ᠲᠡᠷᠢᠭᠦᠨ ᠬᠠᠭᠤᠳᠠᠰᠤ
ᠰᠣᠨᠢᠨ ᠮᠡᠳᠡᠭᠡ
ᠢᠯᠡ ᠵᠠᠰᠠᠭ
ᠦᠢᠯᠡᠴᠢᠯᠡᠭᠡ
ᠨᠡᠶ᠋ᠢᠭᠡᠮ ᠰᠡᠳᠬᠦᠯ
ᠤᠳᠤᠷᠢᠳᠤᠯᠭ᠎ᠠ᠎ᠶᠢᠨ ᠲᠠᠨᠢᠯᠴᠠᠭᠤᠯᠭ᠎ᠠ
ᠨᠡᠶ᠋ᠢᠭᠡᠮ ᠰᠡᠳᠬᠦᠯ   -   ᠳᠤᠮᠳᠠᠲᠤ᠎ᠶᠢᠨ ᠦᠨᠳᠦᠰᠦᠲᠡᠨ᠎ᠤ ᠬᠠᠮᠲᠤ᠎ᠶᠢᠨ ᠴᠣᠭᠴᠠ᠎ᠶᠢᠨ ᠤᠬᠠᠮᠰᠠᠷ᠎ᠢ ᠪᠠᠲᠤᠳᠬᠠᠶ᠎ᠠ
ᠠᠮᠤᠭᠤᠯᠠᠩ᠄ ᠶᠠᠳᠠᠭᠤ ᠬᠦᠴᠢᠷᠳᠡᠯᠲᠠᠢ ᠡᠷᠦᠬᠡ ᠪᠠᠢ᠌ᠭᠰᠠᠨ᠎ᠠᠴᠠ᠎ᠪᠠᠨ ᠭᠠᠴᠠᠭ᠋ᠠᠨ᠎ᠤ ᠵᠦᠪᠯᠡᠯ᠎ᠤᠨ ᠡᠷᠬᠢᠯᠡᠭᠴᠢ ᠪᠣᠯᠪᠠ
ᠨᠡᠶᠢᠲᠡᠯᠡᠭᠰᠡᠨ ᠴᠠᠭ᠄ 2022-03-25


          ᠪᠣᠦ  ᠭᠦᠢ ᠷᠦᠩ   ᠭ᠋ᠸᠩ  ᠮᠢᠨ   ᠵᠤᠤ ᠳ᠋ᠠᠨ  ᠰᠤᠷᠭ᠋ᠠᠯᠲᠤ ᠵᠤᠬᠢᠶᠠᠪᠠ
                                           ᠴᠣᠯᠮᠣᠨ ᠣᠷᠴᠢᠭᠤᠯᠪᠠ

   ᠵᠤᠨ᠎ᠤ ᠤᠯᠠᠷᠢᠯ᠎ᠤᠨ ᠡᠬᠢᠨ᠎ᠳᠤ ᠰᠢᠯᠢ ᠵᠢᠨ ᠭᠣᠣᠯ ᠠᠢ᠌ᠮᠠᠭ᠎ᠤᠨ ᠦᠵᠦᠮᠦᠴᠢᠨ᠎ᠤ ᠲᠠᠯ᠎ᠠ ᠨᠤᠲᠤᠭ ᠨᠤᠭᠤᠭ᠋ᠠᠨ ᠥᠩᠭᠡ᠎ᠪᠠᠷ ᠬᠤᠴᠢᠭᠳᠠᠪᠠ᠃ ᠰᠢᠯᠢ ᠵᠢᠨ ᠭᠣᠣᠯ ᠠᠢ᠌ᠮᠠᠭ᠎ᠤᠨ ᠵᠡᠭᠦᠨ ᠦᠵᠦᠮᠦᠴᠢᠨ ᠬᠤᠰᠢᠭᠤᠨ᠎ᠤ ᠤᠯᠢᠶᠠᠰᠤᠲᠠᠢ ᠪᠠᠯᠭ᠋ᠠᠰᠦ᠎ᠠᠴᠠ ᠣᠢ᠌ᠷᠠᠬᠠᠨ ᠰᠠᠭᠤᠭ᠎ᠠ ᠨᠢᠭᠡᠨ ᠮᠠᠯᠴᠢᠨ ᠠᠢ᠌ᠯ᠎ᠤᠨ    ᠵᠤᠤᠬᠠᠨ  ᠲᠤᠭᠤᠭ᠋ᠠᠨ᠎ᠳᠤ᠎ᠨᠢ ᠮᠢᠬ᠎ᠠ  《ᠫᠣᠷ ᠫᠣᠷ》 ᠪᠣᠴᠠᠯᠵᠦ᠂ ᠰᠢᠷᠡᠭᠡᠨ ᠲᠡᠭᠡᠷ᠎ᠡ᠎ᠨᠢ ᠡᠯ᠎ᠡ ᠵᠦᠢ᠍ᠯ᠎ᠤᠨ ᠴᠠᠭ᠋ᠠᠨ ᠢᠳᠡᠭᠡᠨ᠎ᠢ ᠨᠠᠷᠢᠯᠢᠭ ᠭᠡᠭᠴᠢ  ᠲᠠᠪᠠᠭᠯᠠᠨ ᠦᠷᠦᠵᠦ ᠲᠠᠯᠪᠢᠭ᠋ᠠᠳ᠂ ᠭᠡᠭᠡᠨ ᠲᠣᠬᠢᠯᠢᠭ ᠣᠷᠣᠨ ᠰᠠᠭᠤᠴᠠ᠎ᠨᠢ ᠵᠣᠯ ᠵᠢᠷᠭ᠋ᠠᠯ᠎ᠤᠨ  ᠦᠶᠦᠭ ᠲᠤᠯᠠᠭ᠋ᠠᠨ᠎ᠢ ᠮᠡᠳᠡᠭᠦᠯᠦᠨ᠎ᠡ᠃
  ᠠᠮᠤᠭᠤᠯᠠᠩ ᠪᠠᠢ᠌ᠰᠢᠩ ᠭᠡᠷ᠎ᠤᠨ ᠭᠠᠳᠠᠨᠠᠬᠢ ᠮᠣᠩᠭᠣᠯ ᠭᠡᠷ ᠵᠶ᠋ᠠᠨ ᠴᠡᠪᠡᠷᠯᠡᠨ᠎ᠡ᠃ ᠣᠳᠣ ᠬᠡᠳᠦᠢ᠌ᠪᠡᠷ ᠮᠣᠩᠭᠣᠯ ᠭᠡᠷ᠎ᠲᠤ᠎ᠨᠢ ᠬᠦᠮᠦᠨ  ᠰᠠᠭᠤᠭ᠎ᠠ ᠦᠭᠡᠢ ᠪᠣᠯᠪᠠᠴᠦ ᠡᠨᠡ᠎ᠨᠢ ᠲᠡᠭᠦᠨ᠎ᠤ ᠡᠳᠦᠷ ᠪᠦᠷᠢ ᠬᠢᠳᠡᠭ ᠠᠵᠢᠯ ᠪᠣᠯᠬᠣ ᠶᠤᠮ ᠃ 《ᠠᠷᠴᠢᠵᠦ ᠴᠡᠪᠡᠷᠯᠡᠬᠦ᠎ᠨᠢ ᠲᠡᠢ᠌ᠮᠦ ᠴᠢᠬᠤᠯᠠ ᠪᠢᠰᠢ᠂ ᠭᠣᠣᠯ᠎ᠨᠢ ᠡᠨᠡ ᠠᠵᠢᠯ᠎ᠨᠢ ᠨᠠᠳᠠ ᠵᠢ ᠤᠷᠢᠳᠤ ᠵᠢᠨ ᠶᠠᠳᠠᠭᠤ ᠵᠦᠳᠡᠭᠦᠦ ᠡᠳᠦᠷ ᠬᠣᠨᠣᠭ᠎ᠤᠳ᠎ᠢ ᠴᠠᠭ ᠢᠮᠠᠭᠳᠠ ᠰᠡᠷᠡᠭᠦᠯᠵᠦ᠂  ᠣᠳᠣ ᠵᠢᠨ ᠵᠣᠯ ᠵᠢᠷᠭ᠋ᠠᠯᠲᠤ ᠠᠮᠢᠳᠤᠷᠠᠯ᠎ᠢ ᠡᠪ ᠬᠠᠮᠲᠤ ᠨᠠᠮ ᠪᠢᠳᠡᠨ᠎ᠳᠤ ᠡᠳ᠋ᠯᠡᠭᠦᠯᠦᠭᠰᠡᠨ ᠠᠴᠢ ᠡᠨᠡᠷᠢᠯ ᠎ᠢ ᠪᠠᠲᠤ ᠴᠡᠭᠡᠵᠢᠯᠡᠬᠦ ᠵᠢᠨ ᠲᠥᠯᠦᠭᠡ ᠶᠤᠮ》 ᠭᠡᠵᠦ ᠲᠡᠷᠡ  ᠶᠠᠷᠢᠨ᠎ᠠ᠃
   ᠠᠮᠤᠭᠤᠯᠠᠩ ᠪᠣᠯ ᠵᠡᠭᠦᠨ ᠦᠵᠦᠮᠦᠴᠢᠨ ᠬᠤᠰᠢᠭᠤᠨ᠎ᠤ ᠤᠯᠢᠶᠠᠰᠤᠲᠠᠢ ᠪᠠᠯᠭ᠋ᠠᠰᠦ ᠵᠢᠨ ᠳᠠᠪᠰᠢᠯᠲᠤ ᠭᠠᠴᠠᠭ᠋ᠠᠨ᠎ᠤ ᠨᠠᠮ᠎ᠤᠨ ᠡᠭᠦᠷ᠎ᠤᠨ ᠱᠦᠵᠢ᠂ ᠭᠠᠴᠠᠭ᠋ᠠᠨ᠎ᠤ ᠵᠦᠪᠯᠡᠯ᠎ᠤᠨ ᠡᠷᠬᠢᠯᠡᠭᠴᠢ ᠪᠣᠯᠣᠨ᠎ᠠ᠃ ᠬᠡᠯᠡᠪᠡᠯ 7 ᠵᠢᠯ᠎ᠤᠨ ᠡᠮᠦᠨ᠎ᠡ ᠲᠡᠷᠡ ᠪᠠᠰᠠ ᠭᠠᠴᠠᠭ᠋ᠠᠨ᠎ᠤ᠎ᠪᠠᠨ  ᠳᠠᠩᠰᠠ ᠺᠠᠷᠲ᠎ᠲᠠᠢ ᠶᠠᠳᠠᠭᠤ ᠬᠦᠴᠢᠷᠳᠡᠯᠲᠠᠢ ᠡᠷᠦᠬᠡ ᠵᠢᠨ ᠨᠢᠭᠡᠨ ᠪᠠᠢ᠌ᠭᠰᠠᠨ ᠠᠵᠢ᠃
   2000 ᠣᠨ᠎ᠳᠤ᠂ ᠦᠵᠦᠮᠦᠴᠢᠨ ᠨᠤᠲᠤᠭ ᠨᠢᠭᠡ ᠤᠳᠠᠭ᠋ᠠᠨ᠎ᠤ ᠬᠣᠪᠣᠷ ᠲᠣᠬᠢᠶᠠᠯᠳᠤᠳᠠᠭ ᠶᠡᠬᠡ ᠴᠠᠰᠤᠨ᠎ᠳᠤ ᠳᠠᠭ᠋ᠠᠷᠢᠭᠳᠠᠭ᠋ᠠᠳ ᠮᠠᠯᠴᠢᠳ᠎ᠤᠨ ᠦᠢ᠍ᠯᠡᠳᠪᠦᠷᠢᠯᠡᠯ ᠠᠮᠢᠳᠤᠷᠠᠯ ᠎ᠨᠢ ᠬᠦᠨᠳᠦ ᠬᠡᠴᠡᠭᠦᠦ ᠳᠠᠷᠤᠭ᠋ᠠᠰᠦ᠎ᠲᠠᠢ   ᠪᠤᠯᠵᠣ᠂ ᠲᠤᠬᠠᠢ ᠵᠢᠨ ᠦᠶ᠎ᠡ᠎ᠳᠤ ᠭᠡᠷ᠎ᠤᠨ ᠠᠮᠢᠳᠤᠷᠠᠯ᠎ᠨᠢ ᠬᠠᠷᠠᠬᠠᠨ ᠪᠠᠷᠤᠭᠲᠠᠢ ᠪᠠᠢ᠌ᠭᠰᠠᠨ ᠠᠮᠤᠭᠤᠯᠠᠩ᠎ᠤᠨ᠎ᠬᠢᠨ᠎ᠢ ᠨᠡᠩ ᠴᠦ᠍ ᠬᠦᠴᠢᠷᠳᠡᠯ᠎ᠳᠤ ᠣᠷᠣᠭᠣᠯᠵᠠᠢ᠃  ᠲᠡᠭᠦᠨ᠎ᠤ ᠶᠠᠷᠢᠭᠰᠠᠠᠴᠢᠯᠠᠨ ᠵᠶ᠋ᠠᠷ ᠄ 《  ᠮᠠᠯ ᠣᠨᠣᠭ᠋ᠠᠨ᠎ᠤ ᠬᠠᠭ᠋ᠠᠰ᠎ᠨᠢ ᠰᠦᠢ᠍ᠳᠴᠦ᠂ ᠦᠯᠡᠳᠡᠭᠰᠡᠨ  ᠬᠣᠷᠢ ᠭᠠᠷᠤᠢ ᠬᠣᠨᠢ᠎ᠨᠢ ᠨᠢᠭᠡ ᠭᠡᠷ᠎ᠤᠨ ᠬᠦᠮᠦᠰ᠎ᠢ ᠲᠡᠵᠢᠭᠡᠵᠦ ᠲᠡᠢ᠌ᠯᠬᠦ ᠦᠭᠡᠢ ᠪᠣᠯᠣᠭᠰᠠᠨ ᠎ᠨᠢ ᠮᠡᠳᠡᠭᠡᠵᠢ ᠵᠢᠨ ᠬᠡᠷᠡᠭ᠃》  ᠲᠡᠢ᠌ᠨ ᠬᠦ᠌᠂ ᠠᠮᠤᠭᠤᠯᠠᠩ ᠰᠦᠢ᠍ᠳᠦᠭᠰᠡᠨ  ᠬᠣᠨᠢ ᠦᠬᠡᠷ ᠵᠶ᠋ᠠᠨ ᠰᠢᠢ᠍ᠳᠪᠦᠷᠢᠯᠡᠴᠢᠬᠡᠭᠡᠳ ᠂ ᠬᠦᠮᠦᠨ᠎ᠤ ᠮᠠᠯ᠎ᠢ ᠬᠠᠷᠢᠭᠤᠯᠵᠦ ᠂ ᠬᠦᠯᠦᠰᠦᠨ ᠠᠵᠢᠯ ᠬᠢᠵᠦ ᠡᠬᠢᠯᠡᠵᠠᠢ᠃ ᠲᠡᠷᠡ ᠭᠡᠷ᠎ᠠᠴᠠ᠎ᠪᠠᠨ ᠵᠠᠢ᠌ᠳᠠᠭᠰᠠᠨ 13 ᠵᠢᠯ᠎ᠤᠨ ᠬᠣᠭᠣᠴᠠᠭ᠋ᠠᠨ᠎ᠳᠤ  ᠪᠣᠰᠣᠳ ᠎ᠢ ᠬᠠᠪᠰᠤᠷᠤᠨ ᠮᠠᠯ ᠣᠨᠣᠭ᠎ᠠ ᠬᠠᠷᠢᠭᠤᠯᠬᠤ᠂ ᠬᠠᠳᠤᠯᠠᠩ ᠬᠤᠷᠢᠶᠠᠬᠤ᠂ ᠲᠣᠣᠷ ᠲᠠᠳᠠᠵᠦ ᠬᠦᠷᠢᠶ᠎ᠡ ᠬᠠᠰᠢᠶ᠎ᠠ ᠪᠠᠷᠢᠬᠤ ᠠᠵᠢᠯ ᠎ᠤᠳ᠎ᠢ ᠬᠢᠵᠦ ᠪᠠᠢ᠌ᠭᠰᠠᠨ ᠪᠣᠯᠪᠠᠴᠦ ᠠᠮᠢᠳᠤᠷᠠᠯ᠎ᠨᠢ ᠲᠣᠭᠲᠠᠪᠤᠷᠢ ᠦᠭᠡᠢ᠂ ᠲᠣᠭᠳᠠᠭᠰᠠᠨ ᠣᠷᠣᠯᠭ᠎ᠠ ᠦᠭᠡᠢ ᠤᠴᠢᠷ᠎ᠠᠴᠠ ᠨᠢᠭᠡ ᠭᠡᠷ᠎ᠤᠨ ᠠᠮᠢᠳᠤᠷᠠᠯ ᠵᠶ᠋ᠠᠨ ᠳᠦᠩᠭᠡᠵᠦ ᠠᠷᠭ᠋ᠠᠴᠠᠭ᠋ᠠᠵᠦ ᠪᠠᠢ᠌ᠵᠠᠢ᠃ ᠤᠯᠤᠰ᠂ ᠦᠪᠡᠷᠲᠡᠭᠡᠨ ᠵᠠᠰᠠᠬᠣ ᠣᠷᠣᠨ᠎ᠤ ᠡᠯ᠎ᠡ ᠵᠦᠢ᠍ᠯ᠎ᠤᠨ ᠮᠠᠯᠵᠢᠬᠤ᠎ᠳᠤ ᠠᠰᠢᠭᠲᠠᠢ ᠲᠦᠷᠦ ᠵᠢᠨ ᠪᠣᠳᠣᠯᠭ᠎ᠠ᠎ᠨᠤᠭᠤᠳ᠎ᠢ ᠨᠡᠢ᠌ᠲᠡᠯᠡᠬᠦ ᠵᠢ ᠲᠠᠭ᠋ᠠᠯᠳᠤᠨ᠂  ᠠᠮᠤᠭᠤᠯᠠᠩ᠎ᠤᠨ  ᠮᠠᠯ ᠠᠵᠦ ᠠᠬᠤᠢ᠎ᠪᠠᠨ ᠲᠠᠬᠢᠨ ᠬᠦᠭᠵᠢᠭᠦᠯᠬᠦ ᠬᠦᠰᠡᠯ ᠡᠷᠡᠮᠡᠯᠵᠡᠯ᠎ᠨᠢ ᠤᠯᠠᠮ ᠵᠶ᠋ᠠᠷ ᠴᠢᠩᠭ᠋ᠠᠷᠠᠵᠦ᠂ ᠴᠡᠯᠡᠭᠡᠷ  ᠠᠭᠤᠳᠠᠮ ᠲᠠᠯ᠎ᠠ ᠨᠤᠲᠤᠭ ᠵᠶ᠋ᠠᠨ ᠪᠠᠷᠠᠯᠠᠭᠰᠠᠭ᠋ᠠᠷ ᠨᠤᠲᠤᠭ᠎ᠲᠤ᠎ᠪᠠᠨ ᠬᠠᠷᠢᠬᠤ᠎ᠪᠠᠷ ᠰᠢᠢ᠍ᠳᠴᠠᠢ᠃
   2013 ᠣᠨ᠎ᠳᠤ᠂ ᠠᠮᠤᠭᠤᠯᠠᠩ ᠭᠠᠴᠠᠭ᠋ᠠᠨ᠎ᠳᠤ᠎ᠪᠠᠨ ᠬᠠᠷᠢᠭᠰᠠᠨ᠎ᠤ ᠲᠠᠷᠠᠭ᠎ᠠ ᠡᠬᠢᠯᠡᠨ ᠮᠠᠯ ᠮᠠᠯᠵᠢᠵᠦ᠂  ᠭᠡᠷ ᠵᠶ᠋ᠠᠷ ᠵᠶ᠋ᠠᠨ ᠮᠣᠩᠭᠣᠯ ᠭᠡᠷ᠎ᠲᠤ᠎ᠪᠠᠨ ᠰᠠᠭᠤᠨ᠂  ᠵᠢᠷᠠ ᠭᠠᠷᠤᠢ ᠬᠣᠨᠢ᠎ᠳᠤ᠎ᠪᠠᠨ ᠲᠦᠰᠢᠭᠯᠡᠨ ᠠᠵᠦ ᠲᠦᠷᠦᠵᠦ ᠪᠠᠢ᠌ᠭᠰᠠᠨ ᠤᠴᠢᠷ ᠲᠡᠷᠡ   ᠵᠢᠯ ᠵᠶ᠋ᠠᠨ ᠶᠡᠬᠡ ᠯᠡ ᠬᠦᠴᠢᠷᠳᠡᠯᠲᠠᠢ ᠦᠩᠭᠡᠷᠡᠭᠡᠵᠠᠢ᠃ 2014 ᠣᠨ᠎ᠳᠤ᠂ ᠠᠮᠤᠭᠤᠯᠠᠩ᠎ᠤᠨ᠎ᠬᠢᠨ ᠳᠠᠩᠰᠠ ᠺᠠᠷᠲ᠎ᠲᠠᠢ ᠶᠠᠳᠠᠭᠤ ᠬᠦᠴᠢᠷᠳᠡᠯᠲᠠᠢ ᠡᠷᠦᠬᠡ ᠎ᠳᠤ ᠵᠢᠭᠰᠠᠭ᠋ᠠᠭᠳᠠᠵᠤ᠂ ᠡᠯ᠎ᠡ ᠲᠦᠷᠦᠯ᠎ᠤᠨ ᠶᠠᠳᠠᠭᠤ ᠵᠢ ᠳᠡᠳᠬᠦᠬᠦ ᠲᠦᠰᠦᠯ᠎ᠤᠨ ᠳᠡᠮᠵᠢᠯᠭᠡ᠎ᠪᠠᠷ ᠲᠡᠳᠡ ᠵᠢᠷᠠ ᠭᠠᠷᠤᠢ  ᠺᠦᠸᠠᠳ᠋ ᠮᠸᠲᠷ᠎ᠤᠨ ᠲᠤᠯᠠᠭ᠋ᠠᠨ ᠪᠠᠢ᠌ᠰᠢᠩ᠎ᠳᠤ ᠨᠡᠭᠦᠵᠦ ᠣᠷᠣᠪᠠ᠃ ᠴᠠᠬᠢᠯᠭ᠋ᠠᠨ ᠲᠠᠲᠠᠨ᠂ ᠬᠣᠷᠣᠭ᠎ᠠ ᠬᠠᠰᠢᠶ᠎ᠠ᠂ ᠡᠪᠡᠰᠦᠨ᠎ᠤ ᠰᠠᠷᠠᠪᠴᠢ ᠵᠡᠷᠭᠡ  ᠰᠠᠭᠤᠷᠢ ᠲᠦᠬᠦᠭᠡᠷᠦᠮᠵᠢ᠎ᠨᠦᠭᠦᠳ ᠵᠶ᠋ᠠᠨ ᠰᠢᠨ᠎ᠡ᠎ᠪᠠᠷ ᠪᠠᠢ᠌ᠭᠤᠯᠵᠦ᠂  ᠬᠣᠨᠢ᠎ᠨᠢ ᠴᠦ᠍ ᠦᠰᠦᠭᠡᠳ 200  ᠭᠠᠷᠤᠢ ᠪᠣᠯᠵᠠᠢ᠃  ᠭᠠᠴᠠᠭ᠋ᠠᠨ᠎ᠳᠤ᠎ᠪᠠᠨ ᠬᠠᠷᠢᠭ᠋ᠠᠳ ᠨᠢᠭᠡ ᠵᠢᠯ ᠪᠣᠯᠣᠭ᠎ᠠ ᠦᠭᠡᠢ᠎ᠪᠠᠷ ᠲᠡᠳᠡᠨ᠎ᠤ ᠦᠢ᠍ᠯᠡᠳᠪᠦᠷᠢᠯᠡᠯ ᠠᠮᠢᠳᠤᠷᠠᠯ᠎ᠨᠢ ᠵᠠᠮ᠎ᠳᠤ᠎ᠪᠠᠨ ᠣᠷᠣᠭᠰᠠᠨ ᠪᠠᠢ᠌ᠯ᠎ᠠ᠃      
   2015 ᠣᠨ᠎ᠳᠤ ᠠᠮᠤᠭᠤᠯᠠᠩ᠎ᠤᠨ᠎ᠬᠢᠨ  ᠶᠠᠳᠠᠭᠤ᠎ᠠᠴᠠ ᠎ᠪᠠᠨ  ᠪᠠᠲᠤᠲᠠᠢ ᠠᠩᠬᠢᠵᠢᠷᠠᠪᠠ᠃ 《ᠨᠠᠮ᠎ᠤᠨ ᠲᠦᠷᠦ ᠵᠢᠨ ᠪᠣᠳᠣᠯᠭ᠎ᠠ ᠡᠢ᠌ᠨ ᠬᠦ᠌ ᠰᠠᠢ᠌ᠨ ᠪᠠᠢ᠌ᠳᠠᠯ᠎ᠠ᠂ ᠪᠢᠳᠡ ᠵᠠᠪᠠᠯ  ᠶᠠᠳᠠᠭᠤ ᠵᠢᠨ ᠮᠠᠯᠠᠭ᠋ᠠᠢ᠎ᠪᠠᠨ ᠡᠷᠲᠡᠬᠡᠨ   ᠳᠠᠶᠠᠭᠳᠠᠵᠤ᠂ ᠤᠯᠤᠰ ᠭᠡᠷ᠎ᠲᠤ ᠎ᠪᠠᠨ ᠲᠡᠭᠡᠭᠡᠷ᠎ᠡ ᠪᠣᠯᠬᠣ ᠦᠭᠡᠢ᠎ᠪᠠᠷ ᠴᠢᠷᠮᠠᠢ᠌ᠬᠤ ᠬᠡᠷᠡᠭᠲᠡᠢ》  ᠭᠡᠵᠢ ᠲᠡᠷᠡ ᠶᠠᠷᠢᠨ᠎ᠠ᠃  ᠣᠳᠣ ᠠᠮᠤᠭᠤᠯᠠᠩ᠎ᠤᠨ ᠎ᠬᠢᠨ 430  ᠬᠣᠨᠢ᠂ 7 ᠦᠬᠡᠷ᠂ 8 ᠠᠳᠤᠭᠤ᠎ᠲᠠᠢ ᠪᠣᠯᠵᠦ᠂ ᠲᠡᠷᠡ ᠪᠠᠰᠠ ᠰᠤᠯᠠ ᠰᠡᠯᠡᠭᠦᠦ ᠴᠠᠭ ᠵᠶ᠋ᠠᠷ ᠵᠶ᠋ᠠᠨ ᠮᠠᠯ᠎ᠤᠨ ᠡᠪᠡᠰᠦ ᠪᠣᠷᠳᠣᠭ᠎ᠠ ᠬᠤᠳᠠᠯᠳᠤᠵᠦ ᠂ ᠵᠢᠯ᠎ᠤᠨ ᠣᠷᠣᠯᠭ᠎ᠠ᠎ᠨᠢ 12 ᠲᠦᠮᠡ᠎ᠳᠤ ᠬᠦᠷᠴᠠᠢ᠃
   ᠶᠠᠳᠠᠭᠤ᠎ᠠᠴᠠ ᠠᠩᠬᠢᠵᠢᠷᠠᠭᠤᠯᠤᠭᠰᠠᠨ ᠨᠠᠮ᠎ᠤᠨ ᠠᠴᠢ ᠵᠢ ᠮᠠᠷᠳᠠᠵᠦ ᠪᠣᠯᠬᠣ ᠦᠭᠡᠢ᠃ ᠠᠮᠤᠭᠤᠯᠠᠩ ᠴᠢᠳᠠᠯ᠎ᠤᠨ ᠬᠢᠷᠢ᠎ᠪᠠᠷ ᠵᠶ᠋ᠡᠨ ᠪᠣᠰᠣᠳ ᠶᠠᠳᠠᠭᠤ ᠬᠦᠴᠢᠷᠳᠡᠯᠲᠠᠢ ᠡᠷᠦᠬᠡ ᠵᠢ ᠢᠳᠡᠪᠬᠢᠲᠠᠢ ᠬᠠᠪᠰᠤᠷᠤᠨ ᠶᠠᠳᠠᠭᠤ᠎ᠠᠴᠠ᠎ᠨᠢ ᠠᠩᠬᠢᠵᠢᠷᠠᠭᠤᠯᠤᠨ ᠴᠢᠨᠡᠭᠡᠯᠢᠭᠵᠢᠭᠦᠯᠵᠦ᠂ ᠪᠠᠰᠠ ᠦᠷᠭᠦᠯᠵᠢ ᠰᠠᠨᠠᠭ᠋ᠠᠴᠢᠯᠠᠭ᠎ᠠ᠎ᠠᠴᠠ᠎ᠪᠠᠨ ᠭᠠᠴᠠᠭ᠋ᠠᠨ᠎ᠤ᠎ᠪᠠᠨ ᠮᠠᠯᠴᠢᠨ ᠡᠷᠦᠬᠡ ᠵᠢᠨ᠎ᠳᠤ  ᠬᠦᠷᠴᠦ ᠦᠢ᠍ᠯᠡᠳᠪᠦᠷᠢᠯᠡᠯ ᠠᠮᠢᠳᠤᠷᠠᠯ᠎ᠤᠨ ᠬᠦᠴᠢᠷᠳᠡᠯ᠎ᠢ᠎ᠨᠢ ᠰᠢᠢ᠍ᠳᠪᠦᠷᠢᠯᠡᠵᠦ ᠦᠭᠳᠡᠭ ᠃  ᠠᠮᠤᠭᠤᠯᠠᠩ᠎ᠤᠨ  ᠳᠡᠰᠪᠦᠷᠢ ᠬᠠᠳᠠᠭᠤᠵᠢᠯᠲᠠᠢ᠂ ᠪᠣᠰᠣᠳ᠎ᠢ ᠬᠠᠪᠰᠤᠷᠬᠤ ᠲᠤᠷᠠᠲᠠᠢ ᠵᠠᠩ ᠴᠢᠨᠠᠷ᠎ᠨᠢ ᠭᠠᠴᠠᠭ᠋ᠠᠨ᠎ᠤ ᠨᠠᠮ᠎ᠤᠨ ᠡᠭᠦᠷ᠎ᠤᠨ ᠱᠦᠵᠢ ᠪᠠᠢ᠌ᠭᠰᠠᠨ  ᠪᠢᠯᠢᠭᠦᠨ᠎ᠤ ᠰᠡᠳᠬᠢᠯ᠎ᠢ ᠬᠦᠳᠡᠯᠭᠡᠵᠦ᠂ ᠲᠡᠷᠡ ᠠᠮᠤᠭᠤᠯᠠᠩ ᠎ᠳᠤ ᠨᠠᠮ᠎ᠤᠨ ᠵᠣᠬᠢᠶᠠᠨ ᠪᠠᠢ᠌ᠭᠤᠯᠤᠯᠲᠠ᠎ᠳᠤ ᠣᠷᠣᠬᠣ ᠵᠢ ᠰᠠᠨᠠᠭᠤᠯᠤᠭᠰᠠᠨ ᠮᠦᠷᠳᠡᠭᠡᠨ ᠠᠮᠤᠭᠤᠯᠠᠩ ᠎ᠢ ᠨᠠᠮ᠎ᠳᠤ  ᠣᠷᠤᠭᠤᠯᠬᠤ ᠲᠠᠨᠢᠯᠴᠠᠭᠤᠯᠤᠭᠴᠢ᠎ᠨᠢ ᠪᠣᠯᠬᠣ ᠭᠡᠵᠠᠢ᠃
   《ᠠᠬᠠᠮᠠᠳ ᠱᠦᠵᠢ ᠵᠢᠨ ᠢᠩᠬᠢᠵᠦ ᠶᠠᠷᠢᠬᠤ ᠵᠢ᠎ᠨᠢ ᠰᠣᠨᠣᠰᠣᠭ᠋ᠠᠳ ᠪᠢ ᠶᠡᠬᠡ ᠯᠠ ᠰᠡᠳᠬᠢᠯ ᠳᠣᠭᠳᠣᠯᠣᠭᠰᠠᠨ᠂ ᠭᠡᠪᠡᠴᠦ ᠲᠡᠷᠡ ᠦᠶ᠎ᠡ᠎ᠳᠤ ᠪᠢ ᠭᠠᠴᠠᠭ᠋ᠠᠨ᠎ᠳᠤ᠎ᠪᠠᠨ ᠢᠷᠡᠭᠡᠳ ᠲᠡᠮᠡᠢ ᠤᠳᠠᠭ᠎ᠠ ᠦᠭᠡᠢ ᠂ ᠦᠪᠡᠷ᠎ᠤᠨ ᠠᠮᠢᠳᠤᠷᠠᠯ ᠵᠶ᠋ᠠᠨ ᠳᠦᠩᠭᠡᠵᠦ ᠠᠷᠭ᠋ᠠᠴᠠᠭ᠋ᠠᠵᠦ ᠪᠠᠢ᠌ᠭᠰᠠᠨ ᠴᠠᠭ᠂ ᠨᠢᠭᠡᠨ ᠬᠢᠷᠢ ᠲᠡᠩᠴᠡᠭᠰᠡᠨ ᠨᠠᠮ᠎ᠤᠨ ᠭᠡᠰᠢᠭᠦᠨ ᠪᠣᠯᠬᠣ ᠨᠦᠬᠦᠴᠡᠯ ᠬᠠᠷᠠᠬᠠᠨ ᠪᠦᠷᠢᠳᠦᠭᠡ ᠦᠭᠡᠢ》 ᠭᠡᠵᠦ ᠠᠮᠤᠭᠤᠯᠠᠩ ᠶᠠᠷᠢᠬᠤ ᠶᠤᠮ ᠪᠢᠯᠡ᠃ ᠠᠬᠠᠮᠠᠳ ᠱᠦᠵᠢ᠎ᠨᠢ  ᠲᠡᠭᠦᠨ᠎ᠢ ᠲᠠᠷᠤᠢ  ᠰᠢᠭᠦᠮᠵᠢᠯᠡᠵᠦ᠄ 《ᠴᠢᠨᠦ ᠴᠢᠷᠮᠠᠢ᠌ᠯᠭ᠎ᠠ ᠵᠢ ᠣᠯᠠᠨ ᠵᠶ᠋ᠠᠷ ᠵᠶ᠋ᠠᠨ  ᠪᠦᠷ ᠣᠯᠵᠦ ᠬᠠᠷᠠᠭᠰᠠᠨ᠂ ᠲᠣᠳᠣᠷ᠎ᠠ᠎ᠪᠠᠨ  ᠪᠦᠷ  ᠲᠤᠭ᠋ᠠᠲᠠᠢ᠂ ᠴᠢ ᠨᠠᠮ᠎ᠤᠨ ᠭᠡᠰᠢᠭᠦᠨ ᠎ᠤ  ᠨᠦᠬᠦᠴᠡᠯ᠎ᠳᠤ ᠨᠡᠢ᠌ᠴᠡᠬᠦ ᠦᠭᠡᠢ ᠪᠣᠯ ᠬᠡᠨ  ᠨᠡᠢ᠌ᠴᠡᠬᠦ ᠪᠣᠢ》 ᠭᠡᠵᠠᠢ᠃ ᠠᠮᠤᠭᠤᠯᠠᠩ ᠠᠬᠠᠮᠠᠳ ᠱᠦᠵᠢ ᠵᠢᠨ ᠬᠦᠰᠡᠯ ᠨᠠᠢ᠌ᠳᠠᠯᠭ᠎ᠠ ᠵᠢ ᠬᠦᠰᠡᠷᠳᠡᠭᠦᠯᠬᠦ ᠦᠭᠡᠢ ᠲᠦᠯᠦᠭᠡ᠂ ᠨᠢᠭᠡ ᠰᠡᠳᠬᠢᠯ ᠨᠢᠭᠡ ᠵᠣᠷᠢᠭ ᠵᠶ᠋ᠠᠷ ᠦᠢ᠍ᠯᠡᠳᠪᠦᠷᠢᠯᠡᠯ ᠵᠶ᠋ᠡᠨ ᠬᠦᠭᠵᠢᠭᠦᠯᠦᠨ᠂ ᠴᠢᠳᠠᠯ᠎ᠤᠨ ᠬᠢᠷᠢ᠎ᠪᠠᠷ ᠮᠠᠯᠴᠢᠳ ᠵᠶ᠋ᠠᠨ ᠬᠠᠪᠰᠤᠷᠤᠨ ᠬᠦᠴᠢᠷ ᠵᠣᠪᠠᠯᠠᠩ᠎ᠢ᠎ᠨᠢ ᠰᠢᠢ᠍ᠳᠪᠦᠷᠢᠯᠡᠵᠦ ᠦᠭᠭᠦᠭᠰᠡᠨ᠎ᠠᠴᠠ ᠣᠯᠠᠨ᠎ᠤ ᠬᠦᠷᠢᠶᠡᠯᠡᠯ᠎ᠢ ᠣᠯᠵᠠᠢ᠃ 2021 ᠣᠨ᠎ᠤ 1 ᠳ᠋ᠣᠭᠡᠷ ᠰᠠᠷ᠎ᠠ᠎ᠳᠤ᠂ ᠠᠮᠤᠭᠤᠯᠠᠩ ᠦᠨᠳᠦᠷ ᠪᠢᠯᠸᠲ ᠵᠶ᠋ᠡᠷ ᠭᠠᠴᠠᠭ᠋ᠠᠨ᠎ᠤ᠎ᠪᠠᠨ ᠨᠠᠮ᠎ᠤᠨ ᠡᠭᠦᠷ᠎ᠤᠨ ᠱᠦᠵᠢ᠂ ᠭᠠᠴᠠᠭ᠋ᠠᠨ᠎ᠤ ᠵᠦᠪᠯᠡᠯ᠎ᠤᠨ ᠡᠷᠬᠢᠯᠡᠭᠴᠢ᠎ᠪᠠᠷ ᠰᠤᠩᠭᠤᠭᠳᠠᠪᠠ᠃
   ᠶᠠᠳᠠᠭᠤ ᠬᠦᠴᠢᠷᠳᠡᠯᠲᠠᠢ ᠡᠷᠦᠬᠡ ᠪᠠᠢ᠌ᠭᠰᠠᠨ᠎ᠠᠴᠠ᠎ᠪᠠᠨ ᠭᠠᠴᠠᠭ᠋ᠠᠨ᠎ᠤ᠎ᠪᠠᠨ ᠨᠠᠮ᠎ᠤᠨ ᠡᠭᠦᠷ᠎ᠤᠨ ᠱᠦᠵᠢ᠂ ᠭᠠᠴᠠᠭ᠋ᠠᠨ᠎ᠤ ᠵᠦᠪᠯᠡᠯ᠎ᠤᠨ ᠡᠷᠬᠢᠯᠡᠭᠴᠢ ᠪᠣᠯᠣᠭᠰᠠᠨ ᠎ᠳᠤ᠎ᠪᠠᠨ ᠠᠮᠤᠭᠤᠯᠠᠩ 《ᠨᠠᠮ᠎ᠤᠨ ᠲᠦᠷᠦ ᠵᠢᠨ ᠪᠣᠳᠣᠯᠭ᠎ᠠ ᠮᠢᠨᠦ ᠬᠤᠪᠢ ᠵᠠᠶᠠᠭ᠎ᠠ ᠵᠢ ᠦᠭᠡᠷᠡᠴᠢᠯᠡᠭᠰᠡᠨ》 ᠭᠡᠵᠦ ᠰᠡᠳᠬᠢᠯ ᠬᠦᠳᠡᠯᠦᠨ ᠶᠠᠷᠢᠨ᠎ᠠ᠃ ᠣᠳᠣᠬᠠᠨ᠎ᠳᠤ ᠬᠦᠳᠡᠭᠡ ᠲᠤᠰᠬᠤᠨ᠎ᠢ ᠬᠦᠭᠵᠢᠭᠦᠯᠦᠨ ᠮᠠᠨᠳᠤᠭᠤᠯᠬᠤ ᠬᠦᠰᠢᠭᠡ ᠨᠢᠭᠡᠨᠲᠡ ᠰᠡᠬᠦᠭᠳᠡᠵᠦ᠂ ᠠᠮᠤᠭᠤᠯᠠᠩ ᠴᠦ᠍ ᠰᠢᠨ᠎ᠡ  ᠠᠯᠤᠰ ᠬᠡᠳᠦ ᠵᠢᠨ ᠲᠦᠰᠦᠯ ᠲᠦᠯᠦᠪᠯᠡᠭᠡ᠎ᠲᠠᠢ ᠪᠣᠯᠵᠠᠢ᠃ 《ᠭᠠᠴᠠᠭ᠋ᠠᠨ᠎ᠳᠤ᠎ᠪᠠᠨ ᠨᠢᠭᠡᠨ  ᠮᠠᠯ ᠠᠷᠠᠯᠵᠢᠶᠠᠯᠠᠬᠤ ᠵᠠᠬ᠎ᠠ ᠭᠠᠷᠭ᠋ᠠᠬᠤ᠎ᠪᠠᠷ ᠲᠦᠯᠦᠪᠯᠡᠵᠦ ᠪᠣᠢ᠂ ᠭᠠᠴᠠᠭ᠋ᠠᠨ᠎ᠤ ᠎ᠪᠠᠨ ᠬᠠᠮᠳᠤ ᠵᠢᠨ ᠠᠵᠦ ᠠᠬᠤᠢ ᠵᠢ ᠪᠣᠵᠠᠭ᠋ᠠᠢ᠌ᠷᠠᠭᠤᠯᠤᠨ᠂ ᠣᠯᠠᠨ ᠎ᠲᠠᠢ᠎ᠪᠠᠨ  ᠴᠢᠨᠡᠭᠡᠯᠢᠭᠵᠢᠯ᠎ᠤᠨ ᠵᠠᠮ ᠵᠶ᠋ᠠᠷ ᠵᠠᠮᠨᠠᠵᠦ᠂ ᠨᠡᠩ ᠰᠠᠢ᠌ᠨ ᠠᠮᠢᠳᠤᠷᠠᠯ᠎ᠢ  ᠡᠳ᠋ᠯᠡᠬᠦ᠎ᠪᠠᠷ ᠴᠢᠷᠮᠠᠢ᠌ᠨ᠎ᠠ》 ᠭᠡᠵᠦ  ᠲᠡᠷᠡ  ᠤᠷᠮᠠᠲᠠᠢ᠌ᠬᠠᠨ ᠶᠠᠷᠢᠵᠦ ᠪᠠᠢ᠌ᠯ᠎ᠠ᠃

(《ᠰᠤᠷᠤᠯᠴᠠᠯᠭ᠎ᠠ ᠵᠢᠨ ᠬᠦᠴᠦᠷᠬᠡᠭ ᠭᠦᠷᠦᠨ》 ᠸᠢᠴᠠᠲ ᠳᠠᠪᠴᠠᠩ᠎ᠤᠨ ᠦᠪᠦᠷ ᠮᠣᠩᠭᠣᠯ᠎ᠤᠨ ᠰᠤᠷᠤᠯᠴᠠᠯᠭ᠎ᠠ ᠵᠢᠨ ᠳᠠᠪᠴᠠᠩ ᠎ᠠᠴᠠ ᠰᠤᠩᠭᠤᠨ ᠣᠷᠴᠢᠭᠤᠯᠪᠠ)

 

ᠢᠷᠡᠯᠲᠡ᠄ 《ᠨᠡᠢ᠌ᠭᠡᠮ》 ᠰᠡᠳᠬᠦᠯ
          
ᠬᠠᠮᠢᠶ᠎ᠡ ᠪᠦᠬᠦᠢ ᠰᠣᠨᠢᠨ
《ᠪᠠᠷᠭᠤ ᠵᠢᠨ ᠰᠣᠳᠣᠨ ᠦᠷᠡᠰ 》 — ᠬᠠᠰᠤᠩᠭᠤᠸ᠎ᠠ ᠵᠢᠨ ᠪᠠᠬᠠᠷᠤᠮ᠎ᠠ ᠦᠢ᠍ᠯᠡᠰ
ᠠᠯᠬᠤᠮ ᠵᠶ᠋ᠠᠷ ᠵᠶ᠋ᠠᠨ ᠠᠷᠠᠳ᠎ᠤᠨ ᠬᠡᠷᠡᠭᠴᠡᠭᠡ ᠱᠠᠭ᠋ᠠᠷᠳᠠᠯᠭ᠎ᠠ ᠵᠢ ᠬᠡᠮᠵᠢᠶᠡᠯᠡᠵᠦ ᠠᠷᠢᠭᠤᠨ ᠬᠦᠳᠡᠯᠮᠦᠷᠢ᠎ᠪᠠᠷ ᠵᠶ᠋ᠠᠨ ᠠᠷᠠᠳ᠎ᠤᠨ ᠦᠯᠮᠡᠢ ᠵᠢ ᠳᠤᠯᠠᠭ᠋ᠠᠯᠠᠨ᠎ᠠ
ᠨᠠᠰᠤᠨᠳᠠᠯᠠᠢ᠄ ᠠᠷᠠᠳ᠎ᠤᠨ ᠶᠠᠪᠤᠳᠠᠯ᠎ᠢ ᠤᠬᠠᠭᠤᠯᠬᠤ ᠪᠤᠯ 《ᠨᠡᠢ᠌ᠬᠡᠮ》 ᠰᠡᠳᠬᠦᠯ᠎ᠤᠨ ᠲᠠᠷᠬᠠᠨ ᠡᠬᠦᠷᠬᠡ
ᠸᠠᠩ ᠶᠠᠨ᠄ ᠠᠷᠠᠳ ᠲᠦᠮᠡᠨ᠎ᠳᠤ᠎ᠪᠠᠨ ᠦᠢ᠍ᠯᠡᠴᠢᠯᠡᠵᠤ ᠯᠨ ᠪᠠᠢ᠌ᠶ᠎ᠠ
ᠯᠧᠢ ᠹᠧᠩ᠎ᠤᠨ ᠵᠣᠷᠢᠭ ᠰᠠᠨᠠᠭ᠎ᠠ ᠵᠢ ᠪᠠᠳᠠᠷᠠᠭᠤᠯᠵᠤ ᠰᠠᠢ᠌ᠨ ᠳᠤᠷ᠎ᠠ ᠵᠢᠨ ᠦᠢ᠍ᠯᠡᠴᠢᠯᠡᠭᠡ ᠵᠢ ᠬᠦᠨᠵᠡᠬᠡᠢ᠌ᠷᠡᠬᠦᠯᠪᠡ
 
            