— ᠠᠵᠢᠯ᠎ᠠᠴᠠ᠎ᠪᠠᠨ ᠠᠮᠠᠷᠠᠭᠰᠠᠨ ᠳᠡᠳ᠋ ᠫᠷᠣᠹᠧᠰᠰᠣᠷ ᠡᠮᠴᠢ᠂ ᠠᠬᠠᠮᠠᠳ ᠡᠪ ᠬᠠᠮᠲᠦ ᠨᠠᠮ᠎ᠤᠨ ᠰᠢᠯᠢᠳᠡᠭ ᠭᠡᠰᠢᠭᠦᠨ ᠬᠠᠰᠤᠩᠭᠤᠸ᠎ᠠ ᠵᠢᠨ ᠦᠢ᠍ᠯᠡᠰ᠎ᠤᠨ ᠭᠢᠯᠪᠠᠭ᠎ᠠ᠎ᠠᠴᠠ ᠲᠡᠮᠳᠡᠭᠯᠡᠪᠡ
ᠨᠠᠷᠠᠰᠤ ᠵᠤᠬᠢᠶᠠᠪᠠ
ᠡᠩᠬᠡ ᠵᠢᠨ ᠡᠯᠴᠢ
《ᠪᠠᠷᠭᠤ ᠵᠢᠨ ᠰᠣᠳᠣᠨ ᠦᠷᠡᠰ 》 ᠬᠡᠮᠡᠬᠦ ᠨᠣᠮ᠎ᠤᠨ ᠵᠣᠬᠢᠶᠠᠭᠴᠢ ᠬᠠᠰᠤᠩᠭᠤᠸ᠎ᠠ 1956 ᠣᠨ᠎ᠳᠤ᠂ ᠬᠦᠯᠦᠨ ᠪᠦᠢ᠍ᠷ ᠬᠤᠲᠠ ᠵᠢᠨ ᠰᠢᠨ᠎ᠡ ᠪᠠᠷᠭᠤ ᠵᠡᠭᠦᠨ ᠬᠤᠰᠢᠭᠤᠨ᠎ᠤ ᠭᠦᠢ᠍ᠴᠡᠯᠢᠭ ᠬᠠᠯᠠ᠎ᠲᠠᠢ ᠴᠤᠢ᠌ᠩᠬᠤᠷ ᠪᠤᠯᠤᠨ ᠪᠠᠳᠠᠢ ᠵᠢᠨ ᠲᠠᠪᠤᠳᠤᠭ᠋ᠠᠷ ᠬᠡᠦᠬᠡᠨ᠎ᠨᠢ ᠪᠣᠯᠵᠤ ᠠᠯᠲᠠᠨ ᠬᠣᠷᠸ᠎ᠠ᠎ᠳᠤ ᠠᠶᠠᠯᠭᠤ ᠲᠠᠢ ᠵᠠᠶᠠᠭ᠋ᠠᠭ᠋ᠠᠳ᠂ ᠠᠪᠤ ᠡᠵᠢ ᠪᠤᠯᠤᠨ ᠠᠴᠢᠲᠦ ᠪᠠᠭᠰᠢ ᠨᠠᠷ᠎ᠤᠨ ᠵᠶ᠋ᠠᠨ ᠬᠠᠢ᠌ᠷ᠎ᠠ ᠬᠦᠮᠦᠵᠢᠯ ᠵᠶ᠋ᠡᠷ ᠪᠠᠭ᠎ᠠ ᠪᠠᠯᠴᠢᠷᠠᠴᠠᠪᠠᠨ ᠪᠠᠬᠠᠲᠠᠢ ᠰᠢᠮᠡᠲᠡᠢ ᠰᠤᠷᠤᠯᠴᠠᠨ᠂ ᠲᠤᠮᠤ ᠪᠣᠯᠬᠣ ᠲᠤᠰᠤᠮ ᠵᠶ᠋ᠠᠨ ᠠᠯᠬᠤᠮ ᠪᠦᠷᠢ᠎ᠳᠤ᠎ᠪᠠᠨ ᠠᠯᠤᠰ᠎ᠤᠨ ᠬᠦᠰᠡᠯ᠎ᠢ ᠡᠪᠦᠷᠯᠡᠨ᠂ ᠠᠵᠢᠯ ᠰᠤᠷᠤᠯᠭ᠎ᠠ᠎ᠳᠤ᠎ᠪᠠᠨ ᠠᠮᠢ ᠲᠡᠮᠡᠴᠡᠨ ᠴᠢᠷᠮᠠᠢ᠌ᠬᠤ ᠰᠢᠷᠭ᠋ᠠᠭᠤ ᠬᠠᠲᠠᠭᠤ ᠵᠢᠳᠬᠦᠯ᠎ᠲᠠᠢ᠂ ᠨᠡᠷ᠎ᠡ᠎ᠪᠠᠨ ᠴᠠᠭ᠋ᠠᠰᠤᠨ᠎ᠳᠤ ᠳᠤᠷᠠᠢ᠌ᠯᠭ᠋ᠠᠨ᠂ ᠨᠢᠳᠡᠷ ᠵᠶ᠋ᠡᠨ ᠨᠠᠢ᠌ᠭᠡᠮ᠎ᠳᠤ ᠳᠠᠭᠤᠷᠢᠰᠤᠭᠤᠯᠤᠭᠰᠠᠨ ᠬᠦᠮᠦᠨ ᠪᠣᠯᠵᠤ ᠰᠢᠯᠭ᠋ᠠᠷᠠᠵᠠᠢ᠃
ᠳᠡᠭᠡᠷ᠎ᠡ ᠵᠠᠭᠤᠨ᠎ᠤ ᠳᠠᠯᠠᠭ᠋ᠠᠳ ᠣᠨ᠎ᠳᠤ᠂ ᠲᠥᠷᠦ ᠵᠢᠨ ᠪᠣᠳᠤᠯᠭ᠎ᠠ ᠵᠢᠨ ᠠᠭᠤᠤ ᠢᠪᠡᠭᠡᠯ ᠵᠶ᠋ᠠᠷ ᠰᠤᠷᠬᠤ᠎ᠳᠤ ᠪᠠᠬᠠᠲᠠᠢ ᠬᠠᠰᠤᠩᠭᠤᠸ᠎ᠠ ᠰᠤᠷᠤᠯᠴᠠᠬᠤ ᠵᠠᠪᠰᠢᠶᠠᠨ᠎ᠢ ᠳᠠᠬᠢᠨ ᠤᠯᠳᠠᠭᠰᠠᠨᠳᠤᠪᠠᠨ ᠰᠢᠨ᠎ᠡ ᠨᠢᠭᠡᠨ ᠠᠮᠢ ᠨᠠᠰᠤ ᠤᠯᠤᠭᠰᠠᠨ ᠮᠡᠳᠦ ᠪᠠᠶᠠᠰᠤᠨ ᠲᠤᠭᠳᠤᠯᠵᠦ᠂ ᠬᠡᠳᠦᠨ ᠵᠢᠯ᠎ᠤᠨ ᠲᠤᠷᠰᠢ ᠰᠢᠷᠭ᠋ᠠᠭᠤ ᠴᠢᠷᠮᠠᠢ᠌ᠯᠭ᠎ᠠ᠎ᠲᠠᠢ ᠰᠢᠮᠳᠡᠨ ᠰᠤᠷᠤᠯᠴᠠᠵᠤ᠂ ᠡᠮᠴᠢ ᠵᠢᠨ ᠮᠡᠷᠭᠡᠵᠢᠯ᠎ᠢ ᠡᠷᠴᠢᠮ᠎ᠲᠠᠢ ᠰᠠᠢ᠌ᠲᠤᠷ ᠡᠵᠡᠮᠰᠢᠭᠡᠳ᠂ 1979 ᠣᠨ᠎ᠤ ᠡᠪᠤᠯ ᠬᠦᠯᠦᠨ ᠪᠦᠢ᠍ᠷ᠎ᠤᠨ ᠡᠷᠡᠭᠦᠯ ᠬᠠᠮᠠᠭ᠋ᠠᠯᠠᠯ᠎ᠤᠨ ᠲᠤᠰᠬᠠᠢ ᠮᠡᠷᠭᠡᠵᠢᠯ᠎ᠤᠨ ᠰᠤᠷᠭ᠋ᠠᠭᠤᠯᠢ ᠵᠢᠨ ᠡᠮᠴᠢ ᠵᠢᠨ ᠠᠩᠬᠢ ᠵᠢ ᠰᠢᠯᠢᠳᠡᠭ ᠪᠦᠲᠦᠮᠵᠢ᠎ᠲᠠᠢ ᠲᠡᠭᠦᠰᠭᠡᠵᠤ᠂ ᠬᠡᠭᠦᠳᠡᠭ ᠳᠦᠭᠦᠷᠡᠩ ᠤᠮᠤᠭᠲᠠᠢ᠂ ᠭᠠᠨᠵᠤᠭ᠎ᠠ ᠳᠦᠭᠦᠷᠡᠩ ᠣᠯᠵᠠ᠎ᠲᠠᠢ᠂ ᠲᠦᠷᠦᠭᠰᠡᠨ ᠨᠤᠲᠤᠭ ᠤᠰᠤᠨ᠎ᠳᠤ᠎ᠪᠠᠨ ᠪᠤᠴᠠᠨ ᠢᠷᠡᠵᠤ᠂ ᠬᠢᠯᠢ ᠬᠢᠵᠠᠭ᠋ᠠᠷ ᠤᠷᠤᠨ᠎ᠤ᠎ᠪᠠᠨ ᠡᠮ ᠡᠮᠨᠡᠯᠭᠡ ᠵᠢᠨ ᠠᠷᠢᠭᠤᠨ ᠦᠢ᠍ᠯᠡᠰ᠎ᠲᠤ ᠬᠦᠴᠦᠨ ᠵᠢᠳᠬᠦᠯ ᠵᠶ᠋ᠠᠨ ᠡᠷᠬᠦᠵᠦ ᠡᠬᠢᠯᠡᠭᠰᠡᠨ ᠪᠢᠯᠡ᠃ ᠲᠡᠷᠡ᠎ᠪᠠᠷ ᠳᠥᠴᠢ ᠭᠠᠷᠤᠢ ᠵᠢᠯ ᠴᠦᠬᠦᠷᠡᠯ ᠦᠭᠡᠢ ᠠᠶᠠᠯᠠᠨ ᠂ ᠯᠤᠲᠤ ᠶᠡᠬᠡ ᠵᠢᠳᠬᠦᠯ ᠭᠠᠷᠭ᠋ᠠᠨ ᠲᠤᠩ ᠤᠯᠠᠨ ᠭᠠᠪᠢᠶ᠎ᠠ ᠲᠡᠮᠳᠡᠭᠯᠡᠵᠡᠢ᠃ ᠬᠠᠰᠤᠩᠭᠤᠸ᠎ᠠ ᠰᠢᠨ᠎ᠡ ᠪᠠᠷᠭᠤ ᠵᠡᠭᠦᠨ ᠬᠤᠰᠢᠭᠤᠨ᠎ᠤ ᠮᠤᠩᠭᠤᠯ ᠡᠮᠨᠡᠯᠭᠡ ᠵᠢᠨ ᠬᠤᠷᠢᠶᠠᠨ᠎ᠳᠤ ᠳᠥᠴᠢ ᠭᠠᠷᠤᠢ ᠵᠢᠯ᠎ᠤᠨ ᠬᠤᠯᠠ ᠵᠢᠨ ᠠᠶᠠᠨ᠎ᠳᠤ᠎ᠪᠠᠨ ᠬᠠᠯᠠᠰᠢᠷᠠᠯ ᠦᠭᠡᠢ ᠴᠢᠷᠮᠠᠢ᠌ᠨ᠂ ᠮᠤᠩᠭᠤᠯ ᠡᠮᠨᠡᠯᠭᠡ ᠵᠢᠨ ᠬᠤᠷᠢᠶᠠᠨ᠎ᠤ ᠭᠤᠤᠯᠯᠠᠭᠴᠢ ᠡᠮᠴᠢ᠂ ᠳᠡᠳ᠋ ᠬᠤᠷᠢᠶᠠᠨ ᠳᠠᠷᠤᠭ᠎ᠠ᠂ ᠨᠠᠮ᠎ᠤᠨ ᠡᠭᠦᠷ᠎ᠤᠨ ᠱᠦᠵᠢ᠎ᠪᠠᠷ ᠤᠯᠠᠨ ᠵᠢᠯ ᠴᠤᠴᠠᠯᠲᠠ ᠦᠭᠡᠢ ᠠᠵᠢᠯᠯᠠᠭᠰᠠᠨ ᠶᠤᠮ᠃ ᠬᠤᠵᠢᠮ᠎ᠨᠢ ᠳᠡᠳ᠋ ᠫᠷᠤᠹᠸᠰᠰᠤᠷ ᠡᠮᠴᠢ ᠵᠢᠨ ᠴᠤᠯᠠ ᠬᠠᠮᠠᠭ᠋ᠠᠯᠠᠭᠰᠠᠨ ᠪᠢᠯᠡ᠃ ᠬᠠᠰᠤᠩᠭᠤᠸ᠎ᠠ 1988 ᠣᠨ᠎ᠳᠤ ᠦᠪᠦᠷ ᠮᠤᠩᠭᠤᠯ᠎ᠤᠨ ᠡᠷᠡᠭᠦᠯ ᠬᠠᠮᠠᠭ᠋ᠠᠯᠠᠯ᠎ᠤᠨ ᠬᠢᠲᠠᠳ ᠮᠤᠩᠭᠤᠯ ᠡᠮᠨᠡᠯᠭᠡ ᠵᠢᠨ ᠬᠤᠷᠢᠶᠠᠨ᠎ᠳᠤ ᠳᠠᠪᠲᠠᠨ ᠪᠤᠯᠪᠠᠰᠤᠷᠠᠭᠳᠠᠵᠦ᠂ ᠤᠳᠤᠬᠢᠴᠢᠯᠠᠭᠰᠠᠨ ᠠᠨᠠᠭ᠋ᠠᠬᠤ ᠤᠬᠠᠭ᠋ᠠᠨ᠎ᠢ ᠰᠤᠷᠤᠯᠴᠠᠨ ᠰᠤᠳᠤᠯᠬᠤ᠎ᠪᠠᠷ ᠳᠠᠮᠵᠢᠨ ᠮᠤᠩᠭᠤᠯ ᠡᠮ ᠡᠮᠨᠡᠯᠭᠡ ᠵᠢᠨ ᠡᠷᠳᠡᠮ ᠰᠢᠨᠵᠢᠯᠡᠭᠡᠨ᠎ᠤ ᠥᠭᠦᠯᠡᠯ᠎ᠤᠨ ᠱᠠᠩᠨᠠᠯ᠎ᠢ ᠲᠤᠰᠤᠭᠰᠠᠨ ᠪᠠᠢ᠌ᠨ᠎ᠠ᠃ ᠮᠦᠨ ᠬᠦ᠌ ᠦᠪᠦᠷ ᠮᠤᠩᠭᠤᠯ᠎ᠤᠨ ᠡᠷᠡᠭᠦᠯ ᠬᠠᠮᠠᠭ᠋ᠠᠯᠠᠯ᠎ᠤᠨ ᠲᠢᠩᠬᠢᠮ᠎ᠠᠴᠠ ᠡᠷᠬᠢᠯᠡᠭᠰᠡᠨ ᠡᠮᠴᠢ ᠵᠢᠨ ᠶᠡᠬᠡ ᠠᠩᠬᠢ᠎ᠳᠤ ᠰᠤᠷᠤᠯᠴᠠᠨ ᠶᠡᠬᠡ ᠰᠤᠷᠭ᠋ᠠᠭᠤᠯᠢ ᠵᠢᠨ ᠲᠤᠰᠬᠠᠢ ᠮᠡᠷᠭᠡᠵᠢᠯ᠎ᠤᠨ ᠦᠨᠡᠮᠯᠡᠯ᠎ᠢ ᠭᠠᠷᠳᠠᠵᠠᠢ᠃ ᠬᠣᠵᠢᠮ᠎ᠨᠢ ᠲᠡᠷᠡ ᠮᠤᠩᠭᠤᠯ ᠡᠮ ᠡᠮᠨᠡᠯᠭᠡ᠂ ᠡᠷᠳᠡᠮ ᠰᠢᠨᠵᠢᠯᠡᠭᠡᠨ᠎ᠤ ᠦᠪᠯᠡᠭᠴᠢ᠎ᠪᠠᠷ ᠦᠨᠡᠯᠡᠭᠳᠡᠵᠡᠢ᠃
ᠬᠠᠰᠤᠩᠭᠤᠸ᠎ᠠ ᠡᠮᠴᠢ ᠪᠠᠰᠠ ᠨᠤᠳᠤᠭ ᠤᠷᠤᠨ᠎ᠳᠤ᠎ᠪᠠᠨ ᠵᠤᠬᠢᠶᠠᠯᠴᠢ ᠡᠮᠴᠢ ᠵᠢᠨ ᠠᠯᠳᠠᠷ ᠴᠤᠤᠲᠠᠢ ᠪᠢᠯᠡ᠃ ᠡᠮᠴᠢ ᠵᠢᠨ ᠠᠵᠢᠯ᠎ᠳᠤ᠎ᠪᠠᠨ ᠴᠠᠭ᠋ᠠᠷᠠᠭᠰᠠᠨ ᠵᠶ᠋ᠠᠷ ᠦᠯᠦ ᠪᠠᠷᠠᠮ ᠡᠷᠬᠢᠯᠡᠭᠰᠡᠨ ᠠᠵᠢᠯ᠎ᠤᠨ ᠵᠶ᠋ᠠᠨ ᠴᠢᠯᠦᠭᠡ ᠵᠠᠪ ᠵᠶ᠋ᠠᠷ ᠵᠶ᠋ᠠᠨ ᠤᠳᠬ᠎ᠠ ᠤᠷᠠᠯᠢᠭ᠂ ᠤᠷᠠᠨ ᠵᠤᠬᠢᠶᠠᠯ᠎ᠳᠤ ᠳᠤᠷ᠎ᠠ ᠪᠠᠬᠠᠲᠠᠢ ᠪᠠᠢ᠌ᠵᠤ᠂ ᠪᠠᠭ᠎ᠠ ᠯᠡ ᠲᠠᠰᠢᠷᠠᠮ ᠲᠠᠭ᠋ᠠᠷᠠᠵᠤ ᠵᠡᠪᠰᠢᠶᠠᠨ ᠣᠯᠳᠠᠮᠠᠭᠴᠠ᠂ ᠪᠢᠷ ᠬᠦᠳᠡᠯᠭᠡᠨ ᠪᠢᠰᠢᠭᠦᠢ ᠤᠯᠠᠨ ᠮᠡᠳᠡᠭᠡᠯᠡᠯ ᠴᠢᠮᠡᠭᠡᠯᠡᠯ᠂ ᠨᠠᠢ᠌ᠷᠠᠭᠤᠯᠤᠯ ᠥᠭᠦᠯᠡᠯᠭᠡ᠂ ᠰᠢᠯᠦᠭ ᠳᠠᠭᠤᠯᠠᠯ᠂ ᠳᠠᠭᠤᠤ ᠵᠢᠨ ᠦᠭᠡ ᠁ ᠵᠡᠷᠭᠡ ᠵᠢ ᠤᠷᠠᠨ ᠭᠤᠢ᠌ᠳᠠ ᠵᠤᠬᠢᠶᠠᠨ ᠪᠦᠲᠦᠭᠡᠵᠤ᠂ ᠬᠤᠲᠠ ᠤᠷᠤᠨ᠎ᠤ ᠰᠤᠨᠢᠨ ᠰᠡᠳᠭᠦᠯ᠂ ᠷᠠᠳᠢᠣ᠋ ᠨᠡᠪᠲᠡᠷᠡᠭᠦᠯᠭᠡ᠎ᠳᠤ ᠦᠷᠭᠦᠯᠵᠢ ᠵᠢᠨ ᠴᠢᠨᠠᠷᠲᠠᠢ ᠨᠡᠢ᠌ᠳᠡᠯᠡᠬᠦᠯᠦᠭᠰᠡᠭᠡᠷ ᠢᠷᠡᠪᠡ᠃ ᠲᠤᠬᠠᠢ᠌ᠯᠠᠪᠠᠯ᠄ 《ᠬᠦᠯᠦᠨ ᠪᠤᠢ᠌ᠷ》 《ᠰᠢᠷᠠᠮᠦᠷᠡᠨ 》 ᠰᠡᠳᠭᠦᠯ ᠪᠠ 《ᠲᠤᠯᠭ᠎ᠠ ᠵᠢᠨ ᠭᠤᠷᠪᠠᠨ ᠴᠢᠯᠠᠭᠤ》 《ᠰᠣᠳᠣᠨ ᠮᠠᠯᠴᠢᠳ᠎ᠤᠨ ᠴᠢᠭᠤᠯᠭ᠋ᠠᠨ》 《ᠵᠠᠯᠠᠭᠤ ᠰᠢᠯᠦᠭᠴᠢᠳ᠎ᠤᠨ ᠠᠯᠳᠠᠷ》 ᠵᠡᠷᠭᠡ ᠨᠣᠮ ᠲᠡᠪᠲᠡᠷᠤᠳᠲᠤ ᠦᠪᠡᠷ᠎ᠤᠨ ᠭᠡᠰᠡᠨ ᠤᠷᠤᠨ ᠪᠠᠢ᠌ᠷᠢ᠎ᠲᠠᠢ ᠪᠦᠲᠦᠭᠡᠯ᠎ᠤᠳ ᠵᠶ᠋ᠡᠨ ᠭᠢᠯᠠᠯᠵᠠᠭᠤᠯᠵᠤ ᠶᠠᠪᠤᠭᠰᠠᠨ ᠰᠤᠳᠤᠨ ᠴᠢᠳᠠᠪᠤᠷᠢᠳᠠᠨ ᠪᠢᠯᠡ᠃ ᠲᠡᠷᠡ ᠪᠠᠰᠠ ᠥᠩᠭᠡᠷᠡᠭᠰᠡᠨ᠎ᠳᠤ 《ᠦᠪᠦᠷ ᠮᠤᠩᠭᠤᠯ᠎ᠤᠨ ᠡᠳᠦᠷ᠎ᠤᠨ ᠰᠣᠨᠢᠨ》 ᠪᠤᠯᠤᠨ 《ᠬᠦᠯᠦᠨ ᠪᠤᠢ᠌ᠷ᠎ᠤᠨ ᠡᠳᠦᠷ᠎ᠤᠨ ᠰᠤᠨᠢᠨ》᠎ᠤ ᠣᠨᠴᠠ ᠤᠷᠢᠭᠰᠠᠨ ᠰᠣᠷᠪᠤᠯᠵᠢᠯᠠᠭᠴᠢ᠂ ᠣᠨᠴᠠ ᠤᠷᠢᠭᠰᠠᠨ ᠴᠢᠮᠡᠭᠡᠯᠡᠭᠴᠢ᠎ᠪᠠᠷ ᠠᠵᠢᠯᠯᠠᠵᠦ᠂ ᠮᠠᠰᠢ ᠤᠯᠠᠨ ᠮᠡᠳᠡᠭᠡ ᠴᠢᠮᠡᠭᠡᠯᠡᠯᠢ ᠰᠤᠨᠢᠨ᠎ᠳᠤ ᠨᠡᠢ᠌ᠲᠡᠯᠡᠭᠦᠯᠵᠦ᠂ ᠲᠤᠬᠠᠢ ᠵᠢᠨ ᠭᠠᠵᠠᠷ ᠤᠷᠤᠨ᠎ᠤ᠎ᠪᠠᠨ ᠰᠤᠷᠳᠠᠯ ᠤᠬᠠᠭᠤᠯᠭ᠎ᠠ ᠵᠢᠨ ᠦᠢ᠍ᠯᠡᠰ᠎ᠲᠤ ᠬᠤᠪᠢ ᠨᠡᠮᠡᠷᠢ᠎ᠪᠠᠨ ᠦᠵᠡᠬᠦᠯᠦᠭᠰᠡᠭᠡᠷ ᠢᠷᠡᠵᠡᠢ᠃ ᠡᠢ᠌ᠨ ᠬᠦ᠌ ᠠᠵᠢᠯ᠎ᠤᠨ ᠵᠶ᠋ᠠᠨ ᠴᠢᠯᠦᠭᠡᠨ᠎ᠳᠤ᠎ᠪᠠᠨ ᠬᠣᠵᠢᠮ᠎ᠨᠢ ᠪᠠᠰᠠ 《ᠪᠠᠷᠭᠤ ᠵᠢᠨ ᠰᠣᠳᠣᠨ ᠦᠷᠡᠰ》 ᠬᠡᠮᠡᠬᠦ ᠨᠣᠮ ᠵᠶ᠋ᠠᠨ 《ᠦᠪᠦᠷ ᠮᠤᠩᠭᠤᠯ᠎ᠤᠨ ᠰᠤᠶᠤᠯ᠎ᠤᠨ ᠬᠡᠪᠯᠡᠯ᠎ᠤᠨ ᠬᠣᠷᠢᠶ᠎ᠠ》 (2014 ᠤᠨ)᠎ᠳᠤ ᠬᠡᠪᠯᠡᠭᠦᠯᠦᠭᠡᠳ᠂ ᠦᠷᠭᠡᠨ ᠣᠯᠠᠨ ᠤᠩᠰᠢᠭᠴᠢᠳ᠎ᠤᠨ ᠦᠨᠳᠦᠷ ᠦᠨᠡᠯᠡᠯᠲᠡ ᠵᠢ ᠤᠯᠤᠭᠰᠠᠨ᠎ᠨᠢ ᠲᠡᠭᠦᠨ᠎ᠤ ᠪᠠᠰᠠ ᠨᠢᠭᠡᠨ ᠪᠢᠰᠢᠷᠡᠬᠦᠰᠢᠲᠡᠢ ᠠᠮᠵᠢᠯᠲᠠ ᠵᠢᠨ ᠨᠢᠭᠡ ᠪᠢᠯᠡ᠃
ᠬᠠᠨᠴᠤᠢ ᠰᠢᠮᠠᠯᠠᠨ ᠬᠠᠲᠠᠭᠤᠵᠢᠯᠲᠠᠢ ᠠᠵᠢᠯᠯᠠᠳᠠᠭ ᠬᠠᠰᠤᠩᠭᠤᠸ᠎ᠠ ᠡᠮᠴᠢ ᠨᠠᠮ᠎ᠤᠨ ᠭᠡᠰᠢᠭᠦᠨ᠎ᠤ ᠡᠭᠦᠷᠭᠡ ᠬᠠᠷᠢᠭᠤᠴᠠᠯᠭ᠎ᠠ᠎ᠪᠠᠨ ᠴᠠᠭ ᠦᠷᠭᠦᠯᠵᠢ ᠴᠢᠩᠭ᠎ᠠ ᠵᠢᠷᠤᠮᠯᠠᠨ᠂ ᠪᠡᠶ᠎ᠡ᠎ᠪᠠᠷ ᠵᠶ᠋ᠡᠨ ᠬᠡᠪ ᠳᠦᠷᠢᠮ ᠪᠤᠯᠤᠨ ᠠᠵᠢᠯᠯᠠᠳᠠᠭ᠎ᠠᠴᠠ ᠨᠠᠮ ᠵᠠᠰᠠᠭ ᠬᠢᠭᠡᠳ ᠠᠷᠠᠳ ᠤᠯᠠᠨ᠎ᠤ ᠢᠲᠡᠭᠡᠯ ᠬᠦᠨᠳᠦ ᠵᠢ ᠬᠦᠷᠲᠡᠭᠰᠡᠭᠡᠷ ᠢᠷᠡᠵᠠᠢ᠃ ᠲᠡᠢ᠌ᠮᠦ᠎ᠠᠴᠠ ᠤᠷᠢᠳ ᠬᠣᠵᠢᠳ ᠬᠤᠰᠢᠭᠤ ᠱᠠᠲᠤᠨ᠎ᠤ ᠠᠷᠠᠳ᠎ᠤᠨ ᠲᠦᠯᠦᠭᠡᠯᠡᠭᠴᠢ ᠪᠠᠷ 3 ᠤᠳᠠᠭ᠎ᠠ᠂ ᠨᠠᠮ᠎ᠤᠨ ᠲᠦᠯᠦᠭᠡᠯᠡᠭᠴᠢ᠎ᠪᠠᠷ 5 ᠤᠳᠠᠭ᠎ᠠ᠂ ᠬᠤᠰᠢᠭᠤ᠂ ᠠᠢ᠌ᠮᠠᠭ᠎ᠤᠨ ᠱᠠᠲᠤᠨ᠎ᠤ ᠤᠯᠤᠰ ᠲᠥᠷᠦ ᠵᠢᠨ ᠵᠦᠪᠯᠡᠯᠭᠡᠨ᠎ᠤ ᠭᠡᠰᠢᠭᠦᠨ ᠵᠶ᠋ᠡᠷ 8 ᠤᠳᠠᠭ᠎ᠠ ᠲᠤᠰ ᠲᠤᠰ ᠰᠤᠩᠭᠤᠭᠳᠠᠨ ᠤᠷᠤᠯᠴᠠᠵᠤ ᠥᠩᠭᠡᠷᠡᠵᠠᠢ᠃ ᠲᠡᠷᠡ ᠪᠠᠰᠠ ᠬᠦᠯᠦᠨ ᠪᠤᠢ᠌ᠷ ᠬᠤᠲᠠ ᠵᠢᠨ ᠡᠮ ᠡᠮᠨᠡᠯᠭᠡ ᠵᠢᠨ ᠨᠡᠢ᠌ᠭᠡᠮᠯᠢᠭ᠎ᠤᠨ ᠭᠡᠰᠢᠭᠦᠨ᠂ ᠬᠦᠯᠦᠨ ᠪᠤᠢ᠌ᠷ ᠬᠤᠲᠠ ᠵᠢᠨ ᠵᠤᠬᠢᠶᠠᠯᠴᠢᠳ᠎ᠤᠨ ᠨᠡᠢ᠌ᠭᠡᠮᠯᠢᠭ᠎ᠤᠨ ᠭᠡᠰᠢᠭᠦᠨ᠂ ᠰᠢᠨ᠎ᠡ ᠪᠠᠷᠭᠤ ᠵᠡᠭᠦᠨ ᠬᠤᠰᠢᠭᠤᠨ᠎ᠤ ᠨᠤᠮᠤ ᠰᠤᠮᠤᠨ᠎ᠤ ᠨᠡᠢ᠌ᠭᠡᠮᠯᠢᠭ᠎ᠤᠨ ᠭᠡᠰᠢᠭᠦᠨ᠂ ᠬᠦᠯᠦᠨ ᠪᠤᠢ᠌ᠷ ᠬᠤᠲᠠ ᠵᠢᠨ ᠡᠮ ᠡᠮᠨᠡᠯᠭᠡ ᠵᠢᠨ ᠡᠷᠳᠡᠮ ᠰᠢᠨᠵᠢᠯᠡᠭᠡᠨ᠎ᠤ ᠬᠤᠷᠠᠯ᠎ᠤᠨ ᠭᠡᠰᠢᠭᠦᠨ ᠁ ᠵᠡᠷᠭᠡ ᠠᠯᠢ ᠤᠯᠠᠨ ᠢᠷᠠᠭᠤ ᠠᠯᠳᠠᠷ ᠪᠠ ᠨᠡᠢ᠌ᠬᠡᠮ᠎ᠤᠨ ᠡᠬᠦᠷᠭᠡ ᠵᠢ ᠬᠠᠷᠢᠭᠤᠴᠠᠵᠦ᠂ ᠠᠷᠠᠳ ᠤᠯᠠᠨ᠎ᠤ ᠳᠤᠮᠳᠠ ᠭᠦᠨ ᠵᠤᠵᠠᠭ᠋ᠠᠨ ᠬᠦᠷᠢᠶᠡᠯᠡᠯ᠎ᠲᠠᠢ ᠶᠠᠪᠤᠵᠤ ᠢᠷᠡᠭᠰᠡᠨ᠎ᠢ᠎ᠨᠢ ᠨᠡᠬᠡᠷᠡᠨ ᠴᠦ᠍ ᠪᠢᠰᠢᠷᠡᠭᠦᠰᠢᠲᠡᠢ᠃ ᠲᠡᠷᠡᠴᠢᠯᠡᠨ ᠰᠢᠯᠢᠳᠡᠭ ᠬᠤᠷᠢᠶᠠᠨ ᠳᠠᠷᠤᠭ᠎ᠠ᠂ ᠰᠢᠯᠢᠳᠡᠭ ᠨᠠᠮ᠎ᠤᠨ ᠭᠡᠰᠢᠭᠦᠨ᠂ ᠰᠢᠯᠢᠳᠡᠭ ᠡᠮᠴᠢ᠂ ᠰᠢᠯᠢᠳᠡᠭ ᠲᠠᠮᠢᠷᠴᠢᠨ (ᠨᠤᠮᠤ ᠰᠤᠮᠤᠨ᠎ᠤ ᠲᠠᠯ᠎ᠠ᠎ᠪᠠᠷ ᠬᠤᠰᠢᠭᠤ᠂ ᠠᠢ᠌ᠮᠠᠭ᠂ ᠤᠷᠤᠨ᠎ᠤ ᠤᠷᠤᠯᠳᠤᠭ᠋ᠠᠨ ᠪᠤᠯᠭ᠋ᠠᠨ᠎ᠳᠤ ᠬᠡᠵᠢᠶᠡᠲᠡ ᠡᠮᠦᠨ᠎ᠡ ᠲᠠᠪᠤᠨ᠎ᠤ ᠳᠤᠲᠤᠷ᠎ᠠ ᠶᠠᠪᠤᠵᠤ ᠢᠷᠡᠭᠰᠡᠨ ᠢᠷᠠᠭᠤ ᠠᠯᠳᠠᠷᠲᠠᠢ ᠃ ᠨᠢᠭᠡᠨ ᠤᠳᠠᠭ᠋ᠠᠨ᠎ᠤ ᠤᠷᠤᠰ᠂ ᠮᠤᠩᠭᠤᠯ᠂ ᠳᠤᠮᠳᠠᠲᠦ ᠭᠤᠷᠪᠠᠨ ᠤᠯᠤᠰ᠎ᠤᠨ ᠨᠤᠮᠤ ᠰᠤᠮᠤ ᠪᠤᠯᠤᠨ ᠲᠦᠩᠬᠦ ᠬᠠᠷᠪᠤᠯᠭ᠎ᠠ ᠵᠢᠨ ᠤᠷᠤᠯᠳᠤᠭ᠋ᠠᠨ ᠳᠡᠭᠡᠷ᠎ᠡ ᠬᠤᠤᠰ ᠠᠯᠳᠠᠨ ᠮᠸᠳᠠᠯᠢ ᠬᠢᠯᠠᠯᠵᠠᠭᠤᠯᠤᠭᠰᠠᠨ ᠪᠢᠰᠢᠷᠡᠭᠳᠡᠮᠡ ᠦᠩᠭᠡᠷᠡᠯᠲᠡ᠎ᠲᠠᠢ)᠂ ᠰᠢᠯᠢᠳᠡᠭ ᠡᠮᠡᠭᠲᠡᠢ ᠴᠢᠳᠠᠪᠤᠷᠢᠲᠠᠨ᠂ ᠲᠠᠪᠤᠨ ᠰᠠᠢ᠌ᠲᠠᠢ ᠭᠡᠷ ᠪᠦᠯᠢ᠂ 《3.8》 ᠵᠢᠨ ᠤᠯᠠᠭ᠋ᠠᠨ ᠲᠤᠭᠴᠢ ᠁ ᠵᠡᠷᠭᠡ ᠠᠯᠢ ᠤᠯᠠᠨ ᠥᠩᠭᠡ ᠭᠡᠷᠡᠯ᠎ᠢ ᠤᠷᠢᠳ ᠬᠣᠵᠢᠳ ᠬᠦᠷᠳᠡᠵᠦ ᠥᠩᠭᠡᠷᠡᠵᠠᠢ᠃
《ᠪᠠᠷᠭᠤ ᠵᠢᠨ ᠰᠤᠳᠤᠨ ᠦᠷᠡᠰ》 ᠬᠡᠬᠦ ᠨᠤᠮ᠎ᠤᠨ ᠡᠵᠡᠨ
ᠬᠠᠰᠤᠩᠭᠤᠸ᠎ᠠ ᠵᠢᠨ 《ᠪᠠᠷᠭᠤ ᠵᠢᠨ ᠰᠣᠳᠣᠨ ᠦᠷᠡᠰ》 ᠬᠡᠮᠡᠬᠦ ᠨᠣᠮ᠎ᠢ᠎ᠨᠢ ᠠᠭᠤᠯᠭ᠎ᠠ ᠵᠢᠨ ᠲᠠᠯ᠎ᠠ᠎ᠪᠠᠷ ᠂ ᠨᠢᠭᠡ᠎ᠳᠤ᠂ ᠳᠤᠷᠠᠳᠬᠠᠯ᠎ᠤᠨ ᠠᠭᠤᠯᠭ᠎ᠠ ᠪᠦᠬᠦᠢ ᠰᠢᠯᠦᠭ ᠳᠠᠭᠤᠯᠠᠯ᠂ ᠬᠤᠶᠠᠷ᠎ᠲᠤ᠂ 10 ᠭᠠᠷᠤᠢ ᠨᠠᠢ᠌ᠷᠠᠭᠤᠯᠤᠯ ᠥᠭᠦᠯᠡᠯᠭᠡ᠂ ᠭᠤᠷᠪᠠ᠎ᠳᠤ᠂ ᠰᠣᠨᠢᠨ ᠮᠡᠳᠡᠭᠡᠯᠡᠯ᠎ᠤᠨ ᠰᠲ᠋ᠢᠯᠢ ᠵᠢᠨ ᠤᠷᠠᠨ ᠵᠤᠬᠢᠶᠠᠯ᠎ᠤᠳ 50 ᠰᠢᠬᠠᠮ᠂ ᠳᠥᠷᠪᠡ᠎ᠳᠤ᠂ ᠦᠪᠡᠷ᠎ᠤᠨ ᠬᠢᠨᠢ ᠡᠮ ᠡᠮᠴᠢᠯᠡᠭᠡᠨ᠎ᠤ ᠠᠷᠭ᠎ᠠ ᠲᠤᠷᠰᠢᠯᠭ᠎ᠠ ᠪᠤᠯᠤᠨ ᠥᠭᠥᠯᠡᠯ᠎ᠤᠳ᠂ ᠲᠠᠪᠤ᠎ᠳᠤ᠂ ᠪᠤᠰᠤᠳ ᠳᠠᠭ᠋ᠠᠯᠳᠠᠭᠤᠯᠤᠭᠰᠠᠨ ᠵᠤᠬᠢᠶᠠᠯ᠎ᠤᠳ (ᠭᠡᠷ ᠪᠦᠯᠢ ᠵᠢᠨ᠎ᠬᠢᠨ ᠤ) ᠭᠡᠵᠦ ᠬᠡᠳᠦᠨ ᠲᠠᠯ᠎ᠠ᠎ᠪᠠᠷ ᠠᠩᠭᠢᠯᠠᠵᠤ ᠪᠤᠯᠤᠨ᠎ᠠ᠃ ᠮᠠᠰᠢ ᠪᠢᠰᠢᠷᠡᠭᠦᠰᠢᠲᠡᠢ᠎ᠨᠢ ᠲᠤᠰ ᠨᠣᠮ᠎ᠳᠤ᠎ᠪᠠᠨ 50 ᠰᠢᠬᠠᠮ ᠪᠠᠷᠭᠤ ᠵᠢᠨ ᠰᠣᠳᠣᠨ ᠦᠷᠡᠰᠤᠳᠤᠨ ᠪᠠᠬᠠᠳᠤᠨ ᠱᠠᠭᠰᠢᠭᠤᠰᠢᠲᠠᠢ ᠭᠢᠯᠠᠯᠵᠠᠭᠰᠠᠨ ᠦᠢ᠍ᠯᠡ ᠠᠵᠢᠯᠯᠠᠭ᠎ᠠ ᠭᠠᠷᠮᠠᠭ᠋ᠠᠢ ᠪᠦᠲᠦᠭᠡᠯ᠎ᠤᠳ᠎ᠢ᠎ᠨᠢ ᠰᠤᠷᠪᠤᠯᠵᠢᠯᠠᠨ ᠳᠡᠮᠳᠡᠭᠯᠡᠵᠦ᠂ ᠲᠤᠭᠤᠷᠪᠢᠨ ᠪᠢᠴᠢᠭᠡᠳ ᠡᠨᠡ ᠬᠦ᠌ ᠨᠣᠮ ᠵᠶ᠋ᠠᠨ ᠨᠡᠩ ᠦᠨ᠎ᠡ ᠴᠡᠨ᠎ᠡ᠎ᠲᠠᠢ᠂ ᠨᠡᠩ ᠰᠤᠨᠢᠷᠬᠠᠯ᠎ᠢ ᠲᠠᠳᠠᠮ᠎ᠠ ᠪᠣᠯᠭ᠋ᠠᠵᠤ ᠴᠢᠳᠠᠵᠠᠢ᠃ ᠵᠢᠱ᠌ᠢᠶᠡᠯᠡᠪᠡᠯ᠄ ᠳᠤᠷᠠᠳᠬᠠᠯ᠎ᠤᠨ ᠠᠭᠤᠯᠭ᠎ᠠ ᠪᠦᠬᠦᠢ ᠰᠢᠯᠦᠭ ᠳᠠᠭᠤᠯᠠᠯᠳᠤ᠎ᠪᠠᠨ 《ᠠᠪᠤ᠎ᠳᠤ᠎ᠪᠠᠨ》 ᠭᠡᠬᠦ ᠭᠠᠷᠴᠠᠭ ᠵᠶ᠋ᠠᠷ 《ᠳᠤᠪᠤᠷᠤᠤ᠎ᠲᠤ ᠵᠤᠳᠤᠭ ᠵᠶ᠋ᠠᠨ ᠰᠡᠭᠰᠦᠷᠦᠨ ᠡᠮᠦᠰᠴᠦ ᠂ ᠲᠤᠯᠢᠶ᠎ᠠ ᠵᠢᠭᠢᠷᠡᠭ ᠵᠶ᠋ᠡᠨ ᠭᠢᠯᠠᠯᠵᠠᠭᠤᠯᠤᠨ ᠳᠡᠪᠢᠵᠤ᠂ ᠠᠷᠠᠳ᠎ᠤᠨ ᠨᠠᠭ᠋ᠠᠳᠤᠮ᠎ᠤᠨ ᠬᠡᠢ᠌ᠮᠦᠷᠢ ᠡᠷᠭᠦᠵᠤ᠂ ᠠᠢ᠌ᠮᠠᠭ ᠤᠷᠤᠨ᠎ᠤ᠎ᠪᠠᠨ ᠮᠠᠩᠯᠠᠢ ᠶᠠᠪᠤᠭᠰᠠᠨ᠂ ᠡᠷ᠎ᠡ ᠵᠢᠨ ᠰᠠᠢ᠌ᠨ ᠡᠷ᠎ᠡ᠂ ᠡᠴᠢᠭᠡ ᠵᠢᠨ ᠰᠠᠢ᠌ᠬᠠᠨ ᠡᠴᠢᠭᠡ᠂ ᠦᠷ᠎ᠡ ᠪᠢᠳᠡᠨ᠎ᠤ᠎ᠪᠠᠨ ᠤᠮᠤᠭ᠂ ᠦᠨᠳᠦᠷ ᠠᠯᠳᠠᠷᠲᠤ ᠠᠪᠤ ᠮᠢᠨᠢ ᠦᠢ᠍ᠯᠡᠰ ᠠᠵᠢᠯ᠎ᠳᠤ᠎ᠪᠠᠨ ᠭᠠᠪᠰᠢᠭ᠋ᠠᠢ ᠵᠢᠳᠬᠦᠵᠦ᠂ ᠦᠨᠡᠨ᠎ᠤ ᠲᠦᠯᠦᠭᠡ ᠭᠠᠷᠮᠠᠭ᠋ᠠᠢ ᠲᠡᠮᠡᠴᠡᠭᠰᠡᠨ᠂ ᠦᠷᠦᠭᠡᠯ᠎ᠳᠤ ᠲᠤᠰᠠᠲᠠᠢ᠂ ᠦᠪᠡᠷ᠎ᠲᠤ᠎ᠪᠠᠨ ᠶᠤᠰᠤᠴᠢ᠂ ᠦᠷ᠎ᠡ ᠪᠢᠳᠡᠨ᠎ᠤ᠎ᠪᠠᠨ ᠦᠮᠦᠭ᠂ ᠦᠷᠯᠦᠭ ᠶᠡᠬᠡ ᠠᠪᠤ ᠮᠢᠨᠢ》 ᠭᠡᠵᠤ ᠬᠦᠨᠳᠦᠲᠦ ᠬᠠᠢ᠌ᠷᠠᠲᠠᠢ ᠠᠪᠤ᠎ᠪᠠᠨ ᠦᠨᠡᠨ ᠮᠦᠨ ᠵᠶ᠋ᠡᠷ᠎ᠨᠢ ᠦᠰᠭᠡᠨ ᠲᠦᠰᠭᠡᠨ ᠦᠭᠡᠢ ᠤᠶᠠᠩᠭ᠋ᠠᠯᠠᠨ ᠪᠢᠴᠢᠭᠰᠡᠨ ᠪᠠᠢ᠌ᠵᠠᠢ᠃
ᠬᠠᠰᠤᠩᠭᠤᠸ᠎ᠠ ᠵᠢᠨ ᠠᠪᠤ ᠴᠤᠢ᠌ᠩᠬᠤᠷ ᠭᠤᠸᠠᠢ ᠪᠣᠯ ᠶᠤᠰᠤᠲᠠᠢ ᠨᠢᠭᠡᠨ ᠪᠠᠷᠭᠤ ᠵᠢᠨ ᠰᠣᠳᠣᠨ ᠦᠷᠡᠰ᠎ᠤᠨ ᠨᠢᠭᠡᠨ ᠪᠢᠯᠡ᠃ ᠴᠣᠢ᠌ᠩᠬᠤᠷ ᠭᠤᠸᠠᠢ 1957 ᠣᠨ᠎ᠳᠤ ᠬᠤᠰᠢᠭᠤᠨ᠎ᠤ ᠬᠠᠩᠭ᠋ᠠᠨ ᠪᠤᠷᠤᠯᠠᠭᠤᠯᠬᠤ ᠬᠤᠷᠰᠢᠶᠠᠨ᠎ᠳᠤ ᠠᠵᠢᠯᠠᠯᠵᠤ᠂ 30 ᠭᠠᠷᠤᠢ ᠵᠢᠯ ᠰᠢᠨ᠎ᠡ ᠪᠠᠷᠭᠤ ᠵᠡᠭᠦᠨ ᠬᠤᠰᠢᠭᠤᠨ᠎ᠤ ᠠᠷᠠᠯᠵᠢᠶ᠎ᠠ ᠬᠤᠳᠠᠯᠳᠤᠭ᠎ᠠ᠂ ᠬᠤᠷᠰᠢᠶᠠᠨ᠎ᠤ ᠦᠢ᠍ᠯᠡᠰ᠎ᠲᠤ ᠨᠢᠳᠡᠷ ᠰᠡᠳᠭᠢᠯ ᠨᠡᠢ᠌ᠲᠡ ᠵᠢᠨ ᠵᠣᠷᠢᠭ ᠵᠶ᠋ᠠᠷ ᠵᠢᠳᠬᠦᠵᠦ ᠶᠠᠪᠤᠭᠰᠠᠨ᠎ᠤ ᠬᠠᠮᠲᠤ ᠤᠯᠤᠰ ᠤᠷᠤᠨ᠎ᠤ ᠳᠠᠷᠬᠠᠨ ᠪᠦᠬᠡ ᠵᠢᠨ ᠴᠤᠯᠠᠲᠠᠢ ᠪᠢᠯᠡ᠃ ᠴᠣᠢ᠌ᠩᠬᠤᠷ ᠭᠤᠸᠠᠢ᠂ ᠮᠣᠩᠭᠣᠯ ᠪᠦᠬᠡ ᠵᠢᠨ ᠦᠢ᠍ᠯᠡᠰ᠎ᠲᠤ ᠤᠶᠤᠨ ᠬᠦᠴᠦ᠎ᠪᠠᠨ ᠰᠢᠪᠬᠠᠨ᠂ ᠪᠠᠯᠠᠷᠠᠰᠢ ᠦᠭᠡᠢ ᠭᠠᠪᠢᠶ᠎ᠠ ᠵᠢᠳᠬᠦᠯ ᠭᠠᠷᠭ᠋ᠠᠵᠠᠢ᠃ ᠲᠡᠷᠡ ᠮᠦᠨ ᠴᠤ᠌ ᠠᠯᠳᠠᠷᠲᠤ ᠮᠤᠩᠭᠤᠯ ᠪᠦᠬᠡ ᠵᠢᠨ ᠰᠤᠷᠭ᠋ᠠᠭᠴᠢ ᠪᠢᠯᠡ᠃ ᠴᠤᠢ᠌ᠩᠬᠤᠷ ᠭᠤᠸᠠᠢ᠂ ᠤᠷᠤᠨ ᠠᠢ᠌ᠮᠠᠭ᠂ ᠬᠤᠰᠢᠭᠤ᠂ ᠰᠤᠮᠤᠨ᠎ᠤ ᠤᠯᠠᠨ ᠤᠳᠠᠭ᠋ᠠᠨ᠎ᠤ ᠠᠷᠠᠳ᠎ᠤᠨ ᠨᠠᠢ᠌ᠷ ᠨᠠᠭ᠋ᠠᠳᠤᠮ ᠳᠡᠭᠡᠷ᠎ᠡ ᠤᠷᠢᠳ ᠬᠣᠵᠢᠳ 73 ᠤᠳᠠᠭ᠎ᠠ ᠦᠵᠦᠭᠦᠷᠯᠡᠭᠰᠡᠨ ᠠᠪᠤᠷᠭᠤ ᠳᠠᠷᠬᠠᠨ ᠴᠤᠯᠠᠲᠠᠢ᠃ ᠢᠯᠠᠩᠭᠤᠶ᠎ᠠ᠂ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ ᠪᠠᠢ᠌ᠭᠤᠯᠤᠭᠳᠠᠭᠰᠠᠨ 10 ᠵᠢᠯ᠎ᠤᠨ ᠤᠢ ᠵᠢᠨ ᠠᠷᠠᠳ᠎ᠤᠨ ᠶᠡᠬᠡ ᠨᠠᠢ᠌ᠷ ᠳᠡᠭᠡᠷ᠎ᠡ ᠳᠡᠳᠡᠯᠡᠭᠰᠡᠨ ᠲᠡᠦᠬᠡ᠎ᠲᠠᠢ᠃ ᠴᠣᠢ᠌ᠩᠬᠤᠷ ᠭᠣᠸᠠᠢ ᠪᠦᠬᠡ ᠵᠢᠨ ᠰᠤᠷᠭ᠋ᠠᠭᠴᠢ ᠪᠠᠢ᠌ᠬᠤ᠎ᠳᠤ᠎ᠪᠠᠨ ᠤᠯᠤᠰ ᠤᠷᠤᠨ᠎ᠳᠤ᠎ᠪᠠᠨ ᠠᠯᠳᠠᠷ ᠨᠡᠷ᠎ᠡ᠎ᠲᠠᠢ ᠠᠯᠢ ᠤᠯᠠᠨ ᠪᠦᠬᠡᠴᠦᠳᠢ ᠪᠤᠯᠪᠠᠰᠤᠷᠠᠭᠤᠯᠤᠨ ᠬᠦᠮᠦᠵᠢᠭᠦᠯᠵᠦ ᠥᠭᠴᠡᠢ᠃ ᠲᠤᠬᠠᠢ᠌ᠯᠠᠪᠠᠯ᠄ ᠷᠠᠳᠨ᠎ᠠ᠂ ᠪᠠᠽᠠᠷᠠᠭ᠋ᠠᠳ᠋᠂ ᠪᠢᠮᠪᠠᠵᠠᠪ᠂ ᠳ᠋ᠠᠰᠢᠷᠠᠪᠳᠠᠨ᠂ ᠤᠷᠬᠢᠯᠪᠠᠲᠦ᠂ ᠴᠢᠯᠠᠭᠤ᠂ ᠬᠠᠯᠵᠠᠨ ᠁ ᠵᠡᠷᠭᠡ ᠤᠯᠤᠰ᠎ᠤᠨ ᠠᠯᠳᠠᠷᠲᠤ ᠠᠪᠤᠷᠭᠤ ᠪᠦᠬᠡᠴᠦᠳᠢ ᠬᠦᠮᠦᠵᠢᠭᠦᠯᠦᠨ ᠭᠠᠷᠭ᠋ᠠᠭᠰᠠᠨ ᠨᠡᠷ᠎ᠡ ᠴᠤᠤᠲᠠᠢ ᠪᠦᠬᠡ ᠵᠢᠨ ᠰᠤᠷᠭ᠋ᠠᠭᠴᠢ ᠪᠢᠯᠡ᠃ ᠡᠬᠦᠨ᠎ᠠᠴᠠ ᠪᠢᠳᠡ ᠳᠡᠭᠡᠷ᠎ᠡ ᠵᠠᠭᠤᠨ᠎ᠤ ᠪᠠᠷᠭᠤ ᠵᠢᠨ ᠰᠣᠳᠣᠨ ᠦᠷᠡᠰ᠎ᠤᠨ ᠨᠢᠭᠡ ᠪᠤᠯᠤᠭᠰᠠᠨ ᠴᠤᠢ᠌ᠩᠬᠤᠷ ᠭᠤᠸᠠᠢ ᠶᠠᠮᠠᠷ ᠰᠢᠦ ᠭᠡᠳᠡᠭ᠎ᠢ ᠳᠤᠲᠤᠬᠠᠨ ᠤᠢ᠌ᠯᠠᠭ᠋ᠠᠵᠦ ᠪᠤᠯᠤᠨ᠎ᠠ᠃
ᠬᠠᠰᠤᠩᠭᠤᠸ᠎ᠠ 《ᠪᠠᠷᠭᠤ ᠵᠢᠨ ᠰᠣᠳᠣᠨ ᠦᠷᠡᠰ》 ᠬᠡᠮᠡᠬᠦ ᠨᠣᠮ᠎ᠤᠨ ᠵᠶ᠋ᠠᠨ ᠨᠠᠢ᠌ᠷᠠᠭᠤᠯᠤᠯ᠎ᠤᠨ ᠪᠦᠯᠦᠭ᠎ᠲᠤ᠎ᠪᠠᠨ 20 ᠰᠢᠬᠠᠮ ᠭᠤᠶᠤ ᠰᠠᠢ᠌ᠬᠠᠨ ᠨᠠᠢ᠌ᠷᠠᠭᠤᠯᠤᠯᠤᠳᠢ ᠪᠢᠴᠢᠵᠤ ᠤᠷᠤᠭᠤᠯᠵᠠᠢ᠃ 《ᠡᠷᠳᠡᠨᠢᠲᠤᠯᠤᠭ᠋ᠠᠢᠪᠠᠨ ᠡᠷᠭᠢᠬᠦ ᠶᠤᠮᠰᠠᠨ》 ᠬᠡᠮᠡᠬᠦ ᠳᠤᠷᠠᠰᠤᠮᠵᠢ ᠨᠠᠢ᠌ᠷᠠᠭᠤᠯᠤᠯᠳᠤᠪᠠᠨ ᠵᠤᠬᠢᠶᠠᠭᠴᠢ ᠬᠠᠰᠤᠩᠭᠤᠸ᠎ᠠ ᠳᠡᠭᠡᠷ᠎ᠡ ᠵᠠᠭᠤᠨ᠎ᠤ ᠳᠠᠯᠠᠭ᠋ᠠᠳ ᠣᠨ᠎ᠳᠤ ᠰᠡᠭᠡᠭᠡᠲᠡᠨ ᠵᠶ᠋ᠡᠷ ᠪᠦᠢ᠍ᠳᠠ ᠪᠦᠭᠯᠡᠭᠦᠦ ᠬᠦᠳᠡᠭᠡ ᠪᠠᠭᠤᠵᠤ 《ᠮᠠᠯᠴᠢᠨ ᠲᠦᠮᠡᠨ᠎ᠤ ᠳᠠᠬᠢᠨ ᠰᠤᠷᠭ᠋ᠠᠨ ᠬᠦᠮᠦᠵᠢᠯ》᠎ᠢ ᠬᠦᠷᠳᠡᠭᠰᠡᠨ ᠥᠩᠭᠡᠷᠡᠯᠲᠡ᠎ᠪᠠᠨ ᠡᠷᠭᠢᠴᠡᠭᠦᠯᠦᠨ ᠪᠢᠴᠢᠵᠤ᠂ ᠦᠨᠡᠨ ᠮᠦᠨ ᠵᠶ᠋ᠠᠷ᠎ᠨᠢ ᠳᠤᠰᠬᠠᠭᠰᠠᠨ ᠪᠠᠢ᠌ᠵᠠᠢ᠃ ᠭᠡᠬᠦ᠎ᠳᠤ᠎ᠪᠠᠨ ᠬᠤᠰᠢᠭᠤ ᠪᠠᠯᠭ᠋ᠠᠰᠤᠨ᠎ᠳᠤ ᠦᠰᠴᠦ ᠲᠦᠷᠦᠭᠰᠡᠨ ᠪᠤᠯᠪᠠᠷᠠᠢ ᠬᠡᠦᠬᠡᠳ ᠬᠡᠷᠬᠢᠨ ᠬᠠᠯᠠ ᠵᠤᠪᠠᠯᠠᠩ ᠬᠦᠴᠢᠷ ᠪᠡᠷᠬᠡ ᠵᠢ ᠠᠮᠰᠠᠭᠰᠠᠨ ᠵᠶ᠋ᠠᠷ ᠪᠢᠴᠢᠭᠰᠡᠨ ᠪᠢᠰᠢ᠂ ᠬᠠᠷᠢᠨ ᠲᠡᠳᠡᠨ᠎ᠳᠤ ᠬᠠᠢ᠌ᠷ᠎ᠠ ᠬᠠᠯᠠᠮᠵᠢ᠎ᠪᠠᠨ ᠦᠵᠡᠭᠦᠯᠦᠭᠰᠡᠨ ᠶᠠᠳᠠᠭᠤ ᠶᠠᠳᠠᠭᠤᠯᠢᠭ ᠮᠠᠯᠴᠢᠳ᠎ᠤᠨ ᠠᠴᠢ ᠲᠤᠰᠠ ᠵᠢ ᠯᠡ ᠳᠤᠷᠠᠰᠤᠨ ᠳᠤᠷᠠᠰᠤᠨ ᠰᠠᠨᠠᠭ᠋ᠠᠯᠵᠠᠵᠤ 《ᠨᠠᠳᠠ ᠰᠢᠭ᠋ ᠬᠠᠯᠠ ᠦᠵᠡᠭᠡ ᠦᠭᠡᠢ ᠬᠤᠷᠠᠭ᠎ᠠ ᠢᠰᠢᠭᠡ ᠰᠢᠭ ᠠᠮᠢᠲᠠᠨ᠎ᠳᠤ ᠶᠤᠰᠤᠲᠠᠢ ᠶᠡᠬᠡ ᠶᠠᠭᠤᠮ᠎ᠠ ᠦᠵᠡᠭᠦᠯᠵᠦ᠂ ᠣᠯᠠᠨ ᠶᠠᠭᠤᠮ᠎ᠠ ᠲᠠᠨᠢᠭᠤᠯᠤᠭᠰᠠᠨ ᠁》 ᠭᠡᠵᠦ ᠨᠤᠲᠤᠭ ᠤᠰᠤᠨ᠎ᠤ ᠪᠠᠨ ᠠᠷᠠᠳ ᠤᠯᠠᠨ᠎ᠳᠤ᠎ᠪᠠᠨ ᠴᠢᠩ ᠰᠡᠳᠭᠢᠯ᠎ᠠᠴᠠ᠎ᠪᠠᠨ ᠭᠦᠨ ᠲᠠᠯᠠᠷᠬᠠᠵᠤ ᠪᠠᠢ᠌ᠨ᠎ᠠ ᠁ ᠭᠡᠬᠦ ᠮᠡᠲᠦᠴᠢᠯᠡᠨ ᠪᠢᠴᠢᠭᠰᠡᠨ᠎ᠨᠢ ᠮᠠᠰᠢ ᠤᠬᠠᠭ᠋ᠠᠯᠢᠭ ᠰᠠᠨᠠᠭᠳᠠᠯ᠎ᠠ᠃ ᠮᠦᠨ ᠵᠠᠯᠭ᠋ᠠᠭ᠋ᠠᠳ ᠦᠪᠡᠷ᠎ᠤᠨ ᠵᠶ᠋ᠡᠨ ᠲᠤᠬᠠᠢ ᠳᠤᠷᠠᠰᠤᠮᠵᠢ᠎ᠳᠤ᠎ᠪᠠᠨ᠂ ᠬᠦᠨᠳᠦᠲᠦ ᠬᠠᠢ᠌ᠷᠠᠲᠠᠢ ᠠᠪᠤ ᠡᠵᠢ᠂ ᠬᠠᠳᠠᠮ ᠡᠵᠢ ᠵᠢᠨ ᠵᠶ᠋ᠡᠨ ᠳᠠᠯᠠᠢ ᠶᠡᠬᠡ ᠬᠠᠢ᠌ᠷ᠎ᠠ᠂ ᠠᠷᠢᠭᠤᠨ ᠨᠠᠨᠳᠢᠨ ᠵᠠᠩ ᠴᠢᠨᠠᠷ᠂ ᠪᠠᠭᠰᠢ ᠨᠠᠷ ᠪᠤᠯᠤᠨ ᠬᠠᠮᠲᠤ ᠠᠵᠢᠯᠯᠠᠭᠰᠠᠳ᠂ ᠤᠳᠤᠷᠢᠳᠤᠯᠭ᠎ᠠ ᠨᠠᠷ᠎ᠤᠨ ᠵᠶ᠋ᠠᠨ ᠲᠤᠰᠠ ᠳᠡᠮᠵᠢᠯᠭᠡ ᠵᠢ ᠯᠡ ᠭᠦᠨ ᠭᠦᠨᠵᠡᠭᠡᠢ ᠲᠤᠭ᠋ᠠᠴᠢᠨ ᠳᠡᠮᠳᠡᠭᠯᠡᠪᠡ᠃ 《ᠪᠢ ᠡᠵᠢ᠎ᠪᠠᠨ ᠰᠠᠢ᠌ᠬᠠᠨ ᠰᠤᠪᠢᠯᠠᠵᠤ ᠴᠢᠳᠠᠭᠰᠠᠨ ᠦᠭᠡᠢ ᠥᠩᠭᠡᠷᠡᠭᠦᠯᠵᠡᠢ》 《ᠬᠠᠳᠠᠮ ᠡᠵᠢ᠎ᠪᠠᠨ ᠡᠳᠦᠷ ᠲᠤᠳᠤᠮ᠎ᠤᠨ ᠠᠵᠢᠯ ᠮᠠᠵᠢᠯ᠎ᠳᠤ ᠳᠡᠩᠳᠡᠭᠦᠦ ᠠᠷᠪᠢᠨ ᠪᠦᠭᠡᠴᠡᠭᠡᠨᠡᠬᠦᠯᠦᠭᠰᠡᠨ ᠁》 ᠭᠡᠬᠦ ᠮᠡᠲᠦ᠎ᠪᠠᠷ ᠦᠪᠡᠷ᠎ᠤᠨ ᠪᠡᠶ᠎ᠡ᠎ᠪᠠᠨ ᠵᠢᠮᠡᠯᠡᠨ ᠪᠢᠴᠢᠭᠰᠡᠨ᠎ᠨᠢ ᠲᠡᠬᠦᠨ᠎ᠤ ᠪᠤᠰᠤᠳ᠎ᠤᠨ ᠠᠴᠢ ᠭᠠᠪᠢᠶ᠎ᠠ᠂ ᠬᠠᠢ᠌ᠷ᠎ᠠ ᠬᠠᠯᠠᠮᠵᠢ ᠵᠢ ᠵᠢᠷᠦᠬᠡ ᠰᠡᠳᠭᠢᠯ᠎ᠳᠤ᠎ᠪᠠᠨ ᠴᠡᠭᠡᠵᠢᠯᠡᠳᠡᠭ ᠦᠨᠡᠨᠴᠢ ᠴᠠᠢ᠌ᠯᠭ᠋ᠠᠨ᠂ ᠠᠴᠢᠯᠠᠯ ᠵᠢᠷᠤᠮ ᠬᠢᠭᠡᠳ ᠢᠲᠡᠭᠡᠯ ᠬᠦᠨᠳᠦ ᠵᠢ ᠡᠷᠬᠢᠮᠯᠡᠳᠡᠭ ᠡᠷᠬᠢᠮ ᠨᠠᠨᠳᠢᠨ ᠬᠦᠮᠦᠨ ᠮᠦᠰᠦ ᠵᠢ ᠢᠯᠡᠷᠡᠬᠦᠯᠦᠭᠰᠡᠨ ᠪᠠᠢ᠌ᠨ᠎ᠠ᠃ ᠡᠢ᠌ᠮᠦ ᠴᠦ᠍ ᠪᠤᠯᠬᠤᠷ ᠬᠠᠰᠤᠩᠭᠤᠸ᠎ᠠ ᠵᠢᠨ ᠵᠤᠬᠢᠶᠠᠯ᠎ᠤᠨ ᠲᠡᠭᠦᠪᠦᠷᠢ ᠵᠢᠨ ᠰᠢᠯᠦᠭ ᠨᠠᠢ᠌ᠷᠠᠭᠤᠯᠤᠯᠤᠳᠢ ᠨᠢᠭᠡᠳ ᠨᠢᠭᠡ᠎ᠪᠠᠷ ᠤᠩᠰᠢᠪᠠᠯ ᠬᠦᠮᠦᠰ᠎ᠤᠨ ᠤᠶᠤᠨ ᠤᠬᠠᠭ᠋ᠠᠨ᠎ᠳᠤ ᠴᠡᠪᠡᠷ ᠠᠭ᠋ᠠᠷ᠎ᠢ ᠣᠷᠣᠭᠣᠯᠣᠨ ᠴᠡᠭᠡᠵᠢ ᠵᠢ ᠲᠡᠨ᠋ᠢ᠌ᠯᠭᠡᠨ ᠰᠡᠳᠭᠢᠯ᠎ᠢ ᠠᠭᠤᠵᠢᠷᠠᠭᠤᠯᠳᠠᠭ᠎ᠨᠢ ᠲᠡᠷᠡ ᠪᠢᠯᠡ᠃
ᠮᠡᠳᠡᠭᠡᠵᠢ᠎ᠪᠠᠷ᠂ ᠬᠦᠯᠦᠨ ᠪᠤᠢ᠌ᠷ᠎ᠤᠨ ᠰᠢᠨ᠎ᠡ ᠪᠠᠷᠭᠤ ᠵᠡᠭᠦᠨ ᠬᠤᠰᠢᠭᠤ᠂ ᠰᠢᠨ᠎ᠡ ᠪᠠᠷᠭᠤ ᠪᠠᠷᠠᠭᠤᠨ ᠬᠤᠰᠢᠭᠤ᠂ ᠬᠠᠭᠤᠴᠢᠠ ᠪᠠᠷᠭᠤ ᠬᠤᠰᠢᠭᠤ ᠵᠡᠷᠭᠡ ᠭᠤᠷᠪᠠᠨ ᠬᠤᠰᠢᠭᠤ ᠪᠣᠯ ᠳᠡᠭᠡᠳᠦ ᠦᠶ᠎ᠡ᠎ᠠᠴᠠ᠎ᠪᠠᠨ ᠪᠠᠷᠭᠤ ᠮᠤᠩᠭᠤᠯᠴᠤᠳ ᠵᠶ᠋ᠠᠷ ᠭᠤᠤᠯᠯᠠᠭᠰᠠᠨ ᠭᠤᠷᠪᠠᠨ ᠬᠤᠰᠢᠭᠤ ᠮᠦᠷᠲᠡᠭᠡᠨ ᠡᠨᠳᠡ᠎ᠠᠴᠠ ᠪᠠᠷᠭᠤ ᠵᠢᠨ ᠰᠣᠳᠣᠨ ᠦᠷᠡᠰ ᠦᠶ᠎ᠡ ᠳᠠᠷᠠᠭ᠋ᠠᠯᠠᠨ ᠲᠠᠰᠤᠷᠠᠯᠲᠠ ᠦᠭᠡᠢ ᠴᠤᠯᠭᠤᠷᠠᠨ ᠭᠠᠷᠴᠦ᠂ ᠨᠤᠲᠤᠭ ᠤᠰᠤ᠎ᠪᠠᠨ ᠦᠭᠡᠷᠡᠴᠢᠯᠡᠨ ᠤᠳᠤᠬᠢᠴᠢᠯᠠᠵᠤ᠂ ᠨᠠᠮ ᠵᠠᠰᠠᠭ᠂ ᠠᠷᠠᠳ ᠲᠦᠮᠡᠨ᠂ ᠨᠤᠲᠤᠭ ᠤᠰᠤᠨ᠎ᠤ᠎ᠪᠠᠨ ᠲᠦᠯᠦᠭᠡ ᠴᠦᠬᠦᠷᠡᠯ ᠦᠭᠡᠢ ᠵᠢᠳᠭᠦᠨ᠂ ᠪᠠᠯᠠᠷᠠᠰᠢ ᠦᠭᠡᠢ ᠭᠠᠪᠢᠶ᠎ᠠ ᠵᠢᠳᠬᠦᠯ ᠦᠵᠡᠭᠦᠯᠵᠦ ᠢᠷᠡᠭᠰᠡᠨ᠎ᠨᠢ ᠳᠠᠮᠵᠢᠭ ᠦᠭᠡᠢ᠃ ᠮᠢᠨᠤ ᠦᠵᠡᠬᠦ᠎ᠪᠠᠷ 《ᠪᠠᠷᠭᠤ ᠵᠢᠨ ᠰᠣᠳᠣᠨ ᠦᠷᠡᠰ》 ᠬᠡᠮᠡᠬᠦ ᠨᠣᠮ᠎ᠤᠨ ᠵᠤᠬᠢᠶᠠᠭᠴᠢ ᠬᠠᠰᠤᠩᠭᠤᠸ᠎ᠠ ᠡᠮᠴᠢ ᠪᠤᠯ ᠲᠡᠷᠡ ᠴᠢᠭ ᠵᠶ᠋ᠠᠷ ᠵᠶ᠋ᠡᠨ ᠪᠠᠷᠭᠤ ᠵᠢᠨ ᠰᠤᠳᠣᠨ ᠦᠷᠡᠰ᠎ᠤᠨ ᠨᠢᠭᠡ ᠪᠣᠯᠬᠣ᠎ᠨᠢ ᠭᠠᠷᠴᠠᠭ᠎ᠠ ᠦᠭᠡᠢ᠃
ᠮᠡᠳᠡᠯᠭᠡ ᠴᠢᠳᠠᠪᠤᠷᠢ ᠬᠤᠤᠰᠯᠠᠭᠰᠠᠨ ᠬᠠᠰᠤᠩᠭᠤᠸ᠎ᠠ ᠵᠢᠨ ᠬᠡᠷ ᠪᠦᠯᠢ
ᠬᠠᠰᠤᠩᠭᠤᠸ᠎ᠠ ᠡᠮᠴᠢ ᠳᠠᠭ᠋ᠠᠭ᠋ᠠᠭᠰᠠᠨ ᠠᠵᠢᠯ ᠵᠶ᠋ᠠᠨ ᠬᠢᠨᠠᠮᠠᠭ᠋ᠠᠢ ᠬᠢᠳᠡᠭ ᠮᠦᠷᠳᠡᠭᠡᠨ ᠬᠠᠷᠢᠭᠤᠴᠠᠯᠭ᠎ᠠ ᠦᠨᠳᠦᠷ ᠪᠠᠢ᠌ᠳᠠᠭ ᠵᠶ᠋ᠠᠷ ᠪᠠᠷᠠᠬᠤ ᠦᠭᠡᠢ ᠬᠡᠷ ᠪᠦᠯᠢ ᠵᠢᠨ ᠰᠤᠷᠭ᠋ᠠᠨ ᠬᠦᠮᠦᠵᠢᠯ ᠵᠶ᠋ᠠᠨ ᠴᠦ᠍ ᠲᠡᠷᠢᠬᠦᠨ ᠪᠠᠢ᠌ᠷᠢᠨ᠎ᠳᠤ ᠴᠢᠬᠤᠯᠠᠴᠢᠯᠠᠳᠠᠭ ᠪᠤᠯᠬᠤᠷ ᠲᠡᠬᠦᠨ᠎ᠤ ᠦᠰᠬᠡᠨ ᠬᠦᠮᠦᠵᠢᠬᠦᠯᠦᠭᠰᠡᠨ ᠭᠤᠷᠪᠠᠨ ᠬᠡᠤᠬᠡᠨ᠎ᠨᠢ ᠴᠦ᠍ ᠠᠵᠢᠯ ᠰᠤᠷᠤᠯᠭ᠎ᠠ᠎ᠪᠠᠷ ᠵᠶ᠋ᠠᠨ ᠬᠢᠯᠠᠷᠠᠭᠤᠯᠵᠦ ᠶᠠᠪᠤᠭ᠎ᠠ ᠶᠤᠮ᠃ ᠲᠡᠭᠦᠨ᠎ᠤ ᠭᠤᠷᠪᠠᠨ ᠬᠡᠦᠬᠡᠨ᠎ᠨᠢ ᠪᠠᠭ᠎ᠠ ᠰᠤᠷᠭ᠋ᠠᠭᠤᠯᠢ ᠵᠢᠨ ᠠᠯᠲᠠᠨ ᠪᠤᠱ᠌ᠤᠭ᠎ᠠ ᠵᠢ ᠠᠯᠬᠤᠭᠰᠠᠨ ᠲᠡᠷᠡ ᠡᠳᠦᠷ᠎ᠠᠴᠠ᠎ᠪᠠᠨ ᠣᠨᠴᠠ ᠰᠤᠷᠤᠯᠭ᠋ᠠᠲᠠᠨ᠂ ᠭᠤᠷᠪᠠᠨ ᠰᠠᠢ᠌ᠲᠠᠢ ᠰᠤᠷᠤᠭᠴᠢ᠂ ᠰᠢᠯᠢᠳᠡᠭ ᠬᠤᠰᠢᠭᠤᠴᠢ ᠠᠩᠬᠢ ᠵᠢᠨ ᠭᠡᠰᠢᠭᠦᠨ᠂ ᠡᠪᠯᠡᠯ᠎ᠤᠨ ᠬᠡᠰᠢᠬᠦᠨ ᠵᠡᠷᠭᠡ ᠢᠷᠠᠭᠤ ᠠᠯᠳᠠᠷ᠎ᠢ ᠰᠤᠷᠤᠯᠭ᠎ᠠ ᠵᠢᠨ ᠬᠤᠭᠤᠴᠠᠭ᠎ᠠ ᠪᠣᠯᠭ᠋ᠠᠨ᠂ ᠵᠢᠯ ᠪᠦᠷᠢ ᠳᠠᠷᠠᠭ᠋ᠠᠯᠠᠨ ᠣᠯᠵᠣ᠂ ᠦᠨᠳᠦᠷ ᠳᠤᠮᠳᠠᠳᠤ᠎ᠠᠴᠠ ᠶᠡᠬᠡ ᠰᠤᠷᠭ᠋ᠠᠭᠤᠯᠢ ᠵᠢ ᠲᠡᠭᠦᠰᠦᠨ ᠲᠡᠭᠦᠰᠲᠡᠯ᠎ᠡ᠎ᠪᠠᠨ ᠠᠯᠲᠠᠨ ᠮᠸᠲᠡᠯ ᠪᠤᠶᠤ ᠠᠯᠢ ᠤᠯᠠᠨ ᠱᠠᠩᠨᠠᠯ ᠬᠦᠬᠢᠭᠦᠯᠦᠯ ᠵᠶ᠋ᠡᠷ ᠡᠩᠬᠡᠷ ᠵᠶ᠋ᠠᠨ ᠮᠢᠯᠢᠶᠠᠯᠭ᠋ᠠᠵᠤ᠂ ᠠᠮᠵᠢᠯᠲᠠ ᠲᠦᠬᠦᠷᠩ ᠪᠦᠳᠦᠮᠵᠢ ᠦᠨᠳᠦᠷ ᠰᠤᠷᠤᠯᠴᠠᠭᠰᠠᠨ ᠪᠤᠯᠬᠤᠷ ᠡᠵᠢ᠎ᠲᠠᠢ᠎ᠪᠠᠨ ᠡᠭᠡᠭᠡ ᠠᠳᠠᠯᠢᠬᠠᠨ 《ᠪᠠᠷᠭᠤ ᠵᠢᠨ ᠰᠤᠳᠤᠨ ᠦᠷᠡᠰ》ᠤᠳ ᠪᠢᠯᠡ᠃ ᠶᠡᠬᠡ ᠬᠡᠦᠬᠡᠨ ᠨᠣᠮᠢᠨ᠎ᠨᠢ ᠦᠪᠦᠷ ᠮᠤᠩᠭᠤᠯ᠎ᠤᠨ ᠨᠠᠮ᠎ᠤᠨ ᠰᠤᠷᠭ᠋ᠠᠭᠤᠯᠢ ᠵᠢ ᠦᠨᠳᠦᠷ ᠪᠦᠲᠦᠮᠵᠢ ᠦᠯᠡᠮᠵᠢ ᠠᠮᠵᠢᠯᠲᠠ᠎ᠲᠠᠢ ᠲᠡᠭᠦᠰᠭᠡᠭᠡᠳ᠂ ᠦᠪᠦᠷ ᠮᠤᠩᠭᠤᠯ᠎ᠤᠨ ᠦᠪᠡᠷᠲᠡᠭᠡᠨ ᠵᠠᠰᠠᠬᠤ ᠤᠷᠤᠨ᠎ᠤ ᠡᠪᠯᠡᠯ᠎ᠤᠨ ᠬᠤᠷᠢᠶᠠᠨ᠎ᠤ ᠳᠠᠳ᠋ ᠱᠦᠵᠢ᠎ᠪᠠᠷ ᠠᠵᠢᠯᠯᠠᠵᠤ ᠪᠠᠢ᠌ᠭᠰᠠᠨ ᠵᠶ᠋ᠠᠨ ᠣᠳᠣ ᠪᠤᠭᠤᠲᠤ ᠬᠤᠲᠠ ᠵᠢᠨ ᠨᠢᠭᠡᠳᠦᠮᠡᠯ ᠹᠷᠤᠨᠲ ᠤᠨ ᠬᠡᠯᠲᠡᠰ᠎ᠤᠨ ᠳᠠᠷᠤᠭ᠎ᠠ᠎ᠪᠠᠷ ᠠᠵᠢᠯᠯᠠᠵᠤ ᠦᠢ᠍ᠯᠡᠰ᠎ᠤᠨ ᠭᠢᠯᠪᠠᠭ᠎ᠠ᠎ᠪᠠᠨ ᠰᠠᠴᠤᠷᠠᠭᠤᠯᠵᠦ ᠶᠠᠪᠤᠨ᠎ᠠ᠃ ᠳᠤᠮᠳᠠᠬᠢ ᠬᠡᠦᠬᠡᠨ ᠢᠮᠢᠨ᠎ᠨᠢ ᠦᠪᠦᠷ ᠮᠤᠩᠭᠤᠯ᠎ᠤᠨ ᠦᠨᠳᠦᠰᠦᠲᠡᠨ᠎ᠤ ᠶᠡᠬᠡ ᠰᠤᠷᠭ᠋ᠠᠭᠤᠯᠢ ᠵᠢᠨ ᠡᠮ ᠡᠮᠨᠡᠯᠭᠡ ᠵᠢᠨ ᠰᠠᠯᠪᠤᠷᠢ᠎ᠠᠴᠠ ᠲᠡᠭᠦᠰᠴᠦ᠂ ᠬᠦᠯᠦᠨ ᠪᠦᠢ᠍ᠷ ᠬᠤᠲᠠ ᠵᠢᠨ ᠠᠵᠢᠯ ᠮᠡᠷᠭᠡᠵᠢᠯ᠎ᠤᠨ ᠶᠡᠬᠡ ᠰᠤᠷᠭ᠋ᠠᠭᠤᠯᠢ᠎ᠳᠤ ᠪᠠᠭᠰᠢ᠎ᠪᠠᠷ ᠠᠵᠢᠯᠠᠯᠠᠵᠤ ᠪᠠᠢ᠌ᠭᠰᠠᠨ ᠵᠶ᠋ᠠᠨ ᠣᠳᠣ ᠬᠦᠯᠦᠨ ᠪᠤᠢ᠌ᠷ ᠬᠤᠲᠠ ᠵᠢᠨ ᠮᠤᠩᠭᠤᠯ ᠡᠮᠨᠡᠯᠭᠡ ᠵᠢᠨ ᠬᠤᠷᠢᠶᠠᠨ᠎ᠳᠤ ᠠᠵᠢᠯ ᠰᠢᠯᠵᠢᠭᠡᠳ ᠡᠵᠢ ᠵᠢᠨ ᠵᠶ᠋ᠠᠨ ᠦᠢ᠍ᠯᠡᠰ᠎ᠢ ᠵᠠᠯᠭ᠋ᠠᠮᠵᠢᠯᠠᠵᠦ ᠶᠠᠪᠤᠨ᠎ᠠ᠃ ᠪᠠᠭ᠎ᠠ ᠬᠡᠦᠬᠡᠨ ᠰᠤᠨᠢᠨ᠎ᠨᠢ ᠦᠪᠦᠷ ᠮᠤᠩᠭᠤᠯ᠎ᠤᠨ ᠤᠷᠠᠯᠢᠭ᠎ᠤᠨ ᠶᠡᠬᠡ ᠰᠤᠷᠭ᠋ᠠᠭᠤᠯᠢ ᠵᠢᠨ ᠰᠤᠳᠤᠯᠬᠤ ᠰᠤᠷᠤᠭᠴᠢ᠎ᠪᠠᠷ ᠲᠡᠭᠦᠰᠴᠦ᠂ ᠣᠳᠣ ᠬᠦᠯᠦᠨ ᠪᠤᠢ᠌ᠷ ᠬᠤᠲᠠ ᠵᠢᠨ ᠠᠵᠢᠯ ᠮᠡᠷᠭᠡᠵᠢᠯ᠎ᠤᠨ ᠶᠡᠬᠡ ᠰᠤᠷᠭ᠋ᠠᠭᠤᠯᠢ᠎ᠳᠤ ᠠᠷᠠᠳ᠎ᠤᠨ ᠪᠠᠭᠰᠢ᠎ᠪᠠᠷ ᠠᠵᠢᠯᠯᠠᠵᠦ᠂ ᠨᠤᠳᠤᠭ ᠤᠷᠤᠨ᠎ᠳᠤ᠎ᠪᠠᠨ ᠬᠤᠪᠢ ᠨᠡᠮᠡᠷᠢ᠎ᠪᠠᠨ ᠦᠵᠡᠬᠦᠯᠵᠦ ᠶᠠᠪᠤᠨ᠎ᠠ᠃
ᠬᠠᠰᠤᠩᠭᠤᠸ᠎ᠠ ᠵᠢᠨ ᠨᠦᠬᠦᠷ — ᠰᠤᠶᠤᠯᠲᠤ ᠭᠤᠸᠠᠢ ᠴᠦ᠍ ᠮᠦᠨ ᠤᠯᠠᠨ ᠲᠠᠯ᠎ᠠ᠎ᠪᠠᠷ ᠣᠯᠠᠨ᠎ᠠᠴᠠ ᠣᠷᠣᠢ᠌ᠯᠠᠭᠰᠠᠨ᠂ ᠠᠵᠢᠯ ᠦᠢ᠍ᠯᠡᠰ᠎ᠲᠤ᠎ᠪᠠᠨ ᠵᠢᠳᠬᠦᠯ ᠴᠢᠷᠮᠠᠢ᠌ᠯᠭ᠎ᠠ᠎ᠲᠠᠢ᠂ ᠪᠦᠷᠢᠨ ᠡᠷᠳᠡᠮ ᠲᠡᠭᠦᠰ ᠴᠢᠳᠠᠪᠤᠷᠢ᠎ᠲᠠᠢ᠂ ᠡᠯᠪᠡᠭ ᠲᠤᠷᠰᠢᠯᠭ᠎ᠠ ᠠᠷᠪᠢᠨ ᠪᠦᠲᠦᠭᠡᠯ᠎ᠲᠠᠢ ᠬᠦᠮᠦᠨ᠎ᠤ ᠨᠢᠭᠡ᠎ᠨᠢ ᠪᠢᠯᠡ᠃ ᠲᠡᠷᠡ ᠵᠠᠯᠠᠭᠤ ᠽᠠᠨᠳᠠᠨ ᠨᠠᠰᠣᠨ᠎ᠳᠤ᠎ᠪᠠᠨ 4 ᠵᠢᠯ ᠴᠡᠷᠢᠭ᠎ᠤᠨ ᠠᠯᠪᠠ ᠬᠠᠭ᠋ᠠᠭᠰᠠᠨ ᠪᠠ ᠬᠣᠵᠢᠮ᠎ᠨᠢ ᠦᠪᠦᠷ ᠮᠤᠩᠭᠤᠯ᠎ᠤᠨ ᠶᠡᠬᠡ ᠰᠤᠷᠭ᠋ᠠᠭᠤᠯᠢ ᠵᠢᠨ ᠬᠡᠯᠡ ᠪᠢᠴᠢᠭ᠎ᠤᠨ ᠰᠠᠯᠪᠤᠷᠢ ᠵᠢᠨ ᠰᠢᠨ᠎ᠡ ᠮᠤᠩᠭᠤᠯ ᠪᠢᠴᠢᠭ᠎ᠤᠨ ᠵᠠᠬᠢᠲᠠᠯ ᠵᠶ᠋ᠠᠷ ᠰᠤᠷᠬᠤ ᠠᠩᠬᠢ᠎ᠳᠤ ᠰᠤᠷᠤᠯᠴᠠᠨ᠂ ᠣᠨᠴᠠ ᠬᠢᠷᠢ ᠪᠦᠳᠦᠮᠵᠢ᠎ᠲᠠᠢ ᠲᠡᠭᠦᠰᠴᠦ 《ᠤᠷᠤᠨ᠎ᠤ ᠬᠤᠶᠠᠳᠤᠭ᠋ᠠᠷ ᠳᠡᠰ᠎ᠤᠨ ᠤᠷᠴᠢᠭᠤᠯᠤᠭᠴᠢ》 ᠵᠢᠨ ᠦᠨᠡᠮᠯᠡᠯ᠎ᠢ ᠭᠠᠷᠳᠠᠭᠰᠠᠨ ᠵᠶ᠋ᠠᠷ ᠦᠯᠦ ᠪᠠᠷᠠᠮ ᠦᠪᠦᠷ ᠮᠤᠩᠭᠤᠯ᠎ᠤᠨ ᠶᠡᠬᠡ ᠰᠤᠷᠭ᠋ᠠᠭᠤᠯᠢ ᠵᠢᠨ ᠨᠠᠰᠤᠨ᠎ᠳᠤ ᠬᠦᠷᠦᠭᠰᠡᠳ᠎ᠤᠨ ᠰᠢᠯᠭ᠋ᠠᠯᠲᠠ᠎ᠳᠤ ᠤᠷᠤᠭ᠋ᠠᠳ 《ᠤᠷᠤᠨ ᠨᠤᠲᠤᠭ — ᠲᠡᠦᠬᠡ ᠦᠢ᠍ᠯᠡᠪᠦᠷᠢ》 ᠵᠢᠨ ᠲᠤᠰᠬᠠᠢ ᠮᠡᠷᠭᠡᠵᠢᠯ᠎ᠤᠨ ᠠᠩᠬᠢ ᠵᠢ ᠲᠡᠭᠦᠰ ᠪᠦᠲᠦᠮᠵᠢ᠎ᠲᠠᠢ ᠲᠡᠬᠦᠰᠬᠡᠬᠦ ᠵᠢᠨ ᠬᠠᠮᠳᠦ 2000 ᠣᠨ᠎ᠤ ᠡᠬᠢᠨ᠎ᠳᠤ ᠬᠦᠯᠦᠨ ᠪᠤᠢ᠌ᠷ ᠳᠡᠭᠡᠳᠦ ᠰᠤᠷᠭ᠋ᠠᠭᠤᠯᠢ ᠵᠢᠨ 《ᠵᠠᠰᠠᠭ ᠵᠠᠬᠢᠷᠭ᠋ᠠᠨ᠎ᠤ ᠬᠠᠮᠢᠶᠠᠷᠤᠯᠲᠠ》 ᠵᠢᠨ ᠠᠩᠬᠢ ᠵᠢ ᠴᠦ᠍ ᠰᠢᠯᠢᠳᠡᠭ ᠪᠦᠲᠦᠮᠵᠢ᠎ᠲᠠᠢ ᠲᠡᠬᠦᠰᠬᠡᠨ᠂ ᠶᠡᠬᠡ ᠰᠤᠷᠭ᠋ᠠᠭᠤᠯᠢ ᠵᠢᠨ ᠦᠨᠡᠮᠯᠡᠯ᠎ᠢ ᠬᠤᠤᠰ ᠵᠶ᠋ᠠᠷ ᠭᠠᠷᠳᠠᠭᠰᠠᠨ ᠰᠤᠷᠤᠯᠭ᠎ᠠ ᠵᠢᠨ ᠨᠠᠮᠳᠠᠷ᠎ᠲᠠᠢ᠃ ᠰᠤᠶᠤᠯᠲᠤ ᠭᠤᠸᠠᠢ 1997 ᠣᠨ᠎ᠳᠤ ᠥᠩᠭᠡ ᠭᠡᠷᠡᠯ᠎ᠲᠠᠢ᠎ᠪᠠᠷ ᠳᠤᠮᠳᠠᠳᠤ ᠤᠯᠤᠰ᠎ᠤᠨ ᠡᠪ ᠬᠠᠮᠲᠤ ᠨᠠᠮ᠎ᠳᠤ ᠤᠷᠤᠵᠠᠢ᠃ ᠲᠡᠷᠡ ᠰᠢᠨ᠎ᠡ ᠪᠠᠷᠭᠤ ᠵᠡᠭᠦᠨ ᠬᠤᠰᠢᠭᠤᠨ᠎ᠤ ᠰᠤᠶᠤᠯ ᠲᠠᠮᠢᠷ ᠷᠠᠳᠢᠣ᠋ ᠲᠧᠯᠸᠢᠰ ᠰᠢᠰᠲ᠋ᠧᠮ᠎ᠤᠨ ᠨᠠᠮ᠎ᠤᠨ ᠶᠡᠷᠦᠩᠬᠡᠢ ᠡᠭᠦᠷ᠎ᠤᠨ ᠰᠠᠬᠢᠯᠭ᠎ᠠ ᠪᠠᠲᠤ ᠵᠢ ᠪᠠᠢ᠌ᠴᠠᠭ᠋ᠠᠭᠴᠢ ᠵᠢᠨ ᠲᠤᠰᠢᠶᠠᠯ᠎ᠢ ᠬᠠᠷᠢᠭᠤᠴᠠᠵᠤ ᠢᠷᠡᠵᠡᠢ᠃ ᠲᠡᠷᠡ ᠪᠠᠰᠠ ᠬᠦᠯᠦᠨ ᠪᠤᠢ᠌ᠷ ᠬᠤᠲᠠ ᠵᠢᠨ ᠪᠡᠶ᠎ᠡ ᠲᠠᠮᠢᠷ᠎ᠤᠨ ᠠᠵᠢᠯ᠎ᠤᠨ ᠲᠡᠷᠢᠭᠦᠨ᠎ᠤ ᠬᠤᠪᠢ ᠬᠦᠮᠦᠨ᠂ ᠲᠡᠷᠢᠭᠦᠨ᠎ᠤ ᠠᠵᠢᠯᠲᠠᠨ᠂ ᠬᠦᠯᠦᠨ ᠪᠤᠢ᠌ᠷ ᠬᠤᠲᠠ ᠵᠢᠨ ᠤᠯᠤᠰ ᠲᠥᠷᠥ ᠵᠢᠨ ᠵᠦᠪᠯᠡᠯᠭᠡᠨ᠎ᠤ ᠭᠡᠰᠢᠭᠦᠨ᠂ ᠳᠡᠳ᠋ ᠲᠡᠷᠢᠭᠦᠯᠡᠭᠴᠢ ᠁ ᠵᠡᠷᠭᠡ ᠨᠡᠢ᠌ᠬᠡᠮ᠎ᠤᠨ ᠡᠷᠬᠢᠮ ᠲᠤᠰᠢᠶᠠᠯ᠎ᠲᠠᠢ ᠪᠠᠢ᠌ᠵᠦ ᠦᠩᠭᠡᠷᠡᠪᠡ᠃ ᠲᠡᠷᠡ ᠪᠠᠰᠠ ᠬᠤᠰᠢᠭᠤᠨ᠎ᠤ ᠮᠤᠷᠢᠨ᠎ᠤ ᠨᠡᠢ᠌ᠭᠡᠮᠯᠢᠭ᠎ᠤᠨ ᠭᠣᠣᠯ ᠬᠠᠷᠢᠭᠤᠴᠠᠯᠭ᠋ᠠᠲᠠᠨ᠎ᠤ ᠲᠤᠰᠢᠶᠠᠯ᠎ᠲᠠᠢ᠃ ᠲᠡᠷᠡ ᠣᠣᠯᠠᠴᠠᠪᠠᠨ ᠦᠨᠳᠦᠰᠦᠲᠡᠨ᠎ᠤ᠎ᠪᠠᠨ ᠦᠭᠡ ᠬᠡᠯᠡ ᠦᠰᠦᠭ ᠪᠢᠴᠢᠭ ᠵᠶ᠋ᠠᠨ ᠴᠢᠩ ᠰᠡᠳᠭᠢᠯ᠎ᠠᠴᠠ᠎ᠪᠠᠨ ᠳᠡᠭᠡᠳᠦᠯᠡᠨ ᠬᠦᠨᠳᠦᠳᠬᠡᠳᠡᠭ ᠪᠦᠭᠡᠳ ᠤᠷᠠᠨ ᠵᠤᠬᠢᠶᠠᠯ᠎ᠳᠤ ᠠᠪᠢᠶᠠᠰ᠎ᠲᠠᠢ ᠮᠦᠷᠲᠡᠭᠡᠨ ᠳᠤᠷ᠎ᠠ ᠪᠠᠬᠠᠲᠠᠢ ᠲᠤᠯᠠ ᠠᠵᠢᠯ᠎ᠤᠨ ᠴᠢᠯᠦᠭᠡ᠎ᠪᠠᠷ ᠵᠶ᠋ᠡᠨ ᠤᠷᠢᠳ ᠬᠣᠵᠢᠳ ᠬᠤᠶᠠᠷ ᠵᠠᠭᠤ ᠰᠢᠬᠠᠮ ᠵᠤᠬᠢᠶᠠᠯ ᠪᠦᠲᠦᠭᠡᠯ ᠵᠶ᠋ᠡᠨ ᠬᠤᠲᠠ ᠤᠷᠤᠨ᠎ᠤ ᠰᠤᠨᠢᠨ ᠰᠡᠳᠭᠦᠯ᠎ᠤᠳ ᠵᠶ᠋ᠡᠷ ᠨᠡᠢ᠌ᠲᠡᠯᠡᠭᠦᠯᠵᠦ ᠥᠩᠭᠡᠷᠡᠵᠡᠢ᠃
ᠰᠤᠶᠤᠯᠲᠦ ᠭᠤᠸᠠᠢ ᠨᠤᠮᠤ ᠰᠤᠮᠤ᠂ ᠮᠤᠩᠭᠤᠯ ᠰᠢᠲᠠᠷ᠎ᠠ ᠵᠢᠨ ᠠᠯᠳᠠᠷᠲᠤ ᠲᠠᠮᠢᠷᠴᠢᠨ ᠪᠢᠯᠡ᠃ ᠣᠯᠠᠨ ᠵᠢᠯ᠎ᠤᠨ ᠲᠤᠷᠰᠢ ᠬᠡᠷᠬᠡᠢᠲᠠᠢᠪᠠᠨ ᠬᠤᠶᠠᠭᠤᠯᠠ ᠨᠤᠮᠤ ᠰᠤᠮᠤ᠂ ᠲᠦᠩᠬᠦ ᠬᠠᠷᠪᠤᠯᠭ᠎ᠠ ᠵᠢᠨ ᠤᠷᠤᠯᠳᠤᠭ᠋ᠠᠨ ᠵᠶ᠋ᠠᠷ ᠪᠤᠭᠤᠲᠤ᠂ ᠣᠷᠳᠣᠰ᠂ ᠰᠢᠯᠢ ᠵᠢᠨ ᠭᠣᠣᠯ᠂ ᠪᠠᠶᠠᠨᠨᠠᠭᠤᠷ᠂ ᠤᠯᠠᠭ᠋ᠠᠨᠬᠠᠳᠠ᠂ ᠬᠢᠩᠭ᠋ᠠᠨ ᠵᠡᠷᠭᠡ ᠠᠢ᠌ᠮᠠᠭ ᠬᠤᠲᠠ ᠪᠠ ᠬᠦᠯᠦᠨ ᠪᠤᠢ᠌ᠷ᠎ᠤᠨ ᠵᠶ᠋ᠠᠨ ᠬᠠᠢ᠌ᠯᠠᠷ ᠲᠤᠭᠤᠷᠢᠭ᠂ ᠡᠷᠭᠦᠨ᠎ᠡ ᠬᠤᠲᠠ ᠬᠢᠭᠡᠳ ᠮᠠᠯᠵᠢᠬᠤ ᠳᠦᠷᠪᠡᠨ ᠬᠤᠰᠢᠭᠤᠨᠤᠭᠤᠳᠲᠤ ᠬᠦᠷᠴᠦ᠂ ᠤᠷᠤᠯᠳᠤᠭ᠋ᠠᠨ᠎ᠳᠤ ᠤᠷᠤᠯᠴᠠᠬᠤ ᠪᠦᠷᠢ ᠶᠡᠷᠦ᠎ᠨᠢ ᠡᠮᠦᠨ᠎ᠡ ᠭᠤᠷᠪᠠ᠎ᠳᠤ ᠤᠷᠣᠳᠠᠭ ᠪᠠ ᠠᠯᠳᠠ᠂ ᠮᠦᠩᠭᠦ᠂ ᠬᠦᠷᠡᠯ ᠮᠸᠲᠡᠯᠢ ᠡᠩᠬᠡᠷ ᠲᠦᠬᠦᠷᠡᠩ ᠵᠡᠬᠦᠭᠰᠡᠨ ᠤᠳᠠᠭ᠎ᠠ᠎ᠲᠠᠢ᠃ ᠰᠤᠶᠤᠯᠲᠦ ᠭᠤᠸᠠᠢ ᠵᠦᠪᠬᠡᠨ ᠨᠤᠮᠤ ᠰᠤᠮᠤᠴᠢᠨ ᠳᠡᠳᠦᠢ ᠪᠢᠰᠢ ᠬᠠᠷᠢᠨ ᠭᠠᠷ ᠤᠷᠠᠯᠠᠯ᠎ᠳᠤ᠎ᠪᠠᠨ ᠭᠠᠢ᠌ᠬᠠᠮᠠᠷ ᠠᠪᠢᠶᠠᠰᠯᠢᠭ ᠬᠦᠮᠦᠨ ᠪᠢᠯᠡ᠃ ᠲᠡᠷᠡ ᠲᠠᠪᠤᠨ ᠬᠤᠰᠢᠭᠤ ᠮᠠᠯ᠂ ᠮᠤᠩᠭᠤᠯ ᠭᠡᠷ᠂ ᠮᠤᠩᠭᠤᠯ ᠰᠢᠲᠠᠷ᠎ᠠ᠂ ᠡᠪᠡᠷ ᠨᠤᠮᠤ ᠰᠤᠮᠤ᠂ ᠵᠢᠷᠠᠨ ᠫᠠᠢ᠂ ᠬᠤᠷᠢᠨ ᠳᠥᠷᠪᠡ᠂ ᠬᠤᠰᠤᠭᠤᠷ᠂ ᠮᠤᠷᠢᠨ ᠲᠤᠯᠤᠭ᠋ᠠᠢ ᠵᠢᠨ ᠱᠤᠭᠣᠮᠠᠯ ᠁ ᠵᠡᠷᠭᠡ ᠶᠠᠩᠵᠤ ᠶᠠᠩᠵᠤ ᠵᠢᠨ ᠠᠯᠢ ᠤᠯᠠᠨ ᠰᠡᠢ᠌ᠯᠦᠮᠡᠯᠤᠳᠢ ᠨᠢᠮᠪᠠᠢ ᠰᠠᠢ᠌ᠬᠠᠨ ᠨᠠᠷᠢᠯᠢᠭ ᠬᠢᠴᠡ᠎ᠲᠠᠢ ᠪᠦᠲᠦᠭᠡᠳᠡᠭ ᠤᠯᠠᠨ᠎ᠠᠴᠠ ᠤᠨᠴᠠᠭ᠋ᠠᠢ᠌ᠷᠠᠭᠰᠠᠨ ᠤᠯᠠᠨ ᠪᠦᠲᠦᠭᠡᠯ᠎ᠲᠠᠢ ᠪᠢᠯᠡ᠃ ᠰᠤᠶᠤᠯᠲᠤ ᠭᠤᠸᠠᠢ ᠪᠠᠰᠠ 《ᠳᠡᠯᠡᠬᠡᠢ ᠨᠡᠢ᠌ᠲᠡ ᠵᠢᠨ ᠰᠢᠲᠠᠷ᠎ᠠ》 ᠪᠠ 《ᠳᠤᠮᠳᠠᠳᠤ ᠵᠢᠨ ᠮᠠᠶᠢᠭ᠎ᠤᠨ ᠪᠦᠬᠡ》 ᠵᠢᠨ ᠤᠯᠤᠰ᠎ᠤᠨ ᠬᠤᠶᠠᠳᠤᠭ᠋ᠠᠷ ᠳᠡᠰ᠎ᠤᠨ ᠬᠢᠨᠠᠭᠴᠢ᠂ ᠲᠡᠷᠡᠴᠢᠯᠡᠨ 《ᠠᠪᠤᠷᠭᠤ ᠰᠢᠳᠠᠷᠠᠴᠢᠨ》᠎ᠤ ᠴᠤᠯᠠ ᠵᠢ ᠬᠠᠮᠠᠭ᠋ᠠᠯᠠᠵᠤ᠂ ᠠᠯᠲᠠᠨ ᠮᠸᠲᠡᠯ ᠵᠶ᠋ᠡᠷ ᠡᠩᠭᠡᠷ ᠵᠶ᠋ᠡᠨ ᠮᠢᠯᠢᠶᠠᠯᠭ᠋ᠠᠭᠰᠠᠨ ᠭᠢᠯᠪᠠᠭ᠎ᠠ᠎ᠲᠠᠢ᠃ ᠨᠢᠭᠡ ᠯᠡ ᠦᠭᠡ᠎ᠪᠠᠷ ᠬᠡᠯᠡᠪᠡᠯ᠂ ᠬᠠᠰᠤᠩᠭᠤᠸ᠎ᠠ ᠵᠢᠨ ᠨᠦᠬᠦᠷ ᠰᠤᠶᠤᠯᠲᠦ ᠭᠤᠸᠠᠢ ᠵᠢᠨ ᠠᠯᠢ ᠤᠯᠠᠨ ᠡᠷᠳᠡᠮ ᠴᠢᠳᠠᠪᠦᠷᠢ᠂ ᠠᠪᠢᠶᠠᠰ ᠪᠢᠯᠢᠭ᠎ᠢ ᠡᠷᠬᠢᠮ ᠤᠯᠠᠨ᠎ᠳᠤ᠎ᠪᠠᠨ ᠲᠤᠯᠢᠯᠠᠭᠤᠯᠤᠭ᠋ᠠᠳ ᠳᠠᠭᠤᠰᠤᠰᠢ ᠦᠭᠡᠢ ᠁
ᠬᠠᠰᠤᠩᠭᠤᠸ᠎ᠠ ᠵᠢᠨ ᠭᠡᠷ ᠪᠦᠯᠢ ᠵᠢᠨ᠎ᠬᠢᠨ ᠪᠣᠯ ᠶᠤᠰᠤᠲᠠᠢ ᠨᠢᠭᠡᠨ ᠪᠤᠰᠤᠳ᠎ᠠᠴᠠ ᠤᠷᠤᠢ᠌ᠯᠠᠭᠰᠠᠨ ᠡᠶ᠎ᠡ ᠨᠠᠢ᠌ᠷᠠᠮᠳᠠᠭᠤ ᠵᠢ ᠡᠷᠬᠢᠮᠯᠡᠳᠡᠭ ᠡᠶᠡᠪᠡᠷᠭᠦᠦ ᠳᠤᠯᠠᠭ᠋ᠠᠨ ᠭᠡᠷ ᠪᠦᠯᠢ᠂ ᠡᠷᠳᠡᠮ ᠰᠤᠶᠤᠯ᠎ᠢ ᠳᠡᠭᠡᠳᠦᠯᠡᠳᠡᠭ ᠤᠶᠤᠲᠠᠨ ᠵᠶ᠋ᠠᠷ ᠪᠦᠷᠢᠯᠳᠦᠭᠰᠡᠨ ᠭᠡᠷ ᠪᠦᠯᠢ᠂ ᠡᠷᠬᠢᠯᠡᠭᠰᠡᠨ ᠦᠢ᠍ᠯᠡᠰ᠎ᠲᠤ᠎ᠪᠠᠨ ᠰᠢᠯᠭ᠋ᠠᠷᠠᠭᠰᠠᠨ ᠦᠯᠡᠮᠵᠢ ᠪᠦᠲᠦᠭᠡᠯ᠎ᠲᠠᠢ ᠭᠡᠷ ᠪᠦᠯᠢ᠂ ᠨᠠᠰᠤᠲᠠᠨ ᠵᠶ᠋ᠠᠨ ᠬᠦᠨᠳᠦᠯᠡᠵᠤ ᠨᠢᠯᠬᠠᠰ ᠵᠶ᠋ᠠᠨ ᠨᠢᠮᠪᠠᠢ ᠬᠦᠮᠦᠵᠢᠭᠦᠯᠦᠭᠰᠡᠨ ᠨᠠᠨᠳᠢᠨ ᠠᠵᠢᠯᠯᠠᠭ᠎ᠠ᠎ᠲᠠᠢ ᠭᠡᠷ ᠪᠦᠯᠢ᠂ ᠬᠠᠨᠴᠦᠢ ᠰᠢᠮᠠᠯᠠᠨ ᠠᠵᠢᠯᠯᠠᠳᠠᠭ ᠬᠠᠳᠠᠨ ᠵᠣᠷᠢᠭᠲᠠᠢ ᠭᠡᠷ ᠪᠦᠯᠢ᠂ ᠠᠷᠠᠳ ᠤᠠᠯᠨᠤᠪᠠᠨ ᠬᠠᠢ᠌ᠷ᠎ᠠ ᠬᠦᠷᠢᠶᠡᠯᠡᠯ᠎ᠢ ᠬᠦᠷᠲᠡᠭᠰᠡᠨ ᠬᠦᠨᠳᠦᠲᠡᠢ ᠰᠠᠢ᠌ᠬᠠᠨ ᠭᠡᠷ ᠪᠦᠯᠢ᠂ ᠡᠩ ᠦᠭᠡᠢ ᠤᠯᠠᠨ ᠮᠸᠲᠡᠯ ᠭᠢᠯᠪᠠᠭ᠎ᠠ ᠵᠢ ᠡᠩᠭᠡᠷ᠂ ᠬᠠᠨ᠎ᠠ᠎ᠪᠠᠷ ᠳᠦᠭᠦᠷᠡᠩ ᠭᠢᠯᠠᠯᠵᠠᠭᠤᠯᠤᠭᠰᠠᠨ ᠬᠢᠯᠪᠠᠭ᠋ᠠᠲᠦ ᠭᠡᠷ ᠪᠦᠯᠢ᠂ ᠤᠷᠭᠢᠯ ᠳᠤ ᠭᠠᠷᠬᠤ ᠤᠮᠤᠭ ᠵᠣᠷᠢᠭ ᠵᠶ᠋ᠠᠷ ᠤᠷᠤᠭᠰᠢ᠎ᠪᠠᠨ ᠲᠡᠮᠡᠦᠯᠦᠭᠰᠡᠨ ᠰᠤᠳᠤᠨ ᠭᠡᠷ ᠪᠦᠯᠢ ᠮᠦᠨ ᠡ᠃
ᠬᠠᠨᠳᠢᠪ ᠵᠢᠳᠬᠦᠯ
ᠡᠩᠬᠡ ᠵᠢᠨ ᠡᠯᠴᠢ ᠬᠠᠰᠤᠩᠭᠤᠸ᠎ᠠ᠂ ᠬᠤᠰᠢᠭᠤᠨ᠎ᠤ᠎ᠪᠠᠨ ᠮᠤᠩᠭᠤᠯ ᠡᠮᠨᠡᠯᠭᠡ ᠵᠢᠨ ᠬᠤᠷᠢᠶᠠᠨ᠎ᠳᠤ 40 ᠭᠠᠷᠤᠢ ᠵᠢᠯ ᠠᠵᠢᠯᠯᠠᠭᠰᠠᠨ᠎ᠠᠴᠠ ᠨᠠᠭ᠋ᠠᠰᠢ ᠠᠵᠢᠯ᠎ᠳᠤ᠎ᠪᠠᠨ ᠭᠦᠨᠵᠡᠭᠡᠢ ᠰᠢᠮᠳᠡᠨ ᠬᠦᠴᠦᠲᠡᠢ ᠵᠢᠳᠭᠦᠨ᠂ ᠡᠮᠴᠢ ᠵᠢᠨ ᠡᠷᠳᠡᠮ ᠮᠡᠳᠡᠯᠭᠡ᠎ᠪᠠᠨ ᠳᠡᠭᠡᠭᠰᠢᠯᠡᠭᠦᠯᠦᠭᠰᠡᠭᠡᠷ ᠪᠠᠢ᠌ᠵᠤ ᠤᠷᠢᠳ ᠬᠣᠵᠢᠳ ᠬᠡᠳᠦ ᠬᠡᠳᠦᠨ ᠴᠢᠨᠠᠷᠵᠢᠭᠤᠨ ᠦᠭᠦᠯᠡᠯ ᠢ ᠪᠢᠴᠢᠵᠤ ᠰᠣᠨᠢᠨ ᠰᠡᠳᠭᠦᠯ᠎ᠳᠤ ᠨᠡᠢ᠌ᠲᠡᠯᠡᠭᠦᠯᠵᠡᠢ᠃ ᠲᠡᠭᠦᠨ᠎ᠤ ᠪᠢᠴᠢᠭᠰᠡᠨ 《ᠠᠯᠲᠠᠨ ᠦᠷᠢᠯ ᠵᠶ᠋ᠡᠷ ᠠᠭᠤᠰᠬᠢᠨ ᠦᠮᠠᠨ ᠡᠪᠡᠳᠴᠢᠨ᠎ᠢ ᠡᠮᠨᠡᠩᠰᠡᠨ ᠦᠢ᠍ᠯᠠᠭ᠋ᠠᠯᠲᠠ》 ᠬᠡᠮᠡᠬᠦ ᠦᠭᠦᠯᠡᠯ᠎ᠨᠢ 2003 ᠣᠨ᠎ᠳᠤ ᠪᠦᠬᠦ ᠤᠷᠤᠨ᠎ᠤ ᠮᠤᠩᠭᠤᠯ ᠡᠮ ᠡᠮᠨᠡᠯᠭᠡ ᠵᠢᠨ ᠡᠷᠳᠡᠮ ᠰᠢᠨᠵᠢᠯᠡᠭᠡᠨ᠎ᠤ ᠬᠤᠷᠠᠯ᠎ᠤᠨ ᠲᠤᠰᠬᠠᠢ ᠦᠭᠦᠯᠡᠯ ᠵᠶ᠋ᠡᠷ ᠲᠡᠪᠰᠢᠭᠦᠯᠦᠭᠳᠡᠵᠦ᠂ 《ᠮᠤᠩᠭᠤᠯ ᠡᠮ ᠡᠮᠨᠡᠯᠭᠡ》 ᠰᠡᠳᠭᠦᠯ᠎ᠳᠤ ᠨᠡᠢ᠌ᠲᠡᠯᠡᠭᠳᠡᠭᠡᠳ᠂ ᠤᠯᠤᠰ ᠤᠷᠤᠨ᠎ᠤ ᠳᠡᠰ᠎ᠤᠨ ᠥᠭᠦᠯᠡᠯ᠎ᠤᠨ ᠱᠠᠩᠨᠠᠯ᠎ᠢ ᠬᠦᠷᠲᠡᠪᠡ᠃ 《ᠴᠢᠰᠦᠨ ᠳᠠᠷᠤᠯᠲᠠ ᠦᠨᠳᠦᠷ ᠡᠪᠡᠳᠴᠢᠨ᠎ᠢ ᠠᠭ᠋ᠠᠷᠤ — 13᠎ᠪᠠᠷ ᠭᠣᠣᠯᠳᠠᠵᠤ ᠡᠮᠴᠢᠯᠡᠭᠰᠡᠨ ᠦᠢ᠍ᠯᠠᠭ᠋ᠠᠯᠲᠠ》 ᠬᠡᠮᠡᠬᠦ ᠥᠭᠦᠯᠡᠯ᠎ᠨᠢ 2004 ᠣᠨ᠎ᠳᠤ ᠤᠯᠤᠰ ᠤᠷᠤᠨ᠎ᠤ ᠮᠤᠩᠭᠤᠯ ᠡᠮ ᠡᠮᠨᠡᠯᠭᠡ ᠵᠢᠨ ᠡᠷᠳᠡᠮ ᠰᠢᠨᠵᠢᠯᠡᠭᠡᠨ᠎ᠤ ᠬᠤᠷᠠᠯ᠎ᠤᠨ ᠥᠭᠦᠯᠡᠯ᠎ᠤᠨ ᠡᠮᠬᠢᠳᠭᠡᠯ᠎ᠳᠤ ᠤᠷᠤᠵᠤ᠂ 2005 ᠣᠨ᠎ᠳᠤ 《ᠮᠤᠩᠭᠤᠯ ᠡᠮ ᠡᠮᠨᠡᠯᠭᠡ》 ᠰᠡᠳᠭᠦᠯ᠎ᠳᠤ ᠨᠡᠢ᠌ᠲᠡᠯᠡᠭᠳᠡᠵᠡᠢ᠃ 《ᠨᠢᠭᠤᠷ᠎ᠤᠨ ᠰᠠ ᠡᠪᠡᠳᠴᠢᠨ᠎ᠢ ᠡᠮᠴᠢᠯᠡᠭᠰᠡᠨ ᠦᠢ᠍ᠯᠡᠭ᠋ᠠᠯᠲᠠ》 ᠬᠡᠮᠡᠬᠦ ᠥᠭᠦᠯᠡᠯ᠎ᠨᠢ 2009 ᠣᠨ᠎ᠳᠤ 《ᠳᠤᠮᠳᠠᠳᠤ ᠤᠯᠤᠰ᠎ᠤᠨ ᠮᠤᠩᠭᠤᠯ ᠡᠮ ᠡᠮᠨᠡᠯᠭᠡ》 ᠰᠡᠳᠭᠦᠯ᠎ᠤᠨ ᠨᠡᠢ᠌ᠲᠡᠯᠡᠭᠳᠡᠵᠡᠢ᠃ 《ᠬᠠᠮᠠᠷ᠎ᠠᠴᠠ ᠦᠷᠭᠦᠯᠵᠢ ᠴᠢᠰᠤ ᠭᠠᠷᠬᠤ᠎ᠨᠢ ᠠᠮᠢ ᠨᠠᠰᠤᠨ᠎ᠳᠤ ᠠᠶᠤᠯᠲᠠᠢ》 ᠬᠡᠮᠡᠬᠦ ᠥᠭᠦᠯᠡᠯ᠎ᠨᠢ 《ᠮᠤᠩᠭᠤᠯ ᠡᠮ ᠡᠮᠨᠡᠯᠭᠡ》 ᠰᠡᠳᠭᠦᠯ᠎ᠳᠤ ᠨᠡᠢ᠌ᠲᠡᠯᠡᠭᠳᠡᠭᠰᠡᠨ ᠪᠠᠢ᠌ᠯ᠎ᠠ᠃ ᠳᠡᠭᠡᠷᠡᠬᠢ ᠡᠷᠳᠡᠮ ᠰᠢᠨᠵᠢᠯᠡᠬᠡᠨ᠎ᠤ ᠰᠤᠳᠤᠯᠭ᠋ᠠᠨ᠎ᠤ ᠦᠬᠦᠯᠡᠯᠤᠳᠨᠢ ᠬᠤᠵᠢᠮ᠎ᠤᠨ ᠮᠤᠩᠭᠤᠯ ᠡᠮ ᠡᠮᠨᠡᠯᠭᠡ ᠵᠢᠨ ᠰᠤᠳᠤᠯᠤᠯ᠎ᠤᠨ ᠦᠢ᠍ᠯᠡᠰ᠎ᠲᠤ ᠦᠴᠦᠬᠡᠨ ᠴᠦ᠍ ᠬᠡᠰᠡᠨ ᠰᠤᠳᠤᠯᠭ᠋ᠠᠨ᠎ᠤ ᠰᠦᠪᠡᠭᠴᠢ ᠪᠤᠯᠤᠨ᠎ᠠ ᠬᠡᠳᠡᠭ᠎ᠲᠤ ᠢᠳᠡᠭᠡᠯᠲᠡᠢ ᠪᠠᠢ᠌ᠨ᠎ᠠ᠃ ᠬᠠᠰᠤᠩᠭᠤᠸ᠎ᠠ ᠡᠮ ᠡᠮᠨᠡᠯᠭᠡ ᠡᠷᠳᠡᠮ ᠰᠢᠨᠵᠢᠯᠡᠭᠡᠨ᠎ᠤ ᠥᠭᠥᠯᠡᠯ ᠶᠠᠷᠢᠶ᠎ᠠ᠎ᠪᠠᠷ ᠵᠶ᠋ᠠᠨ ᠪᠦᠬᠦ ᠤᠷᠤᠨ᠎ᠤ ᠠᠷᠪᠠᠨ ᠬᠡᠳᠦᠨ ᠠᠢ᠌ᠮᠠᠭ ᠬᠤᠲᠠ᠎ᠪᠠᠷ ᠶᠠᠪᠤᠵᠤ᠂ ᠦᠨ᠎ᠡ ᠦᠷᠳᠡᠭ᠎ᠲᠠᠢ ᠰᠠᠨᠠᠯ ᠳᠤᠷᠠᠳᠤᠯᠭ᠎ᠠ᠎ᠪᠠᠨ ᠳᠡᠪᠰᠢᠭᠦᠯᠵᠦ᠂ ᠦᠷᠭᠡᠨ ᠲᠦᠮᠡᠨ᠎ᠤ ᠦᠨᠳᠦᠷ ᠦᠨᠡᠯᠡᠯᠲᠡ ᠪᠤᠯᠤᠨ ᠬᠠᠯᠠᠭᠤᠨ ᠬᠦᠷᠢᠶᠡᠯᠡᠯ᠎ᠢ ᠬᠦᠷᠳᠡᠵᠦ᠂ ᠮᠤᠩᠭᠤᠯ ᠡᠮ ᠡᠮᠨᠡᠯᠭᠡ ᠵᠢᠨ ᠡᠷᠳᠡᠮ ᠮᠡᠳᠡᠯᠭᠡ᠂ ᠠᠪᠢᠶᠠᠰ ᠪᠢᠯᠢᠭ ᠵᠶ᠋ᠡᠨ ᠨᠡᠩ ᠦᠨᠳᠦᠷ ᠲᠦᠪᠰᠢᠨ᠎ᠳᠤ ᠬᠦᠷᠭᠡᠵᠡᠢ᠃
ᠬᠠᠰᠤᠩᠭᠤᠸ᠎ᠠ ᠡᠮᠴᠢ ᠮᠠᠨᠢ ᠬᠠᠭ᠋ᠠᠰ ᠵᠠᠭᠤᠨ᠎ᠤ ᠲᠤᠷᠰᠢ ᠪᠦᠬᠦ ᠰᠡᠳᠬᠢᠯ ᠰᠠᠨᠠᠭ᠎ᠠ᠂ ᠪᠦᠬᠦ ᠬᠦᠴᠦᠨ ᠴᠢᠳᠠᠯ᠂ ᠪᠦᠬᠦ ᠡᠷᠳᠡᠮ ᠰᠤᠶᠤᠯ᠂ ᠪᠦᠬᠦ ᠬᠦᠰᠡᠯ ᠮᠦᠷᠦᠭᠡᠳᠦᠯ ᠵᠶ᠋ᠠᠨ ᠡᠷᠡᠬᠦᠯ ᠡᠩᠬᠡ ᠵᠢᠨ ᠲᠦᠯᠦᠭᠡ ᠵᠠᠭᠤᠨ ᠬᠤᠪᠢ᠎ᠪᠠᠷ ᠪᠠᠳᠤᠳᠠᠢ ᠪᠡᠶᠡᠯᠡᠬᠦᠯᠵᠡᠢ᠃ ᠲᠡᠷᠡ᠎ᠪᠠᠷ᠂ ᠨᠤᠳᠤᠭ᠎ᠤᠨ ᠪᠤᠶᠠᠨ᠂ ᠬᠦᠳᠡᠯᠮᠦᠷᠢ ᠵᠢᠨ ᠪᠤᠶᠠᠨ᠂ ᠳᠡᠭᠡᠳᠦᠰ᠎ᠤᠨ ᠪᠤᠶᠠᠨ᠂ ᠤᠬᠠᠭ᠋ᠠᠨ᠎ᠤ ᠪᠤᠶᠠᠨ ᠵᠶ᠋ᠠᠷ ᠵᠶ᠋ᠠᠨ ᠨᠠᠨᠳᠢᠨ ᠬᠢᠯᠪᠠᠭ᠎ᠠ ᠨᠠᠷᠮᠠᠢ ᠠᠯᠳᠠᠷ ᠵᠶ᠋ᠠᠨ ᠮᠠᠨᠳᠤᠭᠤᠯᠤᠭᠰᠠᠭ᠋ᠠᠷ ᠪᠠᠢ᠌ᠵᠦ᠂ ᠨᠠᠰᠤᠨ᠎ᠤ ᠨᠠᠮᠤᠷ ᠵᠶ᠋ᠠᠨ ᠵᠢᠪᠬᠤᠭ᠎ᠠ᠎ᠲᠠᠢ ᠤᠭᠳᠤᠵᠠᠢ᠃ ᠠᠵᠢᠯ᠎ᠠᠴᠠ᠎ᠪᠠᠨ ᠲᠠᠷᠬᠠᠯᠭᠳᠠᠭᠰᠠᠨᠤ ᠳᠠᠷᠠᠭ᠎ᠠ 8 ᠵᠢᠯ ᠳᠠᠷᠠᠭ᠋ᠠᠯᠠᠨ᠂ ᠤᠤᠯ᠎ᠤᠨ ᠠᠵᠢᠯᠯᠠᠵᠤ ᠪᠠᠢ᠌ᠭᠰᠠᠨ ᠬᠤᠰᠢᠭᠤᠨ᠎ᠤ ᠮᠤᠩᠭᠤᠯ ᠡᠮᠨᠡᠯᠭᠡ ᠵᠢᠨ ᠬᠤᠷᠢᠶᠠᠨ᠎ᠳᠤ᠎ᠪᠠᠨ ᠤᠷᠢᠭᠳᠠᠨ ᠠᠵᠢᠯᠯᠠᠵᠤ᠂ ᠨᠠᠰᠤ ᠨᠢᠭᠡᠨᠳᠡ ᠠᠬᠢᠭᠰᠠᠨ ᠪᠤᠯᠪᠠᠴᠦ ᠮᠦᠨ ᠯᠡ ᠬᠠᠯᠠᠭᠤᠨ ᠰᠡᠳᠬᠢᠯ ᠬᠠᠨᠳᠢᠪᠯᠠᠬᠤ ᠵᠤᠷᠢᠭ ᠵᠶ᠋ᠠᠷ ᠠᠵᠢᠯ᠎ᠳᠤ᠎ᠪᠠᠨ ᠬᠠᠨᠳᠦᠪᠠ᠃ ᠡᠪᠡᠳᠴᠢᠳᠡᠨ ᠪᠦᠬᠦᠨ᠎ᠢ ᠬᠠᠯᠠᠮᠵᠢᠯᠠᠨ ᠬᠠᠷᠠᠭ᠋ᠠᠯᠵᠠᠵᠤ᠂ ᠡᠪᠡᠳᠴᠢᠨ ᠲᠠᠬᠤᠯ᠎ᠲᠠᠢ ᠬᠦᠮᠦᠰ᠎ᠤᠨ ᠭᠡᠷ᠎ᠲᠤ᠎ᠨᠢ ᠤᠴᠢᠵᠤ ᠡᠮᠨᠡᠬᠦ᠂ ᠡᠮ ᠲᠠᠩ ᠬᠦᠷᠭᠡᠬᠦ᠂ ᠲᠠᠷᠢᠯᠭ᠎ᠠ ᠬᠢᠵᠦ ᠥᠭᠬᠦ᠂ ᠠᠯᠤᠰ ᠬᠦᠳᠡᠭᠡ ᠠᠴᠠ ᠡᠪᠡᠳᠴᠢᠲᠡᠨ ᠢᠷᠡᠪᠡᠯ ᠳᠠᠷᠤᠢ ᠲᠦᠷᠭᠡᠨ ᠡᠮᠴᠢᠯᠡᠵᠤ ᠥᠭᠬᠦ ᠁ ᠵᠡᠷᠭᠡ᠎ᠪᠠᠷ ᠠᠯᠢ ᠤᠯᠠᠨ ᠦᠢ᠍ᠯᠡᠴᠢᠯᠡᠭᠡ ᠵᠢ ᠬᠠᠩᠭ᠋ᠠᠨ ᠢᠯᠡᠷᠢ ᠪᠤᠯᠭ᠋ᠠᠭᠰᠠᠨ ᠪᠢᠯᠡ᠃ ᠨᠢᠭᠡ ᠤᠳᠠᠭ᠎ᠠ ᠨᠢᠳᠦᠨ ᠬᠠᠷᠠᠭ᠎ᠠ᠎ᠨᠢ ᠨᠢᠭᠡᠮᠦᠰᠦᠨ ᠮᠠᠭᠤᠲᠠᠭᠰᠠᠨ ᠨᠠᠰᠤᠲᠠᠢ ᠡᠵᠢ ᠡᠷᠢᠬᠦ᠎ᠪᠠᠷ ᠢᠷᠡᠭᠰᠡᠨ᠎ᠳᠤ ᠠᠷᠭ᠎ᠠ ᠪᠦᠬᠦᠨ᠎ᠢ ᠰᠦᠪᠡᠭᠴᠢᠯᠡᠨ᠂ ᠡᠮ ᠲᠠᠩ ᠤᠤᠭᠤᠯᠭ᠋ᠠᠬᠤ ᠪᠤᠶᠤ ᠤᠯᠠᠨ ᠡᠮᠴᠢᠯᠡᠭᠡ᠎ᠪᠠᠷ ᠤᠷᠤᠯᠳᠤᠨ ᠵᠠᠰᠠᠭ᠋ᠠᠳ᠂ ᠬᠠᠮᠤᠭ ᠰᠡᠭᠦᠯ᠎ᠳᠤ᠎ᠪᠠᠨ ᠬᠠᠰᠢ ᠯᠡ ᠬᠠᠷᠠᠭ᠎ᠠ ᠤᠷᠤᠭᠤᠯᠵᠦ ᠴᠢᠳᠠᠵᠠᠢ᠃ ᠲᠡᠷᠡ ᠡᠵᠢ ᠠᠭᠤᠳᠠᠮ ᠳᠡᠯᠡᠬᠡᠢ ᠵᠢ ᠳᠠᠬᠢᠨᠲᠠ ᠣᠯᠵᠣ ᠬᠠᠷᠠᠭᠰᠠᠨᠳᠤᠪᠠᠨ ᠴᠢᠩ ᠰᠡᠳᠭᠢᠯ᠎ᠠᠴᠠ᠎ᠪᠠᠨ ᠪᠠᠶᠠᠷᠯᠠᠵᠠᠢ᠃ ᠳᠡᠭᠡᠭᠡᠳ ᠤᠳᠠᠴᠢ ᠬᠠᠰᠤᠩᠭᠤᠸ᠎ᠠ ᠵᠢᠨ ᠤᠷ᠎ᠠ ᠮᠡᠷᠭᠡᠵᠢᠯ᠎ᠢ ᠣᠯᠠᠨ ᠳᠠᠶᠠᠭ᠋ᠠᠷ᠎ᠲᠤ ᠨᠡᠩ ᠴᠤᠤᠷᠢᠶᠠᠲᠤᠭᠤᠯᠵᠠᠢ᠃ ᠪᠠᠰᠠ ᠨᠢᠭᠡᠨ ᠤᠳᠠᠭ᠎ᠠ ᠮᠤᠬᠤᠷ ᠤᠯᠤᠭ᠋ᠠᠢ ᠵᠢᠨ ᠦᠷᠪᠢᠰᠦᠯ᠎ᠲᠠᠢ ᠬᠦᠨᠳᠦ ᠡᠪᠡᠳᠴᠢᠲᠡᠨ ᠡᠷᠢᠵᠤ ᠢᠷᠡᠭᠰᠡᠨ᠎ᠳᠤ᠂ ᠪᠠᠰᠠ ᠯᠡ ᠶᠠᠩᠵᠤ ᠶᠠᠩᠵᠤ ᠵᠢᠨ ᠠᠷᠭ᠎ᠠ ᠬᠡᠮᠵᠢᠶ᠎ᠡ ᠠᠪᠴᠦ ᠢᠯᠡᠷᠢ ᠰᠠᠢ᠌ᠨ ᠪᠣᠯᠭ᠋ᠠᠭ᠋ᠠᠳ ᠶᠠᠪᠤᠭᠤᠯᠵᠠᠢ᠃ ᠡᠨᠡ ᠮᠡᠳᠦ᠎ᠪᠠᠷ ᠴᠢᠰᠤᠨ ᠳᠠᠷᠤᠯᠲᠠ᠎ᠨᠢ ᠮᠠᠰᠢ ᠦᠨᠳᠦᠷ ᠡᠪᠡᠳᠴᠢᠲᠡᠨ᠎ᠢ ᠡᠮᠴᠢᠯᠡᠨ ᠵᠠᠰᠠᠭ᠋ᠠᠳ ᠢᠯᠡᠷᠢ ᠪᠤᠯᠭ᠋ᠠᠭᠰᠠᠨ᠂ ᠬᠦᠯ ᠨᠢᠷᠦᠭᠤ ᠵᠢᠨ ᠬᠦᠨᠳᠦ ᠡᠪᠡᠳᠴᠢᠳᠡᠨ ᠢ ᠦᠪᠡᠷ᠎ᠤᠨ ᠬᠡᠷ᠎ᠲᠤ᠎ᠪᠠᠨ ᠠᠪᠴᠦ ᠰᠠᠭᠤᠯᠭ᠋ᠠᠵᠦ ᠪᠠᠢ᠌ᠭ᠋ᠠᠳ ᠡᠮᠨᠡᠨ ᠵᠠᠰᠠᠭ᠋ᠠᠳ ᠢᠯᠡᠷᠢ ᠰᠠᠢ᠌ᠨ ᠪᠤᠯᠭ᠋ᠠᠭᠰᠠᠨ ᠮᠡᠲᠦ ᠵᠢᠨ ᠵᠢᠱ᠌ᠢᠶ᠎ᠡ ᠮᠣᠩ ᠦᠭᠡᠢ ᠤᠯᠠᠨ ᠁ ᠵᠥᠭ ᠪᠦᠷᠢ᠎ᠠᠴᠠ ᠢᠷᠡᠭᠰᠡᠨ ᠵᠦᠢ᠍ᠯ ᠵᠦᠢ᠍ᠯ ᠤᠨ ᠡᠪᠡᠳᠴᠢᠲᠡᠨ᠂ ᠵᠦᠭᠡᠷ ᠰᠠᠢ᠌ᠨ ᠪᠣᠯᠵᠠᠭ᠋ᠠᠭᠰᠠᠨᠤᠪᠠᠨ ᠳᠠᠷᠠᠭ᠎ᠠ᠂ ᠡᠷᠡᠬᠡᠢ ᠬᠤᠷᠤᠭᠤ᠎ᠪᠠᠨ ᠭᠤᠵᠤᠢ᠌ᠯᠭ᠋ᠠᠨ ᠪᠠᠢ᠌ᠵᠤ᠂ ᠠᠮᠠ ᠠᠮᠠᠠᠴᠠᠪᠠᠨ ᠮᠠᠭᠲᠠᠨ ᠶᠠᠷᠢᠵᠠᠭ᠋ᠠᠨ᠂ ᠠᠮᠵᠢᠯᠲᠠ ᠪᠦᠲᠦᠮᠵᠢ ᠵᠢ᠎ᠨᠢ ᠦᠨᠳᠦᠷ᠎ᠠᠴᠠ ᠦᠨᠳᠦᠷ ᠦᠨᠡᠯᠡᠭᠰᠡᠭᠡᠷ ᠡ᠃
ᠡᠩᠬᠡ ᠵᠢᠨ ᠡᠯᠴᠢ — ᠬᠠᠰᠤᠩᠭᠤᠸ᠎ᠠ᠂ ᠨᠠᠮ ᠠᠷᠠᠳ ᠲᠦᠮᠡᠨ᠎ᠤ᠎ᠪᠠᠨ ᠡᠷᠡᠬᠦᠯ ᠬᠠᠮᠠᠭ᠋ᠠᠯᠠᠯ᠎ᠤᠨ ᠦᠢ᠍ᠯᠡᠰ᠎ᠤᠨ ᠲᠦᠯᠦᠭᠡ ᠵᠠᠵᠢᠨ ᠦᠰᠦ᠎ᠨᠢ ᠴᠠᠢ᠌ᠳᠠᠯ᠎ᠠ᠎ᠪᠠᠨ ᠲᠡᠮᠡᠴᠡᠬᠡᠳ᠂ ᠪᠦᠬᠦᠯᠢ ᠲᠠᠪᠢᠨ ᠵᠢᠯ᠎ᠤᠨ ᠲᠤᠷᠰᠢ᠂ ᠡᠷᠬᠢᠯᠡᠭᠰᠡᠨ ᠠᠵᠢᠯ᠎ᠤᠨ ᠵᠶ᠋ᠠᠨ ᠮᠡᠷᠭᠡᠵᠢᠯ ᠵᠶ᠋ᠡᠷ᠂ ᠡᠮ ᠡᠮᠨᠡᠯᠭᠡ ᠵᠢᠨ ᠠᠵᠢᠯ ᠵᠶ᠋ᠠᠨ ᠡᠨᠡᠷᠢᠩᠬᠦᠢ ᠳᠤᠯᠠᠭ᠋ᠠᠨ ᠴᠢᠷᠠᠢ᠎ᠪᠠᠷ᠂ ᠡᠶᠡᠯᠳᠡᠭ ᠵᠦᠭᠡᠯᠡᠨ ᠬᠠᠷᠠᠴᠠ᠎ᠪᠠᠷ᠂ ᠡᠯᠢᠭᠡ ᠵᠢᠷᠦᠬᠡᠨ᠎ᠤ᠎ᠪᠠᠨ ᠬᠦᠴᠦᠨ ᠵᠶ᠋ᠡᠷ᠂ ᠡᠷᠴᠢ ᠵᠣᠷᠢᠭ ᠵᠶ᠋ᠠᠨ ᠲᠡᠭᠦᠰ ᠪᠠᠳᠠᠷᠠᠭᠤᠯᠤᠨ᠂ ᠢᠯᠠᠭᠤᠭᠰᠠᠨ ᠳᠠᠭᠤᠯᠠᠯ ᠵᠶ᠋ᠠᠨ ᠭᠢᠯᠪᠠᠭ᠎ᠠ᠎ᠲᠠᠢ ᠪᠢᠴᠢᠭᠯᠡᠵᠡᠢ᠃《ᠬᠦᠮᠦᠨ ᠨᠤᠳᠤᠭ ᠬᠡᠭᠴᠢ ᠬᠦᠢ᠍ᠰᠦ ᠨᠢᠭᠡᠳᠡᠢ᠂ ᠠᠭ᠋ᠠᠷ᠎ᠨᠢ ᠡᠮ᠂ ᠤᠰᠤ᠎ᠨᠢ ᠰᠦ》ᠭᠡᠳᠡᠭᠴᠢᠯᠡᠨ ᠡᠨᠡ ᠬᠦ᠌ ᠪᠠᠷᠭᠤ ᠵᠢᠨ ᠰᠠᠷᠠᠭᠤᠯ ᠨᠤᠳᠤᠭ᠎ᠲᠤ᠎ᠪᠠᠨ ᠡᠩᠬᠡ ᠵᠢᠨ ᠡᠯᠴᠢ ᠪᠤᠯᠤᠭᠰᠠᠨ ᠬᠠᠰᠤᠩᠭᠤᠸ᠎ᠠ ᠡᠮᠴᠢ ᠮᠠᠨᠢ ᠦᠯᠡᠮᠵᠢ ᠶᠡᠬᠡ ᠬᠦᠴᠦᠨ ᠵᠢᠳᠬᠦᠯ ᠵᠶ᠋ᠠᠨ ᠦᠯᠡᠳᠡᠭᠡᠯ ᠦᠭᠡᠢ ᠡᠷᠬᠦᠵᠡᠢ᠃
ᠣᠳᠣ ᠴᠦ᠍ ᠭᠡᠰᠡᠨ ᠬᠠᠰᠤᠩᠭᠤᠸ᠎ᠠ ᠡᠮᠴᠢ ᠮᠠᠨᠢ᠂ ᠡᠮᠴᠢ ᠵᠢᠨ ᠠᠵᠢᠯ ᠵᠶ᠋ᠠᠨ ᠶᠠᠭᠤᠨ᠎ᠠᠴᠠ ᠴᠦ᠍ ᠢᠯᠡᠭᠦᠦ ᠳᠡᠭᠡᠳᠦᠯᠡᠨ ᠪᠠᠢ᠌ᠵᠤ᠂ ᠳᠠᠯ᠎ᠠ ᠵᠢᠨ ᠳᠠᠪᠠᠭ᠎ᠠ ᠵᠢ ᠰᠠᠷᠠᠪᠴᠢᠯᠠᠨ ᠬᠠᠷᠠᠭ᠋ᠠᠳ᠂ ᠬᠦᠰᠡᠯ ᠲᠡᠮᠦᠯᠡᠯ ᠵᠶ᠋ᠡᠨ ᠬᠦᠴᠦᠲᠠᠢ ᠪᠠᠬᠠᠲᠠᠢ ᠬᠦᠬᠡᠬᠡᠴᠡᠯᠳᠦᠨ ᠶᠠᠪᠤᠨ᠎ᠠ᠃ ᠳᠤᠮᠳᠠᠳᠤ ᠤᠯᠤᠰ᠎ᠤᠨ ᠡᠪ ᠬᠠᠮᠲᠤ ᠨᠠᠮ ᠪᠠᠢ᠌ᠭᠤᠯᠤᠭᠳᠠᠭᠰᠠᠨ 100 ᠵᠢᠯ᠎ᠤᠨ ᠳᠤᠷᠠᠰᠬᠠᠯᠲᠤ ᠴᠠᠭ ᠮᠦᠴᠡ᠎ᠳᠤ᠂ ᠨᠠᠮ᠎ᠤᠨ ᠭᠡᠰᠢᠭᠦᠨ᠎ᠤ ᠬᠤᠰᠢᠭᠤᠴᠢ ᠦᠢ᠍ᠯᠡᠳᠦᠯ ᠵᠶ᠋ᠡᠨ ᠪᠠᠳᠠᠷᠠᠭᠤᠯᠤᠨ᠂ ᠦᠪᠡᠷ᠎ᠤᠨ ᠭᠡᠰᠡᠨ ᠥᠩᠭᠡ ᠭᠡᠷᠡᠯ ᠦᠢ᠍ᠯᠡᠰ᠎ᠤᠨ ᠭᠢᠯᠪᠠᠭ᠎ᠠ᠎ᠪᠠᠨ ᠥᠷᠥ ᠵᠢᠷᠦᠬᠡᠨ᠎ᠠᠴᠠ᠎ᠪᠠᠨ ᠡᠷᠭᠦᠨ ᠪᠠᠷᠢᠵᠤ ᠪᠠᠢ᠌ᠨᠠᠮ᠃ ᠲᠡᠭᠦᠨ᠎ᠤ 《ᠪᠠᠷᠭᠤ ᠵᠢᠨ ᠰᠣᠳᠣᠨ ᠦᠷᠡᠰ》 ᠬᠡᠬᠦ ᠨᠤᠮ ᠪᠣᠯᠣᠨ ᠡᠩᠬᠡ ᠵᠢᠨ ᠡᠯᠴᠢ ᠵᠢᠨ ᠶᠡᠬᠡ ᠪᠦᠲᠦᠭᠡᠯ ᠡᠷᠬᠢᠮ ᠠᠵᠢᠯᠯᠠᠭ᠎ᠠ᠎ᠠᠴᠠ᠎ᠨᠢ ᠮᠠᠨ᠎ᠤ ᠵᠠᠯᠠᠭᠤ ᠨᠢᠭᠡ ᠦᠶ᠎ᠡ ᠵᠢᠨ᠎ᠬᠢᠨ ᠤᠭ ᠴᠢᠨᠠᠷ ᠵᠶ᠋ᠠᠨ ᠮᠠᠷᠲᠠᠯ ᠦᠭᠡᠢ᠂ ᠣᠮᠣᠭ ᠡᠷᠴᠢ᠎ᠪᠠᠨ ᠴᠢᠩᠭ᠋ᠠᠯᠠᠵᠤ᠂ ᠡᠷᠬᠢᠯᠡᠭᠰᠡᠨ ᠠᠵᠢᠯ ᠦᠢ᠍ᠯᠡᠰ ᠵᠶ᠋ᠡᠨ ᠡᠷᠴᠢᠮ᠎ᠲᠠᠢ ᠪᠡᠶᠡᠯᠡᠭᠦᠯᠵᠦ᠂ ᠵᠢᠳᠬᠦᠯ ᠤᠷᠤᠯᠳᠤᠯᠭ᠎ᠠ᠎ᠪᠠᠨ ᠬᠦᠪᠴᠢᠯᠡᠬᠦ ᠵᠢ ᠡᠨᠳᠡ ᠬᠦᠰᠡᠨ ᠨᠠᠢ᠌ᠳᠠᠵᠤ ᠪᠠᠢ᠌ᠨᠠᠮ᠃ ᠡᠮᠴᠢ ᠬᠠᠰᠤᠩᠭᠤᠸ᠎ᠠ ᠵᠢᠨ ᠶᠠᠭᠤ ᠰᠠᠨᠠᠭᠰᠠᠨ ᠶᠢᠰᠦᠨ ᠬᠦᠰᠡᠯ᠎ᠨᠢ ᠪᠡᠶᠡᠯᠡᠬᠦ ᠪᠤᠯᠲᠤᠭ᠋ᠠᠢ ᠬᠡᠮᠡᠨ ᠵᠦᠩᠨᠡᠶ᠎ᠡ᠃
ᠵᠤᠬᠢᠶᠠᠭᠴᠢ ᠵᠢᠨ ᠬᠠᠶᠢᠭ᠄ ᠬᠦᠬᠡᠬᠤᠲᠠ ᠵᠢᠨ ᠭᠤᠴᠢᠳᠤᠭ᠋ᠠᠷ ᠳᠤᠮᠳᠠᠳᠦ ᠰᠤᠷᠭ᠋ᠠᠭᠤᠯᠢ (ᠦᠪᠦᠷ ᠮᠤᠩᠭᠤᠯ᠎ᠤᠨ ᠪᠠᠭᠰᠢ ᠵᠢᠨ ᠶᠡᠬᠡ ᠰᠤᠷᠭ᠋ᠠᠭᠤᠯᠢ ᠵᠢᠨ ᠬᠠᠷᠢᠶᠠᠲᠤ ᠬᠤᠶᠠᠳᠤᠭ᠋ᠠᠷ ᠰᠤᠷᠭ᠋ᠠᠭᠤᠯᠢ)