ᠶᠤᠸᠠᠨ ᠴᠸᠩ ᠵᠤᠬᠢᠶᠠᠪᠠ
ᠨᠢᠭᠡ᠂ ᠬᠡᠢ᠌ᠮᠦᠷᠢ ᠪᠣᠰᠣᠭ᠎ᠠ ᠰᠢᠨ᠎ᠡ ᠠᠢ᠌ᠯ ᠭᠠᠴᠠᠭ᠎ᠠ
ᠵᠠᠯᠠᠢ᠌ᠳ ᠬᠣᠰᠢᠭᠣᠨ᠎ᠤ ᠪᠤᠯᠠᠭ᠋ᠠᠨᠬᠤᠸᠠ ᠰᠤᠮᠤ ᠵᠢᠨ ᠰᠢᠨ᠎ᠡ ᠠᠢ᠌ᠯ ᠭᠠᠴᠠᠭ᠎ᠠ᠎ᠨᠢ ᠰᠢᠨ᠎ᠠ ᠠᠢ᠌ᠯ ᠪᠤᠯᠤᠨ ᠲᠦᠯ ᠲᠤᠰᠬᠤ ᠦᠷᠳᠡᠬᠡ (ᠮᠤ᠌ ᠶᠸ ᠳ᠋ᠦᠢ) ᠬᠡᠬᠦ ᠬᠤᠶᠡᠷ ᠠᠢ᠌ᠯ ᠵᠶ᠋ᠠᠷ ᠪᠦᠷᠢᠯᠳᠤᠵᠠᠢ᠃ ᠰᠢᠨ᠎ᠡ ᠠᠢ᠌ᠯ᠎ᠨᠢ ᠠᠩᠬ᠎ᠠ 1930 ᠣᠨ᠎ᠳᠤ ᠪᠠᠢ᠌ᠭᠤᠯᠤᠭᠳᠠᠵᠤ᠂ 91 ᠵᠢᠯ᠎ᠤᠨ ᠲᠡᠤᠬᠡᠨ ᠬᠦᠭᠵᠢᠯᠳᠡ ᠵᠢᠨ ᠶᠠᠪᠤᠴᠠ ᠵᠢ ᠲᠠᠮᠵᠢᠭ᠋ᠠᠳ ᠣᠳᠣᠬᠠᠨ᠎ᠳᠤ᠎ᠪᠠᠨ ᠨᠡᠢ᠌ᠲᠡ 231 ᠡᠷᠦᠬᠡ᠂ 606 ᠬᠦᠮᠦᠨ ᠠᠮᠠ (ᠡᠷᠡᠭᠳᠡᠢ 310᠂ ᠡᠮᠡᠭᠳᠡᠢ 296)᠎ᠲᠠᠢ᠂ ᠮᠠᠯᠵᠢᠬᠤ ᠲᠠᠷᠢᠶᠠᠯᠠᠬᠤ ᠠᠮᠢᠳᠤᠷᠠᠯ᠎ᠢ ᠬᠣᠣᠰᠯᠠᠭᠣᠯᠣᠭᠰᠠᠨ ᠭᠠᠴᠠᠭ᠎ᠠ ᠪᠣᠯᠬᠣ ᠶᠤᠮ᠃ ᠬᠡᠳᠦᠢ᠌ᠪᠡᠷ ᠭᠠᠴᠠᠭ᠋ᠠᠨ᠎ᠤ ᠬᠦᠮᠦᠨ ᠠᠮᠠ ᠴᠦᠬᠡᠨ ᠪᠣᠯᠪᠠᠴᠣ ᠲᠠᠳᠠ ᠶᠡᠷᠦ᠎ᠨᠢ ᠡᠷᠳᠡᠮ ᠮᠡᠳᠡᠯᠬᠡ ᠵᠢ ᠬᠦᠨᠳᠣᠳᠬᠡᠨ ᠦᠷ᠎ᠡ ᠬᠡᠤᠬᠡᠳ ᠵᠶ᠋ᠠᠨ ᠰᠤᠷᠭ᠋ᠠᠭᠤᠯᠢ ᠰᠤᠶᠤᠯ᠎ᠤᠨ ᠮᠦᠷ ᠬᠦᠬᠡᠬᠡᠬᠦ ᠵᠢ ᠬᠦᠬᠢᠬᠦᠯᠤᠨ ᠵᠤᠷᠢᠭᠵᠢᠭᠤᠯᠳᠠᠭ ᠪᠤᠯᠬᠤᠷ ᠤᠷᠢᠳ ᠬᠤᠵᠢᠳ 40 ᠭᠠᠷᠦᠢ ᠤᠶᠤᠳᠠᠨ᠂ 5 ᠮᠠᠰᠲᠸᠷ᠂ 1 ᠳ᠋ᠤᠺᠲ᠋ᠤᠷ᠎ᠤᠨ ᠴᠤᠯᠠ ᠬᠠᠮᠠᠭ᠋ᠠᠯᠠᠭᠰᠠᠨ ᠰᠢᠯᠢᠳᠡᠭ ᠵᠠᠯᠠᠭᠤᠴᠤᠳ ᠴᠣᠯᠭᠣᠷᠠᠨ ᠭᠠᠷᠤᠭᠰᠠᠨ ᠪᠠᠢ᠌ᠨ᠎ᠠ᠃ ᠨᠡᠩ ᠢᠯᠠᠩᠭᠤᠶ᠎ᠠ ᠲᠣᠰ ᠭᠠᠴᠠᠭ᠋ᠠᠨ᠎ᠤ ᠣᠯᠠᠨ ᠲᠦᠮᠡᠨ ᠮᠠᠨᠢ ᠪᠡᠶ᠎ᠡ ᠲᠠᠮᠢᠷ᠎ᠲᠤ ᠣᠨᠴᠠ ᠠᠪᠢᠶᠠᠰ᠎ᠲᠠᠢ ᠪᠠᠢ᠌ᠵᠦ᠂ ᠰᠤᠮᠤ ᠬᠤᠰᠢᠭᠤ ᠲᠡᠰ᠎ᠤᠨ ᠡᠯ᠎ᠡ ᠲᠥᠷᠥᠯ᠎ᠤᠨ ᠲᠠᠮᠢᠷ᠎ᠤᠨ ᠲᠡᠮᠡᠴᠡᠭᠡᠨ᠎ᠳᠤ ᠤᠯᠠᠨ ᠤᠳᠠᠭ᠎ᠠ ᠢᠳᠡᠪᠬᠢᠯᠡᠨ ᠤᠷᠤᠯᠴᠠᠵᠤ᠂ ᠨᠡᠷ᠎ᠡ ᠠᠯᠳᠠᠷ ᠵᠶ᠋ᠠᠨ ᠳᠠᠭᠤᠳᠠᠭᠤᠯᠵᠤ ᠶᠠᠪᠤᠭᠰᠠᠨ ᠪᠠᠬᠠᠷᠤᠯ᠎ᠳᠦ ᠲᠡᠤᠬᠡ ᠤᠮᠤᠭᠰᠢᠯᠳᠤ ᠦᠯᠢᠬᠡᠷ᠎ᠲᠠᠢ ᠶᠤᠮ᠃
ᠡᠯ᠎ᠡ ᠲᠥᠷᠥᠯ᠎ᠤᠨ ᠲᠠᠮᠢᠷ᠎ᠤᠨ ᠲᠡᠮᠡᠴᠡᠭᠡᠨ᠎ᠤ ᠲᠤᠳᠤᠷ᠎ᠠ᠎ᠠᠴᠠ ᠲᠤᠰ ᠭᠠᠴᠠᠭ᠎ᠠ᠎ᠨᠢ ᠨᠡᠩ ᠴᠤ᠌ ᠬᠦᠴᠦ ᠬᠠᠪᠤ ᠵᠤᠬᠢᠴᠠᠵᠤ ᠪᠡᠶ᠎ᠡ ᠪᠢᠯᠳᠡᠷ ᠲᠡᠩᠴᠡᠭᠰᠡᠨ ᠪᠦᠬᠡ ᠪᠠᠷᠢᠯᠳᠤᠭ᠋ᠠᠨ ᠵᠶ᠋ᠠᠷ ᠵᠶ᠋ᠠᠨ ᠠᠯᠳᠠᠷᠰᠢᠵᠤ᠂ ᠬᠤᠯᠠ ᠦᠢ᠍ᠷ᠎ᠠ ᠳᠤ᠎ᠪᠠᠨ ᠪᠦᠬᠡ ᠰᠠᠢ᠌ᠲᠠᠢ ᠨᠤᠲᠤᠭ ᠬᠡᠮᠡᠨ ᠰᠠᠢ᠌ᠰᠢᠶᠠᠭᠳᠠᠭᠰᠠᠭ᠋ᠠᠷ ᠢᠷᠡᠵᠠᠢ᠃ ᠰᠢᠨ᠎ᠡ ᠳᠤᠮᠳᠠᠳᠤ ᠤᠯᠤᠰ ᠪᠠᠢ᠌ᠭᠤᠯᠤᠭᠳᠠᠭᠰᠠᠨ 70 ᠵᠢᠯ᠎ᠤᠨ ᠤᠢ ᠵᠢᠨ ᠪᠠᠶᠠᠷ᠎ᠢ ᠳᠣᠬᠢᠶᠠᠯᠳᠤᠭᠤᠯᠤᠨ᠂ ᠰᠢᠨ᠎ᠡ ᠠᠢ᠌ᠯ ᠭᠠᠴᠠᠭ᠋ᠠᠨ᠎ᠤ 600 ᠢᠯᠡᠭᠦᠦ ᠮᠠᠯᠴᠢᠨ ᠲᠠᠷᠢᠶᠠᠴᠢᠨ ᠪᠤᠯᠤᠨ ᠲᠤᠰ ᠭᠠᠴᠠᠭ᠋ᠠᠨ᠎ᠳᠤ ᠦᠰᠴᠤ ᠲᠦᠷᠦᠬᠡᠳ ᠤᠷᠤᠨ᠎ᠤ ᠲᠤᠳᠤᠨ᠎ᠡ ᠭᠠᠳᠠᠨ᠎ᠠ ᠦᠢ᠍ᠯᠡᠰ ᠪᠤᠰᠬᠠᠨ ᠭᠢᠯᠠᠷᠠᠭᠤᠯᠵᠤ ᠪᠠᠢ᠌ᠭ᠎ᠠ ᠬᠤᠷᠢᠭ᠋ᠠᠳ ᠵᠠᠯᠠᠭᠤᠴᠤᠳ ᠰᠠᠢ᠌ᠨ ᠲᠤᠷ᠎ᠠ ᠵᠢᠨ ᠬᠠᠨᠳᠢᠪ ᠡᠷᠬᠦᠵᠤ᠂ ᠭᠠᠴᠠᠭ᠎ᠠ ᠱᠦᠵᠢ ᠦ᠋ ᠭᠤᠸᠠᠩ ᠲᠡᠷᠢᠬᠦᠳᠡᠢ ᠭᠠᠴᠠᠭ᠋ᠠᠨ᠎ᠤ ᠵᠦᠪᠯᠡᠯ᠎ᠤᠨ᠎ᠬᠢᠨ ᠪᠤᠳᠠᠳᠠᠢ ᠠᠵᠢᠯ᠎ᠢ ᠡᠷᠴᠢᠮᠳᠠᠢ ᠰᠠᠢ᠌ᠬᠠᠨ ᠵᠤᠬᠢᠴᠠᠭᠤᠯᠵᠤ᠂ 2019 ᠣᠨ᠎ᠤ 8 ᠰᠠᠷ᠎ᠠ ᠵᠢᠨ 31᠎ᠤ ᠡᠳᠦᠷ᠂ 《ᠵᠠᠯᠠᠢ᠌ᠳ ᠪᠦᠬᠡ ᠵᠢᠨ ᠣᠪᠣᠭ᠎ᠠ》 ᠵᠢ ᠡᠭᠦᠰᠭᠡᠨ ᠪᠠᠢ᠌ᠭᠤᠯᠵᠤ᠂ ᠠᠩᠬᠠᠳᠤᠭ᠋ᠠᠷ ᠤᠳᠠᠭ᠋ᠠᠨ᠎ᠤ ᠪᠦᠬᠡ ᠵᠢᠨ ᠨᠡᠢ᠌ᠷᠢ ᠠᠮᠵᠢᠯᠳᠠ᠎ᠲᠠᠢ ᠡᠷᠬᠢᠯᠡᠨ ᠶᠠᠪᠤᠭᠳᠠᠭᠤᠯᠤᠭᠰᠠᠨ ᠶᠤᠮ᠃ ᠲᠤᠰ ᠤᠳᠠᠭ᠋ᠠᠨ᠎ᠤ ᠨᠠᠢ᠌ᠷ ᠲᠡᠬᠡᠷ᠎ᠡ ᠵᠠᠯᠠᠢ᠌ᠳ ᠬᠤᠰᠢᠭᠤᠨ᠎ᠤ ᠰᠤᠶᠤᠯ ᠵᠤᠭ᠋ᠠᠴᠡᠯ ᠪᠡᠶ᠎ᠡ ᠲᠠᠮᠢᠷ᠎ᠤᠨ ᠲᠤᠪᠴᠢᠶ᠎ᠡ᠎ᠠᠴᠠ 《ᠵᠠᠯᠠᠢ᠌ᠳ ᠪᠦᠬᠡ ᠵᠢᠨ ᠭᠤᠯᠤᠮᠳᠠ》 ᠬᠡᠮᠡᠬᠦ ᠱᠤᠰᠢᠭ᠎ᠠ ᠲᠡᠮᠳᠡᠭ ᠤᠯᠭᠤᠵᠤ᠂ ᠲᠤᠰ ᠭᠠᠴᠠᠭ᠋ᠠᠨ᠎ᠤ ᠤᠯᠠᠮᠵᠢᠯᠠᠯ ᠵᠶ᠋ᠠᠨ ᠵᠠᠯᠭ᠋ᠠᠮᠵᠢᠯᠠᠨ ᠤᠨᠴᠠᠯᠢᠭ ᠵᠶ᠋ᠠᠨ ᠪᠠᠳᠠᠷᠠᠭᠤᠯᠵᠤ᠂ ᠬᠦᠮᠤᠨ ᠠᠷᠠᠳ᠎ᠤᠨ ᠪᠡᠶ᠎ᠡ ᠮᠠᠬᠬ᠍ᠪᠤᠳᠤᠨ ᠡᠷᠡᠬᠦᠯ ᠴᠡᠬᠢᠷᠠᠭᠵᠢᠯᠤᠨ ᠲᠦᠯᠦᠬᠡ᠂ ᠵᠠᠯᠠᠢ᠌ᠳ ᠪᠦᠬᠡ ᠵᠢᠨ ᠰᠣᠶᠣᠯ ᠵᠶ᠋ᠠᠨ ᠰᠢᠨ᠎ᠡ ᠴᠠᠭ ᠦᠶ᠎ᠡ ᠵᠢᠨ ᠡᠷᠴᠢ ᠬᠦᠴᠦᠲᠠᠢ ᠦᠩᠭᠡ ᠨᠡᠢ᠌ᠯᠡᠭᠦᠯᠦᠨ ᠰᠡᠷᠭᠦᠭᠡᠨ ᠮᠠᠨᠳᠤᠭᠤᠯᠬᠤ ᠬᠤᠰᠢᠭᠤᠴᠢ ᠡᠩᠨᠡᠭᠡᠨ᠎ᠳᠤ ᠭᠠᠪᠰᠢᠭ᠋ᠠᠢ᠌ᠯᠠᠨ ᠶᠠᠪᠤᠵᠤ ᠪᠠᠢ᠌ᠭ᠎ᠠ ᠵᠢᠱ᠌ᠢᠶᠡᠴᠢ ᠠᠵᠢᠯᠯᠠᠭ᠎ᠠ ᠵᠢ ᠬᠦᠬᠢᠬᠦᠯᠤᠨ ᠵᠤᠷᠢᠭᠵᠢᠭᠤᠯᠤᠭᠰᠠᠨ ᠪᠢᠯᠡ᠃
ᠬᠣᠶᠠᠷ᠂ ᠰᠢᠨ᠎ᠡ ᠠᠢ᠌ᠯ ᠭᠠᠴᠠᠭ᠋ᠠᠨ᠎ᠤ ᠨᠡᠷᠡᠲᠦ ᠪᠦᠬᠡᠴᠢᠳ
ᠶᠡᠷᠦ᠎ᠨᠢ ᠬᠣᠷᠴᠢᠨ ᠨᠤᠲᠤᠭ᠎ᠠᠴᠠ ᠡᠷ᠎ᠡ ᠵᠣᠷᠢᠭᠲᠠᠢ ᠢᠳᠡᠳᠡᠨ ᠬᠦᠴᠦᠳᠡᠨ ᠴᠣᠯᠭᠣᠷᠠᠳᠠᠭᠤᠨ ᠠᠳᠠᠯᠢ᠎ᠪᠠᠷ᠂ ᠰᠢᠨ᠎ᠡ ᠠᠢ᠌ᠯ ᠭᠠᠴᠠᠭ᠋ᠠᠨ᠎ᠠᠴᠠ ᠣᠯᠠᠨ ᠰᠠᠢ᠌ᠨ ᠪᠦᠬᠡ ᠴᠣᠯᠭᠣᠷᠠᠵᠣ ᠨᠣᠲᠣᠭ ᠤᠰᠤᠨ᠎ᠤ᠎ᠪᠠᠨ ᠠᠯᠳᠡᠷ ᠨᠡᠷ᠎ᠡ ᠵᠢ ᠡᠷᠭᠦᠵᠦ ᠶᠠᠪᠤᠭᠰᠠᠨ ᠦᠩᠬᠡ ᠬᠡᠷᠡᠯᠳᠦ ᠲᠡᠤᠬᠡ᠎ᠲᠠᠢ᠃ ᠵᠢᠱ᠌ᠢᠶᠡᠯᠡᠪᠡᠯ᠄ ᠳᠡᠭᠡᠷ᠎ᠡ ᠵᠠᠭᠤᠨ᠎ᠤ ᠳᠠᠯᠠᠭ᠋ᠠᠳ ᠣᠨ᠎ᠤ ᠰᠡᠭᠦᠯᠴᠢ ᠨᠠᠶᠠᠭ᠋ᠠᠳ ᠣᠨ᠎ᠤ ᠡᠬᠢᠨ ᠵᠶ᠋ᠡᠷ ᠵᠣᠣ ᠪᠤᠶᠠᠨᠮᠠᠨᠳᠤᠬᠤ᠂ ᠶᠠᠨᠭ᠌ ᠱᠤᠸᠠᠩ ᠴᠢᠤᠸᠠᠨ ᠵᠡᠷᠭᠡ ᠪᠦᠬᠡᠴᠤᠳ ᠨᠤᠲᠤᠭ ᠤᠰᠤ᠎ᠪᠠᠨ ᠲᠦᠯᠦᠭᠡᠯᠡᠨ ᠬᠤᠰᠢᠭᠣᠨᠤ ᠲᠡᠰ᠎ᠤᠨ ᠣᠷᠣᠯᠳᠣᠭ᠋ᠠᠨ᠎ᠳᠤ ᠣᠷᠣᠯᠴᠠᠨ ᠲᠡᠷᠢᠭᠦᠨ ᠳᠡᠳ᠋᠎ᠤᠨ ᠪᠠᠢ᠌ᠷᠢᠨ᠎ᠳᠤ ᠲᠣᠳᠣᠷᠠᠵᠣ ᠰᠢᠯᠢᠳᠡᠭ ᠠᠮᠵᠢᠯᠳᠠ ᠣᠯᠵᠣ ᠪᠠᠢ᠌ᠵᠠᠢ᠃ ᠰᠢᠨ᠎ᠠ ᠵᠠᠭᠤᠨ᠎ᠤ ᠡᠬᠢᠨ᠎ᠠᠴᠠ ᠤᠳᠤ ᠪᠤᠯᠳᠠᠯ᠎ᠠ ᠰᠢᠶᠸ ᠷᠢᠨᠴᠢᠨ᠂ ᠴᠸᠨ ᠬᠠᠢ ᠵᠤᠸᠠᠩ᠂ ᠪᠠᠢ ᠵᠢᠨ ᠱᠠᠨ᠂ ᠶᠠᠨᠭ᠌ ᠢᠤᠢ ᠴᠸᠩ ᠵᠡᠷᠬᠡ ᠢᠳᠡᠷ ᠵᠠᠯᠠᠭᠤ ᠪᠦᠬᠡᠴᠢᠳ ᠠᠢ᠌ᠮᠠᠭ ᠬᠤᠰᠢᠭᠤᠨ᠎ᠤ ᠡᠯ᠎ᠡ ᠲᠡᠰ᠎ᠤᠨ ᠤᠷᠤᠯᠳᠤᠭ᠋ᠠᠨ᠎ᠳᠤ ᠤᠷᠤᠯᠴᠠᠵᠤ᠂ ᠨᠡᠩ ᠪᠠᠰᠠ ᠼᠤᠤ ᠡᠷᠳᠡᠨᠢᠪᠤᠯᠠᠭ᠂ ᠶᠠᠩ ᠪᠣᠤ ᠴᠸᠩ᠂ ᠸᠠᠩ ᠹᠦ᠋ ᠬᠠᠢ᠂ ᠵᠣᠣ ᠮᠢᠩ ᠰᠢᠶᠠ ᠵᠡᠷᠭᠡ ᠰᠢᠯᠢᠳᠡᠭ ᠵᠠᠯᠠᠭᠤ ᠲᠠᠮᠢᠷᠴᠢᠳ ᠴᠣᠯᠭᠣᠷᠠᠨ ᠭᠠᠷᠴᠣ ᠤᠯᠤᠰ ᠤᠷᠤᠨ᠎ᠤ ᠲᠡᠰ᠎ᠤᠨ ᠤᠷᠤᠯᠳᠤᠭ᠋ᠠᠨ᠎ᠳᠤ ᠤᠷᠤᠯᠴᠠᠵᠤ᠂ ᠨᠣᠲᠣᠭ ᠤᠰᠤᠨ᠎ᠤ᠎ᠪᠠᠨ ᠨᠡᠷ᠎ᠡ ᠠᠯᠳᠠᠷ᠎ᠢ ᠡᠷᠭᠦᠨ ᠶᠠᠪᠤᠵᠤ ᠪᠠᠢ᠌ᠨ᠎ᠠ᠃
ᠲᠤᠤᠷ᠎ᠠ ᠲᠡᠳᠡᠬᠡᠷ᠎ᠤᠨ ᠲᠤᠳᠤᠷᠡᠬᠢ ᠠᠷᠪᠡᠨ ᠰᠣᠳᠣᠨ ᠪᠦᠬᠡᠴᠢᠳ᠎ᠤᠨ ᠪᠦᠬᠡ ᠵᠢᠨ ᠤᠷᠤᠯᠳᠤᠭ᠋ᠠᠨ᠎ᠤ ᠠᠮᠵᠢᠯᠳᠠᠠᠴᠠᠢ ᠲᠤᠪᠴᠢᠬᠠᠨ ᠲᠠᠨᠢᠯᠴᠠᠭᠤᠯᠪᠠᠯ᠄
1. ᠵᠣᠣ ᠪᠤᠶᠠᠨᠮᠠᠨᠳᠤᠬᠤ᠄1941 ᠣᠨ᠎ᠳᠤ ᠲᠦᠷᠦᠵᠤ᠂ 2004 ᠤᠨ᠎ᠳᠤ ᠨᠠᠰᠤ ᠪᠠᠷᠠᠵᠠᠢ᠃ 1976 ᠣᠨ᠎ᠤ ᠵᠠᠯᠠᠢ᠌ᠳ ᠬᠣᠰᠢᠭᠣᠨ᠎ᠤ ᠠᠵᠢᠯᠳᠠᠨ ᠲᠠᠷᠢᠶᠠᠴᠢᠨ᠎ᠤ ᠪᠡᠶ᠎ᠡ ᠲᠠᠮᠢᠷ᠎ᠤᠨ ᠴᠤᠭᠯᠠᠭ᠋ᠠᠨ᠎ᠳᠤ 128 ᠬᠦᠴᠦᠳᠦ ᠪᠦᠬᠡ ᠵᠢᠨ ᠲᠡᠷᠢᠭᠦᠨ ᠪᠠᠢ᠌ᠷᠢᠨ᠎ᠳᠤ ᠲᠤᠳᠤᠷᠠᠭᠰᠠᠨ ᠪᠠᠢ᠌ᠨ᠎ᠠ᠃ ᠲᠠᠷᠠ ᠭᠤᠤᠯᠳᠠᠭᠤ ᠠᠴᠢᠶ᠎ᠠ ᠪᠠ ᠰᠠᠵᠢᠯᠠᠭ᠎ᠠ ᠵᠡᠷᠬᠡ ᠪᠦᠬᠡ ᠵᠢᠨ ᠮᠡᠷᠬᠡᠵᠢᠯ᠎ᠳᠤ ᠴᠢᠳᠠᠮᠠᠭ᠋ᠠᠢ᠃
2. ᠶᠠᠨᠭ᠌ ᠱᠤᠸᠠᠩ ᠴᠢᠤᠸᠠᠨ᠄1953 ᠣᠨ᠎ᠳᠤ ᠲᠦᠷᠦᠵᠤ᠂ 2015 ᠤᠨ᠎ᠳᠤ ᠨᠠᠰᠤ ᠪᠠᠷᠠᠵᠠᠢ᠃ 1977 ᠣᠨ᠎ᠤ ᠵᠠᠯᠠᠢ᠌ᠳ ᠬᠣᠰᠢᠭᠣᠨ᠎ᠤ ᠠᠵᠢᠯᠳᠠᠨ ᠲᠠᠷᠢᠶᠠᠴᠢᠨ᠎ᠤ ᠪᠡᠶ᠎ᠡ ᠲᠠᠮᠢᠷ᠎ᠤᠨ ᠴᠤᠭᠯᠠᠭ᠋ᠠᠨ᠎ᠳᠤ 128 ᠬᠦᠴᠦᠳᠦ ᠪᠦᠬᠡ ᠵᠢᠨ ᠳᠡᠳ᠋ ᠪᠠᠢ᠌ᠷᠢᠨ᠎ᠳᠤ᠂1978 ᠣᠨ᠎ᠤ ᠵᠠᠯᠠᠢ᠌ᠳ ᠬᠣᠰᠢᠭᠣᠨ᠎ᠤ ᠠᠵᠢᠯᠳᠠᠨ ᠲᠠᠷᠢᠶᠠᠴᠢᠨ᠎ᠤ ᠪᠡᠶ᠎ᠡ ᠲᠠᠮᠢᠷ᠎ᠤᠨ ᠴᠤᠭᠯᠠᠭ᠋ᠠᠨ᠎ᠤ 128 ᠬᠦᠴᠦᠳᠦ ᠪᠦᠬᠡ ᠵᠢᠨ ᠲᠡᠷᠢᠭᠦᠨ ᠪᠠᠢ᠌ᠷᠢᠨ᠎ᠳᠤ ᠲᠤᠳᠤᠷᠠᠭᠰᠠᠨ ᠪᠠᠢ᠌ᠨ᠎ᠠ᠃ ᠲᠠᠷᠠ ᠭᠤᠤᠯᠳᠠᠭᠤ ᠬᠠᠪᠰᠣᠷᠭ᠎ᠠ ᠪᠠ ᠲᠠᠪᠬᠤᠷ ᠠᠴᠢᠶ᠎ᠠ ᠵᠡᠷᠬᠡ ᠪᠦᠬᠡ ᠵᠢᠨ ᠮᠡᠷᠬᠡᠵᠢᠯ᠎ᠳᠤ ᠭᠠᠷᠮᠠᠭ᠋ᠠᠢ᠃
3. ᠰᠢᠶᠸ ᠷᠢᠨᠴᠢᠨ᠄1963 ᠣᠨ᠎ᠳᠤ ᠲᠦᠷᠦᠵᠠᠢ᠃1999 ᠤᠨ ᠪᠠ 2000 ᠤᠨ᠎ᠤ ᠴᠠᠷᠠᠰᠤᠨ ᠪᠠᠯᠭ᠋ᠠᠰᠤᠨ᠎ᠤ ᠨᠠᠭ᠋ᠠᠳᠤᠮ᠎ᠳᠤ ᠬᠤᠶᠡᠷ ᠤᠳᠠᠭ᠎ᠠ ᠲᠡᠷᠢᠬᠦᠨ ᠪᠠᠢ᠌ᠷᠢᠨ᠎ᠳᠤ ᠲᠤᠳᠤᠷᠠᠵᠠᠢ᠃ 2002 ᠣᠨ᠎ᠳᠤ ᠬᠢᠩᠭ᠋ᠠᠨ ᠠᠢ᠌ᠮᠠᠭ᠎ᠠᠴᠠ ᠵᠣᠬᠢᠶᠠᠨ ᠪᠠᠢ᠌ᠭᠤᠯᠤᠭᠰᠠᠨ ᠥᠪᠥᠷ ᠮᠣᠩᠭᠣᠯ᠎ᠤᠨ ᠥᠪᠡᠷᠳᠡᠭᠡᠨ ᠵᠠᠰᠠᠬᠤ ᠣᠷᠣᠨ᠎ᠤ ᠴᠦᠬᠡᠨ ᠲᠣᠭ᠋ᠠᠳᠣ ᠦᠨᠳᠦᠰᠦᠳᠡᠨ᠎ᠤ ᠤᠯᠠᠮᠵᠢᠯᠠᠳᠤ ᠲᠠᠮᠢᠷ᠎ᠤᠨ ᠴᠤᠭᠯᠠᠭ᠋ᠠᠨ᠎ᠤ128 ᠬᠦᠴᠦᠳᠦ ᠪᠦᠬᠡ ᠵᠢᠨ ᠵᠢᠷᠭᠤᠳᠤᠭ᠋ᠠᠷ ᠪᠠᠢ᠌ᠷᠢᠨ᠎ᠳᠤ ᠲᠤᠳᠤᠷᠠᠭᠰᠠᠨ ᠪᠠᠢ᠌ᠨ᠎ᠠ᠃ 2018 ᠣᠨ᠎ᠳᠤ ᠵᠠᠩᠭᠢᠶᠠᠳᠦ ᠪᠦᠬᠡ ᠵᠢᠨ ᠴᠣᠯᠠ ᠬᠦᠷᠳᠡᠵᠡᠢ᠃ ᠲᠠᠷᠠ ᠭᠤᠤᠯᠳᠠᠭᠤ ᠬᠠᠪᠰᠣᠷᠭ᠎ᠠ ᠪᠠ ᠠᠴᠢᠶ᠎ᠠ ᠵᠡᠷᠬᠡ ᠪᠦᠬᠡ ᠵᠢᠨ ᠮᠡᠷᠬᠡᠵᠢᠯ᠎ᠳᠤ ᠪᠤᠯᠪᠠᠰᠤᠷᠠᠩᠭᠤᠢ᠃
4. ᠼᠤᠤ ᠡᠷᠳᠡᠨᠢᠪᠤᠯᠠᠭ᠄ 1979 ᠣᠨ᠎ᠳᠤ ᠲᠦᠷᠦᠵᠠᠢ᠃ ᠴᠢᠯᠦᠭᠡᠳᠦ ᠨᠢᠳᠤᠷᠭ᠋ᠠᠨᠤ ᠲᠠᠮᠢᠷᠴᠢᠨ᠃ 2000 ᠤᠨ᠎ᠳᠤ ᠪᠤᠯᠠᠭ᠋ᠠᠨᠬᠤᠸᠠ ᠰᠤᠮᠤ ᠵᠢᠨ ᠪᠦᠬᠡ ᠵᠢᠨ ᠨᠠᠭ᠋ᠠᠳᠤᠮ᠎ᠤᠨ ᠲᠠᠷᠢᠬᠦᠨ ᠪᠠᠢ᠌ᠷᠢᠨ᠎ᠳᠤ ᠲᠤᠳᠤᠷᠠᠵᠠᠢ᠃ 2001 ᠤᠨ᠎ᠤ ᠦᠪᠤᠷ ᠮᠤᠩᠭᠤᠯ᠎ᠤᠨ ᠴᠢᠯᠦᠭᠡᠳᠦ ᠨᠢᠳᠤᠷᠭ᠋ᠠᠨ ᠲᠡᠮᠡᠴᠡᠭᠡᠨ (90kg)᠎ᠤ ᠤᠷᠤᠯᠳᠤᠭ᠋ᠠᠨ᠎ᠤ ᠲᠠᠷᠢᠬᠦᠨ ᠪᠠᠢ᠌ᠷᠢᠨ᠎ᠳᠤ ᠲᠤᠳᠤᠷᠠᠵᠠᠢ᠃ 2004 ᠤᠨ ᠤ ᠪᠦᠬᠦ ᠤᠯᠤᠰ᠎ᠤᠨ ᠴᠢᠯᠦᠭᠡᠳᠦ ᠨᠢᠳᠤᠷᠭ᠋ᠠᠨ ᠲᠡᠮᠡᠴᠡᠭᠡᠨ᠎ᠤ ᠮᠠᠩᠯᠠᠢ ᠰᠢᠯᠭ᠋ᠠᠷᠠᠭᠤᠯᠬᠤ ᠤᠷᠤᠯᠳᠤᠭ᠋ᠠᠨ᠎ᠳᠤ ᠮᠦᠩᠬᠦᠨ ᠮᠸᠲᠠᠯ ᠬᠦᠷᠳᠡᠵᠦ ᠦᠩᠬᠡᠷᠡᠵᠠᠢ᠃ ᠲᠠᠷᠠᠪᠠᠷ ᠬᠦᠴᠦ ᠴᠢᠳᠡᠯ ᠶᠡᠬᠡᠳᠡᠢ᠂ ᠲᠠᠪᠬᠤᠷ ᠠᠴᠢᠶ᠎ᠠ᠎ᠳᠤ ᠲᠠᠳᠮᠠᠭ᠋ᠠᠢ᠃
5. ᠶᠠᠩ ᠢᠤᠢ ᠴᠸᠩ᠄1983 ᠣᠨ᠎ᠳᠤ ᠲᠦᠷᠦᠵᠠᠢ᠃ 2003 ᠤᠨ᠎ᠤ ᠵᠠᠯᠠᠢ᠌ᠳ ᠬᠣᠰᠢᠭᠣᠨ᠎ᠤ ᠪᠤᠭᠳᠠ ᠠᠭᠤᠯᠠ ᠵᠢᠨ ᠨᠠᠭ᠋ᠠᠳᠤᠮ᠂ 2005 ᠣᠨ᠎ᠤ ᠪᠤᠯᠠᠭ᠋ᠠᠨᠬᠤᠸᠠ ᠰᠤᠮᠤ ᠵᠢᠨ ᠨᠠᠵᠢᠨ ᠠᠭᠤᠯᠠᠨ ᠤ ᠤᠪᠤᠭ᠎ᠠ ᠲᠠᠬᠢᠯᠭ᠎ᠠ ᠵᠢᠨ ᠨᠠᠢ᠌ᠷ ᠤᠨ ᠪᠦᠬᠡ ᠵᠢᠨ ᠤᠷᠤᠯᠳᠤᠭ᠋ᠠᠨ᠎ᠳᠤ ᠲᠤᠰ ᠲᠤᠰ ᠲᠡᠷᠢᠭᠦᠯᠡᠵᠡᠢ᠃ 2007 ᠤᠨ ᠪᠠ 2008 ᠤᠨ᠎ᠤ ᠪᠤᠯᠠᠭ᠋ᠠᠨᠬᠤᠸᠠ ᠰᠤᠮᠤ ᠵᠢᠨ ᠤᠷᠢᠳᠤ ᠤᠯᠤᠮ ᠭᠠᠴᠠᠭ᠎ᠠ ᠵᠢᠨ ᠤᠪᠤᠭ᠎ᠠ ᠲᠠᠬᠢᠯᠭ᠎ᠠ ᠵᠢᠨ ᠨᠠᠢ᠌ᠷ᠎ᠲᠤ ᠬᠤᠶᠡᠷ ᠤᠳᠠᠭ᠎ᠠ ᠲᠡᠳ᠋ ᠪᠠᠢ᠌ᠷᠢᠨ᠎ᠳᠤ ᠲᠤᠳᠤᠷᠠᠵᠠᠢ᠃ ᠲᠠᠷᠠ ᠭᠤᠤᠯᠳᠠᠭᠤ ᠠᠴᠢᠶ᠎ᠠ ᠪᠠ ᠲᠠᠪᠬᠤᠷ ᠠᠴᠢᠶ᠎ᠠ ᠵᠡᠷᠬᠡ ᠪᠦᠬᠡ ᠵᠢᠨ ᠮᠡᠷᠬᠡᠵᠢᠯ᠎ᠳᠤ ᠰᠤᠷᠮᠠᠭ᠋ᠠᠢ᠃
6. ᠪᠠᠢ ᠵᠢᠨ ᠱᠠᠨ᠄1990 ᠣᠨ᠎ᠳᠤ ᠲᠦᠷᠦᠵᠠᠢ᠃ 2009 ᠣᠨ᠎ᠤ ᠵᠠᠯᠠᠢ᠌ᠳ ᠬᠣᠰᠢᠭᠤᠨ᠎ᠤ ᠨᠠᠭ᠋ᠠᠳᠤᠮ᠎ᠤᠨ ᠪᠦᠬᠡ ᠵᠢᠨ ᠲᠡᠮᠡᠴᠡᠭᠡᠨ (ᠬᠦᠨᠳᠣ ᠲᠡᠰ)᠎ᠳᠤ ᠲᠡᠷᠢᠭᠦᠯᠡᠵᠠᠢ᠃ ᠲᠠᠷᠠ ᠬᠦᠴᠦ ᠶᠡᠬᠡᠳᠡᠢ ᠪᠦᠬᠡᠳ ᠲᠤᠳᠤᠷ ᠭᠤᠬ᠎ᠠ ᠵᠡᠷᠬᠡ ᠪᠦᠬᠡ ᠵᠢᠨ ᠮᠡᠷᠬᠡᠵᠢᠯ᠎ᠳᠤ ᠪᠤᠯᠪᠠᠰᠤᠷᠠᠩᠭᠤᠢ᠃
7. ᠶᠠᠩ ᠪᠣᠤ ᠴᠸᠩ᠄1993 ᠣᠨ᠎ᠳᠤ ᠲᠦᠷᠦᠵᠠᠢ᠃ 2012 ᠣᠨ᠎ᠳᠤ ᠴᠦᠩᠴᠢᠩ ᠬᠣᠲᠠ᠎ᠳᠤ ᠶᠠᠪᠤᠭᠳᠠᠭᠰᠠᠨ ᠪᠦᠬᠦ ᠣᠯᠣᠰ᠎ᠤᠨ ᠵᠢᠣᠳᠣᠣ ᠪᠦᠬᠡ ᠵᠢᠨ ᠲᠡᠮᠡᠴᠡᠭᠡᠨ᠎ᠤ (60kg) ᠤᠷᠤᠯᠳᠤᠭ᠋ᠠᠨ ᠪᠠ ᠣᠶᠣᠳᠠᠳ᠎ᠤᠨ ᠳᠤᠭᠤᠢ᠌ᠯᠠᠩ᠎ᠳᠤ ᠲᠤᠰ ᠪᠦᠷᠢ ᠠᠯᠳᠠᠨ ᠮᠸᠲᠠᠯ ᠣᠯᠵᠠᠢ᠃ 2009 ᠣᠨ᠎ᠤ ᠵᠠᠯᠠᠢ᠌ᠳ ᠬᠣᠰᠢᠭᠤᠨ᠎ᠤ ᠨᠠᠭ᠋ᠠᠳᠤᠮ᠎ᠤᠨ ᠪᠦᠬᠡ ᠵᠢᠨ ᠲᠡᠮᠡᠴᠡᠭᠡᠨ (ᠬᠦᠩᠬᠡᠨ ᠲᠡᠰ)᠂ 2015 ᠣᠨ᠎ᠳᠤ ᠪᠤᠯᠠᠭ᠋ᠠᠨᠬᠤᠸᠠ ᠰᠣᠮᠣᠨ᠎ᠤ ᠵᠢᠭ᠋ᠠᠰᠤᠳᠠᠢ ᠭᠠᠴᠠᠭ᠋ᠠᠨ᠎ᠤ ᠨᠠᠭ᠋ᠠᠳᠤᠮ᠂ 2018 ᠣᠨ᠎ᠳᠤ ᠬᠦᠷᠡᠯ ᠪᠠᠯᠭ᠋ᠠᠰᠤᠨ᠎ᠤ ᠬᠠᠷᠠᠵᠢᠷᠦᠬᠡ ᠭᠠᠴᠠᠭ᠋ᠠᠨ᠎ᠤ ᠨᠠᠭ᠋ᠠᠳᠤᠮ᠂ 2019 ᠤᠨ᠎ᠤ ᠰᠢᠨ᠎ᠠ ᠠᠢ᠌ᠯ ᠭᠠᠴᠠᠭ᠎ᠠ᠎ᠠᠴᠠ ᠡᠷᠬᠢᠯᠡᠭᠰᠡᠨ ᠠᠩᠬᠠᠳᠤᠭ᠋ᠠᠷ ᠤᠳᠠᠭ᠋ᠠᠨ᠎ᠤ ᠵᠠᠯᠠᠢ᠌ᠳ ᠪᠦᠬᠡ ᠵᠢᠨ ᠤᠪᠤᠭ᠎ᠠ ᠵᠢᠨ ᠲᠠᠬᠢᠯᠭ᠎ᠠ ᠵᠢᠨ ᠨᠠᠢ᠌ᠷ᠎ᠲᠤ ᠲᠤᠰ ᠲᠤᠰ ᠲᠡᠷᠢᠬᠦᠨ ᠪᠠᠢ᠌ᠷᠢᠨ᠎ᠳᠤ ᠲᠣᠳᠣᠷᠠᠵᠠᠢ᠃ 2018 ᠣᠨ᠎ᠳᠤ ᠵᠠᠩᠭᠢᠶᠠᠳᠦ ᠪᠦᠬᠡ ᠵᠢᠨ ᠴᠣᠯᠠ ᠬᠦᠷᠳᠡᠵᠡᠢ᠃
8. ᠸᠠᠩ ᠹᠦ᠋ ᠬᠠᠢ᠄1995 ᠣᠨ᠎ᠳᠤ ᠲᠦᠷᠦᠵᠠᠢ᠃ ᠴᠢᠯᠦᠭᠡᠳᠦ ᠨᠢᠳᠤᠷᠭ᠋ᠠᠨᠤ ᠲᠠᠮᠢᠷᠴᠢᠨ᠃ 2011 ᠤᠨ᠎ᠳᠤ ᠦᠪᠤᠷ ᠮᠤᠩᠭᠤᠯ᠎ᠤᠨ ᠴᠢᠯᠦᠭᠡᠳᠦ ᠨᠢᠳᠤᠷᠭ᠋ᠠᠨ ᠲᠡᠮᠡᠴᠡᠭᠡᠨ᠎ᠤ (60kg) ᠤᠷᠤᠯᠳᠤᠭ᠋ᠠᠨ᠎ᠤ ᠲᠠᠷᠢᠬᠦᠨ ᠪᠠᠢ᠌ᠷᠢᠨ᠎ᠳᠤ ᠲᠤᠳᠤᠷᠠᠵᠠᠢ᠃ 2012 ᠣᠨ᠎ᠳᠤ ᠪᠦᠬᠦ ᠣᠯᠣᠰ᠎ᠤᠨ ᠵᠠᠯᠠᠭᠤᠴᠤᠳ᠎ᠤᠨ ᠴᠢᠯᠦᠭᠡᠳᠦ ᠨᠢᠳᠤᠷᠭ᠋ᠠᠨ ᠲᠡᠮᠡᠴᠡᠭᠡᠨ᠎ᠤ (60kg) ᠭᠤᠷᠪᠠᠳᠤᠭ᠋ᠠᠷ ᠪᠠᠢ᠌ᠷᠢᠨ᠎ᠳᠤ ᠲᠣᠳᠣᠷᠠᠵᠠᠢ᠃ ᠡᠭᠦᠨ᠎ᠠᠴᠠ ᠭᠠᠳᠠᠨ᠎ᠠ᠂ ᠣᠯᠠᠨ ᠣᠯᠣᠰ᠎ᠤᠨ ᠴᠢᠯᠦᠭᠡᠳᠦ ᠨᠢᠳᠤᠷᠭ᠋ᠠᠨ ᠲᠡᠮᠡᠴᠡᠭᠡᠨ᠎ᠳᠤ ᠬᠣᠶᠠᠷ ᠠᠯᠳᠠ᠂ ᠬᠤᠶᠠᠷ ᠮᠦᠩᠭᠦᠨ ᠮᠸᠲᠠᠯ ᠬᠦᠷᠳᠡᠭᠰᠡᠨ ᠲᠡᠤᠬᠡ᠎ᠲᠠᠢ᠃
9. ᠵᠣᠣ ᠪᠠ ᠱ᠌ᠢ ᠡᠯ᠄1990 ᠣᠨ᠎ᠳᠤ ᠲᠦᠷᠦᠵᠠᠢ᠃ 2020 ᠤᠨ᠎ᠤ ᠰᠢᠨ᠎ᠠ ᠠᠢ᠌ᠯ ᠭᠠᠴᠠᠭ᠎ᠠ᠎ᠠᠴᠠ ᠡᠷᠬᠢᠯᠡᠭᠰᠡᠨ ᠬᠤᠶᠠᠳᠤᠭ᠋ᠠᠷ ᠤᠳᠠᠭ᠋ᠠᠨ᠎ᠤ ᠵᠠᠯᠠᠢ᠌ᠳ ᠪᠦᠬᠡ ᠵᠢᠨ ᠤᠪᠤᠭ᠎ᠠ ᠵᠢᠨ ᠲᠠᠬᠢᠯᠭ᠎ᠠ ᠵᠢᠨ ᠨᠠᠢ᠌ᠷ᠎ᠲᠤ ᠭᠤᠳᠠᠭ᠋ᠠᠷ ᠪᠠᠢ᠌ᠷᠢᠨ᠎ᠳᠤ ᠲᠣᠳᠣᠷᠠᠵᠠᠢ᠃ ᠲᠠᠷᠠ ᠭᠤᠤᠯᠳᠠᠭᠤ ᠠᠴᠢᠶ᠎ᠠ ᠪᠠ ᠲᠤᠳᠤᠷ ᠭᠤᠬ᠎ᠠ ᠵᠡᠷᠬᠡ ᠪᠦᠬᠡ ᠵᠢᠨ ᠮᠡᠷᠬᠡᠵᠢᠯ᠎ᠳᠤ ᠪᠤᠯᠪᠠᠰᠤᠷᠠᠩᠭᠤᠢ᠃
10. ᠵᠣᠣ ᠮᠢᠩ ᠰᠢᠶᠠ᠄ ᠡᠮᠡᠭᠳᠡᠢ᠂1999 ᠣᠨ᠎ᠳᠤ ᠲᠦᠷᠦᠵᠠᠢ᠃ ᠵᠢᠣᠳᠣᠣ ᠪᠦᠬᠡ ᠵᠢᠨ ᠲᠠᠮᠢᠷᠴᠢᠨ᠃ 2011 ᠣᠨ᠎ᠠᠴᠠ 2017 ᠣᠨ ᠪᠣᠯᠳᠠᠯᠠᠬᠢ ᠪᠦᠬᠦ ᠣᠷᠣᠨ᠎ᠤ ᠵᠢᠣᠳᠣᠣ ᠪᠦᠬᠡ ᠵᠢᠨ ᠲᠡᠮᠡᠴᠡᠭᠡᠨ᠎ᠳᠤ ᠬᠣᠶᠠᠷ ᠠᠯᠳᠠ᠂ ᠨᠢᠭᠡ ᠮᠦᠩᠭᠦ᠂ ᠭᠤᠷᠪᠠᠨ ᠬᠦᠷᠡᠯ ᠮᠸᠲᠠᠯ ᠬᠦᠷᠳᠡᠵᠦ᠂ ᠭᠠᠨᠵᠤᠭ᠎ᠠ ᠳᠦᠭᠦᠷᠡᠩ ᠶᠠᠪᠤᠭ᠎ᠠ ᠵᠠᠯᠠᠭᠤ ᠲᠠᠮᠢᠷᠴᠢᠨ᠃ ᠲᠠᠷᠠ ᠭᠤᠤᠯᠳᠠᠭᠤ ᠠᠴᠢᠶ᠎ᠠ ᠪᠠ ᠰᠠᠨᠴᠢᠭ᠌ ᠬᠦᠶᠦᠯᠬᠡᠵᠤ ᠬᠠᠶᠠᠬᠤ ᠵᠡᠷᠬᠡ ᠪᠦᠬᠡ ᠵᠢᠨ ᠮᠡᠷᠬᠡᠵᠢᠯ᠎ᠳᠤ ᠪᠤᠯᠪᠠᠰᠤᠷᠠᠩᠭᠤᠢ᠃
ᠲᠡᠬᠡᠷ᠎ᠡ ᠲᠤᠷᠠᠳᠤᠭᠳᠠᠭᠰᠠᠨ ᠠᠷᠪᠡᠨ ᠰᠤᠳᠤᠨ ᠪᠦᠬᠡᠴᠢᠳ᠎ᠠᠴᠠ ᠭᠠᠳᠠᠨ᠎ᠠ᠂ ᠪᠠᠰᠠ ᠸᠠᠩ ᠱᠣᠸᠠᠩ ᠹᠦ᠋᠂ ᠶᠠᠩ ᠭᠤᠤ ᠴᠸᠩ᠂ ᠴᠸᠨ ᠬᠠᠢ ᠵᠤᠸᠠᠩ᠂ ᠪᠤᠤ ᠯᠢᠶᠠᠨ ᠵᠤᠸᠠᠩ᠂ ᠴᠠᠩ ᠴᠡᠩᠬᠡᠯ᠂ ᠵᠠᠩ ᠢᠦᠢ ᠱᠦᠨ ᠵᠡᠷᠬᠡ ᠪᠦᠬᠡᠴᠢᠳᠢ ᠲᠤᠷᠠᠳᠤᠯᠳᠠᠢ᠃ ᠡᠳᠡᠬᠡᠷ ᠪᠦᠬᠡᠴᠢᠳ ᠤᠷᠴᠢᠮ᠎ᠤᠨ ᠲᠠᠪᠢᠭ᠋ᠠᠳ ᠵᠢᠯ᠎ᠳᠤ ᠭᠠᠴᠠᠭ᠎ᠠ᠂ ᠰᠤᠮᠤ᠂ ᠬᠤᠰᠢᠭᠤ᠂ ᠠᠢ᠌ᠮᠠᠭ᠂ ᠤᠷᠤᠨ᠎ᠤ ᠡᠯ᠎ᠡ ᠲᠡᠰ᠎ᠤᠨ ᠪᠦᠬᠡ ᠵᠢᠨ ᠤᠷᠤᠯᠳᠤᠭ᠋ᠠᠨ᠎ᠳᠤ ᠪᠢᠷ᠎ᠠ ᠴᠢᠳᠡᠯ᠂ ᠬᠠᠪᠤ ᠬᠦᠴᠦ᠂ ᠠᠷᠭ᠎ᠠ ᠮᠡᠬᠡ᠂ ᠤᠢ ᠤᠬᠠᠭ᠋ᠠᠨ ᠵᠶ᠋ᠠᠷ ᠵᠶ᠋ᠠᠨ ᠤᠳᠠᠭ᠎ᠠ ᠲᠠᠷᠠᠭ᠋ᠠᠯᠠᠨ ᠦᠵᠦᠬᠦᠷ ᠪᠠᠢ᠌ᠷᠢᠨ᠎ᠳᠤ ᠲᠤᠳᠤᠷᠡᠵᠤ᠂ ᠦᠯᠡᠮᠵᠢ ᠤᠯᠠᠨ ᠱᠠᠩᠨᠠᠯ ᠬᠦᠬᠢᠬᠦᠯᠤᠯ ᠵᠶ᠋ᠠᠷ ᠡᠩᠬᠡᠷ ᠵᠶ᠋ᠠᠨ ᠮᠢᠯᠢᠶᠠᠯᠭ᠋ᠠᠵᠤ ᠤᠯᠠᠨ ᠵᠶ᠋ᠠᠨ ᠪᠠᠶᠠᠰᠬᠠᠵᠤ ᠶᠠᠪᠤᠵᠠᠢ᠃ ᠰᠢᠨ᠎ᠡ ᠠᠢ᠌ᠯ ᠭᠠᠴᠠᠭ᠎ᠠ᠎ᠳᠤ ᠭᠤᠷᠪᠡᠨ ᠦᠶ᠎ᠡ ᠵᠢᠨ ᠪᠦᠬᠡᠴᠢᠳ ᠦᠰᠦᠬᠡᠢ ᠵᠠᠯᠭ᠋ᠠᠯᠳᠤᠨ ᠪᠦᠢ᠍ᠵᠢᠵᠤ᠂ ᠡᠩᠨᠡᠬᠡ ᠪᠤᠯᠤᠨ ᠪᠦᠷᠢᠯᠳᠤᠵᠤ᠂ ᠤᠯᠠᠮᠵᠢᠯᠠᠯ ᠪᠤᠯᠤᠨ ᠲᠤᠭᠳᠠᠪᠤᠷᠢᠵᠢᠵᠠᠢ᠃
ᠭᠤᠷᠪᠠ᠂ ᠪᠦᠬᠡ ᠵᠢᠨ ᠰᠣᠶᠣᠯ᠎ᠤᠨ ᠤᠯᠠᠮᠵᠢᠯᠠᠯ
ᠪᠤᠰᠤᠳ ᠠᠢ᠌ᠮᠠᠭ ᠬᠤᠲᠠ᠎ᠲᠠᠢ ᠬᠠᠷᠢᠴᠠᠭᠤᠯᠪᠠᠯ᠂ ᠮᠠᠨ᠎ᠤ ᠬᠢᠩᠭ᠋ᠠᠨ ᠠᠢ᠌ᠮᠠᠭ᠎ᠨᠢ ᠪᠦᠬᠡ ᠵᠢᠨ ᠬᠦᠭᠵᠢᠯᠳᠡ ᠠᠷᠠᠢ ᠤᠳᠠᠭ᠋ᠠᠨ᠂ ᠤᠯᠠᠨ ᠲᠦᠮᠡᠨᠴᠢ ᠰᠠᠭᠤᠷᠢ ᠠᠨᠠᠢ᠃ ᠮᠣᠩᠭᠣᠯ ᠪᠦᠬᠡ ᠵᠢᠨ ᠮᠡᠷᠬᠡᠵᠢᠯ ᠵᠶ᠋ᠠᠨ ᠤᠯᠠᠮᠵᠢᠯᠠᠨ ᠵᠠᠯᠭ᠋ᠠᠮᠵᠢᠯᠠᠬᠤ᠂ ᠪᠦᠬᠡ ᠵᠢᠨ ᠰᠣᠶᠣᠯ ᠵᠶ᠋ᠡᠨ ᠬᠦᠭᠵᠢᠭᠦᠯᠦᠨ ᠳᠡᠯᠭᠡᠷᠡᠭᠦᠯᠬᠦ ᠲᠠᠯ᠎ᠠ᠎ᠪᠠᠷ ᠰᠢᠨ᠎ᠡ ᠠᠢ᠌ᠯ ᠭᠠᠴᠠᠭ᠎ᠠ᠎ᠨᠢ ᠣᠷᠣᠨ ᠨᠤᠲᠤᠭ᠎ᠲᠤ᠎ᠪᠠᠨ ᠳᠠᠭ᠋ᠠᠭᠤᠯᠤᠭᠴᠢ ᠦᠢ᠍ᠯᠡᠳᠦᠯ ᠦᠵᠡᠭᠦᠯᠵᠦ ᠪᠠᠢ᠌ᠨ᠎ᠠ᠃ ᠰᠢᠨ᠎ᠡ ᠠᠢ᠌ᠯ ᠭᠠᠴᠠᠭ᠎ᠠ ᠵᠢᠨ ᠤᠯᠠᠨ ᠲᠦᠮᠡᠨ ᠮᠠᠨᠢ ᠲᠡᠯᠬᠡᠷ ᠵᠤᠨ᠎ᠤ ᠨᠠᠢ᠌ᠷᠰᠠᠭ ᠠᠬᠤᠢ ᠴᠠᠭ᠎ᠲᠤ᠂ ᠵᠡᠬᠦᠨ ᠠᠭᠤᠯᠠ ᠵᠢᠨ ᠵᠶ᠋ᠠᠨ ᠵᠦᠬᠡᠯᠡᠨ ᠵᠦᠯᠬᠡᠨ ᠲᠡᠬᠡᠷ᠎ᠡ᠂ ᠦᠨᠳᠦᠷ ᠬᠥᠬᠡ ᠲᠡᠭᠷᠢ᠎ᠪᠠᠷ ᠬᠦᠰᠢᠬᠡ ᠬᠢᠵᠤ᠂ ᠥᠷᠭᠡᠨ ᠶᠡᠬᠡ ᠲᠠᠨᠵᠢ᠎ᠪᠠᠷ ᠲᠠᠢ᠌ᠰᠠ ᠵᠠᠰᠠᠵᠤ᠂ ᠬᠠᠷᠴᠠᠭ᠋ᠠᠢ ᠪᠦᠷᠬᠦᠳ ᠵᠢᠬᠦᠷ ᠵᠶ᠋ᠠᠨ ᠲᠠᠯᠬᠡᠭᠰᠡᠨ ᠮᠡᠳᠦ ᠬᠤᠶᠡᠷ ᠭᠠᠷᠯᠠᠨ ᠵᠢᠭᠰᠠᠭ᠋ᠠᠳ ᠬᠠᠰᠢᠷ ᠪᠦᠬᠡᠴᠢᠳ᠎ᠨᠢ ᠨᠠᠭ᠋ᠠᠳᠦᠮᠢ ᠬᠢᠨᠠᠨ ᠰᠢᠬᠦᠵᠤ ᠬᠡᠤᠬᠡᠳ ᠪᠠᠭ᠋ᠠᠴᠤᠳ ᠵᠠᠯᠠᠭᠤᠴᠤᠳ᠎ᠤᠨ ᠪᠦᠬᠡ ᠵᠢᠨ ᠲᠡᠮᠡᠴᠡᠬᠡᠨ ᠶᠠᠪᠤᠭᠤᠯᠵᠤ᠂ ᠬᠦᠳᠡᠬᠡ ᠨᠤᠳᠤᠭ᠎ᠤᠨ ᠬᠦᠮᠤᠨ ᠠᠷᠠᠳ᠎ᠲᠠᠭᠠᠨ ᠬᠦᠷ ᠨᠠᠢ᠌ᠷ ᠨᠡᠮᠡᠳᠡᠭ ᠵᠠᠩᠰᠢᠯ᠎ᠲᠠᠢ ᠠᠵᠢ᠃ ᠲᠡᠳᠡᠬᠡᠷ ᠰᠠᠢ᠌ᠨ ᠲᠤᠷ᠎ᠠ ᠵᠢᠨ ᠰᠤᠷᠢᠯᠳᠡ ᠪᠤᠯᠪᠠᠰᠣᠷᠡᠯ᠎ᠤᠨ ᠶᠠᠪᠤᠴᠠ᠎ᠳᠤ᠂ ᠬᠠᠰᠢᠷ ᠪᠦᠬᠡᠴᠢᠳ᠎ᠨᠢ ᠵᠠᠯᠠᠭᠤᠴᠤᠳ ᠲᠤ᠎ᠪᠠᠨ ᠲᠤᠷᠰᠢᠯᠭ᠎ᠠ ᠰᠤᠷᠭ᠋ᠠᠮᠵᠢ᠎ᠪᠠᠨ ᠦᠪᠯᠡᠵᠣ᠂ ᠪᠦᠬᠡ ᠵᠢᠨ ᠵᠤᠭᠤᠭ ᠲᠡᠯᠬᠡᠵᠤ ᠶᠠᠷᠢᠶ᠎ᠠ ᠬᠦᠬᠡᠷᠦᠬᠡ ᠪᠤᠯᠳᠠᠭ᠃ ᠲᠡᠬᠡᠬᠡᠳ ᠭᠠᠯ ᠵᠠᠯᠠᠭᠤ ᠪᠦᠬᠡᠴᠢᠳᠲᠡᠭᠡᠨ᠄ 《ᠡᠷ᠎ᠡ ᠵᠢᠨ ᠭᠤᠷᠪᠠᠨ ᠨᠠᠭ᠋ᠠᠳᠤᠮ᠎ᠤᠨ ᠨᠢᠭᠡ ᠪᠣᠯᠬᠣ ᠪᠦᠬᠡ ᠪᠠᠷᠢᠯᠳᠤᠭ᠋ᠠᠨ ᠪᠣᠯ ᠡᠷᠳᠡᠮ ᠴᠢᠳᠠᠪᠤᠷᠢ ᠲᠡᠭᠦᠰ ᠪᠦᠷᠢᠳᠦᠭᠰᠡᠨ ᠬᠦᠳᠡᠯᠭᠡᠭᠡᠨ᠎ᠤ ᠵᠦᠢ᠍ᠯ ᠪᠣᠯᠬᠣ ᠲᠤᠯᠠ ᠳᠠᠨᠭ᠌ ᠭᠠᠭᠴᠠ ᠬᠦᠴᠦ ᠴᠢᠳᠠᠯ ᠪᠠᠢ᠌ᠭ᠋ᠠᠳ ᠯᠠ ᠪᠣᠯᠬᠣ ᠪᠢᠰᠢ᠂ ᠬᠠᠷᠢᠨ ᠬᠦᠴᠦ ᠴᠢᠳᠠᠯ᠂ ᠲᠡᠰᠪᠦᠷᠢ ᠲᠡᠪᠴᠢᠶᠡᠷᠢ᠂ ᠤᠷ᠎ᠠ ᠤᠬᠠᠭ᠋ᠠᠨ᠎ᠢ ᠪᠦᠷᠢᠯᠳᠦᠭᠦᠯᠦᠮᠡᠨᠵᠢᠨ ᠰᠠᠶᠢ ᠢᠯᠠᠵᠣ ᠴᠢᠳᠠᠨ᠎ᠠ》 ᠬᠡᠵᠤ ᠠᠬᠢᠨ ᠲᠠᠬᠢᠨ ᠵᠡᠬᠢᠨ ᠰᠣᠷᠭ᠋ᠠᠳᠠᠭ ᠪᠠᠢ᠌ᠵᠠᠢ᠃ 《ᠣᠷᠣᠯᠳᠣᠬᠣ ᠮᠣᠷᠢᠨ᠎ᠤ ᠤᠶᠠᠭ᠎ᠠ ᠰᠣᠢ᠌ᠯᠭ᠎ᠠ ᠬᠣᠶᠠᠷ᠂ ᠪᠠᠷᠢᠯᠳᠣᠬᠣ ᠪᠦᠬᠡ ᠵᠢᠨ ᠪᠠᠷᠢᠴᠠ ᠵᠣᠭᠰᠣᠯᠳᠠ ᠬᠣᠶᠠᠷ》 ᠭᠡᠭᠴᠢ᠎ᠪᠠᠷ ᠮᠣᠩᠭᠣᠯ ᠪᠦᠬᠡ ᠵᠢᠨ ᠦᠨᠳᠦᠰᠦᠨ ᠮᠡᠷᠭᠡᠵᠢᠯ ᠪᠣᠯ ᠳᠠᠷᠤᠢ ᠪᠠᠷᠢᠴᠠ ᠪᠣᠯᠣᠨ ᠵᠣᠭᠰᠣᠯᠳᠠ ᠪᠣᠯᠣᠨ᠎ᠠ᠃ ᠬᠠᠰᠢᠷ ᠪᠦᠬᠡᠴᠢᠳ ᠪᠠᠰᠠ᠄ 《ᠪᠠᠷᠢᠴᠠ ᠵᠢᠨ ᠤᠬᠠᠭ᠋ᠠᠨ᠎ᠳᠤ ᠬᠡᠷᠬᠢᠨ ᠥᠪᠡᠷ᠎ᠤᠨ ᠳᠠᠪᠠᠭᠤᠯᠢᠭ ᠪᠠᠷᠢᠴᠠ᠎ᠪᠠᠨ ᠪᠠᠷᠢᠬᠤ᠂ ᠬᠡᠷᠬᠢᠨ ᠡᠰᠡᠷᠭᠦ ᠡᠳᠡᠭᠡᠳ᠎ᠤᠨ ᠵᠶ᠋ᠡᠨ ᠪᠠᠷᠢᠴᠠ ᠵᠢ ᠠᠯᠳᠠᠭᠤᠯᠬᠤ ᠵᠡᠷᠭᠡ ᠪᠠᠢ᠌ᠳᠠᠭ᠃ ᠪᠠᠷᠢᠴᠠ᠎ᠪᠠᠨ ᠰᠠᠢ᠌ᠨ ᠪᠠᠷᠢᠭᠰᠠᠨᠤ ᠤᠷᠢᠳᠠᠯ ᠳᠤᠤᠷ᠎ᠠ ᠰᠠᠶᠢ ᠮᠡᠬᠡ ᠮᠡᠷᠭᠡᠵᠢᠯ ᠬᠢᠵᠦ ᠪᠤᠰᠤᠳ᠎ᠢ ᠤᠨᠠᠭ᠋ᠠᠳᠠᠭ᠃ ᠵᠣᠭᠰᠣᠯᠳᠠ ᠪᠣᠯ ᠳᠠᠷᠤᠢ ᠥᠪᠡᠷ᠎ᠤᠨ ᠪᠡᠶ᠎ᠡ ᠵᠢᠨ ᠵᠶ᠋ᠡᠨ ᠬᠦᠨᠳᠦ ᠵᠢᠨ ᠲᠥᠪ᠎ᠢ ᠬᠡᠷᠬᠢᠨ ᠡᠵᠡᠮᠳᠡᠵᠦ᠂ ᠡᠰᠡᠷᠭᠦ ᠡᠳᠡᠭᠡᠳ᠎ᠤᠨ ᠵᠶ᠋ᠡᠨ ᠮᠡᠬᠡᠨ᠎ᠳᠤ ᠤᠨᠠᠬᠤ ᠦᠭᠡᠢ ᠪᠠᠢ᠌ᠬᠤ ᠵᠢ ᠬᠡᠯᠡᠨ᠎ᠡ》 ᠬᠡᠵᠤ ᠦᠨᠳᠣᠰᠣᠨ ᠬᠡᠳᠦᠨ ᠮᠡᠷᠬᠡᠵᠢᠯ᠎ᠢ ᠮᠡᠳᠡᠭᠰᠡᠨ ᠰᠤᠨᠤᠰᠤᠭᠰᠠᠨ᠎ᠤ᠎ᠪᠠᠨ ᠬᠢᠷᠢ᠎ᠪᠠᠷ ᠮᠡᠷᠭᠡᠯᠡᠵᠤ ᠭᠠᠢ᠌ᠬᠠᠭᠤᠯᠳᠠᠭ ᠪᠠᠢ᠌ᠵᠠᠢ᠃ ᠶᠡᠷᠦ᠎ᠨᠢ ᠪᠦᠬᠡ ᠵᠢᠨ ᠰᠣᠷᠢᠶ᠎ᠠ ᠪᠤᠯᠪᠠᠰᠤᠷᠠᠯ ᠬᠢᠬᠦ᠎ᠳᠤ᠎ᠪᠠᠨ ᠦᠨᠳᠦᠰᠦᠨ ᠮᠡᠷᠭᠡᠵᠢᠯ ᠵᠶ᠋ᠡᠨ ᠬᠦᠢ᠍ᠴᠡᠳ ᠡᠵᠡᠮᠰᠢᠭᠰᠡᠨ᠎ᠤ ᠰᠠᠭᠤᠷᠢᠨ ᠳᠡᠭᠡᠷ᠎ᠡ ᠮᠡᠬᠡ ᠮᠡᠷᠭᠡᠵᠢᠯ᠎ᠢ ᠰᠤᠷᠬᠤ ᠬᠡᠷᠡᠭᠳᠡᠢ᠃ ᠡᠪᠦᠬᠡ ᠲᠡᠬᠡᠳᠦᠰᠠᠴᠠᠪᠠᠨ ᠤᠯᠠᠮᠵᠢᠯᠠᠯ᠎ᠲᠠᠢ ᠡᠨᠡ ᠬᠦ᠌ ᠶᠡᠬᠡ ᠤᠬᠠᠭ᠋ᠠᠨ᠎ᠢ ᠥᠪᠯᠡᠭᠰᠡᠨ ᠪᠦᠬᠡ᠎ᠪᠠᠨ ᠣᠯᠠᠨ ᠨᠡᠢ᠌ᠳᠡᠴᠢ ᠴᠢᠨᠠᠷᠲᠠᠢ ᠤᠬᠠᠮᠰᠠᠷ᠎ᠲᠠᠢ ᠲᠠᠮᠢᠷ᠎ᠤᠨ ᠬᠦᠳᠡᠯᠭᠡᠭᠡᠨ ᠪᠣᠯᠭ᠋ᠠᠨ᠂ ᠨᠤᠲᠤᠭ ᠣᠷᠣᠨ ᠳᠤ᠎ᠪᠠᠨ ᠪᠠᠢ᠌ᠩᠭᠤ ᠣᠷᠣᠯᠳᠣᠭ᠋ᠠᠨ ᠲᠡᠮᠡᠴᠡᠭᠡᠨ ᠵᠣᠬᠢᠶᠠᠨ ᠪᠠᠢ᠌ᠭᠤᠯᠵᠤ᠂ ᠰᠣᠷᠢᠶ᠎ᠠ ᠪᠤᠯᠪᠠᠰᠤᠷᠠᠯ ᠵᠶ᠋ᠠᠨ ᠴᠢᠩᠭ᠋ᠠᠳᠬᠠᠪᠠᠯ ᠪᠦᠬᠡ ᠵᠢᠨ ᠦᠢ᠍ᠯᠡᠰ ᠳᠡᠭᠵᠢᠷᠡᠬᠦ᠎ᠨᠢ ᠯᠠᠪᠳᠠᠢ᠃
2011 ᠤᠨ᠎ᠳᠤ ᠴᠸᠨ ᠬᠠᠢ ᠵᠤᠸᠠᠩ᠎ᠠᠴᠠ ᠬᠤᠪᠢ᠎ᠪᠠᠷ ᠵᠶ᠋ᠠᠨ ᠪᠦᠬᠦ ᠵᠠᠷᠤᠳᠠᠯ᠎ᠢ ᠲᠠᠭ᠋ᠠᠭ᠋ᠠᠴᠢᠯᠠᠵᠤ ᠭᠠᠴᠠᠭ᠋ᠠᠨ᠎ᠤ ᠪᠦᠬᠡ ᠵᠢᠨ ᠨᠠᠭ᠋ᠠᠳᠦᠮᠢ ᠡᠷᠬᠢᠯᠡᠵᠤ ᠦᠩᠬᠡᠷᠡᠭᠰᠡᠨ ᠲᠡᠤᠬᠡ᠎ᠲᠠᠢ᠃ 2019 ᠣᠨ᠎ᠳᠤ ᠰᠢᠨ᠎ᠡ ᠠᠢ᠌ᠯ ᠭᠠᠴᠠᠭ᠋ᠠᠨ᠎ᠤ ᠮᠠᠯᠴᠢᠨ ᠲᠠᠷᠢᠶᠠᠴᠢᠳ ᠵᠡᠷᠭᠡ ᠣᠯᠠᠨ᠎ᠤ ᠭᠠᠭᠴᠠ ᠰᠡᠳᠬᠢᠯ᠎ᠤᠨ ᠰᠢᠳᠦᠯᠭᠡ᠎ᠪᠠᠷ᠂ ᠵᠠᠯᠠᠢ᠌ᠳ ᠪᠥᠬᠡ ᠵᠢᠨ ᠵᠣᠷᠢᠭ ᠬᠦᠴᠦᠨ᠎ᠤ ᠵᠣᠯᠪᠣᠭ᠎ᠠ᠎ᠪᠠᠷ 《ᠵᠠᠯᠠᠢ᠌ᠳ ᠪᠦᠬᠡ ᠵᠢᠨ ᠣᠪᠣᠭ᠎ᠠ》 ᠵᠢ ᠡᠭᠦᠰᠭᠡᠨ ᠪᠠᠢ᠌ᠭᠤᠯᠤᠨ᠂ ᠨᠤᠲᠤᠭ ᠤᠰᠤᠨ᠎ᠤ᠎ᠪᠠᠨ ᠨᠠᠪᠳᠠᠭ ᠰᠠᠪᠳᠠᠭᠢ ᠪᠠᠶᠠᠰᠬᠠᠵᠦ᠂ ᠪᠦᠬᠡ ᠵᠢᠨ ᠬᠡᠢ᠌ᠮᠦᠷᠢ ᠰᠡᠷᠭᠦᠭᠡᠨ ᠬᠤᠶᠠᠷ ᠵᠢᠯ (2019.8.31/2020.8.5) ᠳᠠᠷᠠᠭ᠋ᠠᠯᠠᠨ ᠣᠪᠣᠭ᠋ᠠᠨ ᠨᠠᠢ᠌ᠷ ᠬᠢᠭᠰᠡᠨ ᠶᠤᠮ᠃ ᠦᠨᠤ ᠵᠢᠯ ᠭᠤᠷᠪᠡᠳᠡᠬᠢ ᠨᠠᠢ᠌ᠷ ᠵᠶ᠋ᠠᠨ ᠡᠷᠬᠢᠯᠡᠬᠦ᠎ᠪᠠᠷ ᠡᠷᠴᠢᠮᠳᠠᠢ ᠲᠦᠰᠦᠪᠯᠡᠵᠤ ᠪᠤᠢ᠃ 《ᠰᠠᠢ᠌ᠨ ᠪᠦᠬᠡ ᠨᠤᠲᠤᠭ᠎ᠤᠨ ᠴᠢᠮᠡᠭ》 ᠭᠡᠭᠴᠢ᠎ᠪᠠᠷ ᠰᠢᠨ᠎ᠡ ᠠᠢ᠌ᠯ ᠭᠠᠴᠠᠭ᠋ᠠᠨ᠎ᠠᠴᠠ ᠰᠠᠢ᠌ᠨ ᠰᠠᠢ᠌ᠨ ᠪᠦᠬᠡ ᠲᠠᠰᠣᠷᠠᠯ ᠦᠬᠡᠢ ᠲᠡᠪᠢᠨ ᠭᠠᠷᠴᠤ᠂ ᠵᠠᠯᠠᠢ᠌ᠳ ᠨᠤᠳᠤᠭ᠎ᠤᠨ ᠰᠤᠤ ᠵᠠᠯᠢ ᠵᠢ ᠡᠷᠭᠦᠵᠦ᠂ ᠮᠣᠩᠭᠣᠯ ᠪᠦᠬᠡ ᠵᠢᠨ ᠬᠡᠢ᠌ᠮᠦᠷᠢ ᠵᠢ ᠮᠠᠨᠳᠤᠭᠤᠯᠤᠨ᠂ ᠦᠨᠢᠳᠡ ᠠᠯᠳᠠᠭᠤᠷᠡᠯ ᠦᠬᠡᠢ ᠪᠠᠶ᠎ᠠ ᠪᠦᠬᠡ᠂ ᠡᠬᠦᠷᠢᠳᠡ ᠠᠨᠳᠠᠭᠤᠷᠠᠯ ᠦᠬᠡᠢ ᠰᠡᠳᠬᠢᠯ ᠪᠦᠬᠡ ᠪᠤᠯᠳᠤᠭ᠋ᠠᠢ ᠬᠡᠮᠡᠨ ᠬᠦᠰᠡᠨ ᠬᠦᠰᠡᠨ ᠵᠦᠩᠨᠡᠨ ᠵᠦᠩᠨᠡᠶ᠎ᠡ!
ᠰᠢ ᠵᠢᠨ ᠫᠢᠩ᠎ᠤᠨ ᠰᠢᠨ᠎ᠡ ᠴᠠᠭ ᠦᠶ᠎ᠡ ᠵᠢᠨ ᠲᠤᠮᠳᠠᠳᠤ ᠤᠯᠤᠰ᠎ᠤᠨ ᠤᠨᠴᠠᠯᠢᠭ᠎ᠲᠠᠢ ᠨᠡᠢ᠌ᠬᠡᠮ ᠵᠢᠷᠤᠮ᠎ᠤᠨ ᠦᠵᠡᠯ ᠰᠠᠨᠠᠭ᠎ᠠ᠎ᠪᠠᠷ ᠵᠢᠯᠤᠭᠤᠳᠤᠯᠭ᠎ᠠ ᠪᠤᠯᠭ᠋ᠠᠨ᠂ ᠶᠠᠪᠤᠭᠳᠠᠭᠤᠯᠵᠤ ᠬᠦᠳᠡᠭᠡ ᠲᠣᠰᠬᠣᠨ᠎ᠢ ᠬᠦᠭᠵᠢᠭᠦᠯᠦᠨ ᠮᠠᠨᠳᠣᠭᠤᠯᠬᠤ ᠪᠠᠢ᠌ᠯᠳᠤᠬᠤ ᠪᠤᠳᠤᠯᠭ᠎ᠠ ᠵᠢ ᠪᠦᠬᠦ ᠲᠠᠯ᠎ᠠ᠎ᠪᠠᠷ ᠲᠤᠭᠤᠰᠢᠯᠠᠭᠤᠯᠬᠤ᠎ᠪᠠᠷ ᠰᠢᠨ᠎ᠡ ᠠᠢ᠌ᠯ ᠭᠠᠴᠠᠭ᠎ᠠ᠎ᠨᠢ ᠨᠦᠮᠵᠦᠭ ᠵᠤᠵᠠᠭ᠋ᠠᠨ ᠪᠦᠬᠡ ᠵᠢᠨ ᠰᠣᠶᠣᠯ ᠵᠶ᠋ᠠᠷ ᠵᠶ᠋ᠠᠨ ᠤᠨᠴᠠᠯᠢᠭ ᠪᠤᠯᠭ᠋ᠠᠨ᠂ 《ᠵᠠᠯᠠᠢ᠌ᠳ ᠪᠦᠬᠡ ᠵᠢᠨ ᠤᠪᠤᠭ᠎ᠠ》᠎ᠪᠠᠨ ᠲᠠᠬᠢᠵᠤ᠂ 《ᠵᠠᠯᠠᠢ᠌ᠳ ᠪᠦᠬᠡ ᠵᠢᠨ ᠭᠤᠯᠤᠮᠳᠠ》᠎ᠪᠠᠨ ᠲᠡᠭᠡᠵᠢᠯᠡᠵᠤ᠂ 《ᠵᠠᠯᠠᠢ᠌ᠳ ᠪᠦᠬᠡ ᠵᠢᠨ ᠰᠤᠶᠤᠯ᠎ᠤᠨ ᠬᠦᠷᠢᠶᠡᠯᠡᠩ》 ᠪᠠᠢ᠌ᠭᠤᠯᠵᠤ᠂ ᠰᠤᠶᠤᠯ ᠵᠶ᠋ᠠᠷ ᠴᠦᠮ᠎ᠡ ᠪᠤᠯᠭ᠋ᠠᠨ ᠲᠠᠮᠢᠷ ᠵᠶ᠋ᠠᠷ ᠴᠤᠭᠴᠠ ᠪᠤᠯᠭ᠋ᠠᠨ᠂ ᠡᠷᠡᠬᠦᠯ ᠴᠢᠬᠢᠷᠠᠭ ᠪᠡᠶ᠎ᠡ ᠮᠠᠬᠠᠪᠤᠳ᠂ ᠵᠤᠯ ᠵᠢᠷᠭ᠋ᠠᠯᠳᠤ ᠠᠵᠤ ᠠᠮᠢᠳᠣᠷᠠᠯ᠂ ᠪᠦᠬᠢᠷᠳᠦᠯ ᠦᠬᠡᠢ ᠠᠮᠢ ᠠᠬᠤᠢ᠂ ᠡᠶ᠎ᠡ ᠵᠣᠬᠢᠴᠠᠯᠲᠤ ᠨᠡᠢ᠌ᠭᠡᠮ ᠠᠬᠤᠢ ᠵᠢᠨ ᠦᠵᠡᠯ ᠦᠢ᠍ᠯᠠᠭ᠋ᠠᠭᠳᠠᠬᠤᠨᠢ ᠤᠯᠠᠨ ᠲᠦᠮᠡᠨ᠎ᠤ ᠰᠡᠳᠬᠢᠯ᠎ᠤᠨ ᠬᠦᠨ᠎ᠡ ᠪᠠᠳᠤ ᠬᠠᠳᠠᠩᠰᠢᠭᠤᠯᠤᠨ᠂ ᠭᠠᠴᠠᠭ᠎ᠠ ᠲᠤᠰᠬᠤᠨ ᠵᠶ᠋ᠠᠨ ᠪᠦᠳᠦᠬᠡᠨ ᠪᠠᠢ᠌ᠭᠤᠯᠬᠤ᠎ᠪᠠᠷ ᠢᠳᠡᠬᠡᠯ ᠲᠡᠬᠦᠯᠳᠡᠷ ᠤᠷᠤᠭᠰᠢᠯᠠᠵᠤ ᠪᠠᠢ᠌ᠨᠠᠮ᠃