ᠰᠤᠪᠤᠳ ᠵᠤᠬᠢᠶᠠᠪᠠ
ᠠᠪᠤ ᠬᠠᠯᠢᠯ ᠪᠤᠯᠤᠬᠰᠠᠨ ᠲᠡᠷᠨ ᠵᠢᠯ᠎ᠤᠨ ᠰᠡᠬᠦᠯᠴᠢ᠎ᠪᠠᠷ ᠪᠢ ᠡᠵᠢ᠎ᠪᠠᠨ ᠬᠤᠳᠠ᠎ᠳᠤ ᠠᠪᠴᠢᠷᠠᠬᠤ᠎ᠪᠠᠷ ᠬᠦᠳᠡᠬᠡ ᠬᠠᠷᠢᠵᠠᠢ᠃
ᠬᠡᠯᠡᠪᠡᠯ ᠡᠯᠢᠬᠡ ᠡᠮᠳᠡᠷᠡᠮᠡᠷ᠂ ᠠᠪᠤ ᠮᠢᠨᠢ ᠬᠠᠳᠠᠨ ᠬᠡᠷ᠎ᠲᠤ᠎ᠪᠠᠨ ᠬᠠᠷᠢᠬᠤ᠎ᠪᠠᠷ ᠡᠵᠢ ᠮᠢᠨᠢ ᠨᠡᠡᠭᠳᠡ ᠤᠢ᠌ᠳᠬᠠᠷᠯᠠᠨ ᠵᠤᠪᠠᠬᠤ ᠪᠤᠯᠪᠠ᠃ ᠡᠨᠡ ᠬᠦ᠌ ᠡᠷᠢᠨ᠎ᠳᠤ ᠡᠵᠢ ᠮᠢᠨᠢ ᠲᠡᠡᠭᠳᠠ ᠶᠠᠷᠢᠳᠠᠭ᠄ 《ᠠᠪᠤ ᠴᠢᠨᠢ ᠠᠢ᠌ᠯ ᠬᠡᠷ᠎ᠤᠨ ᠵᠶ᠋ᠡᠨ ᠲᠤᠯᠭ᠋ᠠᠭᠤᠷᠢ ᠪᠠᠢ᠌ᠭ᠎ᠠ ᠰᠢᠤ ᠁》 ᠬᠡᠳᠡᠭ ᠦᠬᠡ ᠵᠢᠨ᠎ᠬᠢᠨ᠎ᠢ ᠡᠴᠢᠨ᠎ᠡ ᠴᠠᠭ᠋ᠠᠳᠤᠬᠢ ᠤᠳᠬ᠎ᠠ ᠵᠢ᠎ᠨᠢ ᠪᠢ ᠬᠦᠨ ᠤᠢ᠌ᠯᠠᠭ᠋ᠠᠵᠤ ᠮᠡᠳᠡᠵᠡᠢ᠃
ᠠᠢ᠌ᠯ ᠬᠡᠷ᠂ ᠦᠷ᠎ᠡ ᠬᠡᠤᠬᠡᠳ᠎ᠤᠨ ᠵᠶ᠋ᠡᠨ ᠲᠦᠯᠦᠬᠡ ᠵᠢᠳᠬᠦᠵᠤ ᠢᠷᠡᠭᠰᠡᠨ ᠡᠨᠡᠷᠢᠯ᠎ᠳᠤ ᠡᠵᠢ᠎ᠪᠠᠨ ᠠᠰᠠᠷᠠᠵᠤ ᠬᠠᠷᠠᠭ᠋ᠠᠯᠵᠠᠨ ᠠᠴᠢᠯᠠᠯ ᠡᠯᠪᠡᠷᠢᠯ ᠵᠶ᠋ᠡᠨ ᠬᠦᠢ᠍ᠴᠡᠳᠬᠡᠶᠡ ᠬᠡᠰᠡᠨ ᠪᠤᠳᠤᠯ ᠨᠠᠳᠠ᠎ᠳᠤ ᠠᠯᠢ ᠬᠡᠳᠤᠢ᠌ᠨᠤ ᠤᠷᠤᠴᠢᠬᠠᠬᠰᠠᠨ ᠪᠠᠢ᠌ᠭ᠎ᠠ ᠶᠤᠮ᠃ ᠬᠡᠳᠡᠯ᠎ᠡ ᠴᠤᠬᠤᠮ ᠶᠠᠭ᠋ᠠᠬᠢᠵᠤ ᠬᠢᠬᠦ᠎ᠪᠠᠨ ᠤᠯ ᠶᠠᠳᠠᠨ ᠠᠬᠢᠨ ᠲᠠᠬᠢᠨ ᠪᠤᠳᠤᠬᠰᠠᠭ᠋ᠠᠷ ᠪᠠᠢ᠌ᠭ᠋ᠠᠳ᠂ ᠬᠠᠵᠠᠭᠤ ᠬᠠᠪᠢ᠎ᠳᠤ᠎ᠪᠠᠨ ᠲᠤᠰ᠎ᠤᠨ ᠠᠪᠴᠢᠷᠠᠵᠤ᠂ ᠡᠪᠤᠯ ᠲᠠᠭ᠋ᠠᠷᠠᠬᠤ ᠦᠬᠡᠢ ᠵᠤᠨ ᠬᠠᠯᠠᠭᠤᠳᠠᠬᠤ ᠦᠬᠡᠢ ᠰᠠᠨᠠᠭ᠎ᠠ ᠠᠮᠤᠷ ᠪᠠᠢ᠌ᠳᠠᠭ ᠬᠤᠳᠠ ᠵᠢᠨ ᠠᠮᠢᠳᠤᠷᠠᠯ᠎ᠢ ᠡᠳ᠋ᠯᠡᠬᠦᠯᠤᠶᠡ ᠬᠡᠰᠡᠨ ᠭᠠᠬ᠍ᠴᠨ ᠪᠤᠳᠤᠯ ᠵᠶ᠋ᠡᠷ ᠬᠦᠳᠡᠬᠡ ᠬᠡᠷ ᠵᠶ᠋ᠡᠨ ᠴᠢᠭᠯᠡᠭᠰᠡᠨ ᠮᠢᠨᠢ ᠡᠨᠡ ᠠᠵᠢ᠃
ᠨᠠᠮ᠎ᠠ᠎ᠳᠤ ᠨᠤᠳᠤᠭ᠎ᠤᠨ ᠲᠡᠷᠬᠡᠨ ᠦᠷᠳᠡᠬᠡ ᠬᠦᠷᠬᠦ᠎ᠪᠠᠷ ᠡᠵᠢ ᠮᠢᠨᠢ ᠬᠡᠳᠤᠢ᠌ᠨᠤ ᠦᠷᠳᠡᠬᠡᠨ᠎ᠳᠤ ᠢᠷᠡᠴᠢᠬᠡᠬᠡᠳ ᠬᠦᠯᠢᠶᠡᠵᠤ ᠶᠠᠳᠠᠨ ᠪᠠᠢ᠌ᠯ᠎ᠠ᠃ ᠬᠦᠬᠡᠷᠷᠤᠬᠦᠢ᠂ ᠦᠬᠢᠨ ᠵᠶ᠋ᠡᠨ ᠬᠠᠷᠠᠬᠰᠠᠨ ᠡᠵᠢ ᠵᠢᠨ ᠬᠦᠡᠭᠭᠦᠢ᠌ᠭᠰᠡᠨ ᠨᠢᠳᠤᠨ᠎ᠳᠤ ᠲᠠᠡᠭᠳᠠ ᠡᠬᠦᠯᠨ ᠮᠠᠨᠠᠨ ᠪᠦᠷᠬᠦᠨ᠂ ᠤᠷᠤᠭᠤᠯ᠎ᠨᠢ ᠬᠠᠶᠨ ᠬᠠᠶᠨ ᠲᠠᠳᠠᠪᠠᠯᠵᠠᠨ᠂ ᠡᠬᠡᠬᠡ ᠴᠠᠬᠢᠯᠭ᠋ᠠᠨ᠎ᠳᠤ ᠴᠤᠬᠢᠬᠳᠠᠬᠰᠠᠨ ᠶᠤᠮ ᠰᠢᠭ᠋ ᠬᠦᠯ ᠭᠠᠷ᠎ᠨᠢ ᠮᠡᠳᠡᠭᠳᠡᠮ᠎ᠡ ᠴᠡᠴᠡᠷᠬᠢᠯᠡᠨ᠎ᠡ᠃
《ᠡᠵᠢ ᠡ᠂ ᠲᠠ ᠶᠠᠭᠤᠨ᠎ᠳᠤ ᠡᠢ᠌ᠮᠤ ᠬᠦᠢ᠍ᠳᠡᠨ᠎ᠳᠤ ᠦᠷᠳᠡᠬᠡᠨ᠎ᠳᠤ ᠢᠷᠡᠬᠡᠳ ᠬᠦᠯᠢᠶᠡᠴᠢᠭᠡᠭᠰᠡᠨ ᠪᠤᠢ?》 ᠭᠡᠵᠤ ᠪᠢ ᠬᠤᠭᠤᠯᠠᠢ ᠡᠷᠢᠶᠡᠨᠳᠡᠬᠦᠯᠤᠨ ᠨᠠᠮ ᠲᠠᠭᠤ᠎ᠪᠠᠷ ᠬᠡᠯᠡᠪᠡ᠃
ᠡᠵᠢ ᠠᠯᠢ ᠴᠢᠳᠠᠬᠤ᠎ᠪᠠᠷ ᠨᠠᠳᠠ᠎ᠠᠴᠠ ᠬᠠᠷᠠᠴᠨ᠎ᠪᠠᠨ ᠰᠢᠯᠵᠢᠬᠦᠯᠤᠨ ᠴᠠᠭ᠋ᠠᠰᠢ ᠬᠠᠨᠳᠤᠭ᠋ᠠᠳ ᠴᠠᠮᠴᠠ ᠵᠢᠨ ᠬᠤᠷᠮᠤᠢ᠎ᠪᠠᠷ ᠵᠶ᠋ᠡᠨ ᠨᠢᠯᠪᠤᠰᠤ᠎ᠪᠠᠨ ᠵᠦᠯᠬᠦᠨ᠎ᠡ᠃
ᠦᠨᠡᠨ᠎ᠳᠤ᠎ᠪᠠᠨ ᠪᠢ ᠡᠵᠢ ᠵᠢᠨ ᠵᠶ᠋ᠡᠨ ᠡᠯᠢᠬᠡᠨ᠎ᠳᠤ ᠴᠢᠡᠭᠭ᠋ᠠᠬᠠᠨ ᠨᠠᠭ᠋ᠠᠯᠳᠤᠬᠤ ᠵᠢ ᠰᠠᠨᠠᠵᠠᠢ᠃ ᠬᠡᠶ᠎ᠡ᠂ ᠡᠵᠢ ᠮᠢᠨᠢ ᠬᠡᠳᠤᠷᠬᠡᠢ ᠤᠶᠠᠷᠠᠵᠤ ᠬᠠᠢ᠌ᠯᠬᠤ᠎ᠠᠴᠠ ᠡᠮᠢᠶᠡᠨ ᠪᠡᠶ᠎ᠡ᠎ᠪᠠᠨ ᠪᠠᠷᠢᠵᠤ 《ᠮᠦᠮᠤ ᠡ᠂ ᠬᠡᠷ᠎ᠲᠤ᠎ᠪᠠᠨ ᠬᠠᠷᠢᠶ᠎ᠠ》 ᠭᠡᠵᠤ ᠬᠤᠶᠠᠳᠠᠬᠢ ᠦᠬᠡ᠎ᠪᠠᠨ ᠴᠢᠳᠠᠨ ᠶᠠᠳᠠᠨ ᠴᠤᠬᠤᠢ᠌ᠯᠭ᠋ᠠᠪᠠ᠃ ᠡᠵᠢ ᠪᠠᠰᠨ ᠯᠨ ᠦᠬᠡ ᠦᠬᠡᠢ᠃ ᠪᠢ ᠡᠮᠦᠨ᠎ᠡ᠎ᠨᠢ ᠲᠤᠯᠤᠭ᠋ᠠᠢ ᠭᠤᠬᠤᠢ᠌ᠨ ᠠᠯᠬᠤᠬᠤ᠎ᠳᠤ ᠡᠵᠢ ᠮᠢᠨᠢ ᠡᠬᠡᠬᠡ ᠪᠢᠴᠢᠬᠠᠨ ᠬᠡᠤᠬᠡᠳ ᠰᠢᠭ ᠬᠠᠮᠠᠷ ᠱᠤᠤᠬᠢᠳᠤᠨᠠᠭᠤᠯᠤᠨ ᠲᠠᠭ᠋ᠠᠵᠤ ᠶᠠᠪᠤᠨ᠎ᠠ᠃
《ᠰᠡᠮᠰᠡᠬᠡᠷ ᠪᠤᠯᠪᠠᠴᠤ ᠬᠡᠷ᠂ ᠰᠡᠭᠰᠡᠬᠡᠷ ᠪᠤᠯᠪᠠᠴᠤ ᠡᠵᠢ》 ᠬᠡᠳᠡᠭ ᠦᠨᠡᠨ ᠰᠠᠨᠵᠢ᠃ ᠭᠠᠳᠠᠨ᠎ᠠ ᠭᠤᠨᠠᠨ ᠦᠬᠡᠷ᠎ᠤᠨ ᠡᠪᠡᠷ ᠬᠠᠭ᠎ᠠ ᠬᠦᠯᠳᠡᠮᠡ ᠬᠦᠢ᠍ᠳᠡᠨ ᠪᠠᠢ᠌ᠭ᠎ᠠ ᠴᠦ᠍ ᠬᠡᠷ᠎ᠲᠤ ᠤᠷᠤᠬᠤ᠎ᠳᠤ ᠬᠠᠯᠠᠭᠤᠨ ᠢᠯᠴᠢ ᠬᠠᠴᠠᠷ ᠨᠢᠯᠴᠢᠬᠢᠨᠡᠬᠦᠯᠤᠨᠡ᠃
ᠡᠵᠢ ᠮᠢᠨᠢ ᠪᠤᠳᠠᠭ᠎ᠠ ᠨᠤᠭᠤᠭ᠎ᠠ᠎ᠪᠠᠨ ᠠᠯᠢ ᠬᠡᠳᠤᠢ᠌ᠨᠤ ᠪᠡᠯᠡᠳᠬᠡᠵᠤ᠂ ᠬᠢᠰᠡ ᠲᠡᠬᠡᠷᠡᠬᠢ ᠲᠡᠮᠤᠷ ᠲᠤᠭᠤᠭ᠋ᠠᠨ᠎ᠳᠤ ᠪᠤᠴᠠᠯᠤᠭᠠ ᠢᠰᠭᠡᠭᠰᠡᠨ ᠨᠤᠭᠤᠭ᠎ᠠ᠂ ᠬᠤᠨᠢᠨ ᠮᠢᠬ᠎ᠠ ᠵᠢᠨ ᠱᠠᠡᠭᠳᠠᠭᠤᠨ ᠦᠨᠤᠷ ᠰᠠᠮᠰᠨ ᠴᠤᠷᠬᠢᠭᠤᠯᠤᠨ ᠬᠠᠡᠭᠬᠤᠯᠤᠨᠠ᠃
ᠪᠠᠷᠠᠭᠤᠨ ᠬᠡᠷᠡᠮ ᠲᠡᠬᠡᠷ᠎ᠡ ᠠᠪᠤ ᠵᠢᠨ ᠬᠦᠷᠦᠭ ᠡᠯᠬᠦᠭᠡᠰᠤᠳᠡᠢ᠃ ᠡᠵᠢ ᠵᠢᠨ ᠬᠠᠷᠠᠴᠨ ᠠᠪᠤ ᠵᠢᠨ ᠬᠦᠷᠦᠭ᠎ᠲᠤ ᠲᠤᠰᠬᠤ᠎ᠲᠠᠢ ᠵᠡᠷᠬᠡ ᠡᠭᠰᠢᠵᠤ ᠪᠦᠭᠰᠢᠳᠠᠯᠡ ᠤᠬᠢᠯᠠᠵᠤ ᠡᠬᠢᠯᠡᠪᠡ᠃
ᠪᠢ ᠰᠡᠳᠬᠢᠯ ᠵᠶ᠋ᠡᠨ ᠬᠡᠴᠢᠨᠡᠬᠡᠨ ᠴᠢᠡᠭᠭ᠋ᠠᠯᠠᠵᠤ ᠪᠠᠢ᠌ᠬᠰᠠᠨ ᠴᠦ᠍ ᠪᠤᠯᠤᠬᠰᠠᠨ ᠦᠬᠡᠢ ᠦᠪᠡᠷ᠎ᠤᠨ ᠡᠷᠬᠡ ᠦᠬᠡᠢ ᠡᠵᠢ ᠵᠢᠨ ᠵᠶ᠋ᠡᠨ ᠡᠯᠢᠬᠡᠨ᠎ᠳᠤ ᠨᠠᠭ᠋ᠠᠯᠳᠤᠨ ᠶᠤᠰᠤᠳᠠᠢ ᠡᠮᠬᠡᠨᠢᠯ ᠭᠠᠰᠢᠭᠤᠳᠠᠯ᠎ᠤᠨ ᠨᠢᠯᠪᠤᠰᠤᠨ᠎ᠳᠤ ᠲᠡᠪᠳᠤᠵᠤ ᠬᠦᠢ᠍ᠴᠡᠵᠡᠢ᠃
ᠰᠡᠳᠬᠢᠯ ᠵᠶ᠋ᠡᠨ ᠤᠨᠠᠬᠤ ᠭᠡᠭᠴᠢ ᠡᠢ᠌ᠮᠤ ᠯᠨ ᠵᠤᠪᠠᠨᠢᠯᠳᠠᠢ᠃ ᠬᠡᠳᠤᠢ ᠤᠳᠠᠬᠰᠠᠨᠢ ᠪᠤᠤ ᠮᠡᠳᠡ᠃ ᠨᠢᠬᠡ ᠮᠡᠳᠡᠬᠦ᠎ᠳᠤ ᠡᠵᠢ ᠮᠢᠨᠢ ᠡᠪᠡᠷᠰᠢᠵᠤ ᠬᠠᠳᠠᠭᠤᠷᠠᠬᠰᠠᠨ ᠭᠠᠷ ᠵᠶ᠋ᠡᠷ ᠵᠶ᠋ᠡᠨ ᠦᠰᠤ ᠵᠢ ᠮᠢᠨᠢ ᠢᠯᠪᠢᠬᠦ᠎ᠪᠠᠷ ᠬᠠᠰᠢᠯᠭ᠎ᠠ᠎ᠪᠠᠨ ᠰᠡᠳᠡᠯᠦᠭᠰᠡᠨ ᠦᠶᠡᠷ ᠰᠢᠭ ᠬᠤᠷᠢᠬᠯᠠᠬᠳᠠᠰᠢ ᠦᠬᠡᠢ ᠤᠷᠤᠰᠬᠤ ᠨᠢᠯᠪᠤᠰᠤ᠎ᠨᠢ ᠬᠠᠴᠠᠷ ᠲᠡᠬᠡᠷ᠎ᠡ ᠲᠠᠰᠤᠷᠠᠯᠳᠠ ᠦᠬᠡᠢ ᠲᠤᠰᠤᠯᠵᠤ ᠪᠠᠢ᠌ᠯ᠎ᠠ᠃
《ᠬᠡᠤᠬᠡ ᠡ᠂ ᠲᠦᠷᠬᠡᠨ ᠪᠤᠰᠴᠤ ᠬᠤᠭᠤᠯᠨ᠎ᠪᠠᠨ ᠢᠳᠡ》 ᠭᠡᠵᠢ ᠡᠷᠢᠶᠡᠨᠳᠦᠭᠰᠡᠨ ᠬᠤᠭᠤᠯᠠᠢ᠎ᠪᠠᠷ ᠬᠡᠯᠡᠨ᠎ᠡ᠃
《ᠡᠵᠢ ᠡ᠂ ᠡᠨᠡ ᠤᠳᠠᠭ᠎ᠠ ᠦᠬᠢᠨ ᠴᠢᠨᠢ ᠪᠢ ᠲᠤᠰᠬᠠᠢ᠌ᠯᠠᠨ ᠲᠠᠨ᠎ᠢ ᠠᠪᠠᠴᠢᠬᠤ᠎ᠪᠠᠷ ᠢᠷᠡᠯ᠎ᠡ ᠰᠢᠤ᠃ ᠬᠦᠬᠡᠬᠤᠳᠠ ᠶᠠᠭ᠋ᠠᠬᠢᠶ᠎ᠠ ᠬᠦᠳᠡᠬᠡ ᠭᠠᠵᠠᠷ᠎ᠠᠴᠠ ᠨᠦᠬᠦᠴᠡᠯ ᠰᠠᠢ᠌ᠨ ᠪᠠᠢ᠌ᠬᠤ ᠦᠬᠡᠢ ᠤᠤ》 ᠬᠡᠯᠡ᠃
ᠡᠵᠢ ᠮᠥᠨ ᠯᠨ ᠬᠠᠷᠢᠭᠤ ᠦᠬᠡᠢ᠃ ᠬᠠᠶᠨ ᠬᠠᠶᠨ ᠤᠷᠳᠤ ᠰᠡᠬᠦᠷᠡᠰᠤ ᠠᠯᠳᠠᠵᠤ᠂ ᠪᠠᠢ᠌ᠨ ᠪᠠᠢ᠌ᠨ ᠠᠪᠤ ᠵᠢᠨ ᠬᠦᠷᠦᠭ᠎ᠲᠤ ᠬᠠᠷᠠᠴᠨ᠎ᠨᠢ ᠲᠤᠬᠳᠠᠨ᠎ᠠ᠃
ᠡᠨᠡ ᠬᠦ᠌ ᠠᠬᠱ᠌ᠠᠨᠠ ᠶᠠᠭᠤ ᠬᠡᠯᠡᠵᠤ ᠶᠠᠭ᠋ᠠᠬᠢᠵᠤ ᠭᠤᠶᠤᠭᠰᠠᠨ ᠴᠦ᠍ ᠡᠵᠢ ᠡᠠᠪ᠎ᠤᠨ ᠲᠤᠤᠷ᠎ᠠ᠎ᠨᠢ ᠬᠠᠷᠢᠭᠤ ᠦᠭᠴᠤ ᠲᠡᠢ᠌ᠯᠬᠦ ᠦᠬᠡᠢ ᠬᠡᠳᠡᠭ᠎ᠢ ᠪᠢ ᠶᠢᠰᠤᠨ ᠬᠤᠪᠢ ᠪᠠᠷᠤᠬᠯᠠᠵᠠᠢ᠃ ᠲᠡᠬᠡᠬᠡᠳ ᠡᠵᠢ ᠮᠢᠨᠢ ᠢᠡᠭᠭᠢᠬᠡᠳ ᠨᠠᠮ᠎ᠠ ᠵᠢ ᠲᠠᠭ᠋ᠠᠭ᠋ᠠᠳ ᠶᠠᠪᠤᠴᠢᠬᠠᠪᠠᠯ ᠶᠠᠭ ᠯᠨ ᠠᠪᠤ ᠵᠢ ᠡᠨᠡ ᠬᠦ᠌ ᠬᠠᠡᠭᠬᠠᠢ᠌ᠵᠤ ᠬᠤᠭᠤᠰᠤᠷᠠᠬᠰᠠᠨ ᠬᠡᠷ᠎ᠲᠤ ᠭᠤᠤᠨᠢ ᠭᠠᠬ᠍ᠴᠠᠭ᠋ᠠᠷᠨᠢ ᠦᠨᠤᠴᠢᠷᠡᠬᠦᠯᠤᠨ ᠬᠠᠶᠠᠴᠢᠬᠠᠬᠤ ᠰᠢᠭ᠋ ᠪᠤᠳᠤᠬᠳᠠᠨ ᠪᠠᠢ᠌ᠭ᠎ᠠ᠎ᠨᠢ ᠲᠤᠳᠤᠷᠬᠠᠢ᠃
ᠬᠡᠶ᠎ᠡ᠂ ᠡᠵᠢ ᠵᠢ ᠡᠳᠤᠷᠵᠢᠨ ᠰᠦᠨᠢᠵᠢᠨ ᠡᠨᠳᠡ ᠤᠬᠢᠯᠠᠭᠤᠯᠵᠤ ᠤᠨᠵᠢᠭᠤᠯᠵᠤ ᠪᠤᠯᠬᠤ ᠦᠬᠡᠢ ᠬᠡᠳᠡᠭ᠎ᠢ ᠪᠢ ᠨᠡᠡᠭ ᠲᠤᠳᠤᠬᠠᠨ ᠰᠡᠷᠡᠵᠤ ᠮᠡᠳᠡᠵᠡᠢ᠃ ᠶᠠᠭᠤ ᠴᠦ᠍ ᠬᠡᠰᠡᠨ ᠠᠭ᠋ᠠᠵᠢᠮ ᠵᠶ᠋ᠡᠷ ᠵᠦᠪᠳᠡᠵᠤ ᠠᠪᠤ ᠵᠢᠨ ᠬᠦᠷᠦᠭ᠎ᠢ ᠪᠠᠰᠨ ᠠᠪᠤᠭ᠋ᠠᠳ ᠶᠠᠪᠤᠶ᠎ᠠ᠃ ᠢᠡᠭᠭᠢᠪᠡᠯ ᠡᠵᠢ ᠵᠢᠨ ᠰᠡᠳᠬᠢᠯ ᠬᠠᠳᠠᠨ ᠬᠡᠷ᠎ᠲᠤ᠎ᠪᠠᠨ ᠬᠠᠷᠢᠬᠰᠠᠨ ᠠᠪᠤ᠎ᠳᠤ ᠬᠤᠷᠭᠤᠳᠠᠬᠤ᠎ᠪᠠᠨ ᠪᠤᠯᠢᠴᠢᠬᠠᠵᠤ ᠮᠡᠳᠡᠨ᠎ᠡ ᠬᠡᠬᠦ ᠨᠢᠬᠡᠨ ᠪᠤᠳᠤᠯ ᠴᠦ᠍ ᠲᠠᠷᠢᠬᠢᠨ᠎ᠳᠤ ᠬᠠᠷᠪᠤᠵᠤ ᠢᠷᠡᠯ᠎ᠡ᠃
ᠭᠤᠷᠪᠠᠨ ᠰᠦᠨᠢ ᠭᠤᠷᠪᠠᠨ ᠡᠳᠤᠷ᠎ᠤᠨ ᠵᠦᠪᠳᠡᠯᠴᠡᠬᠡᠪᠠᠷ ᠡᠵᠢ ᠬᠠᠰᠢ ᠯᠨ ᠮᠢᠨᠤ ᠭᠤᠶᠤᠳᠠᠯ᠎ᠢ ᠵᠦᠪᠰᠢᠶᠡᠷᠡᠵᠡᠢ᠃ ᠡᠬᠦᠨ᠎ᠳᠤ 《ᠡᠵᠢ ᠲᠠ ᠮᠢᠨᠤ ᠦᠬᠡ ᠵᠢ ᠠᠪᠬᠤ ᠦᠬᠡᠢ ᠪᠤᠯ ᠪᠢ ᠠᠵᠢᠯ᠎ᠪᠠᠨ ᠬᠠᠶᠠᠭ᠋ᠠᠳ ᠡᠨᠳᠡ ᠴᠢᠨᠢ ᠢᠷᠡᠵᠤ ᠲᠤᠰᠬᠠᠢ᠌ᠯᠠᠨ ᠲᠠᠨ᠎ᠢ ᠠᠰᠠᠷᠠᠶ᠎ᠠ》 ᠬᠡᠬᠦ ᠦᠬᠡᠨ᠎ᠳᠤ ᠡᠵᠢ ᠬᠡᠯᠡᠬᠦ ᠦᠬᠡ ᠦᠬᠡᠢ ᠪᠤᠯᠤᠭ᠋ᠠᠳ᠂ 《ᠬᠦᠢ᠂ ᠲᠡᠬᠡᠵᠤ ᠶᠠᠭ᠋ᠠᠬᠢᠵᠤ ᠪᠤᠯᠬᠤ ᠪᠤᠢ? ᠲᠡᠢ᠌ᠮᠤ ᠲᠡᠨᠡᠭ ᠶᠠᠪᠤᠳᠠᠯ᠎ᠢ ᠬᠢᠵᠤ ᠪᠤᠯᠬᠤ ᠦᠬᠡᠢ᠃ ᠵᠠ ᠴᠢᠡᠭᠭᠢᠪᠡᠯ ᠡᠵᠢ᠎ᠨᠢ ᠴᠢᠨᠤ ᠰᠠᠨᠠᠭ᠎ᠠ᠎ᠪᠠᠷ ᠪᠤᠯᠤᠶ᠎ᠠ᠃ ᠬᠡᠪᠡᠴᠤ ᠴᠢᠮ᠎ᠠ᠎ᠳᠤ ᠮᠠᠰᠢ ᠶᠡᠬᠡ ᠶᠠᠷᠰᠢᠭ ᠲᠠᠷᠢᠨ᠎ᠠ ᠬᠡᠳᠡᠭ᠎ᠢ ᠡᠵᠢ᠎ᠨᠢ ᠶᠠᠮᠠᠷ ᠮᠡᠳᠡᠬᠦ ᠦᠬᠡᠢ ᠪᠢᠰᠢ ᠁》 ᠬᠡᠳ ᠪᠠᠰᠨ ᠯᠨ ᠤᠯᠠᠨ ᠪᠤᠳᠤᠯ᠎ᠳᠤ ᠠᠪᠳᠠᠨ ᠰᠡᠳᠬᠢᠯ ᠵᠤᠪᠠᠭᠤᠷᠢᠯᠠᠨᠠ᠃
ᠡᠵᠢ ᠵᠢ ᠬᠦᠬᠡᠬᠤᠳᠠᠨ᠎ᠠ ᠶᠠᠪᠤᠬᠤ ᠴᠢᠮᠡᠬᠡ ᠵᠢ ᠰᠤᠨᠤᠰᠤᠬᠰᠠᠨ ᠠᠢ᠌ᠯ ᠰᠠᠬᠠᠭ᠋ᠠᠯᠳᠠ ᠵᠢᠨ᠎ᠬᠢᠨ ᠮᠠᠨ᠎ᠤ ᠬᠡᠷ ᠤᠷᠤᠭᠤ ᠤᠪᠤᠨ ᠴᠤᠪᠤᠨ ᠴᠤᠪᠤᠷᠠᠵᠤ ᠡᠬᠢᠯᠡᠵᠡᠢ᠃ 《ᠬᠡᠤᠬᠡᠨ᠎ᠤ᠎ᠪᠠᠨ ᠬᠠᠵᠠᠭᠤ᠎ᠳᠤ ᠤᠴᠢᠬᠤ᠎ᠨᠢ ᠲᠦᠮᠡᠨ ᠵᠦᠪ》 ᠬᠡᠳᠡᠯ᠎ᠡ 《ᠪᠢᠳᠡ ᠲᠠᠬᠢᠭ᠋ᠠᠳ ᠬᠡᠵᠢᠶ᠎ᠡ ᠤᠯᠵᠤ ᠠᠭᠤᠯᠵᠠᠬᠤ ᠵᠢ ᠮᠡᠳᠡᠬᠦ ᠦᠬᠡᠢ》 ᠬᠡᠳ ᠭᠠᠷ ᠭᠠᠷ ᠵᠶ᠋ᠡᠨ ᠠᠳᠬᠤᠯᠴᠠᠨ᠂ ᠬᠦᠵᠤᠬᠦᠤ ᠲᠤᠯᠤᠭ᠋ᠠᠢ᠎ᠪᠠᠨ ᠨᠡᠢ᠌ᠯᠡᠬᠦᠯᠤᠨ ᠨᠢᠳᠤᠨ᠎ᠳᠤ᠎ᠪᠠᠨ ᠨᠢᠯᠪᠤᠰᠤ ᠮᠡᠯᠮᠡᠯᠵᠡᠬᠦᠯᠤᠨᠡ᠃
ᠦᠨᠡᠬᠡᠷ ᠲᠡᠢ᠌ᠮᠤ ᠬᠡᠯᠡᠳᠡᠢ᠃ ᠭᠠᠯᠠᠭᠤ ᠰᠢᠪᠠᠭᠤ ᠬᠦᠷᠳᠡᠯ᠎ᠡ ᠠᠮᠢᠳᠤᠷᠠᠵᠤ ᠲᠠᠰᠤᠬᠰᠠᠨ ᠭᠠᠵᠠᠷ᠎ᠠᠴᠠ᠎ᠪᠠᠨ ᠰᠠᠯᠬᠤ᠎ᠳᠤ ᠭᠠᠡᠭᠭ᠋ᠠᠷ ᠭᠤᠡᠭᠭᠤᠷ ᠭᠠᠡᠭᠭᠢᠨᠠᠯᠳᠤᠨ ᠠᠷᠪᠠᠨ ᠭᠠᠵᠠᠷ ᠶᠠᠪᠤᠪᠠᠯ ᠨᠠᠢ᠍ᠮᠠᠨ ᠭᠠᠵᠠᠷ ᠤᠬᠤᠷᠢᠳᠠᠭ ᠠᠳᠠᠯ᠎ᠠ ᠨᠡᠡᠭ ᠨᠤᠳᠤᠭ ᠵᠶ᠋ᠡᠨ ᠴᠤᠭᠤᠷᠠᠳᠠᠯ᠎ᠠ ᠶᠠᠪᠤᠯᠴᠠᠳᠠᠭ ᠬᠦᠮᠦᠰ᠎ᠤᠨ ᠰᠠᠯᠵᠤ ᠶᠠᠳᠠᠬᠤ ᠰᠡᠳᠬᠢᠯᠬᠡ ᠵᠢ ᠶᠠᠭᠤᠨ ᠦᠬᠦᠯᠡᠬᠦ ᠠᠵᠢ! ᠡᠵᠢ ᠵᠢᠨ ᠮᠢᠨᠤ ᠭᠤᠶᠤᠳᠠᠯ᠎ᠳᠤ ᠲᠠᠰᠤᠷᠬᠠᠢ ᠬᠠᠷᠢᠭᠤᠯᠳᠠ ᠦᠭᠴᠤ ᠴᠢᠳᠠᠬᠤ ᠦᠬᠡᠢ ᠪᠠᠢ᠌ᠬᠰᠠᠨ᠎ᠨᠢ ᠬᠦᠭᠰᠢᠷᠡᠳᠡᠯᠡ ᠠᠮᠢᠳᠤᠷᠠᠬᠰᠠᠨ ᠨᠤᠳᠤᠭ ᠤᠰᠤ᠂ ᠲᠦᠷᠤᠯ ᠰᠠᠳᠤᠨ᠂ ᠠᠬ᠎ᠠ ᠲᠡᠬᠦᠤ ᠡᠬᠡᠴᠢ ᠲᠡᠬᠦᠤ ᠨᠠᠷ᠎ᠲᠤ᠎ᠪᠠᠨ ᠰᠡᠳᠬᠢᠯ ᠲᠠᠳᠠᠯᠳᠤᠨ ᠪᠠᠢ᠌ᠬᠰᠠᠨᠢ ᠪᠢ ᠨᠢᠳᠤ᠎ᠪᠠᠷ ᠵᠶ᠋ᠡᠨ ᠦᠵᠡᠬᠡᠳ ᠵᠢᠷᠤᠬᠡ ᠰᠢᠮᠰᠢᠷᠡᠪᠡ᠃
ᠬᠦᠬᠡᠷᠤᠬᠦᠢ᠂ ᠠᠳᠠᠯ ᠠᠮᠢᠳᠤᠷᠠᠯ ᠠᠡᠭᠭᠠ ᠬᠡᠤᠬᠡᠳ ᠬᠡᠳ ᠤᠨ ᠵᠢᠯᠵᠢᠨ ᠲᠡᠮᠡᠤᠯᠡᠭᠰᠡᠨ ᠡᠵᠢ ᠵᠢᠨ ᠬᠤᠷᠢᠶᠠᠵᠤ ᠠᠪᠴᠢᠬᠠᠮᠠᠷ ᠬᠡᠳᠤᠨ ᠵᠠᠬ᠎ᠠ ᠬᠤᠪᠴᠠᠰᠤ ᠴᠦ᠍ ᠪᠠᠢ᠌ᠬᠤ ᠦᠬᠡᠢ᠃ ᠪᠢᠳᠡ ᠬᠦᠡᠭᠭᠡᠨ ᠱᠦᠡᠭᠭᠡᠨ ᠵᠶ᠋ᠡᠷ ᠭᠠᠯᠳᠤ ᠲᠡᠷᠬᠡᠨ᠎ᠳᠤ ᠭᠠᠷᠴᠤ᠂ ᠤᠷᠤᠨ ᠰᠠᠭᠤᠳᠠᠯ ᠵᠶ᠋ᠡᠨ ᠤᠯᠬᠤ᠎ᠪᠠᠷ ᠡᠵᠢ ᠮᠢᠨᠢ ᠴᠤᠡᠭᠬᠤᠨ ᠬᠠᠵᠠᠭᠤ ᠰᠠᠭᠤᠵᠤ ᠭᠠᠳᠠᠬᠰᠢ᠎ᠪᠠᠨ ᠶᠠᠭᠤ ᠨᠢᠬᠡ ᠵᠢ ᠮᠡᠯᠡᠷᠡᠨ ᠰᠢᠷᠳᠡᠨ᠎ᠡ᠃ ᠭᠠᠯᠳᠤ ᠲᠡᠷᠬᠡ ᠤᠬᠤᠰᠬᠢᠨ ᠤᠭᠤᠬᠢᠯᠠᠭ᠋ᠠᠳ ᠬᠦᠳᠡᠯᠳᠡᠯᠡ ᠡᠵᠢ ᠬᠡᠨᠡᠳᠳᠡ᠄ 《ᠠᠬ᠎ᠠ ᠴᠢᠨᠢ ᠬᠤᠭᠤᠯᠨ᠎ᠪᠠᠨ ᠬᠠᠯᠠᠭᠤᠨ ᠪᠦᠯᠢᠶᠡᠨ ᠢᠳᠡᠭᠰᠡᠨ ᠪᠤᠯᠪᠠ ᠤᠤ?》 ᠬᠡᠴᠢᠬᠡᠬᠡᠳ ᠬᠤᠭᠤᠯᠠᠢ᠎ᠨᠢ ᠡᠷᠢᠶᠡᠨᠳᠡᠨ ᠴᠢᠷᠠᠢ᠎ᠨᠢ ᠦᠷᠴᠢᠯᠵᠡᠨᠡ᠃ 《ᠠᠢ᠂ ᠵᠠᠯᠠᠭᠤ ᠤᠯᠤᠰ ᠦᠪᠡᠷ ᠵᠶ᠋ᠡᠨ ᠮᠡᠳᠡᠬᠦ ᠪᠠᠢ᠌ᠯᠬᠦᠢ》 ᠭᠡᠵᠤ ᠪᠢ ᠲᠤᠷ᠎ᠠ ᠦᠬᠡᠢ᠌ᠴᠡᠨ ᠬᠡᠯᠡᠭᠰᠡᠨ ᠦᠬᠡ᠎ᠪᠠᠨ ᠤᠳᠤ ᠪᠤᠳᠤᠬᠤᠯᠠᠷ ᠡᠵᠢ ᠵᠢᠨ ᠰᠡᠳᠬᠢᠯ᠎ᠢ ᠶᠠᠭᠤᠳᠠᠢ ᠬᠠᠷᠠᠳᠠᠢ ᠰᠡᠪᠳᠦᠭᠡᠭᠰᠡᠨ ᠪᠢᠯᠨ!
ᠡᠵᠢ ᠪᠢᠳᠡ ᠬᠤᠶᠠᠭᠤᠯᠨ ᠬᠦᠬᠡᠬᠤᠳᠠ᠎ᠳᠤ ᠢᠷᠡᠬᠡᠳ ᠨᠢᠬᠡ ᠵᠢᠵᠢᠭ ᠦᠷᠤᠬᠡ ᠲᠦᠷᠢᠶᠡᠰᠤᠯᠡᠪᠡ᠃ ᠬᠤᠶᠠᠷ ᠤᠨᠳᠠᠯᠭ᠎ᠠ ᠵᠢᠨ ᠤᠷᠤ᠂ ᠤᠷᠤ ᠵᠢᠨ ᠬᠠᠵᠠᠭᠤ᠎ᠳᠤ ᠬᠤᠶᠠᠷ ᠬᠤᠷᠭᠤ᠂ ᠬᠠᠶᠠᠭ᠎ᠠ ᠲᠦᠰᠢᠬᠦᠯᠤᠨ ᠲᠠᠯᠪᠢᠬᠰᠠᠨ ᠬᠤᠶᠠᠷ ᠬᠠᠭ᠋ᠠᠯᠭ᠋ᠠᠳᠤ ᠬᠤᠪᠴᠠᠰᠤᠨ᠎ᠤ ᠠᠪᠳᠠᠷ᠎ᠠ᠎ᠪᠠᠷ ᠲᠦᠬᠦᠷᠦᠭᠰᠡᠨ ᠦᠨᠤᠬᠢ ᠭᠤᠴᠢ ᠭᠠᠷᠤᠢ ᠺᠦᠸᠠᠳ᠋ ᠮᠸᠲᠷ ᠬᠦᠷᠬᠦ ᠦᠭᠡᠢ ᠵᠢᠭ᠋ᠠᠬᠠᠨ ᠦᠷᠤᠬᠡ ᠮᠠᠨᠢ ᠬᠦᠳᠡᠬᠡ ᠵᠢᠨ ᠰᠢᠪᠠᠷ ᠪᠠᠢ᠌ᠰᠢᠡᠭᠢ ᠪᠤᠳᠤᠪᠠᠯ ᠤᠪᠤᠭ᠎ᠠ ᠲᠤᠬᠢᠯᠢᠭ ᠴᠡᠪᠡᠷ᠂ ᠬᠢᠯᠨ ᠴᠢᠯᠨ ᠬᠠᠷᠠᠬᠳᠠᠨ᠎ᠠ᠃
ᠬᠤᠶᠠᠳᠤᠭ᠋ᠠᠷ ᠬᠡᠷ᠎ᠤᠨ ᠡᠵᠡᠨ ᠨᠠᠳᠠ᠎ᠠᠴᠠ ᠡᠬᠡᠴᠢᠮᠡᠳ ᠨᠠᠰᠤᠨ᠎ᠤ ᠭᠤᠤᠨᠢ ᠡᠵᠡᠭᠳᠡᠢ᠃ ᠦᠡᠭᠭᠡ ᠵᠢᠰᠤ᠎ᠨᠢ ᠭᠤᠸᠠᠯᠢᠭ᠂ ᠵᠠᠡᠭ ᠠᠭ᠋ᠠᠯᠢ᠎ᠨᠢ ᠴᠤᠪᠤᠭᠤᠯᠢᠭ᠃ ᠡᠵᠢ ᠤᠳᠠᠯ ᠦᠬᠡᠢ ᠦᠨᠤᠬᠢ ᠬᠡᠷ᠎ᠤᠨ ᠡᠵᠡᠭᠳᠡᠢ᠎ᠲᠠᠢ ᠲᠠᠰᠤᠯᠴᠠᠴᠢᠬᠠᠪᠠ᠃ ᠨᠢᠬᠡ ᠲᠤᠭᠤᠭ᠋ᠠᠨ ᠬᠡᠷ᠎ᠲᠤ ᠬᠤᠶᠠᠷ ᠠᠢ᠌ᠯ ᠬᠤᠪᠢ ᠬᠤᠪᠢᠨ᠎ᠤ᠎ᠪᠠᠨ ᠬᠤᠭᠤᠯᠨ ᠪᠤᠳᠠᠭ᠎ᠠ᠎ᠪᠠᠨ ᠪᠡᠯᠡᠳᠬᠡᠵᠤ᠂ ᠴᠤᠬᠭ᠋ᠠᠷ ᠵᠤᠴᠢᠨ᠎ᠤ ᠦᠷᠤᠬᠡ ᠵᠢᠨ ᠴᠠᠢ ᠵᠢᠨ ᠰᠢᠷᠡᠬᠡᠨ ᠲᠡᠬᠡᠷ᠎ᠡ ᠬᠤᠭᠤᠯᠠᠯᠠᠳᠠᠭ᠃
ᠡᠵᠢ ᠪᠠᠡᠭᠰᠢ ᠢᠳᠡᠬᠦ ᠲᠤᠷᠠᠳᠠᠢ ᠪᠤᠯᠬᠤᠷ ᠮᠠᠨᠤᠰ ᠭᠠᠷᠠᠭ᠎ᠲᠤ ᠬᠡᠳᠤ ᠤᠳᠠᠭ᠎ᠠ ᠬᠤᠨᠢ ᠦᠬᠡᠷ᠎ᠤᠨ ᠮᠢᠬ᠎ᠠ᠎ᠲᠠᠢ ᠪᠠᠡᠭᠰᠢ ᠪᠠᠷᠢᠵᠤ ᠢᠳᠡᠳᠡᠭ᠃ ᠬᠡᠬᠦ᠎ᠳᠤ᠎ᠪᠠᠨ ᠤᠳᠠᠭ᠎ᠠ ᠪᠦᠷᠢ ᠬᠤᠶᠠᠳᠤᠭ᠋ᠠᠷ ᠬᠡᠷ᠎ᠤᠨ ᠡᠵᠡᠭᠳᠡᠢ ᠵᠢ ᠶᠡᠷᠤ ᠬᠤᠴᠤᠷᠤᠭᠤᠯᠳᠠᠭ ᠦᠬᠡᠢ᠃ ᠲᠡᠷᠨ ᠴᠦ᠍ ᠡᠵᠢ ᠵᠢ ᠬᠦᠳᠡᠬᠡ ᠭᠠᠵᠠᠷ᠎ᠠᠴᠠ ᠢᠷᠡᠯ᠎ᠡ ᠭᠡᠵᠤ ᠭᠤᠯᠤᠳᠠᠭ ᠦᠬᠡᠢ ᠪᠠᠢ᠌ᠬᠰᠠᠨ ᠵᠶ᠋ᠡᠨ ᠲᠡᠮᠡᠢ ᠤᠳᠠᠯ ᠦᠬᠡᠢ ᠲᠠᠡᠭᠨᠠᠢ ᠵᠢᠨ ᠬᠤᠶᠠᠷ ᠰᠤᠳᠠᠯ ᠰᠢᠭ᠋ ᠶᠠᠭᠤ ᠶᠦᠨᠦᠭ ᠦᠬᠡᠢ ᠲᠠᠰᠤᠯᠴᠠᠴᠢᠬᠠᠭ᠋ᠠᠳ᠂ ᠬᠡᠷ᠎ᠲᠤ ᠤᠷᠤᠵᠤ ᠢᠷᠡᠬᠦ᠎ᠲᠠᠢ ᠵᠡᠷᠬᠡ ᠡᠡᠭ ᠲᠡᠷᠢᠬᠦᠨ᠎ᠳᠤ ᠡᠵᠢ ᠵᠢ ᠬᠦᠵᠤᠬᠦᠳᠡᠨ ᠲᠡᠪᠡᠷᠢᠵᠤ ᠡᠷᠬᠡᠯᠡᠨ ᠨᠠᠭ᠋ᠠᠯᠳᠤᠵᠤ ᠪᠠᠢ᠌ᠳᠠᠭ᠃
ᠡᠨᠡ ᠮᠡᠳᠤ᠎ᠪᠠᠷ ᠪᠢᠳᠡ ᠭᠤᠷᠪᠠᠨ ᠰᠠᠷ᠎ᠠ ᠬᠠᠮᠳᠤ ᠠᠮᠢᠳᠤᠷᠠᠪᠠ᠃ ᠰᠡᠬᠦᠯᠳᠡᠬᠡᠳ ᠦᠨᠤᠬᠢ ᠡᠬᠡᠴᠢ ᠠᠵᠢᠯ ᠰᠢᠯᠵᠢᠨ ᠨᠡᠬᠦᠨ ᠶᠠᠪᠤᠵᠠᠢ᠃ ᠡᠵᠢ ᠴᠦ᠍ ᠨᠢᠬᠡ ᠡᠳᠤᠷ ᠠᠬ᠎ᠠ᠎ᠠᠴᠠ ᠢᠷᠡᠬᠦᠯᠦᠭᠰᠡᠨ ᠤᠳᠠᠰᠤ ᠵᠢ ᠲᠤᠰᠴᠤ᠂ ᠪᠢ ᠬᠡᠴᠢᠨᠡᠬᠡᠨ ᠬᠤᠷᠢᠬᠯᠠᠬᠰᠠᠨ ᠴᠤ᠌ ᠪᠤᠯᠤᠬᠰᠠᠨ ᠦᠬᠡᠢ᠂ ᠠᠬ᠎ᠠ ᠪᠡᠷᠬᠡ᠎ᠨᠢ ᠬᠠᠮᠵᠢᠨ ᠠᠢ᠌ᠯ ᠬᠡᠷ᠎ᠢ᠎ᠨᠢ ᠬᠠᠪᠰᠤᠷᠴᠤ ᠲᠤᠳᠤᠮᠳᠠᠵᠤ ᠦᠭᠭᠦᠨ᠎ᠡ ᠬᠡᠳ ᠬᠦᠳᠡᠬᠡ ᠬᠡᠷ᠎ᠲᠤ ᠵᠶ᠋ᠡᠨ ᠪᠤᠴᠠᠪᠠ᠃
ᠰᠡᠬᠦᠯ᠎ᠤᠨ ᠬᠡᠳᠤᠨ ᠵᠢᠯ᠎ᠳᠤ ᠲᠠᠷᠢᠶᠠᠨ ᠠᠵᠢᠯ᠎ᠤᠨ ᠰᠡᠯᠡᠬᠦᠤ ᠴᠠᠭ ᠪᠤᠯᠪᠠᠯ ᠡᠵᠢ ᠮᠢᠨᠢ ᠬᠦᠬᠡᠬᠤᠳᠠ᠎ᠳᠤ ᠢᠷᠡᠵᠤ ᠨᠠᠳᠠ᠎ᠳᠤ ᠬᠠᠨᠢ ᠪᠤᠯᠵᠤ᠂ ᠬᠤᠭᠤᠯᠨ ᠪᠤᠳᠠᠭ᠎ᠠ ᠵᠢ ᠤᠢ᠌ᠷᠠᠳᠤᠭᠤᠯᠵᠤ ᠦᠭᠭᠦᠨ᠎ᠡ᠂ ᠲᠠᠷᠢᠶᠠᠨ ᠠᠵᠢᠯ᠎ᠤᠨ ᠶᠠᠭ᠋ᠠᠷᠠᠤ ᠦᠶ᠎ᠡ ᠪᠤᠯᠤᠬᠰᠠᠭ᠋ᠠᠷ ᠬᠦᠳᠡᠬᠡᠳᠤᠪᠠᠨ ᠬᠠᠷᠢᠨ ᠠᠬ᠎ᠠ ᠪᠡᠷᠬᠡ᠎ᠨᠢ ᠬᠠᠪᠰᠤᠷᠤᠨ ᠲᠡᠮᠵᠢᠵᠤ ᠬᠡᠷ ᠦᠷᠤᠬᠡ ᠵᠢ᠎ᠨᠢ ᠲᠤᠳᠤᠮᠳᠠᠵᠤ ᠦᠭᠭᠦᠨ᠎ᠡ᠃ ᠠᠷᠪᠠᠨ ᠬᠤᠷᠤᠭᠤᠨ᠎ᠤ ᠠᠯᠢᠨ᠎ᠢ᠎ᠨᠢ ᠬᠠᠵᠠᠬᠰᠠᠨ ᠴᠦ᠍ ᠪᠦᠷ ᠡᠪᠡᠳᠤᠨᠡ ᠬᠡᠳᠡᠭ ᠵᠶ᠋ᠡᠷ ᠬᠦᠤᠳᠤᠪᠠᠨ ᠲᠠᠳᠠᠯᠳᠤᠬᠤ᠎ᠪᠠᠷ ᠪᠠᠷᠠᠬᠤ ᠦᠬᠡᠢ ᠬᠦᠮᠦᠨ᠎ᠤ ᠭᠠᠵᠠᠷ ᠭᠠᠬ᠍ᠴᠨ ᠪᠡᠶ᠎ᠡ ᠠᠵᠢᠯᠯᠠᠵᠤ ᠠᠮᠢᠳᠤᠷᠠᠭ᠎ᠠ ᠦᠬᠢᠨ᠎ᠤ᠎ᠪᠠᠨ ᠲᠦᠯᠦᠬᠡ ᠴᠦ᠍ ᠰᠠᠨᠠᠭ᠎ᠠ ᠠᠯᠭ᠋ᠠᠰᠳᠠᠭ ᠡᠵᠢ ᠵᠢᠨ ᠰᠡᠳᠬᠢᠯ᠎ᠢ ᠪᠢ ᠬᠡᠷᠬᠢᠨ ᠤᠢ᠌ᠯᠠᠭ᠋ᠠᠬᠤ ᠦᠬᠡᠢ ᠪᠤᠢ ᠳ᠋ᠠ᠃ ᠠᠪᠤ ᠮᠢᠨᠢ ᠠᠯᠢᠪᠠ᠎ᠪᠠᠨ ᠬᠠᠶᠠᠭ᠋ᠠᠳ ᠶᠠᠪᠤᠬᠤ᠎ᠳᠤ᠎ᠪᠠᠨ ᠰᠡᠳᠬᠢᠯ ᠲᠤᠳᠤᠷ᠎ᠠ᠎ᠨᠢ ᠬᠠᠮᠤᠭ᠎ᠠᠴᠠ ᠬᠠᠶᠠᠵᠤ ᠲᠦᠪᠳᠡᠬᠦ ᠦᠬᠡᠢ᠎ᠨᠢ ᠶᠠᠭᠤ ᠬᠡᠰᠡᠨ᠎ᠢ ᠪᠢ ᠮᠡᠳᠡᠨ᠎ᠡ᠃ ᠠᠮᠢᠨ ᠬᠠᠢ᠌ᠷᠠᠳᠠᠢ ᠭᠠᠬ᠍ᠴᠨ ᠦᠬᠢᠨ ᠵᠶ᠋ᠡᠨ ᠶᠠᠮᠠᠷ ᠰᠢᠤ ᠠᠢ᠌ᠯ᠎ᠳᠤ ᠮᠤᠷᠳᠠᠭᠤᠯᠳᠠᠭ ᠪᠤᠯ? ᠶᠠᠮᠠᠷ ᠵᠡᠷᠬᠡ ᠵᠢᠨ ᠬᠦᠷᠬᠡᠨ ᠤᠯᠳᠠᠭ ᠪᠤᠯ? ᠭᠡᠵᠤ ᠠᠪᠤ ᠮᠢᠨᠢ ᠡᠪᠡᠳᠴᠢᠨ᠎ᠤ ᠤᠷᠤ ᠲᠡᠬᠡᠷ᠎ᠡ ᠰᠢᠨᠠᠯᠤᠨ ᠵᠤᠪᠠᠵᠤ ᠪᠠᠢ᠌ᠬᠤ᠎ᠳᠤ᠎ᠪᠠᠨ ᠦᠷᠬᠦᠯᠵᠢ ᠶᠠᠷᠢᠭ᠋ᠠᠳ ᠪᠠᠢ᠌ᠳᠠᠭ ᠶᠤᠮ᠃ ᠡᠵᠢ᠎ᠳᠤ᠎ᠪᠠᠨ ᠪᠤᠤ ᠯᠨ ᠡᠨᠡ ᠬᠦ᠌ ᠬᠠᠷᠠᠮᠰᠠᠯᠢ ᠦᠯᠡᠳᠡᠭᠡᠶ᠎ᠡ ᠭᠡᠵᠤ ᠪᠤᠳᠤᠭ᠋ᠠᠳ ᠪᠤᠰᠤᠳ᠎ᠤᠨ ᠲᠠᠨᠢᠯᠴᠠᠭᠤᠯᠭ᠎ᠠ᠎ᠪᠠᠷ ᠪᠢ ᠤᠳᠤ ᠵᠢᠨ ᠨᠦᠬᠦᠷ᠎ᠲᠠᠢ᠎ᠪᠠᠨ ᠲᠠᠨᠢᠯᠴᠠᠯ᠎ᠠ᠃ ᠨᠦᠬᠦᠷ ᠮᠢᠨᠢ ᠨᠠᠳᠠ᠎ᠲᠠᠢ ᠠᠳᠠᠯᠢᠬᠠᠨ ᠰᠤᠶᠤᠯ ᠰᠤᠷᠭ᠋ᠠᠭᠤᠯᠢ ᠵᠢᠨ ᠮᠦᠷ᠎ᠢ ᠬᠦᠬᠡᠬᠡᠵᠤ ᠬᠦᠳᠡᠬᠡ᠎ᠠᠴᠠ ᠢᠷᠡᠭᠰᠡᠨ ᠤᠶᠤᠳᠠᠨ ᠬᠦᠮᠦᠨ᠂ ᠠᠵᠢᠯ ᠦᠢ᠍ᠯᠡᠰ᠎ᠤᠨ ᠨᠢᠬᠡᠴᠢ᠎ᠳᠤ ᠠᠵᠢᠯᠯᠠᠳᠠᠭ᠃ ᠡᠵᠢ ᠵᠢᠨ ᠠᠮᠢᠳᠤᠷᠠᠯ᠎ᠢ ᠡᠷᠳᠡᠬᠡᠨ ᠰᠢᠭ ᠲᠦᠪᠬᠢᠨᠡᠬᠦᠯᠬᠦ ᠵᠢᠨ ᠲᠦᠯᠦᠬᠡ ᠮᠠᠨ᠎ᠤ ᠬᠤᠶᠠᠭᠤᠯᠨ ᠲᠠᠨᠢᠯᠴᠠᠭ᠋ᠠᠳ ᠬᠠᠭ᠋ᠠᠰ ᠵᠢᠯ ᠪᠤᠯᠬᠤ᠎ᠲᠠᠢ ᠵᠡᠷᠬᠡ ᠤᠷᠤᠭ᠎ᠤᠨ ᠪᠠᠳᠤᠯᠠᠪᠤᠷᠢ᠎ᠪᠠᠨ ᠠᠪᠴᠤ᠂ ᠡᠵᠢ ᠵᠢ ᠬᠦᠳᠡᠬᠡ᠎ᠠᠴᠠ ᠲᠤᠰᠴᠤ ᠠᠪᠴᠢᠷᠠᠨ᠂ ᠲᠦᠬᠦᠮᠬᠡᠨ ᠬᠤᠷᠢᠮ᠎ᠤᠨ ᠶᠤᠰᠤᠯᠠᠯ ᠬᠢᠪᠡ᠃ ᠡᠵᠢ ᠨᠠᠷᠬᠢᠶᠠᠨᠳᠤ ᠲᠤᠷᠠᠳᠠᠢ ᠪᠤᠯᠬᠤᠷ ᠪᠢᠳᠡ ᠨᠤᠭᠤᠭ᠋ᠠᠨ᠎ᠤ ᠵᠠᠬ᠎ᠠ ᠵᠢᠨ ᠤᠢ᠌ᠷᠠᠯᠴᠠᠭ᠋ᠠᠬᠢ ᠬᠤᠶᠠᠷ ᠦᠷᠤᠬᠡ ᠨᠢᠬᠡ ᠲᠢᠡᠭᠭᠢᠮ᠎ᠲᠠᠢ ᠬᠡᠷ ᠲᠦᠷᠢᠶᠡᠰᠤᠯᠡᠵᠡᠢ᠃
ᠡᠨᠡ ᠤᠳᠠᠭ᠎ᠠ ᠡᠵᠢ ᠮᠢᠨᠢ ᠬᠦᠬᠡᠬᠤᠳᠠ᠎ᠳᠤ ᠬᠠᠭ᠋ᠠᠰ ᠵᠢᠯ ᠢᠯᠡᠬᠦᠤ ᠰᠠᠭᠤᠵᠠᠢ᠃ ᠨᠢᠬᠡ ᠡᠳᠤᠷ ᠦᠳᠡ ᠵᠢᠨ ᠬᠤᠭᠤᠯᠨ ᠢᠳᠡᠵᠤ ᠪᠠᠢ᠌ᠳᠠᠯ᠎ᠠ᠂ ᠡᠵᠢ ᠮᠢᠨᠢ ᠬᠡᠨᠡᠳᠳᠡ ᠬᠡᠷ ᠵᠶ᠋ᠡᠨ ᠰᠠᠨᠠᠵᠤ ᠪᠠᠢ᠌ᠨ᠎ᠠ᠂ ᠬᠦᠤ᠎ᠪᠠᠨ ᠰᠠᠨᠠᠵᠤ ᠪᠠᠢ᠌ᠨ᠎ᠠ ᠬᠡᠳ ᠤᠬᠢᠯᠠᠴᠢᠬᠠᠪᠠ᠃ ᠪᠢ ᠬᠡᠴᠢᠨᠡᠬᠡᠨ ᠢᠳᠬᠠᠬᠰᠠᠨ ᠴᠦ᠍ ᠲᠤᠰᠨ ᠭᠠᠷᠤᠬᠰᠠᠨ ᠦᠬᠡᠢ᠂ ᠡᠵᠢ ᠮᠢᠨᠢ ᠬᠠᠰᠢ ᠯᠨ ᠬᠦᠳᠡᠬᠡᠳᠤᠪᠠᠨ ᠬᠠᠷᠢᠬᠤ᠎ᠪᠠᠷ ᠪᠤᠯᠵᠠᠢ᠃ ᠲᠠᠷᠠᠭ᠎ᠠ ᠡᠳᠤᠷ᠎ᠨᠢ ᠭᠠᠷᠠᠭ᠎ᠤᠨ ᠵᠢᠷᠭᠤᠭ᠋ᠠᠨ ᠪᠤᠯᠬᠤᠷ ᠨᠦᠬᠦᠷ ᠪᠢᠳᠡ ᠬᠤᠶᠠᠭᠤᠯᠨ ᠡᠵᠢ᠎ᠲᠠᠢ ᠬᠠᠮᠳᠤ ᠬᠤᠳᠠᠯᠳᠤᠭ᠋ᠠᠨ᠎ᠤ ᠲᠠᠯᠠᠪᠤᠷ᠎ᠲᠤ ᠬᠦᠷᠴᠤ᠂ ᠢᠳᠡᠬᠦ ᠡᠮᠤᠰᠬᠦ ᠵᠢᠭ᠋ᠠᠯ ᠵᠤᠭᠤᠯ ᠶᠠᠭᠤᠮ᠎ᠠ ᠬᠡᠤᠮ᠎ᠠ ᠠᠪᠴᠤ ᠦᠭᠬᠦ᠎ᠪᠠᠷ ᠪᠤᠯᠪᠠ᠃
ᠬᠤᠳᠠᠯᠳᠤᠭ᠋ᠠᠨ᠎ᠤ ᠲᠠᠯᠠᠪᠤᠷ᠎ᠲᠤ ᠬᠦᠷᠤᠬᠡᠳ ᠦᠭᠰᠤᠨ ᠤᠷᠤᠭᠤᠳᠠᠬᠤ ᠴᠠᠬᠢᠯᠭ᠋ᠠᠨ ᠱᠠᠳᠤ ᠵᠢ ᠦᠵᠡᠮᠡᠭᠴᠨ᠄ 《ᠪᠢ ᠲᠠᠨᠤᠰᠢ ᠭᠠᠳᠠᠨ᠎ᠠ ᠬᠦᠯᠢᠶᠡᠵᠤ ᠪᠠᠢ᠌ᠶ᠎ᠠ》 ᠬᠡᠳ ᠡᠵᠢ ᠭᠠᠷᠤᠭ᠋ᠠᠳ ᠶᠠᠪᠤᠴᠢᠬᠠᠯ᠎ᠠ᠃ ᠡᠵᠢ ᠵᠢᠨ ᠭᠠᠴᠢᠬᠳᠠᠯᠢ ᠪᠢ ᠮᠡᠳᠡᠵᠤ ᠪᠠᠢ᠌ᠨ᠎ᠠ᠂ ᠲᠤᠮᠤ ᠬᠤᠳᠠᠯᠳᠤᠭ᠋ᠠᠨ᠎ᠤ ᠲᠠᠯᠠᠪᠤᠷ ᠵᠶ᠋ᠡᠷ ᠲᠡᠷᠨ ᠨᠢᠬᠡ ᠴᠦ᠍ ᠤᠳᠠᠭ᠎ᠠ ᠲᠤᠭᠤᠷᠢᠵᠤ ᠦᠵᠡᠬᠡ ᠦᠬᠡᠢ᠂ ᠬᠡᠳᠤᠷᠡᠬᠦᠳᠤᠪᠠᠨ ᠬᠤᠰᠢᠭᠤᠨ᠎ᠤ ᠪᠦᠷᠢᠨ ᠪᠠᠷᠠᠭ᠋ᠠᠳᠤ ᠲᠡᠯᠬᠡᠬᠦᠷ᠎ᠲᠤ ᠬᠤᠶᠠᠷ ᠭᠤᠷᠪᠠᠬᠠᠨ ᠤᠳᠠᠭ᠎ᠠ ᠤᠴᠢᠵᠤ ᠦᠡᠭᠭᠡᠷᠡᠭᠰᠡᠨ ᠡᠵᠢ ᠮᠢᠨᠢ ᠡᠨᠡ ᠴᠠᠬᠢᠯᠭ᠋ᠠᠨ ᠱᠠᠳᠤ ᠵᠢ ᠠᠡᠭᠬ᠎ᠠ ᠤᠳᠠᠭ᠎ᠠ ᠬᠠᠷᠠᠵᠤ ᠪᠠᠢ᠌ᠭ᠎ᠠ ᠶᠤᠮ᠃
ᠪᠢᠳᠡ ᠶᠠᠭᠤᠮ᠎ᠠ ᠬᠡᠤᠮ᠎ᠠ᠎ᠪᠠᠨ ᠠᠪᠤᠭ᠋ᠠᠳ ᠲᠠᠯᠠᠪᠤᠷ᠎ᠠᠴᠠ ᠭᠠᠷᠴᠤ ᠢᠷᠡᠬᠦ᠎ᠳᠤ ᠡᠵᠢ ᠮᠢᠨᠢ ᠬᠤᠳᠠᠯᠳᠤᠭ᠋ᠠᠨ᠎ᠤ ᠲᠠᠯᠠᠪᠤᠷ᠎ᠤᠨ ᠡᠮᠤᠨᠡᠬᠢ ᠴᠢᠯᠠᠭᠤᠨ ᠳ᠋ᠦᠡᠭᠵᠡᠨ ᠲᠡᠬᠡᠷ᠎ᠡ ᠰᠠᠭᠤᠭ᠋ᠠᠳ ᠮᠠᠨᠤᠰ᠎ᠢ ᠬᠦᠯᠢᠶᠡᠵᠤ ᠪᠠᠢ᠌ᠯ᠎ᠠ᠃ 《ᠮᠦᠮᠤ ᠡ] ᠬᠡᠬᠦ ᠮᠢᠨ᠋᠊ ᠲᠠᠭᠤᠨ ᠵᠶ᠋ᠡᠷ ᠡᠵᠢ ᠡᠷᠬᠢᠨ ᠬᠠᠷᠠᠭ᠋ᠠᠳ᠂ ᠨᠠᠷᠠᠨ᠎ᠳᠤ ᠰᠢᠷᠠᠬᠳᠠᠨ ᠤᠯᠠᠢ᠌ᠬᠰᠠᠨ ᠴᠢᠷᠠᠢ ᠲᠡᠬᠡᠷᠡᠬᠢ ᠬᠦᠯᠤᠰᠤ᠎ᠪᠠᠨ ᠬᠠᠨᠴᠤᠢᠪᠠᠷᠪᠠᠨ ᠠᠷᠴᠢᠬᠢᠰᠭ᠋ᠠᠳ ᠦᠬᠡᠳᠡ᠎ᠠᠴᠠ ᠢᠨᠢᠶᠡᠮᠰᠦᠭᠯᠡᠨ ᠰᠢᠷᠳᠡᠬᠦ ᠶᠤᠮ᠃ ᠠᠢ ᠳ᠋ᠠ᠂ ᠬᠦᠬᠡᠷᠤᠬᠦᠢ ᠡᠡᠵᠢ ᠮᠢᠨᠢ!
ᠡᠵᠢ ᠮᠢᠨᠢ ᠨᠤᠳᠤᠭ ᠤᠷᠤᠭᠤ᠎ᠪᠠᠨ ᠪᠤᠴᠠᠬᠤ ᠭᠠᠯᠳᠤ ᠲᠡᠷᠬᠡᠨ᠎ᠳᠤ ᠭᠠᠷᠤᠯ᠎ᠠ᠃ 《ᠵᠠᠮ᠎ᠳᠤ᠎ᠪᠠᠨ ᠠᠮᠤᠷ ᠲᠦᠪᠰᠢᠨ ᠵᠶ᠋ᠡᠨ ᠬᠢᠴᠢᠶᠡᠬᠡᠷᠡᠢ᠂ ᠤᠴᠢᠷ᠎ᠲᠠᠢ ᠪᠤᠯ ᠨᠠᠳᠠ᠎ᠳᠤ ᠤᠳᠠᠰᠤᠳᠠᠭ᠋ᠠᠷᠠᠢ》 ᠭᠡᠵᠤ ᠪᠢ ᠲᠡᠷᠬᠡᠨ ᠴᠤᠡᠭᠬᠤᠳᠤ ᠠᠬᠢᠨ ᠲᠠᠬᠢᠨ ᠵᠠᠬᠢᠬᠤ᠎ᠳᠤ ᠡᠵᠢ ᠮᠢᠨᠢ ᠪᠠᠰᠨ ᠯᠨ ᠬᠠᠨᠴᠤᠢ᠎ᠪᠠᠷ ᠵᠶ᠋ᠡᠨ ᠨᠢᠯᠪᠤᠰᠤ᠎ᠪᠠᠨ ᠠᠷᠴᠢᠬᠰᠠᠭ᠋ᠠᠷ ᠮᠠᠨᠤᠰ ᠤᠷᠤᠭᠤ ᠭᠠᠷ ᠲᠠᠯᠠᠯᠵᠤ᠂ 《ᠬᠠᠷᠢᠭ᠋ᠠᠷᠠᠢ] ᠭᠡᠵᠤ ᠲᠤᠬᠢᠶ᠎ᠠ ᠦᠭᠭᠦᠨ᠎ᠡ᠃ ᠡᠵᠢ ᠮᠢᠨᠢ ᠲᠠᠬᠢᠵᠤ ᠬᠦᠬᠡᠬᠤᠳᠠ᠎ᠳᠤ ᠢᠷᠡᠭᠰᠡᠨ ᠦᠬᠡᠢ᠃ ᠬᠦᠳᠡᠬᠡ ᠬᠠᠷᠢᠬᠰᠠᠨᠤᠪᠠᠨ ᠲᠠᠷᠠᠬᠠ ᠵᠢᠯ ᠡᠵᠢ ᠮᠢᠨᠢ ᠡᠯᠢᠬᠡᠨ ᠦᠷᠪᠢᠰᠤᠯ ᠵᠶ᠋ᠡᠷ ᠬᠡᠨᠡᠳᠳᠡ ᠪᠡᠶ᠎ᠡ ᠦᠡᠭᠭᠡᠷᠡᠵᠤ᠂ ᠪᠢ ᠡᠵᠢ᠎ᠲᠠᠢ᠎ᠪᠠᠨ ᠬᠠᠮᠤᠭ ᠡᠴᠤᠰ᠎ᠤᠨ ᠨᠢᠭᠤᠷ ᠵᠤᠯᠭ᠋ᠠᠵᠤ ᠴᠢᠳᠠᠭ᠎ᠠ ᠦᠬᠡᠢ ᠮᠠᠨᠢ ᠨᠠᠰᠤᠨ᠎ᠤ ᠬᠠᠷᠠᠮᠰᠠᠯ ᠪᠤᠯᠵᠤ ᠪᠢᠯᠨ᠃
ᠨᠠᠳᠠ ᠵᠢ ᠰᠡᠡᠭᠳᠡ ᠮᠡᠡᠭᠳᠡ ᠬᠦᠳᠡᠬᠡᠳᠤᠪᠠᠨ ᠬᠦᠷᠬᠦ᠎ᠳᠤ ᠬᠦᠷᠢᠶ᠎ᠡ ᠲᠦᠬᠦᠷᠡᠡᠭ ᠬᠦᠮᠦᠰ ᠪᠤᠵᠢᠬᠢᠨᠠᠯᠳᠤᠨ ᠬᠡᠬᠦᠷ ᠭᠠᠷᠭ᠋ᠠᠬᠤ ᠶᠤᠰᠤ ᠤᠴᠢᠷ᠎ᠢ ᠵᠦᠪᠳᠡᠨ ᠪᠡᠯᠡᠳᠬᠡᠵᠤ ᠪᠠᠢ᠌ᠵᠠᠢ᠃ ᠵᠢᠯ᠎ᠳᠤ᠎ᠪᠠᠨ ᠬᠡᠷ᠎ᠤᠨ ᠡᠬᠦᠳᠡᠨ᠎ᠠᠴᠠ ᠭᠠᠷᠳᠠᠭ ᠦᠬᠡᠢ ᠵᠡᠷᠬᠡᠯᠡᠳᠡᠭᠡ ᠠᠢ᠌ᠯ᠎ᠤᠨ ᠶᠦᠡᠭ ᠡᠬᠡᠴᠢ ᠨᠢᠳᠤ᠎ᠪᠠᠨ ᠬᠠᠪᠤᠡᠭᠳᠤᠭᠤᠯᠴᠢᠬᠠᠬᠰᠠᠨ᠂ ᠬᠤᠭᠤᠯᠨ ᠪᠤᠳᠠᠭ᠎ᠠ᠎ᠲᠤ ᠡᠨᠡ ᠲᠡᠷᠨ ᠭᠡᠵᠤ ᠲᠦᠪᠬᠢᠨᠡᠬᠦᠯᠤᠨ ᠲᠦᠨᠳᠤᠴᠢᠨᠠ᠃ ᠴᠠᠭ᠋ᠠᠨ ᠰᠠᠷ᠎ᠠ ᠵᠢᠨ ᠰᠢᠨ᠎ᠡ ᠵᠢᠨ ᠨᠢᠬᠡᠨ ᠪᠤᠯᠭ᠋ᠠᠨ᠎ᠳᠤ ᠮᠠᠨ᠎ᠤ᠎ᠳᠤ ᠢᠷᠡᠬᠡᠳ ᠠᠪᠤ ᠡᠵᠢ᠎ᠪᠠᠷ ᠪᠡᠯᠬᠡᠰᠢᠶᠡᠬᠦᠯᠤᠨ ᠵᠤᠭᠤᠰ ᠵᠤᠭ᠎ᠠ ᠭᠠᠷᠳᠠᠭᠤᠯᠤᠭᠤᠯᠳᠠᠭ ᠶᠠᠪᠠ ᠠᠬ᠎ᠠ ᠤᠰᠤ ᠲᠦᠯᠡᠬᠡ ᠤᠢ᠌ᠷᠠᠳᠤᠭᠤᠯᠤᠨ ᠪᠦᠭᠴᠤᠭᠡᠨᠡᠨᠡ᠃ ᠶᠠᠪᠠ ᠠᠬ᠎ᠠ ᠨᠠᠮ᠎ᠠ ᠵᠢ ᠦᠵᠡᠡᠭᠭᠦᠳᠡ ᠬᠦᠶᠤᠵᠤ ᠢᠷᠡᠴᠢᠬᠡᠬᠡᠳ᠂ ᠡᠷᠡᠬᠡᠢ ᠬᠤᠷᠤᠭᠤ᠎ᠪᠠᠨ ᠭᠤᠵᠤᠢ᠌ᠯᠭ᠋ᠠᠨ᠄ 《ᠡᠵᠢ ᠴᠢᠨᠢ ᠪᠤᠯ ᠰᠠᠢ᠌ᠨ ᠬᠦᠮᠦᠨ ᠡ》 ᠭᠡᠵᠤ ᠨᠠᠳᠠ᠎ᠳᠤ ᠬᠡᠯᠡᠵᠤ ᠭᠠᠷᠤᠨ᠎ᠠ᠃ ᠡᠵᠢ ᠵᠢᠨ ᠦᠷᠤᠪᠴᠢ ᠵᠦᠬᠡᠯᠡᠨ ᠰᠡᠳᠬᠢᠯ᠎ᠢ ᠦᠬᠢᠨ᠎ᠨᠢ ᠪᠤᠯᠤᠬᠰᠠᠨ ᠪᠢ ᠬᠡᠷᠬᠢᠨ ᠮᠡᠳᠡᠬᠦ ᠦᠬᠡᠢ ᠪᠢᠯᠨ!
ᠪᠠᠭ᠎ᠠ ᠪᠠᠢ᠌ᠬᠤ᠎ᠳᠤ ᠮᠠᠨ᠎ᠤ ᠲᠤᠰᠬᠤᠨ᠎ᠳᠤ ᠦᠷᠬᠦᠯᠵᠢ ᠨᠢᠬᠡᠨ ᠰᠤᠯᠢᠶᠠᠳᠤ ᠪᠦᠰᠡᠬᠦᠢ ᠢᠷᠡᠳᠡᠭ᠃ᠰᠤᠯᠢᠶᠠᠳᠤ ᠢᠷᠡᠬᠦ ᠪᠤᠯᠭ᠋ᠠᠨ ᠡᠵᠢ ᠮᠢᠨᠢ ᠲᠡᠬᠦᠨ᠎ᠢ ᠬᠡᠷ᠎ᠲᠤ᠎ᠪᠠᠨ ᠲᠠᠭ᠋ᠠᠭᠤᠯᠤᠨ ᠠᠪᠴᠢᠷᠠᠵᠤ ᠬᠠᠯᠠᠭᠤᠨ ᠪᠦᠯᠢᠶᠡᠨ ᠬᠤᠭᠤᠯᠨ ᠤᠮᠳᠠ ᠢᠳᠡᠬᠦᠯᠵᠤ ᠤᠤᠭᠤᠯᠭ᠋ᠠᠨ᠂ ᠬᠤᠪᠴᠠᠰᠤ ᠬᠤᠨᠠᠷ᠎ᠢ᠎ᠨᠢ ᠰᠤᠯᠢᠵᠤ ᠦᠭᠳᠡᠭ᠃ ᠪᠢ ᠦᠨᠤᠬᠢ ᠰᠤᠯᠢᠶᠠᠳᠤ ᠵᠢᠨ ᠲᠦᠯᠡᠬᠡᠨ ᠤᠪᠤᠭ᠎ᠠ ᠰᠢᠭ᠋ ᠰᠢᠷᠢᠯᠳᠤᠵᠤ ᠢᠰᠡᠬᠡᠢ᠌ᠷᠡᠭᠰᠡᠨ ᠦᠰᠤ ᠬᠡᠵᠢᠬᠡ᠂ ᠭ᠋ᠭᠢᠷ ᠪᠤᠷᠳᠤᠭᠲᠤᠪᠠᠨ ᠲᠠᠷᠤᠬᠳᠠᠬᠰᠠᠨ ᠤᠷᠠᠡᠭᠬᠠᠢ ᠲᠡᠪᠡᠯ ᠦᠮᠤᠳᠤ ᠵᠢ᠎ᠨᠢ ᠦᠵᠡᠬᠡᠳ ᠶᠡᠬᠡ ᠯᠨ ᠵᠢᠭ᠌ᠰᠢᠵᠤ᠂ ᠡᠵᠢ᠎ᠳᠤ ᠮᠠᠰᠢ ᠲᠤᠷ᠎ᠠ ᠦᠬᠡᠢ᠌ᠴᠡᠳᠡᠭ ᠪᠠᠢ᠌ᠯ᠎ᠠ᠃ ᠢᠯᠠᠡᠭᠭᠤᠶ᠎ᠠ ᠰᠤᠯᠢᠶᠠᠳᠤ ᠮᠢᠨᠤ ᠦᠬᠡᠳᠡ᠎ᠠᠴᠠ ᠠᠮᠨ᠎ᠪᠠᠨ ᠲᠠᠷᠪᠠᠢ᠌ᠯᠭ᠋ᠠᠨ ᠢᠨᠢᠶᠡᠭᠰᠡᠬᠡᠷ ᠯᠨ ᠠᠶᠤᠡᠭᠭᠤᠷᠢ ᠲᠦᠷᠤᠵᠤ᠂ ᠴᠢᠳᠠᠪᠠᠯ ᠲᠡᠬᠦᠨ᠎ᠢ ᠬᠡᠷ᠎ᠠᠴᠠ᠎ᠪᠠᠨ ᠬᠦᠬᠡᠬᠡᠬᠡᠳ ᠭᠠᠷᠭ᠋ᠠᠴᠢᠬᠠᠮᠠᠷ ᠬᠤᠷᠤᠰᠤᠨ᠎ᠠ᠃ ᠰᠡᠬᠦᠯᠡᠷ᠎ᠨᠢ ᠰᠤᠯᠢᠶᠠᠳᠤ ᠦᠬᠡᠷ᠎ᠡ ᠲᠤᠰᠬᠤᠨ᠎ᠳᠤ ᠲᠡᠨᠤᠬᠦᠴᠢᠯᠡᠵᠤ ᠬᠦᠷᠤᠬᠡᠳ ᠨᠢᠬᠡᠨ ᠰᠠᠢ᠌ᠬᠠᠨ ᠰᠡᠳᠬᠢᠯ᠎ᠳᠤ ᠬᠡᠷ᠎ᠤᠨ ᠡᠵᠡᠭᠳᠡᠢ ᠵᠢᠨ ᠦᠭᠭᠦᠭᠰᠡᠨ ᠱᠦᠯᠤᠬᠡᠢ ᠪᠤᠳᠠᠭ᠎ᠠ ᠵᠢ ᠬᠡᠳᠤᠷᠡᠳᠡᠯ᠎ᠡ ᠢᠳᠡᠬᠡᠳ ᠦᠬᠦᠪᠡ ᠬᠡᠰᠡᠨ ᠴᠢᠮᠡᠬᠡ ᠵᠢ᠎ᠨᠢ ᠲᠤᠭᠤᠯᠤᠭ᠋ᠠᠳ᠂ ᠡᠵᠢ ᠮᠢᠨᠢ ᠰᠤᠯᠢᠶᠠᠳᠤ ᠵᠢᠨ ᠲᠦᠯᠤᠬᠡ ᠬᠡᠳᠤᠨᠨ ᠡᠳᠤᠷ ᠰᠡᠳᠬᠢᠯ ᠡᠪᠬᠡᠷᠡᠨ ᠨᠢᠯᠪᠤᠰᠤ ᠤᠨᠠᠭ᠋ᠠᠵᠤ ᠪᠢᠯᠨ᠃
ᠡᠵᠢ ᠮᠢᠨᠢ ᠬᠠᠨᠵᠤᠨ ᠲᠡᠬᠡᠷ᠎ᠡ ᠨᠠᠮ ᠬᠡᠪᠳᠡᠨ᠎ᠡ᠃ ᠪᠢ ᠡᠵᠢ ᠵᠢᠨ ᠮᠦᠷ᠎ᠠᠴᠠ ᠴᠢᠡᠭᠭ᠎ᠠ ᠲᠠᠪᠠᠷᠢᠨ᠂ ᠬᠠᠴᠠᠷ ᠵᠶ᠋ᠡᠨ ᠬᠠᠴᠠᠷᠲᠠᠢ᠎ᠨᠢ ᠨᠠᠭ᠋ᠠᠯᠳᠤᠭᠤᠯᠬᠤ᠎ᠳᠤ ᠡᠪᠤᠷ ᠲᠤᠳᠤᠷ ᠡᠵᠢ ᠮᠢᠨᠢ ᠨᠢᠬᠡ ᠯᠨ ᠠᠳᠬᠤ ᠪᠤᠯᠤᠭ᠋ᠠᠳ 《ᠮᠦᠮᠤ ᠡ》 ᠭᠡᠵᠤ ᠲᠠᠭᠤᠳᠠᠬᠤ᠎ᠳᠤ ᠬᠠᠷᠢᠭᠤ ᠦᠬᠡᠢ ᠬᠡᠪᠳᠡᠬᠦ᠎ᠨᠢ ᠡᠯᠢᠬᠡ ᠡᠮᠳᠡᠷᠡᠬᠦᠯᠤᠨᠡ᠃ ᠦᠨᠡᠨ᠎ᠤ ᠭᠠᠵᠠᠷ ᠶᠠᠪᠤᠬᠰᠠᠨ ᠡᠵᠢ᠎ᠳᠤ᠎ᠪᠠᠨ ᠬᠡᠯᠡᠵᠤ ᠠᠮᠵᠢᠭ᠎ᠠ ᠦᠬᠡᠢ ᠰᠡᠳᠬᠢᠯ᠎ᠤᠨ ᠦᠬᠡᠨᠦᠭᠦᠳ ᠨᠢᠯᠪᠤᠰᠤ ᠪᠤᠯᠵᠤ ᠵᠢᠷᠤᠬᠡ᠎ᠪᠠᠷ ᠤᠷᠤᠰᠤᠨ᠎ᠠ ᠁
ᠡᠵᠢ ᠮᠢᠨᠢ ᠡᠴᠤᠰ᠎ᠲᠤ᠎ᠪᠠᠨ ᠬᠠᠰᠢ ᠯᠨ ᠰᠠᠨᠠᠵᠤ ᠬᠦᠰᠡᠭᠰᠡᠨ ᠬᠦᠤ ᠵᠢᠨ ᠵᠶ᠋ᠡᠨ ᠪᠡᠯᠡᠳᠦᠭᠰᠡᠨ ᠠᠪᠰᠠᠨ᠎ᠳᠤ ᠤᠷᠤᠯ᠎ᠠ᠃ ᠦᠷ᠎ᠡ᠎ᠪᠠᠨ ᠲᠡᠵᠢᠬᠡᠨ ᠶᠠᠰᠤ ᠵᠶ᠋ᠡᠨ ᠪᠠᠷᠢᠭᠤᠯᠤᠨ᠎ᠠ ᠭᠡᠭᠴᠢ ᠡᠵᠢ ᠵᠢᠨ ᠮᠢᠨᠢ ᠡᠨᠡ ᠨᠠᠰᠤᠨ᠎ᠤ ᠬᠠᠮᠤᠭ᠎ᠤᠨ ᠬᠠᠨᠤᠮᠵᠢᠳᠠᠢ ᠤᠴᠢᠷ ᠮᠠᠭ᠋ᠠᠳ᠃ ᠡᠵᠢ ᠰᠦᠨᠢᠵᠢᠨ ᠰᠢᠨᠠᠯᠤᠨ ᠵᠤᠪᠠᠵᠤ᠂ ᠡᠮᠴᠢ ᠲᠤᠮᠴᠢ ᠵᠠᠯᠠᠵᠤ ᠡᠮ ᠲᠠᠡᠭ ᠪᠠᠷᠢᠭᠰᠠᠨ ᠴᠦ᠍ ᠡᠳᠡᠬᠡᠷᠡᠭᠰᠡᠨ ᠦᠬᠡᠢ᠂ ᠲᠠᠷᠠᠭ᠎ᠠ ᠡᠳᠤᠷ᠎ᠨᠢ ᠨᠢᠬᠡ ᠯᠨ ᠠᠮᠢᠰᠬᠤᠭᠠᠳᠤᠪᠠᠨ ᠪᠦᠭᠯᠡᠷᠡᠬᠡᠳ ᠶᠠᠪᠤᠴᠢᠬᠠᠯ᠎ᠠ ᠭᠡᠵᠤ ᠠᠬ᠎ᠠ ᠨᠢᠯᠪᠤᠰᠤ ᠴᠤᠪᠤᠷᠠᠭᠤᠯᠤᠬᠰᠠᠭ᠋ᠠᠷ ᠬᠡᠯᠡᠬᠦ ᠶᠤᠮ᠃ ᠶᠠᠪᠤᠴᠢᠬᠠᠯ᠎ᠠ᠂ ᠲᠡᠢ᠌ᠮᠤ ᠡ᠂ ᠶᠠᠪᠤᠴᠢᠬᠠᠯ᠎ᠠ᠃ ᠬᠢᠷᠢ ᠵᠡᠷᠬᠡ ᠵᠢᠨ ᠭᠤᠨᠢᠭ ᠵᠤᠪᠠᠯᠠᠡᠭᠲᠠᠢ᠂ ᠡᠰᠡᠬᠦᠯ᠎ᠡ ᠠᠮᠤᠷᠯᠢᠡᠭᠭᠤᠢ ᠲᠠᠢ᠌ᠪᠤᠭᠤᠨ ᠵᠶ᠋ᠡᠷ ᠤᠤ᠂ ᠠᠯᠢᠨ᠎ᠢ᠎ᠨᠢ ᠴᠦ᠍ ᠬᠡᠰᠡᠨ ᠪᠢ ᠪᠦᠷ ᠮᠡᠳᠡᠷᠡᠬᠦ ᠵᠢᠨ ᠠᠷᠭ᠎ᠠ ᠦᠬᠡᠢ ᠪᠤᠯᠵᠠᠢ᠃ ᠵᠦᠪᠬᠡᠨ ᠴᠠᠬᠯᠠᠰᠢ ᠦᠬᠡᠢ ᠬᠠᠷᠠᠮᠰᠠᠯ ᠪᠤᠯᠤᠨ ᠰᠢᠨᠠᠯᠤᠯ ᠯᠨ ᠠᠬ᠎ᠠ ᠪᠢᠳᠡ ᠬᠤᠶᠠᠭᠤᠯᠨ᠎ᠳᠤ ᠦᠯᠡᠳᠡᠵᠡᠢ᠃
ᠪᠢ ᠡᠵᠢ ᠵᠢᠨ ᠮᠢᠨᠢ ᠬᠦᠳᠡᠬᠡ ᠪᠤᠴᠠᠬᠤ᠎ᠳᠤ᠎ᠪᠠᠨ ᠰᠠᠭᠤᠳᠠᠭ ᠭᠠᠯᠳᠤ ᠲᠡᠷᠬᠡᠨ᠎ᠳᠤ ᠭᠠᠷᠴᠤ ᠬᠦᠬᠡᠬᠤᠳᠠ ᠵᠦᠭ ᠡᠷᠬᠢᠯᠡ᠃ ᠲᠡᠷᠬᠡᠨ ᠴᠤᠡᠭᠬᠤᠨᠤ ᠭᠠᠳᠠᠨ᠎ᠠ ᠦᠤᠷ᠎ᠤᠨ ᠲᠤᠶᠠᠭ᠎ᠠ ᠬᠦᠪᠤᠷᠡᠨ ᠤᠯᠠᠯᠵᠠᠵᠤ᠂ ᠬᠠᠭ᠋ᠠᠰ ᠲᠡᠭᠷᠢ ᠵᠢ ᠤᠯᠠᠢ᠌ᠳᠠᠯᠠ ᠪᠤᠳᠤᠬᠯᠠᠨᠠ᠃ ᠨᠢᠯᠪᠤᠰᠤ ᠮᠢᠨᠢ ᠪᠠᠰᠨ ᠯᠨ ᠠᠰᠬᠠᠷᠠᠪᠠ᠃ ᠮᠦᠮᠤ ᠡ᠂ ᠪᠢ ᠶᠠᠭ᠋ᠠᠬᠢᠵᠤ ᠲᠠᠭᠤᠳᠠᠬᠰᠠᠨ ᠴᠦ᠍ ᠦᠬᠡᠳᠡ᠎ᠠᠴᠠ ᠮᠢᠨᠢ ᠬᠠᠷᠢᠭᠤᠯᠬᠤ ᠪᠤᠶᠤ ᠢᠨᠢᠶᠡᠳᠤ ᠪᠢᠯᠬᠠᠭᠤᠯᠤᠬᠰᠠᠨ ᠴᠢᠷᠠᠢ᠎ᠪᠠᠷ ᠡᠡᠭᠭᠦᠷᠡᠢ᠌ᠯᠡᠨ ᠬᠠᠷᠠᠬᠤ ᠬᠦᠮᠦᠨ ᠦᠬᠡᠢ ᠪᠤᠯᠵᠠᠢ᠃ ᠭᠠᠬ᠍ᠴᠨ ᠬᠦ᠌ ᠡᠵᠢ ᠵᠢᠨ ᠮᠢᠨᠢ ᠡᠴᠡᠡᠭᠭᠡᠢ ᠪᠡᠶ᠎ᠡ᠎ᠨᠢ ᠲᠡᠭᠷᠢ ᠵᠢᠨ ᠬᠠᠶᠠᠭ᠎ᠠ᠎ᠲᠠᠢ ᠵᠠᠯᠭ᠋ᠠᠯᠳᠤᠨ᠂ ᠨᠡᠮ᠎ᠠ ᠵᠢ ᠦᠬᠡᠷ᠎ᠡ ᠨᠢᠬᠡᠨ ᠠᠮᠢᠳᠤᠷᠠᠯ ᠲᠡᠢ᠌ᠰᠢ ᠮᠤᠷᠳᠠᠭᠤᠯᠤᠬᠰᠠᠭ᠋ᠠᠷ ᠬᠤᠴᠤᠷᠤᠯ᠎ᠠ᠃
ᠲᠠᠷᠠᠭ᠎ᠠ ᠵᠢᠯ᠎ᠤᠨ᠎ᠬᠢ᠎ᠨᠢ ᠬᠠᠪᠤᠷ᠂ ᠪᠡᠷᠬᠡᠨ ᠤᠳᠠᠰᠤ ᠢᠷᠡᠬᠦᠯᠵᠤ᠄ 《ᠬᠦᠢ᠍ᠯᠡᠰᠤᠨ ᠮᠤᠳᠤᠳ ᠨᠢᠬᠡ ᠴᠦ᠍ ᠴᠡᠴᠡᠭᠯᠡᠭᠰᠡᠨ ᠦᠬᠡᠢ》 ᠭᠡᠵᠤ ᠶᠠᠷᠢᠨ᠎ᠠ᠃ ᠡᠵᠢ ᠵᠢᠨ ᠮᠢᠨᠢ ᠵᠠᠢ᠌ᠯᠠᠬᠰᠠᠨ ᠬᠦᠢ᠍ᠯᠡᠰᠤᠨ ᠮᠤᠳᠤᠳ᠎ᠲᠠᠢ ᠬᠠᠮᠳᠤ᠎ᠪᠠᠷ ᠪᠢ ᠴᠦ᠍ ᠡᠨᠡ ᠬᠦ᠌ ᠡᠵᠡᠬᠦᠢ᠌ᠷᠡᠭᠰᠡᠨ ᠬᠤᠷᠸ᠎ᠠ᠎ᠳᠤ ᠦᠨᠤᠴᠢᠷᠠᠨᠠ᠃
ᠨᠢᠳᠤ ᠢᠷᠮᠡᠬᠦ ᠵᠢᠨ ᠵᠠᠭᠤᠷ᠎ᠠ ᠬᠡᠳᠤᠨ ᠵᠢᠯ ᠦᠡᠭᠭᠡᠷᠡᠴᠢᠬᠡᠯᠡ᠃ ᠨᠢᠬᠡ ᠡᠳᠤᠷ ᠪᠢ ᠤᠤᠯ᠎ᠳᠤ᠎ᠪᠠᠨ ᠡᠵᠢ᠎ᠲᠠᠢ᠎ᠪᠠᠨ ᠬᠠᠮᠳᠤ ᠰᠠᠭᠤᠵᠤ ᠪᠠᠢ᠌ᠬᠰᠠᠨ ᠵᠢᠵᠢᠭ ᠲᠤᠭᠤᠷᠢᠭ᠎ᠤᠨ ᠬᠠᠵᠠᠭᠤ᠎ᠳᠤ᠎ᠬᠢ ᠨᠤᠭᠤᠭ᠎ᠠ ᠵᠢᠨ ᠵᠠᠬ᠎ᠠ᠎ᠪᠠᠷ ᠦᠡᠭᠭᠡᠷᠡᠬᠦ᠎ᠳᠤ ᠨᠢᠬᠡ ᠠᠨᠢᠶ᠎ᠠ ᠭᠠᠷ᠎ᠠᠴᠠ ᠴᠢᠡᠭᠭ᠋ᠠᠭ᠋ᠠᠳ᠂ ᠨᠠᠳᠠ ᠤᠷᠤᠭᠤ ᠢᠨᠢᠶᠡᠭᠰᠡᠬᠡᠷ᠄ 《ᠡᠵᠢ ᠴᠢᠨᠢ ᠵᠦᠬᠡᠷ ᠤᠤ?》 ᠭᠡᠵᠤ ᠠᠰᠠᠭᠤᠨ᠎ᠠ᠃ 《ᠡᠵᠢ᠎ᠳᠤ ᠴᠢᠨᠢ ᠪᠢ ᠮᠠᠰᠢ ᠤᠯᠠᠨ ᠴᠠᠭ᠋ᠠᠨ ᠨᠤᠭᠤᠭ᠋ᠠᠨ᠎ᠤ ᠬᠠᠴᠠᠪᠴᠢ ᠬᠠᠳᠠᠭ᠋ᠠᠠᠯᠵᠤ ᠦᠭᠭᠦᠯ᠎ᠡ᠃ ᠶᠡᠷᠤ᠎ᠠᠴᠠ ᠲᠡᠬᠦᠨ᠎ᠤ ᠠᠪᠬᠤ᠎ᠪᠠᠷ ᠢᠷᠡᠬᠦ ᠵᠢ ᠤᠯᠵᠤ ᠦᠵᠡᠭᠰᠡᠨ ᠦᠬᠡᠢ》 ᠭᠡᠵᠤ ᠲᠡᠷᠨ ᠬᠡᠯᠡᠨ᠎ᠡ᠃ ᠲᠤᠬᠠᠢ ᠵᠢᠨ ᠵᠢᠯ᠎ᠳᠤ ᠮᠢᠨᠤ ᠬᠤᠭᠤᠠᠯᠨ ᠰᠢᠷᠡᠬᠡᠨ ᠲᠡᠬᠡᠷᠡᠬᠢ ᠴᠠᠭ᠋ᠠᠨ ᠨᠤᠭᠤᠭ᠋ᠠᠨ᠎ᠤ ᠬᠦᠢ᠍ᠳᠡᠨ ᠵᠠᠭᠤᠰᠢ ᠵᠢ ᠡᠵᠢ ᠮᠢᠨᠢ ᠵᠠᠬ᠎ᠠ᠎ᠠᠴᠠ ᠲᠡᠬᠦᠵᠤ ᠠᠪᠴᠢᠷᠠᠬᠰᠠᠨ ᠪᠠᠢ᠌ᠵᠤ ᠳ᠋ᠠ᠃ ᠲᠡᠢ᠌ᠮᠤ ᠯᠨ ᠪᠠᠢ᠌ᠬ᠎ᠠ᠂ ᠮᠢᠨᠤ ᠲᠡᠬᠦᠨ᠎ᠳᠤ ᠦᠭᠳᠡᠭ ᠭᠠᠷᠠᠭ ᠪᠦᠷᠢ ᠵᠢᠨ ᠵᠢᠷᠭᠤᠭ᠋ᠠᠨ ᠲᠦᠬᠦᠷᠢᠭ᠎ᠤᠨ ᠬᠤᠭᠤᠯᠨ ᠪᠤᠳᠠᠭ᠋ᠠᠨ᠎ᠤ ᠵᠤᠭᠤᠰ ᠦᠯᠡᠬᠦᠤ ᠦᠯᠡᠳᠡᠵᠤ ᠪᠠᠢ᠌ᠬᠰᠠᠨ᠎ᠨᠢ ᠤᠴᠢᠷᠳᠠᠢ ᠪᠠᠢ᠌ᠬᠰᠠᠨ ᠠᠵᠢ᠃ ᠡᠵᠢ ᠮᠢᠨᠢ ᠭᠠᠮᠨᠠᠨ ᠦᠯᠡᠳᠡᠭᠡᠭᠰᠡᠨ ᠵᠤᠭᠤᠰ ᠵᠶ᠋ᠡᠨ ᠪᠠᠭ᠎ᠠ ᠪᠠᠭ᠎ᠠ᠎ᠪᠠᠷ ᠴᠤᠬᠯᠠᠭᠤᠯᠤᠨ ᠬᠠᠳᠠᠭ᠋ᠠᠯᠠᠵᠤ᠂ ᠬᠦᠳᠡᠬᠡ ᠪᠤᠴᠠᠬᠤ ᠪᠤᠯᠭ᠋ᠠᠨ ᠲᠡᠷᠡ ᠵᠢᠨ ᠮᠢᠨᠢ ᠲᠤᠤᠷ᠎ᠠ ᠰᠡᠮᠡᠬᠡᠷ ᠴᠢᠬᠢᠵᠤ ᠲᠠᠯᠪᠢᠭ᠋ᠠᠳ᠂ ᠲᠡᠷᠬᠡᠨ᠎ᠳᠤ ᠭᠠᠷᠤᠬᠰᠠᠨᠤ ᠰᠡᠬᠦᠯᠡᠷ ᠰᠠᠶᠢ ᠨᠠᠳᠠ᠎ᠳᠤ ᠵᠤᠭᠤᠰ ᠦᠯᠡᠳᠡᠬᠡᠯᠡ ᠭᠡᠵᠤ ᠵᠠᠬᠢᠵᠤ ᠪᠠᠢ᠌ᠬᠰᠠᠨ ᠶᠤᠮ᠃
ᠤᠳᠤ ᠪᠢ ᠬᠦᠤ᠎ᠪᠠᠨ ᠲᠠᠭ᠋ᠠᠭᠤᠯᠤᠭ᠋ᠠᠳ ᠬᠤᠳᠠᠯᠳᠤᠭ᠋ᠠᠨ᠎ᠤ ᠲᠠᠯᠠᠪᠤᠷ ᠵᠶ᠋ᠡᠷ ᠲᠤᠭᠤᠷᠢᠳᠠᠭ᠂ ᠴᠢᠯᠠᠭᠤᠨ ᠳ᠋ᠦᠡᠭᠵᠨ ᠮᠥᠨ ᠲᠡᠷᠨ ᠬᠡᠪ ᠵᠶ᠋ᠡᠷ ᠵᠶ᠋ᠡᠨ ᠪᠠᠢ᠌ᠬᠰᠠᠭ᠋ᠠᠷ᠂ ᠲᠡᠬᠦᠨ᠎ᠤ ᠲᠡᠬᠡᠷ᠎ᠡ ᠰᠠᠭᠤᠭ᠋ᠠᠳ ᠨᠠᠮ᠎ᠠ ᠵᠢ ᠬᠦᠯᠢᠶᠡᠳᠡᠭ ᠡᠵᠢ ᠮᠢᠨᠢ ᠬᠠᠷᠢᠨ ᠪᠠᠢ᠌ᠬᠤ ᠦᠬᠡᠢ ᠪᠤᠯᠪᠠ᠃ 《ᠮᠦᠮᠤ ᠡ》 ᠬᠡᠬᠦᠯᠡᠷ ᠬᠤᠶᠠᠷ ᠨᠢᠳᠤᠨ᠎ᠳᠤ ᠮᠢᠨᠢ ᠨᠢᠯᠪᠤᠰᠤ ᠪᠦᠷᠬᠦᠬᠡᠳ᠂ ᠠᠯᠤᠰ᠎ᠤᠨ ᠠᠭᠤᠯᠨ ᠲᠤᠯᠤᠭ᠋ᠠᠳ 《ᠪᠦᠪᠡᠢ ᠮᠢᠨᠢ ᠡ》 ᠭᠡᠵᠤ ᠲᠠᠯᠠᠯᠵᠤ ᠪᠠᠢ᠌ᠭ᠎ᠠ ᠴᠦ᠍ ᠶᠤᠮ ᠰᠢᠭ᠋ ᠪᠦᠷᠤᠯᠵᠡᠨ ᠪᠦᠷᠤᠯᠵᠡᠨᠡ᠃
ᠵᠤᠬᠢᠶᠠᠬ᠍ᠴᠢ ᠵᠢᠨ ᠬᠠᠶᠢᠭ᠄ ᠦᠪᠤᠷ ᠮᠤᠡᠭᠭᠤᠯ᠎ᠤᠨ ᠤᠳᠬ᠎ᠠ ᠤᠷᠠᠯᠢᠭ᠎ᠤᠨ᠎ᠬᠢᠨ᠎ᠤ ᠬᠤᠯᠪᠤᠭ᠎ᠠ