮᠳᠠᠳᠤ ᠵᠤᠬᠢᠶᠠᠯ 《ᠮᠢᠨᠤ ᠲᠠᠨᠢᠳᠠᠭ ᠠᠶᠤᠩᠭ᠎ᠠ》᠂ 《ᠮᠢᠨᠤ ᠮᠡᠳᠡᠳᠡᠭ ᠠᠷᠲᠠᠢ》᠂ 《ᠮᠢᠨᠤ ᠪᠢᠰᠢᠷᠡᠳᠡᠭ ᠠᠭᠤᠯᠠ》 ᠁ ᠡᠳᠡᠭᠡᠷ ᠤᠩᠰᠢᠵᠤ ᠴᠡᠭᠡᠵᠢᠯᠡᠭᠰᠡᠨ ᠮᠡᠳᠡᠭᠡᠯᠡᠯ᠎ᠤᠨ ᠤᠷᠠᠨ ᠵᠤᠬᠢᠶᠠᠯ᠎ᠤᠨ ᠪᠠᠭ᠋ᠠᠳᠤᠷ  ᠨᠢᠳᠦᠨ ᠡᠮᠤᠨ᠎ᠠ ᠨᠢᠭᠡ ᠨᠢᠭᠡ᠎ᠪᠠᠷ ᠲᠤᠳᠤᠷᠠᠨ᠎ᠠ᠃  ᠲᠡᠳᠡ ᠪᠤᠯ ᠴᠠᠭ ᠦᠶ᠎ᠡ ᠵᠢᠨ ᠲᠠᠭᠤᠷᠢᠶᠠᠯ᠂ ᠤᠯᠤᠰ ᠦᠨᠳᠦᠰᠦᠲᠡᠨ᠎ᠤ ᠤᠮᠤᠭᠰᠢᠯ᠂ ᠨᠡᠢ᠌ᠲᠡ ᠲᠦᠮᠡᠨ᠎ᠤ ᠪᠠᠬᠠᠷᠬᠠᠯ ᠶᠤᠮ᠃ ᠡᠳᠡᠭᠡᠷ ᠵᠤᠬᠢᠶᠠᠯ᠎ᠤᠨ ᠪᠠᠭ᠋ᠠᠳᠤᠷ᠎ᠤᠳ ᠦᠶ᠎ᠡ ᠦᠶ᠎ᠡ ᠵᠢᠨ ᠬᠦᠮᠦᠰ᠎ᠢ ᠨᠦᠯᠦᠭᠡᠯᠡᠵᠤ᠂ ᠬᠦᠮᠦᠰ᠎ᠲᠤ ᠰᠠᠢ᠌ᠨ ᠰᠠᠢ᠌ᠬᠠᠨ ᠬᠦᠰᠡᠯ ᠮᠦᠷᠦᠬᠡᠳᠦᠯ᠎ᠢ ᠠᠪᠴᠢᠷᠠᠬᠤ ᠵᠢᠨ ᠲᠠᠭ᠋ᠠᠤ ᠠᠮᠢᠳᠤᠷᠠᠯ᠎ᠤᠨ ᠬᠡᠷᠡᠯ ᠭᠡᠬᠡ ᠵᠢ ᠣᠯᠭᠤᠬᠰᠠᠭ᠋ᠠᠷ᠃
            ᠵᠤᠬᠢᠶᠠᠯᠴᠢ ᠲᠢᠶᠧ ᠨᠢᠩ 《ᠤᠷᠠᠨ ᠵᠤᠬᠢᠶᠠᠯ ᠪᠤᠯ ᠳ᠋ᠧᠩ ᠶᠤᠮ᠂ ᠲᠡᠷᠡ᠎ᠨᠢ ᠬᠦᠮᠦᠨ᠎ᠤ ᠠᠮᠢᠳᠤᠷᠠᠯ᠎ᠤᠨ ᠵᠠᠮ᠎ᠤᠨ ᠲᠦᠨᠡᠷ ᠬᠠᠷᠠᠩᠭᠤᠢ ᠵᠢ ᠬᠡᠷᠡᠯᠳᠦᠬᠦᠯᠬᠦ᠎ᠪᠠᠷ ᠦᠯᠦ ᠪᠠᠷᠠᠮ ᠦᠪᠡᠷ᠎ᠤᠨ ᠲᠤᠳᠤᠭ᠋ᠠᠳᠤ ᠰᠡᠳᠬᠢᠯ᠎ᠢ ᠭᠡᠷᠡᠯᠳᠦᠭᠦᠯᠲᠡᠭ》 ᠭᠡᠵᠤ ᠬᠡᠯᠡᠭᠰᠡᠨ ᠰᠢᠭ ᠪᠦᠷᠢᠨᠪᠠᠶᠠᠷ ᠪᠠᠭᠰᠢ ᠵᠤᠬᠢᠶᠠᠯ ᠪᠦᠲᠦᠬᠡᠯ ᠵᠶ᠋ᠠᠷ ᠵᠶ᠋ᠠᠨ ᠬᠦᠮᠦᠰ᠎ᠤᠨ ᠰᠡᠳᠬᠢᠯ᠎ᠢ ᠲᠤᠩᠭ᠋ᠠᠯᠠᠭᠰᠢᠭᠤᠯᠤᠭᠰᠠᠨ ᠵᠶ᠋ᠠᠷ ᠪᠠᠷᠠᠬᠤ ᠦᠭᠡᠢ ᠦᠪᠡᠷ ᠵᠶ᠋ᠠᠨ ᠴᠦ᠍ ᠰᠡᠳᠬᠢᠯ ᠲᠤᠩᠭ᠋ᠠᠯᠠᠭᠰᠢᠭᠰᠠᠨ ᠬᠦᠮᠦᠨ᠃  ᠦᠷᠦᠪᠴᠢ ᠪᠤᠳᠤᠯ᠎ᠲᠠᠢ᠂  ᠨᠢᠩᠵᠢᠨ ᠰᠡᠳᠬᠢᠯ᠎ᠲᠠᠢ ᠵᠤᠬᠢᠶᠠᠯᠴᠢ ᠬᠦᠮᠦᠨ ᠰᠠᠶᠢ 《ᠨᠢᠩᠵᠢᠨ ᠰᠡᠳᠬᠢᠯ》 ᠬᠡᠭᠦ ᠮᠡᠳᠦ ᠵᠢᠨ ᠰᠢᠯᠢᠲᠡᠭ ᠪᠦᠳᠦᠭᠡᠯ᠎ᠤᠳ᠎ᠢ ᠪᠢᠴᠢᠵᠤ ᠲᠡᠢ᠌ᠯᠤᠨ᠎ᠠ ᠭᠡᠵᠤ ᠪᠢ ᠪᠤᠳᠤᠳᠠᠭ ᠪᠢᠯᠡ᠃ ᠪᠦᠷᠢᠨᠪᠠᠶᠠᠷ ᠪᠠᠭᠰᠢ ᠵᠢᠨ 《ᠨᠢᠩᠵᠢᠨ ᠰᠡᠳᠬᠢᠯ》 ᠭᠡᠬᠦ ᠮᠡᠳᠡᠭᠡᠯᠡᠯ᠎ᠤᠨ ᠤᠷᠠᠨ ᠵᠤᠬᠢᠶᠠᠯ ᠨᠡᠢ᠌ᠲᠡᠯᠡᠭᠳᠡᠭᠰᠡᠨ᠎ᠤ ᠲᠠᠷᠠᠭ᠎ᠠ ᠨᠡᠢ᠌ᠭᠡᠮ ᠲᠡᠭᠡᠷ᠎ᠡ ᠦᠷᠭᠡᠨ ᠨᠦᠯᠦᠭᠡ ᠭᠠᠷᠴᠤ ᠤᠩᠰᠢᠭᠴᠢ ᠵᠢᠨ ᠲᠤᠮᠳᠠ ᠴᠢᠩᠭ᠎ᠠ ᠲᠤᠰᠬᠠᠯ ᠤᠯᠵᠠᠢ᠃  ᠪᠡᠭᠡᠵᠢᠩ ᠶᠡᠬᠡ ᠰᠤᠷᠭ᠋ᠠᠭᠤᠯᠢ ᠵᠢᠨ ᠫᠷᠦᠫᠡᠰᠰᠡᠷ ᠡᠷᠲᠡᠮᠳᠡᠨ ᠲᠤᠯᠠᠭ᠋ᠠᠨ ᠨᠠᠳᠠ᠎ᠲᠠᠢ ᠵᠤᠭᠤᠭ ᠬᠠᠭᠤᠴᠢᠯᠠᠬᠤ᠎ᠳᠤ᠎ᠪᠠᠨ᠄ 《ᠬᠡᠦᠬᠡᠨ᠎ᠲᠠᠢ ᠪᠤᠯᠤᠭ᠋ᠠᠳ ᠶᠠᠮᠠᠷ ᠨᠡᠷ᠎ᠡ ᠦᠭᠭᠦ᠎ᠪᠠᠨ ᠤᠯᠬᠤ ᠦᠭᠡᠢ ᠮᠡᠩᠳᠡᠭᠦᠷᠡᠵᠤ ᠪᠠᠢ᠌ᠬᠤ᠎ᠳᠤ ᠭᠡᠨᠡᠳᠲᠡ ᠪᠦᠷᠢᠨᠪᠠᠶᠠᠷ ᠪᠠᠭᠰᠢ ᠵᠢᠨ 〈ᠨᠢᠩᠵᠢᠨ ᠰᠡᠳᠬᠢᠯ〉 ᠬᠡᠭᠦ ᠵᠤᠬᠢᠶᠠᠯ᠎ᠠᠴᠠ ᠰᠡᠭᠡᠭᠡᠷᠡᠭᠦᠯᠦᠯ ᠤᠯᠵᠤ᠂ 〈ᠨᠢᠩᠵᠢᠨ〉 ᠭᠡᠳᠡᠭ ᠨᠠᠷ᠎ᠠ ᠬᠠᠢ᠌ᠷᠠᠯᠠᠭᠰᠠᠨ ᠶᠤᠮ ᠳ᠋ᠠ》 ᠭᠡᠵᠤ ᠶᠠᠷᠢᠭᠰᠠᠨ ᠪᠢᠯᠡ᠃  ᠶᠠᠫᠦᠨ᠎ᠤ ᠰᠢᠨᠤᠤ᠋  ᠮᠦᠽᠦᠮᠢ ᠲᠡᠭᠡᠳᠦ ᠲᠤᠮᠳᠠᠳᠤ ᠰᠤᠷᠭ᠋ᠠᠭᠤᠯᠢ ᠵᠢᠨ ᠪᠠᠭᠰᠢ᠂ ᠲᠤᠮᠳᠠᠳᠤ ᠤᠯᠤᠰ᠎ᠤᠨ ᠲᠦᠪ᠎ᠤᠨ ᠦᠨᠳᠦᠰᠦᠲᠡᠨ᠎ᠤ ᠶᠡᠬᠡ ᠰᠤᠷᠭ᠋ᠠᠭᠤᠯᠢ᠎ᠳᠤ ᠮᠤᠩᠭᠤᠯ ᠤᠷᠠᠨ ᠵᠤᠬᠢᠶᠠᠯ᠎ᠤᠨ ᠰᠤᠳᠤᠯᠤᠯ ᠵᠶ᠋ᠠᠷ ᠲᠡᠳ᠋ ᠡᠷᠲᠡᠮᠳᠡᠨ ᠴᠤᠯᠠ ᠬᠠᠮᠠᠭ᠋ᠠᠯᠠᠭᠰᠠᠨ ᠲᠠᠪᠤᠤᠴᠢ  ᠡᠾᠢᠲ᠋ᠤᠰᠢ ᠶᠠᠫᠤᠨ᠎ᠤ ᠰᠡᠳᠬᠦᠯ᠎ᠳᠤ 《ᠲᠤᠮᠳᠠᠳᠤ ᠤᠯᠤᠰ ᠎ᠲᠤ ᠲᠠᠢ᠌ᠨ᠎ᠠᠴᠠ ᠦᠯᠡᠳᠡᠭᠰᠡᠨ ᠦᠨᠦᠴᠢᠨ ᠬᠡᠦᠬᠡᠳ᠎ᠢ ᠪᠢᠴᠢᠭᠰᠡᠨ ᠮᠤᠩᠭᠤᠯ ᠮᠡᠳᠡᠭᠡᠯᠡᠯ᠎ᠤᠨ ᠤᠷᠠᠨ ᠵᠤᠬᠢᠶᠠᠯ — ᠪᠦᠷᠢᠨᠪᠠᠶᠠᠷ᠎ᠤᠨ 〈ᠨᠢᠩᠵᠢᠨ ᠰᠡᠳᠬᠢᠯ〉 ᠪᠤᠯᠤᠨ ᠲᠡᠭᠦᠨ᠎ᠤ ᠰᠤᠷᠭ᠋ᠠᠨ ᠬᠦᠮᠦᠵᠢᠭᠦᠯᠬᠦ ᠠᠴᠢ ᠬᠤᠯᠪᠤᠭᠳᠠᠯ》 ᠭᠡᠰᠡᠨ ᠦᠭᠦᠯᠡᠯ ᠨᠡᠢ᠌ᠲᠡᠯᠡᠭᠰᠡᠨ᠎ᠢ᠎ᠨᠢ 《ᠠᠯᠲᠠᠨ ᠲᠦᠯᠬᠢᠬᠦᠷ》 ᠰᠡᠳᠬᠦᠯ᠎ᠤᠨ 2012 ᠤᠨ᠎ᠤ 1 ᠳ᠋ᠤᠬᠡᠷ ᠬᠤᠭᠤᠴᠠᠭ᠋ᠠᠨ᠎ᠳᠤ ᠢᠷᠠᠭᠤ ᠨᠠᠢ᠌ᠷᠠᠭᠴᠢ ᠴ᠊᠂ ᠴᠤᠯᠮᠤᠨ ᠭᠤᠸᠠᠢ  ᠣᠷᠴᠢᠭᠤᠯᠤᠨ ᠨᠡᠢ᠌ᠲᠡᠯᠡᠵᠤ ᠪᠠᠢ᠌ᠭᠰᠠᠨ᠎ᠨᠢ 《  ᠨᠢᠩᠵᠢᠨ ᠰᠡᠳᠬᠢᠯ》 ᠭᠡᠬᠦ ᠮᠡᠳᠡᠭᠡᠯᠡᠯ᠎ᠤᠨ ᠤᠷᠠᠨ ᠵᠤᠬᠢᠶᠠᠯ᠎ᠤᠨ ᠤᠯᠤᠰ᠎ᠤᠨ ᠲᠤᠳᠤᠭ᠋ᠠᠳᠤ ᠭᠠᠳᠠᠭ᠋ᠠᠳᠤ ᠵᠢᠨ ᠨᠦᠯᠦᠭᠡ ᠲᠤᠰᠬᠠᠯ᠎ᠢ ᠪᠦᠷᠢᠨ ᠬᠠᠷᠠᠭᠤᠯᠵᠤ ᠲᠡᠢ᠌ᠯᠬᠦ ᠶᠤᠮ᠃

                            ᠲᠦᠷᠪᠡ

      ᠪᠦᠷᠢᠨᠪᠠᠶᠠᠷ ᠪᠠᠭᠰᠢ ᠬᠦᠬᠡᠬᠤᠲᠠ᠎ᠳᠤ ᠠᠵᠢᠯ ᠰᠢᠯᠵᠢᠭᠰᠡᠨ᠎ᠤ ᠰᠡᠭᠦᠯᠡᠷ ᠠᠭᠤᠯᠵᠠᠵᠤ ᠤᠴᠠᠷᠠᠬᠤ ᠲᠤᠬᠢᠶᠠᠯ  ᠦᠩᠭᠡᠷᠡᠭᠰᠡᠨ᠎ᠢ ᠪᠤᠳᠤᠪᠠᠯ ᠴᠦᠬᠡᠨ ᠪᠤᠯᠵᠠᠢ᠃  ᠬᠠᠶᠠ ᠨᠤᠳᠤᠭ ᠵᠶ᠋ᠠᠷ ᠵᠶ᠋ᠠᠨ ᠢᠷᠡᠬᠦ ᠪᠤᠯᠭ᠋ᠠᠨ ᠨᠤᠳᠤᠭ᠎ᠤᠨ ᠵᠶ᠋ᠠᠨ  ᠰᠢᠯᠦᠭᠴᠢ ᠵᠤᠬᠢᠶᠠᠯᠴᠢ᠎ᠲᠠᠢ ᠴᠠᠢ ᠵᠢᠨ ᠵᠤᠭᠤᠭ ᠪᠠᠷᠢᠬᠤ᠎ᠨᠢ ᠮᠠᠨ᠎ᠳᠤ ᠬᠡᠮᠵᠢᠶᠡᠯᠡᠰᠢ ᠦᠭᠡᠢ ᠠᠵᠠ ᠵᠢᠷᠭ᠋ᠠᠯ᠎ᠲᠠᠢ ᠤᠴᠢᠷ᠃ ᠮᠠᠨ᠎ᠤ᠎ᠬᠢᠨ᠎ᠤ ᠬᠡᠨ ᠬᠡᠨ᠎ᠤ ᠪᠦᠳᠦᠬᠡᠯ᠎ᠨᠢ ᠬᠠᠮᠢᠭ᠎ᠠ ᠬᠠᠮᠢᠭ᠎ᠠ ᠨᠡᠢ᠌ᠲᠡᠯᠡᠭᠳᠡᠭᠰᠡᠨ᠎ᠢ  ᠬᠡᠢ᠌ᠳᠡᠯ᠎ᠡ ᠮᠡᠳᠡᠨ᠎ᠡ᠃ ᠨᠠᠮ᠎ᠠ ᠵᠢ ᠤᠯᠤᠰ ᠲᠦᠷᠦ ᠵᠢᠨ ᠵᠦᠪᠯᠡᠯᠭᠡᠨ᠎ᠳᠤ ᠠᠵᠢᠯ ᠰᠢᠯᠵᠢᠭᠰᠡᠨ᠎ᠤ ᠲᠠᠷᠠᠭ᠎ᠠ ᠪᠦᠷᠢᠨᠪᠠᠶᠠᠷ ᠪᠠᠭᠰᠢ ᠮᠢᠨᠢ ᠲᠤᠰᠬᠠᠢ᠌ᠯᠠᠨ ᠤᠳᠠᠰᠤ ᠢᠷᠡᠭᠦᠯᠵᠤ ᠄ 《ᠬᠤᠰᠢᠭᠤᠨ᠎ᠤ ᠤᠯᠤᠰ ᠲᠦᠷᠦ ᠵᠢᠨ ᠵᠦᠪᠯᠡᠯᠭᠡᠨ᠎ᠤ ᠲᠡᠳ᠋ ᠲᠡᠷᠢᠭᠦᠯᠡᠭᠴᠢ ᠭᠡᠳᠡᠭ ᠴᠢᠨᠢ ᠤᠷᠤᠨ ᠨᠤᠳᠤᠭ᠎ᠲᠤ᠎ᠪᠠᠨ ᠪᠤᠯ ᠲᠦᠷᠪᠡᠨ ᠶᠡᠬᠡ ᠤᠳᠤᠷᠢᠳᠬᠤ ᠪᠠᠭ᠎ᠤᠨ ᠤᠳᠤᠷᠢᠳᠤᠯᠭ᠎ᠠ ᠰᠢᠦ᠃ ᠨᠠᠮ ᠠᠷᠠᠳ ᠲᠦᠮᠡᠨ᠎ᠤ᠎ᠪᠠᠨ ᠢᠲᠡᠭᠡᠯ ᠨᠠᠢ᠌ᠲᠠᠯᠭ᠎ᠠ ᠵᠢ ᠬᠦᠰᠡᠷᠲᠡᠭᠦᠯᠵᠤ ᠪᠤᠯᠬᠤ ᠦᠭᠡᠢ᠃  ᠠᠵᠢᠯ ᠶᠠᠮᠠᠷ ᠶᠠᠭ᠋ᠠᠷᠠᠤ ᠪᠤᠯᠤᠯ᠎ᠠ ᠴᠦ᠍ ᠤᠷᠠᠨ ᠵᠤᠬᠢᠶᠠᠯ ᠵᠶ᠋ᠠᠨ ᠪᠤᠤ ᠯᠡ ᠬᠠᠶᠠ ᠳ᠋ᠠ᠂ ᠬᠤᠵᠢᠮ ᠦᠯᠡᠳᠡᠬᠦ᠎ᠨᠢ ᠬᠠᠰᠢ ᠯᠨ ᠲᠡᠷᠡ ᠰᠢᠦ》 ᠭᠡᠵᠤ ᠴᠠᠭ᠋ᠠᠨ᠎ᠠ᠎ᠪᠠᠨ ᠤᠴᠢᠷᠲᠠᠢ ᠰᠤᠷᠭ᠋ᠠᠵᠢ ᠪᠢᠯᠡ᠃  ᠦᠪᠦᠷ ᠮᠤᠩᠭᠤᠯ᠎ᠤᠨ ᠮᠤᠩᠭᠤᠯ ᠤᠷᠠᠨ ᠵᠤᠬᠢᠶᠠᠯ᠎ᠤᠨ ᠰᠢᠨ᠎ᠠ ᠪᠦᠲᠦᠭᠡᠯ ᠰᠢᠨ᠎ᠠ ᠵᠤᠬᠢᠶᠠᠯᠴᠢ ᠵᠢ ᠢᠯᠡᠷᠡᠭᠦᠯᠵᠤ ᠬᠦᠮᠦᠵᠢᠭᠦᠯᠬᠦ ᠲᠡᠭᠡᠷ᠎ᠡ ᠪᠦᠷᠢᠨᠪᠠᠶᠠᠷ ᠪᠠᠭᠰᠢ ᠵᠢᠨ ᠵᠢᠳᠭᠦᠯ ᠶᠡᠬᠡ ᠭᠠᠪᠢᠶ᠎ᠠ ᠦᠯᠡᠮᠵᠢ᠃ ᠮᠠᠨ᠎ᠤ ᠰᠢᠯᠦᠭᠴᠢ ᠵᠤᠬᠢᠶᠠᠯᠴᠢ ᠶᠠᠮᠠᠷ ᠲᠦᠪᠡᠭ ᠬᠦᠴᠢᠷᠲᠡᠯ᠂ ᠮᠠᠳᠠᠭ ᠡᠷᠡᠭᠡᠯᠵᠡᠭᠡᠨ᠎ᠲᠠᠢ ᠤᠴᠢᠷ ᠪᠠᠢ᠌ᠪᠠᠯ ᠪᠦᠷᠢᠨᠪᠠᠶᠠᠷ ᠪᠠᠭᠰᠢ᠎ᠳᠤ᠎ᠪᠠᠨ ᠡᠷᠡᠬᠡ ᠦᠬᠡᠢ ᠤᠳᠠᠰᠤᠳᠠᠨ᠎ᠠ᠂ ᠡᠷᠢᠭᠡᠳ ᠬᠦᠷᠦᠨ᠎ᠠ᠂ ᠡᠪ ᠳ᠋ᠦᠢ᠎ᠲᠠᠢ ᠰᠠᠢ᠌ᠬᠠᠨ ᠰᠢᠢ᠍ᠳᠪᠦᠷᠢᠯᠡᠭᠡᠳ ᠢᠷᠠᠨ᠎ᠠ᠃ ᠨᠠᠮ᠎ᠠ ᠵᠢ ᠪᠠᠭᠲᠠᠭ᠋ᠠᠭᠰᠠᠨ ᠨᠤᠳᠤᠭ᠎ᠤᠨ ᠰᠢᠯᠦᠭᠴᠢ ᠵᠤᠬᠢᠶᠠᠯᠴᠢ ᠷᠠᠰᠢᠠᠤᠳᠽᠡᠷ᠂ ᠯᠤᠤᠽᠡᠷ᠂᠎ᠤ · ᠠᠰᠬ᠎ᠠ᠂ ᠰ᠊ · ᠤᠯᠠᠭ᠋ᠠᠨᠪᠠᠳᠤ᠂ ᠲᠤ᠋ · ᠨᠠᠰᠤᠨᠵᠢᠷᠭ᠋ᠠᠯ᠎ᠤᠨ ᠰᠢᠯᠦᠭ ᠪᠦᠲᠦᠬᠡᠯ᠎ᠳᠤ ᠤᠷᠤᠰᠢᠯ ᠪᠢᠴᠢᠵᠤ ᠤᠷᠮᠠᠰᠢᠭᠤᠯᠵᠤ ᠪᠠᠢ᠌ᠭᠰᠠᠨ᠎ᠢ ᠵᠠᠬ᠎ᠠ᠎ᠠᠴᠠ ᠲᠤᠷᠠᠳᠬᠤ ᠦᠭᠡᠢ᠃ ᠲᠠᠪᠢᠨ ᠵᠢᠯ᠎ᠤᠨ ᠵᠤᠬᠢᠶᠠᠯ ᠪᠦᠲᠦᠭᠡᠯ᠎ᠤᠨ ᠠᠶᠠᠨ᠎ᠳᠤ᠎ᠪᠠᠨ ᠪᠦ᠊ ᠪᠠᠭᠰᠢ ᠮᠢᠨᠢ ᠬᠡᠴᠢᠨᠡᠬᠡᠨ ᠤᠯᠠᠨ ᠤᠷᠠᠨ ᠵᠤᠬᠢᠶᠠᠯ᠎ᠤᠨ ᠵᠠᠯᠠᠭᠤᠰ᠎ᠢ ᠵᠢᠭ᠋ᠠᠨ ᠵᠢᠯᠤᠭᠤᠳᠴᠤ᠂ ᠵᠠᠮ᠎ᠳᠤ᠎ᠨᠢ ᠤᠷᠤᠭᠤᠯᠵᠤ᠂ ᠪᠦᠳᠦᠭᠡᠯ᠎ᠢ᠎ᠨᠢ ᠵᠠᠰᠠᠨ ᠨᠡᠢ᠌ᠲᠡᠯᠡᠵᠤ᠂ ᠠᠮᠢᠳᠤᠷᠠᠯ ᠦᠢ᠍ᠯᠡᠰ ᠡᠯ᠎ᠡ ᠲᠠᠯ᠎ᠠ᠎ᠪᠠᠷ ᠬᠠᠪᠰᠤᠷᠴᠤ ᠲᠡᠮᠵᠢᠵᠤ ᠶᠠᠪᠤᠭᠰᠠᠨ᠎ᠢ ᠪᠦᠷᠢᠳᠬᠡᠬᠦ ᠵᠢᠨ ᠠᠷᠭ᠎ᠠ ᠦᠭᠡᠢ᠃  ᠬᠦᠴᠢᠷ ᠵᠤᠪᠠᠭᠤᠷᠢ᠎ᠲᠠᠢ ᠪᠠᠭ᠎ᠠ ᠨᠠᠰᠤ᠎ᠨᠢ ᠲᠡᠭᠦᠨ᠎ᠢ ᠠᠮᠢᠳᠤᠷᠠᠯ᠎ᠳᠤ ᠤᠯᠠᠮ ᠬᠠᠢ᠌ᠷ᠎ᠠ᠎ᠲᠠᠢ ᠪᠤᠯᠭ᠋ᠠᠵᠤ᠂ ᠪᠤᠰᠤᠳ᠎ᠤᠨ ᠬᠦᠴᠢᠷ ᠵᠤᠪᠠᠭᠤᠷᠢ ᠵᠢ ᠦᠵᠡᠵᠤ ᠲᠦᠪᠲᠡᠬᠦ ᠦᠭᠡᠢ ᠦᠭᠬᠢᠶᠡᠮᠤᠷ ᠰᠡᠳᠬᠢᠯ᠎ᠲᠠᠢ᠂ ᠰᠠᠨᠠᠭ᠎ᠠ ᠠᠭᠤᠳᠠᠮ ᠂ ᠦᠢ᠍ᠯᠡᠰᠴᠢ ᠪᠦᠳᠦᠭᠡᠯᠴᠢ ᠬᠦᠮᠦᠨ᠎ᠳᠤ ᠲᠤᠰᠠᠷᠬᠠᠤ ᠵᠠᠩ ᠠᠷᠠᠨᠰᠢᠨ᠎ᠢ ᠎ᠨᠢ ᠪᠤᠢ ᠪᠤᠯᠭ᠋ᠠᠵᠠᠢ᠃ ᠪᠦᠷᠢᠨᠪᠠᠶᠠᠷ ᠪᠠᠭᠰᠢ ᠮᠢᠨᠢ ᠨᠢᠭᠡ ᠪᠤᠳᠤᠪᠠᠯ ᠡᠭᠡᠭᠡ ᠯᠡ ᠬᠦᠮᠦᠨ᠎ᠤ ᠲᠦᠯᠦᠭᠡ ᠲᠦᠷᠦᠭᠰᠡᠨ ᠬᠦᠮᠦᠨ ᠬᠡᠮᠡᠷ ᠡ᠃  ᠮᠠᠦ ᠲᠡᠷᠢᠬᠦᠯᠡᠭᠴᠢ ᠵᠢᠨ 《ᠪᠧᠲ᠋ᠢᠶᠦᠨ᠎ᠢ ᠲᠤᠷᠠᠰᠬᠠᠶ᠎ᠠ》 ᠭᠡᠰᠡᠨ ᠵᠤᠬᠢᠶᠠᠯ᠎ᠤᠨ 《ᠬᠦᠮᠦᠨ᠎ᠤ ᠴᠢᠲᠠᠪᠤᠷᠢ ᠶᠡᠬᠡ᠎ᠲᠠᠢ ᠪᠠᠭ᠎ᠠ᠎ᠲᠠᠢ᠂  ᠭᠡᠪᠡᠴᠦ ᠡᠢ᠌ᠮᠤ ᠵᠤᠷᠢᠭ ᠰᠠᠨᠠᠭ᠎ᠠ᠎ᠲᠠᠢ ᠯᠡ ᠶᠤᠮ ᠪᠤᠯ ᠡᠷᠬᠢᠮ ᠲᠡᠭᠡᠳᠦ ᠬᠦᠮᠦᠨ᠂ ᠵᠢᠩᠭᠢᠨᠢ ᠬᠦᠮᠦᠨ᠂ ᠶᠤᠰᠤ ᠰᠤᠷᠲᠠᠬᠤᠨ᠎ᠲᠠᠢ ᠬᠦᠮᠦᠨ᠂ ᠲᠤᠤᠷᠠᠳᠤ ᠲᠤᠷᠠᠰᠢᠯ᠎ᠠᠴᠠ ᠠᠩᠭᠢᠵᠢᠷᠠᠭᠰᠠᠨ ᠬᠦᠮᠦᠨ᠂ ᠠᠷᠠᠳ ᠲᠦᠮᠡᠨ᠎ᠳᠤ ᠲᠤᠰᠠᠳᠠᠢ ᠬᠦᠮᠦᠨ》 ᠭᠡᠰᠡᠨ ᠠᠯᠲᠠᠨ ᠪᠠᠳᠠᠭ ᠪᠢᠲᠡᠨ᠎ᠳᠤ ᠶᠠᠭᠤ ᠨᠢᠭᠡ ᠵᠢ ᠪᠤᠳᠤᠭᠳᠠᠭᠤᠯᠤᠨ᠎ᠠ᠃
    《ᠵᠠᠷᠤᠳ ᠨᠤᠳᠤᠭ᠎ᠤᠨ ᠠᠭᠤᠯᠠ᠎ᠨᠢ ᠱᠤᠷᠤᠩ ᠪᠤᠯᠬᠤᠷ ᠬᠦᠮᠦᠨ᠎ᠨᠢ ᠰᠡᠴᠡᠨ ᠮᠡᠷᠭᠡᠨ᠂ ᠵᠠᠷᠤᠳ ᠨᠤᠳᠤᠭ᠎ᠤᠨ ᠤᠰᠤ᠎ᠨᠢ ᠲᠤᠩᠭ᠋ᠠᠯᠠᠭ ᠪᠤᠯᠬᠤᠷ ᠬᠦᠮᠦᠨ᠎ᠨᠢ ᠰᠡᠳᠬᠢᠯ ᠴᠠᠢ᠌ᠯᠭ᠋ᠠᠨ》 ᠭᠡᠵᠤ ᠪᠦᠷᠢᠨᠪᠠᠶᠠᠷ ᠪᠠᠭᠰᠢ ᠮᠢᠨᠢ ᠦᠷᠬᠦᠢ ᠶᠠᠷᠢᠳᠠᠭ ᠪᠢᠯᠡ᠃ 2002 ᠤᠨ᠎ᠳᠤ ᠨᠤᠳᠤᠭ᠎ᠲᠤ ᠮᠢᠨᠢ ᠶᠠᠪᠤᠭᠳᠠᠭᠰᠠᠨ 《ᠲᠠᠭᠤᠷᠢᠯᠢᠭ᠎ᠤᠨ ᠲᠠᠷᠬᠠᠨ ᠫᠠᠵᠠᠢ ᠵᠢᠨ ᠮᠡᠨᠳᠦᠯᠡᠭᠰᠡᠨ ᠵᠠᠭᠤᠨ ᠵᠢᠯ᠎ᠤᠨ ᠤᠢ ᠵᠢ ᠲᠤᠷᠠᠰᠬᠠᠬᠤ ᠬᠤᠷᠠᠯ ᠵᠢᠴᠢ 〈ᠫᠠᠵᠠᠢ ᠬᠤᠨᠳᠠᠭ᠋ᠠᠳᠤ〉 ᠪᠦᠬᠦ ᠤᠯᠤᠰ᠎ᠤᠨ ᠦᠯᠢᠭᠡᠷ ᠬᠤᠯᠪᠤᠭ᠎ᠠ ᠵᠢᠨ ᠤᠷᠤᠯᠳᠤᠭ᠋ᠠᠨ》᠂ 2003 ᠤᠨ᠎ᠤ 《ᠪᠢᠴᠢᠭᠲᠡᠨ ᠬᠤᠭᠤᠷᠴᠢ ᠵᠠᠭ᠋ᠠᠨ᠎ᠠ ᠵᠢᠨ ᠮᠡᠨᠳᠦᠯᠡᠭᠰᠡᠨ ᠵᠠᠭᠤᠨ ᠵᠢᠯ᠎ᠤᠨ ᠤᠢ ᠵᠢ ᠲᠤᠷᠠᠰᠬᠠᠬᠤ ᠬᠤᠷᠠᠯ ᠵᠢᠴᠢ ᠪᠦᠬᠦ ᠬᠤᠰᠢᠭᠤᠨ᠎ᠤ 〈ᠵᠠᠭ᠋ᠠᠨ᠎ᠠ ᠬᠤᠨᠳᠠᠭ᠋ᠠᠳᠤ〉  ᠦᠯᠢᠭᠡᠷ ᠬᠤᠯᠪᠤᠭ᠎ᠠ ᠵᠢᠨ ᠤᠷᠤᠯᠳᠤᠭ᠋ᠠᠨ》᠂  2006 ᠤᠨ᠎ᠤ 《  ᠲᠠᠭᠤᠷᠢᠯᠢᠭ᠎ᠤᠨ ᠲᠠᠷᠬᠠᠨ ᠮᠤᠤᠡᠦ᠋ᠬᠢᠨ᠎ᠤ ᠮᠡᠨᠳᠦᠯᠡᠭᠰᠡᠨ ᠵᠠᠭᠤᠨ ᠵᠢᠯ᠎ᠤᠨ ᠤᠢ ᠵᠢ ᠲᠤᠷᠠᠰᠬᠠᠬᠤ ᠬᠤᠷᠠᠯ ᠵᠢᠴᠢ 〈  ᠮᠤᠤᠡᠦ᠋ᠬᠢᠨ〉 ᠬᠤᠨᠳᠠᠭ᠋ᠠᠳᠤ ᠪᠦᠬᠦ ᠤᠯᠤᠰ᠎ᠤᠨ ᠦᠯᠢᠭᠡᠷ ᠬᠤᠯᠪᠤᠭ᠎ᠠ ᠵᠢᠨ ᠤᠷᠤᠯᠳᠤᠭ᠋ᠠᠨ》 ᠵᠡᠷᠭᠡ ᠵᠢᠯ ᠲᠠᠷᠠᠭ᠋ᠠᠯᠠᠨ ᠶᠠᠪᠤᠭᠳᠠᠭᠰᠠᠨ ᠰᠤᠶᠤᠯ᠎ᠤᠨ ᠲᠤᠮᠤ ᠠᠵᠢᠯᠯᠠᠭ᠋ᠠᠨ᠎ᠳᠤ ᠪᠦᠷᠢᠨᠪᠠᠶᠠᠷ ᠪᠠᠭᠰᠢ ᠮᠢᠨᠢ ᠶᠤᠰᠤᠲᠠᠢ ᠵᠢᠷᠦᠬᠡᠨ᠎ᠤ ᠴᠢᠰᠤ᠎ᠪᠠᠨ ᠰᠢᠪᠬᠠᠵᠤ᠂ ᠡᠯᠢᠭᠡᠨ ᠬᠠᠢ᠌ᠷ᠎ᠠ᠎ᠪᠠᠨ ᠶᠡᠭᠦᠯᠡᠵᠤ ᠶᠠᠪᠤᠭᠰᠠᠨ ᠬᠦᠮᠦᠨ᠃  ᠲᠤᠮᠤ ᠬᠦᠲᠡᠯᠬᠡᠬᠡᠨ ᠎ᠢ  ᠲᠦᠰᠦᠪᠯᠡᠬᠦ᠎ᠠᠴᠠ ᠠᠪᠤᠭ᠋ᠠᠳ ᠲᠡᠭᠦᠰᠦᠨ ᠲᠡᠭᠦᠰᠲᠡᠯ᠎ᠡ ᠠᠯᠢ ᠤᠯᠠᠨ ᠨᠠᠷᠢᠨ ᠰᠢᠷᠢᠨ ᠤᠴᠢᠷ᠎ᠢ  ᠨᠢᠭᠡ ᠨᠢᠭᠡ᠎ᠪᠠᠷ ᠤᠴᠢᠭ ᠰᠦᠪᠡᠭᠴᠢ᠎ᠢ᠎ᠨᠢ ᠭᠠᠷᠭ᠋ᠠᠵᠤ  ᠤᠬᠠᠭ᠋ᠠᠨ ᠬᠦᠯ᠎ᠢ᠎ᠨᠢ  ᠲᠡᠩᠨᠡᠭᠦᠯᠵᠤ ᠂ ᠡᠬᠡ ᠵᠢ᠎ᠨᠢ ᠡᠴᠡᠬᠡᠭᠦ ᠦᠭᠡᠢ ᠲᠤᠭᠤᠯ᠎ᠢ᠎ᠨᠢ ᠲᠤᠷᠠᠭ᠋ᠠᠬᠤ ᠦᠭᠡᠢ ᠡᠪ ᠵᠦᠢ᠎ᠲᠠᠢ ᠵᠤᠬᠢᠴᠠᠭᠤᠯᠤᠨ᠎ᠠ ᠭᠡᠳᠡᠭ ᠡᠩ᠎ᠤᠨ ᠬᠦᠮᠦᠨ᠎ᠤ ᠬᠢᠵᠤ ᠲᠡᠢ᠌ᠯᠬᠦ ᠠᠵᠢᠯ ᠪᠢᠰᠢ᠃ ᠪᠠᠷᠤᠭ᠎ᠤᠨ ᠬᠦᠮᠦᠨ᠎ᠢ ᠪᠢᠰᠢᠷᠡᠲᠡᠭ ᠦᠭᠡᠢ ᠲᠤᠬᠠᠢ ᠵᠢᠨ ᠦᠶ᠎ᠡ ᠵᠢᠨ ᠮᠠᠨ᠎ᠤ ᠬᠤᠰᠢᠭᠤᠨ᠎ᠤ ᠰᠤᠶᠤᠯ᠎ᠤᠨ ᠲᠤᠪᠴᠢᠶᠠᠨ᠎ᠤ ᠲᠠᠷᠤᠭ᠎ᠠ ᠰᠢᠦᠢ ᠸᠧᠨ ᠶᠠᠨ ᠬᠦᠷᠲᠡᠯ᠎ᠡ  ᠡᠷᠡᠬᠡᠢ ᠭᠠᠷᠭ᠋ᠠᠵᠤ᠂ 《ᠡᠨᠡ ᠶᠡᠬᠡ ᠪᠠᠭᠰᠢ ᠵᠤᠬᠢᠶᠠᠯ ᠪᠢᠴᠢᠭᠰᠡᠨ ᠦᠭᠡᠢ ᠲᠠᠷᠤᠭ᠎ᠠ ᠰᠠᠭᠤᠭᠰᠠᠨ ᠪᠤᠯ ᠨᠡᠩ ᠡᠨᠡ ᠲᠤᠤᠷ᠎ᠠ ᠲᠤᠭᠳᠠᠬᠤ ᠬᠦᠮᠦᠨ ᠪᠢᠰᠢ》 ᠭᠡᠵᠤ ᠬᠦᠨᠳᠦᠳᠬᠡᠨ ᠪᠢᠰᠢᠷᠡᠳᠡᠭ ᠰᠠᠨ᠃
      ᠪᠦᠢ᠍ᠲᠡ ᠪᠦᠭᠯᠡᠭᠦᠦ ᠮᠠᠩᠬᠠᠨ ᠨᠤᠳᠤᠭ᠎ᠲᠤ ᠲᠦᠷᠦᠵᠤ ᠦᠰᠦᠭᠰᠡᠨ ᠪᠦᠷᠢᠨᠪᠠᠶᠠᠷ ᠪᠠᠭᠰᠢ ᠨᠤᠳᠤᠭ᠎ᠤᠨ ᠬᠡᠦᠬᠡᠳ᠎ᠤᠨ ᠵᠶ᠋ᠠᠨ ᠮᠠᠩᠬᠠᠨ᠎ᠠᠴᠠ ᠶᠠᠭ᠋ᠠᠬᠢᠵᠤ ᠬᠦᠯ ᠵᠶ᠋ᠠᠨ ᠰᠤᠭᠤᠯᠬᠤ ᠵᠢ ᠮᠠᠰᠢ ᠠᠩᠬᠠᠷᠴᠤ ᠰᠠᠨᠠᠭ᠎ᠠ ᠰᠡᠳᠬᠢᠯ ᠵᠦᠲᠡᠭᠡᠵᠠᠢ᠃ 《ᠮᠤᠩᠬᠠᠭ᠎ᠤᠨ ᠴᠦᠯ᠎ᠢ ᠮᠤᠷᠢ᠎ᠪᠠᠷ ᠪᠢᠰᠢ ᠨᠤᠮ ᠵᠶ᠋ᠠᠷ ᠲᠤᠭᠤᠯᠳᠠᠭ》 ᠭᠡᠭᠴᠢ᠎ᠪᠠᠷ ᠬᠡᠴᠢᠨᠡᠬᠡᠨ ᠵᠢᠯ ᠵᠶ᠋ᠠᠷ ᠴᠤᠭᠯᠠᠭᠤᠯᠤᠭᠰᠠᠨ ᠬᠡᠳᠦᠨ ᠲᠦᠮᠡᠨ  ᠲᠦᠭᠦᠷᠢᠭ᠎ᠤᠨ ᠦᠷᠲᠡᠭ ᠪᠦᠬᠦᠢ ᠨᠤᠮ ᠵᠶ᠋ᠠᠨ ᠡᠬᠡ ᠰᠤᠷᠭ᠋ᠠᠭᠤᠯᠢ —— ᠵᠠᠷᠤᠳ ᠬᠤᠰᠢᠭᠤᠨ᠎ᠤ ᠪᠠᠶᠠᠨᠮᠠᠩᠬ᠎ᠠ ᠰᠤᠷᠭ᠋ᠠᠭᠤᠯᠢ᠎ᠳᠤ ᠬᠠᠨᠳᠢᠪᠯᠠᠵᠤ  《ᠪᠦᠷᠢᠨᠪᠠᠶᠠᠷ ᠨᠤᠮ᠎ᠤᠨ ᠦᠷᠦᠭᠡ》 ᠭᠠᠷᠭ᠋ᠠᠭᠰᠠᠨ᠎ᠨᠢ ᠮᠠᠩᠬᠠᠨ ᠨᠤᠳᠤᠭ᠎ᠤᠨ ᠬᠡᠦᠬᠡᠳ᠎ᠤᠨ ᠮᠠᠷᠭ᠋ᠠᠰᠢ ᠵᠢᠨ ᠨᠠᠷᠠ ᠵᠢ ᠲᠡᠪᠡᠷᠢᠵᠤ ᠪᠤᠰᠬᠤ᠎ᠳᠤ ᠦᠯᠦᠭᠡᠢ ᠰᠠᠵᠢᠯᠠᠭᠰᠠᠨ ᠮᠦᠷᠲᠡᠭᠡᠨ ᠲᠡᠯᠡᠬᠡᠢ ᠲᠠᠨᠢᠭᠤᠯᠤᠭᠰᠠᠨ ᠶᠠᠪᠤᠲᠠᠯ ᠪᠤᠯᠵᠠᠢ᠃  ᠲᠡᠷᠡ ᠤᠳᠠᠭ᠋ᠠᠨ᠎ᠤ ᠨᠤᠮ ᠬᠦᠷᠭᠡᠬᠦ ᠶᠤᠰᠤᠯᠠᠯ᠎ᠳᠤ ᠪᠢ ᠴᠦ᠍ ᠪᠠᠢ᠌ᠯᠴᠠᠭᠰᠠᠨ ᠪᠤᠯᠬᠤᠷ ᠰᠡᠳᠬᠢᠯ ᠬᠦᠲᠡᠯᠭᠡᠮ᠎ᠡ ᠠᠬᠤᠢ ᠲᠠᠯᠠᠪᠠᠢ᠎ᠳᠤ 《  ᠨᠤᠳᠤᠭ᠎ᠤᠨ ᠬᠦᠦ ᠵᠢᠨ ᠰᠡᠳᠬᠢᠯ》 ᠭᠡᠰᠡᠨ ᠰᠢᠯᠦᠭ ᠲᠡᠷᠯᠡᠵᠤ ᠠᠬᠤᠢ ᠲᠠᠯᠠᠪᠠᠢ᠎ᠳᠤ ᠤᠶᠠᠩᠭ᠋ᠠᠯᠠᠭᠰᠠᠨ ᠵᠶ᠋ᠠᠨ  ᠦᠨᠤ ᠡᠨᠳᠡ ᠰᠡᠢ᠌ᠷᠡᠬᠦᠯᠬᠦ᠎ᠳᠤ ᠤᠷᠮ᠎ᠠ ᠲᠡᠬᠦᠯᠳᠡᠷ  ᠪᠠᠢ᠌ᠨ᠎ᠠ᠃
             《  ᠡᠯᠢᠭᠡᠳᠡᠵᠤ ᠤᠨᠠᠭᠰᠠᠨ ᠮᠠᠩᠬᠠᠨ᠎ᠤ᠎ᠪᠠᠨ ᠡᠯᠡᠰᠦᠨ᠎ᠤ᠎ᠬᠢ᠎ᠨᠢ ᠨᠢᠭᠡ ᠮᠦᠬᠦᠯᠢᠭ
                ᠡᠷᠬᠢᠵᠤ ᠰᠠᠨᠠᠭᠳᠠᠬᠤ ᠨᠤᠳᠤᠭ᠎ᠤᠨ ᠵᠶ᠋ᠠᠨ ᠡᠪᠡᠰᠦᠨ᠎ᠤ᠎ᠬᠢ᠎ᠨᠢ ᠨᠢᠭᠡ ᠰᠢᠷᠭᠡᠭ
               ᠡᠯᠢᠭᠡᠨ ᠬᠠᠢ᠌ᠷᠠᠳᠤ ᠰᠤᠶᠤᠯ ᠵᠶ᠋ᠠᠨ ᠲᠡᠭᠡᠳᠦᠯᠡᠵᠤ ᠶᠠᠪᠤᠭᠰᠠᠨ ᠡᠷ᠎ᠡ
               ᠡᠬᠡ ᠨᠤᠳᠤᠭ᠎ᠤᠨ ᠵᠶ᠋ᠠᠨ ᠠᠯᠲᠠᠷ᠎ᠢ ᠲᠡᠯᠡᠬᠡᠢ᠎ᠳᠤ ᠲᠠᠨᠢᠭᠤᠯᠤᠭᠰᠠᠨ ᠨᠠᠷ᠎ᠠ

               ᠰᠤᠷᠬᠤ ᠵᠢᠨ ᠬᠦᠰᠡᠯᠡᠩ ᠡᠪᠤᠷᠯᠡᠭᠡᠳ ᠡᠷᠢᠯ᠎ᠳᠤ ᠮᠤᠷᠲᠠᠭᠰᠠᠨ ᠬᠦᠦ
               ᠰᠤᠳᠤᠨ ᠪᠦᠳᠦᠭᠡᠯ ᠵᠶ᠋ᠠᠨ ᠭᠠᠨᠵᠤᠭ᠋ᠠᠯᠠᠭ᠋ᠠᠳ ᠡᠷᠬᠢᠵᠤ ᠢᠷᠡᠭᠰᠡᠨ ᠦᠷ᠎ᠡ
               ᠰᠤᠶᠤᠯ᠎ᠤᠨ ᠬᠤᠷ᠎ᠠ ᠱᠠᠬᠢᠭᠤᠯᠤᠭ᠋ᠠᠳ ᠨᠤᠳᠤᠭ ᠵᠶ᠋ᠠᠨ ᠡᠷᠭᠢᠭᠰᠡᠨ ᠵᠤᠬᠢᠶᠠᠯᠴᠢ
               ᠰᠡᠳᠬᠢᠯ᠎ᠤᠨ ᠬᠠᠳᠠᠭ ᠨᠠᠮᠢᠷᠠᠭᠤᠯᠤᠭ᠋ᠠᠳ ᠬᠤᠳᠤᠭ ᠵᠶ᠋ᠠᠨ ᠮᠢᠯᠢᠶᠠᠭᠰᠠᠨ ᠰᠢᠯᠦᠭᠴᠢ

               ᠪᠠᠶᠠᠨᠮᠠᠩᠬ᠎ᠠ ᠰᠤᠷᠭ᠋ᠠᠭᠤᠯᠢ᠎ᠳᠤ᠎ᠪᠠᠨ ᠪᠡᠯᠡᠭ ᠪᠠᠷᠢᠭᠰᠠᠨ ᠨᠤᠮ
               ᠪᠠᠶᠠᠨ ᠴᠠᠭ᠋ᠠᠨ ᠡᠯᠡᠰᠦᠨ᠎ᠳᠤ᠎ᠪᠠᠨ ᠪᠡᠷᠬᠡ ᠵᠢ ᠲᠤᠭᠤᠯᠤᠭᠰᠠᠨ ᠵᠠᠮ
               ᠪᠢᠯᠢᠭ᠎ᠤᠨ ᠨᠤᠭᠤᠭ᠋ᠠᠨ ᠠᠲᠠᠷ᠎ᠲᠤ ᠰᠦ ᠲᠤᠰᠤᠭ᠋ᠠᠭᠰᠠᠨ ᠲᠤᠮ
               ᠪᠢᠴᠢᠭ᠎ᠤᠨ ᠡᠷᠢᠶᠡᠨ ᠴᠤᠬᠤᠷ᠎ᠲᠤ ᠬᠦ᠋ ᠠᠷᠢᠯᠭ᠋ᠠᠭᠰᠠᠨ ᠤᠮ

              ᠨᠢᠩᠵᠢᠨ ᠬᠠᠢ᠌ᠷ᠎ᠠ᠎ᠲᠠᠢ ᠦᠷ᠎ᠡ ᠵᠢᠨ ᠦᠵᠦᠭᠦᠷ ᠰᠡᠳᠬᠢᠯ᠎ᠤᠨ  ᠲᠡᠮᠡᠦᠯᠦᠯ
              ᠨᠢᠮᠭᠡᠨ ᠦᠷᠦ᠎ᠲᠠᠢ ᠵᠤᠬᠢᠶᠠᠯᠴᠢ ᠵᠢᠨ ᠦᠨᠡᠨ ᠵᠢᠷᠦᠬᠡᠨ᠎ᠤ ᠬᠠᠷᠢᠭᠤᠴᠠᠯᠭ᠎ᠠ
              ᠨᠡᠢ᠌ᠭᠡᠮ᠎ᠤᠨ ᠰᠡᠳᠬᠢᠯ᠎ᠢ ᠬᠦᠲᠡᠯᠬᠡᠭᠰᠡᠨ ᠦᠷᠦᠪᠴᠢ ᠬᠠᠯᠠᠭᠤᠨ ᠲᠡᠮᠵᠢᠯᠭᠡ
              ᠨᠡᠢ᠌ᠲᠡᠮ ᠲᠠᠶᠠᠭ᠋ᠠᠷ ᠲᠤᠷᠠᠰᠤᠭᠳᠠᠬᠤ ᠦᠯᠢᠭᠡᠷ ᠲᠠᠭᠤᠷᠢᠶᠠᠯᠳᠤ ᠬᠠᠯᠠᠮᠵᠢᠯᠠᠭ᠎ᠠ

              ᠨᠤᠳᠤᠭ᠎ᠤᠨ ᠬᠦᠦ ᠵᠢᠨ ᠰᠡᠳᠬᠢᠯ ᠨᠤᠳᠤᠭ ᠵᠶ᠋ᠠᠨ ᠦᠨᠦᠰᠦᠭᠡᠳ ᠵᠢᠷᠭ᠋ᠠᠨ᠎ᠠ
              ᠨᠤᠷᠤᠮ ᠮᠠᠨᠠᠭᠰᠠᠨ ᠬᠠᠢ᠌ᠷ᠎ᠠ᠎ᠨᠢ ᠤᠷᠮ᠎ᠠ ᠲᠡᠳᠬᠦᠭᠡᠳ ᠭᠡᠲᠡᠢ᠌ᠨ᠎ᠠ
              ᠨᠤᠷ᠎ᠠ ᠴᠠᠭ᠋ᠠᠨ ᠡᠯᠡᠰᠦᠨ᠎ᠳᠤ ᠨᠤᠮ᠎ᠤᠨ ᠠᠭᠤᠯᠠ ᠪᠤᠰᠤᠨ᠎ᠠ
              ᠨᠤᠮᠢᠨ ᠨᠤᠭᠤᠭ᠋ᠠᠨ ᠰᠡᠭᠦᠲᠡᠷ᠎ᠲᠤ᠎ᠨᠢ ᠨᠠᠢ᠌ᠷᠠᠭ᠎ᠤᠨ ᠰᠢᠪᠠᠭᠤᠳ ᠵᠢᠷᠬᠢᠨ᠎ᠠ》 ᠁

     《ᠬᠦᠮᠦᠨ᠎ᠤ ᠰᠠᠢ᠌ᠬᠠᠨ᠎ᠨᠢ ᠰᠡᠳᠬᠢᠯ᠎ᠳᠤ᠎ᠪᠠᠨ᠂ ᠰᠡᠳᠬᠢᠯ᠎ᠤᠨ ᠰᠠᠢ᠌ᠬᠠᠨ᠎ᠨᠢ ᠦᠢ᠍ᠯᠡᠰ᠎ᠲᠤ᠎ᠪᠠᠨ》 《ᠬᠦᠮᠦᠨ ᠨᠠᠮ᠎ᠠ ᠵᠢ ᠬᠦᠮᠦᠨ ᠵᠶ᠋ᠠᠷ ᠦᠵᠡᠪᠡᠯ ᠬᠦᠮᠦᠨ᠎ᠢ ᠪᠢ ᠪᠤᠷᠬᠠᠨ ᠵᠶ᠋ᠠᠷ ᠦᠵᠡᠨ᠎ᠡ》 ᠎ᠨᠢ ᠪᠦᠷᠢᠨᠪᠠᠶᠠᠷ ᠪᠠᠭᠰᠢ ᠵᠢᠨ ᠶᠡᠷᠦ᠎ᠳᠤ᠎ᠪᠠᠨ ᠬᠡᠯᠡᠳᠡᠭ ᠦᠭᠡ ᠡᠨᠡ᠃  ᠬᠦᠮᠦᠨ᠎ᠤ ᠰᠠᠢ᠌ᠨ ᠬᠦᠮᠦᠨ ᠪᠤᠯ ᠬᠦᠮᠦᠨ᠎ᠤ ᠮᠠᠭᠤ ᠵᠢ ᠮᠠᠷᠲᠠᠭ᠋ᠠᠳ᠂ ᠬᠦᠮᠦᠨ᠎ᠤ ᠰᠠᠢ᠌ᠨ᠎ᠢ ᠴᠡᠭᠡᠵᠢᠯᠡᠳᠡᠭ ᠭᠡᠳᠡᠭ᠎ᠨᠢ ᠤᠷᠤ᠎ᠲᠠᠢ ᠦᠬᠡ᠃  ᠪᠦᠷᠢᠨᠪᠠᠶᠠᠷ ᠪᠠᠭᠰᠢ ᠨᠤᠳᠤᠭ ᠎ᠲᠤ᠎ᠪᠠᠨ ᠢᠷᠡᠬᠦ ᠪᠤᠯᠭ᠋ᠠᠨ ᠶᠠᠮᠠᠷ ᠶᠠᠭ᠋ᠠᠷᠡᠤ ᠪᠠᠢ᠌ᠯ᠎ᠠ ᠴᠦ᠍ ᠮᠠᠨ᠎ᠤ ᠬᠤᠰᠢᠭᠤᠨ᠎ᠤ ᠠᠬᠠᠮᠠᠳ ᠤᠷᠠᠯᠢᠭᠴᠢᠨ ᠷᠠᠰᠢᠡᠳᠳᠽᠡᠷ᠂ ᠠᠬᠠᠮᠠᠳ ᠲᠠᠷᠤᠭ᠎ᠠ ᠰᠠᠢ᠌ᠨᠪᠠᠶᠠᠷ᠎ᠤᠨ᠎ᠬᠢ᠎ᠪᠠᠷ ᠬᠦᠷᠴᠤ ᠠᠮᠤᠷ ᠮᠡᠨᠳᠤ ᠠᠰᠠᠭᠤᠵᠤ ᠪᠤᠯᠭᠤᠭ᠋ᠠᠨ ᠲᠤᠬᠤᠨᠢᠭᠤᠯᠤᠭ᠋ᠠᠳ ᠶᠠᠪᠤᠳᠠᠭ᠃  《  ᠲᠡᠬᠡ ᠵᠢᠨ ᠬᠠᠨ᠎ᠤ ᠬᠤᠶᠠᠷ ᠰᠠᠷᠢᠳᠠᠭ》 ᠬᠡᠵᠤ ᠲᠡᠷᠡ ᠬᠤᠶᠠᠷ ᠠᠬᠠᠮᠠᠳ᠎ᠢ ᠮᠡᠳᠡᠭᠡᠯᠡᠯ᠎ᠤᠨ ᠤᠷᠠᠨ ᠵᠤᠬᠢᠶᠠᠯ ᠪᠢᠴᠢᠭᠰᠡᠨ ᠮᠦᠷᠲᠡᠭᠡᠨ ᠬᠤᠰᠢᠭᠤ ᠨᠤᠳᠤᠭ᠎ᠤᠨ ᠮᠢᠨᠢ ᠨᠠᠪᠳᠠᠭ ᠰᠠᠪᠳᠠᠭ ᠰᠢᠦ ᠲᠠ ᠨᠠᠷ ᠭᠡᠵᠤ ᠬᠦᠨᠳᠦᠳᠬᠡᠨ ᠪᠢᠰᠢᠷᠡᠳᠡᠭ ᠪᠢᠯᠡ᠃ 2016 ᠤᠨ᠎ᠳᠤ ᠠᠯᠢ ᠤᠯᠠᠨ ᠠᠵᠢᠯ ᠵᠶ᠋ᠠᠨ ᠠᠷᠤ᠎ᠳᠤ᠎ᠪᠠᠨ ᠤᠷᠬᠢᠵᠤ ᠷᠠᠰᠢᠡᠳᠳᠽᠡᠷ ᠪᠠᠭᠰᠢ ᠵᠢᠨ ᠵᠤᠬᠢᠶᠠᠯ ᠪᠦᠳᠦᠭᠡᠯ᠎ᠤᠨ ᠴᠢᠭᠤᠯᠭ᠋ᠠᠨ ——  ᠠᠷᠪᠠᠨ ᠭᠤᠷᠪᠠᠨ ᠪᠤᠳᠢ ᠵᠢ ᠲᠠᠷᠬᠠᠭ᠋ᠠᠬᠤ ᠶᠤᠰᠤᠯᠠᠯ᠎ᠳᠤ ᠤᠷᠤᠯᠴᠠᠭ᠋ᠠᠳ ᠰᠡᠳᠬᠢᠯ ᠬᠦᠳᠡᠯᠭᠡᠮ᠎ᠡ ᠶᠠᠷᠢᠶ᠎ᠠ ᠲᠠᠯᠪᠢᠵᠤ ᠪᠠᠢ᠌ᠭᠰᠠᠨ᠎ᠨᠢ ᠦᠴᠤᠬᠡᠳᠤᠷᠬᠡᠨ ᠰᠢᠭ ᠰᠠᠨᠠᠭᠳᠠᠪᠠᠴᠤ ᠦᠩᠭᠡᠷᠡᠭᠡᠳ ᠨᠡᠯᠢᠶᠡᠳ ᠵᠢᠯ ᠪᠤᠯᠴᠢᠬᠠᠵᠠᠢ᠃ 
       ᠲᠠᠯᠠ ᠰᠢᠬᠠᠭᠰᠠᠨ ᠡᠪᠤᠭᠡᠨ ᠪᠠᠭᠰᠢ ᠮᠢᠨᠢ ᠨᠢᠳᠤᠨᠤᠨ ᠵᠢᠯ ᠨᠤᠳᠤᠭ᠎ᠲᠤ᠎ᠪᠠᠨ ᠢᠷᠡᠵᠤ᠂  ᠪᠦᠬᠦ ᠤᠯᠤᠰ᠎ᠤᠨ ᠠᠷᠠᠳ᠎ᠤᠨ  ᠲᠦᠯᠦᠭᠡᠯᠡᠭᠴᠢᠳ᠎ᠤᠨ ᠶᠡᠬᠡ ᠬᠤᠷᠠᠯ᠎ᠤᠨ ᠲᠦᠯᠦᠭᠡᠯᠡᠭᠴᠢ᠂ ᠵᠠᠷᠤᠳ ᠬᠤᠰᠢᠭᠤᠨ᠎ᠤ ᠪᠠᠶᠠᠨᠲᠠᠯ᠎ᠠ ᠰᠤᠮᠤ ᠵᠢᠨ ᠵᠡᠭᠦᠨ ᠰᠠᠯᠠᠭ᠎ᠠ ᠭᠠᠴᠠᠭ᠋ᠠᠨ᠎ᠤ ᠨᠠᠮ᠎ᠤᠨ ᠡᠭᠦᠷ᠎ᠤᠨ ᠱᠦᠵᠢ᠂  《ᠮᠠᠯᠴᠢᠨ ᠠᠢ᠌ᠯ ᠦᠬᠡᠷ ᠲᠡᠵᠢᠭᠡᠬᠦ ᠬᠤᠷᠰᠢᠶᠠᠵᠢᠯ 》᠎ᠤᠨ ᠲᠠᠭ᠋ᠠᠭ᠋ᠠᠮᠠᠯ ᠡᠤ ᠶᠦᠨ ᠪᠦᠸᠸ ᠨᠦᠬᠦᠷ᠎ᠤᠨ ᠦᠢ᠍ᠯᠡ ᠠᠵᠢᠯᠯᠠᠭ᠎ᠠ᠎ᠪᠠᠷ ᠮᠡᠳᠡᠭᠡᠯᠡᠯ᠎ᠤᠨ ᠤᠷᠠᠨ ᠵᠤᠬᠢᠶᠠᠯ ᠪᠢᠴᠢᠬᠦ᠎ᠪᠠᠷ ᠰᠤᠷᠪᠤᠯᠵᠢᠯᠠᠭ᠎ᠠ ᠎ᠪᠠᠨ ᠡᠬᠢᠯᠡᠭᠦᠯᠵᠠᠢ᠃  ᠪᠦᠷᠢᠨᠪᠠᠶᠠᠷ ᠪᠠᠭᠰᠢ  ᠴᠠᠭ᠎ᠢ ᠠᠷᠪᠢᠯᠠᠵᠤ ᠰᠤᠷᠪᠤᠯᠵᠢᠯᠠᠭ᠎ᠠ᠎ᠪᠠᠨ ᠠᠬᠢᠭᠤᠯᠬᠤ ᠵᠢᠨ ᠲᠦᠯᠦᠭᠡ ᠬᠤᠰᠢᠭᠤᠨ ᠲᠡᠭᠡᠷ᠎ᠡ ᠨᠢᠭᠡ ᠯᠡ ᠬᠤᠨᠤᠭᠯᠠᠮᠠᠭᠴᠠ ᠰᠢᠭᠤᠳ ᠭᠠᠴᠠᠭ᠋ᠠᠨ ᠲᠡᠭᠡᠷ᠎ᠡ  ᠬᠦᠷᠦᠭᠡᠳ ᠪᠠᠢ᠌ᠷᠢᠯᠠᠴᠢᠬᠠᠯ᠎ᠠ᠃  ᠭᠠᠴᠠᠭ᠋ᠠᠨ᠎ᠤ ᠨᠦᠬᠦᠴᠡᠯ ᠬᠡᠳᠦᠢ ᠰᠠᠢ᠌ᠵᠢᠷᠠᠯ᠎ᠠ ᠭᠡᠳ ᠶᠠᠭ᠋ᠠᠬᠢᠪᠠᠴᠤ ᠬᠤᠰᠢᠭᠤᠨ ᠲᠦᠪ ᠲᠡᠭᠡᠷ᠎ᠡ ᠬᠤᠨᠤᠵᠤ ᠬᠡᠪᠲᠡᠵᠤ ᠢᠲᠡᠵᠤ ᠤᠤᠭᠤᠬᠤ ᠵᠢ ᠬᠦᠷᠬᠦ ᠦᠭᠡᠢ᠃ ᠭᠡᠳᠡᠯ᠎ᠡ ᠪᠦ᠊ ᠪᠠᠭᠰᠢ ᠮᠢᠨᠢ ᠄ 《  ᠠᠢ᠂ ᠮᠠᠨ᠎ᠤ ᠵᠤᠬᠢᠶᠠᠯᠴᠢ ᠬᠦᠮᠦᠨ᠎ᠳᠤ ᠬᠠᠨᠠᠰᠠ ᠲᠡᠢ᠌ᠮᠤ ᠤᠯᠠᠨ ᠶᠠᠷᠰᠢᠭ ᠪᠠᠢ᠌ᠬᠤ ᠪᠤᠢ᠂  ᠲᠤ᠋᠂ ᠨᠠᠰᠤᠨᠵᠢᠷᠭ᠋ᠠᠯ᠎ᠤᠨ ᠲᠤᠭᠤᠢ ᠵᠢᠨ ᠠᠷᠤ᠎ᠳᠤ ᠰᠤᠨᠳᠠᠯᠠᠭ᠋ᠠᠳ ᠭᠡᠷᠴᠢᠯᠠᠭᠤ᠎ᠳᠤ ᠬᠦᠲᠡᠭᠡ ᠪᠠᠭᠤᠵᠤ ᠪᠠᠢ᠌ᠭᠰᠠᠨ᠎ᠢ ᠪᠤᠳᠤᠪᠠᠯ ᠡᠨᠡ ᠴᠢᠨᠢ ᠪᠤᠯᠬᠤ ᠯᠡ ᠨᠦᠭᠦᠴᠡᠯ ᠳ᠋ᠠ》 ᠭᠡᠵᠤ ᠢᠨᠢᠶᠡᠪᠬᠢᠯᠡᠨ ᠶᠠᠷᠢᠨ᠎ᠠ᠃  ᠰᠤᠷᠪᠤᠯᠵᠢᠯᠠᠨ ᠪᠢᠴᠢᠬᠦ ᠶᠠᠪᠤᠴᠠ᠎ᠳᠤ᠎ᠪᠠᠨ ᠡᠤ ᠶᠦᠨ ᠪᠦᠸᠸ ᠨᠦᠬᠦᠷ ᠭᠠᠴᠠᠭ᠋ᠠᠨ᠎ᠤ ᠲᠡᠦᠬᠡ᠎ᠪᠠᠨ ᠪᠢᠴᠢᠬᠦ  ᠰᠠᠨᠠᠭ᠋ᠠᠲᠠᠢ ᠡᠨᠡ ᠡᠪᠤᠭᠡᠨ ᠠᠬ᠎ᠠ᠎ᠪᠠᠨ ᠭᠤᠶᠤᠬᠤ᠎ᠳᠤ ᠲᠡᠷᠡ ᠮᠦᠨ ᠯᠡ ᠬᠦᠯᠢᠶᠡᠨ ᠠᠪᠤᠭ᠋ᠠᠳ᠂  ᠬᠠᠩᠳᠠᠭᠤᠳ ᠤᠰᠤᠨᠪᠤᠳᠤᠭ᠎ᠲᠠᠢ ᠬᠠᠮᠵᠢᠯᠴᠠᠨ ᠲᠡᠷᠡ ᠡᠭᠦᠷᠭᠡ ᠵᠢ ᠎ᠨᠢ  ᠬᠢᠯᠠᠯᠵᠠᠲᠠᠯ᠎ᠠ ᠰᠠᠢ᠌ᠬᠠᠨ ᠪᠡᠶᠡᠯᠡᠭᠦᠯᠵᠤ ᠦᠭᠴᠠᠢ᠃  ᠲᠡᠷᠡ ᠬᠡᠵᠢᠶᠡᠳᠡ ᠬᠦᠮᠦᠨ᠎ᠳᠤ ᠶᠠᠷᠰᠢᠭ ᠲᠠᠷᠤᠭ᠋ᠠᠰᠤ ᠨᠡᠮᠡᠶ᠎ᠡ ᠭᠡᠵᠤ ᠪᠤᠳᠤᠬᠤ ᠦᠭᠡᠢ᠂ ᠮᠠᠨᠤᠰ᠎ᠲᠠᠢ ᠬᠠᠮᠳᠤ ᠬᠤᠭᠤᠯᠠ ᠢᠲᠡᠪᠡᠴᠤ 《ᠲᠦᠭᠦᠮᠬᠡᠨ ᠪᠤᠯ ᠪᠤᠯᠴᠢᠬᠠᠨ᠎ᠠ ᠰᠢᠦ᠂ ᠵᠤᠭᠤᠭᠳᠠᠵᠤ ᠰᠠᠭᠤᠬᠤ᠎ᠨᠢ ᠴᠢᠬᠤᠯᠡ᠃ ᠨᠢᠭᠡ ᠬᠦᠮᠦᠨ᠎ᠤ ᠨᠢᠭᠡ ᠠᠶᠠᠭ᠎ᠠ  ᠴᠦᠷᠮ᠎ᠡ (ᠾᠧ ᠯᠧ )᠎ᠪᠠᠨ ᠢᠲᠡᠴᠢᠬᠡᠶ᠎ᠡ 》 ᠭᠡᠳ ᠬᠤᠷᠢᠭᠯᠠᠵᠤ ᠯᠡ ᠪᠠᠢ᠌ᠳᠠᠭ᠃  ᠨᠢᠭᠡ ᠬᠦᠮᠦᠨ᠎ᠤ ᠡᠷᠬᠢᠮ ᠲᠡᠭᠡᠳᠦ ᠵᠠᠩ ᠴᠢᠨᠠᠷ ᠶᠡᠷᠦ᠎ᠨᠢ ᠲᠤᠭᠰᠢᠨ ᠰᠠᠯᠬᠢᠨ ᠰᠢᠷᠦᠬᠦᠨ ᠪᠤᠷᠤᠭ᠋ᠠᠨ᠎ᠤ ᠲᠤᠮᠳᠠ ᠢᠯᠡᠷᠡᠬᠦ ᠪᠢᠰᠢ᠂ ᠬᠠᠷᠢᠨ ᠵᠢᠵᠢᠭ ᠰᠠᠵᠢᠭ ᠠᠷᠰᠠᠷ ᠤᠴᠢᠷ ᠵᠶ᠋ᠠᠷ ᠲᠠᠮᠵᠢᠵᠤ ᠬᠦᠮᠦᠨ ᠮᠦᠰᠦ ᠵᠢᠨ ᠭᠡᠷᠡᠯ ᠭᠡᠭᠡ ᠎ᠨᠢ ᠰᠠᠴᠤᠷᠠᠨ ᠲᠤᠸᠠᠯᠠᠵᠤ ᠪᠠᠢ᠌ᠳᠠᠭ ᠡ᠃

                              ᠲᠠᠪᠤ
              
    ᠲᠠᠪᠢᠨ ᠵᠢᠯ᠎ᠤᠨ ᠤᠳᠬ᠎ᠠ ᠵᠤᠬᠢᠶᠠᠯ᠎ᠤᠨ ᠠᠶᠠᠨ᠎ᠳᠤ᠎ᠪᠠᠨ  ᠪᠦᠷᠢᠨᠪᠠᠶᠠᠷ ᠪᠠᠭᠰᠢ ᠵᠢᠨ ᠤᠯᠤᠭᠰᠠᠨ ᠱᠠᠩᠨᠠᠯ ᠬᠦᠬᠢᠭᠦᠯᠦᠯ᠎ᠢ ᠪᠢ ᠨᠢᠭᠡᠳ ᠨᠢᠭᠡ᠎ᠪᠠᠷ ᠲᠤᠷᠠᠳᠬᠤ ᠦᠭᠡᠢ᠃  ᠵᠤᠬᠢᠶᠠᠯ ᠪᠦᠲᠦᠭᠡᠯ᠎ᠨᠢ ᠤᠯᠤᠰ᠎ᠤᠨ ᠲᠡᠰ᠎ᠤᠨ 《ᠠᠵᠢᠨᠠᠢ》᠎ᠠᠴᠠ ᠤᠷᠤᠨ᠎ᠤ ᠲᠡᠰ᠎ᠤᠨ 《ᠰᠤᠯᠤᠩᠭ᠎ᠠ》 ᠬᠦᠷᠲᠡᠯ᠎ᠡ ᠬᠡᠳᠦ ᠤᠳᠠᠭ᠎ᠠ ᠬᠦᠬᠢᠭᠦᠯᠦᠭᠲᠡᠵᠤ᠂  ᠵᠠᠷᠢᠮ ᠨᠤᠮ᠎ᠨᠢ ᠪᠦᠬᠦ ᠤᠯᠤᠰ᠎ᠤᠨ 《ᠲᠠᠪᠤᠨ ᠨᠢᠭᠡ ᠵᠢᠨ ᠢᠨᠵᠸᠨᠢᠷᠢᠩ》᠎ᠤᠨ ᠰᠢᠯᠢᠲᠡᠭ ᠨᠤᠮ᠎ᠤᠨ ᠱᠠᠩᠨᠠᠯ᠎ᠢ ᠤᠯᠤᠭᠰᠠᠨ ᠪᠠᠢ᠌ᠨ᠎ᠠ᠃  ᠵᠤᠬᠢᠶᠠᠯ ᠪᠦᠳᠦᠭᠡᠯ᠎ᠤᠳ᠎ᠨᠢ ᠬᠢᠲᠠᠳ ᠬᠡᠯᠡᠨ ᠪᠤᠶᠤ ᠭᠠᠳᠠᠭ᠋ᠠᠳᠤ ᠬᠡᠯᠡᠨ᠎ᠳᠤ ᠤᠷᠴᠢᠭᠤᠯᠤᠭᠳᠠᠵᠤ ᠶᠡᠭᠡ ᠰᠤᠷᠭ᠋ᠠᠭᠤᠯᠢ ᠵᠢᠨ ᠬᠢᠴᠢᠶᠡᠯ᠎ᠤᠨ ᠵᠢᠭ᠋ᠠᠬᠤ ᠮᠠᠲ᠋ᠧᠷᠢᠶᠡᠯ᠎ᠠᠴᠠ ᠲᠤᠮᠳᠠᠳᠤ ᠰᠤᠷᠭ᠋ᠠᠭᠤᠯᠢ ᠵᠢᠨ ᠬᠢᠴᠢᠶᠡᠯ᠎ᠤᠨ ᠪᠢᠴᠢᠭ᠎ᠲᠤ ᠬᠦᠷᠲᠡᠯ᠎ᠡ ᠰᠤᠩᠭᠤᠭᠳᠠᠵᠤ ᠪᠠᠢ᠌ᠨ᠎ᠠ᠃  ᠪᠦᠷᠢᠨᠪᠠᠶᠠᠷ ᠪᠠᠭᠰᠢ ᠵᠢᠨ ᠲᠠᠪᠢᠨ ᠵᠢᠯ᠎ᠤᠨ ᠲᠤᠷᠰᠢ ᠨᠠᠢ᠌ᠷᠠᠭᠤᠯᠵᠤ ᠬᠡᠪᠯᠡᠭᠦᠯᠦᠭᠰᠡᠨ ᠨᠤᠮ᠎ᠤᠳ ᠭᠡᠪᠡᠯ ᠨᠡᠩ ᠤᠯᠠᠨ᠃  《ᠡᠷᠦᠬᠡ ᠰᠡᠭᠦᠭᠰᠡᠨ ᠬᠦᠮᠦᠰ》᠎ᠠᠴᠠ 《ᠨᠤᠭᠤᠭ᠋ᠠᠨ ᠪᠦᠷᠢᠳᠦ》  《ᠬᠠᠪᠤᠷ᠎ᠤᠨ ᠤᠶᠠᠩᠭ᠎ᠠ》 ᠭᠡᠳ ᠭᠤᠴᠢᠭ᠋ᠠᠳ ᠨᠤᠮ ᠪᠠᠢ᠌ᠨ᠎ᠠ᠃ 《ᠵᠤᠬᠢᠶᠠᠯ ᠪᠦᠳᠦᠭᠡᠯ  ᠢᠨᠦ ᠡᠵᠡᠨ᠎ᠯᠦᠭᠡ᠎ᠪᠠᠨ ᠠᠳᠠᠯᠢ》  ᠭᠡᠰᠡᠨ ᠦᠭᠡ ᠪᠠᠢ᠌ᠳᠠᠭ᠃ ᠪᠦᠷᠢᠨᠪᠠᠶᠠᠷ  ᠪᠠᠭᠰᠢ ᠵᠢᠨ ᠵᠤᠬᠢᠶᠠᠯ ᠪᠦᠳᠦᠭᠡᠯ᠎ᠨᠢ ᠪᠤᠷᠤᠭᠵᠢᠭᠤᠨ ᠮᠦᠷᠲᠡᠭᠡᠨ ᠦᠨᠡᠨ ᠪᠠᠢ᠌ᠳᠠᠭ ᠵᠶ᠋ᠠᠷ ᠦᠢ ᠲᠦᠮᠡᠨ ᠤᠩᠰᠢᠭᠴᠢ ᠵᠢᠨ ᠰᠡᠳᠬᠢᠯ᠎ᠤᠨ ᠬᠦᠪᠴᠢ ᠵᠢ ᠲᠤᠷᠭᠢᠭᠤᠯᠵᠤ ᠪᠤᠳᠤᠯ᠎ᠤᠨ ᠶᠤᠩᠬᠤᠷ᠎ᠢ ᠴᠢᠪᠬᠠᠲᠠᠵᠤ ᠴᠢᠲᠠᠳᠠᠭ᠃ ᠲᠡᠭᠦᠨ᠎ᠤ ᠵᠤᠬᠢᠶᠠᠯ ᠪᠦᠳᠦᠭᠡᠯ᠎ᠨᠢ ᠴᠠᠭ ᠦᠶ᠎ᠡ ᠵᠢᠨ ᠭᠤᠤᠯ ᠬᠦᠭ ᠠᠶᠠᠰ᠎ᠢ ᠡᠵᠡᠮᠳᠡᠨ᠂ ᠬᠦᠮᠦᠨ᠎ᠤ ᠠᠮᠢᠳᠤᠷᠠᠯ᠎ᠤᠨ ᠦᠨᠡᠨ ᠰᠠᠢ᠌ᠨ ᠰᠠᠢ᠌ᠬᠠᠨ᠎ᠢ ᠮᠠᠭᠲᠠᠨ ᠲᠠᠭᠤᠯᠠᠵᠤ᠂ ᠬᠦᠮᠦᠰ᠎ᠲᠤ ᠭᠤᠸ᠎ᠠ ᠰᠠᠢ᠌ᠬᠠᠨ᠎ᠤ ᠬᠦᠷᠲᠡᠭᠡᠮᠵᠢ  ᠣᠯᠭᠤᠬᠤ᠎ᠪᠠᠷ ᠪᠠᠷᠠᠬᠤ ᠦᠭᠡᠢ ᠪᠠᠰᠠ ᠠᠮᠢᠳᠤᠷᠠᠯ᠎ᠤᠨ ᠢᠲᠡᠭᠡᠯ ᠵᠤᠷᠢᠭ᠎ᠢ᠎ᠨᠢ ᠬᠦᠪᠴᠢᠯᠡᠳᠡᠭ᠃ 《ᠠᠯᠲᠠᠨ ᠮᠦᠩᠭᠦᠨ ᠱᠠᠩᠨᠠᠯ  ᠬᠦᠬᠢᠭᠦᠯᠦᠯ ᠠᠷᠠᠳ ᠲᠦᠮᠡᠨ᠎ᠤ ᠠᠮᠠᠨ ᠱᠠᠩᠨᠠᠯ᠎ᠢ ᠬᠦᠷᠬᠦ ᠦᠭᠡᠢ》 ᠭᠡᠰᠡᠨ ᠦᠬᠡ ᠪᠠᠢ᠌ᠳᠠᠭ᠃  ᠪᠦᠷᠢᠨᠪᠠᠶᠠᠷ ᠪᠠᠭᠰᠢ ᠵᠢᠨ ᠮᠡᠳᠡᠭᠡᠯᠡᠯ᠎ᠤᠨ ᠤᠷᠠᠨ ᠵᠤᠬᠢᠶᠠᠯ᠎ᠢ ᠤᠯᠤᠰ᠎ᠤᠨ ᠲᠡᠰ᠎ᠤᠨ ᠰᠤᠳᠤᠯᠤᠭᠴᠢ᠎ᠠᠴᠠ ᠤᠷᠭ᠎ᠠ ᠲᠤᠬᠤᠢ᠌ᠯᠠᠭᠰᠠᠨ ᠮᠠᠯᠴᠢᠨ ᠬᠦᠷᠲᠡᠯ᠎ᠡ᠂  ᠠᠯᠲᠠᠷ  ᠶᠡᠬᠡᠲᠡᠢ ᠫᠷᠤᠹᠸᠰᠰᠤᠷ᠎ᠠᠴᠠ ᠠᠭ᠋ᠠᠷᠤᠤᠯ ᠲᠡᠯᠭᠡᠭᠰᠡᠨ ᠬᠦᠭᠰᠢᠨ ᠬᠦᠷᠲᠡᠯ᠎ᠡ  ᠠᠮᠠ ᠠᠮᠠᠨ᠎ᠳᠤ᠎ᠪᠠᠨ ᠱᠠᠭᠰᠢᠵᠤ 《  ᠤᠤᠬᠠᠢ ᠭᠡᠳᠡᠯ᠎ᠡ ᠰᠠᠢ᠌ᠬᠠᠨ ᠪᠢᠴᠢᠯ᠎ᠡ》 ᠭᠡᠳ ᠮᠠᠭᠳᠠᠵᠤ ᠪᠠᠢ᠌ᠳᠠᠭ ᠡ᠃  ᠠᠷᠠᠳ ᠲᠦᠮᠡᠨ᠎ᠤ ᠲᠤᠮᠳᠠ ᠭᠦᠨᠵᠡᠬᠡᠢ᠌ᠷᠡᠵᠤ ᠠᠷᠠᠳ ᠲᠦᠮᠡᠨ ᠵᠶ᠋ᠠᠷ ᠦᠨᠳᠤᠰᠤ ᠪᠤᠯᠭ᠋ᠠᠭᠰᠠᠨ ᠵᠤᠬᠢᠶᠠᠯᠴᠢ ᠰᠠᠶᠢ ᠠᠷᠠᠳ ᠲᠦᠮᠡᠨ᠎ᠤ᠎ᠪᠠᠨ ᠠᠮᠠᠨ ᠱᠠᠩᠨᠠᠯ᠎ᠢ ᠤᠯᠬᠤ ᠬᠢᠷᠢ ᠬᠡᠮ᠎ᠲᠠᠢ ᠶᠤᠮ ᠡ᠃  ᠠᠯᠪᠠᠨ ᠰᠢᠷᠡᠬᠡᠨ᠎ᠤ ᠠᠷᠤ᠎ᠳᠤ ᠮᠢᠲᠡᠢ᠌ᠵᠤ᠂ ᠠᠰᠢᠭ ᠬᠠᠷᠠᠭᠰᠠᠨ ᠨᠢᠳᠤ᠎ᠪᠠᠷ ᠵᠤᠬᠢᠶᠠᠯ ᠪᠢᠴᠢᠳᠡᠭ ᠬᠦᠮᠦᠰ ᠪᠦᠷᠢᠨᠪᠠᠶᠠᠷ ᠪᠠᠭᠰᠢ ᠵᠢᠨ ᠤᠯᠤᠭᠰᠠᠨ ᠠᠷᠠᠳ ᠲᠦᠮᠡᠨ᠎ᠤ ᠠᠮᠠᠨ ᠱᠠᠩᠨᠠᠯ᠎ᠢ ᠬᠡᠵᠢᠶᠡᠲᠡ ᠤᠯᠬᠤ ᠬᠤᠪᠢ ᠦᠭᠡᠢ᠃
       ᠮᠢᠨᠤ ᠴᠡᠭᠡᠵᠢᠯᠡᠵᠤ ᠪᠠᠢ᠌ᠬᠤ᠎ᠪᠠᠷ ᠪᠦᠷᠢᠨᠪᠠᠶᠠᠷ ᠪᠠᠭᠰᠢ ᠰᠢᠷᠠᠭᠴᠢᠨ ᠮᠤᠭ᠋ᠠᠢ ᠵᠢᠯ᠎ᠲᠠᠢ ᠬᠦᠮᠦᠨ᠂ ᠬᠠᠭᠤᠴᠢᠨ ᠨᠠᠰᠤ᠎ᠪᠠᠷ ᠵᠶ᠋ᠠᠨ ᠲᠠᠯᠠᠨ ᠨᠠᠰᠤ ᠵᠢ ᠤᠭᠳᠤᠴᠢᠬᠠᠯ᠎ᠠ᠃ 《ᠵᠢᠷᠢᠮ᠎ᠤᠨ ᠤᠷᠠᠨ ᠵᠤᠬᠢᠶᠠᠯ》 ᠰᠡᠳᠬᠦᠯ᠎ᠤᠨ ᠡᠭᠦᠰᠬᠡᠨ ᠪᠠᠢ᠌ᠭᠤᠯᠤᠭᠴᠢ ᠵᠢᠨ ᠨᠢᠭᠡ᠎ᠨᠢ᠂ ᠬᠤᠷᠴᠢᠨ᠎ᠤ ᠤᠷᠠᠨ ᠵᠤᠬᠢᠶᠠᠯ ᠵᠢᠴᠢ  ᠪᠦᠬᠦᠢ ᠯᠨ ᠮᠤᠩᠭᠤᠯ ᠤᠷᠠᠨ ᠵᠤᠬᠢᠶᠠᠯ᠎ᠤᠨ ᠦᠢ᠍ᠯᠡᠰ᠎ᠲᠤ ᠦᠯᠡᠮᠵᠢ ᠶᠡᠬᠡ ᠬᠦᠴᠦᠨ ᠵᠢᠳᠬᠦᠯ᠎ᠲᠠᠢ ᠬᠦᠮᠦᠨ᠂  ᠤᠷᠠᠨ ᠵᠤᠬᠢᠶᠠᠯ᠎ᠤᠨ ᠡᠨᠡ ᠬᠦ᠌  《ᠡᠪᠦᠬᠡᠨ ᠰᠢᠪᠠᠭᠤ》᠂ ᠡᠪᠦᠭᠡᠷᠡᠨ᠎ᠡ ᠴᠦ᠍ ᠬᠡᠮᠡᠨ ᠡᠪᠦᠭᠡᠷᠡᠭᠰᠡᠨ ᠦᠭᠡᠢ ᠦᠩᠭᠡ ᠶᠢᠷᠲᠢᠨᠴᠤ ᠵᠢᠨ ᠵᠠᠩ ᠵᠢᠷᠦᠮ ᠵᠶ᠋ᠠᠷ ᠡᠪᠤᠭᠡᠷᠡᠯ᠎ᠡ ᠤᠤ ᠳ᠋ᠠ ᠭᠡᠳᠡᠭ ᠵᠶ᠋ᠠᠷ ᠵᠠᠵᠢᠨ ᠦᠰᠦᠨ᠎ᠳᠤ᠎ᠨᠢ ᠬᠢᠷᠠᠭᠤ ᠤᠨᠠᠵᠤ ᠵᠠᠬ᠎ᠠ ᠵᠢᠨ ᠠᠷᠠᠭ᠎ᠠ ᠎ᠨᠢ ᠬᠦᠲᠡᠯᠵᠤ ᠡᠬᠢᠯᠡᠵᠠᠢ᠃  ᠭᠡᠪᠡᠴᠤ ᠪᠠᠭᠰᠢ ᠵᠢᠨ ᠮᠢᠨᠢ ᠪᠡᠶ᠎ᠡ ᠴᠤᠭᠴᠠᠰ ᠬᠠᠷᠢᠨ ᠯᠠᠭᠱ᠌ᠠᠨ ᠲᠤᠩᠭ᠋ᠠᠯᠠᠭ᠂ ᠴᠡᠭᠡᠵᠢ ᠲᠠᠷᠢᠬᠢ ᠎ᠨᠢ ᠪᠠᠰᠨ ᠴᠦ᠍ ᠰᠡᠷᠭᠦᠯᠡᠩ᠂ ᠴᠤᠭ ᠰᠦᠯᠲᠡ ᠎ᠨᠢ ᠬᠠᠷᠠᠬᠠᠨ ᠪᠠᠳᠠᠷᠠᠩᠭᠤᠢ ᠠᠭᠰᠠᠭ᠋ᠠᠷ᠃  ᠦᠪᠦᠷ ᠮᠤᠩᠭᠤᠯ᠎ᠤᠨ ᠡᠯ᠎ᠡ ᠠᠢ᠌ᠮᠠᠭ ᠬᠤᠲᠠ ᠭᠡᠰᠡᠨ ᠦᠭᠡᠢ᠂ ᠨᠡᠢ᠌ᠰᠯᠠᠯ ᠪᠡᠭᠡᠵᠢᠩ ᠭᠡᠰᠡᠨ ᠦᠭᠡᠢ ᠤᠷᠠᠨ ᠵᠤᠬᠢᠶᠠᠯ᠎ᠤᠨ ᠲᠤᠮᠤ ᠬᠦᠲᠡᠯᠭᠡᠭᠡᠨ ᠪᠠᠢ᠌ᠭᠰᠠᠭ᠋ᠠᠷ ᠪᠦᠷᠢᠨᠪᠠᠶᠠᠷ ᠪᠠᠭᠰᠢ ᠮᠢᠨᠢ ᠵᠠᠯᠠᠭᠲᠠᠵᠤ ᠬᠦᠷᠦᠬᠡᠳ ᠵᠤᠬᠢᠶᠠᠯ ᠪᠦᠲᠦᠭᠡᠯ ᠵᠠᠰᠠᠨ᠎ᠠ᠂ ᠬᠢᠴᠢᠶᠡᠯ ᠲᠠᠢ᠌ᠯᠦᠮᠵᠢ ᠬᠢᠨ᠎ᠠ᠃  ᠬᠠᠶᠠ ᠵᠠᠷᠢᠮ᠎ᠳᠤ᠎ᠪᠠᠨ ᠪᠢ 《  ᠪᠦ᠊ ᠪᠠᠭᠰᠢ ᠤᠳᠤ ᠵᠢᠭ᠋ᠠᠬᠠᠨ ᠠᠮᠠᠷᠠᠵᠤ ᠪᠤᠯᠤᠨ᠎ᠠ ᠰᠢᠦ᠂ ᠠᠵᠢᠯ᠎ᠠᠴᠠ᠎ᠪᠠᠨ ᠲᠠᠷᠬᠠᠯᠠᠭᠳᠠᠴᠢᠬᠠᠭ᠋ᠠᠳ ᠪᠠᠰᠠ ᠠᠵᠢᠯ᠎ᠳᠤ ᠪᠠᠢ᠌ᠬᠤ ᠰᠢᠭ᠋ ᠲᠡᠭᠡᠵᠤ ᠶᠠᠭ᠋ᠠᠷᠠᠭ᠋ᠠᠳ ᠶᠠᠭ᠋ᠠᠬᠢᠬᠤ ᠭᠡᠰᠡᠨ ᠪᠤᠢ》 ᠭᠡᠵᠤ ᠪᠠᠭᠰᠢ ᠵᠢᠨ ᠪᠡᠶ᠎ᠡ ᠵᠢ ᠬᠠᠯᠠᠮᠵᠢᠯᠠᠵᠤ ᠶᠠᠷᠢᠬᠤ᠎ᠳᠤ  《ᠠᠢ᠂ ᠮᠠᠨ᠎ᠤ ᠡᠨᠡ ᠶᠠᠭ᠋ᠠᠷᠠᠦ ᠤᠳᠤᠨ᠎ᠳᠤ ᠲᠦᠷᠦᠴᠢᠭᠡᠭᠰᠡᠨ ᠬᠦᠮᠦᠨ ᠶᠠᠭ᠋ᠠᠷᠠᠬᠤ ᠦᠭᠡᠢ᠎ᠪᠠᠷ ᠶᠠᠭ᠋ᠠᠬᠢᠵᠤ ᠪᠤᠯᠤᠨ᠎ᠠ ᠳ᠋ᠠ》 ᠭᠡᠵᠤ ᠤᠴᠢᠷᠲᠠᠢ᠌ᠬᠠᠨ ᠬᠠᠷᠢᠭᠤᠯᠤᠨ᠎ᠠ᠃ 
     ᠨᠢᠭᠡᠨ ᠵᠤᠬᠢᠶᠠᠯᠴᠢ ᠵᠢᠨ ᠬᠠᠭ᠋ᠠᠰ ᠵᠠᠭᠤᠨ᠎ᠤ ᠨᠢᠩᠵᠢᠨ ᠰᠡᠳᠬᠢᠯ᠎ᠤᠨ  ᠲᠡᠮᠡᠦᠯᠦᠯ ᠭᠡᠭᠴᠢ ᠡᠢ᠌ᠮᠤᠷᠬᠦᠤ ᠡᠭᠡᠯ ᠪᠤᠷᠤᠭᠵᠢᠭᠤᠨ ᠮᠦᠷᠲᠡᠭᠡᠨ  ᠲᠡᠢ᠌ᠮᠤᠷᠬᠦᠤ ᠠᠷᠢᠭᠤᠨ ᠲᠠᠷᠬᠠᠨ ᠪᠠᠢ᠌ᠳᠠᠭ ᠠᠵᠢ ᠁

                   《ᠶᠠᠭᠷᠠᠢ ᠬᠤᠳᠤᠭᠤᠷ》  ᠬᠡᠮᠡᠬᠦ ᠢᠷᠠᠭᠤ ᠨᠠᠢ᠌ᠷᠠᠭ᠎ᠤᠨ ᠦᠷᠦᠭᠡᠨ᠎ᠡ

    ᠵᠤᠬᠢᠶᠠᠬ᠍ᠴᠢ ᠵᠢᠨ ᠬᠠᠶᠢᠭ᠄  ᠲᠦᠩᠯᠢᠶᠤᠤ ᠬᠤᠳᠠ ᠵᠢᠨ ᠵᠠᠷᠤᠳ ᠬᠤᠰᠢᠭᠤᠨ᠎ᠤ ᠤᠯᠤᠰ ᠲᠦᠷᠦ ᠵᠢᠨ ᠵᠦᠪᠯᠡᠯᠭᠡᠨ

 

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠤᠯᠠᠮᠵᠢᠯᠠᠯ᠎ᠤᠨ ᠤᠯᠪᠠᠭ᠎ᠠ ᠬᠢᠭᠡᠳ ᠤᠯᠠᠭ᠋ᠠᠨ ᠢᠳᠡᠭᠡᠨ᠎ᠤ ᠰᠢᠨᠡᠴᠢᠯᠡᠯᠳᠡ
ᠪᠤᠷᠤ ᠢᠳᠡᠭᠡᠨ᠎ᠤ ᠰᠢᠨᠡᠴᠢᠯᠡᠯᠳᠡ
ᠴᠠᠭ ᠦᠶ᠎ᠠ ᠵᠢᠨ ᠭᠦᠭᠵᠢᠯᠳᠡ ᠵᠢᠨ ᠬᠠᠨᠳᠤᠰᠢ ᠪᠤᠯᠤᠨ ᠴᠠᠭ᠋ᠠᠨ ᠢᠳᠡᠭᠡᠨ᠎ᠤ ᠰᠢᠨᠡᠴᠢᠯᠡᠯᠳᠡ
ᠴᠠᠭ᠋ᠠᠨ ᠰᠠᠷ᠎ᠠ
ᠵᠢᠷᠦᠬᠡᠨ᠎ᠳᠤ ᠬᠡᠪᠯᠡᠭᠳᠡᠭᠰᠡᠨ 《ᠲᠣᠪᠴᠢᠶᠠᠨ》
 
            