ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠦᠢᠯᠡᠴᠢᠯᠡᠭᠡ   -   ᠵᠠᠰᠠᠭ ᠵᠠᠬᠢᠷᠭᠠᠨ᠎ᠤ ᠣᠷᠣᠨ ᠬᠤᠪᠢᠶᠠᠷᠯᠠᠯ᠎ᠤᠨ ᠭᠠᠵᠠᠷ᠎ᠤᠨ ᠨᠡᠷ᠎ᠡ
ᠭᠠᠵᠠᠷ᠎ᠤᠨ ᠨᠡᠷ᠎ᠡ ᠵᠢᠨ ᠨᠣᠲᠠᠯᠠᠯᠲᠠ᠄ ᠨᠦᠬᠡᠰ᠎ᠤᠨ ᠭᠣᠣᠯ
ᠨᠡᠶᠢᠲᠡᠯᠡᠭᠰᠡᠨ ᠴᠠᠭ᠄ 2021-07-01

ᠭᠠᠵᠠᠷ᠎ᠤᠨ ᠨᠡᠷ᠎ᠡ ᠵᠢᠨ ᠨᠣᠲᠠᠯᠠᠯᠲᠠ᠄ ᠨᠦᠬᠡᠰ᠎ᠤᠨ ᠭᠣᠣᠯ

                  ᠴ᠊· ᠴᠣᠯᠮᠣᠨ ᠵᠤᠬᠢᠶᠠᠪᠠ


    ᠨᠦᠬᠡᠰ᠎ᠤᠨ ᠭᠣᠣᠯ ᠪᠣᠯ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠰᠢᠯᠢ ᠵᠢᠨ ᠭᠣᠣᠯ ᠠᠢ᠌ᠮᠠᠭ᠎ᠤᠨ ᠰᠥᠨᠢᠳ ᠵᠡᠭᠦᠨ ᠬᠣᠰᠢᠭᠤᠨ᠎ᠤ ᠪᠠᠶᠠᠨᠨᠠᠭᠤᠷ ᠪᠠᠯᠭ᠋ᠠᠰᠤᠨ᠎ᠤ ᠵᠢᠪᠬᠤᠯᠠᠩᠲᠤ ᠭᠠᠴᠠᠭ᠎ᠠ ᠵᠢᠨ ᠨᠤᠲᠤᠭ  ᠂ ᠵᠡᠭᠦᠨ ᠤᠷᠳᠤᠷᠢᠭ᠎ᠤᠨ114。51' 50''  ᠂ ᠤᠮᠠᠷᠠᠲᠤ ᠥᠷᠭᠡᠷᠢᠭ᠎ᠤᠨ 43。13' 57.8'' ᠵᠶ᠋ᠡᠷ ᠤᠷᠤᠰᠤᠨ ᠥᠩᠭᠡᠷᠡᠵᠦ᠂ ᠬᠦᠷ ᠴᠠᠭ᠋ᠠᠨ ᠨᠠᠭᠤᠷ᠎ᠲᠤ ᠴᠢᠳᠬᠤᠳᠠᠭ᠃ ᠰᠥᠨᠢᠳ ᠵᠡᠭᠦᠨ ᠬᠣᠰᠢᠭᠤᠨ᠎ᠤ ᠨᠡᠷᠡᠲᠦ ᠪᠠᠢ᠌ᠭ᠋ᠠᠯᠢ ᠵᠢᠨ ᠦᠵᠡᠮᠵᠢᠲᠦ ᠭᠠᠵᠠᠷ᠎ᠤᠨ ᠨᠢᠭᠡ ᠶᠤᠮ᠃
  ᠨᠦᠬᠡᠰ᠎ᠤᠨ ᠭᠣᠣᠯ ᠰᠢᠯᠤᠭᠤᠨ ᠬᠥᠬᠡ ᠬᠣᠰᠢᠭᠤᠨ᠎ᠤ ᠵᠢᠭ᠋ᠠᠰᠤᠲᠠᠢ ᠰᠤᠮᠤ ᠵᠢᠨ ᠪᠠᠶᠠᠨᠨᠠᠭᠤᠷ ᠭᠠᠴᠠᠭ᠋ᠠᠨ᠎ᠤ ᠬᠠᠷᠭ᠋ᠠᠨᠠᠲᠠᠢ ᠣᠪᠣᠭ᠎ᠠ ᠵᠢᠨ ᠬᠠᠷᠭ᠋ᠠᠨᠠᠲᠠᠢ ᠭᠣᠣᠯ᠎ᠠᠴᠠ ᠡᠬᠢ ᠠᠪᠴᠤ᠂ ᠤᠮᠠᠷᠠᠰᠢ ᠮᠠᠩᠬᠠᠨ ᠳᠤᠮᠳᠠᠭᠤᠷ ᠮᠤᠷᠤᠯᠵᠠᠨ ᠤᠷᠤᠰᠴᠤ᠂ ᠰᠥᠨᠢᠳ ᠵᠡᠭᠦᠨ ᠬᠣᠰᠢᠭᠤᠨ᠎ᠤ ᠡᠩᠭᠡᠷ ᠨᠠᠮᠤᠭ᠎ᠤᠨ ᠬᠥᠨᠳᠡᠢ᠎ᠳᠤ ᠢᠷᠡᠳᠡᠭ᠃ ᠥᠷᠭᠡᠨ ᠵᠶ᠋ᠡᠷ ᠵᠶ᠋ᠡᠨ ᠭᠤᠷᠪᠠᠨ ᠮᠸᠲᠷ᠂ ᠤᠷᠲᠤ᠎ᠪᠠᠷ ᠵᠶ᠋ᠠᠨ46 ᠺᠢᠯᠣᠮᠧᠲᠷ ᠪᠠᠢ᠌ᠵᠤ᠂ ᠤᠷᠤᠰᠬᠠᠯ᠎ᠤᠨ ᠶᠡᠷᠦᠩᠬᠡᠢ ᠲᠠᠯᠠᠪᠠᠢ᠎ᠨᠢ 2125 ᠪᠣᠰᠣᠭ᠎ᠠ ᠳᠥᠷᠪᠡᠯᠵᠢᠨ ᠺᠢᠯᠣᠮᠧᠲᠷ ᠪᠠᠢ᠌ᠳᠠᠭ᠃
ᠨᠦᠬᠡᠰ᠎ᠤᠨ ᠭᠣᠣᠯ᠎ᠤᠨ ᠨᠡᠷ᠎ᠡ ᠵᠢᠨ ᠢᠷᠠᠯ ᠭᠠᠷᠤᠯ᠎ᠤᠨ ᠲᠤᠬᠠᠢ ᠶᠠᠩᠵᠤ ᠪᠦᠷᠢ ᠵᠢᠨ ᠬᠠᠭᠤᠴᠢ ᠶᠠᠷᠢᠶ᠎ᠠ   ᠪᠠᠢ᠌ᠳᠠᠭ ᠪᠥᠭᠡᠳ ᠳᠠᠭᠤᠳᠠᠯᠭ᠎ᠠ ᠪᠢᠴᠢᠯᠭᠡ᠎ᠨᠢ ᠠᠳᠠᠯᠢ ᠪᠤᠰᠤ᠎ᠪᠠᠷ ᠤᠯᠠᠮᠵᠢᠯᠠᠭᠳᠠᠵᠤ ᠪᠤᠢ᠃
  ᠰᠥᠨᠢᠳ ᠵᠡᠭᠦᠨ ᠬᠣᠰᠢᠭᠤᠨ᠎ᠤ ᠭᠠᠵᠠᠷ᠎ᠤᠨ ᠨᠡᠷ᠎ᠡ ᠵᠢᠨ ᠪᠦᠷᠢᠳᠬᠡᠯ 《ᠮᠥᠩᠬᠡ ᠨᠤᠲᠤᠭ》 [1] ᠨᠣᠮ ᠮᠥᠨ 《ᠨᠥᠬᠦᠰ᠎ᠤᠨ ᠭᠣᠣᠯ》 ᠭᠡᠵᠦ ᠲᠡᠮᠳᠡᠭᠯᠡᠭᠡᠳ 《ᠴᠢᠩ ᠤᠯᠤᠰ᠎ᠤᠨ 〈ᠮᠣᠩᠭᠣᠯ᠎ᠤᠨ ᠨᠡᠭᠦᠳᠡᠯ ᠮᠠᠯᠵᠢᠯ᠎ᠤᠨ ᠲᠡᠮᠳᠡᠭᠯᠡᠯ〉᠎ᠢ ᠦᠨᠳᠦᠰᠦᠯᠡᠪᠡᠯ᠂ ᠮᠠᠯᠵᠢᠬᠤ ᠭᠠᠵᠠᠷ ᠠᠨᠤ ᠭᠤᠷᠪᠠᠨ ᠤᠰᠤ ᠪᠣᠯᠪᠠᠰᠤ ᠶᠡᠷᠦᠩᠬᠡᠢ ᠨᠡᠷ᠎ᠡ ᠪᠣᠯᠠᠢ》 ᠭᠡᠬᠦ ᠦᠭᠡ ᠵᠢ   ᠡᠰᠢᠯᠡᠨ 《ᠭᠤᠷᠪᠠᠨ ᠤᠰᠤ ᠭᠡᠳᠡᠭ᠎ᠨᠢ ᠨᠥᠬᠦᠰ᠎ᠤᠨ ᠭᠣᠣᠯ᠂ ᠤᠷᠲᠤ ᠭᠣᠣᠯ᠂ ᠪᠡᠷᠬᠡ ᠵᠢᠨ ᠭᠣᠣᠯ ᠭᠡᠳᠡᠭ᠎ᠠᠴᠠ ᠡᠭᠦᠰᠦᠯᠲᠡᠢ》 ᠭᠡᠵᠦ ᠲᠠᠢ᠌ᠯᠪᠤᠷᠢᠯᠠᠵᠠᠢ᠃ 《ᠰᠥᠨᠢᠳ ᠵᠡᠭᠦᠨ ᠬᠣᠰᠢᠭᠤᠨ᠎ᠤ ᠭᠠᠵᠠᠷ᠎ᠤᠨ ᠨᠡᠷᠡᠰ᠎ᠤᠨ ᠳᠣᠮᠣᠭ》 [2]᠎ᠲᠤ 《ᠨᠥᠬᠦᠰ᠎ᠤᠨ ᠭᠣᠣᠯ》 ᠬᠡᠮᠡᠨ ᠪᠢᠴᠢᠵᠦ ᠪᠣᠢ᠃
  《ᠨᠦᠬᠡᠰ᠎ᠤᠨ ᠭᠣᠣᠯ᠎ᠤᠨ ᠨᠡᠷᠡᠢ᠌ᠳᠦᠯ᠎ᠤᠨ ᠨᠤᠲᠤᠭ᠎ᠤᠨ ᠠᠷᠠᠳ᠎ᠤᠨ ᠬᠠᠭᠤᠴᠢᠯᠠᠬᠤ᠎ᠪᠠᠷ ᠨᠦᠬᠡᠰ᠎ᠤᠨ ᠭᠣᠣᠯ᠎ᠨᠢ ᠬᠠᠷᠭ᠋ᠠᠨᠠᠲᠠᠢ ᠵᠢᠨ ᠪᠤᠯᠠᠭ᠎ᠠᠴᠠ ᠡᠬᠢ ᠠᠪᠤᠨ᠂ ᠤᠷᠤᠰᠬᠤ ᠵᠠᠮ᠎ᠳᠠᠭᠠᠨ ᠲᠣᠭᠣᠷᠢᠬᠤ ᠵᠢᠨ ᠪᠤᠯᠠᠭ᠂ ᠪᠤᠬᠠᠨ᠎ᠤ ᠪᠤᠯᠤᠩ᠎ᠤᠨ ᠪᠤᠯᠠᠭ᠂ ᠳᠡᠷᠡᠰᠦᠲᠠᠢ ᠵᠢᠨ ᠪᠤᠯᠠᠭ᠂ ᠤᠷᠲᠤ ᠵᠢᠨ ᠪᠤᠯᠠᠭ᠂ ᠯᠠᠮᠠ ᠵᠢᠨ ᠪᠤᠯᠠᠭ᠂ ᠬᠠᠷᠠᠵᠠ ᠪᠤᠯᠠᠭ ᠵᠡᠷᠭᠡ108 ᠪᠤᠯᠠᠭ᠎ᠤᠨ ᠤᠨᠳᠤᠷᠤᠯ ᠵᠶ᠋ᠠᠷ ᠨᠥᠬᠥᠭᠳᠡᠵᠦ (ᠰᠡᠯᠪᠢᠭᠳᠡᠵᠦ) ᠤᠷᠤᠰᠳᠠᠭ ᠪᠣᠯᠬᠣᠷ ᠨᠥᠬᠥᠭᠡᠰᠦ ᠵᠢᠨ ᠭᠣᠣᠯ ᠭᠡᠵᠦ ᠨᠡᠷᠡᠯᠡᠭᠰᠡᠨ ᠭᠡᠳᠡᠭ᠃ ᠨᠥᠬᠥᠵᠦ ᠰᠡᠯᠪᠢᠬᠦ ᠵᠢᠨ ᠨᠥᠬᠥᠭᠡᠰᠦ ᠭᠡᠰᠡᠨ ᠦᠭᠡ᠎ᠨᠢ ᠰᠡᠭᠦᠯ᠎ᠳᠡᠭᠡᠨ ᠬᠤᠪᠢᠷᠠᠭ᠋ᠠᠳ 〈ᠨᠦᠬᠡᠰ〉 ᠪᠣᠯᠣᠭᠰᠠᠨ ᠭᠡᠵᠦ ᠨᠤᠲᠤᠭ᠎ᠤᠨ ᠠᠷᠠᠳ ᠬᠠᠭᠤᠴᠢᠯᠠᠳᠠᠭ᠃ ᠪᠠᠰᠠ ᠵᠠᠷᠢᠮ᠎ᠨᠢ ᠨᠤᠭᠤᠰᠤ ᠵᠢᠨ ᠭᠣᠣᠯ ᠭᠡᠰᠡᠨ ᠦᠭᠡ᠎ᠨᠢ ᠬᠤᠪᠢᠷᠠᠭ᠋ᠠᠳ ᠨᠦᠬᠡᠰ᠎ᠤᠨ ᠭᠣᠣᠯ ᠪᠣᠯᠣᠭᠰᠠᠨ ᠭᠡᠵᠦ ᠶᠠᠷᠢᠳᠠᠭ》 [3]᠃ ᠡᠨᠳᠡ ᠡᠨᠡ ᠭᠣᠣᠯ᠎ᠤᠨ ᠨᠡᠷ᠎ᠡ᠎ᠨᠢ 《ᠨᠥᠬᠥᠭᠡᠰᠦ》 ᠪᠤᠶᠤ 《ᠨᠤᠭᠤᠰᠤ》 ᠭᠡᠬᠦ ᠦᠭᠡ᠎ᠠᠴᠠ ᠤᠯᠠᠷᠢᠨ ᠨᠡᠷᠡᠰᠢᠭᠰᠡᠨ ᠭᠡᠬᠦ ᠬᠣᠶᠠᠷ ᠵᠦᠢ᠍ᠯ᠎ᠤᠨ ᠠᠳᠠᠯᠢ ᠪᠤᠰᠤ ᠬᠡᠯᠡᠯᠭᠡ ᠭᠠᠷᠴᠤ ᠪᠠᠢ᠌ᠨ᠎ᠠ᠃
  1979 ᠣᠨ᠎ᠳᠤ ᠬᠡᠪᠯᠡᠭᠦᠯᠦᠭᠰᠡᠨ ᠥᠪᠥᠷ ᠮᠣᠩᠭᠣᠯ᠎ᠤᠨ ᠮᠣᠩᠭᠣᠯ ᠭᠠᠵᠠᠷ᠎ᠤᠨ ᠵᠢᠷᠤᠭ᠎ᠲᠤ 《ᠨᠤᠭᠤᠰᠤ ᠭᠣᠣᠯ》 [4]᠂1987 ᠣᠨ᠎ᠳᠤ ᠬᠡᠪᠯᠡᠭᠦᠯᠦᠭᠰᠡᠨ ᠮᠣᠩᠭᠣᠯ ᠭᠠᠵᠠᠷ᠎ᠤᠨ ᠵᠢᠷᠤᠭ   ᠳᠡᠭᠡᠷ᠎ᠡ 《ᠨᠤᠭᠤᠰᠤ ᠵᠢᠨ ᠭᠣᠣᠯ》[5]   ᠭᠡᠵᠦ ᠲᠡᠮᠳᠡᠭᠯᠡᠭᠰᠡᠨ ᠪᠣᠢ᠃
  《ᠰᠥᠨᠢᠳ ᠵᠡᠭᠦᠨ ᠬᠣᠰᠢᠭᠤᠨ᠎ᠤ ᠭᠠᠵᠠᠷ᠎ᠤᠨ ᠨᠡᠷᠡᠰ》 ᠎ᠲᠤ 《ᠨᠦᠬᠡᠰ᠎ᠤᠨ ᠭᠣᠣᠯ》 [6] ᠭᠡᠵᠦ ᠲᠡᠮᠳᠡᠭᠯᠡᠭᠰᠡᠨ ᠪᠠᠢ᠌ᠨ᠎ᠠ᠃
  ᠡᠮᠦᠨ᠎ᠡ ᠡᠰᠢᠯᠡᠭᠰᠡᠨ ᠣᠷᠣᠨ ᠨᠤᠲᠤᠭ᠎ᠤᠨ ᠰᠣᠶᠣᠯ ᠲᠡᠦᠬᠡ ᠵᠢᠨ ᠮᠠᠲ᠋ᠧᠷᠢᠶᠠᠯ᠎ᠠᠴᠠ ᠦᠵᠡᠬᠦ᠎ᠳᠤ ᠡᠨᠡ ᠬᠦ᠌ ᠭᠣᠣᠯ᠎ᠤᠨ ᠨᠡᠷᠡᠢ᠌ᠳᠦᠯ᠎ᠤᠨ ᠢᠷᠠᠯ ᠭᠠᠷᠤᠯ᠎ᠨᠢ 《ᠨᠥᠬᠦᠰ》᠂ 《ᠨᠤᠭᠤᠰᠤ》᠂  〈ᠨᠦᠬᠡᠰ》 ᠵᠡᠷᠭᠡ ᠭᠤᠷᠪᠠᠨ ᠵᠦᠢ᠍ᠯ᠎ᠤᠨ ᠠᠳᠠᠯᠢ ᠪᠤᠰᠤ ᠬᠡᠯᠡᠯᠭᠡ᠎ᠲᠠᠢ ᠪᠠᠢ᠌ᠭ᠎ᠠ ᠪᠥᠭᠡᠳ ᠡᠳᠡᠭᠡᠷ᠎ᠤᠨ ᠠᠯᠢ᠎ᠨᠢ ᠵᠢᠩᠬᠢᠨᠢ ᠭᠠᠷᠪᠠᠯᠢ ᠪᠣᠯᠬᠤ ᠲᠤᠬᠠᠢ ᠦᠵᠡᠯᠲᠡ ᠨᠢᠭᠡᠳᠦᠭᠰᠡᠨ ᠨᠤᠲᠠᠯᠠᠭ᠎ᠠ ᠭᠠᠷᠤᠭ᠎ᠠ ᠦᠭᠡᠢ ᠪᠠᠢ᠌ᠨ᠎ᠠ᠃ ᠲᠡᠢ᠌ᠨ ᠬᠦ᠌ ᠭᠠᠷ᠎ᠲᠤ ᠥᠷᠲᠥᠭᠰᠡᠨ ᠲᠡᠦᠬᠡ ᠰᠣᠶᠣᠯ᠎ᠤᠨ ᠬᠣᠯᠪᠣᠭᠳᠠᠯ ᠪᠦᠬᠦᠢ ᠮᠠᠲ᠋ᠧᠷᠢᠶᠠᠯ᠎ᠳᠤ ᠲᠤᠯᠭ᠋ᠠᠭᠤᠷᠢᠯᠠᠵᠤ ᠤᠴᠢᠭ᠎ᠢ᠎ᠨᠢ ᠰᠦᠪᠡᠭᠴᠢᠯᠡᠨ᠂ ᠤᠯᠪᠠᠭ᠎ᠠ ᠵᠢ᠎ᠨᠢ ᠲᠣᠳᠣᠷᠠᠭᠤᠯᠬᠤ ᠵᠢ ᠵᠣᠷᠢᠯ᠎ᠠ᠃
  1719 ᠣᠨ᠎ᠤ ᠡᠩᠬᠡ ᠠᠮᠤᠭᠤᠯᠠᠩ ᠬᠠᠭ᠋ᠠᠨ᠎ᠤ ᠦᠶ᠎ᠡ ᠵᠢᠨ ᠭᠠᠵᠠᠷ᠎ᠤᠨ ᠵᠢᠷᠤᠭ 《ᠭᠤᠷᠪᠠᠨ ᠨᠦᠬᠡᠰ》 [7] ᠭᠡᠵᠦ ᠲᠡᠮᠳᠡᠭᠯᠡᠵᠡᠢ᠃   ᠮᠥᠨ ᠴᠢᠩ ᠤᠯᠤᠰ᠎ᠤᠨ ᠪᠠᠳᠠᠷᠠᠭᠤᠯᠲᠤ ᠲᠥᠷᠥ ᠵᠢᠨ ᠦᠶ᠎ᠡ ᠵᠢᠨ ᠰᠥᠨᠢᠳ ᠵᠡᠭᠦᠨ ᠭᠠᠷᠤᠨ ᠬᠣᠰᠢᠭᠤᠨ᠎ᠤ ᠭᠠᠵᠠᠷ᠎ᠤᠨ ᠵᠢᠷᠤᠭ᠎ᠲᠤ 《ᠭᠤᠷᠪᠠᠨ ᠨᠦᠬᠡᠰ》 [8] ᠭᠡᠵᠦ ᠲᠡᠮᠳᠡᠭᠯᠡᠭᠰᠡᠨ ᠪᠠᠢ᠌ᠳᠠᠭ᠃ ᠡᠨᠡ ᠬᠣᠶᠠᠷ ᠲᠡᠮᠳᠡᠭᠯᠡᠯ᠎ᠳᠠᠬᠢ 《ᠭᠤᠷᠪᠠᠨ ᠨᠦᠬᠡᠰ》 ᠭᠡᠳᠡᠭ᠎ᠨᠢ ᠨᠢᠭᠡᠳᠦᠯ᠎ᠲᠠᠢ ᠪᠠᠢ᠌ᠭ᠎ᠠ ᠪᠥᠭᠡᠳ 《ᠨᠦᠬᠡᠰ》 ᠭᠡᠳᠡᠭ᠎ᠨᠢ ᠡᠮᠦᠨ᠎ᠡ ᠳᠤᠷᠠᠳᠤᠭᠰᠠᠨ ᠵᠠᠷᠢᠮ ᠮᠠᠲ᠋ᠧᠷᠢᠶᠠᠯ ᠎ᠳᠤ᠎ᠬᠢ ᠨᠡᠷᠡᠢ᠌ᠳᠦᠯ᠎ᠯᠦᠭᠡ ᠨᠡᠢ᠌ᠯᠡᠵᠦ ᠪᠠᠢ᠌ᠨ᠎ᠠ᠃   ᠲᠡᠢ᠌ᠮᠦ᠎ᠠᠴᠠ 《ᠭᠤᠷᠪᠠᠨ ᠨᠦᠬᠡᠰ》 ᠭᠡᠳᠡᠭ᠎ᠤᠨ ᠤᠴᠢᠷ᠎ᠢ ᠲᠣᠳᠣᠯᠠᠬᠤ᠎ᠨᠢ ᠬᠠᠮᠤᠭ᠎ᠤᠨ ᠵᠠᠩᠭᠢᠯᠠᠭ᠎ᠠ ᠵᠢᠨ ᠠᠰᠠᠭᠤᠳᠠᠯ ᠪᠣᠯᠣᠨ᠎ᠠ᠃
  ᠴᠢᠩ ᠤᠯᠤᠰ᠎ᠤᠨ ᠦᠶ᠎ᠡ ᠵᠢᠨ ᠲᠡᠮᠳᠡᠭᠯᠡᠯ᠎ᠳᠤ 《ᠴᠠᠩ ᠰᠦᠢ (长水) ᠵᠡᠭᠦᠨ ᠬᠣᠰᠢᠭᠤ (  ᠲᠤᠬᠠᠢ ᠵᠢᠨ ᠰᠥᠨᠢᠳ ᠵᠡᠭᠦᠨ ᠭᠠᠷᠤᠨ ᠬᠣᠰᠢᠭᠤ- ᠡᠰᠢᠯᠡᠭᠴᠢ)᠎ᠠᠴᠠ ᠪᠠᠷᠠᠭᠤᠨ ᠤᠷᠤᠭᠰᠢ ᠶᠡᠷᠡᠨ ᠭᠠᠵᠠᠷ᠎ᠲᠤ ᠪᠣᠢ᠂ ᠮᠣᠩᠭᠣᠯ ᠨᠡᠷ᠎ᠡ᠎ᠨᠢ ᠤᠷᠲᠤ᠃ ᠬᠤᠷᠠᠬᠤ ᠠᠭᠤᠯᠠ ᠵᠢᠨ ᠪᠠᠷᠠᠭᠤᠨ ᠡᠮᠦᠨ᠎ᠡ᠎ᠠᠴᠠ ᠤᠷᠤᠰᠤᠨ ᠢᠷᠡᠳᠡᠭ᠃   ᠲᠥ᠋ ᠶᠤᠸᠠᠨ ᠰᠦᠢ (兔园水) ᠵᠡᠭᠦᠨ ᠬᠣᠰᠢᠭᠤᠨ᠎ᠠᠴᠠ ᠵᠡᠭᠦᠨ ᠤᠷᠤᠭᠰᠢ ᠶᠡᠷᠡᠨ ᠭᠠᠵᠠᠷ᠎ᠲᠤ ᠪᠣᠢ᠂ ᠮᠣᠩᠭᠣᠯ ᠨᠡᠷ᠎ᠡ᠎ᠨᠢ ᠨᠦᠬᠡᠲᠦ᠃   ᠰᠢᠯᠤᠭᠤᠨ ᠬᠥᠬᠡ ᠬᠣᠰᠢᠭᠤ ᠴᠠᠬᠠᠷ᠎ᠤᠨ ᠵᠠᠭ᠋ᠠᠭ᠎ᠠᠴᠠ ᠤᠷᠤᠰᠤᠨ ᠢᠷᠠᠵᠤ ᠹᠦ᠋ ᠱᠠᠨ ᠠᠭᠤᠯᠠ ᠵᠢᠨ ᠬᠣᠢ᠌ᠭᠤᠷ ᠬᠦᠷ ᠨᠠᠭᠤᠷ᠎ᠲᠤ ᠴᠢᠳᠬᠤᠨ᠎ᠠ》 [9] ᠬᠡᠮᠡᠨ ᠲᠡᠮᠳᠡᠭᠯᠡᠭᠰᠡᠨ᠎ᠤ 《ᠨᠦᠬᠡᠲᠦ》 ᠭᠡᠳᠡᠭ᠎ᠨᠢ ᠣᠳᠣ ᠵᠢᠨ ᠰᠥᠨᠢᠳ ᠵᠡᠭᠦᠨ ᠬᠣᠰᠢᠭᠤᠨ᠎ᠤ ᠨᠤᠲᠤᠭ᠎ᠲᠠᠬᠢ ᠨᠦᠬᠡᠰ᠎ᠤᠨ ᠭᠣᠣᠯ᠎ᠢ ᠵᠢᠭ᠋ᠠᠵᠤ ᠪᠣᠢ᠃
  ᠵᠠᠩ ᠮᠦ᠍ ᠵᠢᠨ 《ᠮᠣᠩᠭᠣᠯ᠎ᠤᠨ ᠬᠣᠰᠢᠭᠤ ᠨᠤᠲᠤᠭ᠎ᠤᠨ ᠲᠡᠮᠳᠡᠭᠯᠡᠯ》᠎ᠳᠠᠬᠢ 《ᠰᠥᠨᠢᠳ ᠵᠡᠭᠦᠨ ᠭᠠᠷᠤᠨ ᠬᠣᠰᠢᠭᠤ》 ᠭᠡᠬᠦ ᠬᠡᠰᠡᠭ᠎ᠲᠤ 《ᠨᠤᠲᠤᠭ᠎ᠤᠨ ᠭᠠᠵᠠᠷ ᠭᠤᠷᠪᠠᠨ ᠨᠦᠬᠡᠰ ᠭᠣᠣᠯ ᠪᠠᠢ᠌ᠮᠤᠢ᠃ ᠬᠣᠰᠢᠭᠤᠨ᠎ᠤ ᠵᠠᠭ᠋ᠠᠭ ᠭᠠᠵᠠᠷ᠎ᠲᠤᠷ ᠲᠥ᠋ ᠶᠤᠸᠠᠨ ᠰᠦᠢ ᠪᠣᠢ᠂ ᠮᠣᠩᠭᠣᠯ ᠨᠡᠷ᠎ᠡ᠎ᠨᠢ ᠨᠦᠬᠡᠲᠦ ᠪᠣᠯᠠᠢ᠃ ᠴᠠᠩ ᠰᠦᠢ᠂ ᠮᠣᠩᠭᠣᠯ ᠵᠶ᠋ᠠᠷ ᠤᠷᠲᠤ᠃   ᠭᠤᠷᠪᠠᠨ ᠨᠦᠬᠡᠰ ᠢᠨᠦ ᠲᠡᠭᠦᠨ᠎ᠤ ᠶᠡᠷᠦᠩᠬᠡᠢ ᠨᠡᠷ᠎ᠡ ᠪᠤᠯᠠᠢ᠃ ᠬᠦᠷ ᠴᠠᠭ᠋ᠠᠨ ᠨᠠᠭᠤᠷ ᠵᠡᠭᠦᠨ ᠭᠠᠷᠤᠨ ᠬᠣᠰᠢᠭᠤᠨ᠎ᠠᠴᠠ ᠵᠡᠭᠦᠨ ᠤᠷᠤᠭᠰᠢ ᠵᠢᠷᠠᠨ ᠲᠠᠪᠤᠨ ᠭᠠᠵᠠᠷ᠎ᠲᠤᠷ ᠠᠮᠤᠢ᠃ ᠨᠤᠲᠤᠭ᠎ᠤᠨ ᠨᠡᠷᠡᠢ᠌ᠳᠦᠯ᠎ᠨᠢ ᠬᠦᠷ ᠴᠠᠭ᠋ᠠᠨ ᠨᠠᠭᠤᠷ᠃ ᠭᠣᠪᠢ ᠮᠠᠩᠬᠠᠨ᠎ᠳᠤ ᠬᠡᠳᠦᠨ ᠠᠷᠪᠠᠨ ᠭᠠᠵᠠᠷ ᠤᠷᠤᠰᠤᠮᠤᠢ᠂   ᠡᠬᠢ ᠢᠨᠦ ᠬᠣᠶᠠᠷ ᠪᠣᠢ᠃ ᠵᠡᠭᠦᠨ ᠡᠮᠦᠨ᠎ᠡ᠎ᠠᠴᠠ ᠨᠦᠬᠡᠲᠦ ᠭᠣᠣᠯ᠂ ᠴᠠᠬᠠᠷ᠎ᠤᠨ ᠰᠢᠯᠤᠭᠤᠨ ᠬᠥᠬᠡ ᠬᠣᠰᠢᠭᠤᠨ᠎ᠤ ᠬᠣᠢ᠌ᠲᠤ ᠬᠢᠵᠠᠭ᠋ᠠᠷ᠎ᠠᠴᠠ ᠤᠷᠤᠰᠤᠨ ᠢᠷᠠᠵᠤ᠂ ᠪᠠᠷᠠᠭᠤᠨ ᠭᠠᠷᠤᠨ ᠬᠣᠰᠢᠭᠤᠨ᠎ᠠᠴᠠ ᠤᠷᠤᠭᠰᠢ ᠨᠠᠶᠠᠨ ᠭᠠᠵᠠᠷ ᠎ᠲᠤ᠎ᠬᠢ ᠬᠡᠰᠡᠭ ᠠᠭᠤᠯᠠ ᠵᠢᠨ ᠬᠣᠢ᠌ᠭᠤᠷ ᠨᠠᠭᠤᠷ᠎ᠲᠤ ᠴᠢᠳᠬᠤᠮᠤᠢ᠃ ᠡᠮᠦᠨ᠎ᠡ᠎ᠠᠴᠠ ᠢᠷᠡᠬᠦ ᠤᠷᠲᠤ ᠭᠣᠣᠯ ᠠᠨᠤ ᠬᠤᠷᠠᠬᠤ ᠠᠭᠤᠯᠠᠨ᠎ᠠᠴᠠ ᠡᠬᠢ ᠠᠪᠤᠨ ᠭᠤᠷᠪᠠᠨ ᠭᠣᠣᠯ ᠨᠡᠢ᠌ᠯᠡᠨ ᠬᠦᠷ ᠨᠠᠭᠤᠷ᠎ᠲᠤᠷ ᠴᠢᠳᠬᠤᠮᠤᠢ᠃ ᠁ ᠭᠤᠷᠪᠠᠨ ᠭᠣᠣᠯ ᠨᠡᠢ᠌ᠯᠡᠭᠰᠡᠨ᠎ᠠᠴᠠ ᠮᠣᠩᠭᠣᠯᠴᠤᠳ ᠭᠤᠷᠪᠠᠨ ᠭᠣᠣᠯ ᠬᠡᠮᠡᠵᠦᠬᠦᠢ》 [10] ᠭᠡᠵᠦ ᠲᠡᠮᠳᠡᠭᠯᠡᠭᠰᠡᠨ᠎ᠨᠢ ᠴᠦ᠍ 《ᠭᠤᠷᠪᠠᠨ ᠨᠦᠬᠡᠰ》 ᠭᠡᠳᠡᠭ᠎ᠲᠠᠢ ᠬᠣᠯᠪᠣᠭᠳᠠᠵᠤ ᠪᠠᠢ᠌ᠨ᠎ᠠ᠃
    ᠬᠠᠷᠢᠨ ᠨᠢᠭᠡᠨ ᠵᠦᠢ᠍ᠯ᠎ᠢ ᠬᠠᠪᠴᠢᠭᠤᠯᠤᠨ ᠶᠠᠷᠢᠶ᠎ᠠ᠃ 《ᠮᠣᠩᠭᠣᠯ ᠬᠣᠰᠢᠭᠤ ᠨᠤᠲᠤᠭ᠎ᠤᠨ ᠲᠡᠮᠳᠡᠭᠯᠡᠯ》᠎ᠤᠨ ᠮᠣᠩᠭᠣᠯ ᠣᠷᠴᠢᠭᠤᠯᠭ᠎ᠠ᠎ᠳᠤ ᠤᠭ ᠡᠬᠢ᠎ᠳᠠᠬᠢ 《固爾班烏斯克河》 ᠭᠡᠳᠡᠭ᠎ᠢ 《ᠨᠤᠲᠤᠭ᠎ᠤᠨ ᠭᠠᠵᠠᠷ᠎ᠲᠤᠷ ᠭᠤᠷᠪᠠᠨ ᠦᠰᠦᠭ᠎ᠤᠨ ᠭᠣᠣᠯ ᠪᠣᠢ》 [11] ᠭᠡᠵᠦ ᠣᠷᠴᠢᠭᠤᠯᠵᠠᠢ᠃ ᠡᠨᠳᠡ ᠤᠭ ᠡᠬᠢ᠎ᠳᠠᠬᠢ ᠠᠪᠢᠶᠠᠴᠢᠯᠠᠭ᠎ᠠ ᠵᠢᠨ ᠠᠨᠳᠠᠭᠤᠷᠠᠯ ᠭᠠᠷᠤᠭᠰᠠᠨ᠎ᠠᠴᠠ ᠣᠷᠴᠢᠭᠤᠯᠭ᠎ᠠ ᠵᠢᠨ ᠠᠯᠳᠠᠭ᠎ᠠ ᠭᠠᠷᠤᠭᠰᠠᠨ ᠪᠣᠯᠣᠯᠲᠠᠢ᠃ 《烏斯克》 ᠭᠡᠳᠡᠭ ᠦᠭᠡ᠎ᠨᠢ ᠮᠣᠩᠭᠣᠯ ᠭᠠᠵᠠᠷ᠎ᠤᠨ ᠵᠢᠷᠤᠭ ᠳᠡᠭᠡᠷᠡᠬᠢ 《ᠨᠦᠬᠡᠰ》 ᠭᠡᠳᠡᠭ ᠦᠭᠡ ᠵᠢᠨ ᠳᠤᠰᠤᠯ᠎ᠢ᠎ᠨᠢ ᠣᠷᠬᠢᠨ 《ᠦᠭᠡᠰ》 ᠪᠣᠯᠭ᠋ᠠᠨ ᠤᠩᠰᠢᠭ᠋ᠠᠳ 《烏克斯》 ᠭᠡᠵᠦ ᠪᠢᠴᠢᠬᠦ ᠭᠡᠳ《烏斯克》 ᠭᠡᠵᠦ ᠠᠪᠢᠶ᠎ᠠ ᠲᠣᠩᠭᠣᠷᠠᠭᠤᠯᠵᠤ ᠪᠢᠴᠢᠭᠰᠡᠨ ᠪᠠᠢ᠌ᠬᠤ ᠮᠠᠭ᠋ᠠᠳᠯᠠᠯ᠎ᠲᠠᠢ᠃ ᠡᠰᠡᠪᠡᠯ 《ᠭᠤᠷᠪᠠᠨ ᠤᠰᠤ》 ᠭᠡᠰᠡᠨ ᠦᠭᠡ ᠵᠢᠨ ᠠᠪᠢᠶᠠᠯᠠᠭ᠎ᠠ ᠪᠠᠢ᠌ᠬᠤ ᠪᠣᠯᠣᠮᠵᠢ᠎ᠲᠠᠢ᠃ ᠶᠠᠭᠤ ᠴᠦ᠍ ᠭᠡᠰᠡᠨ 《ᠭᠤᠷᠪᠠᠨ ᠦᠰᠦᠭ》 ᠭᠡᠳᠡᠭ ᠨᠡᠷ᠎ᠡ᠎ᠲᠠᠢ ᠭᠣᠣᠯ ᠰᠥᠨᠢᠳ ᠵᠡᠭᠦᠨ ᠬᠣᠰᠢᠭᠤᠨ᠎ᠤ ᠨᠤᠲᠤᠭ᠎ᠠᠴᠠ ᠣᠯᠳᠠᠬᠤ ᠦᠭᠡᠢ ᠪᠠᠢ᠌ᠨ᠎ᠠ᠃ ᠶᠡᠷᠦ᠎ᠨᠢ ᠴᠢᠩ ᠤᠯᠤᠰ᠎ᠤᠨ ᠦᠶ᠎ᠡ ᠵᠢᠨ ᠬᠢᠲᠠᠳ ᠰᠤᠷᠪᠤᠯᠵᠢ᠎ᠳᠤ ᠮᠣᠩᠭᠣᠯ ᠭᠠᠵᠠᠷ ᠤᠰᠤᠨ᠎ᠤ ᠨᠡᠷ᠎ᠡ᠂ ᠬᠥᠮᠥᠨ᠎ᠤ ᠨᠡᠷ᠎ᠡ ᠵᠢ ᠠᠪᠢᠶᠠᠴᠢᠯᠠᠨ ᠪᠢᠴᠢᠬᠦ᠎ᠳᠡᠭᠡᠨ ᠪᠤᠷᠤᠭᠤ ᠭᠠᠯᠢᠭᠯᠠᠬᠤ᠂ ᠲᠣᠩᠭᠣᠷᠠᠭᠤᠯᠤᠨ ᠭᠠᠯᠢᠭᠯᠠᠬᠤ ᠵᠡᠷᠭᠡ ᠦᠵᠡᠭᠳᠡᠯ ᠵᠥᠩᠳᠡᠭᠡᠨ ᠬᠠᠷᠠᠭᠳᠠᠳᠠᠭ ᠶᠤᠮ᠃ ᠡᠨᠡ ᠲᠠᠯ᠎ᠠ᠎ᠪᠠᠷ ᠳᠠᠷᠠᠭ᠋ᠠᠴᠢ ᠵᠢᠨ ᠰᠤᠳᠤᠯᠤᠯ᠎ᠳᠤ ᠲᠣᠳᠣᠷᠠᠭᠤᠯᠬᠤ ᠪᠣᠯᠣᠨ᠎ᠠ᠃
  ᠡᠮᠦᠨᠡᠬᠢ ᠲᠡᠦᠬᠡᠨ ᠰᠤᠷᠪᠤᠯᠵᠢ᠎ᠳᠤ ᠭᠠᠷᠴᠤ ᠪᠣᠢ 《ᠤᠷᠲᠤ ᠭᠣᠣᠯ》᠎ᠨᠢ ᠰᠥᠨᠢᠳ ᠵᠡᠭᠦᠨ ᠬᠣᠰᠢᠭᠤᠨ᠎ᠤ ᠪᠠᠶᠠᠨᠨᠠᠭᠤᠷ ᠪᠠᠯᠭ᠋ᠠᠰᠤᠨ᠎ᠤ ᠳᠠᠪᠰᠢᠯᠲᠠ ᠭᠠᠴᠠᠭ᠋ᠠᠨ᠎ᠤ ᠨᠤᠲᠤᠭ᠎ᠲᠠᠬᠢ ᠤᠷᠲᠤ ᠪᠤᠯᠠᠭ ᠪᠣᠯᠣᠯᠲᠠᠢ᠃ ᠤᠷᠲᠤ ᠪᠤᠯᠠᠭ᠎ᠨᠢ 《ᠵᠡᠭᠦᠨ ᠤᠷᠳᠤᠷᠢᠭ᠎ᠤᠨ114。52' 46.5''  ᠂ ᠤᠮᠠᠷᠠᠲᠤ ᠥᠷᠭᠡᠷᠢᠭ᠎ᠤᠨ 43。13' 17.5''᠎ᠲᠤ ᠪᠠᠢ᠌ᠷᠢᠰᠢᠵᠤ᠂ ᠳᠠᠯᠠᠢ ᠲᠦᠪᠰᠢᠨ᠎ᠠᠴᠠ1054 ᠮᠸᠲᠷ ᠥᠨᠳᠥᠷ᠎ᠲᠤ ᠡᠷᠭᠦᠭᠳᠡᠵᠦ ᠪᠠᠢ᠌ᠳᠠᠭ᠃ ᠨᠥᠬᠦᠰ᠎ᠤᠨ ᠭᠣᠣᠯ᠎ᠳᠤ ᠴᠢᠳᠬᠤᠳᠠᠭ ᠣᠷᠭᠢᠯᠤᠮᠠᠯ ᠪᠤᠯᠠᠭ》 [12] ᠲᠣᠳᠣᠷᠬᠠᠢ᠌ᠯᠠᠭᠰᠠᠨ ᠪᠣᠢ᠃ ᠳᠠᠷᠤᠢ 《ᠨᠥᠬᠦᠰ᠎ᠤᠨ ᠭᠣᠣᠯ᠎ᠳᠤ ᠴᠢᠳᠬᠤᠳᠠᠭ》 ᠭᠡᠬᠦ ᠲᠣᠳᠣᠷᠬᠠᠢ᠌ᠯᠠᠯᠲᠠ᠎ᠨᠢ ᠲᠡᠦᠬᠡᠨ ᠰᠤᠷᠪᠤᠯᠵᠢ ᠵᠢᠨ ᠮᠡᠳᠡᠭᠡ ᠵᠠᠩᠭᠢ᠎ᠲᠠᠢ ᠨᠡᠢ᠌ᠯᠡᠵᠦ ᠪᠠᠢ᠌ᠨ᠎ᠠ᠃
  《ᠪᠡᠷᠬᠡ ᠵᠢᠨ ᠭᠣᠣᠯ (ᠲᠠᠰᠤᠷᠬᠠᠢ ᠭᠣᠣᠯ) ᠁ ᠪᠠᠶᠠᠨᠨᠠᠭᠤᠷ ᠪᠠᠯᠭ᠋ᠠᠰᠤᠨ᠎ᠤ ᠵᠢᠪᠬᠤᠯᠠᠩᠲᠤ ᠭᠠᠴᠠᠭ᠋ᠠᠨ᠎ᠤ ᠨᠤᠲᠤᠭ᠂ ᠵᠡᠭᠦᠨ ᠤᠷᠳᠤᠷᠢᠭ᠎ᠤᠨ114。 42' 35.6''  ᠂ ᠤᠮᠠᠷᠠᠲᠤ ᠥᠷᠭᠡᠷᠢᠭ᠎ᠤᠨ 43。13' 02.6'' ᠎ᠲᠤ ᠪᠠᠢ᠌ᠷᠢᠰᠢᠵᠤ᠂ ᠳᠠᠯᠠᠢ ᠵᠢᠨ ᠲᠦᠪᠰᠢᠨ᠎ᠠᠴᠠ1099 ᠮᠸᠲᠷ ᠥᠨᠳᠥᠷ᠎ᠲᠤ ᠡᠷᠭᠦᠭᠳᠡᠵᠦ ᠪᠠᠢ᠌ᠳᠠᠭ᠃ ᠡᠨᠡ ᠭᠣᠣᠯ᠎ᠨᠢ ᠁ ᠣᠯᠠᠨ ᠪᠤᠯᠠᠭ᠎ᠲᠠᠢ ᠁᠃ ᠡᠷᠲᠡ ᠦᠶ᠎ᠡ ᠡᠨᠡ ᠭᠣᠣᠯ᠎ᠢ ᠭᠤᠷᠪᠠᠨ ᠨᠥᠬᠦᠰ᠎ᠤᠨ ᠪᠠᠷᠠᠭᠤᠨ ᠨᠥᠬᠦᠰ ᠭᠡᠵᠦ ᠳᠠᠭᠤᠳᠠᠳᠠᠭ ᠪᠠᠢ᠌ᠭᠰᠠᠨ ᠪᠥᠭᠡᠳ ᠳᠡᠨᠵᠢᠨ᠎ᠳᠤᠨᠢ ᠨᠤᠲᠤᠭᠰᠢᠵᠤ ᠪᠠᠢ᠌ᠭᠰᠠᠨ ᠠᠬ᠎ᠠ ᠳᠡᠭᠦᠦ ᠭᠤᠷᠪᠠᠨ ᠪᠠᠶᠠᠨ ᠪᠤᠯᠠᠭ᠎ᠤᠳ᠎ᠢ᠎ᠨᠢ ᠳᠠᠬᠢᠬᠤ ᠤᠩᠰᠢᠯᠭ᠎ᠠ᠎ᠳᠤ᠎ᠪᠠᠨ ᠠᠭᠤᠯᠠ᠂ ᠷᠠᠰᠢᠶᠠᠨ᠂ ᠭᠤᠷᠪᠠᠨ ᠨᠥᠬᠦᠰ ᠭᠡᠰᠡᠨ ᠥᠭᠦᠯᠡᠪᠦᠷᠢ ᠵᠢ ᠬᠡᠷᠡᠭᠯᠡᠵᠦ ᠪᠠᠢ᠌ᠯ᠎ᠠ ᠭᠡᠰᠡᠨ ᠤᠯᠠᠮᠵᠢᠯᠠᠯ ᠶᠠᠷᠢᠶ᠎ᠠ᠎ᠲᠠᠢ》 [13]   ᠠᠵᠢ᠃
  ᠡᠢ᠌ᠨ ᠬᠦ᠌ ᠤᠷᠤᠰᠬᠠᠯ ᠨᠡᠢ᠌ᠯᠡᠨ ᠤᠷᠤᠰᠳᠠᠭ ᠡᠨᠡ ᠭᠤᠷᠪᠠᠨ ᠭᠣᠣᠯ᠎ᠢ ᠭᠤᠷᠪᠠᠨ ᠨᠦᠬᠡᠰ ᠭᠡᠳᠡᠭ ᠪᠠᠢ᠌ᠭᠰᠠᠨ᠎ᠨᠢ ᠲᠣᠳᠣ ᠪᠣᠯᠵᠤ ᠢᠷᠠᠪᠠ᠃ ᠨᠡᠷᠡᠢ᠌ᠳᠦᠯ ᠪᠠ ᠭᠠᠵᠠᠷ ᠵᠦᠢ ᠵᠢᠨ ᠪᠠᠢ᠌ᠷᠢᠰᠢᠯ ᠵᠶ᠋ᠠᠷ᠎ᠨᠢ ᠦᠵᠡᠭᠰᠡᠨ ᠴᠦ᠍ ᠣᠳᠣ ᠵᠢᠨ ᠨᠦᠬᠡᠰ᠎ᠤᠨ ᠭᠣᠣᠯ᠎ᠨᠢ ᠡᠷᠲᠡ ᠦᠶ᠎ᠡ᠎ᠳᠡᠭᠡᠨ ᠢᠩᠭᠢᠵᠦ ᠨᠡᠷᠡᠯᠡᠭᠳᠡᠵᠦ ᠪᠠᠢ᠌ᠵᠠᠢ ᠭᠡᠳᠡᠭ᠎ᠨᠢ ᠴᠦ᠍ ᠮᠠᠳᠠᠭ ᠦᠭᠡᠢ ᠲᠣᠳᠣᠯᠠᠭᠳᠠᠵᠤ ᠪᠠᠢ᠌ᠨ᠎ᠠ᠃
  ᠤᠴᠢᠷ᠎ᠨᠢ ᠵᠠᠩ ᠮᠦ᠍ ᠡᠨᠡ ᠲᠡᠮᠳᠡᠭᠯᠡᠯ᠎ᠳᠤ 《努克黑忒》 ᠭᠡᠵᠦ ᠬᠢᠲᠠᠳ ᠵᠶ᠋ᠠᠷ ᠠᠪᠢᠶᠠᠴᠢᠯᠠᠨ ᠪᠢᠴᠢᠭᠰᠡᠨ᠎ᠨᠢ 《ᠨᠦᠬᠡᠲᠦ》 ᠪᠤᠶᠤ 《ᠨᠦᠬᠡᠲᠡᠢ》 ᠭᠡᠰᠡᠨ ᠮᠣᠩᠭᠣᠯ ᠦᠭᠡ ᠪᠣᠯᠣᠨ᠎ᠠ᠃ ᠮᠥᠨ ᠪᠠᠰᠠ ᠨᠢᠭᠡᠨ ᠲᠡᠦᠬᠡᠨ ᠰᠤᠷᠪᠤᠯᠵᠢ᠎ᠳᠤ 《ᠨᠦᠬᠡᠲᠦ(努黑特) ᠭᠣᠣᠯ ᠰᠢᠯᠤᠭᠤᠨ ᠬᠥᠬᠡ᠎ᠠᠴᠠ ᠬᠣᠢ᠌ᠰᠢ ᠵᠢᠷᠠᠨ ᠨᠢᠭᠡᠨ ᠭᠠᠵᠠᠷ ᠵᠢᠷᠢᠮᠲᠠᠢ ᠨᠠᠭᠤᠷ᠎ᠠᠴᠠ ᠪᠠᠷᠠᠭᠤᠨ ᠬᠣᠢ᠌ᠰᠢ ᠤᠷᠤᠰᠤᠨ ᠠᠪᠠᠭ᠎ᠠ ᠪᠠᠷᠠᠭᠤᠨ ᠬᠣᠰᠢᠭᠤᠨ᠎ᠤ ᠬᠢᠵᠠᠭ᠋ᠠᠷ᠎ᠲᠤ ᠣᠷᠣᠮᠤᠢ》   ᠭᠡᠵᠦ ᠪᠢᠴᠢᠭᠰᠡᠨ ᠪᠠᠢ᠌ᠭ᠎ᠠ᠎ᠨᠢ ᠰᠥᠨᠢᠳ ᠵᠡᠭᠦᠨ ᠬᠣᠰᠢᠭᠤᠨ ᠎ᠳᠤ᠎ᠬᠢ ᠨᠦᠬᠡᠰ᠎ᠤᠨ ᠭᠣᠣᠯ᠎ᠤᠨ ᠡᠬᠢ ᠵᠢ ᠨᠤᠲᠠᠯᠠᠨ ᠦᠵᠡᠭᠦᠯᠵᠦ ᠪᠠᠢ᠌ᠨ᠎ᠠ᠃

  ᠳᠡᠭᠡᠷᠡᠬᠢ ᠬᠠᠷᠢ ᠬᠡᠯᠡ᠎ᠪᠠᠷ ᠠᠪᠢᠶᠠᠴᠢᠯᠠᠭᠰᠠᠨ ᠳᠠᠭᠤᠳᠠᠯᠭ᠎ᠠ ᠵᠢ 《ᠨᠥᠬᠥᠲᠦ》 ᠭᠡᠵᠦ ᠤᠩᠰᠢᠬᠤ ᠠᠷᠭ᠎ᠠ ᠦᠭᠡᠢ᠃ ᠤᠴᠢᠷ᠎ᠨᠢ ᠮᠣᠩᠭᠣᠯ ᠬᠡᠯᠡᠨ᠎ᠤ ᠦᠭᠡ ᠪᠦᠲᠦᠭᠡᠬᠦ ᠵᠠᠷᠴᠢᠮ ᠵᠶ᠋ᠠᠷ 《ᠨᠥᠬᠥ》 ᠭᠡᠳᠡᠭ ᠢᠵᠠᠭᠤᠷ᠎ᠲᠤ 《᠎ᠳᠤ》 ᠳᠠᠭ᠋ᠠᠪᠤᠷᠢ ᠵᠢ ᠵᠠᠯᠭ᠋ᠠᠨ᠂ 《ᠨᠥᠬᠦᠲᠦ》 ᠭᠡᠬᠦ ᠦᠭᠡ ᠪᠦᠲᠦᠬᠦ ᠪᠣᠯᠣᠮᠵᠢ ᠦᠭᠡᠢ᠃ ᠬᠠᠷᠢᠨ 《ᠨᠦᠬᠡ》 ᠭᠡᠳᠡᠭ ᠦᠭᠡᠨ᠎ᠳᠤ 《᠎ᠳᠤ》᠂ 《᠎ᠤᠨ》 ᠪᠤᠶᠤ 《᠊ᠰ》 ᠳᠠᠭ᠋ᠠᠪᠤᠷᠢ ᠵᠠᠯᠭ᠋ᠠᠵᠤ᠂ 《ᠨᠦᠬᠡᠲᠦ》᠂ 《ᠨᠦᠬᠡᠳ》᠂ 《ᠨᠦᠬᠡᠰ》 ᠭᠡᠵᠦ ᠦᠭᠡ ᠪᠦᠲᠦᠭᠡᠵᠦ ᠪᠣᠯᠣᠨ᠎ᠠ᠃
    ᠲᠡᠢ᠌ᠮᠦ᠎ᠠᠴᠠ ᠳᠡᠭᠡᠷᠡᠬᠢ ᠪᠠᠷᠢᠮᠲᠠ᠎ᠨᠤᠭᠤᠳ᠎ᠲᠤ ᠦᠨᠳᠦᠰᠦᠯᠡᠨ᠂ ᠡᠨᠡ ᠬᠦ᠌ ᠭᠣᠣᠯ᠎ᠤᠨ ᠨᠡᠷᠡᠢ᠌ᠳᠦᠯ᠎ᠨᠢ 《ᠨᠦᠬᠡᠰ᠎ᠤᠨ ᠭᠣᠣᠯ》 ᠬᠡᠮᠡᠨ ᠪᠢᠴᠢᠬᠦ᠎ᠨᠢ ᠵᠥᠪ ᠭᠡᠳᠡᠭ᠎ᠢ ᠨᠤᠲᠠᠯᠠᠵᠤ ᠪᠣᠯᠬᠤ ᠪᠥᠭᠡᠳ 《ᠭᠤᠷᠪᠠᠨ ᠨᠦᠬᠡᠰ》 ᠭᠡᠳᠡᠭ᠎ᠨᠢ ᠬᠠᠭᠤᠴᠢᠨ ᠨᠡᠷᠡᠢ᠌ᠳᠦᠯ ᠪᠠᠢ᠌ᠭᠰᠠᠨ ᠭᠡᠳᠡᠭ᠎ᠢ ᠴᠦ᠍ ᠲᠣᠳᠣᠷᠬᠠᠢ᠌ᠯᠠᠵᠤ ᠪᠣᠯᠬᠤ ᠶᠤᠮ᠃
  ᠬᠢᠲᠠᠳ ᠵᠶ᠋ᠠᠷ ᠨᠦᠬᠡᠰ᠎ᠤᠨ ᠭᠣᠣᠯ᠎ᠢ 《努和斯音高勒》[14]  ᠂ 《努贺斯因高勒》  [15]  ᠂  《努格斯高勒》 [16]  ᠂  《努格斯郭勒》 [17]   ᠭᠡᠬᠦ ᠮᠡᠲᠦ ᠠᠳᠠᠯᠢ ᠪᠤᠰᠤ᠎ᠪᠠᠷ ᠠᠪᠢᠶᠠᠴᠢᠯᠠᠨ ᠲᠡᠮᠳᠡᠭᠯᠡᠵᠦ ᠪᠣᠢ᠃  《ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠭᠠᠵᠠᠷ᠎ᠤᠨ ᠨᠡᠷ᠎ᠡ ᠵᠢᠨ ᠬᠠᠮᠢᠶᠠᠷᠤᠯᠲᠠ ᠵᠢᠨ ᠳᠦᠷᠢᠮ》᠎ᠤᠨ ᠲᠠᠪᠤᠳᠤᠭ᠋ᠠᠷ ᠵᠤᠷᠪᠤᠰ᠎ᠤᠨ ᠳᠥᠷᠪᠡᠳᠦᠭᠡᠷ ᠵᠦᠢ᠍ᠯ᠎ᠳᠤ᠎ᠬᠢ《ᠨᠢᠭᠡ ᠭᠠᠵᠠᠷ᠎ᠤᠨ ᠣᠯᠠᠨ ᠨᠡᠷ᠎ᠡ᠂ ᠨᠢᠭᠡ ᠨᠡᠷ᠎ᠡ ᠵᠢᠨ ᠣᠯᠠᠨ ᠵᠦᠢ᠍ᠯ᠎ᠤᠨ ᠪᠢᠴᠢᠯᠭᠡ ᠵᠢ ᠨᠢᠭᠡᠳᠦᠮᠡᠯ ᠨᠢᠭᠡᠨ ᠨᠡᠷ᠎ᠡ ᠪᠤᠶᠤ ᠦᠭᠡ᠎ᠪᠠᠷ ᠲᠣᠭᠲᠠᠭ᠋ᠠᠬᠤ ᠬᠡᠷᠡᠭᠲᠡᠢ》 [18]   ᠭᠡᠬᠦ ᠲᠣᠭᠲᠠᠭ᠋ᠠᠯ᠎ᠤᠨ ᠳᠠᠭ᠋ᠠᠤ 《ᠮᠣᠩᠭᠣᠯ ᠭᠠᠵᠠᠷ᠎ᠤᠨ ᠨᠡᠷ᠎ᠡ ᠵᠢᠨ ᠠᠪᠢᠶᠠᠴᠢᠯᠠᠭ᠎ᠠ ᠵᠢᠨ ᠳᠦᠷᠢᠮ》 [19] ᠵᠶ᠋ᠡᠷ ᠪᠠᠷᠢᠮᠵᠢᠶᠠᠯᠠᠨ ᠬᠢᠲᠠᠳ ᠳᠠᠭᠤᠳᠠᠯᠭ᠎ᠠ ᠵᠢ᠎ᠨᠢ 《努和斯音高勒》 ᠬᠡᠮᠡᠨ ᠨᠢᠭᠡᠳᠬᠡᠬᠦ ᠰᠠᠨᠠᠯ ᠳᠡᠪᠰᠢᠭᠦᠯᠵᠦ ᠪᠠᠢ᠌ᠨ᠎ᠠ᠃

ᠵᠡᠭᠦᠯᠲᠡ᠄
[1] ᠰᠥᠨᠢᠳ ᠵᠡᠭᠦᠨ ᠬᠣᠰᠢᠭᠤᠨ᠎ᠤ ᠤᠯᠤᠰ ᠲᠥᠷᠥ ᠵᠢᠨ ᠵᠥᠪᠯᠡᠯᠭᠡᠨ᠎ᠤ ᠰᠣᠶᠣᠯ ᠲᠡᠦᠬᠡ ᠵᠢᠨ ᠠᠯᠪᠠᠨ ᠭᠡᠷ ᠨᠠᠢ᠌ᠷᠠᠭᠤᠯᠤᠭᠰᠠᠨ 《ᠮᠥᠩᠬᠡ ᠨᠤᠲᠤᠭ ᠴᠤᠪᠤᠷᠠᠯ- ᠪᠠᠶᠠᠨᠨᠠᠭᠤᠷ ᠪᠠᠯᠭ᠋ᠠᠰᠤᠨ᠎ᠤ ᠭᠠᠵᠠᠷ᠎ᠤᠨ ᠨᠡᠷ᠎ᠡ》᠂2010 ᠣᠨ᠂221 ᠳ᠋ᠦ᠍ᠭᠡᠷ ᠨᠢᠭᠤᠷ᠃
[2]   ᠳ᠋᠊· ᠴᠠᠭ᠋ᠠᠨ ᠨᠠᠢ᠌ᠷᠠᠭᠤᠯᠪᠠ  《ᠰᠥᠨᠢᠳ ᠵᠡᠭᠦᠨ ᠬᠣᠰᠢᠭᠤᠨ᠎ᠤ ᠭᠠᠵᠠᠷ᠎ᠤᠨ ᠨᠡᠷᠡᠰ᠎ᠤᠨ ᠳᠣᠮᠣᠭ》᠂ ᠰᠥᠨᠢᠳ ᠵᠡᠭᠦᠨ ᠬᠣᠰᠢᠭᠤᠨ᠎ᠤ ᠤᠯᠤᠰ ᠲᠥᠷᠥ ᠵᠢᠨ ᠵᠥᠪᠯᠡᠯᠭᠡᠨ᠎ᠤ ᠰᠣᠶᠣᠯ ᠲᠡᠦᠬᠡ ᠵᠢᠨ ᠵᠥᠪᠯᠡᠯ᠂2004 ᠣᠨ᠂165 ᠳ᠋ᠤᠭ᠋ᠠᠷ ᠨᠢᠭᠤᠷ᠃
[3] ᠶᠣ᠋· ᠡᠷᠳᠡᠨᠢᠲᠣᠭᠲᠠᠬᠤ ᠭᠣᠣᠯᠯᠠᠨ ᠨᠠᠢ᠌ᠷᠠᠭᠤᠯᠤᠭᠰᠠᠨ 《ᠲᠠᠯ᠎ᠠ ᠨᠤᠲᠤᠭ᠎ᠤᠨ ᠨᠡᠭᠦᠳᠡᠯ ᠮᠠᠯᠵᠢᠯ᠎ᠤᠨ ᠰᠣᠶᠣᠯ᠎ᠤᠨ ᠲᠡᠮᠳᠡᠭ ᠴᠤᠪᠤᠷᠠᠯ ᠪᠢᠴᠢᠭ- ᠰᠥᠨᠢᠳ ᠵᠡᠭᠦᠨ ᠬᠣᠰᠢᠭᠤᠨ᠎ᠤ ᠪᠣᠳᠢ》᠂ ᠥᠪᠥᠷ ᠮᠣᠩᠭᠣᠯ᠎ᠤᠨ ᠰᠢᠨᠵᠢᠯᠡᠬᠦ ᠤᠬᠠᠭ᠋ᠠᠨ ᠲᠧᠭᠨᠢᠭ ᠮᠡᠷᠭᠡᠵᠢᠯ᠎ᠤᠨ ᠬᠡᠪᠯᠡᠯ᠎ᠤᠨ ᠬᠣᠷᠢᠶ᠎ᠠ᠂2018 ᠣᠨ᠂ 417 ᠳ᠋ᠤᠭ᠋ᠠᠷ ᠨᠢᠭᠤᠷ᠃
[4]   《ᠪᠦᠭᠦᠳᠡ ᠨᠠᠢ᠌ᠷᠠᠮᠳᠠᠬᠤ ᠳᠤᠮᠳᠠᠳᠤ ᠠᠷᠠᠳ ᠤᠯᠤᠰ᠎ᠤᠨ ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠵᠠᠷ᠎ᠤᠨ ᠵᠢᠷᠤᠭ᠎ᠤᠨ ᠲᠡᠭᠦᠪᠦᠷᠢ》᠂ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠬᠤᠪᠢᠰᠬᠠᠯ᠎ᠤᠨ ᠵᠥᠪᠯᠡᠯ᠎ᠤᠨ ᠬᠡᠮᠵᠢᠨ ᠵᠢᠷᠤᠬᠤ ᠲᠣᠪᠴᠢᠶ᠎ᠠ᠂1979 ᠣᠨ᠂62-63 ᠳ᠋ᠤᠭ᠋ᠠᠷ ᠨᠢᠭᠤᠷ᠃
[5] ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ ᠭᠠᠵᠠᠷ᠎ᠤᠨ ᠵᠢᠷᠤᠭ᠎ᠤᠨ ᠲ᠋ᠡᠪᠲᠡᠷ》᠂ᠥᠪᠥᠷ ᠮᠣᠩᠭᠣᠯ᠎ᠤᠨ ᠥᠪᠡᠷᠲᠡᠭᠡᠨ ᠵᠠᠰᠠᠬᠤ ᠣᠷᠣᠨ᠎ᠤ   ᠬᠡᠮᠵᠢᠨ ᠵᠢᠷᠤᠬᠤ ᠲᠣᠪᠴᠢᠶ᠎ᠠ᠂1987 ᠣᠨ᠂97- 98 ᠳ᠋ᠤᠭ᠋ᠠᠷ ᠨᠢᠭᠤᠷ᠃
[6] ᠰᠥᠨᠢᠳ ᠵᠡᠭᠦᠨ ᠬᠣᠰᠢᠭᠤᠨ᠎ᠤ ᠭᠠᠵᠠᠷ᠎ᠤᠨ ᠨᠡᠷᠡᠰ᠎ᠤᠨ ᠵᠥᠪᠯᠡᠯ 《ᠰᠥᠨᠢᠳ ᠵᠡᠭᠦᠨ ᠬᠣᠰᠢᠭᠤᠨ᠎ᠤ ᠭᠠᠵᠠᠷ᠎ᠤᠨ ᠨᠡᠷᠡᠰ᠎ᠤᠨ ᠲᠡᠮᠳᠡᠭᠯᠡᠯ》᠂1995 ᠣᠨ᠂260᠂265 ᠳ᠋ᠤᠭ᠋ᠠᠷ ᠨᠢᠭᠤᠷ᠃
[7] 《ᠬᠠᠭ᠋ᠠᠨ᠎ᠤ ᠬᠢᠵᠠᠭ᠋ᠠᠷ᠎ᠤᠨ ᠪᠦᠭᠦᠳᠡ ᠲᠣᠢ᠌ᠮᠣ ᠵᠢᠷᠤᠭ》᠂ ᠲᠠᠢ᠌ᠴᠢᠩ ᠭᠦᠷᠦᠨ᠎ᠤ ᠡᠩᠬᠡ ᠠᠮᠤᠭᠤᠯᠠᠩ᠎ᠤᠨ ᠲᠠᠪᠢᠨ ᠨᠠᠢ᠍ᠮᠠᠳᠤᠭ᠋ᠠᠷ ᠣᠨ᠃
[8] 《ᠰᠥᠨᠢᠳ ᠵᠡᠭᠦᠨ ᠭᠠᠷᠤᠨ ᠬᠣᠰᠢᠭᠤᠨ᠎ᠤ ᠭᠠᠵᠠᠷ᠎ᠤᠨ ᠵᠢᠷᠤᠭ》᠂ ᠪᠠᠳᠠᠷᠠᠭᠤᠯᠲᠤ ᠲᠥᠷᠥ ᠵᠢᠨ ᠠᠷᠪᠠᠨ ᠵᠢᠷᠭᠤᠳᠤᠭ᠋ᠠᠷ ᠣᠨ᠎ᠤ ᠡᠪᠦᠯ᠎ᠤᠨ ᠳᠤᠮᠳᠠᠳᠤ ᠰᠠᠷ᠎ᠠ ᠵᠢᠨ ᠬᠣᠷᠢᠨ ᠳᠥᠷᠪᠡᠨ᠃
[9]《钦定四库全书》《钦定大清一统志》卷四百七,苏尼特。
[10]张穆《蒙古游牧记》,文海出版社,中华民国五十四年十二月,200页。
[11] ᠵᠠᠩ ᠮᠦ᠍ 《ᠮᠣᠩᠭᠣᠯ ᠬᠣᠰᠢᠭᠤ ᠨᠤᠲᠤᠭ᠎ᠤᠨ ᠲᠡᠮᠳᠡᠭᠯᠡᠯ》 (ᠨᠠᠮᠶᠤᠨ᠂ ᠪᠠᠨᠼᠠᠷᠠᠭᠴᠠ ᠮᠣᠩᠭᠣᠯᠴᠢᠯᠠᠪᠠ)᠂ ᠦᠨᠳᠦᠰᠦᠲᠡᠨ᠎ᠤ ᠬᠡᠪᠯᠡᠯ᠎ᠤᠨ ᠬᠣᠷᠢᠶ᠎ᠠ᠂1988 ᠣᠨ᠂393 ᠳ᠋ᠤᠭ᠋ᠠᠷ ᠨᠢᠭᠤᠷ᠃
[12] ᠰᠥᠨᠢᠳ ᠵᠡᠭᠦᠨ ᠬᠣᠰᠢᠭᠤᠨ᠎ᠤ ᠤᠯᠤᠰ ᠲᠥᠷᠥ ᠵᠢᠨ ᠵᠥᠪᠯᠡᠯᠭᠡᠨ᠎ᠤ ᠰᠣᠶᠣᠯ ᠲᠡᠦᠬᠡ ᠵᠢᠨ ᠠᠯᠪᠠᠨ ᠭᠡᠷ ᠨᠠᠢ᠌ᠷᠠᠭᠤᠯᠤᠭᠰᠠᠨ 《ᠮᠥᠩᠬᠡ ᠨᠤᠲᠤᠭ ᠴᠤᠪᠤᠷᠠᠯ- ᠪᠠᠶᠠᠨᠨᠠᠭᠤᠷ ᠪᠠᠯᠭ᠋ᠠᠰᠤᠨ᠎ᠤ ᠭᠠᠵᠠᠷ᠎ᠤᠨ ᠨᠡᠷ᠎ᠡ》᠂2010 ᠣᠨ᠂407 ᠳ᠋ᠤᠭ᠋ᠠᠷ ᠨᠢᠭᠤᠷ᠃
[13] ᠰᠥᠨᠢᠳ ᠵᠡᠭᠦᠨ ᠬᠣᠰᠢᠭᠤᠨ᠎ᠤ ᠤᠯᠤᠰ ᠲᠥᠷᠥ ᠵᠢᠨ ᠵᠥᠪᠯᠡᠯᠭᠡᠨ᠎ᠤ ᠰᠣᠶᠣᠯ ᠲᠡᠦᠬᠡ ᠵᠢᠨ ᠠᠯᠪᠠᠨ ᠭᠡᠷ ᠨᠠᠢ᠌ᠷᠠᠭᠤᠯᠤᠭᠰᠠᠨ 《ᠮᠥᠩᠬᠡ ᠨᠤᠲᠤᠭ ᠴᠤᠪᠤᠷᠠᠯ- ᠪᠠᠶᠠᠨᠨᠠᠭᠤᠷ ᠪᠠᠯᠭ᠋ᠠᠰᠤᠨ᠎ᠤ ᠭᠠᠵᠠᠷ᠎ᠤᠨ ᠨᠡᠷ᠎ᠡ》᠂2010 ᠣᠨ᠂220 ᠳ᠋ᠦ᠍ᠭᠡᠷ ᠨᠢᠭᠤᠷ᠃
[14] 苏尼特左旗地名委员会编《苏尼特左旗地名志》,1995年,内蒙古文化出版社,265页。
[15] 达·查干    尧·额尔敦陶格陶主编《草原茶叶之路》,内蒙古人民出版社,2019年,259页。
[16] 苏尼特左旗民政局编制《苏尼特左旗地图》,内蒙古自治区地图院制作,2018年12月。
[17]]锡林郭勒盟民政局 内蒙古自治区地图院编制《锡林郭勒盟地图集》,中煤地西安地图制印有限公司,2017年,33页。
[18] 国务院发布《中华人民共和国地名管理条例》,1986年。
[19] 国家测绘局 总参谋部测绘局制订《蒙古语地名译音规则-CH Ⅵ》,测绘出版社,1986年。



ᠵᠣᠬᠢᠶᠠᠭᠴᠢ ᠵᠢᠨ ᠬᠠᠶᠠᠭ᠄ ᠥᠪᠥᠷ ᠮᠣᠩᠭᠣᠯ᠎ᠤᠨ ᠪᠠᠭᠰᠢ ᠶᠡᠬᠡ ᠰᠤᠷᠭ᠋ᠠᠭᠤᠯᠢ ᠵᠢᠨ ᠮᠣᠩᠭᠣᠯ ᠰᠤᠳᠤᠯᠤᠯ᠎ᠤᠨ ᠳᠡᠭᠡᠳᠦ ᠰᠤᠷᠭ᠋ᠠᠭᠤᠯᠢ

ᠢᠷᠡᠯᠲᠡ᠄ ᠦᠪᠤᠷ ᠮᠤᠡᠭᠭᠤᠯ᠎ᠤᠨ 《ᠨᠡᠢ᠌ᠬᠡᠮ》 ᠰᠡᠳᠬᠦᠯ
          
ᠬᠠᠮᠢᠶ᠎ᠡ ᠪᠦᠬᠦᠢ ᠰᠣᠨᠢᠨ
ᠭᠠᠵᠠᠷ᠎ᠤᠨ ᠨᠡᠷ᠎ᠡ ᠵᠢᠨ ᠨᠣᠲᠠᠯᠠᠯᠲᠠ᠄ ᠠᠪᠤ ᠠᠭᠣᠯᠠ
ᠭᠠᠵᠠᠷ᠎ᠤᠨ ᠨᠡᠷ᠎ᠡ ᠵᠢᠨ ᠨᠤᠲᠠᠯᠠᠯᠲᠠ᠄ ᠬᠣᠣᠯᠢᠨ ᠭᠣᠣᠯ
《ᠭᠠᠵᠠᠷ᠎ᠤᠨ ᠨᠡᠷ᠎ᠡ ᠵᠢᠨ ᠬᠠᠮᠢᠶᠠᠷᠤᠯᠳᠠ ᠵᠢᠨ ᠲᠦᠷᠢᠮ》᠎ᠢ ᠨᠡᠢ᠌ᠳᠡᠯᠡᠪᠡ
ᠮᠠᠨ᠎ᠤ ᠤᠷᠤᠨ 《ᠳᠤᠮᠳᠠᠳᠤ ᠤᠯᠤᠰ᠎ᠤᠨ ᠤᠯᠤᠰ᠎ᠤᠨ ᠭᠠᠵᠠᠷ᠎ᠤᠨ ᠨᠡᠷ᠎ᠡ ᠵᠢᠨ ᠮᠡᠳᠡᠭᠡ ᠵᠠᠩᠭᠢ ᠵᠢᠨ ᠬᠥᠮᠥᠷᠭᠡ ᠵᠢᠨ ᠲᠣᠭ᠎ᠠ ᠪᠠᠷᠢᠮᠲᠠ ᠵᠢᠨ ᠶᠠᠰᠤ ᠴᠢᠨᠠᠷ᠎ᠤᠨ ᠠᠵᠢᠯᠯᠠᠭ᠎ᠠ》 ᠵᠢᠨ ᠬᠣᠶᠠᠳᠤᠭ᠋ᠠᠷ ᠱᠠᠳᠤᠨ᠎ᠤ ᠠᠵᠢᠯ᠎ᠢ ᠮᠠᠨ᠎ᠤ ᠤᠷᠤᠨ᠎ᠤ ᠠᠮᠵᠢᠯᠳᠠ᠎ᠲᠠᠢ ᠶᠠᠪᠤᠬᠳᠠᠭᠤᠯᠵᠤ ᠪᠠᠢ᠌ᠨ᠎ᠠ
ᠬᠦᠬᠡᠬᠤᠳᠠ ᠵᠢᠨ ᠬᠡᠳᠤᠨ ᠭᠠᠵᠠᠷ᠎ᠤᠨ ᠨᠡᠷ᠎ᠡ (ᠨᠢᠬᠡ)
 
            